| 10 ᠰᠠᠷ᠎ᠠ ᠶᠢᠨ 19 ᠤ ᠡᠳᠦᠷ ᠠᠴᠠ 22 ᠤᠨ ᠡᠳᠦᠷ ᠪᠣᠯᠲᠠᠯ᠎ᠠ᠂ 2023 ︱ 2024 ᠤᠷᠤᠯᠳᠤᠭᠠᠨ ᠤ | ᠤᠯᠠᠷᠢᠯ ᠤᠨ ᠳᠤᠮᠳᠠᠳᠤ ᠤᠯᠤᠰ ᠬᠤᠨᠳᠠᠭᠠᠲᠤ ᠤᠶᠢᠷ᠎ᠠ ᠵᠠᠢ ᠶᠢᠨ ᠲᠦᠷᠭᠡᠨ ᠲᠡᠰᠢᠯᠲᠡ ᠶᠢᠨ ᠰᠤᠳᠤᠨ ᠲᠠᠮᠢᠷᠴᠢᠳ | ᠤᠨ ᠬᠤᠯᠪᠣᠭᠠᠲᠤ ᠤᠷᠤᠯᠳᠤᠭᠠᠨ ᠤ ᠬᠠᠷᠪᠢᠨ ᠦᠷᠳᠡᠭᠡ ︵ᠭᠤᠷᠪᠠᠳᠤᠭᠠᠷ ᠥᠷᠲᠡᠭᠡ︶ ᠶᠢᠨ ᠤᠷᠤᠯᠳᠤᠭᠠᠨ | ᠬᠠᠷᠠᠮᠥ᠋ᠷᠡᠨ ᠮᠤᠵᠢ ᠶᠢᠨ ᠮᠥᠰᠥᠨ ᠳᠡᠭᠡᠷᠡᠬᠢ ᠪᠣᠯᠪᠠᠰᠤᠷᠠᠯ ᠤᠨ ᠰᠠᠭᠤᠷᠢᠨ ᠭᠠᠵᠠᠷ ᠤᠨ ᠶᠡᠷᠦᠩᠬᠡᠶᠢᠯᠡᠭᠰᠡᠨ | ᠣᠷᠳᠣᠨ ᠳᠤ ᠶᠠᠪᠤᠭᠳᠠᠵᠤ᠂ ᠮᠠᠨ ᠤ ᠣᠷᠣᠨ 14 ᠲᠠᠮᠢᠷᠴᠢᠨ ᠲᠣᠮᠢᠯᠠᠨ ᠣᠷᠣᠯᠴᠠᠭᠤᠯᠪᠠ᠃ ᠳᠥᠷᠪᠡᠨ ᠡᠳᠦᠷ ᠤᠨ | ᠰᠢᠷᠦᠭᠦᠨ ᠥᠷᠢᠰᠦᠯᠳᠦᠭᠡᠨ ᠢᠶᠠᠷ ᠳᠡᠮᠵᠢᠨ᠂ ᠮᠠᠨ ᠤ ᠣᠷᠣᠨ ᠤ ᠲᠠᠮᠢᠷᠴᠢᠳ ᠢᠯᠡ ᠳᠤᠭᠤᠶᠢᠯᠠᠩ ᠤᠨ ᠡᠷᠡᠭᠲᠡᠢ ᠶᠢᠨ | 1500 ᠮᠧᠲᠷ ᠤᠨ ᠮᠠᠩᠯᠠᠢ᠂ ᠵᠠᠯᠠᠭᠤᠴᠤᠳ ᠤᠨ ᠡᠮᠡᠭᠲᠡᠢ ᠶᠢᠨ 500 ᠮᠧᠲᠷ ᠤᠨ ᠮᠠᠩᠯᠠᠢ᠂ ᠵᠠᠯᠠᠭᠤᠴᠤᠳ ᠤᠨ | ᠡᠷᠡᠭᠳᠡᠢ ᠡᠮᠡᠭᠳᠡᠢ ᠶᠢᠨ ᠪᠤᠤᠬᠢᠶ᠎ᠠ ᠤᠷᠤᠯᠳᠤᠭᠠᠨ ᠤ 2000 ᠮᠧᠲᠷ ᠤᠨ ᠤᠷᠤᠯᠳᠤᠭᠠᠨ ᠳᠤ ᠮᠠᠩᠯᠠᠶᠢᠯᠠᠪᠠ᠃ | | ᠲᠤᠰ ᠥᠷᠲᠡᠭᠡᠨ ᠤ ᠤᠷᠤᠯᠳᠤᠭᠠᠨ ᠳᠤ ᠪᠦᠬᠦ ᠤᠯᠤᠰ ᠤᠨ 23 ᠲᠥᠯᠥᠭᠡᠯᠡᠭᠴᠢᠳ ᠤᠨ ᠠᠩᠭᠢ ᠶᠢᠨ 190 | ᠲᠠᠮᠢᠷᠴᠢᠨ ᠣᠷᠣᠯᠴᠠᠵᠤ᠂ ᠵᠠᠯᠠᠭᠤᠴᠤᠳ ᠤᠨ ᠳᠤᠭᠤᠶᠢᠯᠠᠩ ᠪᠠ ᠢᠯᠡ ᠳᠤᠭᠤᠶᠢᠯᠠᠩ ᠬᠤᠪᠢᠶᠠᠵᠤ᠂ ᠡᠷᠡᠭᠲᠡᠢ ᠪᠠ | ᠡᠮᠡᠭᠲᠡᠢ ᠶᠢᠨ 500 ᠮᠧᠲᠷ᠂ 1000 ᠮᠧᠲᠷ᠂ 1500 ᠮᠧᠲᠷ ᠵᠡᠷᠭᠡ ᠳ᠋ᠠᠩ ᠲᠦᠷᠦᠯ ᠤᠨ ᠤᠷᠤᠯᠳᠤᠭᠠᠨ᠂ | ᠡᠷᠡᠭᠲᠡᠢ ᠶᠢᠨ 5000 ᠮᠧᠲᠷ ᠤᠨ ᠪᠤᠤᠬᠢᠶ᠎ᠠ ᠤᠷᠤᠯᠳᠤᠭᠠᠨ᠂ ᠡᠮᠡᠭᠲᠡᠢ ᠶᠢᠨ 3000 ᠮᠧᠲᠷ ᠤᠨ ᠪᠤᠤᠬᠢᠶ᠎ᠠ | ᠤᠷᠤᠯᠳᠤᠭᠠᠨ᠂ ᠡᠷᠡᠭᠳᠡᠢ ᠡᠮᠡᠭᠳᠡᠢ ᠶᠢᠨ 2000 ᠮᠧᠲᠷ ᠤᠨ ᠪᠤᠤᠬᠢᠶ᠎ᠠ ᠤᠷᠤᠯᠳᠤᠭᠠᠨ ᠵᠡᠷᠭᠡ ᠨᠡᠶᠢᠲᠡ 18 | ᠵᠦᠢᠯ ᠤᠨ ᠤᠷᠤᠯᠳᠤᠭᠠᠨ ᠤ ᠵᠦᠢᠯ ᠢ ᠲᠣᠬᠢᠷᠠᠭᠤᠯᠵᠠᠢ᠃ | | ᠣᠶᠢᠯᠠᠭᠠᠭᠰᠠᠨ ᠢᠶᠠᠷ᠂ ᠰᠤᠳᠤᠨ ᠲᠠᠮᠢᠷᠴᠢᠳ ᠤᠨ ᠬᠤᠯᠪᠣᠭᠠᠲᠤ ᠤᠷᠤᠯᠳᠤᠭᠠᠨ ᠤ ᠳᠥᠷᠪᠡᠳᠦᠭᠡᠷ | ᠥᠷᠲᠡᠭᠡᠨ ᠤ ᠤᠷᠤᠯᠳᠤᠭᠠᠨ 10 ᠰᠠᠷ᠎ᠠ ᠶᠢᠨ 26 ᠤ ᠡᠳᠦᠷ ᠠᠴᠠ 10 ᠰᠠᠷ᠎ᠠ ᠶᠢᠨ 29 ᠤ ᠡᠳᠦᠷ ᠪᠣᠯᠲᠠᠯ᠎ᠠ | ᠬᠠᠷᠠᠮᠥ᠋ᠷᠡᠨ ᠮᠤᠵᠢ ᠶᠢᠨ ᠴᠢ ᠲᠠᠢ ᠾᠧ ᠬᠤᠲᠠ ᠳᠤ ᠶᠠᠪᠤᠭᠳᠠᠬᠤ ᠪᠣᠯᠣᠨ᠎ᠠ᠃ ᠰᠤᠳᠤᠨ ᠲᠠᠮᠢᠷᠴᠢᠳ ᠤᠨ | ᠬᠤᠯᠪᠣᠭᠠᠲᠤ ᠤᠷᠤᠯᠳᠤᠭᠠᠨ ᠤ 4 ᠥᠷᠲᠡᠭᠡᠨ ᠤ ᠤᠷᠤᠯᠳᠤᠭᠠᠨ ᠳᠠᠭᠤᠰᠤᠭᠰᠠᠨ ᠤ ᠳᠠᠷᠠᠭ᠎ᠠ᠂ ᠢᠯᠡ | ᠳᠤᠭᠤᠶᠢᠯᠠᠩ ᠤᠨ ᠬᠢᠨ 2 ᠥᠷᠲᠡᠭᠡᠨ ᠤ ᠬᠠᠮᠤᠭ ᠤᠨ ᠰᠢᠯᠢᠳᠡᠭ ᠪᠦᠷᠢᠨ ᠴᠢᠳᠠᠪᠤᠷᠢ ᠶᠢᠨ ᠬᠤᠷᠠᠮᠳᠤᠯ ᠬᠤᠪᠢ ᠶᠢᠨ | ᠨᠡᠶᠢᠯᠡᠪᠦᠷᠢ ᠶᠢᠨ ᠡᠮᠦᠨ᠎ᠡ 32 ᠨᠡᠷᠡᠰ᠂ ᠵᠠᠯᠠᠭᠤᠴᠤᠳ ᠤᠨ ᠳᠤᠭᠤᠶᠢᠯᠠᠩ ᠤᠨ ᠬᠢᠨ 2 ᠥᠷᠲᠡᠭᠡᠨ ᠤ ᠬᠠᠮᠤᠭ ᠤᠨ | ᠰᠢᠯᠢᠳᠡᠭ ᠪᠦᠷᠢᠨ ᠴᠢᠳᠠᠪᠤᠷᠢ ᠶᠢᠨ ᠬᠤᠷᠠᠮᠳᠤᠯ ᠬᠤᠪᠢ ᠶᠢᠨ ᠨᠡᠶᠢᠯᠡᠪᠦᠷᠢ ᠶᠢᠨ ᠡᠮᠦᠨ᠎ᠡ 16 ᠨᠡᠷᠡᠰ ᠢ ᠰᠤᠩᠭᠤᠵᠦ᠂ | 2023 ︱ 2024 ᠤᠷᠤᠯᠳᠤᠭᠠᠨ ᠤ ᠤᠯᠠᠷᠢᠯ ᠤᠨ ᠪᠥᠬᠦ ᠤᠯᠤᠰ ᠤᠨ ᠣᠶᠢᠷ᠎ᠠ ᠵᠠᠢ ᠶᠢᠨ ᠲᠦᠷᠭᠡᠨ | ᠲᠡᠰᠢᠯᠲᠡ ᠶᠢᠨ ᠮᠠᠩᠯᠠᠢ ᠰᠢᠯᠭᠠᠷᠠᠭᠤᠯᠬᠤ ᠤᠷᠤᠯᠳᠤᠭᠠᠨ ᠳᠤ ᠤᠷᠤᠯᠴᠠᠭᠤᠯᠤᠨ᠎ᠡ᠃ |