10 ᠰᠡᠷ᠎ᠡ ᠶᠢᠨ 12 ᠤᠨ ᠡᠳᠦᠷ ᠠᠴᠠ 15 ᠤ ᠡᠳᠣᠷ ᠪᠣᠯᠳᠠᠯ᠎ᠠ᠂ 2023 ᠤᠨ ᠤ ᠠᠩᠬᠠᠳᠤᠭᠠᠷ ᠤᠳᠠᠭᠠᠨ | ᠤ ᠦᠪᠤᠷ ᠮᠤᠩᠭᠤᠯ ᠤᠨ ᠲᠡᠯᠡᠬᠡᠢ ᠶᠢᠨ ᠮᠠᠶ᠋ᠢᠭ ᠤᠨ ᠪᠦᠬᠡ ᠶᠢᠨ ᠬᠤᠯᠪᠣᠭ᠎ᠠ ᠬᠤᠨᠳᠠᠭᠠᠳᠣ ᠪᠦᠬᠡ ᠶᠢᠨ ᠴᠤᠭᠯᠠᠭᠠᠨ | ᠬᠦᠪᠡᠭᠡᠳᠦ ᠰᠢᠷ᠎ᠠ ᠬᠤᠰᠢᠭᠤᠨ ᠳᠤ ᠶᠠᠪᠣᠬᠳᠠᠪᠠ᠃ | | ᠪᠦᠬᠡ ᠶᠢᠨ ᠴᠤᠭᠯᠠᠭᠠᠨ ᠤ ᠡᠬᠢᠯᠡᠯᠲᠡ ᠶᠢᠨ ᠶᠤᠰᠤᠯᠠᠯ ᠳᠡᠭᠡᠷ᠎ᠡ᠂ ᠥᠪᠥᠷ ᠮᠣᠩᠭᠤᠯ ᠤᠨ ᠲᠡᠯᠡᠬᠡᠢ ᠶᠢᠨ | ᠮᠠᠶ᠋ᠢᠭ ᠤᠨ ᠪᠦᠬᠡ ᠶᠢᠨ ᠬᠤᠯᠪᠤᠭᠠᠨ ᠤ 2021 ᠤᠨ ᠠᠴᠠ 2023 ᠤᠨ ᠤ ᠬᠤᠭᠤᠷᠣᠨᠳᠤᠭᠢ ᠰᠢᠯᠢᠳᠡᠭ | ᠲᠠᠮᠢᠷᠴᠢᠨ᠂ ᠰᠢᠯᠢᠳᠡᠭ ᠠᠩᠬᠢ ᠲᠠᠭᠠᠭᠤᠯᠤᠭᠴᠢ᠂ ᠰᠢᠯᠢᠳᠡᠭ ᠰᠣᠷᠭᠠᠬᠴᠢ᠂ ᠡᠮᠴᠢᠯᠡᠭᠡᠨ ᠤ ᠬᠦᠮᠣᠰ ᠪᠣᠯᠣᠨ | ᠲᠤᠪᠤᠶᠢᠮ᠎ᠡ ᠬᠤᠪᠢ ᠨᠡᠮᠡᠷᠢ ᠦᠵᠡᠭᠦᠯᠦᠭᠰᠡᠨ ᠪᠠᠢᠭᠤᠯᠭ᠎ᠠ ᠨᠢᠬᠡᠴᠢ᠂ ᠬᠤᠪᠢ ᠬᠦᠮᠦᠨ ᠢ ᠱᠠᠩᠨᠠᠨ ᠭᠦᠭᠢᠭᠦᠯᠵᠡᠢ᠃ | ᠥᠪᠥᠷ ᠮᠣᠩᠭᠤᠯ ᠤᠨ ᠲᠡᠯᠡᠬᠡᠢ ᠶᠢᠨ ᠮᠠᠶ᠋ᠢᠭ ᠤᠨ ᠪᠦᠬᠡ ᠶᠢᠨ ᠬᠤᠯᠪᠤᠭᠠᠨ ᠤ ᠪᠠᠶᠢᠩᠭᠤ ᠶᠢᠨ ᠭᠦᠢᠴᠡᠳᠬᠡᠭᠴᠢ | ᠲᠡᠳ᠋ ᠲᠡᠷᠢᠭᠦᠯᠡᠭᠴᠢ ᠨᠠᠰᠣᠨᠬᠡᠷᠡᠯ᠄ ︽ᠮᠠᠨ ᠤ ᠤᠷᠤᠨ ᠤ ᠲᠡᠯᠡᠬᠡᠢ ᠶᠢᠨ ᠮᠠᠶ᠋ᠢᠭ ᠤᠨ ᠪᠦᠬᠡ ᠪᠠᠨ ᠣᠯᠠᠮ | ᠬᠦᠭᠵᠢᠭᠦᠯᠬᠦ ᠶᠢᠨ ᠲᠦᠯᠣᠬᠡ ᠦᠰᠪᠣᠷᠢ ᠵᠠᠯᠠᠭᠤᠴᠤᠳ ᠤᠨ ᠬᠡᠦᠬᠡᠳ ᠢᠶᠠᠨ ᠣᠷᠣᠯᠳᠣᠭᠠᠨ ᠲᠡᠮᠡᠴᠡᠭᠡᠨ ᠳᠤ ᠢᠯᠡᠬᠦᠦ | ᠣᠷᠣᠯᠴᠠᠭᠤᠯᠵᠣ᠂ ᠢᠯᠡᠬᠦᠦ ᠲᠠᠪᠳᠠᠨ ᠪᠣᠯᠪᠠᠰᠣᠷᠠᠭᠤᠯᠵᠣ᠂ ᠬᠤᠶᠢᠴᠢ ᠦᠶ᠎ᠠ ᠪᠠᠨ ᠣᠯᠠᠮ ᠰᠠᠶᠢᠨ ᠪᠦᠬᠡᠴᠢᠨ | ᠪᠣᠯᠭᠠᠨ ᠬᠦᠮᠦᠵᠢᠭᠦᠯᠵᠦ᠂ ᠢᠷᠡᠭᠡᠳᠦᠢ ᠶᠢᠨ ᠰᠠᠢᠬᠠᠨ ᠠᠪᠣᠷᠭᠤ ᠪᠣᠯᠣᠭᠠᠷᠠᠢ ᠬᠡᠵᠣ ᠣᠯᠠᠨ ᠲᠡᠮᠡᠴᠡᠭᠡᠨ ᠢ ᠵᠣᠬᠢᠶᠠᠨ | ᠪᠠᠶᠢᠭᠤᠯᠤᠨ ᠬᠢᠵᠣ ᠪᠤᠢ︾ ᠭᠡᠵᠦ ᠶᠠᠷᠢᠬᠰᠠᠨ ᠪᠠᠶᠢᠨ᠎ᠡ᠃ | ᠲᠣᠰ ᠤᠷᠤᠯᠳᠤᠭᠠᠨ ᠳᠤ ᠭᠠᠨᠰᠣ᠂ ᠨᠠᠨᠵᠢᠩ᠂ ᠱᠠᠨᠰᠢ ᠵᠡᠷᠬᠡ ᠮᠣᠵᠢ ᠬᠤᠳᠠ ᠪᠣᠯᠣᠨ ᠦᠪᠣᠷ ᠮᠣᠩᠭᠤᠯ ᠤᠨ | ᠰᠢᠭᠰᠢᠭᠡ ᠪᠠᠭ᠂ ᠦᠪᠣᠷ ᠮᠣᠩᠭᠤᠯ ᠤᠨ ᠡᠯ᠎ᠡ ᠠᠶᠢᠮᠠᠭ ᠬᠤᠳᠠ ᠬᠤᠰᠢᠭᠤ ᠰᠢᠶᠠᠨ ᠤ 18 ᠲᠦᠯᠦᠭᠡᠯᠡᠭᠴᠢ ᠶᠢᠨ | ᠠᠩᠭᠢ ᠶᠢᠨ ᠨᠡᠶᠢᠳᠡ 324 ᠲᠠᠮᠢᠷᠴᠢᠨ ᠣᠷᠣᠯᠴᠠᠵᠠᠢ᠃ ᠤᠷᠤᠯᠳᠤᠭᠠᠨ ᠡᠷᠡᠭᠳᠡᠢ ᠶᠢᠨ ᠴᠢᠯᠥᠭᠡᠲᠦ ᠮᠠᠶ᠋ᠢᠭ ᠤᠨ | ᠪᠥᠬᠡ᠂ ᠡᠮᠡᠭᠳᠡᠢ ᠶᠢᠨ ᠴᠢᠯᠥᠭᠡᠲᠦ ᠮᠠᠶ᠋ᠢᠭ ᠤᠨ ᠪᠥᠬᠡ ᠪᠠ ᠰᠤᠩᠭᠤᠳᠠᠭ ᠮᠠᠶ᠋ᠢᠭ ᠤᠨ ᠪᠥᠬᠡ ᠵᠡᠷᠭᠡ ᠭᠤᠷᠪᠠᠨ | ᠲᠦᠷᠣᠯ ᠢᠶᠠᠷ ᠶᠠᠪᠤᠭᠳᠠᠵᠦ᠂ ᠪᠦᠬᠡ ᠶᠢᠨ ᠲᠦᠷᠦᠯ ᠪᠦᠷᠢ ᠳᠤ 16 ᠳᠡᠰ ᠲᠣᠬᠢᠷᠠᠭᠤᠯᠵᠤ᠂ 48 ᠠᠯᠳᠠᠨ ᠮᠧᠳᠠᠯ ᠢ | ᠰᠢᠯᠭᠠᠷᠠᠭᠤᠯᠤᠭᠰᠠᠨ ᠪᠠᠶᠢᠨ᠎ᠡ᠃ |