| 10 ᠰᠠᠷ᠎ᠠ ᠶᠢᠨ 29 ᠤ ᠡᠳᠦᠷ ᠠᠴᠠ 30 ᠤ ᠡᠳᠦᠷ ᠪᠣᠯᠲᠠᠯ᠎ᠠ᠂ 15 ᠳ᠋ᠤᠭᠠᠷ ᠬᠤᠭᠤᠴᠠᠭᠠᠨ ᠤ ᠣᠯᠠᠨ | ᠤᠯᠤᠰ ᠤᠨ ᠫᠤᠤᠳᠠᠯᠭ᠎ᠠ ᠶᠢᠨ ᠬᠤᠯᠪᠣᠭᠠᠨ ᠤ ᠠᠽᠢᠶ᠎ᠠ ᠲᠢᠪ ᠤᠨ ᠮᠠᠩᠯᠠᠢ ᠰᠢᠯᠭᠠᠷᠠᠭᠤᠯᠬᠤ ᠤᠷᠤᠯᠳᠤᠭᠠᠨ ᠺᠣᠷᠢᠶᠠ | ᠳᠤ ᠶᠠᠪᠤᠭᠳᠠᠪᠠ᠃ ᠮᠠᠨ ᠤ ᠣᠷᠣᠨ ᠤ ᠲᠠᠮᠢᠷᠴᠢᠨ ᠯᠥᠸᠧ ᠱᠤᠸᠠᠩ ᠳᠤᠮᠳᠠᠳᠤ ᠤᠯᠤᠰ ᠤᠨ ᠠᠩᠭᠢ ᠶᠢ | ᠲᠥᠯᠥᠭᠡᠯᠡᠨ ᠡᠮᠡᠭᠲᠡᠢ ᠶᠢᠨ ᠶᠠᠪᠠᠭᠠᠨ ᠫᠤᠤ ᠶᠢᠨ 50 ᠮᠧᠲᠷ ᠤᠨ ᠭᠤᠷᠪᠠᠨ ᠵᠦᠢᠯ ᠤᠨ ᠬᠡᠯᠪᠡᠷᠢ ᠪᠠ ᠡᠮᠡᠭᠲᠡᠢ ᠶᠢᠨ | 50 ᠮᠧᠲᠷ ᠤᠨ ᠶᠠᠪᠠᠭᠠᠨ ᠫᠤᠤ ᠶᠢᠨ ᠬᠡᠪᠲᠡᠭᠡ ᠫᠤᠤᠳᠠᠯᠭ᠎ᠠ ᠶᠢᠨ ᠬᠤᠪᠢ ᠬᠥᠮᠥᠨ ᠤ ᠤᠷᠤᠯᠳᠤᠭᠠᠨ᠂ ᠪᠦᠯᠬᠦᠮ ᠤᠨ | ᠤᠷᠤᠯᠳᠤᠭᠠᠨ ᠳᠤ ᠣᠷᠣᠯᠴᠠᠪᠠ᠃ | ᠡᠮᠡᠭᠲᠡᠢ ᠶᠢᠨ ᠶᠠᠪᠠᠭᠠᠨ ᠫᠤᠤ ᠶᠢᠨ 50 ᠮᠧᠲᠷ ᠤᠨ ᠭᠤᠷᠪᠠᠨ ᠵᠦᠢᠯ ᠤᠨ ᠬᠡᠯᠪᠡᠷᠢ ᠶᠢᠨ ᠤᠷᠤᠯᠳᠤᠭᠠᠨ ᠳᠤ | ᠯᠥᠸᠧ ᠱᠤᠸᠠᠩ 459.2 ᠴᠠᠭᠠᠷᠢᠭ ᠢᠶᠠᠷ ᠬᠤᠪᠢ ᠬᠥᠮᠥᠨ ᠤ ᠠᠯᠲᠠᠨ ᠮᠧᠳᠠᠯ ᠣᠯᠣᠭᠰᠠᠨ ᠪᠥᠭᠡᠳ ᠳᠡᠯᠡᠬᠡᠢ ᠶᠢᠨ | ᠳᠡᠰ ᠤᠨ ᠠᠪᠤᠷᠭᠤ ᠲᠠᠮᠢᠷᠴᠢᠨ ᠤ ᠴᠣᠯᠠ ᠬᠦᠷᠳᠡᠪᠡ᠃ ᠯᠥᠸᠧ ᠱᠤᠸᠠᠩ ᠤᠯᠤᠰ ᠤᠨ ᠠᠩᠭᠢ ᠶᠢᠨ | ᠨᠥᠬᠦᠳ ᠲᠠᠢ ᠪᠠᠨ 1747 ᠴᠠᠭᠠᠷᠢᠭ ᠤᠨ ᠬᠢᠷᠢ ᠪᠦᠲᠦᠮᠵᠢ ᠪᠠᠷ ᠡᠮᠡᠭᠲᠡᠢ ᠶᠢᠨ ᠭᠤᠷᠪᠠᠨ ᠵᠦᠢᠯ ᠤᠨ ᠬᠡᠯᠪᠡᠷᠢ ᠶᠢᠨ | ᠪᠦᠯᠬᠦᠮ ᠤᠨ ᠤᠷᠤᠯᠳᠤᠭᠠᠨ ᠤ ᠠᠯᠲᠠᠨ ᠮᠧᠳᠠᠯ ᠢ ᠭᠠᠷᠳᠠᠪᠠ᠃ | ᠡᠮᠡᠭᠲᠡᠢ ᠶᠢᠨ 50 ᠮᠧᠲᠷ ᠤᠨ ᠶᠠᠪᠠᠭᠠᠨ ᠫᠤᠤ ᠶᠢᠨ ᠬᠡᠪᠲᠡᠭᠡ ᠫᠤᠤᠳᠠᠯᠭ᠎ᠠ ᠶᠢᠨ ᠤᠷᠤᠯᠳᠤᠭᠠᠨ ᠳᠤ᠂ ᠯᠥᠸᠧ | ᠱᠤᠸᠠᠩ ᠤᠯᠤᠰ ᠤᠨ ᠠᠩᠭᠢ ᠶᠢᠨ ᠨᠥᠬᠦᠳ ᠲᠠᠢ ᠪᠠᠨ 1851.9 ᠴᠠᠭᠠᠷᠢᠭ ᠤᠨ ᠬᠢᠷᠢ ᠪᠦᠲᠦᠮᠵᠢ ᠪᠠᠷ ᠪᠦᠯᠬᠦᠮ | ᠤᠨ ᠠᠯᠲᠠᠨ ᠮᠧᠳᠠᠯ ᠣᠯᠵᠤ᠂ ᠬᠤᠪᠢ ᠬᠥᠮᠥᠨ ᠤ ᠤᠷᠤᠯᠳᠤᠭᠠᠨ ᠳᠤ 620.7 ᠴᠠᠭᠠᠷᠢᠭ ᠤᠨ ᠬᠢᠷᠢ ᠪᠦᠲᠦᠮᠵᠢ ᠪᠠᠷ | ᠬᠦᠷᠡᠯ ᠮᠧᠳᠠᠯ ᠣᠯᠵᠠᠢ᠃ | |