ᠮᠤᠩᠭᠤᠯ ᠪᠦᠬᠡ ᠶᠢᠨ ︽ᠪᠤᠯᠪᠠᠰᠤᠨ ᠲᠠᠮᠢᠷᠴᠢᠨ︾  ᠮᠦᠩᠬᠡᠳᠦ᠋ᠭᠦᠷᠡᠩ ᠮᠠᠭᠳᠠᠭᠠᠯ ᠲᠠᠢ
ᠨᠡᠶᠢᠲᠡᠯᠡᠭᠰᠡᠨ ᠴᠠᠭ᠄
2022/9/19
                                               ★   ᠤ᠂ ᠲᠡᠮᠤᠷᠭᠤᠤᠯᠳᠤ           ᠡᠷᠬᠢᠴᠡᠬᠦᠯᠬᠦ ᠳᠤ 2018 ᠤᠨ ᠤ 6 ᠰᠠᠷ᠎ᠠ ᠶᠢᠨ 1 ᠤ ᠡᠳᠤᠷ᠂ ᠦᠪᠤᠷ ᠮᠤᠩᠭᠤᠯ ᠤᠨ ᠷᠠᠳᠢᠤ᠋ ᠲᠧᠯᠸᠢᠰ ᠬᠤᠷᠢᠶ᠎ᠠ᠂ ᠰᠢᠯᠢ ᠶᠢᠨ ᠭᠤᠤᠯ ᠠᠶᠢᠮᠠᠭ ᠤᠨ ᠵᠠᠬᠢᠷᠭ᠎ᠠ ᠠᠴᠠ ᠬᠠᠮᠳᠤᠷᠠᠨ ᠡᠷᠬᠢᠯᠡᠭᠰᠡᠨ ︽ᠵᠢᠷᠭᠠᠯᠠᠩᠳᠤ ᠲᠠᠯ᠎ᠠ ᠨᠤᠳᠤᠭ᠂ ᠰᠢᠯᠢ ᠶᠢᠨ ᠭᠤᠤᠯ︾ ᠮᠤᠩᠭᠤᠯ ᠪᠦᠬᠡ ᠶᠢᠨ ᠴᠦᠷᠬᠡᠯᠡᠭᠡ ᠤᠷᠤᠯᠳᠤᠭᠠᠨ ᠨᠢ ᠠᠪᠠᠭ᠎ᠠ ᠬᠤᠰᠢᠭᠤᠨ ᠳᠤ ᠴᠢᠩᠬᠢᠰ ᠬᠠᠭᠠᠨ ᠤ ᠭᠡᠭᠡᠨ ᠲᠦᠷᠢ ᠶᠢ ᠰᠢᠩᠭᠡᠭᠡᠭᠰᠡᠨ ᠪᠤᠷᠬᠠᠨ ᠲᠠᠬᠢᠯᠭ᠎ᠠ ᠲᠠᠢ ᠪᠤᠭᠳᠠ ᠠᠭᠤᠯᠠ ᠶᠢᠨ ᠡᠩᠭᠡᠷ ᠲᠤ ᠬᠡᠶᠢᠮᠤᠷᠢ ᠲᠠᠢ ᠰᠠᠶᠢᠬᠠᠨ ᠬᠦᠰᠢᠭᠡ ᠪᠠᠨ ᠰᠡᠬᠦᠭᠰᠡᠨ ᠪᠢᠯᠠ᠃ ᠲᠡᠷᠡ ᠤᠳᠠᠭ᠎ᠠ ᠠᠷᠤ ᠬᠤᠷᠴᠢᠨ ᠬᠤᠰᠢᠭᠤᠨ ᠤ ᠱᠤᠤ ᠪᠠᠯᠭᠠᠰᠤᠨ ᠤ ᠵᠠᠯᠠᠭᠤ ᠰᠤᠳᠤᠨ ᠪᠦᠬᠡ ᠮᠦᠩᠬᠡᠳᠦ᠋ᠭᠦᠷᠡᠩ᠂ ᠪᠦᠬᠦ ᠦᠪᠤᠷ ᠮᠤᠩᠭᠤᠯ ᠤᠷᠤᠨ ᠤ ᠠᠯᠳᠠᠷ ᠨᠡᠷᠡᠳᠠᠢ ᠤᠯᠠᠨ ᠰᠠᠶᠢᠨ ᠠᠪᠤᠷᠭᠤᠴᠤᠳ ᠢ ᠰᠢᠷᠤᠶᠢᠳᠠᠭᠤᠯᠵᠦ᠂ ᠨᠠᠢᠮᠠᠳᠤᠭᠠᠷ ᠨᠤᠭᠤᠯᠠᠭ᠎ᠠ ᠳᠠᠭᠠᠨ ᠵᠡᠬᠦᠨ ᠦᠵᠦᠮᠦᠴᠢᠨ ᠬᠤᠰᠢᠭᠤᠨ ᠤ ᠦᠯᠵᠠᠶᠢᠪᠠᠭᠠᠳᠤᠷ ᠢ ᠦᠢᠴᠢᠭᠤᠯᠵᠤ᠂ 256 ᠪᠦᠬᠡ ᠳᠤ ᠲᠡᠷᠢᠭᠦᠯᠡᠪᠡ᠃ ᠲᠡᠷᠡ ᠤᠳᠠᠭᠠᠨ ᠤ ᠴᠦᠷᠬᠡᠯᠡᠭᠡ ᠪᠠᠷᠢᠯᠳᠤᠭᠠᠨ ᠢ ᠮᠡᠬᠦᠰ ᠪᠢ ᠷᠠᠳᠢᠤ᠋ ᠲᠧᠯᠸᠢᠰ ᠠᠴᠠ ᠦᠵᠡᠵᠦ ᠰᠤᠨᠢᠷᠬᠠᠭᠰᠠᠨ ᠰᠡᠳᠬᠢᠭᠳᠡᠯ ᠲᠦᠷᠦᠭᠳᠡᠯ ᠢᠶᠠᠨ ᠮᠡᠳᠡᠭᠡ ᠵᠠᠭᠤᠴᠢᠯᠠᠭᠤᠷ ᠢᠶᠠᠷ ᠮᠡᠳᠡᠭᠡᠯᠡᠭᠰᠡᠨ ᠪᠦᠬᠡᠳ ᠮᠢᠨᠤ ︽ᠮᠤᠩᠭᠤᠯ ᠤᠨᠳᠤᠷᠤᠯ ᠮᠦᠩᠬᠡ ᠬᠤᠷᠸ᠎ᠠ︾ ᠭᠡᠰᠡᠨ ᠨᠤᠮ ᠳᠠᠭᠠᠨ ᠪᠢᠴᠢᠵᠤ ᠤᠷᠤᠭᠤᠯᠤᠭᠰᠠᠨ ᠪᠣᠯᠬᠤᠷ ᠲᠡᠷᠨ ᠨᠢ ᠲᠡᠤᠬᠡ ᠶᠢᠨ ᠲᠤᠷᠠᠰᠬᠠᠯ ᠲᠡᠮᠳᠡᠭᠯᠡᠯ ᠪᠤᠯᠤᠨ ᠦᠯᠡᠳᠡᠭᠰᠡᠨ ᠶᠤᠮ᠃           ᠬᠦᠯᠦᠨ ᠪᠤᠶᠢᠷ ᠤᠨ ᠰᠢᠨ᠎ᠡ ᠪᠠᠷᠭᠤ ᠪᠠᠷᠠᠭᠤᠨ ᠬᠤᠰᠢᠭᠤᠨ ᠤ ᠰᠤᠶᠤᠯ ᠵᠢᠭᠤᠯᠴᠢᠯᠠᠯ ᠤᠨ ᠨᠠᠶᠢᠷ ᠵᠢᠴᠢ ᠦᠪᠤᠷ ᠮᠤᠩᠭᠤᠯ ᠤᠨ ᠴᠦᠷᠬᠡᠯᠡᠭᠡ ᠪᠠᠷᠢᠯᠳᠤᠭᠠᠨ ᠤ ᠬᠤᠶᠠᠳᠤᠭᠠᠷ ᠲᠠᠯᠠᠪᠠᠢ ᠤᠷᠤᠯᠳᠤᠭᠠᠨ 2022 ᠤᠨ ᠤ 7 ᠰᠠᠷ᠎ᠠ ᠶᠢᠨ 30 ᠤ ᠡᠳᠤᠷ —  8 ᠰᠠᠷ᠎ᠠ ᠶᠢᠨ 1 ᠤ ᠡᠳᠤᠷ ᠪᠤᠯᠳᠠᠯ᠎ᠠ ᠰᠢᠨ᠎ᠡ ᠪᠠᠷᠭᠤ ᠪᠠᠷᠠᠭᠤᠨ ᠬᠤᠰᠢᠭᠤᠨ ᠤ ᠲᠦᠪ ᠠᠯᠳᠠᠨ ᠡᠮᠡᠭᠡᠯ ᠪᠠᠯᠭᠠᠰᠤᠨ ᠳᠤ ᠨᠢᠵᠢᠭᠡᠷ ᠰᠠᠶᠢᠬᠠᠨ ᠶᠠᠪᠤᠭᠳᠠᠵᠤ᠂  512 ᠪᠦᠬᠡ ᠵᠤᠳᠤᠭᠯᠠᠭᠰᠠᠨ ᠶᠤᠮ᠃ ᠲᠤᠰ ᠤᠳᠠᠭᠠᠨ ᠤ ᠴᠦᠷᠬᠡᠯᠡᠭᠡ ᠪᠠᠷᠢᠯᠳᠤᠭᠠᠨ ᠢ ᠪᠢ ᠦᠪᠤᠷ ᠮᠤᠩᠭᠤᠯ ᠤᠨ ᠷᠠᠳᠢᠤ᠋ ᠲᠧᠯᠸᠢᠰ ᠬᠤᠷᠢᠶᠠᠨ ᠤ ᠰᠢᠭᠤᠳ ᠨᠡᠪᠳᠡᠷᠡᠭᠦᠯᠭᠡ ᠠᠴᠠ ᠴᠠᠭ ᠲᠤᠬᠠᠢ ᠳᠤᠨᠢ ᠲᠡᠶᠢᠮᠤ ᠰᠠᠶᠢᠬᠠᠨ ᠤᠯᠵᠦ ᠰᠤᠨᠢᠷᠬᠠᠭᠰᠠᠨ ᠦᠬᠡᠢ ᠪᠤᠯᠪᠠᠴᠦ᠂ ᠸᠢᠴᠠᠲ ᠲᠠᠪᠴᠠᠩ ᠢᠶᠠᠷ ᠲᠠᠰᠤᠭ ᠪᠤᠰᠤᠭ ᠢᠶᠠᠷ ᠰᠤᠨᠢᠷᠬᠠᠨ ᠦᠵᠡᠯ᠎ᠡ᠃ ᠲᠤᠰ ᠤᠳᠠᠭᠠᠨ ᠤ ᠴᠦᠷᠬᠡᠯᠡᠭᠡ ᠪᠠᠷᠢᠯᠳᠤᠭᠠᠨ ᠳᠤ ᠠᠷᠤ ᠬᠤᠷᠴᠢᠨ ᠬᠤᠰᠢᠭᠤᠨ ᠤ ᠪᠦᠬᠡᠴᠤᠳ᠂ ᠬᠤᠰᠢᠭᠤᠨ ᠤ ᠪᠦᠬᠡ ᠶᠢᠨ ᠨᠡᠶᠢᠭᠡᠮᠯᠢᠭ ᠤᠨ ᠲᠡᠷᠢᠭᠦᠯᠡᠭᠴᠢ ᠲᠠᠯᠠᠨᠳᠠᠢ  ᠶᠢᠨ ᠲᠠᠭᠠᠭᠤᠯᠭ᠎ᠠ ᠪᠠᠷ ᠬᠤᠷᠢᠨ ᠬᠡᠳᠤᠨ ᠰᠢᠯᠢᠳᠡᠭ ᠪᠦᠬᠡᠴᠤᠳ ᠰᠢᠨ᠎ᠡ ᠪᠠᠷᠭᠤ ᠪᠠᠷᠠᠭᠤᠨ ᠬᠤᠰᠢᠭᠤᠨ ᠳᠤ ᠬᠦᠷᠦᠯᠴᠡᠨ ᠤᠴᠢᠵᠦ ᠤᠷᠤᠯᠴᠠᠭᠠᠳ᠂ ᠲᠤᠩ ᠰᠠᠶᠢᠨ ᠦᠷ᠎ᠡ ᠪᠦᠳᠤᠮᠵᠢ ᠶᠢ ᠤᠯᠵᠦ ᠴᠢᠳᠠᠪᠠ᠃             ᠨᠠᠶᠢᠷ ᠢ ᠰᠤᠨᠢᠷᠬᠠᠨ ᠦᠵᠡᠬᠦ ᠶᠢᠨ ᠳᠠᠭᠠᠤ ᠮᠡᠬᠦᠰ ᠪᠢ ᠠᠷᠪᠠᠭᠠᠳ ᠵᠢᠯ ᠤᠨ ᠡᠮᠤᠨᠡᠬᠢ ᠶᠠᠪᠤᠳᠠᠯ ᠤᠴᠢᠷ ᠢ ᠰᠠᠨᠠᠵᠦ ᠤᠯᠪᠠ᠃ ᠬᠤᠷᠢᠨ ᠨᠢᠬᠡᠳᠤᠭᠡᠷ ᠵᠠᠭᠤᠨ ᠤ ᠠᠷᠪᠠᠭᠠᠳ ᠤᠨ ᠤ ᠡᠬᠢᠨ ᠢᠶᠠᠷ ᠮᠠᠨ ᠤ ᠬᠤᠰᠢᠭᠤ ᠨᠢ ︽ᠪᠦᠬᠡ  ᠶᠢᠨ ᠨᠡᠶᠢᠭᠡᠮᠯᠢᠭ︾ ᠢ ᠪᠠᠶᠢᠭᠤᠯᠵᠦ᠂ ᠲᠤᠬᠠᠢ ᠶᠢᠨ ᠦᠶ᠎ᠡ ᠬᠤᠰᠢᠭᠤᠨ ᠤᠯᠤᠰ ᠲᠦᠷᠦ ᠶᠢᠨ ᠵᠦᠪᠯᠡᠯᠭᠡᠨ ᠤ ᠲᠡᠳ᠋ ᠲᠡᠷᠢᠭᠦᠯᠡᠭᠴᠢ ᠪᠠᠶᠢᠭᠰᠠᠨ ᠮᠠᠨᠳᠤᠯ᠎ᠠ ᠨᠦᠬᠦᠷ ᠬᠤᠰᠢᠭᠤᠨ ᠤ ᠪᠦᠬᠡ ᠶᠢᠨ ᠠᠵᠢᠯ ᠢ ᠭᠤᠤᠯᠴᠢᠯᠠᠨ ᠬᠠᠮᠢᠶᠠᠷᠴᠦ ᠪᠠᠶᠢᠪᠠ᠃ ᠮᠠᠨᠳᠤᠯ᠎ᠠ ᠨᠦᠬᠦᠷ ᠤᠨ ᠰᠠᠨᠠᠭᠠᠴᠢᠯᠠᠭ᠎ᠠ ᠪᠠᠷ ᠪᠢ ᠬᠤᠰᠢᠭᠤᠨ ᠪᠦᠬᠡ ᠶᠢᠨ ᠨᠡᠶᠢᠭᠡᠮᠯᠢᠭ ᠲᠤ ᠴᠤᠯᠭᠤᠢ ᠠᠷᠠᠰᠤᠨ  ᠵᠤᠳᠤᠭ   ᠤᠨ  ᠨᠢᠷᠤᠭᠤᠨ  ᠲᠡᠭᠡᠷ᠎ᠡ  ᠬᠡᠳᠤᠨ ᠲᠢᠭ ᠤᠨ ︽ᠠᠷᠤ ᠬᠤᠷᠴᠢᠨ︾ ᠭᠡᠰᠡᠨ ᠲᠠᠷᠤᠮᠠᠯ ᠦᠰᠦᠭ ᠪᠤᠶᠤ  ᠪᠣᠯᠢᠭᠠᠷᠢᠨ  ᠠᠷᠠᠰᠤᠨ  ᠲᠣᠪᠤᠷᠤᠤᠳᠦ  ᠵᠤᠳᠤᠭ  ᠲᠡᠭᠡᠷ᠎ᠡ  ᠲᠡᠮᠤᠷ   ᠢᠶᠠᠷ  ᠲᠠᠪᠳᠠᠭᠰᠠᠨ ︽ᠠᠷᠤ ᠬᠤᠷᠴᠢᠨ︾ ᠭᠡᠰᠡᠨ ᠬᠡᠳᠤᠨ ᠬᠡᠯᠪᠡᠷᠢ ᠶᠢᠨ ᠦᠰᠦᠭ ᠪᠢᠴᠢᠨ ᠦᠭᠴᠦ᠂ ᠬᠤᠰᠢᠭᠤᠨ ᠳᠠᠭᠠᠨ ᠪᠠᠷᠢᠮᠵᠢᠶᠠᠳᠤ ᠵᠤᠳᠤᠭ ᠬᠢᠭᠰᠡᠨ ᠶᠤᠮ᠃ ᠦᠨᠤ ᠨᠠᠶᠢᠷ ᠢ ᠰᠤᠨᠢᠷᠬᠠᠨ ᠦᠵᠡᠬᠦ ᠳᠤ ᠨᠡᠯᠢᠶᠡᠳ ᠤᠯᠠᠨ ᠵᠠᠯᠠᠭᠤ ᠪᠠᠭᠠᠴᠤᠳ ᠪᠤᠶᠤ ᠢᠳᠡᠷ ᠵᠠᠯᠠᠭᠤ ᠪᠦᠬᠡᠴᠤᠳ ᠤᠯᠳᠤᠢ ᠮᠢᠨᠤ ᠪᠢᠴᠢᠨ ᠦᠭᠭᠦᠭᠰᠡᠨ ︽ᠠᠷᠤ ᠬᠤᠷᠴᠢᠨ︾ ᠭᠡᠰᠡᠨ ᠦᠰᠦᠭ ᠲᠠᠢ ᠵᠤᠳᠤᠭ ᠢ ᠡᠮᠤᠰᠤᠨ᠂ ᠨᠠᠶᠢᠷ ᠤᠨ ᠲᠠᠯᠠᠪᠠᠢ ᠳᠤ ᠤᠮᠤᠭ ᠲᠡᠭᠦᠯᠳᠡᠷ ᠢᠶᠠᠷ ᠮᠠᠭᠰᠢᠨ ᠤᠷᠤᠬᠤ ᠳᠤ ᠡᠪᠤᠭᠡᠨ ᠪᠢ ᠨᠤᠳᠤᠭ ᠤᠰᠤᠨ  ᠳᠠᠭᠠᠨ ᠪᠠᠭ᠎ᠠ ᠰᠠᠭ᠎ᠠ ᠴᠦ ᠭᠡᠰᠡᠨ ᠲᠤᠰᠠᠳᠠᠢ ᠶᠠᠪᠤᠳᠠᠯ ᠬᠢᠭᠰᠡᠨ ᠴᠦ ᠪᠢᠯᠢᠤ ᠭᠡᠵᠦ ᠬᠦᠭᠰᠡᠵᠦ ᠰᠠᠭᠤᠳᠠᠭ᠃ ᠤᠳᠤ ᠮᠦᠩᠬᠡᠳᠦ᠋ᠭᠦᠷᠡᠩ ᠤᠨ ᠡᠮᠦᠰᠴᠤ  ᠪᠠᠶᠢᠭ᠎ᠠ ᠪᠦᠬᠡ ᠶᠢᠨ ᠲᠤᠤᠬᠤᠤ ᠶᠢᠨ ᠲᠡᠭᠡᠷᠡᠬᠢ ︽ᠠᠷᠤ ᠬᠤᠷᠴᠢᠨ︾ ᠭᠡᠰᠡᠨ ᠮᠤᠩᠭᠤᠯ ᠡᠪᠬᠡᠮᠡᠯ ᠦᠰᠦᠭ ᠪᠤᠯ ᠮᠦᠨᠴᠤ ᠮᠢᠨᠤ ᠲᠡᠷᠡ ᠦᠶ᠎ᠡ ᠳᠤ ᠪᠢᠴᠢᠨ ᠦᠭᠭᠦᠭᠰᠡᠨ ᠦᠰᠦᠭ ᠪᠢᠯᠠ᠃ ᠮᠦᠩᠬᠡᠳᠦ᠋ᠭᠦᠷᠡᠩ ᠤᠨ ᠢᠶᠠᠨ ᠨᠠᠶᠢᠷ ᠪᠤᠯᠭᠠᠨ ᠳᠤ ᠠᠮᠵᠢᠯᠳᠠ ᠲᠠᠢ ᠰᠠᠶᠢᠨ ᠪᠠᠷᠢᠯᠳᠤᠬᠤ ᠶᠢ ᠨᠢ  ᠬᠠᠷᠠᠭᠠᠳ ᠡᠪᠤᠭᠡᠨ ᠪᠢ ᠴᠦ ᠪᠠᠭ᠋ᠠᠳᠤᠨ ᠪᠠᠶᠠᠷᠯᠠᠵᠦ ᠰᠠᠭᠤᠨ᠎ᠠ᠃             8  ᠰᠠᠷ᠎ᠠ ᠶᠢᠨ1 ᠤ ᠡᠳᠤᠷ᠂ ᠸᠢᠴᠠᠲ ᠲᠠᠪᠴᠠᠩ ᠤᠨ ᠮᠡᠳᠡᠭᠡᠯᠡᠯ ᠢᠶᠠᠷ ᠦᠵᠡᠪᠡᠯ᠄ ᠲᠡᠭᠡᠷ᠎ᠡ ᠲᠦᠷᠪᠡ ᠶᠢᠨ ᠨᠤᠭᠤᠯᠤᠭᠠᠨ ᠳᠤ ᠠᠷᠤ ᠬᠤᠷᠴᠢᠨ ᠬᠤᠰᠢᠭᠤᠨ ᠤ ᠮᠦᠩᠬᠡᠳᠦ᠋ᠭᠦᠷᠡᠩ᠂ ᠰᠢᠨ᠎ᠡ ᠪᠠᠷᠭᠤ ᠪᠠᠷᠠᠭᠤᠨ ᠬᠤᠰᠢᠭᠤᠨ ᠤ ᠰᠤᠳᠤᠪᠢᠯᠢᠭ᠌ ᠲᠠᠢ ᠲᠠᠭᠠᠷᠠᠯᠳᠤᠵᠦ᠂ ᠮᠦᠩᠬᠡᠳᠦ᠋ᠭᠦᠷᠡᠩ ᠪᠠᠷᠠᠭᠤᠨ ᠲᠠᠯ᠎ᠠ ᠪᠠᠷ ᠢᠶᠠᠨ ᠴᠤᠬᠢᠨ ᠡᠯᠭᠦᠵᠦ᠂ ᠰᠤᠳᠤᠪᠢᠯᠢᠭ᠌ ᠢᠶᠠᠷ ᠲᠠᠪᠠᠵᠦ᠂ ᠲᠡᠳ᠋ ᠲᠡᠷᠢᠭᠦᠨ ᠤ ᠪᠠᠷᠢᠯᠳᠤᠭᠠᠨ ᠳᠤ ᠰᠢᠨ᠎ᠡ ᠪᠠᠷᠭᠤ ᠪᠠᠷᠠᠭᠤᠨ ᠬᠤᠰᠢᠭᠤᠨ ᠤ ᠰᠧᠩᠭᠡᠭᠠᠷᠪᠤᠤ   ᠲᠠᠢ  ᠬᠤᠶᠠᠭᠤᠯᠨ ᠰᠢᠯᠭᠠᠷᠠᠨ ᠦᠯᠡᠳᠡᠪᠡ᠃ ᠲᠡᠷᠢᠭᠦᠨ ᠲᠡᠳ᠋ ᠶᠢᠨ ᠪᠠᠷᠢᠯᠳᠤᠭᠠᠨ ᠳᠤ ᠠᠷᠤ ᠬᠤᠷᠴᠢᠨ ᠬᠤᠰᠢᠭᠤᠨ ᠤ ᠵᠠᠯᠠᠭᠤ ᠰᠤᠳᠤᠨ ᠪᠦᠬᠡ ᠮᠦᠩᠬᠡᠳᠦ᠋ᠭᠦᠷᠡᠩ᠂ ᠰᠧᠩᠭᠡᠭᠠᠷᠪᠤᠤ ᠳᠤ ᠨᠠᠶᠢᠷ ᠲᠠᠯᠪᠢᠵᠦ᠂ ᠰᠧᠩᠭᠡᠭᠠᠷᠪᠤᠤ ᠲᠡᠷᠢᠭᠦᠯᠡᠵᠦ᠂ ᠮᠦᠩᠬᠡᠳᠦ᠋ᠭᠦᠷᠡᠩ ᠲᠡᠳ᠋ᠯᠡᠪᠡ᠃     ᠵᠠᠷᠢᠮ ᠦᠵᠡᠭᠴᠢᠳ ︽ᠮᠦᠩᠬᠡᠳᠦ᠋ᠭᠦᠷᠡᠩ ᠤᠨ ᠤᠳᠤ ᠶᠢᠨ ᠪᠠᠷᠢᠯᠳᠤᠭᠠᠨ ᠤ ᠪᠠᠶᠢᠳᠠᠯ ᠢᠶᠠᠷ ᠦᠵᠡᠪᠡᠯ᠂ ᠰᠧᠩᠭᠡᠭᠠᠷᠪᠤᠤ ᠶᠢ ᠬᠠᠶᠠᠵᠦ ᠪᠤᠯᠬᠤ ᠪᠤᠯᠤᠮᠵᠢ ᠲᠤᠩ ᠶᠡᠭᠡ᠂ ᠭᠡᠳᠡᠯ᠎ᠡ ᠮᠦᠩᠬᠡᠳᠦ᠋ᠭᠦᠷᠡᠩ ᠪᠤᠰᠤᠳ ᠬᠤᠰᠢᠭᠤᠨ ᠤ ᠨᠠᠶᠢᠷ ᠲᠤ ᠤᠴᠢᠪᠠᠯ᠂ ᠶᠡᠷᠤᠳᠡᠭᠡᠨ ᠨᠠᠶᠢᠷ ᠲᠠᠯᠪᠢᠳᠠᠭ᠂ ᠲᠡᠭᠡᠵᠦ ᠪᠤᠯᠬᠤ ᠦᠬᠡᠢ᠂ ᠵᠠᠪᠠᠯ ᠦᠪᠡᠷ ᠤᠨ ᠬᠦᠴᠦᠨ ᠴᠢᠳᠠᠯ ᠢᠶᠠᠨ ᠦᠵᠡᠭᠦᠯᠬᠦ ᠬᠡᠷᠡᠭᠳᠠᠢ︾ ᠭᠡᠵᠦ ᠶᠠᠷᠢᠵᠦ ᠪᠠᠶᠢᠨ᠎ᠠ᠃ ᠬᠡᠬᠦ ᠳᠤ ᠮᠢᠨᠤ ᠦᠵᠡᠬᠦ ᠪᠠᠷ᠄ ᠤᠳᠤ ᠶᠢᠨ ᠪᠠᠶᠢᠳᠠᠯ᠂ ᠤᠳᠤ ᠶᠢᠨ ᠵᠠᠷᠢᠮ ᠨᠦᠭᠦᠴᠡᠯ ᠲᠤᠤᠷ᠎ᠠ᠂ ᠬᠤᠷᠢᠳᠤᠭᠠᠷ ᠵᠠᠭᠤᠨ ᠤ ᠲᠠᠯᠠᠭᠠᠳ ᠤᠨ ᠤ ᠦᠶ᠎ᠡ ᠳᠤ ᠮᠠᠤ ᠽᠧ ᠳ᠋ᠦᠩ ᠲᠡᠷᠢᠭᠦᠯᠡᠭᠴᠢ ᠶᠢᠨ ᠲᠤᠷᠠᠳᠤᠭᠰᠠᠨ ︽ᠨᠦᠬᠦᠷᠯᠡᠯ ᠨᠢᠭᠡᠳᠤᠭᠡᠷ᠂ ᠤᠷᠤᠯᠳᠤᠭᠠᠨ ᠬᠤᠶᠠᠳᠤᠭᠠᠷ︾ ᠭᠡᠰᠡᠨ ᠵᠢᠭᠠᠪᠤᠷᠢ ᠪᠠᠷ ᠠᠯᠢ ᠤᠯᠠᠨ ᠤᠷᠤᠯᠳᠤᠭᠠᠨ ᠢᠶᠠᠨ ᠡᠷᠬᠢᠯᠡᠨ ᠶᠠᠪᠤᠭᠳᠠᠭᠤᠯᠪᠠᠯ ᠵᠦᠪ ᠪᠠᠶᠢᠬ᠎ᠠ ᠭᠡᠵᠦ ᠪᠤᠳᠤᠳᠠᠭ᠃ ᠤᠳᠤ ᠰᠢ ᠶᠢᠨ ᠫᠢᠩ ᠲᠡᠷᠢᠭᠦᠯᠡᠭᠴᠢ ︽ᠡᠶ᠎ᠡ ᠵᠤᠬᠢᠴᠠᠯᠳᠤ ᠨᠡᠶᠢᠭᠡᠮ ᠢ ᠪᠦᠳᠤᠭᠡᠨ ᠪᠠᠶᠢᠭᠤᠯᠬᠤ ᠪᠠᠷ ᠪᠦᠭᠦᠳᠡᠭᠡᠷ ᠬᠠᠮᠳᠤᠷᠠᠨ ᠲᠡᠮᠡᠴᠡᠬᠦ ᠬᠡᠷᠡᠭᠳᠠᠢ︾᠂ ︽ᠪᠦᠬᠦᠶᠢᠯᠡ ᠬᠦᠮᠤᠨ ᠲᠦᠷᠦᠯᠬᠢᠳᠡᠨ ᠤ ᠬᠠᠮᠳᠤ ᠶᠢᠨ ᠴᠤᠭᠴᠠ ᠶᠢᠨ ᠤᠬᠠᠮᠰᠠᠷ ᠢ ᠪᠤᠢ ᠪᠤᠯᠭᠠᠬᠤ ᠬᠡᠷᠡᠭᠳᠠᠢ︾ ᠭᠡᠵᠦ ᠤᠷᠢᠶᠠᠯᠠᠵᠦ ᠪᠠᠶᠢᠨ᠎ᠠ᠃ ᠦᠩᠭᠡᠷᠡᠭᠰᠡᠨ ᠳᠤ  ︽ᠨᠦᠬᠦᠷᠯᠡᠯ ᠨᠢᠭᠡᠳᠤᠭᠡᠷ᠂ ᠤᠷᠤᠯᠳᠤᠭᠠᠨ ᠬᠤᠶᠠᠳᠤᠭᠠᠷ  ︾ ᠭᠡᠰᠡᠨ ᠤᠷᠢᠶᠠᠯᠠᠯ ᠢᠶᠠᠷ ︽ᠪᠠᠭ᠎ᠠ ᠪᠦᠮᠪᠦᠭᠡ ᠪᠠᠷ ᠶᠡᠭᠡ ᠪᠦᠮᠪᠤᠷᠴᠡᠭ︾ ᠶᠢ ᠡᠷᠭᠢᠭᠦᠯᠵᠦ᠂ ᠲᠤᠮᠳᠠᠳᠤ ᠠᠮᠧᠷᠢᠺᠠ ᠶᠢᠨ ᠬᠠᠷᠢᠴᠠᠭ᠎ᠠ ᠶᠢ ᠰᠠᠶᠢᠵᠢᠷᠠᠭᠤᠯᠤᠭᠰᠠᠨ᠂ ᠠᠯᠢ ᠤᠯᠠᠨ ᠬᠦᠭᠵᠢᠵᠦ ᠪᠠᠶᠢᠭ᠎ᠠ ᠤᠯᠤᠰ ᠤᠷᠤᠨ ᠲᠠᠢ ᠬᠠᠮᠵᠢᠯᠴᠠᠭ᠎ᠠ ᠪᠠᠨ ᠰᠠᠶᠢᠵᠢᠷᠠᠭᠤᠯᠤᠭᠰᠠᠨ᠂  ᠡᠨᠡ ᠨᠢ ᠮᠦᠨ ᠣᠯᠢᠮᠫᠢᠺ ᠤᠨ ᠵᠤᠷᠢᠭ ᠰᠠᠨᠠᠭ᠎ᠠ ᠲᠠᠢ ᠴᠦ ᠨᠡᠶᠢᠴᠡᠵᠦ ᠪᠠᠶᠢᠳᠠᠭ᠃ ᠡᠮᠤᠨ᠎ᠡ ᠨᠢᠭᠡ ᠬᠤᠭᠤᠴᠠᠭᠠᠨ ᠳᠤ ᠵᠠᠷᠢᠮ ᠲᠠᠮᠢᠷᠴᠢᠳ ᠨᠠᠶᠢᠷ ᠤᠨ ᠮᠠᠶᠢᠮᠠᠢ ᠬᠡᠯᠡᠯᠴᠡᠵᠦ᠂ ᠬᠡᠷᠪᠡ ᠪᠠᠭᠤᠵᠦ ᠦᠭᠪᠡᠯ ᠲᠡᠷᠢᠭᠦᠨ ᠱᠠᠩ ᠠᠴᠠ ᠪᠠᠨ ᠬᠡᠳᠤᠨ ᠬᠤᠪᠢ ᠶᠢᠨ ᠬᠠᠷᠢᠴᠠᠯ ᠢᠶᠠᠷ ᠪᠠᠭᠤᠵᠦ ᠦᠭᠭᠦᠭᠰᠡᠨ ᠡᠳᠡᠭᠡᠳ ᠳᠡᠭᠡᠨ ᠪᠡᠯᠡᠭ ᠪᠤᠯᠭᠠᠨ ᠦᠭᠴᠦ᠂ ᠬᠡᠢ ᠬᠤᠭᠤᠰᠤᠨ ᠨᠡᠷ᠎ᠡ ᠶᠢ ᠲᠡᠮᠡᠴᠡᠨ ᠤᠯᠳᠠᠭ ᠤᠴᠢᠷ  ᠤᠳ ᠭᠠᠷᠴᠦ ᠦᠩᠭᠡᠷᠡᠭᠰᠡᠨ᠃ ᠦᠨᠤ ᠬᠠᠷᠢᠨ ᠡᠨᠡᠬᠦ ᠦᠵᠡᠭᠳᠡᠯ ᠲᠤᠶᠢᠯ ᠢᠶᠠᠷ ᠪᠠᠭᠠᠰᠪᠠ᠃ ᠤᠳᠤ ᠪᠦᠬᠦ ᠦᠪᠤᠷ ᠮᠤᠩᠭᠤᠯ ᠤᠷᠤᠨ ᠢᠶᠠᠷ ᠴᠦᠷᠬᠡᠯᠡᠭᠡ ᠪᠠᠷᠢᠯᠳᠤᠭᠠᠨ ᠢ  ︽ᠱᠠᠳᠤᠯᠵᠢᠨ ᠤᠨᠤᠭ᠎ᠠ︾ ᠪᠤᠶᠤ ᠲᠡᠭᠡᠷ᠎ᠡ 16 ᠠᠴᠠ ᠲᠡᠭᠡᠭᠰᠢᠭᠢ ᠪᠦᠬᠡᠴᠤᠳ ᠲᠤ ︽ᠢᠯᠡ ᠰᠢᠪᠠᠭ᠎ᠠ︾ ᠪᠠᠷ ᠤᠨᠤᠭ᠎ᠠ ᠲᠤᠯᠭᠠᠵᠦ ᠪᠠᠶᠢᠨ᠎ᠠ᠃ ᠡᠨᠡ ᠨᠢ ᠮᠠᠰᠢ ᠲᠦᠪ   ᠴᠢᠭᠡᠴᠢ᠂ ᠮᠠᠰᠢ ᠰᠠᠶᠢᠨ ᠶᠠᠪᠤᠳᠠᠯ ᠪᠤᠯᠤᠨ᠎ᠠ᠃ ᠭᠡᠬᠦ ᠳᠤ ᠠᠯᠢ ᠨᠢᠭᠡᠨ ᠭᠠᠵᠠᠷ ᠤᠷᠤᠨ ᠤ ᠨᠠᠶᠢᠷ ᠨᠠᠭᠠᠳᠤᠮ ᠴᠦ ᠪᠤᠯᠤᠭ᠂ ᠲᠡᠷᠡᠬᠦ ᠭᠠᠵᠠᠷ ᠤᠷᠤᠨ ᠤ ᠦᠵᠡᠭᠴᠢᠳ᠂ ᠰᠤᠨᠢᠷᠬᠠᠭᠴᠢᠳ᠂ ᠨᠠᠭᠠᠳᠤᠮᠴᠢᠳ ᠪᠦᠷ ᠦᠪᠡᠷ ᠤᠨ ᠨᠤᠳᠤᠭ ᠤᠰᠤᠨ ᠤ ᠪᠠᠨ ᠪᠦᠬᠡᠴᠤᠳ᠂ ᠤᠶᠠᠭᠠᠴᠢᠨ᠂ ᠬᠠᠷᠪᠤᠭᠠᠴᠢᠳ ᠢᠶᠠᠨ ᠦᠵᠤᠭᠦᠷ ᠲᠡᠷᠢᠭᠦᠨ ᠳᠤ ᠤᠷᠤᠵᠦ᠂ ᠨᠤᠳᠤᠭ ᠤᠰᠤᠨ ᠳᠠᠭᠠᠨ ᠠᠯᠳᠠᠷ ᠨᠡᠷ᠎ᠡ ᠠᠪᠴᠢᠷᠠᠵᠦ ᠦᠭᠬᠦ ᠶᠢ ᠬᠦᠰᠡᠵᠦ ᠪᠠᠶᠢᠳᠠᠭ᠃ ᠠᠯᠢ ᠨᠢᠬᠡ ᠬᠤᠰᠢᠭᠤ ᠰᠤᠮᠤ ᠨᠢ ᠭᠡᠳ ᠨᠢᠭᠡ ᠨᠠᠶᠢᠷ ᠨᠠᠭᠠᠳᠤᠮ ᠡᠷᠬᠢᠯᠡᠬᠦ ᠨᠢ ᠲᠡᠶᠢᠮᠤ ᠠᠮᠤᠷ ᠪᠤᠰᠤ᠂ ᠲᠡᠶᠢᠮᠤ ᠠᠴᠠ ᠠᠯᠢ ᠭᠠᠵᠠᠷ ᠤᠷᠤᠨ ᠨᠢ ᠭᠡᠳ᠂ ᠨᠠᠶᠢᠷ ᠤᠨ ᠱᠠᠩ ᠢᠶᠠᠨ ᠪᠤᠰᠤᠳ ᠤᠷᠤᠨ ᠳᠤ ᠦᠭᠬᠦ ᠲᠤᠷ᠎ᠠ ᠦᠬᠡᠢ ᠪᠠᠶᠢᠳᠠᠭ ᠨᠢ ᠦᠨᠡᠨ᠃ ᠦᠩᠭᠡᠷᠡᠭᠰᠡᠨ ᠳᠤ ᠬᠦᠮᠤᠨ ᠤ ᠭᠠᠵᠠᠷ᠂ ᠬᠦᠨᠳᠡᠯᠡᠨ ᠬᠤᠰᠢᠭᠤᠨ ᠳᠤ ᠤᠴᠢᠭᠠᠳ ᠲᠡᠷᠢᠭᠦᠨ ᠱᠠᠩ ᠢ ᠨᠢ ᠠᠪᠴᠢᠷᠠᠵᠦ ᠪᠠᠶᠢᠭᠰᠠᠨ ᠰᠠᠶᠢᠨ ᠪᠦᠬᠡᠴᠤᠳ ᠪᠠᠶᠢᠯ᠎ᠠ ᠭᠡᠬᠦ ᠳᠤ ᠪᠠᠰᠠ ᠪᠦᠬᠡᠴᠤᠳ ᠬᠤᠭᠤᠷᠤᠨᠳᠤ ᠪᠠᠨ ᠨᠠᠶᠢᠷ ᠵᠢᠷᠤᠮ ᠪᠤᠶᠤ ᠪᠠᠭᠰᠢ ᠱᠠᠪᠢ  ᠶᠢᠨ ᠬᠠᠷᠢᠴᠠᠭ᠎ᠠ᠂ ᠤᠶᠢᠷ᠎ᠠ ᠲᠦᠷᠦᠯ ᠤᠨ ᠬᠠᠷᠢᠴᠠᠭ᠎ᠠ ᠵᠡᠷᠭᠡ ᠤᠯᠠᠨ ᠲᠠᠯ᠎ᠠ ᠶᠢᠨ ᠬᠠᠷᠢᠴᠠᠭ᠎ᠠ ᠬᠤᠯᠪᠤᠭ᠎ᠠ ᠶᠢ ᠪᠤᠳᠤᠯᠬᠢᠯᠠᠵᠦ᠂ ᠵᠠᠷᠢᠮ ᠳᠠᠭᠠᠨ ᠡᠨᠡ ᠤᠳᠠᠭ᠎ᠠ ᠴᠢ ᠨᠠᠶᠢᠷ ᠲᠠᠯᠪᠢᠭᠰᠠᠨ ᠪᠤᠯ ᠲᠠᠷᠠᠭ᠎ᠠ ᠤᠳᠠᠭ᠎ᠠ ᠪᠢ ᠨᠠᠶᠢᠷ ᠲᠠᠯᠪᠢᠬᠤ ᠤᠴᠢᠷ ᠶᠠᠪᠤᠳᠠᠯ ᠵᠦᠩᠳᠡᠭᠡᠨ ᠭᠠᠷᠳᠠᠭ᠃ ᠡᠶᠢᠮᠤᠷᠬᠦ ᠪᠤᠯᠪᠠᠰᠤᠨ ᠰᠠᠶᠢᠬᠠᠨ ᠵᠠᠩ ᠰᠤᠷᠳᠠᠯ ᠢ ᠶᠠᠭ ᠲᠠᠭᠠᠷᠠᠬᠤ ᠦᠬᠡᠢ ᠭᠡᠵᠦ ᠬᠡᠯᠡᠬᠦ ᠶᠢᠨ ᠠᠷᠭ᠎ᠠ ᠦᠬᠡᠢ ᠪᠠᠶᠢᠬ᠎ᠠ᠃  ᠭᠡᠪᠡᠴᠦ ᠨᠠᠶᠢᠷ ᠤᠨ ᠲᠦᠷᠢᠮ ᠠᠴᠠ ᠵᠦᠷᠢᠴᠡᠬᠦ ᠦᠬᠡᠢ ᠪᠠᠶᠢᠳᠠᠯ ᠲᠤᠤᠷ᠎ᠠ᠂ ᠵᠦᠪ ᠶᠤᠰᠤᠨ ᠤ ᠲᠦᠯᠦᠭᠡ ᠦᠪᠡᠷ ᠤᠨ ᠤᠷ᠎ᠠ ᠮᠡᠷᠭᠡᠵᠢᠯ᠂ ᠬᠦᠴᠦ ᠴᠢᠳᠠᠯ᠂ ᠠᠷᠭ᠎ᠠ ᠰᠠᠮᠪᠠᠭ᠎ᠠ ᠪᠠᠷ  ᠢᠶᠠᠨ ᠨᠡᠷ᠎ᠡ ᠲᠦᠷᠦ᠂ ᠢᠷᠠᠭᠤ ᠠᠯᠳᠠᠷ ᠢ ᠲᠡᠮᠡᠴᠡᠨ ᠣᠯᠬᠤ ᠨᠢ ᠵᠦᠢ ᠶᠤᠰᠤᠨ ᠤ ᠤᠴᠢᠷ ᠪᠢᠯᠡ᠃             8  ᠰᠠᠷ᠎ᠠ ᠶᠢᠨ 5 — 6 ᠤ ᠡᠳᠤᠷ ︽ᠤᠯᠠᠭᠠᠨᠬᠠᠳᠠ ᠬᠤᠳᠠ ᠶᠢᠨ ᠮᠠᠯᠴᠢᠨ ᠲᠠᠷᠢᠶᠠᠴᠢᠨ ᠤ ᠰᠤᠶᠤᠯ ᠤᠨ ᠨᠠᠶᠢᠷ᠂ ᠯᠤᠤ ᠭᠠᠷᠤᠳᠢ ᠶᠢᠨ ᠨᠤᠳᠤᠭ ᠤᠩᠨᠢᠭᠤᠳ ᠤᠨ ᠵᠤᠭᠠᠴᠠᠯ ᠤᠨ ᠨᠠᠶᠢᠷ︾᠂ ᠮᠦᠨᠴᠦ ᠪᠦᠬᠦ ᠤᠷᠤᠨ ᠤ ᠡᠨᠡ ᠵᠢᠯ ᠤᠨ ᠴᠦᠷᠬᠡᠯᠡᠭᠡ ᠪᠠᠷᠢᠯᠳᠤᠭᠠᠨ ᠤ ᠭᠤᠷᠪᠠᠳᠡᠬᠢ ᠲᠠᠯᠠᠪᠠᠢ ᠤᠷᠤᠯᠳᠤᠭᠠᠨ᠂ ᠤᠩᠨᠢᠭᠤᠳ ᠬᠤᠰᠢᠭᠤᠨ ᠤ ᠭᠡᠷᠰᠡᠩ ᠰᠤᠮᠤᠨ ᠤ ᠠᠭᠤᠳᠠᠮ ᠰᠠᠷᠠᠭᠤᠯ ᠨᠤᠮᠢᠨ ᠨᠤᠭᠤᠭᠠᠨ ᠲᠡᠨᠵᠢᠨ ᠲᠡᠭᠡᠷ᠎ᠡ ᠦᠪᠡᠳᠡᠭᠰᠢ ᠶᠡᠬᠡᠪᠡᠷ ᠶᠠᠪᠤᠭᠳᠠᠪᠠ᠃ ᠲᠤᠰ ᠤᠳᠠᠭᠠᠨ ᠤ ᠪᠦᠬᠦ ᠤᠷᠤᠨ ᠤ ᠴᠦᠷᠬᠡᠯᠡᠭᠡ ᠪᠠᠷᠢᠯᠳᠤᠭᠠᠨ ᠤ ᠲᠡᠭᠡᠷ᠎ᠡ ᠨᠠᠢᠮᠠ ᠳᠤ ᠠᠷᠤ ᠬᠤᠷᠴᠢᠨ ᠬᠤᠰᠢᠭᠤᠨ ᠤ ᠮᠦᠩᠬᠡᠳᠦ᠋ᠭᠦᠷᠡᠩ ᠲᠡᠷᠢᠭᠦᠯᠡᠵᠦ᠂ ᠰᠢᠨ᠎ᠡ ᠪᠠᠷᠭᠤ ᠵᠡᠭᠦᠨ ᠬᠤᠰᠢᠭᠤᠨ ᠤ ᠲᠦᠷᠦᠰᠠᠴᠤᠷᠠᠯ ᠲᠡᠳ᠋ᠯᠡᠵᠦ᠂   ᠰᠢᠯᠤᠭᠤᠨ ᠬᠦᠬᠡ ᠬᠤᠰᠢᠭᠤᠨ ᠤ ᠨᠠᠷᠬᠢᠶ᠎ᠠ ᠭᠤᠷᠪᠠᠳᠤᠭᠠᠷ ᠲᠤ  ᠂ ᠠᠷᠤ ᠬᠤᠷᠴᠢᠨ ᠬᠤᠰᠢᠭᠤᠨ ᠤ ᠰᠢᠨᠢᠨᠢᠭᠡᠨ ᠲᠦᠷᠪᠡᠳᠤᠭᠡᠷ  ᠲᠤ᠂ ᠵᠡᠭᠦᠨ ᠰᠦᠨᠢᠳ ᠬᠤᠰᠢᠭᠤᠨ ᠤ ᠮᠠᠩᠯᠠᠢ ᠲᠠᠪᠤᠳᠤᠭᠠᠷ ᠲᠤ᠂ ᠠᠪᠠᠭ᠎ᠠ ᠶᠢᠨ ᠴᠠᠭᠠᠨᠵᠠᠭᠠᠨ ᠵᠢᠷᠭᠤᠳᠤᠭᠠᠷ ᠲᠤ᠂ ᠵᠡᠭᠦᠨ ᠦᠵᠦᠮᠦᠴᠢᠨ ᠬᠤᠰᠢᠭᠤᠨ ᠤ ᠰᠡᠴᠡᠨᠪᠢᠯᠢᠭ ᠲᠤᠯᠤᠳᠤᠭᠠᠷ ᠲᠤ᠂  ᠪᠠᠷᠠᠭᠤᠨ ᠦᠵᠦᠮᠦᠴᠢᠨ ᠬᠤᠰᠢᠭᠤᠨ ᠤ ᠴᠠᠭᠠᠨᠵᠠᠭᠠᠨ  ᠨᠠᠢᠮᠠᠳᠦᠭᠠᠷ ᠲᠤ ᠲᠤᠰ ᠲᠤᠰ ᠲᠤᠳᠤᠷᠠᠪᠠ᠃           8 ᠰᠠᠷ᠎ᠠ ᠶᠢᠨ19 — 20 ᠪᠤᠯᠳᠠᠯ᠎ᠠ ᠤᠯᠠᠭᠠᠨᠬᠠᠳᠠ ᠬᠤᠳᠠ ᠶᠢᠨ ᠠᠷᠤ ᠬᠤᠷᠴᠢᠨ ᠬᠤᠰᠢᠭᠤᠨ ᠤ ᠬᠠᠷ᠎ᠠ ᠪᠠᠷᠰ ᠵᠢᠯ ᠤᠨ ᠬᠠᠪᠤᠳᠤ ᠬᠠᠰᠠᠷ ᠤᠨ ᠤᠪᠤᠭᠠᠨ ᠲᠠᠬᠢᠯᠭ᠎ᠠ᠂ ᠪᠠᠶ᠋ᠬᠠᠦ᠋ᠨᠳᠤᠷ ᠰᠤᠮᠤᠨ ᠤ ᠠᠷᠪᠠᠨ ᠲᠦᠷᠪᠡᠳᠤᠭᠡᠷ ᠤᠳᠠᠭᠠᠨ ᠤ ᠮᠠᠯᠴᠢᠨ ᠨᠠᠭᠠᠳᠤᠮ ᠵᠢᠴᠢ ᠪᠦᠬᠦ ᠤᠷᠤᠨ ᠤ ᠡᠨᠡ ᠵᠢᠯ ᠤᠨ ᠲᠦᠷᠪᠡᠳᠤᠭᠡᠷ ᠲᠠᠯᠠᠪᠠᠢ ᠮᠤᠩᠭᠤᠯ ᠪᠦᠬᠡ  ᠶᠢᠨ ᠴᠦᠷᠬᠡᠯᠡᠭᠡ ᠪᠠᠷᠢᠯᠳᠤᠭᠠᠨ ᠢ ᠠᠷᠤ ᠬᠤᠷᠴᠢᠨ ᠬᠤᠰᠢᠭᠤᠨ ᠤ ᠪᠠᠶ᠋ᠬᠠᠦ᠋ᠨᠳᠤᠷ ᠰᠤᠮᠤᠨ ᠤ ᠲᠠᠷᠬᠠᠨ ᠭᠠᠴᠠᠭ᠎ᠠ  ᠶᠢᠨ ᠤᠪᠤᠭᠠᠨ ᠪᠤᠯᠠᠭ ᠤᠨ ᠲᠠᠯ᠎ᠠ᠂ ᠬᠠᠬᠢᠷ ᠤᠨ ᠭᠤᠤᠯ ᠤᠨ ᠲᠤᠷᠭᠠᠨ ᠨᠤᠭᠤᠭᠠᠨ ᠲᠡᠨᠵᠢᠨ ᠲᠡᠭᠡᠷ᠎ᠡ ᠨᠢᠵᠢᠭᠡᠷ ᠰᠠᠶᠢᠬᠠᠨ ᠬᠢᠯ᠎ᠡ᠃ ᠲᠤᠰ ᠤᠳᠠᠭᠠᠨ ᠤ ᠨᠠᠶᠢᠷ ᠲᠤ ︽ᠮᠤᠩᠭᠤᠯ ᠦᠨᠳᠤᠰᠤᠳᠡᠨ ᠤ ᠴᠠᠭᠠᠨ ᠢᠳᠡᠭᠡ ᠶᠢᠨ ᠦᠵᠡᠭᠦᠯᠦᠯᠭᠡ︾ ᠢ ᠡᠷᠬᠢᠯᠡᠨ ᠶᠠᠪᠤᠭᠳᠠᠭᠤᠯᠤᠭᠰᠠᠨ ᠪᠦᠭᠡᠳ  ᠪᠠᠰᠠ ᠰᠤᠷ ᠬᠠᠷᠪᠤᠯᠳᠠ᠂ ᠨᠠᠢᠮᠠᠨ ᠲᠦᠷᠦᠯ ᠤᠨ ᠮᠤᠷᠢᠨ ᠤᠷᠤᠯᠳᠤᠭᠠᠨ᠂ 512 ᠪᠦᠬᠡ ᠶᠢᠨ ᠪᠠᠷᠢᠯᠳᠤᠭᠠᠨ ᠵᠡᠷᠭᠡ ᠨᠠᠭᠠᠳᠤᠮ ᠤᠨ ᠠᠭᠤᠯᠭ᠎ᠠ ᠪᠠᠷ ᠶᠠᠪᠤᠭᠳᠠᠭᠤᠯᠵᠠᠢ᠃ ᠬᠦᠴᠦᠳᠤ ᠪᠦᠬᠡ ᠶᠢᠨ ᠪᠠᠷᠢᠯᠳᠤᠭᠠᠨ   ᠳᠤ ᠠᠷᠤ ᠬᠤᠷᠴᠢᠨ ᠬᠤᠰᠢᠭᠤᠨ ᠤ ᠮᠦᠩᠬᠡᠳᠦ᠋ᠭᠦᠷᠡᠩ ᠲᠡᠷᠢᠭᠦᠯᠡᠵᠦ ᠲᠠᠪᠤᠨ ᠬᠤᠰᠢᠭᠤ ᠮᠠᠯ ᠢᠶᠠᠷ ᠱᠠᠩᠨᠠᠭᠳᠠᠵᠦ᠂ ᠰᠦᠨᠢᠳ ᠵᠡᠭᠦᠨ ᠬᠤᠰᠢᠭᠤᠨ ᠤ ᠰᠢᠯᠤᠭᠤᠨ ᠲᠡᠳ᠋ᠯᠡᠵᠦ᠂ ᠠᠷᠠᠳ ᠤᠨ ᠵᠤᠭᠤᠰ 2 ᠲᠦᠮᠡᠨ ᠲᠦᠭᠦᠷᠢᠭ ᠢᠶᠠᠷ ᠱᠠᠩᠨᠠᠭᠳᠠᠵᠦ᠂ ᠰᠢᠯᠤᠭᠤᠨ ᠬᠦᠬᠡ ᠬᠤᠰᠢᠭᠤᠨ ᠤ ᠪᠠᠶᠠᠯᠢᠭ ᠭᠤᠷᠪᠠᠳᠤᠭᠠᠷ ᠲᠤ᠂ ᠠᠷᠤ ᠬᠤᠷᠴᠢᠨ ᠬᠤᠰᠢᠭᠤᠨ ᠤ ᠨᠠᠴᠢᠨ ᠲᠦᠷᠪᠠᠳᠤᠭᠡᠷ ᠲᠤ ᠲᠤᠳᠤᠷᠠᠵᠤ ᠲᠤᠰ ᠪᠦᠷᠢ ᠠᠷᠠᠳ  ᠤᠨ ᠵᠤᠭᠤᠰ ᠲᠦᠮᠡᠨ ᠲᠦᠭᠦᠷᠢᠭ ᠢᠶᠠᠷ ᠱᠠᠩᠨᠠᠭᠳᠠᠪᠠ᠃ ᠰᠢᠨ᠎ᠡ ᠪᠠᠷᠭᠤ ᠪᠠᠷᠠᠭᠤᠨ ᠬᠤᠰᠢᠭᠤᠨ ᠤ ᠰᠧᠩᠭᠡᠭᠠᠷᠪᠤᠤ ᠲᠠᠪᠤᠳᠤᠭᠠᠷ ᠲᠤ᠂ ᠬᠡᠰᠢᠭᠳᠡᠨ ᠬᠤᠰᠢᠭᠤᠨ ᠤ ᠬᠢᠯᠪᠠᠭ᠎ᠠ ᠵᠢᠷᠭᠤᠳᠤᠭᠠᠷ ᠲᠤ᠂ ᠠᠷᠤ ᠬᠤᠷᠴᠢᠨ ᠬᠤᠰᠢᠭᠤᠨ ᠤ ᠡᠷᠬᠢᠮᠪᠡᠳᠤ ᠲᠤᠯᠤᠳᠤᠭᠠᠷ ᠲᠤ᠂ ᠵᠡᠭᠦᠨ ᠦᠵᠦᠮᠦᠴᠢᠨ ᠬᠤᠰᠢᠭᠤᠨ ᠤ ᠡᠷᠬᠢᠮᠰᠦ᠋ᠯᠳᠡ    ᠨᠠᠢᠮᠠᠳᠤᠭᠠᠷ ᠲᠤ ᠲᠤᠳᠤᠷᠠᠵᠦ᠂ ᠲᠤᠰ ᠪᠦᠷᠢ 5000 ᠲᠦᠭᠦᠷᠢᠭ ᠢᠶᠠᠷ ᠱᠠᠩᠨᠠᠭᠳᠠᠪᠠ᠃           ᠮᠦᠩᠬᠡᠳᠦ᠋ᠭᠦᠷᠡᠩ ᠡᠨᠡ ᠵᠢᠯ ᠤᠨ ᠪᠦᠬᠦ ᠤᠷᠤᠨ ᠤ ᠨᠢᠭᠡᠳᠤᠭᠡᠷ ᠲᠠᠯᠠᠪᠠᠢ ᠴᠦᠷᠬᠡᠯᠡᠭᠡ ᠪᠠᠷᠢᠯᠳᠤᠭᠠᠨ ᠳᠤ ᠤᠷᠤᠯᠴᠠᠭᠰᠠᠨ ᠦᠬᠡᠢ᠂ ᠰᠢᠨ᠎ᠡ ᠪᠠᠷᠭᠤ ᠪᠠᠷᠠᠭᠤᠨ ᠬᠤᠰᠢᠭᠤᠨ ᠳᠤ ᠡᠷᠬᠢᠯᠡᠭᠰᠡᠨ ᠬᠤᠶᠠᠳᠤᠭᠠᠷ ᠲᠠᠯᠠᠪᠠᠢ ᠤᠷᠤᠯᠳᠤᠭᠠᠨ ᠳᠤ   ᠲᠡᠳ᠋ᠯᠡᠵᠦ᠂  ᠤᠩᠨᠢᠭᠤᠳ ᠬᠤᠰᠢᠭᠤᠨ ᠳᠤ ᠪᠤᠯᠤᠭᠰᠠᠨ ᠭᠤᠷᠪᠠᠳᠤᠭᠠᠷ ᠲᠠᠯᠠᠪᠠᠢ ᠤᠷᠤᠯᠳᠤᠭᠠᠨ ᠳᠤ ᠲᠡᠷᠢᠭᠦᠯᠡᠵᠦ᠂ ᠶᠡᠷᠦᠩᠬᠡᠢ ᠬᠤᠪᠢ ᠪᠠᠷ ᠪᠦᠬᠦ ᠤᠷᠤᠨ ᠳᠤ ᠭᠤᠷᠪᠠᠳᠤᠭᠠᠷ ᠲᠤ ᠵᠢᠭᠰᠠᠭᠠᠭᠳᠠᠵᠦ᠂  ᠠᠷᠤ ᠬᠤᠷᠴᠢᠨ ᠬᠤᠰᠢᠭᠤᠨ ᠤ ᠪᠠᠶ᠋ᠬᠠᠦ᠋ᠨᠳᠦᠷ ᠰᠤᠮᠤᠨ ᠳᠤ ᠪᠤᠯᠤᠭᠰᠠᠨ ᠲᠦᠷᠪᠡᠳᠤᠭᠡᠷ ᠲᠠᠯᠠᠪᠠᠢ ᠤᠷᠤᠯᠳᠤᠭᠠᠨ ᠳᠤ ᠮᠦᠨᠴᠦ ᠲᠡᠷᠢᠭᠦᠯᠡᠵᠦ᠂ ᠲᠠᠪᠤᠨ ᠬᠤᠰᠢᠭᠤ ᠮᠠᠯ ᠢᠶᠠᠷ ᠱᠠᠩᠨᠠᠭᠳᠠᠨ᠂ ᠲᠤᠯᠤᠳᠡᠬᠢ ᠤᠳᠠᠭ᠎ᠠ 512 ᠪᠦᠬᠡ ᠶᠢᠨ ᠮᠠᠩᠯᠠᠢ ᠪᠣᠯᠵᠤ᠂ ᠲᠤᠰ ᠤᠳᠠᠭ᠎ᠠ ᠪᠠᠷ ᠮᠦᠩᠬᠡᠳᠦ᠋ᠭᠦᠷᠡᠩ ᠤᠨ ᠶᠡᠷᠤᠩᠬᠡᠢ ᠬᠤᠪᠢ ᠲᠡᠭᠡᠭᠰᠢᠯᠡᠵᠦ᠂ 26 ᠶᠡᠷᠦᠩᠭᠡᠢ ᠬᠤᠪᠢ ᠪᠠᠷ ᠴᠦᠷᠬᠡᠯᠡᠭᠡ ᠤᠷᠤᠯᠳᠤᠭᠠᠨ ᠤ ᠲᠡᠷᠢᠭᠦᠨ ᠳᠤ ᠵᠢᠭᠰᠠᠭᠠᠭᠳᠠᠵᠠᠢ᠃           ᠠᠷᠤ ᠬᠤᠷᠴᠢᠨ ᠬᠤᠰᠢᠭᠤᠨ ᠤ ᠮᠦᠩᠬᠡᠳᠦ᠋ᠭᠦᠷᠡᠩ ᠪᠤᠯ ᠬᠤᠰᠢᠭᠤ ᠨᠤᠳᠤᠭ ᠴᠢᠨᠠᠭᠰᠢᠯᠠᠨ ᠤᠷᠤᠨ ᠬᠤᠳᠠ  ᠶᠢᠨ ᠢᠶᠠᠨ ᠨᠡᠷ᠎ᠡ ᠠᠯᠳᠠᠷ ᠢ ᠲᠠᠶᠠᠭᠠᠷ ᠤᠯᠠᠨ ᠳᠤ ᠮᠠᠨᠳᠤᠭᠤᠯᠤᠨ ᠶᠠᠪᠤᠭ᠎ᠠ ᠮᠠᠭᠳᠠᠭᠠᠯ ᠲᠠᠢ ᠰᠠᠶᠢᠬᠠᠨ ᠰᠤᠳᠤᠨ ᠪᠦᠬᠡ ᠶᠤᠮ᠃ ᠪᠦᠬᠡᠴᠢᠨ ᠵᠠᠯᠠᠭᠤ ᠶᠢᠨ ᠢᠶᠠᠨ ᠨᠡᠷ᠎ᠡ ᠳᠡᠭᠡᠨ ᠠᠳᠠᠯᠢ ᠮᠦᠩᠭᠡᠳᠡ ᠳᠦᠭᠦᠷᠡᠩ ᠠᠮᠵᠢᠯᠳᠠ ᠲᠠᠢ᠂ ᠬᠡᠶᠢᠮᠦᠷᠢᠯᠢᠭ ᠵᠢᠪᠬᠤᠭ᠎ᠠ ᠲᠠᠢ ᠶᠠᠪᠤᠬᠤ ᠶᠢ ᠢᠷᠦᠭᠡᠨ ᠵᠦᠩᠨᠡᠶ᠎ᠡ︕                                                                     2022  ᠤᠨ ᠤ 8  ᠰᠠᠷ᠎ᠠ ᠶᠢᠨ 20 ᠤ  ᠡᠳᠤᠷ      ᠬᠦᠬᠡᠬᠤᠳᠠᠨ᠎ᠠ
 
ᠢᠷᠡᠯᠲᠡ᠄ ᠠᠷᠤ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠣᠩᠭᠤᠯ ᠬᠡᠯᠡᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18004690号
Baidu
map