ᠥᠪᠥᠷ ᠮᠣᠩᠭᠤᠯ ᠤᠨ ᠬᠠᠭᠤᠴᠢ ᠰᠤᠳᠤᠯᠤᠯ ᠤᠨ ᠢᠯᠡᠷᠡᠭᠦᠯᠦᠭᠰᠡᠨ ᠡᠯ ᠴᠠᠩ ᠴᠢᠦᠢ ᠶᠢᠨ ᠣᠩᠭᠤᠨ ᠤ ᠰᠦᠷᠦᠭ ᠨᠢ ᠤᠮᠠᠷᠠᠲᠤ ᠰᠦᠩ ᠤᠯᠤᠰ ᠤᠨ ᠹᠧᠩᠵᠸᠦ ᠶᠢᠨ ᠬᠠᠭᠤᠴᠢᠨ ᠬᠤᠲᠠ ᠶᠢᠨ ᠰᠤᠳᠤᠯᠭᠠᠨ ᠳᠤ ᠰᠢᠨ᠎ᠡ ᠭᠡᠷᠡᠴᠢ ᠣᠯᠭᠤᠪᠠ
ᠨᠡᠶᠢᠲᠡᠯᠡᠭᠰᠡᠨ ᠴᠠᠭ᠄
2024/8/16
                                       ᠣᠶᠢᠷ᠎ᠠ ᠳᠤ᠂ ᠥᠪᠥᠷ ᠮᠣᠩᠭᠤᠯ ᠤᠨ ᠵᠡᠭᠦᠨᠭᠠᠷ ᠬᠤᠰᠢᠭᠤᠨ ᠤ ᠡᠷᠲᠡᠨ ᠤ ᠬᠤᠲᠠ ᠶᠢᠨ ᠨᠡᠭᠦᠷᠡᠰᠦᠨ ᠠᠭᠤᠷᠬᠠᠢ ᠶᠢᠨ ᠵᠠᠳᠠᠭᠠᠢ ᠨᠡᠭᠡᠭᠡᠨ ᠮᠠᠯᠲᠠᠬᠤ ᠳᠥᠷᠪᠡᠳᠦᠭᠡᠷ ᠬᠤᠭᠤᠴᠠᠭᠠᠨ ᠤ ᠲᠥᠷᠥᠯ ᠵᠦᠢᠯ ᠳᠤ ᠬᠠᠮᠵᠢᠯᠴᠠᠬᠤ ᠶᠢᠨ ᠲᠥᠯᠥᠭᠡ᠂ ᠬᠠᠭᠤᠴᠢ ᠰᠤᠳᠤᠯᠤᠯ ᠤᠨ ᠠᠵᠢᠯᠲᠠᠳ ᠵᠡᠭᠦᠨᠭᠠᠷ ᠬᠤᠰᠢᠭᠤᠨ ᠤ ᠡᠯ ᠴᠠᠩ ᠴᠢᠦᠢ ᠡᠷᠲᠡᠨ ᠤ ᠬᠤᠲᠠ ᠶᠢᠨ ᠣᠶᠢᠷ᠎ᠠ ᠬᠠᠪᠢ ᠶᠢᠨ ᠣᠩᠭᠤᠨ ᠤ ᠰᠦᠷᠦᠭ ᠢ ᠠᠭᠤᠳᠠᠯᠵᠤ᠂ 49 ᠲᠣᠭᠤᠰᠬᠠᠨ ᠥᠷᠥᠭᠡᠨ ᠤ ᠣᠩᠭᠤᠨ ᠵᠢᠴᠢ 7 ᠵᠢᠵᠢᠭ ᠬᠡᠯᠪᠡᠷᠢ ᠶᠢᠨ ᠰᠢᠷᠣᠢ ᠶᠢᠨ ᠨᠦᠬᠡ ᠶᠢᠨ ᠪᠣᠰᠤᠭ᠎ᠠ ᠠᠭᠤᠢ ᠶᠢᠨ ᠣᠩᠭᠤᠨ ᠢ ᠴᠡᠪᠡᠷᠯᠡᠭᠰᠡᠨ ᠪᠥᠭᠡᠳ ᠣᠶᠢᠷ᠎ᠠ ᠬᠠᠪᠢ ᠶᠢᠨ ᠨᠢᠭᠡᠨ ᠪᠠᠷᠢᠯᠭ᠎ᠠ ᠶᠢᠨ ᠰᠠᠭᠤᠷᠢ ᠶᠢ ᠠᠭᠤᠳᠠᠯᠤᠭᠰᠠᠨ ᠪᠠᠶᠢᠨ᠎ᠠ᠃ ᠠᠭᠤᠳᠠᠯᠤᠨ ᠮᠠᠯᠲᠠᠬᠤ ᠪᠠ ᠰᠤᠳᠤᠯᠬᠤ ᠪᠠᠷ ᠳᠡᠮᠵᠢᠨ᠂ ᠬᠠᠭᠤᠴᠢ ᠰᠤᠳᠤᠯᠤᠭᠴᠢᠳ ᠣᠩᠭᠤᠨ ᠤ ᠰᠦᠷᠦᠭ ᠤᠨ ᠭᠤᠣᠯ ᠴᠣᠭᠴᠠ ᠶᠢᠨ ᠣᠨ ᠵᠢᠯ ᠢ ᠤᠮᠠᠷᠠᠲᠤ ᠰᠦᠩ ᠤᠯᠤᠰ ᠤᠨ ᠡᠬᠢᠨ ᠤ ᠦᠶ᠎ᠡ ᠭᠡᠵᠦ ᠠᠩᠬ᠎ᠠ ᠠᠯᠬᠤᠮ ᠮᠠᠭᠠᠳᠯᠠᠨ ᠲᠣᠭᠲᠠᠭᠠᠵᠤ᠂ ᠣᠩᠭᠤᠨ ᠤ ᠰᠦᠷᠦᠭ ᠤᠨ ᠢᠯᠡᠷᠡᠭᠦᠯᠦᠯᠲᠡ ᠨᠢ ᠤᠮᠠᠷᠠᠲᠤ ᠰᠦᠩ ᠤᠯᠤᠰ ᠤᠨ ᠹᠸᠡᠭᠵᠸᠤ ᠶᠢᠨ ᠬᠠᠭᠤᠴᠢᠨ ᠬᠤᠲᠠ ᠶᠢᠨ ᠰᠤᠳᠤᠯᠭᠠᠨ ᠳᠤ ᠰᠢᠨ᠎ᠡ ᠭᠡᠷᠡᠴᠢ ᠨᠡᠮᠡᠷᠢᠯᠡᠭᠰᠡᠨ ᠪᠠᠶᠢᠨ᠎ᠠ᠃      ᠪᠤᠯᠠᠰᠢᠨ ᠠᠴᠠ ᠣᠯᠳᠠᠭᠰᠠᠨ ᠦᠯᠡᠳᠡᠭᠳᠡᠯ ᠡᠳ᠋ ᠨᠢ ᠭᠤᠣᠯᠳᠠᠭᠤ ᠸᠠᠭᠠᠷ ᠱᠠᠭᠠᠵᠠᠩ ᠰᠠᠪᠠ ᠪᠠᠷ ᠭᠤᠣᠯᠯᠠᠵᠤ᠂ ᠵᠣᠬᠢᠬᠤ ᠲᠣᠭᠠᠨ ᠤ ᠵᠡᠰ ᠪᠠᠭᠠᠵᠢ᠂ ᠲᠡᠮᠦᠷ ᠪᠠᠭᠠᠵᠢ᠂ ᠴᠢᠯᠠᠭᠤᠨ ᠪᠠᠭᠠᠵᠢ ᠵᠡᠷᠭᠡ ᠶᠢ ᠮᠠᠯᠲᠠᠵᠤ ᠭᠠᠷᠭᠠᠭᠰᠠᠨ ᠪᠠᠶᠢᠨ᠎ᠠ ᠃ ᠬᠠᠭᠤᠴᠢ ᠰᠤᠳᠤᠯᠤᠯ ᠤᠨ ᠠᠵᠢᠯᠲᠠᠨ ᠢᠯᠡᠷᠬᠡᠶᠢᠯᠡᠬᠦ ᠳᠤ ᠪᠠᠨ᠂ ᠲᠣᠰ ᠤᠳᠠᠭᠠᠨ ᠤ ᠬᠠᠭᠤᠴᠢ ᠰᠤᠳᠤᠯᠤᠯ ᠤᠨ ᠨᠡᠭᠡᠭᠡᠨ ᠮᠠᠯᠲᠠᠬᠤ ᠠᠵᠢᠯ ᠨᠢ ᠤᠮᠠᠷᠠᠲᠤ ᠰᠥᠩ ᠤᠯᠤᠰ ᠤᠨ ᠹᠧᠩᠵᠸᠤ ᠶᠢᠨ ᠬᠠᠭᠤᠴᠢᠨ ᠬᠤᠲᠠ ᠶᠢᠨ ᠰᠤᠳᠤᠯᠭᠠᠨ ᠳᠤ ᠰᠢᠨ᠎ᠡ ᠮᠠᠲ᠋ᠧᠷᠢᠶᠠᠯ ᠪᠠ ᠬᠠᠷᠠᠭᠠᠰᠤ ᠬᠠᠩᠭᠠᠵᠤ᠂ ᠡᠨᠡ ᠬᠦ ᠲᠡᠦᠬᠡᠨ ᠴᠠᠭ ᠦᠶ᠎ᠡ ᠶᠢᠨ ᠭᠤᠣᠯ ᠤᠨ ᠭᠠᠳᠠᠨᠠᠬᠢ ᠭᠤᠷᠪᠠᠨ ᠵᠧᠦ ᠣᠷᠣᠨ ᠤ ᠨᠡᠶᠢᠭᠡᠮ ᠤᠨ ᠪᠦᠲᠦᠴᠡ᠂ ᠠᠵᠤ ᠠᠬᠤᠢ ᠶᠢᠨ ᠬᠡᠯᠪᠡᠷᠢ᠂ ᠰᠣᠶᠣᠯ ᠤᠨ ᠣᠨᠴᠠᠯᠢᠭ ᠵᠢᠴᠢ ᠦᠨᠳᠦᠰᠦᠲᠡᠨ ᠤ ᠬᠠᠷᠢᠴᠠᠭ᠎ᠠ ᠶᠢ ᠨᠠᠩ ᠪᠥᠬᠦ ᠲᠠᠯ᠎ᠠ ᠪᠠᠷ᠂ ᠭᠦᠨᠵᠡᠭᠡᠢ ᠣᠶᠢᠯᠠᠭᠠᠬᠤ ᠳᠤ ᠠᠰᠢᠭᠲᠠᠢ ᠶᠤᠮ ᠭᠡᠵᠡᠢ᠃
 
ᠢᠷᠡᠯᠲᠡ᠄ ᠰᠢᠨᠬᠤᠸᠠ ᠬᠤᠷᠢᠶ᠎ᠠ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19004083号
Baidu
map