ᠣᠷᠳᠣᠰ ᠠᠴᠠ 1300 ᠭᠠᠷᠤᠢ ᠵᠢᠯ ᠤᠨ ᠡᠮᠦᠨᠡᠬᠢ ᠡᠷᠲᠡᠨ ᠤ ᠲᠦᠷᠺ ᠷᠦᠨᠢ ᠥᠰᠥᠭ ᠤᠨ ᠬᠠᠲᠠᠨ ᠪᠢᠴᠢᠭᠡᠰᠦ ᠶᠢ ᠢᠯᠡᠷᠡᠭᠦᠯᠪᠡ
ᠨᠡᠶᠢᠲᠡᠯᠡᠭᠰᠡᠨ ᠴᠠᠭ᠄
2023/9/25
   ᠣᠶᠢᠷ᠎ᠠ ᠳᠤ᠂ ᠨᠡᠷᠡᠲᠦ ᠡᠷᠳᠡᠮᠲᠡᠨ᠂ ᠭᠧᠷᠮᠠᠨ ᠤ ᠪᠣᠨ ᠶᠡᠭᠡ ᠰᠤᠷᠭᠠᠭᠤᠯᠢ ᠪᠠ ᠺᠤᠯᠧᠨ ᠶᠡᠭᠡ ᠰᠤᠷᠭᠠᠭᠤᠯᠢ ᠶᠢᠨ ᠳ᠋ᠣᠺᠲ᠋ᠣᠷ ᠯ᠊ · ᠬᠤᠷᠴᠠᠪᠠᠭᠠᠲᠤᠷ ᠣᠲᠤᠭ ᠬᠤᠰᠢᠭᠤᠨ ᠤ ᠲᠡᠦᠬᠡ ᠶᠢᠨ ᠳᠤᠷᠠᠰᠬᠠᠯᠲᠤ ᠵᠦᠢᠯᠡᠰ ᠤᠨ ᠲᠣᠪᠴᠢᠶ᠎ᠠ᠂ ᠣᠲᠤᠭ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠤᠭᠠᠨ ᠤ ᠬᠠᠮᠢᠶ᠎ᠠ ᠪᠦᠬᠦᠢ ᠠᠵᠢᠯᠲᠠᠳ ᠲᠠᠢ ᠬᠠᠮᠲᠤ ᠣᠲᠤᠭ ᠬᠤᠰᠢᠭᠤᠨ ᠤ ᠦᠵᠦᠭᠦᠷ ᠪᠠᠯᠭᠠᠰᠤᠨ ᠤ ᠤᠷᠠᠨᠳᠦ᠋ᠰᠢ ᠭᠠᠴᠠᠭᠠᠨ ᠤ ᠠᠷᠪᠠᠰ ᠠᠭᠤᠯᠠᠨ ᠠᠴᠠ 1300 ᠭᠠᠷᠤᠢ ᠵᠢᠯ ᠤᠨ ᠡᠮᠦᠨᠡᠬᠢ ᠡᠷᠲᠡᠨ ᠤ ᠲᠦᠷᠺ ᠷᠦᠨᠢ ᠥᠰᠥᠭ ᠤᠨ ᠬᠠᠲᠠᠨ ᠪᠢᠴᠢᠭᠡᠰᠦ ᠶᠢ ᠢᠯᠡᠷᠡᠭᠦᠯᠵᠡᠢ᠃    ᠯ᠊ · ᠬᠤᠷᠴᠠᠪᠠᠭᠠᠲᠤᠷ ᠤᠨ ᠲᠠᠨᠢᠯᠴᠠᠭᠤᠯᠤᠭᠰᠠᠨ ᠢᠶᠠᠷ᠂ ᠲᠣᠰ ᠤᠳᠠᠭ᠎ᠠ ᠢᠯᠡᠷᠡᠭᠦᠯᠦᠭᠰᠡᠨ ᠡᠷᠲᠡᠨ ᠤ ᠲᠦᠷᠺ ᠷᠦᠨᠢ ᠥᠰᠥᠭ ᠤᠨ ᠬᠠᠲᠠᠨ ᠪᠢᠴᠢᠭᠡᠰᠦ ᠭᠤᠷᠪᠠᠨ ᠮᠥᠷ ᠵᠢᠷᠭᠤᠭᠠᠨ ᠥᠰᠥᠭ ᠲᠠᠢ᠂ ᠠᠪᠢᠶ᠎ᠠ ᠳᠠᠭᠤᠳᠠᠯᠭ᠎ᠠ᠂ ᠦᠭᠡ ᠶᠢᠨ ᠪᠦᠲᠦᠴᠡ᠂ ᠲᠠᠶᠢᠯᠪᠤᠷᠢ ᠵᠢᠴᠢ ᠦᠭᠡᠰ ᠤᠨ ᠤᠳᠬ᠎ᠠ ᠶᠢᠨ ᠨᠠᠷᠢᠯᠢᠭ ᠰᠣᠳᠣᠯᠣᠯ ᠪᠠ ᠣᠷᠴᠢᠭᠤᠯᠭ᠎ᠠ ᠪᠠᠷ ᠳᠡᠮᠵᠢᠨ᠂ ᠲᠡᠭᠦᠨ ᠤ ᠦᠨᠳᠦᠰᠦᠨ ᠤᠳᠬ᠎ᠠ ᠠᠭᠤᠯᠭ᠎ᠠ ᠨᠢ ︽ᠢᠷᠪᠢᠰ ᠤᠨ ᠬᠠᠭᠠᠯᠭ᠎ᠠ ᠶᠢᠨ ᠡᠷᠭᠢ ᠪᠠᠭᠤᠴᠠ ᠵᠠᠯᠠᠭ᠎ᠠ︾ ᠪᠣᠯᠬᠤ ᠶᠢ ᠮᠡᠳᠡᠵᠡᠢ᠃ ᠲᠣᠰ ᠤᠳᠠᠭᠠᠨ ᠤ ᠢᠯᠡᠷᠡᠭᠦᠯᠦᠯᠲᠡ ᠪᠣᠯ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠳᠤ ᠠᠩᠬ᠎ᠠ ᠤᠳᠠᠭ᠎ᠠ ᠢᠯᠡᠷᠡᠭᠦᠯᠦᠭᠰᠡᠨ ᠡᠷᠲᠡᠨ ᠤ ᠲᠦᠷᠺ ᠷᠦᠨᠢ ᠥᠰᠥᠭ ᠤᠨ ᠬᠠᠲᠠᠨ ᠪᠢᠴᠢᠭᠡᠰᠦ ᠪᠠᠶᠢᠵᠤ᠂ ᠡᠷᠲᠡᠨ ᠤ ᠤᠮᠠᠷᠠᠲᠤ ᠶᠢᠨ ᠨᠡᠭᠦᠳᠡᠯᠴᠢᠨ ᠦᠨᠳᠦᠰᠦᠲᠡᠨ᠂ ᠲᠡᠷᠡᠴᠢᠯᠡᠨ ᠳᠡᠯᠡᠬᠡᠢ ᠶᠢᠨ ᠡᠯ᠎ᠡ ᠦᠨᠳᠦᠰᠦᠲᠡᠨ ᠤ ᠦᠭᠡ ᠬᠡᠯᠡ ᠥᠰᠥᠭ ᠪᠢᠴᠢᠭ ᠤᠨ ᠬᠦᠭᠵᠢᠯ ᠪᠠ ᠤᠯᠠᠷᠢᠯ ᠬᠤᠪᠢᠰᠤᠯᠲᠠ ᠶᠢᠨ ᠲᠡᠦᠬᠡᠨ ᠳᠤ ᠴᠢᠬᠤᠯᠠ ᠰᠤᠳᠤᠯᠭᠠᠨ ᠤ ᠦᠨ᠎ᠡ ᠥᠷᠲᠡᠭ ᠲᠠᠢ ᠶᠤᠮ᠃ 1983 ᠣᠨ ᠠᠴᠠ ᠨᠠᠭᠠᠰᠢ ᠡᠷᠳᠡᠮᠲᠡᠨ ᠯ᠊ · ᠬᠤᠷᠴᠠᠪᠠᠭᠠᠲᠤᠷ ᠮᠣᠩᠭᠤᠯ ᠦᠨᠳᠦᠰᠦᠲᠡᠨ ᠤ ᠤᠯᠠᠮᠵᠢᠯᠠᠯᠲᠤ ᠰᠣᠶᠣᠯ ᠤᠨ ᠲᠡᠦᠬᠡ ᠶᠢ ᠬᠢᠴᠢᠶᠡᠨ ᠰᠣᠳᠣᠯᠣᠭᠰᠠᠭᠠᠷ ᠢᠷᠡᠵᠡᠶ᠃ ᠲᠡᠷᠡ ᠪᠠᠷ    ︽ᠬᠠᠳᠠᠬᠢᠨ ᠠᠷᠪᠠᠨ ᠭᠤᠷᠪᠠᠨ ᠠᠲᠠᠭ᠎ᠠ ᠲᠡᠭᠷᠢ ᠶᠢᠨ ᠲᠠᠬᠢᠯᠭ᠎ᠠ︾ ︽ᠮᠣᠩᠭᠤᠯ ᠤᠨ ᠪᠥᠬᠡ ᠮᠥᠷᠭᠦᠯ ᠤᠨ ᠳᠠᠶᠢᠯᠭ᠎ᠠ ᠳᠠᠬᠢᠯᠭ᠎ᠠ ᠶᠢᠨ ᠰᠣᠶᠣᠯ︾ ᠵᠡᠷᠭᠡ 20 ᠭᠠᠷᠤᠢ ᠡᠷᠳᠡᠮ ᠰᠢᠨᠵᠢᠯᠡᠭᠡᠨ ᠤ ᠨᠣᠮ ᠪᠦᠲᠦᠭᠡᠯ ᠪᠠ 50 ᠭᠠᠷᠤᠢ ᠡᠷᠳᠡᠮ ᠰᠢᠨᠵᠢᠯᠡᠭᠡᠨ ᠤ ᠥᠭᠦᠯᠡᠯ ᠲᠤᠭᠤᠷᠪᠢᠭᠰᠠᠨ ᠮᠥᠷᠲᠡᠭᠡᠨ ᠮᠣᠩᠭᠤᠯ᠂ ᠬᠢᠲᠠᠳ᠂ ᠭᠧᠷᠮᠠᠨ᠂ ᠶᠠᠫᠤᠨ ᠪᠠ ᠺᠢᠷᠢᠯ ᠪᠢᠴᠢᠭ ᠢᠶᠠᠷ ᠬᠡᠪᠯᠡᠭᠦᠯᠦᠭᠰᠡᠨ ᠪᠠᠶᠢᠨ᠎ᠠ᠃    ᠲᠤᠰ ᠤᠳᠠᠭᠠᠨ ᠤ ᠡᠷᠲᠡᠨ ᠤ ᠲᠦᠷᠺ ᠷᠦᠨᠢ ᠥᠰᠥᠭ ᠤᠨ ᠬᠠᠲᠠᠨ ᠪᠢᠴᠢᠭᠡᠰᠦ ᠣᠯᠳᠠᠭᠰᠠᠨ ᠠᠷᠪᠠᠰ ᠠᠭᠤᠯᠠ ᠨᠢ ᠣᠲᠤᠭ ᠬᠤᠰᠢᠭᠤᠨ ᠤ ᠦᠵᠦᠭᠦᠷ ᠪᠠᠯᠭᠠᠰᠤᠨ ᠤ ᠬᠤᠶᠢᠲᠤ ᠬᠡᠰᠡᠭ ᠲᠤ ᠪᠠᠶᠢᠷᠢᠯᠠᠵᠤ᠂ ᠠᠰᠬ᠎ᠠ ᠬᠠᠳᠠ ᠰᠡᠬᠦ᠋ᠢᠨ ᠰᠦᠨᠳᠡᠷᠯᠡᠵᠦ᠂ ᠲᠡᠯᠡᠶ ᠶᠢᠨ ᠲᠦᠪᠰᠢᠨ ᠠᠴᠠ 1700 ᠭᠠᠷᠤᠢ ᠮᠧᠳ᠋ᠷ ᠡᠷᠭᠦᠭᠳᠡᠭᠰᠡᠨ ᠪᠠᠶᠢᠨ᠎ᠠ᠃ ᠠᠯᠢ ᠬᠡᠳᠦ᠋ᠢᠨ 2010 ᠣᠨ ᠳᠤ᠂ ᠠᠷᠪᠠᠰ ᠠᠭᠤᠯᠠᠨ ᠠᠴᠠ ᠤᠶᠢᠭᠤᠷᠵᠢᠨ ᠮᠣᠩᠭᠤᠯ ᠦᠰᠦᠭ ᠤᠨ ᠬᠠᠲᠠᠨ ᠪᠢᠴᠢᠭᠡᠰᠦ ᠶᠢ ᠠᠩᠬ᠎ᠠ ᠢᠯᠡᠷᠡᠭᠦᠯᠵᠡᠢ᠃ ᠲᠤᠬᠠᠢ ᠶᠢᠨ ᠦᠶ᠎ᠡ ᠳᠤ᠂ ᠲᠡᠷᠡ ᠬᠦ ᠢᠯᠡᠷᠡᠭᠦᠯᠦᠯᠲᠡ ᠨᠢ ᠤᠯᠤᠰ ᠤᠨ ᠳᠣᠲᠣᠭᠠᠳᠤ ᠭᠠᠳᠠᠭᠠᠳᠤ ᠶᠢᠨ ᠨᠠᠷᠠᠲᠤ ᠶᠡᠭᠡ ᠳᠡᠭᠡᠳᠦ ᠰᠤᠷᠭᠠᠭᠤᠯᠢ ᠨᠤᠭᠤᠳ ᠤᠨ ᠡᠷᠳᠡᠮᠲᠡᠨ ᠮᠡᠷᠭᠡᠵᠢᠯᠲᠡᠳ ᠵᠢᠴᠢ ᠰᠣᠨᠢᠨ ᠮᠡᠳᠡᠭᠡ ᠵᠠᠭᠤᠴᠢᠯᠠᠭᠤᠷ ᠤᠨ ᠬᠢᠨ ᠤ ᠠᠩᠬᠠᠷᠤᠯ ᠢ ᠶᠡᠭᠡ ᠪᠠᠷ ᠲᠠᠲᠠᠭᠰᠠᠨ ᠪᠠᠶᠢᠨ᠎ᠠ᠃ ᠡᠳᠦᠭᠡ ᠲᠡᠳᠡᠭᠡᠷ ᠡᠷᠲᠡᠨ ᠤ ᠰᠣᠶᠣᠯ ᠤᠨ ᠤᠯᠠ ᠮᠥᠷ ᠤᠳ ᠢ ᠵᠠᠯᠭᠠᠭ᠎ᠠ ᠪᠠᠷ ᠢᠯᠡᠷᠡᠭᠦᠯᠦᠭᠰᠡᠨ ᠨᠢ ᠡᠷᠲᠡᠨ ᠤ ᠤᠮᠠᠷᠠᠲᠤ ᠶᠢᠨ ᠦᠨᠳᠦᠰᠦᠲᠡᠨ ᠤ ᠦᠭᠡ ᠬᠡᠯᠡ ᠶᠢ ᠨᠡᠩ ᠭᠦᠨᠵᠡᠭᠡᠢ ᠣᠶᠢᠯᠠᠭᠠᠬᠤ ᠳᠤ ᠳᠦᠭᠦᠮ ᠪᠣᠯᠭᠠᠭᠰᠠᠨ ᠢᠶᠠᠷ ᠦᠯᠦ ᠪᠠᠷᠠᠮ ᠪᠠᠰᠠ ᠰᠣᠶᠣᠯ ᠤᠨ ᠤᠯᠠᠷᠢᠯ ᠬᠤᠪᠢᠰᠤᠯ ᠤᠨ ᠲᠡᠦᠬᠡ ᠶᠢ ᠬᠠᠷᠠᠭᠤᠯᠵᠤ᠂ ᠪᠢᠳᠡᠨ ᠳᠤ ᠰᠣᠶᠣᠯ ᠲᠡᠦᠬᠡᠨ ᠡᠷᠬᠢᠮ ᠨᠠᠨᠳᠢᠨ ᠡᠬᠢ ᠪᠠᠶᠠᠯᠢᠭ ᠢ ᠬᠠᠩᠭᠠᠭᠰᠠᠨ ᠠᠵᠢ᠃  
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19004083号
Baidu
map