— ᠬᠤᠸᠠᠩ ᠣᠶᠣᠩᠭᠤᠸ᠎ᠠ ᠶᠢᠨ ᠵᠢᠱᠢᠶᠡᠴᠢ ᠦᠢᠯᠡ ᠠᠵᠢᠯᠯᠠᠭ᠎ᠠ ᠶᠢ ᠲᠡᠮᠳᠡᠭᠯᠡᠪᠡ | ᠬᠤᠣᠰᠪᠣᠯᠠᠭ ᠵᠣᠬᠢᠶᠠᠪᠠ | ᠪᠢ ᠪᠣᠯ ᠡᠪ ᠬᠠᠮᠳᠣ ᠨᠠᠮ ᠤᠨ ᠬᠡᠰᠢᠬᠦᠨ᠂ ᠡᠪᠡᠳᠴᠢᠨ ᠡᠮᠬᠡᠭ ᠲᠠᠢ ᠬᠦᠮᠦᠰ ᠢ ᠡᠷᠡᠬᠦᠯᠵᠢᠬᠦᠯᠬᠦ ᠳᠤ | ᠭᠠᠪᠰᠢᠭᠠᠶᠢᠯᠠᠨ ᠠᠵᠢᠯᠯᠠᠬᠤ ᠲᠠᠷᠬᠠᠨ ᠡᠬᠦᠷᠬᠡ ᠲᠠᠢ ᠰᠣᠪᠢᠯᠠᠭᠴᠢ ᠬᠦᠮᠦᠨ᠂ ᠠᠷᠠᠳ ᠲᠦᠮᠡᠨ ᠭᠠᠰᠠᠯᠠᠩ ᠤᠨ ᠲᠠᠯᠠᠢ | ᠳᠤ ᠲᠡᠯᠴᠢᠯᠡᠬᠦ ᠦᠶᠡᠰ ᠦᠴᠦᠬᠡᠨ ᠴᠦ ᠬᠤᠶᠢᠷᠭᠤᠰᠢᠯ ᠦᠬᠡᠢ ᠡᠷᠡᠮᠡᠬᠡᠶᠢᠯᠡᠨ ᠵᠢᠳᠬᠦᠬᠦ ᠴᠢᠬᠤᠯᠠᠳᠠᠢ᠃ ᠶᠠᠮᠠᠷ | ᠬᠦᠴᠢᠷ ᠪᠡᠷᠬᠡ ᠲᠠᠭᠠᠷᠠᠭᠰᠠᠨ ᠴᠦ ᠤᠬᠤᠷᠢᠰᠢ ᠦᠬᠡᠢ᠂ ᠲᠣᠬᠠᠶᠢᠯᠠᠭᠰᠠᠨ ᠠᠵᠢᠯ ᠤᠨ ᠣᠷ᠎ᠠ ᠴᠢᠳᠠᠪᠣᠷᠢ ᠪᠠᠨ | ᠦᠢᠯᠡᠰ ᠲᠤ ᠪᠠᠨ ᠵᠣᠷᠢᠭᠤᠯᠵᠣ᠂ ᠬᠦᠴᠦᠨ ᠴᠢᠳᠠᠯ ᠪᠦᠬᠦᠨ ᠢᠶᠠᠨ ᠣᠯᠣᠰ ᠭᠦᠷᠦᠨ ᠳᠤ ᠪᠠᠨ ᠡᠷᠬᠦᠬᠦ ᠳᠤ ᠴᠠᠭ | ᠢᠮᠠᠭᠳᠠ ᠪᠡᠯᠡᠬᠡᠨ᠃ | — ᠬᠤᠸᠠᠩ ᠣᠶᠣᠩᠭᠤᠸ᠎ᠠ | ᠪᠣᠷᠣᠭᠠᠨ ᠰᠢᠪᠡᠷᠡᠵᠦ ᠯᠡ ᠪᠠᠶᠢᠯ᠎ᠠ᠃ 2022 ᠣᠨ ᠤ ᠲᠣᠯᠣᠳᠣᠭᠠᠷ ᠰᠠᠷ᠎ᠠ ᠬᠤᠷ᠎ᠠ ᠲᠤᠨᠳᠠᠰᠤ ᠪᠠᠨᠷ | ᠡᠯᠪᠡᠭ᠂ ᠣᠨ ᠵᠢᠯ ᠢ ᠦᠩᠬᠡᠯᠡᠴᠢᠬᠡᠮᠡᠷ ᠰᠠᠶᠢᠬᠠᠨ ᠴᠠᠭ ᠣᠯᠠᠷᠢᠯ ᠪᠣᠯᠵᠣ᠂ ᠡᠬᠡᠬᠡ ᠯᠡ ᠦᠨᠦ ᠦᠬᠦᠯ ᠲᠠᠭᠠᠷᠢᠭᠰᠠᠨ | ᠬᠢᠵᠢᠭ ᠤᠨ ᠸᠢᠷᠦ᠋ᠰ ᠢ ᠦᠨᠳᠦᠰᠦ ᠦᠬᠡᠢ ᠣᠬᠢᠶᠠᠨ ᠠᠷᠢᠯᠭᠠᠴᠢᠬᠠᠶᠠ ᠬᠡᠰᠡᠨ ᠰᠢᠭ ᠪᠣᠷᠣᠭᠠᠨ ᠰᠢᠪᠡᠷᠡᠵᠦ ᠯᠡ | ᠪᠠᠶᠢᠯ᠎ᠠ᠃ ᠡᠬᠡ ᠲᠡᠯᠡᠬᠡᠢ ᠶᠢ ᠬᠤᠷ᠎ᠠ ᠪᠣᠷᠣᠭᠠᠨ ᠢᠶᠠᠷ ᠣᠶᠠᠷᠠᠭᠤᠯᠣᠭᠰᠠᠨ ᠡᠶᠢᠮᠦ ᠨᠢᠬᠡᠨ ᠡᠳᠦᠷ ᠪᠢ ᠦᠬᠠᠨ ᠪᠠ | ᠴᠠᠩ ᠴᠦᠨ ᠬᠤᠳᠠ ᠳᠤ ᠬᠦᠷᠴᠦ ᠬᠢᠵᠢᠭ ᠤᠨ ᠸᠢᠷᠦ᠋ᠰ ᠲᠠᠢ ᠡᠷᠡᠯᠬᠡᠭᠯᠡᠨ ᠲᠡᠮᠡᠴᠡᠭᠰᠡᠨ ᠬᠤᠸᠠᠩ ᠣᠶᠣᠩᠭᠤᠸ᠎ᠠ | ᠶᠢᠨ ᠪᠠᠭᠠᠳᠣᠷᠯᠢᠭ ᠦᠢᠯᠡ ᠠᠵᠢᠯᠯᠠᠭ᠎ᠠ ᠶᠢ ᠰᠣᠷᠪᠣᠯᠵᠢᠬᠤ ᠪᠠᠷ ᠬᠤᠷᠴᠢᠨ ᠪᠠᠷᠠᠭᠤᠨ ᠭᠠᠷᠣᠨ ᠲᠣᠮᠳᠠᠳᠣ ᠬᠤᠰᠢᠭᠤᠨ | ᠤ ᠠᠷᠠᠳ ᠤᠨ ᠡᠮᠨᠡᠯᠬᠡ ᠶᠢᠨ ᠬᠤᠷᠢᠶ᠎ᠠ ᠳᠤ ᠬᠦᠷᠴᠦ ᠪᠢᠯᠡ᠃ ᠡᠮᠨᠡᠯᠬᠡ ᠶᠢᠨ ᠦᠢᠯᠡᠴᠢᠯᠡᠬᠡᠨ ᠤ ᠲᠠᠰᠤᠭ ᠤᠨ | ᠡᠷᠬᠢᠯᠡᠭᠴᠢ ᠰᠣ᠋ ᠭᠤᠸᠠᠩ ᠾᠦᠢ ᠶᠢ ᠡᠷᠢᠵᠦ ᠰᠣᠷᠪᠣᠯᠵᠢᠯᠠᠬᠤ ᠣᠴᠢᠷ ᠢᠶᠠᠨ ᠶᠠᠷᠢᠵᠣ ᠬᠤᠸᠠᠩ ᠣᠶᠣᠩᠭᠤᠸ᠎ᠠ ᠶᠢ | ᠰᠣᠷᠠᠯᠠ᠃ ᠰᠣ᠋ ᠭᠤᠸᠠᠩ ᠾᠦᠢ ᠲᠦᠢᠯ ᠤᠨ ᠬᠠᠯᠭᠤᠮᠰᠤᠭ ᠢᠶᠠᠷ ᠣᠭᠳᠣᠨ ᠠᠪᠣᠭᠰᠠᠨ ᠪᠦᠬᠡᠳ᠂ ᠲᠡᠷᠡ ᠲᠠᠷᠣᠢ | ᠬᠤᠷᠢᠶᠠᠨ ᠲᠠᠷᠤᠭ᠎ᠠ ᠳᠤ ᠪᠠᠨ ᠬᠠᠷᠢᠭᠤ ᠮᠡᠳᠡᠬᠦᠯᠬᠦ ᠪᠠᠷ ᠨᠠᠮ᠎ᠠ ᠶᠢ ᠲᠠᠭᠠᠭᠤᠯᠣᠨ ᠠᠯᠪᠠᠨ ᠬᠡᠷ ᠲᠤ ᠨᠢ ᠬᠦᠷᠦᠭᠰᠡᠨ | ᠶᠣᠮ᠃ | ᠬᠤᠷᠢᠶᠠᠨ ᠲᠠᠷᠤᠭ᠎ᠠ ᠠᠴᠠ ᠣᠷᠣᠨ ᠨᠣᠳᠤᠭ ᠢᠶᠠᠨ ᠲᠦᠯᠦᠬᠡᠯᠡᠨ ᠬᠢᠵᠢᠭ ᠲᠠᠢ ᠲᠡᠮᠡᠴᠡᠬᠦ ᠲᠠᠶᠢᠨ ᠳᠤ ᠮᠣᠷᠳᠠᠵᠣ | ᠠᠮᠵᠢᠯᠳᠠ ᠲᠠᠢ ᠪᠣᠴᠠᠵᠣ ᠢᠷᠡᠭᠰᠡᠨ ᠪᠠᠭᠠᠳᠣᠷ ᠠᠵᠢᠯᠳᠠᠨ ᠢᠶᠠᠨ ᠣᠬᠠᠭᠤᠯᠣᠨ ᠰᠣᠷᠳᠠᠯᠴᠢᠯᠠᠭᠤᠯᠬᠤ ᠪᠠᠷ ᠶᠠᠭᠠᠷᠠᠵᠣ | ᠪᠠᠶᠢᠭᠰᠠᠨ ᠢᠶᠠᠨ ᠨᠢᠭᠤᠯᠳᠠ ᠦᠬᠡᠢ ᠢᠯᠡᠷᠬᠡᠶᠢᠯᠡᠵᠦ ᠪᠠᠶᠢᠯ᠎ᠠ᠃ ᠰᠣᠷᠪᠣᠯᠵᠢᠬᠤ ᠶᠠᠪᠣᠴᠠ ᠶᠢᠨ ᠲᠣᠬᠠᠢ ᠲᠦᠬᠦᠮ | ᠶᠠᠷᠢᠯᠴᠠᠭᠰᠠᠨ ᠤ ᠲᠠᠷᠠᠭ᠎ᠠ ᠬᠤᠷᠢᠶᠠᠨ ᠲᠠᠷᠤᠭ᠎ᠠ ᠪᠡ ᠰᠣ᠋ ᠭᠤᠸᠠᠩ ᠾᠦᠢ ᠶᠢᠨ ᠪᠠᠷᠠᠳᠠᠯᠭ᠎ᠠ ᠪᠠᠷ ᠬᠤᠸᠠᠩ | ᠣᠶᠣᠩᠭᠤᠸ᠎ᠠ ᠶᠢᠨ ᠠᠵᠢᠯᠯᠠᠵᠣ ᠪᠠᠶᠢᠭ᠎ᠠ ᠲᠠᠰᠤᠭ ᠣᠷᠣᠭᠤ ᠴᠢᠭᠯᠡᠵᠡᠢ᠃ ᠲᠠᠰᠤᠭ ᠲᠤ ᠨᠢ ᠬᠦᠷᠬᠦ ᠳᠤ ᠬᠤᠸᠠᠩ | ᠣᠶᠣᠩᠭᠤᠸ᠎ᠠ ᠠᠯᠠᠭ᠎ᠠ᠂ ᠣᠳᠠᠰᠣ ᠶᠢ ᠨᠢ ᠵᠠᠯᠭᠠᠬᠤ ᠳᠤ ᠬᠤᠪᠴᠠᠰᠣᠨ ᠡᠯᠬᠦᠬᠦᠷ ᠲᠤ ᠲᠡᠭᠦᠵᠢᠯᠡᠭᠳᠡᠭᠡ ᠵᠢᠵᠢᠭ | ᠪᠣᠭᠴᠣ ᠠᠴᠠ ᠭᠠᠷ ᠣᠳᠠᠰᠣᠨ ᠤ ᠲᠣᠬᠢᠶ᠎ᠠ ᠬᠦᠯᠢᠶᠡᠭᠰᠡᠨ ᠲᠠᠭᠤ ᠬᠠᠩᠬᠢᠨᠠᠨ᠎ᠠ ᠪᠢᠯᠡ᠃ | — ᠲᠡᠷᠡ ᠪᠠᠰᠠ ᠯᠡ ᠣᠳᠠᠰᠣ ᠪᠠᠨ ᠣᠷᠬᠢᠭᠠᠳ ᠡᠪᠡᠳᠴᠢᠳᠡᠨ ᠤ ᠦᠷᠦᠬᠡ ᠶᠢ ᠪᠠᠶᠢᠴᠠᠭᠠᠬᠤ ᠪᠠᠷ | ᠶᠠᠪᠣᠴᠢᠬᠠᠵᠠᠢ ᠬᠡᠵᠦ ᠰᠣ᠋ ᠭᠤᠸᠠᠩ ᠾᠦᠢ ᠶᠠᠷᠢᠭᠰᠠᠨ ᠢᠶᠠᠨ᠄ ︽ᠲᠠ ᠨᠠᠷ ᠠᠳᠡ ᠵᠢᠭᠠᠬᠠᠨ ᠬᠦᠯᠢᠶᠡᠵᠦ ᠪᠠᠶᠢᠭᠠᠷᠠᠢ᠂ | ᠪᠢ ᠲᠡᠬᠦᠨ ᠢ ᠲᠠᠭᠤᠳᠠᠭᠠᠳ ᠢᠷᠡᠶ᠎ᠡ︾ ᠬᠡᠪᠡ᠃ | — ᠲᠡᠬᠡᠵᠦ ᠶᠠᠷᠰᠢᠭᠯᠠᠬᠤ ᠶᠢᠨ ᠣᠷᠣᠨ ᠳᠤ ᠴᠢᠮ᠎ᠠ ᠶᠢ ᠲᠠᠭᠠᠭᠠᠳ ᠣᠴᠢᠴᠢᠬᠠᠶᠠ ᠬᠡᠵᠦ ᠪᠢ ᠬᠠᠰᠢᠷ | ᠲᠣᠷᠰᠢᠯᠭ᠎ᠠ ᠲᠠᠢ ᠰᠣᠷᠪᠣᠯᠵᠢᠯᠠᠭᠴᠢ ᠶᠢᠨ ᠪᠠᠶᠢᠷᠢ ᠲᠠᠢ ᠶᠠᠷᠢᠬᠤ ᠪᠠᠷ ᠬᠤᠷᠢᠶᠠᠨ ᠲᠠᠷᠤᠭ᠎ᠠ ᠯᠢᠦ ᠬᠠᠢ ᠴᠢᠣᠸᠠᠨ᠄ ︽ | ᠪᠣᠯᠤᠯ ᠦᠬᠡᠢ ᠳ᠋ᠡ᠂ ᠪᠣᠯᠣᠯᠬᠦᠢ᠃ ᠰᠣ᠋ ᠡᠷᠬᠢᠯᠡᠭᠴᠢ ᠲᠠ ᠰᠣᠷᠪᠣᠯᠵᠢᠯᠠᠭᠴᠢ ᠶᠢ ᠲᠠᠭᠠᠭᠤᠯᠣᠭᠠᠳ ᠶᠠᠪᠣᠭᠠᠴᠢ︾ | ᠬᠡᠮᠡᠨ ᠪᠠᠷᠢᠨ ᠲᠣᠯᠭᠠᠴᠢᠬᠠᠪᠠ᠃ ᠪᠢᠳᠡ ᠡᠪᠡᠳᠴᠢᠳᠡᠨ ᠤ ᠰᠠᠭᠤᠭ᠎ᠠ ᠠᠰᠠᠷ ᠲᠤ ᠬᠦᠷᠴᠦ ᠲᠠᠪᠬᠤᠷᠯᠢᠭ ᠪᠣᠯᠭᠠᠨ | ᠢᠶᠠᠷ ᠰᠣᠷᠠᠵᠣ ᠶᠠᠪᠣᠭᠰᠠᠭᠠᠷ ᠠᠷᠠᠢ ᠬᠡᠵᠦ ᠪᠠᠴᠢᠮ ᠠᠪᠣᠷᠠᠯᠳᠠ ᠶᠢᠨ ᠰᠠᠯᠠᠭ᠎ᠠ ᠶᠢᠨ ᠰᠣᠪᠢᠯᠠᠭᠴᠢᠳ ᠤᠨ ᠲᠠᠷᠤᠭ᠎ᠠ | ᠬᠤᠸᠠᠩ ᠣᠶᠠᠩᠭᠤᠸᠠ ᠲᠠᠢ ᠠᠭᠤᠯᠵᠠᠵᠠᠢ᠃ ᠲᠡᠷᠡ ᠨᠢᠬᠡ ᠰᠣᠪᠢᠯᠠᠭᠴᠢ ᠪᠠ ᠨᠢᠬᠡ ᠲᠠᠳᠣᠯᠭ᠎ᠠ ᠶᠢᠨ ᠰᠣᠷᠣᠭᠴᠢ | ᠲᠠᠭᠠᠭᠤᠯᠵᠣ ᠪᠠᠴᠢᠮ ᠠᠪᠣᠷᠠᠯᠳᠠ ᠶᠢᠨ ᠰᠠᠯᠠᠭᠠᠨ ᠤ ᠡᠪᠡᠳᠴᠢᠳᠡᠨ ᠤ ᠦᠷᠦᠬᠡ ᠪᠦᠷᠢ ᠪᠠᠷ ᠣᠷᠣᠵᠣ ᠡᠪᠡᠳᠴᠢᠳᠡᠨ | ᠤ ᠡᠪᠡᠳᠴᠢᠨ ᠤ ᠪᠠᠶᠢᠳᠠᠯ ᠢ ᠨᠠᠷᠢᠯᠢᠭ ᠠᠰᠠᠭᠤᠨ ᠨᠢᠭᠳᠠ ᠲᠡᠮᠳᠡᠭᠯᠡᠵᠦ ᠪᠠᠶᠢᠯ᠎ᠠ᠃ ᠡᠨᠡ ᠨᠢ ᠦᠷᠯᠦᠬᠡ ᠶᠢᠨ | ᠪᠠᠶᠢᠴᠠᠭᠠᠯᠳᠠ ᠶᠣᠮ ᠬᠡᠨ᠎ᠡ᠂ ᠣᠷᠣᠢ ᠡᠪᠡᠳᠴᠢᠳᠡᠨ ᠣᠨᠳᠠᠵᠣ ᠠᠮᠠᠷᠠᠬᠤ ᠠᠴᠠ ᠡᠮᠦᠨ᠎ᠡ ᠪᠠᠰᠠ ᠨᠢᠬᠡ ᠣᠳᠠᠭ᠎ᠠ | ᠠᠰᠠᠭᠤᠵᠣ ᠲᠡᠮᠳᠡᠭᠯᠡᠳᠡᠭ ᠬᠡᠨ᠎ᠡ᠃ ᠡᠨᠡ ᠪᠣᠯ ᠬᠤᠸᠠᠩ ᠣᠶᠣᠩᠭᠤᠸ᠎ᠠ ᠶᠢᠨ ᠡᠳᠦᠷ ᠪᠦᠷᠢ ᠶᠢᠨ ᠪᠠᠷᠢᠮᠳᠠᠯᠠᠳᠠᠭ | ᠠᠵᠢᠯ ᠤᠨ ᠵᠣᠷᠰᠢᠯ ᠤᠨ ᠨᠢᠬᠡ ᠨᠢ ᠲᠡᠳᠦᠢ᠃ | ᠪᠢ ᠬᠤᠸᠠᠩ ᠣᠶᠣᠩᠭᠤᠸ᠎ᠠ ᠲᠠᠢ ᠠᠩᠬ᠎ᠠ ᠢᠩᠬᠢᠵᠦ ᠲᠠᠨᠢᠯᠴᠠᠭᠰᠠᠨ ᠶᠣᠮ᠃ ᠲᠡᠷᠡ ᠡᠭᠡᠯ ᠳᠠᠷᠤᠤᠬᠠᠨ ᠠᠳᠠᠯ᠎ᠠ | ᠦᠬᠡᠳᠡᠷᠬᠡᠭ ᠪᠠᠶᠠᠰᠣᠩᠭᠤᠢ᠂ ᠲᠣᠬᠠᠶᠢᠯᠠᠭᠰᠠᠨ ᠠᠵᠢᠯ ᠮᠡᠷᠬᠡᠰᠢᠯ ᠳᠤ ᠪᠠᠨ ᠪᠣᠯᠪᠠᠰᠣᠷᠠᠵᠣ ᠴᠠᠭᠠᠷᠠᠭᠰᠠᠨ᠂ ᠭᠤᠴᠢ | ᠡᠷᠬᠢᠮᠡ ᠨᠠᠰᠣᠨ ᠤ ᠴᠡᠮᠴᠡᠬᠡᠷ ᠭᠤᠪᠠᠢ ᠮᠣᠩᠭᠤᠯ ᠪᠦᠰᠡᠬᠦᠢ᠃ 1989 ᠣᠨ ᠳᠤ ᠬᠤᠷᠴᠢᠨ ᠪᠠᠷᠠᠭᠤᠨ ᠭᠠᠷᠣᠨ | ᠲᠣᠮᠳᠠᠳᠣ ᠬᠤᠰᠢᠭᠤᠨ ᠤ ᠲᠠᠶᠢᠴᠢᠨᠳᠠᠯ᠎ᠠ ᠰᠣᠮᠣ ᠶᠢᠨ ᠮᠠᠩᠯᠠᠢ ᠭᠠᠴᠠᠭ᠎ᠠ ᠶᠢᠨ ᠬᠦᠪᠡᠭᠡ ᠶᠢᠨ ᠠᠶᠢᠯ ᠳᠤ ᠲᠦᠷᠦᠵᠦ | ᠦᠰᠴᠡᠢ᠃ ᠬᠢᠩᠭᠠᠨ ᠠᠶᠢᠮᠠᠭ ᠤᠨ ᠠᠵᠢᠯ ᠮᠡᠷᠬᠡᠵᠢᠯ ᠤᠨ ᠰᠣᠷᠭᠠᠭᠤᠯᠢ ᠠᠴᠠ ᠰᠣᠪᠢᠯᠠᠭᠴᠢ ᠶᠢᠨ ᠲᠣᠰᠬᠠᠢ | ᠮᠡᠷᠬᠡᠵᠢᠯ ᠢᠶᠠᠷ ᠲᠡᠬᠦᠰᠴᠤ᠂ 2010 ᠣᠨ ᠳᠤ ᠬᠤᠷᠴᠢᠨ ᠪᠠᠷᠠᠭᠤᠨ ᠭᠠᠷᠣᠨ ᠲᠣᠮᠳᠠᠳᠣ ᠬᠤᠰᠢᠭᠤᠨ ᠤ ᠠᠷᠠᠳ | ᠤᠨ ᠡᠮᠨᠡᠯᠬᠡ ᠶᠢᠨ ᠬᠤᠷᠢᠶᠠᠨ ᠳᠤ ᠠᠵᠢᠯ ᠤᠨ ᠭᠠᠷᠤᠭ᠎ᠠ ᠪᠠᠨ ᠠᠪᠣᠪᠠ᠃ 2019 ᠣᠨ ᠳᠤ ᠬᠢᠩᠭᠠᠨ ᠠᠶᠢᠮᠠᠭ ᠤᠨ | ᠡᠷᠡᠬᠦᠯ ᠬᠠᠮᠠᠭᠠᠯᠠᠯ ᠤᠨ ᠰᠢᠰᠲ᠋ᠧᠮ ᠠᠴᠠ ᠵᠣᠬᠢᠶᠠᠨ ᠪᠠᠶᠢᠭᠤᠯᠵᠣ ᠶᠠᠪᠣᠭᠳᠠᠭᠤᠯᠣᠭᠰᠠᠨ ︽ᠭᠠᠶᠢᠶᠠ ᠬᠢᠩᠭᠠᠨ ᠲᠠᠬᠢᠨᠢ | ᠬᠤᠨᠳᠠᠭᠠᠳᠣ︾ ᠬᠢᠵᠢᠭ ᠠᠴᠠ ᠰᠡᠷᠬᠡᠶᠢᠯᠡᠨ ᠬᠠᠮᠠᠭᠠᠯᠠᠵᠣ ᠲᠣᠰᠬᠠᠷᠯᠠᠬᠤ ᠬᠤᠪᠴᠠᠰᠣ ᠶᠢ ᠬᠡᠷᠬᠢᠨ ᠬᠡᠷᠡᠭᠯᠡᠬᠦ ᠭᠤᠷᠪᠠᠨ | ᠲᠡᠰ ᠤᠨ ᠰᠡᠷᠬᠡᠶᠢᠯᠡᠨ ᠬᠠᠮᠠᠭᠠᠯᠠᠬᠤ ᠣᠷ᠎ᠠ ᠴᠢᠳᠠᠪᠣᠷᠢ ᠶᠢᠨ ᠣᠷᠣᠯᠳᠣᠭᠠᠨ ᠳᠤ ᠪᠠᠶᠢᠭᠤᠯᠭ᠎ᠠ ᠨᠢᠬᠡᠴᠢ ᠪᠠᠨ | ᠲᠦᠯᠦᠬᠡᠯᠡᠨ ᠣᠷᠣᠯᠴᠠᠭᠠᠳ ᠰᠢᠯᠢᠳᠡᠭ ᠱᠠᠩᠨᠠᠯ ᠢᠶᠠᠷ ᠡᠩᠬᠡᠷ ᠢᠶᠠᠨ ᠮᠢᠯᠢᠶᠡᠯᠭᠠᠪᠠ᠃ 2019 ᠣᠨ ᠤ ᠡᠪᠦᠯ᠂ | ᠰᠢᠯᠢ ᠶᠢᠨ ᠭᠤᠣᠯ ᠳᠤ ᠬᠤᠯᠣᠭᠠᠨ᠎ᠠ ᠶᠢᠨ ᠬᠢᠵᠢᠭ ᠶᠡᠭᠡ ᠪᠠᠷ ᠲᠡᠯᠬᠡᠷᠡᠭᠰᠡᠨ ᠦᠶ᠎ᠡ ᠳᠤ᠂ 40 ᠭᠷᠡᠳᠦ᠋ᠰ ᠪᠣᠯᠳᠠᠯ᠎ᠠ | ᠬᠠᠯᠠᠭᠤᠷᠠᠭᠰᠠᠨ ᠰᠡᠵᠢᠭᠯᠡᠯᠳᠡᠢ ᠡᠪᠡᠪᠴᠢᠳᠡᠨ ᠤ ᠵᠢᠱᠢᠶ᠎ᠡ ᠢᠯᠡᠷᠡᠭᠰᠡᠨ ᠳᠤ ᠲᠡᠷᠡ ᠬᠠᠮᠳᠣ ᠠᠵᠢᠯᠯᠠᠭᠴᠢ ᠲᠠᠢ | ᠬᠤᠶᠠᠭᠤᠯᠠ ᠪᠠᠨ ᠲᠣᠰ ᠡᠪᠡᠳᠴᠢᠳᠡᠨ ᠢ 9 ᠴᠠᠭ ᠭᠠᠷᠣᠢ ᠲᠤᠰᠠᠭᠠᠷᠯᠠᠨ ᠪᠠᠶᠢᠴᠠᠭᠠᠭᠠᠳ᠂ ᠴᠢᠰᠣᠨ ᠤ | ᠪᠠᠶᠢᠴᠠᠭᠠᠯᠳᠠ ᠶᠢᠨ ᠦᠯᠢᠬᠡᠷ ᠬᠡᠪ ᠢᠶᠠᠷ ᠨᠢ ᠲᠣᠰ ᠡᠪᠡᠪᠴᠢᠳᠡᠨ ᠬᠤᠯᠣᠭᠠᠨ᠎ᠠ ᠶᠢᠨ ᠬᠢᠵᠢᠭ ᠲᠤ ᠨᠡᠷᠪᠡᠭᠳᠡᠭᠰᠡᠨ | ᠦᠬᠡᠢ᠂ ᠬᠢᠮᠣᠷᠠᠭ᠎ᠠ ᠶᠢᠨ ᠬᠠᠯᠠᠭᠤᠷᠠᠯ ᠬᠡᠵᠦ ᠲᠣᠳᠣᠯᠠᠭᠠᠳ ᠡᠬᠦᠷᠭᠡ ᠪᠠᠨ ᠠᠮᠵᠢᠯᠳᠠ ᠲᠠᠢ ᠪᠡᠶᠡᠯᠡᠬᠦᠯᠪᠠ ᠁ | ᠡᠨᠡ ᠪᠣᠯ ᠲᠠᠷᠣᠢ ᠨᠠᠰᠣ ᠵᠠᠯᠠᠭᠤ ᠪᠣᠯᠪᠠᠴᠣ ᠲᠣᠷᠰᠢᠯᠭ᠎ᠠ ᠦᠯᠡᠮᠵᠢ ᠰᠣᠪᠢᠯᠠᠭᠴᠢ ᠬᠤᠸᠠᠩ ᠣᠶᠣᠩᠭᠤᠸ᠎ᠠ ᠪᠣᠯᠣᠨ᠎ᠠ᠃ | ᠪᠢ ᠬᠤᠸᠠᠩ ᠣᠶᠣᠩᠭᠤᠸ᠎ᠠ ᠶᠢᠨ ᠲᠣᠬᠠᠢ ᠠᠩᠬᠠᠨ ᠤ ᠰᠣᠷᠪᠣᠯᠵᠢᠯᠠᠭ᠎ᠠ ᠪᠠᠨ ᠠᠪᠣᠭᠠᠳ ᠬᠤᠰᠢᠭᠤᠨ ᠤ ᠠᠷᠠᠳ | ᠤᠨ ᠡᠮᠨᠡᠯᠬᠡ ᠶᠢᠨ ᠬᠤᠷᠢᠶ᠎ᠠ ᠠᠴᠠ ᠭᠠᠷᠴᠣ ᠢᠷᠡᠬᠦ ᠳᠤ ᠡᠪᠡᠳᠴᠢᠳᠡᠨ ᠤ ᠠᠰᠠᠷ ᠨᠠᠮ ᠵᠢᠮ᠂ ᠭᠠᠳᠠᠨ᠎ᠠ ᠪᠣᠷᠣᠭᠠᠨ | ᠰᠢᠪᠡᠷᠡᠭᠰᠡᠭᠡᠷ ᠪᠠᠶᠢᠯ᠎ᠠ ᠁ | | ᠬᠦᠮᠦᠯᠢᠭ ᠠᠷᠠᠨᠰᠢᠨ ᠤ ᠬᠡᠷᠡᠯ ᠬᠢᠯᠪᠠᠭ᠎ᠠ ᠬᠦᠴᠢᠷ ᠲᠦᠪᠡᠭ ᠤᠨ ᠡᠮᠦᠨ᠎ᠡ ᠨᠡᠩ ᠶᠡᠭᠡ ᠰᠠᠴᠣᠷᠠᠠᠳᠠᠭ | | | 2020 ᠣᠨ ᠤ ᠴᠠᠭᠠᠨ ᠰᠠᠷ᠎ᠠ ᠪᠣᠯ ᠣᠷᠢᠳ ᠡᠮᠦᠨ᠎ᠡ ᠭᠠᠷᠤᠭ᠎ᠠ ᠦᠬᠡᠢ ᠣᠨᠴᠠᠭᠠᠢ ᠨᠢᠬᠡᠨ ᠡᠬᠢᠯᠡᠯᠳᠡ᠃ ᠰᠢᠨ᠎ᠡ | ᠵᠢᠯ ᠢ ᠣᠭᠳᠣᠮᠠᠷ ᠯᠡ ᠪᠣᠯᠴᠢᠬᠠᠭᠰᠠᠨ ᠨᠢᠬᠡ ᠯᠡ ᠰᠦᠨᠢ ᠶᠢᠨ ᠬᠤᠭᠤᠷᠣᠨᠳᠣ ᠦᠬᠠᠨ ᠬᠤᠳᠠ ᠲᠦᠭᠰᠢᠬᠦᠷᠢ ᠶᠢᠨ | ᠲᠠᠯᠠᠢ ᠳᠤ ᠵᠢᠪᠴᠢᠬᠡᠨᠡ ᠬᠡᠵᠦ ᠬᠡᠨ ᠴᠦ ᠵᠡᠬᠦᠳᠦᠯᠡᠭᠡ ᠦᠬᠡᠢ᠃ ᠬᠡᠳᠡᠯ᠎ᠡ ᠠᠶᠣᠯ ᠡᠮᠢᠶᠡᠯ ᠬᠠᠰᠢ ᠯᠡ ᠢᠷᠡᠬᠦ ᠪᠠᠷ | ᠢᠶᠠᠨ ᠢᠷᠡᠵᠡᠢ᠂ ᠡᠨᠡ ᠬᠦ ᠲᠣᠮᠳᠠᠳᠣ ᠣᠯᠣᠰ ᠤᠨ ᠣᠰᠣ ᠬᠠᠭᠤᠷᠠᠢ ᠠᠭᠠᠷ ᠤᠨ ᠵᠠᠮ ᠤᠨ ᠭᠤᠣᠯ ᠬᠦᠢᠰᠦ ᠶᠢᠨ | ᠨᠢᠬᠡ ᠪᠣᠯᠣᠭᠰᠠᠨ᠂ ᠮᠢᠩᠭ᠎ᠠ ᠲᠦᠷᠪᠡᠨ ᠵᠠᠭᠤ ᠰᠢᠬᠠᠮ ᠲᠦᠮᠡᠨ ᠬᠦᠮᠦᠨ ᠠᠮᠠ ᠲᠠᠢ ᠠᠵᠣ ᠠᠬᠤᠢ ᠶᠢᠨ ᠲᠣᠮᠣ | ᠬᠤᠳᠠ ᠬᠢᠵᠢᠭ ᠤᠨ ᠸᠢᠷᠦ᠋ᠰ ᠤᠨ ᠰᠢᠷᠦᠬᠦᠨ ᠲᠠᠭᠠᠷᠢᠯᠳᠠ ᠳᠤ ᠶᠠᠭᠠᠬᠢᠬᠤ ᠶᠢᠨ ᠠᠷᠭ᠎ᠠ ᠦᠬᠡᠢ ᠲᠣᠯᠭᠠᠷᠠᠴᠢᠬᠠᠭᠰᠠᠨ | ᠠᠵᠢ᠃ ᠰᠢᠨ᠎ᠡ ᠬᠡᠯᠪᠡᠷᠢ ᠶᠢᠨ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠦᠬᠠᠨ ᠬᠤᠳᠠ ᠶᠢᠨ ᠵᠡᠬᠡᠯᠢ | ᠪᠦᠬᠦᠨ ᠢᠶᠠᠷ ᠬᠡᠰᠦᠬᠦᠴᠢᠯᠡᠵᠦ᠂ ᠠᠰᠠᠷ ᠪᠣᠯᠭᠠᠨ ᠢᠶᠠᠷ ᠦᠩᠬᠡᠶᠢᠯᠴᠡᠵᠦ᠂ ᠡᠷᠦᠬᠡ ᠪᠣᠯᠭᠠᠨ ᠢᠶᠠᠷ ᠲᠠᠭᠠᠷᠢᠵᠣ ᠪᠠᠶᠢᠯ᠎ᠠ᠃ | ᠬᠢᠵᠢᠭ ᠤᠨ ᠲᠠᠷᠬᠠᠬᠤ ᠬᠤᠷᠳᠣᠴᠠ ᠰᠠᠨᠠᠭᠠᠨ ᠠᠴᠠ ᠭᠠᠳᠠᠭᠤᠷ ᠬᠤᠷᠳᠣᠨ᠂ ᠲᠠᠷᠢᠬᠤ ᠬᠤᠣᠷ ᠨᠢ | ᠲᠠᠭᠠᠭᠠᠮᠠᠭᠯᠠᠭᠰᠠᠨ ᠠᠴᠠ ᠴᠠᠭᠠᠰᠢ ᠠᠶᠣᠮᠠᠷ᠂ ᠴᠠᠭ ᠲᠣᠬᠠᠢ ᠳᠤ ᠨᠢ ᠰᠡᠷᠬᠡᠶᠢᠯᠡᠨ ᠵᠠᠰᠠᠵᠣ ᠠᠮᠵᠢᠬᠤ ᠦᠬᠡᠢ ᠪᠣᠯ | ᠬᠡᠳᠦᠬᠡᠨ ᠡᠳᠦᠷ ᠤᠨ ᠬᠤᠭᠤᠷᠣᠨᠳᠣ ᠠᠮᠢ ᠨᠠᠰᠣ ᠪᠠᠨ ᠴᠦ ᠠᠯᠳᠠᠨ᠎ᠠ᠃ | ᠠᠷᠠᠢ ᠪᠢᠳᠡᠬᠦᠯᠡᠵᠦ ᠪᠠᠷᠠᠮᠠᠭᠴᠠ ᠬᠢᠵᠢᠭ ᠲᠤ ᠲᠠᠭᠠᠷᠢᠭᠳᠠᠭᠰᠠᠨ ᠡᠪᠡᠳᠴᠢᠳᠡᠨ ᠪᠠ ᠬᠤᠰᠢᠭᠤᠴᠢᠯᠠᠨ ᠪᠠᠶᠢᠯᠳᠤᠭᠠ | ᠡᠮᠴᠢ ᠰᠣᠪᠢᠯᠠᠭᠴᠢᠳ ᠠᠴᠠ ᠪᠣᠰᠣᠳ ᠠᠶᠢᠯ ᠬᠤᠳᠠ ᠪᠦᠬᠦᠨ ᠬᠠᠭᠠᠯᠭ᠎ᠠ ᠡᠬᠦᠳᠡ ᠪᠠᠨ ᠲᠦᠭᠵᠢᠵᠦ᠂ ᠬᠦᠮᠦᠨ ᠵᠣᠨ | ᠪᠦᠬᠦᠨ ᠬᠦᠯ ᠭᠠᠷ ᠢᠶᠠᠨ ᠬᠤᠷᠢᠶᠠᠵᠠᠢ᠃ ᠴᠠᠭᠠᠨ ᠰᠠᠷ᠎ᠠ ᠶᠢᠨ ᠰᠢᠨ᠎ᠡ ᠶᠢᠨ ᠨᠢᠬᠡᠨ ᠠᠴᠠ ᠨᠠᠭᠠᠰᠢ ᠬᠤᠷᠴᠢᠨ | ᠪᠠᠷᠠᠭᠤᠨ ᠭᠠᠷᠣᠨ ᠲᠣᠮᠳᠠᠳᠣ ᠬᠤᠰᠢᠭᠤᠨ ᠳᠤ ᠦᠬᠠᠨ ᠠᠴᠠ ᠪᠣᠴᠠᠵᠣ ᠢᠷᠡᠭᠰᠡᠨ ᠬᠦᠮᠦᠨ ᠤ ᠲᠤᠭ᠎ᠠ ᠨᠢᠬᠡᠨᠳᠡ | 200 ᠶᠢ ᠬᠡᠳᠦᠷᠡᠴᠢᠬᠡᠭᠰᠡᠨ ᠪᠠᠶᠢᠵᠠᠢ᠃ ᠬᠤᠰᠢᠭᠤᠨ ᠤ ᠠᠷᠠᠳ ᠤᠨ ᠡᠮᠨᠡᠯᠬᠡ ᠶᠢᠨ ᠬᠤᠷᠢᠶ᠎ᠠ ᠡᠨᠡ ᠬᠦ ᠪᠠᠶᠢᠳᠠᠯ | ᠳᠤ ᠴᠢᠭᠯᠡᠬᠦᠯᠦᠨ ᠬᠢᠵᠢᠭ ᠡᠪᠡᠳᠴᠢᠨ ᠢ ᠴᠠᠭ ᠲᠣᠬᠠᠢ ᠳᠤ ᠨᠢ ᠡᠵᠡᠮᠳᠡᠬᠦ ᠪᠠᠷ ᠬᠠᠯᠠᠭᠤᠷᠠᠯ ᠢ ᠵᠠᠰᠠᠬᠤ ᠡᠬᠦᠳᠡᠨ | ᠡᠮᠨᠡᠯᠬᠡ ᠳᠤ ᠪᠠᠨ ᠡᠮᠴᠢ ᠰᠣᠪᠢᠯᠠᠭᠴᠢ ᠪᠠᠨ ᠲᠠᠪᠣᠨ ᠲᠣᠭᠤᠶᠢᠯᠠᠩ ᠬᠤᠪᠢᠶᠠᠨ ᠠᠵᠢᠯᠯᠠᠭᠤᠯᠵᠣ ᠪᠠᠶᠢᠯ᠎ᠠ᠃ ᠬᠤᠸᠠᠩ | ᠣᠶᠣᠩᠭᠤᠸ᠎ᠠ ᠪᠢᠳᠡᠬᠦᠨ ᠤ ᠡᠳᠦᠷ ᠠᠴᠠ ᠪᠦᠬᠦᠯᠢ 48 ᠴᠠᠭ ᠵᠢᠵᠢᠬᠦᠷᠯᠡᠬᠡᠳ ᠠᠷᠠᠢ ᠬᠡᠵᠦ ᠬᠡᠷ ᠲᠤ ᠪᠠᠨ ᠬᠠᠷᠢᠬᠤ | ᠬᠡᠵᠦ ᠪᠠᠶᠢᠳᠠᠯ᠎ᠠ ᠲᠡᠳᠡᠨ ᠤ ᠲᠣᠭᠤᠶᠢᠯᠠᠩ ᠳᠤ ᠪᠠᠭᠤᠯᠭᠠᠭᠰᠠᠨ ᠪᠠᠴᠢᠮ ᠮᠡᠳᠡᠭᠳᠡᠯ ᠢ ᠲᠣᠰᠴᠣ ᠦᠷᠬᠦᠯᠵᠢᠯᠡᠨ | ᠠᠵᠢᠯᠯᠠᠭᠰᠠᠨ ᠶᠣᠮ᠃ ᠲᠡᠬᠦᠨ ᠤ ᠡᠬᠦᠷᠬᠡ ᠪᠣᠯ ᠲᠠᠷᠣᠢ ᠬᠠᠮᠳᠣ ᠠᠵᠢᠯᠯᠠᠭᠰᠠᠳ ᠲᠠᠢ ᠪᠠᠨ ᠦᠬᠠᠨ ᠬᠤᠳᠠ ᠠᠴᠠ | ᠨᠣᠳᠤᠭ ᠲᠤ ᠪᠠᠨ ᠪᠣᠴᠠᠭᠰᠠᠨ ᠬᠦᠮᠦᠰ ᠲᠤ ᠪᠦᠬᠡᠮ ᠬᠦᠴᠢᠯ ᠤᠨ ᠪᠠᠶᠢᠴᠠᠭᠠᠯᠳᠠ ᠬᠢᠵᠦ ᠬᠢᠵᠢᠭ ᠤᠨ ᠪᠠᠶᠢᠳᠠᠯ ᠢ | ᠲᠣᠳᠤᠯᠠᠨᠠ᠃ ᠬᠡᠷ ᠲᠤ ᠪᠠᠨ ᠬᠠᠷᠢᠵᠣ ᠰᠢᠨᠡᠯᠡᠬᠦ ᠰᠠᠶᠢᠬᠠᠨ ᠪᠣᠳᠣᠯ ᠨᠢ ᠠᠭᠰᠠᠨ ᠵᠠᠭᠤᠷ᠎ᠠ ᠵᠠᠮᠬᠠᠷᠠᠴᠢᠬᠠᠪᠠ᠃ | 2 ᠳ᠋ᠤᠭᠠᠷ ᠰᠠᠷ᠎ᠠ ᠶᠢᠨ 4 ᠤ ᠡᠳᠦᠷ᠂ ᠴᠠᠭᠠᠨ ᠰᠠᠷ᠎ᠠ ᠶᠢᠨ ᠠᠷᠪᠠᠨ ᠰᠢᠨ᠎ᠡ᠂ 7 ᠴᠠᠭ 13 ᠮᠢᠨᠦ᠋ᠲ ᠲᠤ ᠃ | ᠰᠦᠨᠢ ᠶᠢᠨ ᠡᠬᠡᠯᠵᠢ ᠪᠠᠷ ᠠᠵᠢᠯᠯᠠᠵᠣ ᠪᠠᠶᠢᠭᠰᠠᠨ ᠬᠤᠸᠠᠩ ᠣᠶᠣᠩᠭᠤᠸ᠎ᠠ ᠭᠠᠷ ᠴᠠᠭ ᠢᠶᠠᠨ ᠰᠢᠷᠪᠢᠭᠰᠡᠨ ᠢᠶᠠᠨ | ᠴᠣᠩᠬᠤ ᠪᠠᠷ ᠭᠠᠳᠠᠭᠰᠢ ᠬᠠᠷᠠᠬᠤ ᠳᠤ ᠨᠡᠳᠦᠶᠢᠭᠰᠡᠨ ᠲᠡᠭᠷᠢ ᠠᠴᠠ ᠬᠠᠶᠠᠯᠠᠬᠤ ᠴᠠᠰᠣ ᠰᠠᠯᠬᠢ ᠲᠠᠭᠠᠨ ᠬᠤᠶᠢᠯᠠᠷᠠᠵᠣ | ᠪᠠᠶᠢᠯ᠎ᠠ᠃ ᠡᠨᠡ ᠦᠶ᠎ᠡ ᠪᠠᠷ ᠶᠡᠷᠦ ᠳᠤ ᠪᠠᠨ ᠨᠠᠮ ᠵᠢᠮ ᠪᠠᠶᠢᠳᠠᠭ ᠠᠰᠠᠷ ᠤᠨ ᠬᠤᠩᠬᠢᠯ ᠢᠶᠠᠷ ᠣᠯᠠᠨ ᠬᠦᠮᠦᠨ ᠤ | ᠶᠠᠭᠠᠷᠠᠯᠳᠣᠨ ᠠᠯᠬᠤᠬᠤ ᠬᠦᠯ ᠤᠨ ᠴᠢᠮᠡᠭᠡ ᠲᠣᠭᠤᠯᠳᠠᠨ᠎ᠠ᠃ ᠪᠠᠰᠠ ᠯᠡ ᠠᠯᠢ ᠨᠢᠬᠡ ᠨᠢ ᠬᠦᠨᠳᠦ ᠡᠪᠡᠳᠴᠢᠨ | ᠲᠣᠰᠴᠣ ᠪᠠᠴᠢᠮ ᠠᠪᠣᠷᠠᠯᠳᠠ ᠪᠠᠷ ᠡᠮᠨᠡᠯᠬᠡ ᠶᠢᠨ ᠬᠤᠷᠢᠶᠠᠨ ᠳᠤ ᠢᠷᠡᠭᠰᠡᠨ ᠪᠠᠶᠢᠯᠬᠦᠢ ᠬᠡᠵᠦ ᠪᠣᠳᠣᠭᠰᠠᠨ ᠬᠤᠸᠠᠩ | ᠣᠶᠣᠩᠭᠤᠸ᠎ᠠ ᠲᠣᠰᠣᠨ ᠭᠠᠷᠬᠤ ᠳᠤ ᠡᠮᠴᠢ ᠰᠣᠪᠢᠯᠠᠭᠴᠢᠳ ᠬᠤᠷᠢᠶᠠᠨ ᠲᠠᠷᠤᠭ᠎ᠠ ᠶᠢᠨ ᠠᠯᠪᠠᠨ ᠬᠡᠷ ᠣᠷᠣᠭᠤ | ᠶᠠᠭᠠᠷᠠᠪᠴᠢᠯᠠᠨ ᠴᠢᠭᠯᠡᠵᠡᠬᠡᠵᠦ ᠪᠠᠶᠢᠯ᠎ᠠ᠃ ᠣᠣᠯ ᠨᠢ ᠬᠤᠰᠢᠭᠤᠨ ᠤ ᠠᠷᠠᠳ ᠤᠨ ᠡᠮᠨᠡᠯᠬᠡ ᠶᠢᠨ ᠬᠤᠷᠢᠶ᠎ᠠ ᠦᠬᠠᠨ ᠢ | ᠲᠣᠰᠠᠯᠠᠷᠠ ᠣᠴᠢᠬᠤ ᠰᠠᠶᠢᠨ ᠲᠣᠷ᠎ᠠ ᠶᠢᠨ ᠰᠣᠪᠢᠯᠠᠭᠴᠢ ᠡᠯᠰᠡᠬᠦ ᠪᠠᠴᠢᠮ ᠮᠡᠳᠡᠭᠳᠡᠯ ᠲᠣᠰᠣᠮᠠᠭᠴᠠ ᠰᠦᠨᠢ ᠶᠢᠨ | ᠡᠬᠡᠯᠵᠢ ᠪᠠᠷ ᠵᠢᠵᠢᠬᠦᠷᠯᠡᠵᠦ ᠪᠠᠶᠢᠭᠰᠠᠨ ᠡᠮᠴᠢ ᠰᠣᠪᠢᠯᠠᠭᠴᠢᠳ ᠲᠤ ᠵᠠᠬ᠎ᠠ ᠲᠠᠷᠠᠭᠠᠯᠠᠨ ᠴᠢᠮᠡᠭᠡ ᠬᠦᠷᠬᠡᠵᠦ ᠪᠠᠶᠢᠭᠰᠠᠨ | ᠠᠵᠢ᠃ ᠲᠡᠷᠡ ᠡᠨᠡ ᠬᠦ ᠴᠢᠮᠡᠭᠡ ᠶᠢ ᠰᠣᠨᠣᠰᠮᠠᠭᠴᠠ ᠪᠣᠰᠣᠳ ᠡᠮᠴᠢ ᠰᠣᠪᠢᠯᠠᠭᠴᠢᠳ ᠤᠨ ᠠᠷᠣ ᠠᠴᠠ ᠲᠠᠭᠠᠭᠠᠳ | ᠠᠯᠬᠤᠴᠢᠬᠠᠪᠠ᠃ | ᠪᠠᠴᠢᠮ ᠮᠡᠳᠡᠭᠳᠡᠯ ᠢ ᠣᠯᠠᠮᠵᠢᠯᠠᠭᠰᠠᠨ ᠬᠠᠭᠠᠰᠬᠠᠨ ᠴᠠᠭ ᠤᠨ ᠬᠤᠭᠤᠷᠣᠨᠳᠣ ᠨᠡᠷ᠎ᠡ ᠮᠡᠳᠡᠬᠦᠯᠦᠭᠰᠡᠨ ᠡᠮᠴᠢ | ᠰᠣᠪᠢᠯᠠᠭᠴᠢᠳ ᠤᠨ ᠲᠤᠭ᠎ᠠ 120 ᠶᠢ ᠲᠠᠪᠠᠵᠠᠢ᠃ ᠬᠤᠸᠠᠩ ᠣᠶᠣᠩᠭᠤᠸ᠎ᠠ ᠬᠤᠷᠢᠶᠠᠨ ᠲᠠᠷᠤᠭ᠎ᠠ ᠶᠢᠨ ᠠᠯᠪᠠᠨ | ᠬᠡᠷ ᠲᠤ ᠣᠷᠣᠮᠠᠭᠴᠠ᠄ ︽ᠬᠤᠷᠢᠶᠠᠨ ᠲᠠᠷᠤᠭ᠎ᠠ ᠡ᠂ ᠲᠣᠰ ᠣᠳᠠᠭᠠᠨ ᠤ ᠰᠠᠶᠢᠨ ᠲᠣᠷ᠎ᠠ ᠶᠢᠨ ᠰᠣᠪᠢᠯᠠᠭᠴᠢ ᠪᠠᠷ | ᠦᠬᠠᠨ ᠬᠤᠳᠠ ᠢ ᠲᠣᠰᠠᠯᠠᠵᠣ ᠬᠢᠵᠢᠭ ᠲᠠᠢ ᠲᠡᠮᠡᠴᠡᠬᠦ ᠡᠬᠦᠷᠬᠡ ᠶᠢ ᠨᠠᠮ᠎ᠠ ᠳᠤ ᠲᠠᠭᠠᠭᠠᠯᠭᠠᠴᠢᠬᠠ᠃ ᠣᠴᠢᠷ ᠨᠢ | ᠪᠢ ᠪᠣᠯ ᠡᠪ ᠬᠠᠮᠳᠣ ᠨᠠᠮ ᠤᠨ ᠬᠡᠰᠢᠬᠦᠨ᠂ ᠡᠮᠨᠡᠯᠬᠡ ᠶᠢᠨ ᠬᠤᠷᠢᠶ᠎ᠠ ᠠᠴᠠ ᠨᠠᠮ᠎ᠠ ᠶᠢ ᠡᠴᠢᠨᠡᠬᠡᠨ ᠵᠢᠯ ᠴᠢᠬᠤᠯᠠ | ᠠᠵᠢᠯ ᠤᠨ ᠪᠠᠶᠢᠷᠢ ᠳᠤ ᠲᠡᠪᠰᠢᠬᠦᠯᠦᠨ ᠬᠡᠷᠡᠭᠯᠡᠭᠰᠡᠬᠡᠷ ᠢᠷᠡᠯ᠎ᠡ᠃ ᠣᠳᠣ ᠦᠬᠠᠨ ᠬᠤᠳᠠ ᠡᠪᠡᠳᠴᠢᠨ ᠭᠠᠰᠠᠯᠠᠩ ᠢᠶᠠᠷ | ᠲᠦᠬᠦᠷᠴᠦ᠂ ᠨᠠᠮ ᠠᠴᠠ ᠨᠠᠮ᠎ᠠ ᠶᠢ ᠬᠡᠷᠡᠭᠰᠡᠬᠦ ᠴᠢᠬᠤᠯᠠᠳᠠᠢ ᠪᠣᠯᠵᠠᠢ᠂ ᠪᠢ ᠬᠤᠰᠢᠭᠤᠨ ᠤ ᠠᠷᠠᠳ ᠤᠨ ᠡᠮᠨᠡᠯᠬᠡ | ᠶᠢᠨ ᠬᠤᠷᠢᠶᠠᠨ ᠤ ᠪᠠᠴᠢᠮ ᠠᠪᠣᠷᠠᠯᠳᠠ ᠶᠢᠨ ᠰᠠᠯᠠᠭᠠᠨ ᠤ ᠰᠣᠪᠢᠯᠠᠭᠴᠢᠳ ᠤᠨ ᠲᠠᠷᠤᠭ᠎ᠠ ᠪᠣᠯᠣᠭᠰᠠᠨ ᠤ ᠬᠤᠪᠢ ᠳᠤ | ᠴᠢᠩ ᠰᠡᠳᠬᠢᠯ ᠠᠴᠠ ᠪᠠᠨ ᠭᠤᠶᠣᠴᠢᠯᠠᠵᠣ ᠪᠠᠶᠢᠨ᠎ᠠ︾ ᠬᠡᠵᠦ ᠢᠷᠡᠭᠰᠡᠨ ᠣᠴᠢᠷ ᠢᠶᠠᠨ ᠲᠣᠳᠣ ᠰᠢᠯᠤᠭᠤᠨ | ᠢᠯᠡᠷᠬᠡᠶᠢᠯᠡᠵᠠᠢ᠃ ᠬᠤᠷᠢᠶᠠᠨ ᠲᠠᠷᠤᠭ᠎ᠠ ᠯᠢᠦ ᠬᠠᠢ ᠴᠢᠣᠸᠠᠨ ᠡᠨᠡ ᠬᠦ ᠡᠴᠡᠩᠬᠡᠶᠢᠪᠳᠦᠷ ᠴᠡᠮᠴᠡᠬᠡᠷ ᠪᠡᠶ᠎ᠡ ᠲᠠᠢ ᠴᠦ | ᠡᠷᠡᠰ ᠲᠠᠰᠣᠷᠬᠠᠢ ᠵᠠᠩ ᠴᠢᠨᠠᠷ ᠢᠶᠠᠨ ᠢᠯᠡᠷᠡᠬᠦᠯᠦᠭᠰᠡᠨ ᠰᠢᠭᠤᠳ ᠰᠢᠯᠤᠭᠤᠨ ᠦᠬᠡ ᠶᠠᠷᠢᠶ᠎ᠠ ᠲᠠᠢ᠂ ᠪᠠᠴᠢᠮ | ᠠᠪᠣᠷᠠᠯᠳᠠ ᠶᠢᠨ ᠰᠠᠯᠠᠭᠠᠨ ᠤ ᠰᠣᠪᠢᠯᠠᠭᠴᠢᠳ ᠤᠨ ᠲᠠᠷᠤᠭ᠎ᠠ ᠬᠤᠸᠠᠩ ᠣᠶᠣᠩᠭᠤᠸ᠎ᠠ ᠶᠢ ᠪᠢᠰᠢᠷᠡᠵᠦ ᠪᠠᠭ᠋ᠠᠳᠣᠭᠰᠠᠨ | ᠬᠠᠷᠠᠴᠠ ᠪᠠᠷ ᠰᠢᠷᠳᠡᠭᠰᠡᠬᠡᠷ᠄ ︽ᠲᠠᠨ ᠤ ᠡᠷᠡᠰ ᠰᠢᠯᠣᠭᠤᠨ ᠶᠠᠷᠢᠶᠠᠨ ᠳᠤ ᠴᠢᠨᠢ ᠮᠠᠰᠢ ᠲᠣᠭᠳᠣᠯᠣᠯᠠ᠂ ᠬᠡᠳᠡᠯ᠎ᠡ | ᠲᠣᠰ ᠣᠳᠠᠭᠠᠨ ᠤ ᠡᠬᠦᠷᠬᠡ ᠪᠣᠯ ᠬᠦᠨᠳᠦ ᠠᠴᠠ ᠬᠦᠨᠳᠦ᠂ ᠴᠢᠬᠤᠯᠠ ᠠᠴᠠ ᠴᠢᠬᠤᠯᠠ ᠰᠢᠣ ᠳ᠋ᠠ᠃ ᠨᠡᠷ᠎ᠡ | ᠮᠡᠳᠡᠬᠦᠯᠦᠭᠰᠡᠨ ᠬᠦᠮᠦᠨ ᠤ ᠲᠤᠭ᠎ᠠ ᠬᠡᠳᠦᠢ ᠣᠯᠠᠨ ᠴᠦ ᠮᠠᠨ ᠤ ᠬᠤᠰᠢᠭᠤ ᠠᠴᠠ ᠰᠠᠶ᠋ᠢ ᠨᠢᠭᠡ ᠯᠡ ᠬᠦᠮᠦᠨ ᠢ ᠯᠡ | ᠰᠣᠩᠭᠤᠵᠣ ᠲᠡᠪᠰᠢᠬᠦᠯᠦᠨ᠎ᠡ᠃ ᠡᠬᠦᠷᠬᠡ ᠬᠠᠷᠢᠭᠤᠴᠠᠯᠭ᠎ᠠ ᠪᠠᠨ ᠰᠠᠶᠢᠬᠠᠨ ᠪᠡᠶᠡᠯᠡᠬᠦᠯᠬᠦ ᠴᠢᠬᠤᠯᠠᠲᠠᠢ ᠪᠦᠬᠡᠳ ᠦᠪᠡᠷ | ᠤᠨ ᠪᠡᠶ᠎ᠡ ᠶᠢᠨ ᠡᠷᠡᠬᠦᠯ ᠮᠡᠨᠳᠦ ᠪᠠᠨ ᠴᠦ ᠪᠠᠳᠣᠯᠠᠬᠤ ᠬᠡᠷᠡᠭᠳᠡᠢ᠃ ᠲᠠ ᠬᠠᠰᠢ ᠯᠡ ᠰᠠᠶᠢᠳᠣᠷ ᠪᠣᠳᠣᠯᠬᠢᠯᠠᠵᠣ | ᠦᠵᠡᠬᠡᠷᠡᠢ᠃ ᠬᠤᠷᠢᠶᠠᠨ ᠤ ᠲᠠᠯ᠎ᠠ ᠠᠴᠠ ᠴᠦ ᠶᠡᠷᠦᠩᠬᠡᠢ ᠵᠦᠪᠳᠡᠯᠬᠡ ᠬᠢᠭᠰᠡᠨ ᠤ ᠲᠠᠷᠠᠭ᠎ᠠ ᠰᠠᠶ᠋ᠢ ᠰᠢᠢᠳᠪᠦᠷᠢ | ᠭᠠᠷᠭᠠᠨ᠎ᠠ ᠰᠢᠣ᠂ ᠲᠠ ᠬᠠᠷᠢᠭᠠᠳ ᠲᠠᠬᠢᠨᠳᠠ ᠲᠣᠩᠭᠠᠨ ᠪᠣᠳᠣᠯᠬᠢᠯᠠᠵᠣ᠂ ᠬᠡᠷ ᠤᠨ ᠬᠦᠮᠦᠰ ᠲᠠᠢ ᠪᠠᠨ ᠵᠦᠪᠳᠡᠵᠦ | ᠦᠵᠡᠭᠡᠷᠡᠢ︾ ᠬᠡᠵᠦ ᠡᠶᠡᠷᠡᠬᠦᠯᠦᠨ ᠬᠡᠯᠡᠵᠡᠢ᠃ | ᠬᠤᠸᠠᠩ ᠣᠶᠣᠩᠭᠤᠸ᠎ᠠ ᠬᠠᠭᠠᠯᠭ᠎ᠠ ᠲᠦᠯᠬᠢᠨ ᠭᠠᠷᠬᠤ ᠬᠡᠰᠡᠨ ᠢᠶᠠᠨ ᠲᠠᠬᠢᠨ ᠬᠤᠶᠢᠰᠢ ᠡᠷᠬᠢᠵᠦ᠄ ︽ᠬᠤᠷᠢᠶᠠᠨ | ᠲᠠᠷᠤᠭ᠎ᠠ ᠡ︕ ᠦᠬᠠᠨ ᠢ ᠲᠡᠮᠵᠢᠵᠦ᠂ ᠬᠢᠵᠢᠭ ᠤᠨ ᠸᠢᠷᠦ᠋ᠰ ᠲᠠᠢ ᠲᠡᠮᠡᠴᠡᠨ᠂ ᠬᠢᠵᠢᠭ ᠲᠤ | ᠬᠠᠯᠳᠠᠪᠤᠷᠢᠯᠠᠭᠳᠠᠭᠰᠠᠳ ᠢ ᠡᠷᠡᠭᠦᠯᠵᠢᠭᠦᠯᠬᠦᠦᠩᠬᠡ ᠬᠡᠷᠡᠯᠳᠦ ᠡᠬᠦᠷᠬᠡ ᠶᠢ ᠬᠠᠰᠢ ᠯᠡ ᠨᠠᠳᠠ ᠳᠤ ᠲᠣᠰᠢᠶᠠᠴᠢᠬᠠ᠃ | ᠲᠠᠨ ᠤ ᠬᠠᠭᠠᠯᠭ᠎ᠠ ᠶᠢ ᠲᠣᠭᠰᠢᠬᠤ ᠦᠶ᠎ᠡ ᠳᠤ ᠨᠢᠬᠡᠨᠳᠡ ᠰᠢᠢᠳᠴᠢᠬᠡᠭᠰᠡᠨ᠃ ᠪᠢ ᠬᠢᠩᠭᠠᠨ ᠠᠶᠢᠮᠠᠭ ᠤᠨ ᠠᠵᠢᠯ | ᠮᠡᠷᠬᠡᠵᠢᠯ ᠤᠨ ᠰᠣᠷᠭᠠᠭᠤᠯᠢ ᠳᠤ ᠲᠣᠰᠬᠠᠢ ᠰᠣᠪᠢᠯᠠᠭᠴᠢ ᠶᠢᠨ ᠮᠡᠷᠬᠡᠵᠢᠯ ᠬᠦᠷᠳᠡᠭᠰᠡᠨ ᠪᠦᠬᠡᠳ᠂ ᠦᠪᠦᠷ ᠮᠣᠩᠭᠤᠯ | ᠤᠨ ᠡᠮᠨᠡᠯᠬᠡ ᠶᠢᠨ ᠲᠣᠳᠣᠷ ᠡᠮᠨᠡᠯᠬᠡ ᠶᠢᠨ ᠰᠠᠯᠠᠭᠠᠨ ᠳᠤ ᠰᠣᠷᠣᠯᠴᠠᠵᠣ ᠮᠡᠷᠬᠡᠵᠢᠯ ᠢᠶᠠᠨ ᠲᠡᠬᠡᠭᠰᠢᠯᠡᠬᠦᠯᠵᠡᠢ᠃ ᠠᠷᠪᠠᠨ | ᠵᠢᠯ ᠰᠣᠪᠢᠯᠠᠭᠴᠢ ᠶᠢᠨ ᠠᠵᠢᠯ ᠬᠢᠭᠰᠡᠨ ᠲᠣᠷᠰᠢᠯᠭ᠎ᠠ ᠲᠠᠢ ᠪᠦᠬᠡᠳ ᠬᠢᠵᠢᠭ ᠡᠪᠡᠳᠴᠢᠨ ᠠᠴᠠ ᠰᠡᠷᠬᠡᠶᠢᠯᠡᠬᠦ ᠮᠡᠳᠡᠯᠬᠡ | ᠶᠢ ᠣᠯᠠᠨ ᠵᠢᠯ ᠬᠤᠷᠠᠮᠳᠠᠭᠤᠯᠣᠭᠰᠠᠭᠠᠷ ᠢᠷᠡᠵᠡᠢ᠃ ᠲᠠᠬᠢᠭᠠᠳ ᠬᠡᠯᠡᠪᠡᠯ ᠪᠢ ᠪᠣᠯ ᠨᠢᠬᠡᠨ ᠡᠪ ᠬᠠᠮᠳᠣ ᠨᠠᠮ ᠤᠨ | ᠬᠡᠰᠢᠬᠦᠨ᠂ ᠣᠷᠬᠢᠯᠣᠮ᠎ᠠ ᠬᠠᠯᠠᠭᠤᠨ ᠰᠡᠳᠬᠢᠯᠬᠡ ᠪᠠᠷ ᠣᠯᠣᠰ ᠠᠷᠠᠳ ᠲᠤ ᠪᠠᠨ ᠦᠢᠯᠡᠴᠢᠯᠡᠬᠦ ᠳᠤ ᠴᠠᠭ ᠢᠮᠠᠭᠳᠠ | ᠪᠡᠯᠡᠬᠡᠨ ᠁︾ ᠡᠳᠡᠬᠡᠷ ᠦᠬᠡ ᠪᠠᠨ ᠶᠠᠮᠠᠷ ᠶᠡᠭᠡ ᠵᠣᠷᠢᠭ ᠢᠶᠠᠷ ᠬᠡᠯᠡᠵᠦ ᠭᠠᠷᠭᠠᠭᠰᠠᠨ ᠢ ᠪᠣᠣ ᠮᠡᠳᠡ᠂ ᠲᠡᠬᠦᠨ ᠤ | ᠨᠢᠳᠣ ᠨᠢ ᠵᠠᠶᠢᠷᠳᠣᠴᠢᠬᠠᠭᠰᠠᠨ᠂ ᠨᠢᠳᠣᠷᠭ᠎ᠠ ᠪᠠᠨ ᠵᠠᠩᠬᠢᠳᠣᠴᠢᠬᠠᠭᠰᠠᠨ ᠪᠠᠶᠢᠯ᠎ᠠ᠃ | — ᠲᠠ ᠬᠠᠷᠢᠭᠠᠳ ᠡᠷ᠎ᠡ ᠨᠦᠬᠦᠷ ᠲᠠᠢ ᠪᠠᠨ ᠴᠦ ᠬᠡᠰᠡᠨ ᠵᠦᠪᠳᠡᠬᠦ ᠴᠢᠬᠤᠯᠠᠳᠠᠢ ᠰᠢᠣ ᠳ᠋ᠠ᠂ ᠡᠷᠦᠬᠡ ᠬᠡᠷ ᠠᠴᠠ | ᠪᠠᠨ ᠠᠶᠠᠷᠯᠠᠵᠣ᠂ ᠡᠪᠡᠳᠴᠢᠨ ᠬᠢᠵᠢᠭ ᠲᠠᠢ ᠲᠡᠮᠡᠴᠡᠬᠦ ᠳᠤ ᠵᠠᠪᠠᠯ ᠬᠡᠷ ᠤᠨ ᠬᠦᠮᠦᠰ ᠤᠨ ᠲᠡᠮᠵᠢᠯᠬᠡ ᠶᠢ ᠣᠯᠬᠤ | ᠬᠡᠷᠡᠭᠳᠡᠢ᠃ ᠰᠣᠨᠣᠰᠣᠯᠳᠠ ᠪᠠᠷ ᠡᠪᠡᠳᠴᠢᠳᠡᠨ ᠢ ᠪᠠᠶᠢᠴᠠᠭᠠᠨ ᠠᠰᠠᠷᠠᠵᠣ ᠪᠠᠶᠢᠭ᠎ᠠ ᠡᠮᠴᠢ ᠰᠣᠪᠢᠯᠠᠭᠴᠢ ᠴᠦ ᠬᠢᠵᠢᠭ | ᠲᠤ ᠬᠠᠯᠳ᠋ᠨᠪᠣᠷᠢᠯᠠᠭᠳᠠᠭᠠᠳ ᠦᠬᠦᠵᠦ ᠠᠳᠡᠵᠦ ᠪᠠᠶᠢᠨ᠎ᠠ ᠬᠡᠨ᠎ᠡ ᠬᠡᠵᠦ ᠬᠤᠷᠢᠶᠠᠨ ᠲᠠᠷᠤᠭ᠎ᠠ ᠠᠴᠠ ᠰᠢᠭᠤᠳ | ᠵᠦᠪᠰᠢᠶᠡᠷᠡᠭᠰᠡᠨ ᠪᠠᠶᠢᠳᠠᠯ ᠦᠬᠡᠢ ᠲᠣᠭᠤᠷᠢᠭᠤᠯᠵᠣ ᠲᠣᠭᠰᠢᠭᠤᠯᠣᠨ ᠶᠠᠷᠢᠬᠤ ᠪᠠᠷ ᠲᠠᠬᠢᠭᠠᠳ ᠶᠠᠭᠤ ᠬᠡᠯᠡᠬᠦ ᠪᠠᠨ | ᠣᠯᠣᠭᠰᠠᠨ ᠦᠬᠡᠢ ᠣᠶᠣᠩᠭᠤᠸ᠎ᠠ ᠠᠷᠭ᠎ᠠ ᠪᠣᠰᠣ ᠠᠯᠪᠠᠨ ᠬᠡᠷ ᠲᠤ ᠪᠠᠨ ᠪᠣᠴᠠᠯ᠎ᠠ᠃ | ᠨᠢᠬᠡ ᠴᠠᠭ ᠤᠨ ᠲᠠᠷᠠᠭ᠎ᠠ ᠬᠤᠸᠠᠩ ᠣᠶᠣᠩᠭᠤᠸ᠎ᠠ ᠬᠤᠷᠢᠶᠠᠨ ᠲᠠᠷᠤᠭ᠎ᠠ ᠶᠢᠨ ᠣᠳᠠᠰᠣ ᠶᠢ ᠲᠣᠰᠪᠠ᠄ ︽ | ᠲᠣᠬᠠᠶᠢᠯᠠᠭᠰᠠᠨ ᠠᠵᠢᠯ ᠢᠶᠠᠨ ᠦᠬᠡᠷ᠎ᠡ ᠰᠣᠪᠢᠯᠠᠭᠴᠢ ᠳᠤ ᠰᠠᠶᠢᠳᠣᠷ ᠲᠣᠰᠢᠶᠠᠭᠠᠳ ᠲᠠᠷᠣᠢ ᠬᠡᠷ ᠲᠤ ᠪᠠᠨ ᠬᠠᠷᠢᠵᠣ᠂ | ᠮᠠᠷᠭᠠᠰᠢ ᠦᠬᠠᠨ ᠬᠤᠳᠠ ᠳᠤ ᠮᠣᠷᠳᠠᠬᠤ ᠪᠠᠷ ᠪᠡᠯᠡᠳᠬᠡᠭᠳᠦᠨ᠃ ᠡᠮᠨᠡᠯᠬᠡ ᠶᠢᠨ ᠬᠤᠷᠢᠶᠠᠨ ᠤ ᠣᠳᠣᠷᠢᠳᠬᠤ ᠪᠠᠭ | ᠤᠨ ᠬᠢᠨ ᠵᠦᠪᠳᠡᠭᠰᠡᠨ ᠤ ᠳ᠋ᠦᠩ ᠳᠤ ᠴᠢᠮ᠎ᠠ ᠶᠢ ᠰᠣᠩᠭᠤᠵᠣ᠂ ᠦᠬᠠᠨ ᠢ ᠲᠣᠰᠠᠯᠠᠬᠤ ᠰᠠᠶᠢᠨ ᠲᠣᠷ᠎ᠠ ᠶᠢᠨ | ᠰᠣᠪᠢᠯᠠᠭᠴᠢ ᠪᠠᠷ ᠲᠡᠪᠰᠢᠬᠦᠯᠦᠯ᠎ᠡ︾᠃ ᠬᠡᠨᠡᠳᠳᠡ ᠢᠷᠡᠭᠰᠡᠨ ᠰᠢᠢᠳᠪᠦᠷᠢ ᠵᠠᠬᠢᠶ᠎ᠠ ᠶᠢ ᠲᠣᠭᠤᠯᠣᠭᠠᠳ ᠰᠣᠴᠢᠨ | ᠪᠠᠶᠠᠷᠯᠠᠭᠰᠠᠨ ᠢ ᠶᠠᠭᠤ ᠬᠡᠯᠡᠯᠳᠡᠢ ᠪᠢᠯᠡ᠃ ᠪᠠᠶᠠᠷᠯᠠᠬᠤ ᠶᠢᠨ ᠵᠡᠷᠬᠡ ᠪᠠᠷ ᠦᠯᠦ ᠮᠡᠳᠡᠭ ᠠᠶᠢᠳᠠᠰ ᠲᠡᠬᠦᠨ ᠢ | ᠲᠦᠷᠢᠨ ᠢᠷᠡᠵᠦ ᠦᠪᠡᠷ ᠤᠨ ᠡᠷᠬᠡ ᠦᠬᠡᠢ ᠲᠠᠭᠵᠢᠭᠤᠯᠣᠭᠠᠳ ᠠᠪᠣᠪᠠ᠃ ᠵᠡᠬᠡᠯᠢ ᠭᠤᠳᠣᠮᠵᠢ ᠪᠠᠷ ᠬᠦᠮᠦᠨ ᠤ | ᠪᠠᠷ᠎ᠠ ᠠᠯᠠᠭ᠎ᠠ᠂ ᠲᠡᠭᠷᠢ ᠲᠦᠬᠦᠷᠡᠩ ᠴᠠᠰᠣ ᠪᠣᠳᠠᠷᠠᠨ᠂ ︽ ᠰᠢᠨ᠎ᠡ ᠬᠡᠯᠪᠡᠷᠢ ᠶᠢᠨ ᠲᠢᠳᠢᠮᠯᠢᠭ ᠠᠭᠤᠰᠬᠢᠨ | ᠦᠷᠪᠢᠰᠦᠯ ᠤᠨ ᠬᠢᠵᠢᠭ ᠢ ᠴᠢᠩᠳᠠᠯᠠᠨ ᠰᠡᠷᠬᠡᠶᠢᠯᠡᠬᠦ ᠬᠡᠷᠡᠭᠳᠡᠢ ᠁ ᠬᠦᠮᠦᠨ ᠪᠦᠬᠦᠨ ᠤ ᠡᠷᠡᠬᠦᠯ ᠮᠡᠨᠳᠦ ᠶᠢᠨ | ᠲᠦᠯᠦᠬᠡ ᠡᠷᠦᠬᠡ ᠬᠡᠷ ᠠᠴᠠ ᠪᠠᠨ ᠲᠣᠷ᠎ᠠ ᠪᠠᠷ ᠭᠠᠷᠴᠣ᠂ ᠠᠶᠢᠯ ᠬᠡᠰᠦᠬᠦ ᠶᠢ ᠴᠡᠬᠡᠷᠯᠡᠬᠦ ᠬᠡᠷᠡᠭᠳᠡᠢ ᠁ ᠠᠷᠢᠭᠤᠨ | ᠴᠡᠪᠡᠷ᠂ ᠡᠷᠡᠬᠦᠯ ᠬᠠᠮᠠᠭᠠᠯᠠᠯ ᠢ ᠠᠩᠬᠠᠷᠬᠤ ᠬᠡᠷᠡᠭᠳᠡᠢ ᠁︾ ᠬᠡᠬᠦ ᠬᠢᠵᠢᠭ ᠢ ᠰᠡᠷᠬᠡᠶᠢᠯᠡᠬᠦ ᠣᠬᠠᠭᠤᠯᠭ᠎ᠠ ᠶᠢᠨ | ᠦᠬᠡ ᠴᠢᠬᠢ ᠲᠦᠵᠢᠷᠡᠳᠡᠯᠡ ᠲᠣᠭᠤᠯᠳᠠᠨ᠎ᠠ ᠪᠢᠯᠡ᠃ | | ᠠᠶᠠᠷᠯᠠᠯᠳᠠ ᠳᠤ ᠰᠢᠨᠠᠯᠣᠯ ᠪᠣᠢ᠂ ᠰᠡᠳᠬᠢᠯ ᠤᠨ ᠲᠠᠮᠢᠷ ᠲᠡᠬᠦᠨ ᠢ ᠲᠣᠭᠤᠯᠭᠠᠵᠣ ᠴᠢᠳᠠᠨ᠎ᠠ | | | | 2020 ᠣᠨ ᠤ 2 ᠰᠠᠷ᠎ᠠ ᠶᠢᠨ 5 ᠤ ᠦᠷᠯᠦᠬᠡ᠃ ᠬᠤᠸᠠᠩ ᠣᠶᠣᠩᠭᠤᠸ᠎ᠠ ᠡᠷᠳᠡᠯᠡᠵᠦ ᠪᠣᠰᠣᠭᠠᠳ ᠭᠤᠷᠪᠠᠨ | ᠨᠠᠰᠣᠳᠠᠢ ᠬᠦᠣ ᠶᠢᠨ ᠢᠶᠠᠨ ᠦᠷᠪᠦᠭᠡ ᠶᠢ ᠨᠢ ᠦᠨᠦᠷᠯᠡᠵᠦ ᠬᠠᠴᠠᠷ ᠢ ᠨᠢ ᠦᠨᠦᠰᠬᠦ ᠪᠠᠷ ᠬᠦᠣ ᠨᠢ ᠰᠡᠷᠡᠴᠢᠬᠡᠪᠡ᠃ | ᠡᠵᠢ ᠶᠢᠨ ᠢᠶᠠᠨ ᠪᠣᠭᠴᠣ ᠰᠠᠯᠳᠠ ᠪᠠᠨ ᠲᠦᠪᠬᠢᠬᠦᠨᠦᠬᠦᠯᠦᠨ ᠮᠣᠩᠬᠢᠨᠠᠬᠤ ᠶᠢ ᠬᠠᠷᠠᠭᠠᠳ ᠰᠠᠶ᠋ᠢ ᠬᠡᠯᠡ ᠳᠤ ᠣᠷᠣᠵᠣ | ᠪᠠᠶᠢᠭ᠎ᠠ ᠬᠠᠶᠢᠷᠠᠳᠣ ᠬᠦᠣ ᠨᠢ᠄ ︽ᠮᠦᠮᠦ ᠡ᠂ ᠬᠠᠮᠢᠭ᠎ᠠ ᠁ ᠣᠴᠢᠨ᠎ᠠ ᠪᠣᠢ︖ ᠨᠠᠮ᠎ᠠ ᠶᠢ ᠁ ᠪᠣᠣ ᠁ | ᠬᠠᠶᠠ ᠁ ᠮᠦᠮᠦ ᠡ︾ ᠬᠡᠵᠦ ᠲᠣᠯ ᠲᠠᠯ ᠶᠠᠷᠢᠬᠤ ᠳᠤ ᠡᠯᠢᠬᠡ ᠵᠢᠷᠦᠬᠡ ᠨᠢ ᠨᠢᠭᠡ ᠯᠡ ᠡᠮᠵᠡᠭᠯᠡᠵᠦ ᠰᠠᠳᠠᠷᠠᠨ | ᠣᠷᠣᠰᠬᠤ ᠨᠢᠯᠪᠣᠰᠣ ᠪᠠᠨ ᠪᠣᠷᠣᠭᠤ ᠬᠠᠨᠳᠣᠭᠠᠳ ᠵᠦᠯᠬᠦᠨᠡ᠃ ᠡᠬᠦᠨ ᠢ ᠬᠠᠷᠠᠭᠰᠠᠨ ᠡᠷ᠎ᠡ ᠨᠦᠬᠦᠷ ᠨᠢ ᠬᠤᠸᠠᠩ | ᠣᠶᠣᠩᠭᠤᠸ᠎ᠠ ᠶᠢᠨ ᠭᠠᠷ ᠠᠴᠠ ᠠᠳᠬᠤᠨ ᠮᠦᠷᠦ ᠶᠢ ᠨᠢ ᠬᠦᠩᠬᠡᠨ ᠲᠡᠪᠰᠢᠭᠰᠡᠬᠡᠷ᠄ ︽ᠰᠡᠳᠬᠢᠯ ᠢᠶᠠᠨ | ᠬᠠᠳᠠᠭᠤᠵᠢᠯᠠᠭᠠᠷᠠᠢ᠂ ᠭᠤᠸ᠎ᠠ᠃ ᠨᠢᠬᠡᠨᠳᠡ ᠶᠠᠪᠣᠬᠤ ᠪᠠᠷ ᠰᠢᠢᠳᠴᠢᠬᠡᠭᠰᠡᠨ ᠲᠣᠯᠠ ᠠᠷᠣ ᠬᠡᠷ ᠤᠨ ᠢᠶᠠᠨ ᠲᠦᠯᠦᠭᠡ | ᠰᠡᠳᠬᠢᠯ ᠢᠶᠠᠨ ᠴᠢᠯᠡᠬᠡᠭᠰᠡᠨ ᠤ ᠬᠡᠷᠡᠭ ᠦᠬᠡᠢ᠂ ᠠᠷᠣ ᠲᠠᠯ᠎ᠠ ᠳᠤ ᠴᠢᠨᠢ ᠪᠢ ᠪᠠᠶᠢᠨ᠎ᠠ᠂ ᠦᠷ᠎ᠡ ᠪᠠᠭ᠎ᠠ ᠬᠦᠣ ᠴᠢᠨᠢ | ᠪᠠᠶᠢᠨ᠎ᠠ᠃ ᠪᠢᠳᠡ ᠴᠢᠮ᠎ᠠ ᠪᠠᠨ ᠵᠣᠷᠢᠭᠵᠢᠭᠤᠯᠣᠶᠠ᠃ ᠡᠳᠦᠷ ᠪᠦᠷᠢ ᠸᠢᠴᠠᠲ ᠳᠡᠭᠡᠷ᠎ᠡ ᠠᠭᠤᠯᠵᠠᠶ᠎ᠠ᠃ ᠬᠡᠳᠦᠨ | ᠨᠠᠰᠣᠳᠠᠨ ᠢ ᠪᠢ ᠴᠢᠳᠠᠬᠤ ᠶᠢᠨ ᠬᠢᠷᠢ ᠪᠠᠷ ᠬᠠᠷᠠᠭᠠᠯᠵᠠᠵᠣ ᠪᠠᠶᠢᠶ᠎ᠠ᠂ ᠬᠦᠣ ᠪᠠᠨ ᠪᠢ ᠰᠠᠶᠢᠬᠠᠨ ᠲᠣᠳᠣᠮᠳᠠᠶᠠ᠂ | ᠰᠠᠨᠠᠭ᠎ᠠ ᠠᠮᠤᠷ ᠪᠠᠶᠢᠭᠠᠷᠠᠢ︕︾ ᠬᠡᠵᠦ ᠲᠠᠶᠢᠪᠣᠰᠢᠷᠠᠭᠤᠯᠣᠨ ᠶᠠᠷᠢᠪᠠ᠃ | ᠪᠣᠷᠣᠭᠤ ᠬᠠᠨᠳᠣᠨ ᠣᠬᠢᠯᠠᠨ ᠵᠦᠪ ᠬᠠᠨᠳᠣᠨ ᠢᠨᠢᠶᠡᠭᠰᠡᠨ ᠬᠤᠸᠠᠩ ᠣᠶᠣᠩᠭᠤᠸ᠎ᠠ ᠬᠦᠣ ᠪᠠᠨ ᠲᠡᠪᠡᠷᠢᠨ ᠠᠪᠴᠣ | ᠬᠠᠴᠠᠷ ᠢ ᠨᠢ ᠫᠣᠭ ᠬᠢᠳᠡᠯ᠎ᠡ ᠦᠨᠦᠰᠦᠬᠡᠳ᠄ ︽ᠮᠦᠮᠦ ᠨᠢ ᠬᠡᠣᠬᠡᠯᠳᠡᠢ ᠵᠦᠴᠦᠬᠡ ᠳᠤ ᠭᠠᠷᠳᠠᠭ ᠲᠡᠷᠡ ᠪᠢᠴᠢᠬᠠᠨ | ᠰᠢᠮᠨᠣᠰ ᠲᠠᠢ ᠪᠠᠶᠢᠯᠳᠣᠬᠤ ᠪᠠᠷ ᠣᠴᠢᠬᠤ ᠬᠡᠵᠦ ᠪᠠᠶᠢᠨ᠎ᠠ ᠰᠢᠣ᠃ ᠰᠢᠮᠨᠣᠰ ᠢ ᠪᠠᠷᠢᠵᠣ ᠲᠠᠷᠣᠩᠭᠤᠶᠢᠯᠠᠭᠰᠠᠨ ᠤ | ᠰᠡᠬᠦᠯᠡᠷ ᠬᠦᠣ ᠲᠠᠢ ᠪᠠᠨ ᠠᠭᠤᠯᠵᠠᠬᠤ ᠪᠠᠷ ᠢᠷᠡᠨ᠎ᠡ᠃ ᠡᠵᠢ ᠪᠠᠨ ᠰᠠᠨᠠᠪᠠᠯ ᠠᠪᠤ ᠶᠢᠨ ᠢᠶᠠᠨ ᠭᠠᠷ ᠣᠳᠠᠰᠣ ᠪᠠᠷ | ᠶᠠᠷᠢᠭᠠᠷᠠᠢ︕︾ ᠬᠡᠵᠦ ᠬᠡᠯᠡᠵᠦ ᠪᠠᠷᠠᠮᠠᠭᠴᠠ ᠪᠣᠭᠴᠣ ᠪᠠᠨ ᠴᠢᠷᠦᠬᠡᠳ ᠭᠠᠷᠴᠠᠢ᠃ ᠬᠦᠯ ᠬᠤᠷᠢᠭ᠎ᠠ ᠲᠠᠢ ᠲᠣᠯᠠ | ᠡᠷ᠎ᠡ ᠨᠦᠬᠦᠷ ᠨᠢ ᠪᠠ ᠡᠩᠬᠦᠷᠡᠢ ᠬᠦᠣ ᠨᠢ ᠠᠰᠠᠷ ᠠᠴᠠ ᠴᠦ ᠬᠦᠷᠬᠡᠨ ᠪᠠᠭᠤᠵᠣ ᠴᠢᠳᠠᠭᠰᠠᠨ ᠦᠬᠡᠢ ᠡᠬᠦᠳᠡ ᠪᠠᠨ | ᠬᠠᠭᠠᠵᠠᠢ᠃ ᠡᠮᠨᠡᠯᠬᠡ ᠶᠢᠨ ᠬᠤᠷᠢᠶᠠᠨ ᠤ ᠣᠳᠣᠷᠢᠳᠣᠯᠭ᠎ᠠ ᠨᠠᠷ ᠵᠢᠴᠢ ᠬᠠᠮᠳᠣ ᠠᠵᠢᠯᠯᠠᠭᠰᠠᠳ ᠨᠢ ᠲᠡᠬᠦᠨ ᠢ ᠦᠳᠡᠨ | ᠮᠣᠷᠳᠠᠭᠤᠯᠬᠤ ᠪᠠᠷ ᠠᠯᠢ ᠬᠡᠳᠦᠶᠢᠨ ᠤ ᠢᠷᠡᠴᠢᠬᠡᠬᠡᠳ ᠠᠰᠠᠷ ᠤᠨ ᠡᠬᠦᠳᠡᠨ ᠳᠤ ᠬᠦᠯᠢᠶᠡᠨ ᠵᠣᠭᠰᠣᠵᠣ ᠪᠠᠶᠢᠯ᠎ᠠ᠃ | ︽ᠬᠤᠸᠠᠩ ᠣᠶᠣᠩᠭᠤᠸ᠎ᠠ ᠴᠢᠷᠮᠠᠢ︕︾ | ︽ᠬᠤᠸᠠᠩ ᠣᠶᠣᠩᠭᠤᠸ᠎ᠠ᠂ ᠬᠢᠵᠢᠭ ᠲᠠᠢ ᠲᠡᠮᠡᠴᠡᠬᠦ ᠳᠤ ᠪᠠᠨ ᠪᠠᠶ᠎ᠠ ᠪᠠᠨ ᠭᠠᠮᠨᠠᠭᠠᠷᠠᠢ︕︾ | ︽ᠬᠤᠣᠷᠳᠣ ᠬᠢᠵᠢᠭ ᠢ ᠲᠠᠷᠣᠩᠭᠤᠶᠢᠯᠠᠭᠠᠳ᠂ ᠬᠤᠷᠳᠣᠨ ᠪᠣᠴᠠᠵᠣ ᠢᠷᠡᠬᠡᠷᠡᠢ︕︾ | ︽ᠬᠤᠰᠢᠭᠤ ᠨᠣᠳᠤᠭ ᠤᠨ ᠴᠢᠨᠢ ᠬᠦᠮᠦᠨ ᠪᠦᠬᠦᠨ ᠲᠠᠨ ᠤ ᠢᠯᠠᠯᠳᠠ ᠲᠠᠢ ᠪᠠᠷ ᠪᠣᠴᠠᠵᠣ ᠢᠷᠡᠬᠦ ᠶᠢ ᠬᠦᠰᠡᠨ | ᠬᠦᠯᠢᠶᠡᠵᠦ ᠪᠣᠢ ᠰᠢᠣ︕︾ | ︽ᠴᠢᠷᠮᠠᠶᠢᠭᠳᠣᠨ︕ ᠬᠤᠸᠠᠩ ᠣᠶᠣᠩᠭᠤᠸ᠎ᠠ᠃︾ | ᠁ ᠁ ᠁ | ᠣᠳᠣᠷᠢᠳᠣᠯᠭ᠎ᠠ ᠨᠠᠷ ᠵᠢᠴᠢ ᠬᠠᠮᠳᠣ ᠠᠵᠢᠯᠯᠠᠭᠰᠠᠳ ᠨᠢ ᠬᠠᠯᠠᠭᠤᠨ ᠲᠣᠯᠠᠭᠠᠨ ᠦᠬᠡ ᠪᠠ ᠬᠠᠷᠠᠴᠠ ᠪᠠᠷ ᠢᠶᠠᠨ | ᠦᠳᠡᠨ ᠮᠣᠷᠳᠠᠭᠤᠯᠵᠣ ᠪᠠᠶᠢᠯ᠎ᠠ᠃ | 2 ᠳ᠋ᠤᠭᠠᠷ ᠰᠠᠷ᠎ᠠ ᠶᠢᠨ 5 ᠤ ᠦᠷᠯᠦᠬᠡ ᠶᠢᠨ ᠨᠠᠢᠮᠠᠨ ᠴᠠᠭ ᠭᠤᠴᠢᠨ ᠮᠢᠨᠦ᠋ᠲ ᠲᠤ᠂ ᠬᠤᠸᠠᠩ ᠣᠶᠣᠩᠭᠤᠸ᠎ᠠ | ᠲᠣᠭᠳᠠᠭᠰᠠᠨ ᠴᠡᠭ ᠲᠤ ᠢᠷᠡᠵᠦ᠂ ᠦᠪᠦᠷ ᠮᠣᠩᠭᠤᠯ ᠤᠨ ᠬᠤᠶᠠᠳᠡᠬᠢ ᠣᠳᠠᠭᠠᠨ ᠤ ᠦᠬᠠᠨ ᠬᠤᠳᠠ ᠶᠢ ᠠᠪᠣᠷᠠᠨ | ᠲᠣᠰᠠᠯᠠᠬᠤ ᠠᠩᠬᠢ ᠶᠢᠨ ᠲᠣᠰᠬᠠᠢ ᠲᠡᠷᠬᠡᠨ ᠳᠤ ᠭᠠᠷᠴᠣ ᠣᠯᠠᠭᠠᠨᠬᠤᠳᠠ ᠶᠢᠨ ᠨᠢᠰᠬᠡᠯ ᠤᠨ ᠪᠠᠭᠤᠳᠠᠯ ᠣᠷᠣᠭᠤ | ᠲᠠᠪᠬᠢᠭᠤᠯᠵᠣ ᠪᠢᠯᠡ᠃ ᠲᠡᠷᠡ ᠲᠡᠷᠬᠡᠨ ᠳᠤ ᠭᠠᠷᠣᠭᠠᠳ ᠰᠠᠶ᠋ᠢ ᠠᠶᠢᠳᠠᠰ ᠬᠦᠷᠴᠦ ᠡᠬᠢᠯᠡᠭᠰᠡᠨ ᠢᠶᠠᠨ ᠰᠡᠷᠡᠵᠦ | ᠮᠡᠳᠡᠯ᠎ᠡ ᠬᠡᠨ᠎ᠡ᠃ ᠭᠤᠷᠪᠠᠭ᠋ᠠᠨ ᠨᠠᠰᠣᠳᠠᠢ ᠬᠦᠣ ᠪᠠᠨ ᠬᠠᠶᠠᠭᠠᠳ ᠡᠷᠬᠢᠵᠦ ᠬᠠᠷᠠᠯ ᠦᠬᠡᠢ ᠭᠠᠷᠣᠭᠠᠳ ᠢᠷᠡᠴᠢᠬᠡᠪᠡ᠃ | ᠦᠨᠦᠰᠬᠦ ᠬᠠᠮᠠᠷ ᠤᠨ ᠵᠠᠭᠠᠷ ᠰᠢᠣᠬᠠᠨ ᠡᠩᠬᠦᠷᠡᠢ ᠬᠦᠣ ᠶᠢᠨ ᠬᠢᠨᠢ ᠠᠯᠢᠶᠠᠷᠬᠠᠨ ᠲᠣᠭᠯᠠᠵᠣ ᠪᠠᠶᠢᠭ᠎ᠠ ᠲᠦᠷᠢ ᠨᠢ | ᠬᠠᠷᠠᠭᠳᠠᠭᠠᠳ ᠠᠪᠣᠨ᠎ᠠ᠂ ᠨᠢᠯᠬ᠎ᠠ ᠶᠢᠨ ᠦᠨᠦᠷ ᠨᠢ ᠰᠡᠷᠡᠭᠳᠡᠭᠡᠳ ᠢᠷᠡᠨ᠎ᠡ᠃ ᠦᠷ᠎ᠡ ᠳ᠋ᠦᠩ ᠶᠠᠮᠠᠷ ᠪᠣᠯᠬᠤ ᠶᠢ ᠶᠡᠷᠦ | ᠮᠡᠳᠡᠬᠦ ᠦᠬᠡᠢ ᠰᠢᠣ ᠳ᠋ᠠ᠃ ᠦᠬᠠᠨ ᠬᠤᠳᠠ ᠶᠢᠨ ᠡᠳᠦᠷ ᠪᠦᠷᠢ ᠬᠢᠵᠢᠭ ᠤᠨ ᠸᠢᠷᠦ᠋ᠰ ᠲᠤ ᠨᠡᠷᠪᠡᠭᠳᠡᠵᠦ ᠪᠠᠶᠢᠭ᠎ᠠ | ᠡᠪᠡᠳᠴᠢᠳᠡᠨ ᠤ ᠲᠤᠭ᠎ᠠ ᠮᠢᠩᠭ᠎ᠠ ᠮᠢᠩᠭ᠎ᠠ ᠪᠠᠷ ᠨᠡᠮᠡᠭᠳᠡᠵᠦ ᠯᠡ ᠪᠠᠶᠢᠨ᠎ᠠ᠂ ᠦᠬᠦᠵᠦ ᠠᠳᠡᠵᠦ ᠪᠠᠶᠢᠭ᠎ᠠ ᠲᠤᠭ᠎ᠠ ᠴᠦ | ᠵᠠᠭᠤ ᠵᠠᠭᠤ ᠪᠠᠷ ᠣᠯᠠᠰᠢᠷᠠᠵᠣ ᠯᠡ ᠪᠠᠶᠢᠨ᠎ᠠ᠃ ᠨᠡᠩ ᠠᠶᠣᠮᠰᠢᠭ ᠲᠠᠢ ᠨᠢ ᠬᠡᠪᠡᠯ ᠡᠪᠡᠳᠴᠢᠳᠡᠨ ᠢ ᠠᠰᠠᠷᠠᠵᠣ ᠪᠠᠶᠢᠭ᠎ᠠ | ᠡᠮᠴᠢ ᠰᠣᠪᠢᠯᠠᠭᠴᠢᠳ ᠴᠦ ᠬᠢᠵᠢᠭ ᠲᠤ ᠬᠠᠯᠳᠠᠪᠣᠷᠢᠯᠠᠭᠳᠠᠭᠠᠳ ᠠᠳᠡᠵᠦ ᠪᠣᠢ ᠭᠡᠨ᠎ᠡ᠃ ᠬᠢᠵᠢᠭ ᠤᠨ ᠲᠠᠶᠢᠨ ᠤ | ᠡᠮᠦᠨ᠎ᠡ ᠹᠷᠣᠨᠲ ᠲᠤ ᠡᠷᠡᠯᠬᠡᠭᠯᠡᠨ ᠪᠠᠶᠢᠯᠳᠣᠵᠣ ᠪᠠᠶᠢᠭᠰᠠᠨ ᠯᠢ ᠸᠧᠨ ᠯᠢᠶᠠᠩ ᠴᠦ ᠬᠢᠵᠢᠭ ᠡᠪᠡᠳᠴᠢᠨ ᠳᠤ | ᠲᠠᠭᠠᠷᠢᠭᠳᠠᠴᠢᠬᠠᠭᠠᠳ ᠪᠣᠢ ᠬᠡᠨ᠎ᠡ ᠁ ᠡᠳᠡᠬᠡᠷ ᠢ ᠪᠣᠳᠣᠬᠤ ᠲᠣᠳᠣᠮ ᠠᠶᠢᠳᠠᠰ ᠬᠦᠷᠴᠦ ᠪᠦᠬᠦ ᠪᠡᠶ᠎ᠡ ᠶᠢ ᠨᠢ | ᠡᠷᠬᠡ ᠦᠬᠡᠢ ᠵᠢᠬᠡᠬᠦᠴᠡᠬᠦᠯᠦᠨ ᠲᠠᠭᠵᠢᠭᠤᠯᠣᠭᠠᠳ ᠠᠪᠣᠨ᠎ᠠ᠃ | ᠡᠬᠦᠨ ᠤ ᠲᠣᠬᠠᠢ ᠬᠤᠸᠠᠩ ᠣᠶᠣᠩᠭᠤᠸ᠎ᠠ ᠶᠢᠨ ᠡᠷᠬᠢᠴᠡᠬᠦᠯᠦᠨ ᠶᠠᠷᠢᠭᠰᠠᠨ ᠢ ᠠᠳᠡ ᠴᠣᠬᠤᠰ ᠲᠡᠯᠬᠡᠶᠡ᠄ ︽ᠬᠦᠨᠳᠦ | ᠡᠬᠦᠷᠬᠡ ᠶᠢ ᠬᠦᠯᠢᠶᠡᠨ ᠪᠠᠴᠢᠮ ᠮᠣᠷᠳᠠᠭᠰᠠᠨ ᠪᠣᠯᠬᠤᠷ ᠠᠪᠤ ᠡᠵᠢ᠂ ᠵᠢᠴᠢ ᠪᠣᠰᠣᠳ ᠰᠠᠳᠣᠨ ᠲᠦᠷᠦᠯ ᠳᠤ ᠴᠢᠮᠡᠭᠡ | ᠲᠣᠭᠤᠯᠭᠠᠵᠣ ᠠᠮᠵᠢᠭᠰᠠᠨ ᠦᠬᠡᠢ᠃ ᠠᠶᠠᠨ ᠵᠠᠮ ᠳᠤ ᠮᠣᠷᠳᠠᠭᠠᠳ ᠪᠠᠶᠢᠳᠠᠯ᠎ᠠ ᠬᠤᠰᠢᠭᠤᠨ ᠤ ᠣᠳᠣᠷᠢᠳᠣᠯᠭ᠎ᠠ ᠠᠴᠠ | ᠣᠳᠠᠰᠣ ᠢᠷᠡᠬᠦᠯᠵᠦ ᠦᠳᠡᠨ ᠮᠣᠷᠳᠠᠭᠤᠯᠵᠣ ᠪᠠᠶᠢᠭ᠎ᠠ ᠰᠡᠳᠬᠢᠯᠬᠡ ᠪᠠᠨ ᠢᠯᠡᠷᠬᠡᠶᠢᠯᠡᠭᠰᠡᠨ ᠪᠦᠬᠡᠳ ᠠᠮᠣᠷ ᠮᠡᠨᠳᠦ | ᠪᠣᠴᠠᠨ ᠢᠷᠡᠬᠦ ᠶᠢ ᠠᠬᠢᠨ ᠲᠠᠬᠢᠨ ᠵᠠᠬᠢᠬᠤ ᠪᠠᠷ ᠬᠠᠯᠠᠭᠤᠨ ᠨᠢᠯᠪᠣᠰᠣ ᠡᠩᠬᠡᠷ ᠣᠷᠣᠭᠤ ᠣᠷᠣᠰᠴᠣ ᠪᠠᠶᠢᠯ᠎ᠠ᠃ | ᠣᠯᠠᠭᠠᠨᠬᠤᠳᠠ ᠬᠦᠷᠬᠦ ᠠᠴᠠ ᠡᠮᠦᠨ᠎ᠡ ᠪᠢ ᠠᠬ᠎ᠠ ᠲᠠᠢ ᠪᠠᠨ ᠬᠠᠷᠢᠴᠠᠵᠣ ᠦᠬᠠᠨ ᠬᠤᠳᠠ ᠳᠤ ᠬᠦᠷᠴᠦ ᠠᠪᠣᠷᠠᠨ | ᠲᠣᠰᠠᠯᠠᠬᠤ ᠡᠬᠦᠷᠬᠡ ᠬᠠᠷᠢᠭᠤᠴᠠᠭᠰᠠᠨ ᠢᠶᠠᠨ ᠶᠠᠷᠢᠬᠤ ᠳᠤ ᠠᠬ᠎ᠠ ᠮᠢᠨᠢ ᠮᠢᠨᠦ ᠠᠵᠢᠯᠯᠠᠭ᠎ᠠ ᠶᠢ ᠪᠦᠬᠦ ᠰᠡᠳᠬᠢᠯ ᠢᠶᠠᠷ | ᠢᠶᠠᠨ ᠲᠡᠮᠵᠢᠵᠦ ᠪᠠᠶᠢᠬᠤ ᠪᠠᠨ ᠢᠯᠡᠷᠬᠡᠶᠢᠯᠡᠭᠰᠡᠨ ᠶᠣᠮ᠃ ᠪᠢ ᠠᠪᠤ ᠡᠵᠢ ᠳᠤ ᠪᠠᠨ ᠣᠳᠠᠰᠣᠳᠠᠬᠤ ᠵᠣᠷᠢᠭ ᠬᠦᠷᠦᠭᠰᠡᠨ | ᠦᠬᠡᠢ᠃ ᠬᠦᠬᠡᠬᠤᠳᠠ ᠶᠢᠨ ᠨᠢᠰᠬᠡᠯ ᠤᠨ ᠪᠠᠭᠤᠳᠠᠯ ᠳᠤ ᠬᠦᠷᠴᠣ ᠭᠠᠷ ᠣᠳᠠᠰᠣ ᠪᠠᠨ ᠨᠡᠬᠡᠬᠡᠭᠰᠡᠨ ᠴᠢᠨᠢ᠂ ᠬᠠᠷᠠᠯ᠎ᠠ︕ | ᠸᠢᠴᠠᠲ᠂ ᠨᠠᠶᠢᠵᠠ ᠶᠢᠨ ᠵᠢᠷᠬᠢᠶ᠎ᠡ᠂ ᠡᠯ᠎ᠡ ᠰᠦᠯᠵᠢᠶ᠎ᠡ ᠲᠠᠪᠴᠠᠩ ᠢᠶᠠᠷ ᠮᠢᠨᠦ ᠲᠣᠬᠠᠢ ᠰᠢᠯᠦᠭ ᠬᠤᠯᠪᠣᠭ᠎ᠠ᠂ ᠵᠢᠷᠤᠭ | ᠲᠦᠷᠰᠦ ᠪᠠᠷ ᠲᠦᠬᠦᠷᠴᠢᠬᠡᠭᠰᠡᠨ ᠪᠠᠶᠢᠯ᠎ᠠ᠃ ᠠᠪᠤ ᠡᠵᠢ ᠵᠢᠴᠢ ᠲᠦᠷᠦᠯ ᠰᠠᠳᠣᠨ ᠨᠤᠭᠤᠳ ᠴᠦ ᠸᠢᠴᠠᠲ ᠲᠤ | ᠣᠯᠠᠨ ᠣᠯᠠᠨ ᠵᠣᠷᠢᠭᠵᠢᠭᠤᠯᠣᠯ ᠤᠨ ᠦᠬᠡ ᠦᠯᠡᠳᠡᠬᠡᠵᠡᠢ᠃ ᠰᠠᠳᠣᠨ ᠲᠦᠷᠦᠯ ᠪᠠ ᠲᠠᠨᠢᠯ ᠪᠣᠰᠣ ᠨᠣᠳᠤᠭ ᠤᠨ | ᠬᠦᠮᠦᠰ ᠤᠨ ᠵᠣᠷᠢᠭᠵᠢᠭᠤᠯᠣᠯ ᠲᠡᠮᠵᠢᠯᠬᠡ ᠨᠢ ᠨᠠᠳᠠ ᠳᠤ ᠬᠢᠵᠠᠭᠠᠯᠠᠰᠢ ᠦᠬᠡᠢ ᠬᠦᠴᠦᠨ ᠵᠣᠷᠢᠭ ᠣᠯᠭᠤᠵᠣ ᠪᠢᠯᠡ ᠁ | ︾ ᠬᠡᠵᠦ ᠬᠤᠸᠠᠩ ᠣᠶ᠋ᠩᠭᠤᠸᠠ ᠠᠶᠠᠷᠯᠠᠯᠳᠠ ᠶᠢᠨ ᠲᠣᠬᠠᠢ ᠪᠠᠨ ᠡᠷᠬᠢᠴᠡᠬᠦᠯᠦᠨ ᠶᠠᠷᠢᠯ᠎ᠠ᠃ | ᠦᠵᠡᠭᠳᠡᠰᠢ ᠦᠬᠡᠢ ᠠᠶᠣᠮᠰᠢᠭ ᠪᠣᠯ ᠰᠠᠶ᠋ᠢ ᠵᠢᠩᠬᠢᠨᠢ ᠠᠶᠣᠮᠰᠢᠭ᠃ ᠣᠴᠢᠷ ᠨᠢ ᠠᠶᠣᠵᠣ ᠡᠮᠢᠶᠡᠬᠦ ᠠᠴᠠ | ᠪᠣᠰᠣᠳ ᠢ ᠨᠢ ᠪᠦᠷ ᠲᠦᠰᠦᠬᠡᠯᠡᠬᠦ ᠶᠢᠨ ᠠᠷᠭ᠎ᠠ ᠦᠬᠡᠢ ᠰᠢᠣ ᠳ᠋ᠠ᠃ ᠡᠪ ᠡᠷᠡᠬᠦᠯ ᠪᠠᠶᠢᠭᠰᠠᠨ ᠬᠦᠮᠦᠨ ᠴᠢᠨᠢ | ᠮᠠᠷᠭᠠᠰᠢ ᠨᠢ ᠪᠣᠯᠬᠤ ᠳᠤ ᠡᠪᠡᠳᠴᠢᠳᠡᠨ ᠤ ᠣᠷᠣ ᠲᠡᠬᠡᠷ᠎ᠡ ᠬᠡᠪᠳᠡᠴᠢᠬᠡᠭᠰᠡᠨ᠂ ᠬᠠᠶᠠ ᠵᠠᠷᠢᠮ ᠨᠢ ᠡᠮᠨᠡᠯᠬᠡ ᠳᠤ | ᠬᠦᠷᠴᠦ ᠠᠮᠵᠢᠬᠤ ᠠᠴᠠ ᠡᠮᠦᠨ᠎ᠡ ᠡᠷᠡᠰᠴᠢᠬᠡᠳᠡᠭ᠃ ᠡᠮᠦᠨ᠎ᠡ ᠬᠡᠳᠦᠨ ᠡᠳᠦᠷ ᠠᠭᠤᠯᠵᠠᠵᠣ ᠣᠴᠠᠷᠠᠭᠠᠳ ᠢᠨᠢᠶᠡᠵᠦ | ᠨᠠᠷᠭᠢᠵᠤ ᠪᠠᠶᠢᠭᠰᠠᠨ ᠨᠢᠬᠡ ᠨᠢ ᠦᠨᠦᠳᠦᠷ ᠬᠠᠷᠢᠨ ᠲᠠᠭ ᠴᠢᠭ᠋ ᠰᠣᠷᠠᠭ ᠲᠠᠰᠣᠷᠠᠴᠢᠬᠠᠭᠰᠠᠨ ᠪᠠᠶᠢᠳᠠᠭ᠃ ᠡᠨᠡ ᠪᠣᠯ | ᠰᠠᠶ᠋ᠢ ᠬᠦᠮᠦᠰ ᠤᠨ ᠪᠡᠶ᠎ᠡ ᠴᠣᠭᠴᠠᠰ ᠪᠡ ᠣᠶᠣᠨ ᠰᠠᠨᠠᠭ᠎ᠠ ᠶᠢ ᠬᠠᠮᠳᠣ ᠨᠢ ᠳᠠᠷᠴᠢᠯᠠᠭᠠᠬᠤ ᠬᠠᠷ᠎ᠠ ᠠᠶᠣᠯ ᠶᠣᠮ᠃ | ᠨᠡᠩ ᠴᠢᠨᠠᠭᠰᠢᠯᠠᠨ ᠴᠢ ᠬᠢᠵᠢᠭ ᠲᠤ ᠨᠡᠷᠪᠡᠭᠳᠡᠭᠡᠳ ᠪᠠᠶᠢᠬᠤ ᠦᠶ᠎ᠡ ᠳᠤ ᠴᠢᠮ᠎ᠠ ᠶᠢ ᠠᠰᠠᠷᠠᠨ ᠰᠣᠪᠢᠯᠠᠵᠣ ᠪᠠᠶᠢᠭᠰᠠᠨ | ᠡᠮᠴᠢ ᠰᠣᠪᠢᠯᠠᠭᠴᠢ ᠴᠢᠨᠢ ᠮᠦᠨ ᠬᠢᠵᠢᠭ ᠲᠤ ᠬᠠᠯᠳᠠᠪᠣᠷᠢᠯᠠᠭᠳᠠᠴᠢᠬᠠᠭᠰᠠᠨ᠂ ᠨᠡᠩ ᠴᠢᠨᠠᠭᠰᠢᠯᠠᠨ ᠠᠮᠢ ᠨᠠᠰᠣ ᠪᠠᠨ | ᠠᠯᠳᠠᠴᠢᠬᠠᠭᠰᠠᠨ ᠴᠦ ᠪᠠᠶᠢᠵᠣ ᠮᠡᠳᠡᠨ᠎ᠡ᠃ ᠡᠨᠡ ᠬᠡᠦ ᠠᠶᠣᠯ ᠤᠨ ᠡᠮᠦᠨ᠎ᠡ ᠬᠡᠨ ᠰᠦᠷᠴᠦ ᠵᠣᠭᠰᠣᠭᠰᠠᠨ ᠪᠣᠢ︖ | ᠲᠣᠮᠳᠠᠳᠣ ᠣᠯᠣᠰ ᠤᠨ ᠡᠮᠴᠢ ᠰᠣᠪᠢᠯᠠᠭᠴᠢᠳ᠃ ᠬᠠᠷ᠎ᠠ ᠠᠶᠣᠯ ᠤᠨ ᠡᠬᠦᠷ ᠣᠷᠣᠭᠤ ᠬᠡᠨ ᠰᠢᠷᠭᠤᠯᠠᠭᠰᠠᠨ ᠪᠣᠢ︖ | ᠬᠤᠸᠠᠩ ᠣᠶᠣᠩᠭᠤᠸ᠎ᠠ ᠮᠡᠳᠦ ᠶᠢᠨ ᠠᠷᠠᠳ ᠲᠦᠮᠡᠨ ᠤ ᠠᠮᠢ ᠨᠠᠰᠣ ᠶᠢ ᠬᠠᠮᠠᠭᠠᠯᠠᠬᠤ ᠶᠢᠨ ᠲᠦᠯᠦᠬᠡ ᠠᠷᠣ ᠬᠡᠷ᠂ | ᠠᠮᠢ ᠬᠤᠪᠢ ᠪᠠᠨ ᠣᠭᠤᠷᠴᠣ ᠦᠬᠠᠨ ᠬᠤᠳᠠ ᠶᠢᠨ ᠤᠲᠤᠭ᠎ᠠ ᠦᠬᠡᠢ ᠪᠠᠶᠢᠯᠳᠣᠭᠠᠨ ᠳᠤ ᠮᠣᠷᠳᠠᠭᠰᠠᠨ ᠲᠦᠭ | ᠲᠦᠮᠡᠨ ᠰᠠᠶᠢᠨ ᠲᠣᠷᠠᠴᠣᠣᠯ᠃ | ᠰᠢᠢᠳᠦᠭᠰᠡᠨ ᠵᠦᠢᠯ ᠳᠤ ᠪᠠᠨ ᠬᠦᠷᠬᠦ ᠳᠤ ᠵᠠᠭᠤᠨ ᠪᠡᠷᠬᠡ ᠮᠢᠩᠭᠠᠨ ᠲᠠᠪᠠᠭ᠎ᠠ ᠶᠢ ᠲᠣᠭᠤᠯᠬᠤ ᠰᠢᠨᠳᠠᠰᠣ | ᠱᠠᠭᠠᠷᠳᠠᠭᠳᠠᠨ᠎ᠠ ᠣᠳᠤᠭ᠎ᠠ ᠦᠬᠡᠢ ᠲᠠᠶᠢᠨ ᠳᠤ ᠦᠵᠦᠬᠦᠷᠯᠡᠨ ᠪᠠᠶᠢᠯᠳᠣᠵᠣ᠂ ᠡᠬᠦᠷᠬᠡ ᠬᠠᠷᠢᠭᠤᠴᠠᠯᠭ᠎ᠠ ᠪᠠᠨ | ᠠᠮᠵᠢᠯᠳᠠ ᠲᠠᠢ ᠪᠡᠶᠡᠯᠡᠬᠦᠯᠦᠨ᠎ᠡ᠃ ᠬᠤᠸᠠᠩ ᠣᠶᠣᠩᠭᠤᠸ᠎ᠠ ᠢᠩᠬᠢᠵᠦ ᠦᠪᠡᠷ ᠲᠤ ᠪᠠᠨ ᠵᠠᠮ ᠲᠣᠵᠢ ᠲᠠᠬᠢᠨ | ᠲᠠᠪᠳᠠᠨ ᠶᠠᠷᠢᠭᠰᠠᠭᠠᠷ ᠪᠠᠶᠢᠯ᠎ᠠ᠃ 2020 ᠣᠨ ᠤ 2 ᠰᠠᠷ᠎ᠠ ᠶᠢᠨ 6 ᠤ ᠦᠷᠯᠦᠬᠡ᠂ ᠦᠪᠦᠷ ᠮᠣᠩᠭᠤᠯ ᠤᠨ | ᠬᠤᠶᠠᠳᠡᠬᠢ ᠣᠳᠠᠭᠠᠨ ᠤ ᠦᠬᠠᠨ ᠬᠤᠳᠠ ᠶᠢ ᠠᠪᠣᠷᠠᠨ ᠲᠣᠰᠠᠯᠠᠬᠤ ᠠᠩᠬᠢ ᠶᠢᠨ ᠰᠠᠭᠤᠭᠰᠠᠨ ᠨᠢᠰᠬᠡᠯ ᠢ ᠲᠣᠰᠣᠷᠠ | ᠣᠴᠢᠭᠰᠠᠨ ᠲᠣᠰᠬᠠᠢ ᠲᠡᠷᠬᠡ ᠦᠬᠠᠨ ᠬᠤᠳᠠ ᠶᠢᠨ ᠶᠠᠩ ᠭᠤᠸᠠᠩ ᠵᠣᠴᠢᠳ ᠤᠨ ᠪᠠᠭᠤᠳᠠᠯ ᠳᠤ ᠲᠡᠳᠡᠨᠣᠰ ᠢ | ᠬᠦᠷᠬᠡᠪᠡ᠃ ᠲᠣᠰ ᠪᠠᠭᠤᠳᠠᠯ ᠨᠢ ᠦᠬᠠᠨ ᠬᠤᠳᠠ ᠶᠢ ᠠᠪᠣᠷᠠᠨ ᠲᠣᠰᠠᠯᠠᠬᠤ ᠠᠩᠬᠢ ᠶᠢᠨ ᠲᠦᠷ ᠠᠮᠠᠷᠠᠬᠤ ᠭᠠᠵᠠᠷ | ᠠᠵᠢ᠃ ᠮᠠᠰᠢᠨ ᠲᠡᠷᠭᠡ᠂ ᠨᠢᠰᠬᠡᠯ ᠢᠶᠠᠷ ᠠᠮᠷᠠᠯᠳᠠ ᠦᠬᠡᠢ ᠵᠠᠮᠨᠠᠭᠰᠠᠨ ᠡᠮᠴᠢ ᠰᠣᠪᠢᠯᠠᠭᠴᠢᠳ ᠦᠷᠯᠦᠬᠡ ᠶᠢᠨ | ᠬᠤᠭᠤᠯᠠ ᠪᠠᠨ ᠢᠳᠡᠵᠦ᠂ ᠬᠤᠶᠠᠷ ᠴᠠᠭ ᠰᠢᠬᠠᠮ ᠠᠮᠠᠷᠠᠮᠠᠭᠴᠠ ᠠᠪᠣᠷᠠᠨ ᠲᠣᠰᠠᠯᠠᠯᠳᠠ ᠶᠢᠨ ᠡᠮᠦᠨᠡᠬᠢ ᠪᠣᠯᠪᠠᠰᠣᠷᠠᠯ | ᠢᠶᠠᠨ ᠡᠬᠢᠯᠡᠬᠦᠯᠪᠡ᠃ ᠬᠢᠵᠢᠭ ᠡᠪᠡᠳᠴᠢᠨ ᠤ ᠲᠠᠷᠬᠠᠯᠳᠠ ᠶᠢ ᠬᠡᠷᠬᠢᠨ ᠬᠢᠵᠠᠭᠠᠷᠯᠠᠬᠤ᠂ ᠬᠢᠵᠢᠭ ᠢ ᠬᠡᠷᠬᠢᠨ | ᠰᠡᠷᠬᠡᠶᠢᠯᠡᠨ ᠡᠵᠡᠮᠳᠡᠬᠦ᠂ ᠡᠪᠡᠳᠴᠢᠳᠡᠨ ᠲᠠᠢ ᠬᠡᠷᠬᠢᠨ ᠬᠠᠷᠢᠴᠠᠬᠤ᠂ ᠦᠪᠡᠷ ᠤᠨ ᠪᠡᠶ᠎ᠡ ᠶᠢᠨ ᠠᠮᠣᠷ ᠲᠦᠪᠰᠢᠨ ᠢᠶᠠᠨ | ᠬᠡᠷᠬᠢᠨ ᠪᠠᠳᠣᠯᠠᠬᠤ ᠁ ᠵᠡᠷᠬᠡ ᠮᠡᠳᠡᠯᠬᠡ ᠮᠡᠷᠬᠡᠰᠢᠯ ᠤᠨ ᠬᠠᠳᠠᠭᠤ ᠪᠣᠯᠪᠠᠰᠣᠷᠠᠯ ᠢ ᠲᠠᠬᠢᠨ ᠲᠠᠪᠳᠠᠨ | ᠬᠦᠢᠴᠡᠳᠬᠡᠨ᠎ᠡ᠃ ᠬᠡᠳᠦᠶᠢᠪᠡᠷ ᠪᠦᠷ ᠲᠣᠰᠬᠠᠢ ᠪᠣᠯᠪᠠᠰᠣᠷᠠᠯ ᠬᠦᠷᠳᠡᠭᠰᠡᠨ ᠡᠮᠴᠢ ᠰᠣᠪᠢᠯᠠᠭᠴᠢᠳ ᠤᠨ ᠡᠩᠨᠡᠭᠡ ᠬᠡᠳᠡᠭ | ᠪᠣᠯᠪᠠᠴᠣ ᠡᠨᠡ ᠬᠦ ᠰᠢᠨ᠎ᠡ ᠬᠡᠯᠪᠡᠷᠢ ᠶᠢᠨ ᠲᠢᠳᠢᠮᠯᠢᠭ ᠠᠭᠤᠰᠬᠢᠨ ᠦᠷᠪᠢᠰᠦᠯ ᠬᠡᠮᠡᠬᠦ ᠠᠶᠣᠮᠰᠢᠭᠳᠣ ᠬᠢᠵᠢᠭ ᠲᠠᠢ | ᠠᠩᠬ᠎ᠠ ᠨᠢᠭᠤᠷᠳᠠᠵᠣ ᠪᠠᠶᠢᠭ᠎ᠠ ᠲᠣᠯᠠ ᠬᠢᠵᠢᠭ ᠤᠨ ᠪᠠᠶᠢᠳᠠᠯ ᠢ ᠵᠠᠪᠠᠯ ᠨᠡᠪᠳᠡᠷᠡᠳᠡᠯ᠎ᠡ ᠰᠠᠶᠢᠨ ᠣᠶᠢᠯᠠᠭᠠᠵᠣ᠂ ᠬᠢᠵᠢᠭ ᠢ | ᠡᠵᠡᠮᠳᠡᠬᠦ ᠠᠯᠬᠤᠮ ᠪᠦᠷᠢ ᠶᠢ ᠨᠠᠷᠢᠯᠢᠭ ᠠᠴᠠ ᠨᠠᠷᠢᠯᠢᠭ ᠬᠦᠢᠴᠡᠳᠬᠡᠵᠦ ᠰᠣᠷᠬᠤ ᠬᠡᠷᠡᠭᠳᠡᠢ᠃ ᠨᠢᠬᠡ ᠣᠳᠠᠭᠠᠨ ᠤ | ᠬᠢᠵᠢᠭ ᠠᠴᠠ ᠰᠡᠷᠬᠡᠶᠢᠯᠡᠬᠦ ᠬᠤᠪᠴᠠᠰᠣ ᠶᠢ ᠡᠮᠦᠰᠬᠦ ᠪᠦᠬᠦ ᠶᠠᠪᠣᠴᠠ ᠨᠢ ᠲᠦᠢᠯ ᠤᠨ ᠶᠠᠷᠰᠢᠭ ᠲᠦᠪᠡᠭ ᠲᠠᠢ | ᠪᠠᠶᠢᠳᠠᠭ᠃ ᠨᠡᠩ ᠠᠶᠣᠮᠰᠢᠳᠠᠢ ᠨᠢ ᠡᠪᠡᠳᠴᠢᠳᠡᠨ ᠤ ᠦᠷᠦᠬᠡᠨ ᠠᠴᠠ ᠭᠠᠷᠴᠣ ᠢᠷᠡᠬᠡᠳ ᠬᠢᠵᠢᠭ ᠠᠴᠠ ᠰᠡᠷᠬᠡᠶᠢᠯᠡᠬᠦ | ᠬᠤᠪᠴᠠᠰᠣ ᠪᠠᠨ ᠲᠠᠶᠢᠯᠵᠣ ᠠᠮᠠᠷᠠᠬᠤ ᠭᠠᠵᠠᠷ ᠲᠤ ᠪᠠᠨ ᠬᠦᠷᠳᠡᠯ᠎ᠡ ᠭᠠᠷ ᠢᠶᠠᠨ ᠠᠷᠪᠠᠨ ᠬᠡᠳᠦ ᠣᠳᠠᠭ᠎ᠠ | ᠠᠷᠢᠭᠤᠳᠬᠠᠨ ᠣᠬᠢᠶᠠᠬᠤ ᠬᠡᠷᠡᠭᠳᠡᠢ ᠰᠢᠣ ᠳ᠋ᠠ᠃ ᠠᠯᠢ ᠨᠢᠬᠡ ᠠᠯᠬᠤᠮ ᠨᠢ ᠪᠣᠷᠣᠭᠤᠳᠠᠭᠰᠠᠭᠠᠷ ᠬᠢᠵᠢᠭ ᠤᠨ | ᠪᠠᠺᠲ᠋ᠧᠷᠢ ᠲᠠᠷᠣᠢ ᠬᠠᠯᠳᠠᠪᠤᠷᠢᠯᠠᠵᠤ᠂ ᠦᠪᠡᠷ ᠤᠨ ᠪᠠᠶ᠎ᠠ ᠶᠢᠨ ᠠᠮᠣᠷ ᠲᠦᠪᠰᠢᠨ ᠢᠶᠠᠨ ᠪᠠᠳᠣᠯᠠᠵᠣ ᠴᠢᠳᠠᠬᠤ ᠦᠬᠡᠢ | ᠪᠣᠯᠬᠤ ᠮᠦᠷᠳᠡᠬᠡᠨ ᠬᠠᠮᠳᠣ ᠠᠵᠢᠯᠯᠠᠭᠰᠠᠳ ᠲᠤ ᠪᠠᠨ ᠴᠦ ᠬᠢᠵᠢᠭ ᠬᠠᠯᠳᠠᠪᠤᠷᠢᠯᠠᠭᠤᠯᠵᠤ᠂ ᠭᠠᠢ ᠲᠠᠷᠢᠳᠠᠭ᠃ | ᠬᠤᠪᠴᠠᠰᠣ ᠰᠣᠯᠢᠬᠤ ᠪᠦᠬᠦ ᠶᠠᠪᠣᠴᠠ ᠶᠢ ᠬᠢᠬᠡᠳ ᠲᠠᠭᠤᠰᠳᠠᠯ᠎ᠠ ᠨᠡᠯᠢᠶᠡᠳ ᠬᠦᠴᠦ ᠪᠠ ᠴᠠᠭ ᠢᠶᠠᠨ | ᠵᠠᠷᠣᠴᠠᠭᠤᠯᠴᠢᠬᠠᠳᠠᠭ ᠠᠵᠢ᠃ ᠬᠡᠳᠦᠨ ᠡᠳᠦᠷ ᠤᠨ ᠬᠠᠳᠠᠭᠤᠵᠢᠯᠳᠠᠢ ᠪᠣᠯᠪᠠᠰᠣᠷᠠᠯ ᠤᠨ ᠲᠣᠮᠳᠠ ᠵᠠᠷᠢᠮ ᠡᠮᠴᠢ | ᠰᠣᠪᠢᠯᠠᠭᠴᠢᠳ ᠶᠠᠳᠠᠷᠠᠵᠣ ᠵᠦᠳᠡᠷᠡᠭᠰᠡᠨ ᠤ ᠲᠡᠬᠡᠷ᠎ᠡ ᠲᠠᠮᠢᠷᠳᠠᠨ ᠮᠠᠭᠤᠵᠢᠷᠠᠬᠤ ᠦᠵᠡᠭᠳᠡᠯ ᠴᠦ ᠢᠯᠡᠷᠡᠵᠡᠬᠡᠵᠦ ᠪᠠᠶᠢᠯ᠎ᠠ | ᠃ ᠡᠨᠡ ᠬᠦ ᠪᠠᠶᠢᠳᠠᠯ ᠳᠤ ᠵᠣᠬᠢᠴᠠᠭᠤᠯᠣᠨ ᠡᠮᠴᠢ ᠰᠣᠪᠢᠯᠠᠭᠴᠢᠳ ᠤᠨ ᠪᠠᠶ᠎ᠠ ᠰᠡᠳᠬᠢᠯ ᠳᠤ ᠬᠤᠶᠠᠷ ᠡᠳᠦᠷ ᠤᠨ | ᠲᠣᠬᠢᠷᠠᠭᠤᠯᠣᠯᠳᠠ᠂ ᠲᠡᠩᠬᠡᠷᠡᠬᠦᠯᠦᠯᠳᠡ ᠬᠢᠭᠰᠡᠨ ᠤ ᠲᠠᠷᠠᠭ᠎ᠠ᠂ ᠦᠬᠠᠨ ᠬᠤᠳᠠ ᠶᠢᠨ ᠵᠢᠶᠠᠩ ᠬᠠᠨ ᠲᠣᠭᠤᠷᠢᠭ ᠤᠨ | ᠴᠢᠩᠭᠡᠯᠢᠭ ᠡᠮᠨᠡᠯᠬᠡ ᠶᠢᠨ ᠬᠤᠷᠢᠶ᠎ᠠ ᠳᠤ ᠬᠦᠷᠬᠡᠵᠦ᠂ ᠪᠦᠬᠦᠯᠢ 44 ᠡᠳᠦᠷ ᠤᠨ ᠣᠳᠤᠭ᠎ᠠ ᠦᠬᠡᠢ ᠰᠢᠷᠦᠬᠦᠨ ᠲᠠᠶᠢᠨ | ᠢ ᠡᠬᠢᠯᠡᠬᠦᠯᠵᠡᠢ᠃ | ᠣᠮᠠᠷᠠᠳᠣ ᠣᠷᠣᠨ ᠠᠴᠠ ᠢᠷᠡᠭᠰᠡᠨ ᠡᠮᠴᠢ ᠰᠣᠪᠢᠯᠠᠭᠴᠢᠳ ᠡᠮᠦᠨᠡᠳᠦ ᠣᠷᠣᠨ ᠤ ᠠᠭᠤᠷ ᠠᠮᠢᠰᠬᠤᠯ ᠲᠠᠢ | ᠵᠣᠬᠢᠴᠠᠯᠳᠣᠬᠤ ᠦᠬᠡᠢ ᠪᠠᠶᠢᠯ᠎ᠠ᠃ ᠬᠤᠸᠠᠩ ᠣᠶᠣᠩᠭᠤᠸ᠎ᠠ ᠬᠡᠳᠦᠨ ᠡᠳᠦᠷ ᠤᠨ ᠬᠠᠳᠠᠭᠤᠵᠢᠯᠳᠠᠢ ᠪᠣᠯᠪᠠᠰᠣᠷᠠᠯ ᠢᠶᠠᠷ | ᠲᠠᠮᠵᠢᠨ ᠲᠣᠬᠠᠢ ᠶᠢᠨ ᠣᠷᠴᠢᠨ ᠳᠤ ᠲᠠᠷᠣᠢ ᠵᠣᠬᠢᠴᠠᠯᠳᠣᠬᠤ ᠪᠠᠷ ᠴᠢᠷᠮᠠᠶᠢᠨ᠎ᠠ᠃ ᠲᠡᠷᠡ ᠪᠣᠰᠣᠳ ᠡᠮᠴᠢ | ᠰᠣᠪᠢᠯᠠᠭᠴᠢᠳ ᠢᠶᠠᠨ ᠲᠠᠰᠣᠷᠠᠯᠳᠠ ᠦᠬᠡᠢ ᠲᠠᠶᠢᠪᠣᠰᠢᠷᠠᠭᠤᠯᠣᠨ ᠵᠣᠷᠢᠭᠵᠢᠭᠤᠯᠬᠤ ᠪᠠᠷ ᠲᠠᠮᠵᠢᠨ ᠦᠪᠡᠷ ᠢ ᠪᠠᠨ ᠴᠦ | ᠵᠣᠷᠢᠭᠵᠢᠭᠤᠯᠵᠣ ᠪᠠᠶᠢᠯ᠎ᠠ᠃ ︽ᠪᠢ ᠪᠣᠯ ᠡᠪ ᠬᠠᠮᠳᠣ ᠨᠠᠮ ᠤᠨ ᠬᠡᠰᠢᠬᠦᠨ᠂ ᠡᠪᠡᠳᠴᠢᠨ ᠡᠮᠬᠡᠭ ᠲᠠᠢ ᠬᠦᠮᠦᠰ ᠢ | ᠡᠷᠡᠬᠦᠯᠵᠢᠬᠦᠯᠬᠦ ᠳᠤ ᠭᠠᠪᠰᠢᠭᠠᠶᠢᠯᠠᠨ ᠠᠵᠢᠯᠯᠠᠬᠤ ᠲᠠᠷᠬᠠᠨ ᠡᠬᠦᠷᠬᠡ ᠲᠠᠢ ᠰᠣᠪᠢᠯᠠᠭᠴᠢ ᠬᠦᠮᠦᠨ᠂ ᠠᠷᠠᠳ ᠲᠦᠮᠡᠨ | ᠭᠠᠰᠠᠯᠠᠩ ᠤᠨ ᠲᠠᠯᠠᠢ ᠳᠤ ᠲᠡᠯᠴᠢᠯᠡᠬᠦ ᠦᠶᠡᠰ ᠦᠴᠦᠬᠡᠨ ᠴᠦ ᠬᠤᠶᠢᠷᠭᠤᠰᠢᠯ ᠦᠬᠡᠢ ᠡᠷᠡᠮᠡᠬᠡᠶᠢᠯᠡᠨ ᠵᠢᠳᠬᠦᠬᠦ | ᠴᠢᠬᠤᠯᠠᠳᠠᠢ᠃ ᠶᠠᠮᠠᠷ ᠬᠦᠴᠢᠷ ᠪᠡᠷᠬᠡ ᠲᠠᠭᠠᠷᠠᠭᠰᠠᠨ ᠴᠦ ᠤᠬᠤᠷᠢᠰᠢ ᠦᠬᠡᠢ᠂ ᠲᠣᠬᠠᠶᠢᠯᠠᠭᠰᠠᠨ ᠠᠵᠢᠯ ᠤᠨ ᠣᠷ᠎ᠠ | ᠴᠢᠳᠠᠪᠣᠷᠢ ᠪᠠᠨ ᠦᠢᠯᠡᠰ ᠲᠤ ᠪᠠᠨ ᠵᠣᠷᠢᠭᠤᠯᠵᠣ᠂ ᠬᠦᠴᠦᠨ ᠴᠢᠳᠠᠯ ᠪᠦᠬᠦᠨ ᠢᠶᠠᠨ ᠣᠯᠣᠰ ᠦᠨᠳᠦᠰᠦᠳᠡᠨ ᠳᠤ | ᠪᠠᠨ ᠡᠷᠬᠦᠬᠦ ᠳᠤ ᠴᠠᠭ ᠢᠮᠠᠭᠳᠠ ᠪᠡᠯᠡᠬᠡᠨ︾—ᠬᠤᠸᠠᠩ ᠣᠶᠣᠩᠭᠤᠸ᠎ᠠ ᠬᠢᠵᠢᠭ ᠢ ᠰᠡᠷᠬᠡᠶᠢᠯᠡᠬᠦ ᠬᠤᠪᠴᠠᠰᠣ ᠪᠠᠨ | ᠪᠦᠷᠢᠨ ᠲᠦᠬᠦᠷ ᠡᠮᠦᠰᠴᠢᠬᠡᠬᠡᠳ ᠡᠪᠡᠳᠴᠢᠳᠡᠨ ᠤ ᠲᠠᠰᠤᠭ ᠲᠤ ᠠᠩᠬ᠎ᠠ ᠠᠯᠬᠤᠬᠤ ᠦᠶ᠎ᠡ ᠳᠤ ᠪᠠᠨ ᠦᠪᠡᠷ ᠲᠤ | ᠪᠠᠨ ᠢᠩᠬᠢᠵᠦ ᠬᠠᠳᠠᠭᠤᠬᠠᠨ ᠵᠠᠬᠢᠯ᠎ᠠ ᠬᠡᠨ᠎ᠡ᠃ | ᠬᠢᠵᠢᠭ ᠲᠤ ᠬᠠᠯᠳᠠᠪᠣᠷᠢᠯᠠᠭᠳᠠᠬᠤ ᠠᠴᠠ ᠰᠡᠷᠬᠡᠶᠢᠯᠡᠨ ᠠᠵᠢᠯ ᠳᠤ ᠭᠠᠷᠬᠤ ᠠᠴᠠ ᠡᠮᠦᠨᠡᠬᠢ ᠬᠤᠶᠠᠷ ᠴᠠᠭ ᠲᠤ | ᠢᠳᠡᠵᠦ ᠣᠣᠭᠤᠬᠤ ᠪᠠᠨ ᠲᠠᠰᠣ ᠴᠡᠬᠡᠷᠯᠡᠳᠡᠭ᠃ ᠬᠤᠭᠤᠯᠠ ᠢᠳᠡᠬᠦ᠂ ᠨᠢᠭᠤᠷ ᠣᠬᠢᠶᠠᠬᠤ ᠠᠴᠠ ᠪᠣᠰᠣᠳ ᠴᠠᠭ | ᠲᠤ ᠪᠠᠷᠤᠭ ᠠᠮᠠᠪᠴᠢ ᠪᠠᠨ ᠠᠪᠳᠠᠭ ᠦᠬᠡᠢ᠃ ᠭᠤᠷᠪᠠᠨ ᠲᠠᠪᠬᠤᠷ ᠬᠠᠮᠠᠭᠠᠯᠠᠯᠳᠠ ᠶᠢᠨ ᠬᠤᠪᠴᠠᠰᠣ ᠪᠠᠨ ᠲᠠᠶᠢᠯᠣᠯ | ᠦᠬᠡᠢ᠂ ᠬᠤᠭᠤᠯᠠ ᠣᠮᠳᠠ ᠦᠬᠡᠢ ᠪᠦᠬᠦᠯᠢ 6 ᠴᠠᠭ ᠠᠵᠢᠯᠯᠠᠭᠠᠳ ᠰᠠᠶ᠋ᠢ ᠠᠵᠢᠯ ᠠᠴᠠ ᠪᠠᠨ ᠪᠠᠭᠤᠳᠠᠭ᠃ ᠵᠠᠷᠢᠮ | ᠪᠠᠴᠢᠮ ᠶᠠᠭᠠᠷᠠᠣ ᠴᠠᠭ ᠲᠤ ᠪᠠᠨ ᠠᠷᠪᠠᠨ ᠬᠡᠳᠦᠨ ᠴᠠᠭ ᠦᠷᠬᠦᠯᠵᠢᠯᠡᠨ ᠠᠵᠢᠯᠯᠠᠴᠢᠬᠠᠳᠠᠭ ᠣᠳᠠᠭ᠎ᠠ ᠴᠦ ᠮᠣᠩ | ᠦᠬᠡᠢ ᠲᠣᠬᠢᠶᠠᠯᠳᠣᠳᠠᠭ᠃ ᠦᠬᠠᠨ ᠤ ᠬᠤᠶᠠᠳᠣᠭᠠᠷ ᠰᠠᠷ᠎ᠠ ᠶᠢᠨ ᠠᠭᠤᠷ ᠠᠮᠢᠰᠬᠤᠯ ᠬᠡᠵᠦ ᠵᠢᠭᠡᠬᠦᠨ ᠬᠦᠢᠳᠡᠨ᠂ | ᠬᠠᠪᠣᠷ ᠤᠨ ᠬᠦᠢᠳᠡᠨ ᠪᠣᠷᠤᠭ᠎ᠠ ᠲᠠᠰᠣᠷᠠᠰᠢ ᠦᠬᠡᠢ ᠣᠷᠣᠨ᠎ᠠ᠃ ᠣᠮᠠᠷᠠᠳᠣ ᠣᠷᠣᠨ ᠤ ᠬᠢ ᠰᠢᠭ ᠲᠣᠯᠠᠭᠠᠯᠠᠬᠤ | ᠲᠦᠬᠦᠷᠦᠮᠵᠢ ᠪᠠᠶᠢᠳᠠᠭ ᠦᠬᠡᠢ ᠣᠴᠢᠷ ᠠᠴᠠ ᠬᠦᠯ ᠭᠠᠷ ᠵᠢᠩᠬᠢᠨᠠᠵᠣ ᠲᠠᠭᠠᠷᠠᠬᠤ ᠭᠡᠵᠦ ᠬᠡᠴᠡᠬᠦᠦ᠃ ᠡᠳᠦᠷ ᠠᠴᠠ | ᠡᠳᠦᠷ ᠡᠷᠡᠭᠦᠯᠵᠢᠵᠦ ᠪᠠᠶᠢᠭ᠎ᠠ ᠡᠪᠡᠳᠴᠢᠳᠡᠨ ᠢᠶᠠᠨ ᠬᠠᠷᠠᠬᠤ ᠪᠦᠷᠢ ᠣᠶᠣᠩᠭᠤᠸ᠎ᠠ ᠶᠢᠨ ᠬᠠᠯᠠᠭᠤᠨ ᠵᠣᠷᠢᠭ ᠨᠢ | ᠣᠷᠬᠢᠯᠵᠣ᠂ ᠪᠡᠬᠡᠷᠡᠵᠦ ᠲᠠᠭᠠᠷᠠᠳᠠᠭ ᠢᠶᠠᠨ ᠬᠠᠮᠢᠶᠠᠷᠣᠯ ᠦᠬᠡᠢ ᠠᠵᠢᠯ ᠳᠤ ᠪᠠᠨ ᠰᠢᠭᠤᠷᠬᠠᠶᠢᠯᠠᠵᠣ ᠯᠡ ᠪᠠᠶᠢᠯ᠎ᠠ᠃ | ᠲᠡᠷᠡ ᠡᠪᠡᠳᠴᠢᠳᠡᠨ ᠳᠤ ᠡᠮ ᠶᠡᠬᠦᠯᠡᠬᠦ᠂ ᠡᠮ ᠣᠣᠭᠤᠯᠭᠠᠬᠤ᠂ ᠡᠳᠦᠷ ᠪᠦᠷᠢ 4 ᠣᠳᠠᠭ᠎ᠠ ᠪᠡᠶ᠎ᠡ ᠶᠢᠨ ᠲᠣᠯᠠᠭᠠᠠ ᠢ | ᠨᠢ ᠬᠡᠮᠵᠢᠬᠦ᠂ ᠢᠳᠡᠵᠦ ᠣᠣᠭᠤᠬᠤ ᠠᠴᠠ ᠡᠬᠢᠯᠡᠨ ᠡᠳᠦᠷ ᠲᠣᠳᠣᠮ ᠤᠨ ᠠᠮᠢᠳᠣᠷᠠᠯ ᠳᠤ ᠨᠢ ᠲᠣᠯᠳᠠᠯ᠎ᠠ | ᠬᠠᠷᠠᠭᠠᠯᠵᠠᠳᠠᠭ ︵ᠣᠴᠢᠷ ᠨᠢ ᠡᠪᠡᠳᠴᠢᠳᠡᠨ ᠤ ᠬᠠᠵᠠᠭᠤ ᠳᠤ ᠬᠡᠷ ᠤᠨ ᠬᠦᠮᠦᠰ ᠨᠢ ᠨᠢᠬᠡ ᠴᠦ ᠪᠠᠶᠢᠬᠤ ᠦᠬᠡᠢ︶᠃ | ᠡᠪᠡᠳᠴᠢᠳᠡᠨ ᠤ ᠪᠡᠶ᠎ᠡ ᠶᠢᠨ ᠲᠣᠯᠠᠭᠠᠠ ᠠᠴᠠ ᠭᠠᠳᠠᠨ᠎ᠠ ᠵᠢᠷᠦᠬᠡᠨ ᠤ ᠴᠣᠬᠢᠯᠭ᠎ᠠ᠂ ᠪᠦᠬᠡᠮ ᠬᠦᠴᠢᠯ ᠪᠠ ᠴᠢᠰᠣᠨ | ᠲᠣᠳᠣᠷᠠᠬᠢ ᠬᠦᠴᠢᠯᠳᠦ᠋ᠷᠦᠭᠴᠢ ᠶᠢᠨ ᠬᠡᠮᠵᠢᠶ᠎ᠡ ᠶᠢ ᠴᠦ ᠪᠠᠶᠢᠴᠠᠭᠠᠨ ᠬᠡᠮᠵᠢᠬᠦ᠂ ᠨᠡᠯᠢᠶᠡᠳ ᠬᠦᠨᠳᠦ ᠡᠪᠡᠳᠴᠢᠳᠡᠨ ᠢ | ᠲᠠᠷᠣᠢ ᠳᠤ ᠨᠢ ᠦᠬᠠᠨ ᠬᠤᠳᠠ ᠶᠢᠨ ᠰᠢᠶᠧ ᠾᠧ ᠡᠮᠨᠡᠯᠬᠡ ᠶᠢᠨ ᠬᠤᠷᠢᠶᠠᠨ ᠳᠤ ᠰᠢᠯᠵᠢᠬᠦᠯᠬᠦ ᠁ ᠵᠡᠷᠬᠡ | ᠨᠠᠷᠢᠨ ᠰᠢᠷᠢᠨ ᠮᠦᠷᠳᠡᠬᠡᠨ ᠴᠢᠬᠤᠯᠠ ᠠᠵᠢᠯ ᠢ ᠬᠠᠷᠢᠭᠤᠴᠠᠳᠠᠭ ᠪᠠᠶᠢᠯ᠎ᠠ᠃ ᠲᠡᠬᠦᠨ ᠤ ᠬᠠᠴᠠᠷ ᠲᠤ ᠬᠡᠳᠦᠶᠢᠨ ᠤ | ᠠᠮᠠᠪᠴᠢ ᠶᠢᠨ ᠣᠭᠤᠰᠣᠷ ᠤᠨ ᠣᠷᠣ ᠣᠯᠠᠶᠢᠳᠠᠯᠠ ᠰᠢᠬᠢᠳᠴᠦ᠂ ᠢᠬᠢᠷᠡᠬᠦᠯᠦᠨ ᠵᠠᠭᠠᠳᠣᠨᠠᠭᠤᠯᠣᠨᠠ᠂ ᠬᠤᠶᠠᠷ ᠬᠦᠯ | ᠳᠤ ᠨᠢ ᠬᠦᠬᠡᠪᠦᠷᠢ ᠰᠠᠭᠤᠵᠣ ᠡᠪᠡᠳᠬᠡᠨ᠎ᠡ᠃ | ᠬᠤᠸᠠᠩ ᠣᠶᠣᠩᠭᠤᠸ᠎ᠠ ᠴᠢᠩᠭᠡᠯᠢᠭ ᠡᠮᠨᠡᠯᠬᠡ ᠶᠢᠨ ᠬᠤᠷᠢᠶ᠎ᠠ ᠳᠤ ᠬᠦᠷᠴᠦ ᠠᠵᠢᠯᠯᠠᠬᠤ ᠦᠶ᠎ᠡ ᠳᠤ ᠬᠢᠵᠢᠭ ᠤᠨ | ᠪᠠᠶᠢᠳᠠᠯ ᠨᠡᠯᠢᠶᠡᠳ ᠬᠦᠨᠳᠦ ᠨᠣᠴᠢᠳᠠᠢ᠂ ᠡᠮᠨᠡᠯᠬᠡ ᠳᠤ ᠨᠡᠶᠢᠳᠡ 1160 ᠡᠪᠡᠳᠴᠢᠳᠡᠨ ᠡᠮᠨᠡᠬᠦᠯᠵᠦ ᠪᠠᠶᠢᠯ᠎ᠠ᠃ ᠱᠠᠨ | ᠰᠢ ᠲᠣᠭᠤᠷᠢᠭ᠂ ᠭᠦᠢᠵᠸᠣ ᠲᠣᠭᠤᠷᠢᠭ᠂ ᠦᠪᠦᠷ ᠮᠣᠩᠭᠤᠯ ᠲᠣᠭᠤᠷᠢᠭ ᠁ ᠬᠡᠵᠦ ᠲᠣᠭᠤᠷᠢᠭ ᠬᠤᠪᠢᠶᠠᠨ | ᠬᠠᠷᠢᠭᠤᠴᠠᠯᠭ᠎ᠠ ᠲᠣᠳᠣᠷᠬᠠᠢ᠂ ᠬᠠᠮᠢᠶᠠᠷᠣᠯᠳᠠ ᠴᠢᠩᠭ᠎ᠠ ᠡᠮᠨᠡᠵᠦ ᠪᠠᠶᠢᠭᠰᠠᠨ ᠶᠣᠮ᠃ ᠠᠩᠬ᠎ᠠ ᠡᠬᠢᠨ ᠳᠤ ᠪᠠᠨ | ᠦᠪᠦᠷ ᠮᠣᠩᠭᠤᠯ ᠤᠨ ᠲᠣᠭᠤᠷᠢᠭ ᠤᠨ ᠰᠣᠪᠢᠯᠠᠭᠴᠢ ᠪᠦᠷᠢ ᠭᠤᠴᠢ ᠭᠠᠷᠣᠢ ᠡᠪᠡᠳᠴᠢᠳᠡᠨ ᠢ ᠬᠠᠷᠢᠭᠤᠴᠠᠨ | ᠰᠣᠪᠢᠯᠠᠳᠠᠭ ᠪᠠᠶᠢᠯ᠎ᠠ᠃ ᠡᠮᠴᠢ ᠰᠣᠪᠢᠯᠠᠭᠴᠢᠳ ᠤᠨ ᠨᠠᠷᠢᠨ ᠨᠢᠮᠪᠠᠢ ᠲᠣᠳᠣᠮᠳᠠᠯᠭ᠎ᠠ ᠲᠣᠣᠷ᠎ᠠ ᠡᠪᠳᠴᠢᠨ ᠨᠢ | ᠢᠯᠠᠷᠢᠰᠢᠵᠤ ᠡᠮᠨᠡᠯᠬᠡ ᠠᠴᠠ ᠭᠠᠷᠬᠤ ᠡᠪᠡᠳᠴᠢᠳᠡᠨ ᠤ ᠲᠤᠭ᠎ᠠ ᠡᠳᠦᠷ ᠢᠷᠡᠬᠦᠶ᠎ᠡ ᠨᠡᠮᠡᠭᠳᠡᠨ᠎ᠡ᠃ ᠢᠯᠠᠷᠢᠰᠢᠭᠰᠠᠨ | ᠡᠪᠡᠳᠴᠢᠳᠡᠨ ᠡᠮᠨᠡᠯᠬᠡ ᠠᠴᠠ ᠭᠠᠷᠬᠤ ᠠᠴᠠ ᠪᠠᠨ ᠡᠮᠦᠨ᠎ᠡ ᠴᠢᠩ ᠰᠡᠳᠬᠢᠯ ᠤᠨ ᠪᠠᠶᠠᠷ ᠲᠠᠯᠠᠷᠬᠠᠯ ᠤᠨ ᠦᠬᠡ ᠪᠠᠨ | ᠶᠠᠷᠢᠬᠤ ᠶᠢ ᠨᠢ ᠰᠣᠨᠣᠰᠬᠤ ᠪᠦᠷᠢ ᠬᠤᠸᠠᠩ ᠣᠶᠣᠩᠭᠤᠸ᠎ᠠ ᠲᠦᠢᠯ ᠢᠶᠠᠷ ᠣᠮᠣᠭᠰᠢᠨ ᠪᠠᠶᠠᠰᠴᠣ᠂ ᠦᠪᠡᠷ ᠤᠨ | ᠪᠡᠶ᠎ᠡ ᠳᠤ ᠪᠠᠨ ᠨᠡᠩ ᠢᠳᠡᠬᠡᠯ ᠲᠡᠬᠦᠯᠳᠡᠷ ᠪᠣᠯᠳᠠᠭ᠃ ᠣᠳᠤᠭ᠎ᠠ ᠦᠬᠡᠢ ᠲᠠᠶᠢᠨ ᠤ ᠹᠷᠣᠨᠲ ᠲᠤ ᠲᠡᠷᠡ ᠡᠳᠦᠷ ᠪᠦᠷᠢ | ᠡᠷᠡᠮᠡᠬᠡᠶᠢᠯᠡᠨ ᠠᠵᠢᠯᠯᠠᠭᠰᠠᠭᠠᠷ ᠪᠠᠶᠢᠯ᠎ᠠ᠃ | | ᠬᠠᠪᠣᠷ ᠤᠨ ᠣᠷᠢ ᠰᠢᠭ᠋ ᠲᠣᠯᠠᠭᠠᠨ ᠠᠮᠢᠰᠬᠤᠯ ᠡᠪᠡᠳᠴᠢᠳᠡᠨ ᠤ ᠲᠠᠰᠤᠭ ᠲᠤ ᠦᠷᠬᠦᠯᠵᠢ ᠲᠣᠬᠢᠶᠠᠳᠠᠭ | | ᠣᠷᠣᠢ ᠶᠢᠨ ᠠᠷᠪᠠᠨ ᠴᠠᠭ ᠦᠩᠬᠡᠷᠡᠴᠢᠬᠡᠬᠡᠳ ᠪᠠᠶᠢᠯ᠎ᠠ᠃ ᠬᠤᠸᠠᠩ ᠣᠶᠣᠩᠭᠤᠸ᠎ᠠ ᠣᠷᠣᠢ ᠶᠢᠨ ᠡᠬᠡᠯᠵᠢ ᠪᠠᠷ | ᠡᠪᠡᠳᠴᠢᠳᠡᠨ ᠤ ᠪᠡᠶ᠎ᠡ ᠶᠢᠨ ᠳᠤᠯᠠᠭᠠᠨ ᠢ ᠬᠡᠮᠵᠢᠵᠦ ᠲᠠᠭᠤᠰᠣᠭᠠᠳ ᠲᠡᠮᠳᠡᠭᠯᠡᠯ ᠢᠶᠠᠨ ᠬᠢᠵᠦ ᠪᠠᠶᠢᠪᠠ᠃ | ᠡᠪᠡᠳᠴᠢᠳᠡᠨ ᠤ ᠦᠷᠦᠬᠡᠨ ᠳᠤ ᠨᠢᠬᠡ ᠡᠪᠦᠬᠡᠨ ᠴᠣᠩᠬᠤ ᠨᠠᠯᠠᠵᠣ ᠭᠠᠳᠠᠭᠰᠢ ᠪᠠᠷᠠᠯᠠᠬᠤ ᠶᠢᠨ ᠲᠠᠭᠠᠣ ᠰᠡᠬᠦᠷᠡᠰᠦ | ᠠᠯᠳᠠᠵᠣ ᠵᠣᠭᠰᠣᠨ᠎ᠠ ᠪᠢᠯᠡ᠃ ᠲᠡᠷᠡ ᠡᠪᠦᠬᠡᠨ ᠤ ᠬᠠᠵᠠᠭᠤ ᠳᠤ ᠬᠦᠷᠴᠦ ᠨᠠᠮ ᠲᠠᠭᠤ ᠪᠠᠷ᠄ ︽ᠠᠪᠠᠭ᠎ᠠ ᠡ᠂ | ᠡᠳᠦᠢ ᠣᠷᠣᠢ ᠪᠣᠯᠴᠢᠬᠠᠭᠰᠠᠨ ᠪᠠᠶᠢᠬᠤ ᠳᠤ ᠶᠠᠭᠠᠬᠢᠭᠠᠳ ᠣᠨᠳᠠᠵᠣ ᠠᠮᠠᠷᠠᠬᠤ ᠦᠬᠡᠢ ᠪᠣᠢ ︖︾ ᠬᠡᠵᠦ | ᠠᠰᠠᠭᠤᠬᠤ ᠳᠤ᠂ ᠡᠪᠦᠬᠡᠨ᠄ ︽ᠵᠦᠬᠡᠷ ᠵᠦᠬᠡᠷ᠂ ᠬᠡᠣᠬᠡ ᠡ᠂ ᠬᠠᠷᠢᠨ ᠴᠢᠨᠦ ᠬᠡᠳᠦᠨ ᠴᠠᠭ ᠶᠠᠭᠠᠷᠠᠯᠳᠠᠢ | ᠠᠵᠢᠯᠯᠠᠭᠠᠳ ᠲᠦᠷ ᠰᠠᠭᠤᠵᠣ ᠠᠮᠠᠷᠠᠬᠤ ᠶᠢ ᠴᠢᠨᠢ ᠣᠯᠵᠣ ᠬᠠᠷᠠᠭ᠎ᠠ ᠦᠬᠡᠢ ᠰᠢᠣ ᠳ᠋ᠠ᠂ ᠰᠣᠪᠢᠯᠠᠭᠴᠢ ᠬᠦᠮᠦᠨ ᠤ | ᠠᠵᠢᠯ ᠮᠦᠨ ᠴᠦ ᠠᠮᠠᠷ ᠦᠬᠡᠢ᠂ ᠡᠷᠳᠡᠬᠡᠨ ᠠᠮᠠᠷᠠᠭᠠᠷᠠᠢ︾ ᠬᠡᠵᠦ ᠬᠦᠬᠡᠷᠦᠬᠦᠶᠢᠯᠡᠨ ᠶᠠᠷᠢᠭᠰᠠᠨ ᠢᠶᠠᠨ᠄ ︽ᠪᠢ | ᠪᠠᠶᠢᠰᠬᠢᠬᠡᠳ ᠠᠮᠠᠷᠠᠨ᠎ᠠ᠂ ᠲᠠ ᠰᠠᠨᠠᠭ᠎ᠠ ᠠᠮᠠᠷ ᠪᠠᠶᠢᠭᠠᠷᠠᠢ︾ ᠬᠡᠪᠡ᠃ | ︽ᠬᠢᠵᠢᠭ ᠡᠪᠡᠳᠴᠢᠨ ᠳᠤ ᠨᠡᠷᠪᠡᠭᠳᠡᠭᠰᠡᠨ ᠬᠦᠮᠦᠨ ᠢᠯᠡᠬᠦᠬᠡᠨ ᠣᠨᠳᠠᠵᠣ ᠠᠮᠠᠷᠠᠬᠤ ᠴᠢᠬᠤᠯᠠᠳᠠᠢ ᠰᠢᠣ᠂ ᠨᠡᠩ | ᠲᠠ ᠨᠠᠷ ᠰᠢᠭ ᠦᠳᠡᠯᠦᠬᠡ ᠨᠠᠰᠣᠨ ᠤ ᠡᠪᠡᠳᠴᠢᠳᠡᠨ ᠪᠡᠶ᠎ᠡ ᠪᠠᠨ ᠰᠠᠶᠢᠳᠣᠷ ᠰᠣᠪᠢᠯᠠᠬᠤ ᠬᠡᠷᠡᠭᠳᠡᠢ︾ ᠬᠡᠵᠦ ᠬᠤᠸᠠᠩ | ᠣᠶᠣᠩᠭᠤᠸ᠎ᠠ ᠨᠠᠰᠣᠳᠠᠨ ᠳᠤ ᠰᠠᠨᠠᠭᠤᠯᠣᠨ ᠶᠠᠷᠢᠬᠤ ᠪᠠᠷ ᠡᠪᠦᠬᠡᠨ ᠤ ᠨᠢᠳᠣ ᠨᠢ ᠵᠠᠶᠢᠷᠳᠣᠴᠢᠬᠠᠭᠰᠠᠨ᠄ ︽ᠴᠢᠮ᠎ᠠ ᠶᠢ | ᠬᠠᠷᠠᠭᠠᠳ ᠪᠢ ᠬᠡᠣᠬᠡᠨ ᠢᠶᠠᠨ ᠰᠠᠨᠠᠴᠢᠬᠠᠵᠠᠢ᠂ ᠶᠠᠭᠠᠬᠢᠭᠰᠠᠨ ᠴᠠᠭᠠᠪᠣᠷᠢ ᠰᠡᠳᠬᠢᠯ ᠲᠠᠢ ᠰᠠᠶᠢᠨ ᠬᠡᠣᠬᠡᠨ ᠪᠣᠢ ᠴᠢ︾ | ᠬᠡᠵᠦ ᠰᠡᠳᠬᠢᠯ ᠲᠣᠭᠳᠣᠯᠣᠨ ᠶᠠᠷᠢᠪᠠ᠃ ᠲᠡᠬᠡᠬᠡᠳ ᠲᠡᠷᠡ ᠶᠠᠭᠠᠬᠢᠭᠠᠳ ᠡᠨᠡ ᠡᠮᠨᠡᠯᠬᠡ ᠳᠤ ᠡᠪᠡᠳᠴᠢᠳᠡᠨ ᠢᠶᠠᠷ | ᠬᠦᠷᠬᠡᠭᠳᠡᠭᠰᠡᠨ ᠦᠯᠢᠬᠡᠷ ᠢᠶᠠᠨ ᠶᠠᠷᠢᠵᠣ ᠦᠭᠪᠡ᠃ | ︽ᠪᠢ ᠪᠣᠯ ᠠᠵᠢᠯ ᠠᠴᠠ ᠪᠠᠨ ᠠᠮᠠᠷᠠᠭᠰᠠᠨ ᠠᠬᠠᠮᠠᠳ ᠺᠳᠠᠷ᠂ ᠡᠪ ᠬᠠᠮᠳᠣ ᠨᠠᠮ ᠤᠨ ᠬᠡᠰᠢᠬᠦᠨ᠃ ᠵᠠᠯᠠᠭᠤ | ᠨᠠᠰᠣᠨ ᠠᠴᠠ ᠪᠠᠨ ᠪᠠᠶ᠎ᠡ ᠲᠠᠮᠢᠷ ᠤᠨ ᠪᠣᠯᠪᠠᠰᠣᠷᠠᠯ ᠳᠤ ᠨᠡᠶᠢᠳᠡᠮ ᠣᠷᠣᠯᠴᠠᠳᠠᠭ ᠠᠴᠠ ᠪᠡᠶ᠎ᠡ ᠴᠢᠬᠢᠷᠠᠭ ᠴᠢᠩᠭ᠎ᠠ᠃ | ᠦᠬᠠᠨ ᠬᠤᠳᠠ ᠳᠤ ᠡᠨᠡ ᠬᠦ ᠬᠤᠣᠷᠳᠣ ᠬᠢᠵᠢᠭ ᠲᠡᠯᠬᠡᠷᠡᠵᠦ ᠡᠬᠢᠯᠡᠬᠦ ᠳᠤ ᠪᠢ ᠬᠠᠮᠤᠭ ᠠᠩᠬᠠᠨ ᠤ ᠰᠠᠶᠢᠨ ᠲᠣᠷ᠎ᠠ | ᠶᠢᠨ ᠦᠢᠯᠡᠴᠢᠯᠡᠬᠡᠨ ᠤ ᠡᠩᠨᠡᠬᠡᠨ ᠳᠤ ᠨᠡᠷ᠎ᠡ ᠮᠡᠳᠡᠬᠦᠯᠵᠦ ᠠᠵᠢᠯᠯᠠᠵᠠᠢ᠃ ᠲᠡᠳᠡ ᠮᠢᠨᠦ ᠪᠠᠶ᠎ᠡ ᠪᠠᠶᠢᠳᠠᠯ ᠢ ᠦᠵᠡᠬᠡᠳ | ᠦᠳᠡᠯᠦᠬᠡ ᠨᠠᠰᠣᠳᠠᠢ ᠬᠡᠮᠡᠨ ᠭᠤᠯᠣᠭᠰᠠᠨ ᠦᠬᠡᠢ ᠡᠩᠨᠡᠬᠡᠨ ᠳᠤ ᠪᠠᠨ ᠡᠯᠰᠡᠪᠡ᠃ ᠪᠢ ᠭᠤᠣᠯᠳᠠᠭᠤ ᠡᠪᠡᠳᠴᠢᠳᠡᠨ ᠢ | ᠬᠠᠮᠠᠭᠠᠯᠠᠨ ᠬᠦᠷᠬᠡᠬᠦ ᠠᠵᠢᠯ ᠳᠤ ᠨᠢ ᠲᠣᠰᠠᠯᠠᠳᠠᠭ ᠪᠠᠶᠢᠵᠠᠢ᠃ ᠡᠨᠡ ᠣᠴᠢᠷ ᠢᠶᠠᠨ ᠭᠠᠭᠴᠠ ᠬᠦᠭᠰᠢᠨ ᠳᠤ ᠪᠠᠨ | ᠶᠠᠷᠢᠭᠰᠠᠨ ᠶᠣᠮ᠃ ᠬᠡᠨᠡᠳᠳᠡ ᠨᠢᠬᠡ ᠡᠳᠦᠷ ᠪᠢ ᠬᠠᠯᠠᠭᠤᠷᠠᠴᠢᠬᠠᠯᠠ᠂ ᠪᠠᠶᠢᠴᠠᠭᠠᠭᠰᠠᠨ ᠤ ᠳ᠋ᠦᠩ ᠳᠤ ᠰᠢᠨ᠎ᠡ | ᠬᠡᠯᠪᠡᠷᠢ ᠶᠢᠨ ᠲᠢᠳᠢᠮᠯᠢᠭ ᠠᠭᠤᠰᠬᠢᠨ ᠦᠷᠪᠢᠰᠦᠯ ᠬᠡᠵᠦ ᠣᠨᠣᠰᠢᠯᠠᠭᠳᠠᠯᠠ᠃ ᠠᠢ᠂ ᠣᠯᠣᠰ ᠬᠡᠷ ᠲᠤ ᠪᠠᠨ ᠵᠢᠭᠠᠬᠠᠨ | ᠴᠦ ᠬᠡᠰᠡᠨ ᠲᠣᠰᠠ ᠪᠣᠯᠣᠶ᠎ᠠ ᠬᠡᠵᠦ ᠪᠠᠶᠢᠭᠰᠠᠭᠠᠷ ᠬᠠᠷᠢᠨ ᠲᠤᠰᠢᠶ᠎ᠠ ᠪᠣᠯᠴᠢᠬᠠᠵᠠᠢ᠃ ᠲᠠᠨᠣᠰ ᠢᠶᠠᠷ ᠡᠳᠦᠷᠵᠢᠨ | ᠬᠠᠷᠠᠭᠠᠯᠵᠠᠭᠤᠯᠣᠭᠠᠳ ᠲᠣᠳᠣᠷ᠎ᠠ ᠲᠦᠪᠳᠡᠬᠦ ᠦᠬᠡᠢ ᠪᠠᠶᠢᠨ᠎ᠠ ᠰᠢᠣ᠃ ᠪᠢ ᠡᠨᠡ ᠬᠢᠵᠢᠭ ᠲᠤ ᠬᠠᠯᠳᠠᠣᠷᠢᠯᠠᠭᠳᠠᠭᠠᠳ | ᠡᠪᠡᠳᠴᠢᠨ ᠠᠴᠠ ᠠᠶᠣᠭᠰᠠᠨ ᠪᠣᠰᠣ᠂ ᠬᠠᠷᠢᠨ ᠬᠡᠷ ᠤᠨ ᠬᠦᠮᠦᠰ ᠮᠢᠨᠦ ᠬᠤᠶᠢᠨ᠎ᠠ ᠠᠴᠠ ᠵᠣᠪᠠᠵᠣ ᠰᠠᠨᠠᠭᠠᠰᠢᠷᠠᠵᠣ | ᠪᠠᠶᠢᠭ᠎ᠠ ᠳᠤ ᠨᠢ ᠢᠯᠡᠬᠦᠦ ᠵᠣᠪᠠᠵᠣ ᠪᠠᠶᠢᠨ᠎ᠠ᠃ ᠰᠠᠶᠢᠨ ᠲᠣᠷ᠎ᠠ ᠶᠢᠨ ᠦᠢᠯᠡᠴᠢᠬᠡᠨ ᠤ ᠠᠵᠢᠯ ᠬᠢᠭᠰᠡᠨ ᠠᠴᠠ | ᠠᠪᠣᠭᠠᠳ ᠣᠳᠣ ᠪᠣᠯᠳᠠᠯ᠎ᠠ ᠬᠡᠷ ᠤᠨ ᠬᠦᠮᠦᠰ ᠲᠠᠢ ᠪᠠᠨ ᠠᠭᠤᠯᠵᠠᠭ᠎ᠠ ᠦᠬᠡᠢ᠃ ᠬᠡᠣᠬᠡᠳ ᠢᠶᠠᠨ ᠰᠠᠨᠠᠴᠢᠬᠠᠯ᠎ᠠ᠂ | ᠬᠦᠭᠰᠢᠨ ᠢᠶᠠᠨ ᠥᠷᠦ ᠡᠪᠡᠳᠴᠢᠬᠡᠯᠡ᠃ ᠡᠨᠡ ᠶᠠᠪᠣᠭ᠎ᠠ ᠨᠠᠰᠣᠨ ᠳᠤ ᠪᠠᠨ ᠬᠡᠷ ᠤᠨ ᠬᠦᠮᠦᠰ ᠲᠤ ᠪᠠᠨ ᠲᠡᠬᠡᠬᠡᠷᠡ | ᠲᠠᠷᠣᠭᠠᠰᠣ ᠪᠣᠯᠵᠣ ᠦᠩᠬᠡᠷᠡᠭᠡ ᠦᠬᠡᠢ᠂ ᠣᠳᠣ ᠲᠡᠳᠡ ᠡᠳᠦᠷ ᠪᠦᠷᠢ ᠮᠢᠨᠦ ᠡᠪᠡᠳᠴᠢᠨ ᠤ ᠲᠣᠬᠠᠢ ᠠᠰᠠᠭᠤᠵᠣ | ᠰᠣᠷᠠᠵᠣ ᠯᠡ ᠪᠠᠶᠢᠨ᠎ᠠ᠃ ᠲᠡᠳᠡᠨ ᠤ ᠰᠠᠨᠳᠣᠷᠬᠤ ᠨᠢ ᠴᠦ ᠵᠦᠪ ᠡ᠂ ᠬᠢᠵᠢᠭ ᠡᠪᠡᠳᠴᠢᠨ ᠢᠶᠠᠷ ᠠᠳᠡᠵᠦ ᠪᠠᠶᠢᠭ᠎ᠠ | ᠲᠤᠭ᠎ᠠ ᠨᠡᠮᠡᠭᠳᠡᠵᠦ ᠯᠡ ᠪᠠᠶᠢᠬᠤ ᠶᠣᠮ ᠴᠢᠨᠢ ᠮᠢᠨᠦ ᠬᠤᠶᠢᠨ᠎ᠠ ᠠᠴᠠ ᠰᠠᠨᠠᠭ᠎ᠠ ᠪᠣᠯᠬᠤ ᠨᠢ ᠶᠠᠷᠢᠶᠠᠨ ᠦᠬᠡᠢ ᠁ | ᠬᠡᠣᠬᠡ ᠡ᠂ ᠲᠠᠨᠣᠰ ᠴᠦ ᠪᠡᠶ᠎ᠡ ᠪᠠᠨ ᠢᠯᠡᠬᠦᠦ ᠭᠠᠮᠨᠠᠭᠠᠷᠠᠢ᠂ ᠬᠢᠵᠢᠭ ᠤᠨ ᠪᠠᠺᠲ᠋ᠧᠷᠢ ᠨᠢᠳᠣ ᠦᠬᠡᠢ ᠰᠢᠣ︾ ᠭᠡᠪᠡ | ᠃ ᠡᠪᠦᠬᠡᠨ ᠤ ᠶᠠᠷᠢᠬᠤ ᠶᠢ ᠰᠣᠨᠣᠰᠴᠣ ᠪᠠᠶᠢᠭᠰᠠᠭᠠᠷ ᠬᠤᠸᠠᠩ ᠣᠶᠣᠩᠭᠤᠸ᠎ᠠ ᠣᠶᠠᠷᠠᠴᠢᠬᠠᠪᠠ᠂ ᠣᠬᠢᠯᠠᠴᠢᠬᠠᠪᠠ᠃ ︽ | ᠣᠯᠣᠰ ᠬᠡᠷ ᠤᠨ ᠡᠩᠬᠡ ᠠᠮᠣᠭᠤᠯᠠᠩ ᠤᠨ ᠲᠦᠯᠦᠬᠡ ᠦᠪᠡᠷ ᠤᠨ ᠪᠡᠶ᠎ᠡ ᠶᠢᠨ ᠵᠣᠯ ᠵᠢᠷᠭᠠᠯ ᠢ ᠣᠭᠤᠷᠴᠣ᠂ | ᠦᠳᠡᠯᠦᠬᠡ ᠪᠡᠶ᠎ᠡ ᠪᠠᠨ ᠬᠠᠶᠢᠬᠤᠷᠤᠯ ᠦᠬᠡᠢ ᠲᠡᠮᠡᠴᠡᠨ᠎ᠡ ᠬᠡᠭᠴᠢ ᠶᠠᠭᠠᠬᠢᠭᠰᠠᠨ ᠡᠷᠬᠢᠮ ᠲᠡᠬᠡᠳᠦ ᠠᠵᠢᠯᠯᠠᠭ᠎ᠠ ᠪᠣᠢ᠃ | ᠡᠬᠦᠨ ᠲᠠᠢ ᠬᠠᠷᠢᠴᠠᠭᠤᠯᠪᠠᠯ ᠪᠢ ᠴᠢᠨᠢ ᠨᠠᠰᠣ ᠵᠠᠯᠠᠭᠤ᠂ ᠲᠣᠰᠬᠠᠢ ᠮᠡᠷᠬᠡᠵᠢᠯ ᠤᠨ ᠰᠣᠪᠢᠯᠠᠭᠴᠢ ᠬᠦᠮᠦᠨ᠂ ᠮᠦᠨ | ᠬᠦᠮᠦᠨ ᠪᠦᠬᠦᠨ ᠤ ᠮᠠᠭᠳᠠᠭᠠᠯ ᠰᠠᠶᠢᠰᠢᠶᠠᠯ ᠢᠶᠠᠷ ᠱᠠᠩᠨᠠᠭᠤᠯᠵᠣ ᠶᠠᠪᠣᠭ᠎ᠠ᠃ ᠡᠪᠦᠬᠡᠨ ᠤ ᠵᠣᠷᠢᠭ ᠰᠠᠨᠠᠭ᠎ᠠ ᠲᠠᠢ | ᠬᠠᠷᠢᠴᠠᠭᠤᠯᠪᠠᠯ ᠶᠣᠰᠣᠳᠠᠢ ᠢᠴᠢᠮᠡᠷ ᠶᠣᠮ︾ ᠬᠡᠵᠦ ᠲᠡᠷᠡ ᠲᠣᠳᠣᠷ᠎ᠠ ᠪᠠᠨ ᠪᠣᠳᠣᠪᠠ᠃ ᠡᠪᠦᠬᠡᠨ ᠤ ᠦᠯᠢᠬᠡᠷ ᠢ | ᠰᠣᠨᠣᠰᠣᠭᠰᠠᠨ ᠤ ᠲᠠᠷᠠᠭ᠎ᠠ ᠲᠡᠷᠡ ᠦᠪᠡᠷ ᠢ ᠪᠠᠨ ᠨᠡᠩ ᠦᠨᠳᠦᠷ ᠪᠠᠷᠢᠮᠵᠢᠶ᠎ᠠ ᠪᠠᠷ ᠱᠠᠭᠠᠷᠳᠠᠵᠣ᠂ ᠡᠪᠡᠳᠴᠢᠳᠡᠨ | ᠳᠤ ᠬᠠᠨᠳᠣᠬᠤ ᠣᠪᠣᠷ ᠨᠢ ᠨᠡᠩ ᠲᠦᠯᠬᠡᠨ ᠵᠦᠬᠡᠯᠡᠨ ᠪᠣᠯᠵᠣ᠂ ᠠᠵᠢᠯ ᠳᠤ ᠪᠠᠨ ᠨᠡᠩ ᠢᠳᠡᠪᠬᠢᠯᠡᠬᠦ ᠪᠣᠯᠵᠠᠢ᠃ | ᠨᠢᠬᠡ ᠡᠬᠡᠯᠵᠢ ᠶᠢᠨ ᠠᠵᠢᠯ ᠢᠶᠠᠨ ᠲᠠᠭᠤᠰᠬᠠᠭᠠᠳ ᠠᠮᠠᠷᠠᠬᠤ ᠦᠷᠦᠬᠡᠨ ᠳᠤ ᠪᠠᠨ ᠪᠣᠴᠠᠬᠤ ᠠᠴᠠ ᠪᠠᠨ ᠡᠮᠦᠨ᠎ᠡ | ᠦᠴᠦᠬᠡᠳᠦᠷ ᠰᠠᠶ᠋ᠢ ᠢᠷᠡᠭᠰᠡᠨ ᠴᠧᠨ ᠣᠪᠣᠭᠳᠠᠢ ᠡᠮᠡᠭᠳᠡᠢ ᠡᠪᠡᠳᠴᠢᠳᠡᠨ ᠢ ᠪᠣᠯᠭᠤᠭᠠᠨ ᠲᠣᠬᠤᠨᠢᠭᠤᠯᠬᠤ ᠪᠠᠷ | ᠡᠪᠡᠳᠴᠢᠳᠡᠨ ᠤ ᠦᠷᠦᠬᠡᠨ ᠳᠤ ᠨᠢ ᠬᠦᠷᠪᠡ᠃ ᠲᠣᠰ ᠡᠪᠡᠳᠴᠢᠳᠡᠨ ᠬᠢᠵᠢᠭ ᠡᠪᠡᠳᠴᠢᠳᠡᠨ ᠳᠤ ᠬᠦᠨᠳᠦ | ᠨᠡᠷᠪᠡᠭᠳᠡᠭᠰᠡᠨ ᠪᠦᠬᠡᠳ ᠣᠣᠯ ᠳᠤ ᠪᠠᠨ ᠬᠦᠩᠬᠡᠵᠢᠭᠰᠡᠨ ᠤ ᠲᠠᠷᠠᠭᠠᠬᠢ ᠭᠠᠩᠰᠠᠷᠠᠬᠤ ᠡᠪᠡᠳᠴᠢᠨ ᠳᠤ ᠨᠡᠷᠪᠡᠭᠳᠡᠵᠦ | ᠦᠩᠬᠡᠷᠡᠭᠰᠡᠨ ᠪᠦᠰᠡᠬᠦᠢ ᠶᠣᠮ ᠬᠡᠨ᠎ᠡ᠃ ᠡᠶᠢᠮᠷᠦᠬᠦᠦ ᠡᠪᠡᠳᠴᠢᠨ ᠳᠤ ᠨᠡᠷᠪᠡᠭᠳᠡᠭᠰᠡᠨ ᠬᠦᠮᠦᠨ ᠪᠣᠯ ᠶᠡᠷᠦ ᠤᠷᠮ᠎ᠠ | ᠰᠡᠳᠬᠢᠯ ᠨᠢ ᠲᠣᠭᠳᠠᠪᠣᠷᠢ ᠦᠬᠡᠢ᠂ ᠶᠠᠷᠢᠶ᠎ᠠ ᠶᠠᠩᠰᠢᠶ᠎ᠠ᠂ ᠡᠪ ᠦᠬᠡᠶᠢᠳᠡᠪᠡᠯ ᠡᠯᠳᠡᠪ ᠢᠶᠠᠷ ᠬᠠᠰᠬᠢᠷᠴᠣ | ᠴᠣᠣᠬᠢᠭᠤᠯᠳᠠᠭ ᠶᠣᠮ᠃ ᠦᠴᠦᠬᠡᠳᠦᠷ ᠡᠪᠡᠳᠴᠢᠳᠡᠨ ᠤ ᠦᠷᠦᠬᠡᠨ ᠳᠤ ᠬᠦᠷᠬᠡᠭᠳᠡᠨ ᠢᠷᠡᠬᠦ ᠳᠤ ᠪᠠᠨ᠄ ︽ᠨᠠᠮ᠎ᠠ | ᠶᠢ ᠶᠠᠭᠤᠨ ᠳᠤ ᠠᠳᠡ ᠠᠪᠴᠢᠷᠠᠵᠣ ᠬᠤᠷᠢᠭᠰᠠᠨ ᠶᠣᠮ ᠪᠣᠢ︖ ᠡᠪ ᠡᠷᠡᠬᠦᠯ᠂ ᠰᠠᠪ ᠰᠠᠷᠠᠭᠤᠯ ᠪᠠᠶᠢᠳᠠᠯ᠎ᠠ᠂ | ᠡᠮᠨᠡᠯᠬᠡ ᠳᠤ ᠠᠪᠴᠢᠷᠠᠭᠠᠳ ᠲᠣᠰᠬᠠᠷᠯᠠᠴᠢᠬᠠᠵᠠᠢ᠃ ᠨᠠᠮ᠎ᠠ ᠶᠢ ᠬᠤᠷᠳᠣᠨ ᠡᠮᠨᠡᠯᠬᠡ ᠠᠴᠠ ᠭᠠᠷᠭ᠎ᠠ᠂ ᠪᠢ ᠬᠡᠣᠬᠡᠳ | ᠢᠶᠠᠨ ᠰᠠᠨᠠᠵᠣ ᠪᠠᠶᠢᠨ᠎ᠠ᠂ ᠠᠭᠰᠢᠷᠠᠭ᠎ᠠ ᠪᠣᠯᠣᠭᠰᠠᠨ ᠠᠪᠤ ᠡᠵᠢ ᠮᠢᠨᠦ ᠬᠤᠶᠢᠨ᠎ᠠ ᠠᠴᠠ ᠰᠠᠨᠠᠭ᠎ᠠ ᠪᠣᠯᠵᠣ ᠪᠠᠶᠢᠨ᠎ᠠ ᠁ | ︾ ᠬᠡᠵᠦ ᠣᠷᠢᠯᠠᠵᠣ ᠬᠠᠰᠬᠢᠷᠣᠭᠠᠳ ᠦᠢᠮᠡᠬᠦᠯᠦᠭᠰᠡᠨ ᠬᠡᠨ᠎ᠡ᠃ ᠣᠶᠣᠩᠭᠤᠸ᠎ᠠ ᠲᠡᠷᠡ ᠪᠦᠰᠡᠬᠦᠢ ᠶᠢᠨ ᠬᠠᠵᠠᠭᠤ ᠳᠤ | ᠬᠦᠷᠬᠦ ᠳᠤ ᠣᠷᠮ᠎ᠠ ᠰᠡᠳᠬᠢᠯᠬᠡ ᠨᠢ ᠨᠡᠯᠢᠶᠡᠳ ᠲᠣᠭᠳᠠᠪᠣᠷᠢᠳᠠᠢ ᠪᠠᠶᠢᠯ᠎ᠠ᠃᠄ ︽ᠡᠬᠡᠴᠢ ᠡ᠂ ᠲᠠ ᠶᠠᠮᠠᠷ | ᠱᠠᠭᠠᠷᠳᠠᠯᠭ᠎ᠠ ᠪᠠᠶᠢᠪᠠᠯ ᠡᠷᠡᠭᠡ ᠦᠬᠡᠢ ᠲᠣᠷᠠᠳᠣᠭᠠᠷᠠᠢ᠃ ᠪᠢ ᠲᠠᠨ ᠤ ᠪᠤᠬᠢᠨᠢᠳᠤᠯ ᠢ ᠣᠶᠢᠯᠠᠭᠠᠵᠣ ᠪᠠᠶᠢᠨ᠎ᠠ᠂ | ᠠᠩᠭ᠎ᠠ ᠬᠡᠣᠬᠡᠳ ᠠᠴᠠ ᠪᠠᠨ ᠰᠠᠯᠣᠭᠠᠳ ᠠᠳᠡ ᠲᠤᠰᠠᠭᠠᠷᠯᠠᠭᠳᠠᠨ᠎ᠠ ᠬᠡᠳᠡᠭ ᠠᠮᠠᠷ ᠦᠦ ᠳ᠋ᠠ᠃ ᠪᠢ ᠪᠠᠰᠠ ᠭᠤᠷᠪᠠᠨ | ᠨᠠᠰᠣᠳᠠᠢ ᠬᠦᠣ ᠪᠠᠨ ᠬᠠᠶᠠᠭᠠᠳ ᠠᠳᠡ ᠰᠣᠪᠢᠯᠠᠭᠴᠢ ᠪᠠᠷ ᠢᠷᠡᠭᠰᠡᠨ ᠰᠢᠣ᠃ ᠬᠡᠣᠬᠡᠳ ᠢᠶᠠᠨ ᠰᠠᠨᠠᠬᠤ ᠵᠣᠪᠠᠯᠠᠩ ᠢ | ᠣᠶᠢᠯᠠᠭᠠᠬᠤ ᠦᠬᠡᠢ ᠶᠠᠭᠠᠬᠢᠬᠤ ᠪᠣᠢ᠃ ᠡᠮᠴᠢ ᠰᠣᠪᠢᠯᠠᠭᠴᠢ ᠶᠢᠨ ᠲᠣᠳᠤᠮᠳᠠᠯᠭᠠ ᠪᠠᠷ ᠪᠠᠶ᠎ᠡ ᠪᠠᠨ ᠰᠣᠪᠢᠯᠠᠪᠠᠯ | ᠣᠳᠠᠯ ᠦᠬᠡᠢ ᠡᠷᠡᠬᠦᠯᠵᠡᠬᠡᠳ᠂ ᠬᠡᠷ ᠤᠨ ᠬᠦᠮᠦᠰ ᠲᠠᠢ ᠪᠠᠨ ᠵᠣᠯᠭᠠᠴᠢᠬᠠᠬᠤ ᠶᠣᠮ ᠁︾ ᠬᠡᠵᠦ | ᠲᠣᠬᠤᠭᠤᠨᠢᠭᠤᠯᠣᠨ ᠶᠠᠷᠢᠭᠠᠳ ᠭᠠᠷᠬᠤ ᠦᠶᠡᠰ ᠲᠤ ᠪᠠᠨ ᠨᠢᠳᠣᠷᠭ᠎ᠠ ᠪᠠᠨ ᠵᠠᠩᠬᠢᠳᠣᠨ᠄ ︽ᠴᠢᠷᠮᠠᠢ︕︾ ᠬᠡᠰᠡᠨ | ᠦᠬᠡ ᠪᠠᠨ ᠲᠠᠭᠤᠨ ᠦᠬᠡᠢ ᠢᠯᠡᠳᠬᠡᠪᠡ᠃ ᠲᠡᠬᠡᠬᠡᠳ ᠪᠠᠰᠠ ᠰᠠᠨᠠᠭ᠎ᠠ ᠠᠮᠤᠷ ᠦᠬᠡᠢ ᠲᠠᠷᠠᠭᠠᠴᠢ ᠶᠢᠨ ᠡᠬᠡᠯᠵᠢ | ᠰᠣᠪᠢᠯᠠᠭᠴᠢ ᠳᠤ᠄ ︽21 ᠨᠣᠮᠧᠷᠳᠦ ᠦᠷᠦᠬᠡᠨ ᠤ 14 ᠳ᠋ᠣᠭᠠᠷ ᠣᠷᠣ ᠶᠢᠨ ᠴᠧᠨ ᠣᠪᠣᠭᠳᠠᠢ ᠪᠦᠰᠡᠬᠦᠢ ᠶᠢᠨ | ᠣᠷᠮ᠎ᠠ ᠰᠡᠳᠬᠢᠯᠬᠡ ᠨᠢ ᠲᠣᠭᠳᠠᠪᠣᠷᠢ ᠦᠬᠡᠢ ᠪᠠᠶᠢᠨ᠎ᠠ᠂ ᠵᠠᠪᠠᠯ ᠢᠯᠡᠬᠦᠦ ᠲᠣᠬᠤᠭᠤᠨᠢᠭᠤᠯᠣᠨ ᠪᠣᠯᠭᠤᠭᠠᠵᠣ ᠠᠰᠠᠷᠠᠬᠤ | ᠴᠢᠬᠤᠯᠠᠳᠠᠢ ᠰᠢᠣ︾ ᠬᠡᠵᠦ ᠲᠣᠰᠢᠶᠠᠵᠣ ᠪᠠᠷᠠᠭᠠᠳ ᠰᠠᠶ᠋ᠢ ᠦᠪᠡᠷ ᠤᠨ ᠪᠠᠶᠢᠷᠢ ᠳᠤ ᠪᠠᠨ ᠪᠣᠴᠠᠪᠠ᠃ ᠢᠩᠬᠢᠵᠦ | ᠨᠠᠷᠢᠨ ᠨᠢᠮᠪᠠᠢ ᠰᠣᠪᠢᠯᠠᠨ ᠲᠣᠳᠣᠮᠳᠠᠭᠰᠠᠨ ᠤ ᠠᠴᠢ ᠪᠠᠷ ᠴᠧᠨ ᠣᠪᠣᠭᠳᠣ ᠪᠦᠰᠡᠬᠦᠢ ᠣᠳᠠᠯ ᠦᠬᠡᠢ ᠡᠷᠡᠬᠦᠯᠵᠢᠵᠦ᠂ | ᠰᠠᠨᠠᠭ᠎ᠠ ᠰᠡᠳᠬᠢᠯ ᠨᠢ ᠴᠦ ᠮᠠᠰᠢ ᠣᠷᠮᠠᠰᠢᠨ ᠰᠠᠷᠠᠭᠤᠯᠵᠢᠭᠰᠠᠨ ᠶᠣᠮ᠃ ᠲᠡᠷᠡ ᠡᠮᠨᠡᠯᠬᠡ ᠠᠴᠠ ᠭᠠᠷᠬᠤ ᠠᠴᠠ | ᠡᠮᠦᠨ᠎ᠡ᠄ ︽ᠬᠤᠸᠠᠩ ᠰᠣᠪᠢᠯᠠᠭᠴᠢ ᠡ᠂ ᠲᠨᠨ ᠤ ᠦᠨᠡᠨ ᠰᠡᠳᠬᠢᠯ ᠤᠨ ᠬᠠᠶᠢᠷ᠎ᠠ ᠲᠣᠳᠣᠮᠳᠠᠯᠭ᠎ᠠ ᠳᠤ ᠪᠠᠶᠠᠷᠯᠠᠯ᠎ᠠ᠂ | ᠮᠣᠩᠭᠤᠯ ᠪᠦᠰᠡᠬᠦᠢ ᠶᠢᠨ ᠠᠷᠢᠭᠤᠨ ᠴᠠᠭᠠᠨ ᠰᠡᠳᠬᠢᠯ ᠳᠤ ᠴᠢᠨᠢ ᠮᠠᠨ ᠤ ᠲᠠᠰᠤᠭ ᠤᠨ ᠡᠪᠡᠳᠴᠢᠳᠡᠳ ᠴᠢᠩ | ᠰᠡᠳᠬᠢᠯ ᠠᠴᠠ ᠪᠠᠨ ᠪᠠᠶᠠᠷᠯᠠᠵᠣ ᠲᠠᠯᠠᠷᠬᠠᠵᠣ ᠪᠠᠶᠢᠨ᠎ᠠ ᠰᠢᠣ︾ ᠬᠡᠵᠦ ᠮᠠᠰᠢ ᠲᠣᠭᠳᠣᠯᠣᠨ ᠶᠠᠷᠢᠯ᠎ᠠ᠃ ᠡᠪᠡᠳᠴᠢᠳᠡᠨ | ᠤ ᠡᠷᠡᠬᠦᠯᠵᠢᠯ ᠪᠡ ᠦᠨᠡᠨᠴᠢᠬᠡᠨ ᠲᠠᠯᠠᠷᠬᠠᠯ ᠤᠨ ᠦᠬᠡ ᠨᠢ ᠬᠤᠸᠠᠩ ᠣᠶᠣᠩᠭᠤᠸ᠎ᠠ ᠳᠤ ᠠᠪᠴᠣ ᠬᠡᠯᠡᠪᠡᠯ ᠡᠬᠦᠨ | ᠠᠴᠠ ᠢᠯᠡᠬᠦᠦ ᠣᠯᠵᠠᠭᠤᠷᠬᠠᠭᠤᠰᠢᠳᠠᠢ ᠣᠴᠢᠷ ᠠᠯᠠᠭ᠎ᠠ ᠳ᠋ᠠ᠃ ᠲᠡᠷᠡ ᠢᠩᠬᠢᠵᠦ ᠯᠡ ᠣᠯᠵᠠᠭᠤᠷᠬᠠᠨ ᠪᠠᠶᠠᠰᠴᠣ᠂ | ᠣᠷᠮᠠᠰᠢᠨ ᠵᠣᠷᠢᠭᠵᠢᠵᠣ᠂ ᠡᠳᠡᠪᠬᠢᠯᠡᠨ ᠠᠵᠢᠯᠯᠠᠵᠣ ᠯᠡ ᠪᠠᠶᠢᠯ᠎ᠠ᠃ | ᠦᠬᠠᠨ ᠤ ᠵᠢᠶᠠᠩ ᠬᠠᠨ ᠲᠣᠭᠤᠷᠢᠭ ᠤᠨ ᠴᠢᠩᠭᠡᠯᠢᠭ ᠡᠮᠨᠡᠯᠬᠡ ᠶᠢᠨ ᠬᠤᠷᠢᠶᠠᠨ ᠳᠤ᠂ ᠦᠬᠠᠨ ᠢ ᠲᠣᠰᠠᠯᠠᠬᠤ | ᠦᠪᠦᠷ ᠮᠣᠩᠭᠤᠯ ᠤᠨ ᠬᠤᠶᠠᠳᠣᠭᠠᠷ ᠡᠮᠨᠡᠨ ᠵᠠᠰᠠᠬᠤ ᠲᠣᠭᠤᠶᠢᠯᠠᠩ ᠤᠨ ᠬᠢᠨ ᠬᠢᠵᠢᠭ ᠲᠠᠢ ᠲᠡᠮᠡᠴᠡᠬᠦ ᠡᠮᠦᠨ᠎ᠡ | ᠹᠷᠣᠨᠲ ᠲᠤ ᠪᠦᠬᠦᠯᠢ 44 ᠡᠳᠦᠷ ᠭᠠᠪᠰᠢᠭᠠᠶᠢᠯᠠᠨ ᠠᠵᠢᠯᠯᠠᠵᠣ᠂ ᠨᠡᠶᠢᠳᠡ 1760 ᠬᠦᠮᠦᠨ ᠢ ᠬᠦᠯᠢᠶᠡᠨ ᠠᠪᠴᠣ | ᠂ ᠬᠢᠵᠢᠭ ᠲᠤ ᠬᠠᠯᠳᠠᠪᠣᠷᠢᠯᠠᠭᠳᠠᠭᠰᠠᠨ 361 ᠡᠪᠡᠳᠴᠢᠳᠡᠨ ᠢ ᠪᠦᠷᠢᠮᠦᠰᠦᠨ ᠡᠷᠡᠬᠦᠯᠵᠢᠬᠦᠯᠵᠡᠢ᠃ ᠬᠤᠪᠸᠢ ᠶᠢ | ᠲᠣᠰᠠᠯᠠᠨ ᠦᠬᠠᠨ ᠢ ᠲᠡᠮᠵᠢᠵᠦ ᠬᠢᠵᠢᠭ ᠲᠠᠢ ᠲᠡᠮᠡᠴᠡᠬᠦ ᠠᠵᠢᠯ ᠳᠤ ᠪᠠᠨ ᠲᠡᠳᠡ ᠲᠡᠬᠡᠳᠦ ᠬᠡᠮᠵᠢᠶᠡᠨ ᠤ | ᠬᠠᠷᠢᠭᠤᠴᠠᠯᠭᠠᠳᠣ ᠣᠪᠣᠷ ᠢᠶᠠᠷ ᠬᠠᠨᠳᠣᠵᠣ᠂ ᠬᠢᠵᠢᠭ ᠲᠤ ᠬᠠᠯᠳᠠᠪᠤᠷᠢᠯᠠᠭᠳᠠᠭ᠎ᠠ ᠦᠬᠡᠢ᠂ ᠦᠬᠦᠯ ᠠᠳᠡᠯ ᠦᠬᠡᠢ | ᠶᠢ ᠪᠠᠳᠣᠯᠠᠵᠣ ᠴᠢᠳᠠᠭᠰᠠᠨ ᠢᠶᠠᠷ ᠲᠣᠪᠣᠶᠢᠮ᠎ᠠ ᠠᠮᠵᠢᠯᠳᠠ ᠭᠠᠷᠭᠠᠨ ᠦᠪᠦᠷ ᠮᠣᠩᠭᠤᠯ ᠤᠨ ᠢᠷᠠᠭᠤ ᠠᠯᠳᠠᠷ ᠢᠶᠠᠨ | ᠪᠦᠬᠦ ᠣᠯᠣᠰ ᠤᠨ ᠬᠡᠪᠴᠢᠶᠡᠨ ᠳᠤ ᠲᠠᠭᠤᠷᠢᠰᠣᠭᠤᠯᠵᠠᠢ᠃ | | ᠦᠩᠬᠡ ᠬᠡᠷᠡᠯ᠂ ᠢᠷᠠᠭᠤ ᠠᠯᠳᠠᠷ ᠤᠨ ᠡᠮᠦᠨ᠎ᠡ ᠡᠬᠦᠷᠬᠡ ᠬᠠᠷᠢᠭᠤᠴᠠᠯᠭ᠎ᠠ ᠨᠢ ᠨᠡᠩ ᠬᠦᠨᠳᠦ ᠪᠣᠯᠳᠠᠭ | | ᠬᠤᠸᠠᠩ ᠣᠶᠣᠩᠭᠤᠸ᠎ᠠ ᠬᠠᠮᠳᠣ ᠠᠵᠢᠯᠯᠠᠭᠰᠠᠳ ᠲᠠᠢ ᠪᠠᠨ ᠡᠬᠦᠷᠬᠡ ᠪᠠᠨ ᠠᠮᠵᠢᠯᠳᠠ ᠲᠠᠢ ᠪᠡᠶᠡᠯᠡᠬᠦᠯᠦᠬᠡᠳ 3 | ᠰᠠᠷ᠎ᠠ ᠶᠢᠨ 18 ᠤ ᠡᠳᠦᠷ ᠦᠪᠦᠷ ᠮᠣᠩᠭᠤᠯ ᠳᠤ ᠪᠠᠨ ᠪᠣᠴᠠᠬᠤ ᠪᠣᠯᠣᠯ᠎ᠠ᠃ ᠦᠬᠠᠨ ᠠᠴᠠ ᠠᠶᠠᠷᠯᠠᠬᠤ ᠦᠶᠡᠰ | ᠬᠤᠳᠠ ᠶᠢᠨ ᠠᠷᠠᠳ ᠠᠰᠠᠷ ᠤᠨ ᠨᠠᠷᠠᠪᠴᠢ ᠳᠤ ᠪᠠᠨ ᠵᠣᠭᠰᠣᠯᠴᠠᠵᠣ᠂ ᠵᠢᠵᠢᠭ ᠣᠯᠠᠭᠠᠨ ᠲᠤᠭ ᠢᠶᠠᠨ ᠬᠤᠷᠣᠶᠢᠯᠠᠨ᠄ | ︽ᠬᠢᠵᠢᠭ ᠲᠠᠢ ᠲᠡᠮᠡᠴᠡᠭᠰᠡᠨ ᠪᠠᠭᠠᠳᠣᠷᠴᠣᠳ ᠮᠢᠨᠢ ᠪᠠᠶᠠᠷᠳᠠᠢ᠂ ᠡᠷᠡᠬᠦᠯ ᠡᠩᠬᠡ ᠶᠢᠨ ᠡᠯᠴᠢᠳ ᠮᠢᠨᠢ ᠪᠠᠶᠠᠷᠳᠠᠢ᠂ | ᠠᠶᠠᠨ ᠵᠠᠮ ᠳᠤ ᠪᠠᠨ ᠮᠡᠨᠳᠦᠬᠡᠨ ᠮᠣᠷᠳᠠᠭᠠᠷᠠᠢ︕︾ ᠬᠡᠰᠡᠨ ᠴᠢᠩ ᠰᠡᠳᠬᠢᠯ ᠤᠨ ᠦᠳᠡᠯᠳᠡ ᠪᠠᠷ ᠮᠣᠷᠳᠠᠭᠤᠯᠵᠣ | ᠪᠢᠯᠡ᠃ ᠬᠤᠸᠠᠩ ᠣᠶᠣᠩᠭᠤᠸ᠎ᠠ ᠲᠣᠰ ᠡᠳᠦᠷ ᠲᠤ ᠪᠠᠨ ᠣᠷᠳᠣᠰ ᠬᠤᠳᠠ ᠳᠤ ᠬᠦᠷᠴᠦ᠂ ᠬᠢᠵᠢᠭ ᠢ ᠰᠡᠷᠬᠡᠶᠢᠯᠡᠬᠦ | ᠲᠦᠷᠢᠮ ᠶᠣᠰᠣ ᠪᠠᠷ 14 ᠬᠤᠨᠤᠭ ᠤᠨ ᠲᠤᠰᠠᠭᠠᠷᠯᠠᠯᠲᠠ ᠶᠢ ᠬᠦᠯᠢᠶᠡᠯ᠎ᠡ᠃ 4 ᠳ᠋ᠦ᠋ᠭᠡᠷ ᠰᠠᠷ᠎ᠠ ᠶᠢᠨ 1 ᠤ ᠡᠳᠦᠷ | ᠲᠤᠰᠠᠭᠠᠷᠯᠠᠯᠲᠠ ᠶᠢᠨ ᠬᠤᠭᠤᠴᠠᠭ᠎ᠠ ᠪᠠᠨ ᠲᠠᠭᠤᠰᠬᠠᠬᠠᠳ ᠣᠯᠠᠭᠠᠭᠬᠤᠳᠠ ᠳᠤ ᠬᠦᠷᠬᠦ ᠳᠤ ᠠᠶᠢᠮᠠᠭ ᠤᠨ ᠬᠠᠮᠢᠶ᠎ᠠ | ᠪᠦᠬᠦᠢ ᠣᠳᠣᠷᠢᠳᠣᠯᠭ᠎ᠠ ᠨᠠᠷ ᠨᠢᠰᠬᠡᠯ ᠤᠨ ᠪᠠᠭᠤᠳᠠᠯ ᠳᠤ ᠬᠦᠷᠦᠯᠴᠡᠨ ᠣᠴᠢᠵᠣ ᠦᠬᠠᠨ ᠳᠤ ᠬᠦᠷᠴᠦ ᠬᠢᠵᠢᠭ ᠲᠠᠢ | ᠲᠡᠮᠡᠴᠡᠭᠰᠡᠨ ᠡᠮᠴᠢ ᠰᠣᠪᠢᠯᠠᠭᠴᠢᠳ ᠢᠶᠠᠨ ᠣᠭᠳᠣᠬᠤ ᠶᠣᠰᠣᠯᠠᠯ ᠬᠢᠵᠡᠢ᠃ ᠬᠤᠸᠠᠩ ᠣᠶᠣᠩᠭᠤᠸ᠎ᠠ ᠬᠢᠩᠭᠠᠨ | ᠠᠶᠢᠮᠠᠭ ᠤᠨ ᠲᠧᠯᠸᠢᠰ ᠬᠤᠷᠢᠶᠠᠨ ᠤ ᠰᠣᠷᠪᠣᠯᠵᠢᠯᠠᠭ᠎ᠠ ᠶᠢ ᠬᠦᠯᠢᠶᠡᠵᠦ᠂ ᠰᠢᠭᠤᠳ ᠨᠡᠪᠳᠡᠷᠡᠬᠦᠯᠬᠡ ᠪᠠᠷ ᠨᠣᠳᠤᠭ | ᠲᠦᠮᠡᠨ ᠲᠠᠢ ᠪᠠᠨ ᠵᠣᠯᠭᠠᠨ᠂ ᠪᠠᠭᠠᠳᠣᠷᠯᠢᠭ ᠦᠢᠯᠡ ᠠᠵᠢᠯᠯᠠᠭ᠎ᠠ ᠪᠠᠨ ᠠᠮᠵᠢᠯᠲᠠ ᠲᠠᠢ ᠮᠢᠯᠢᠶᠠᠯᠭᠠᠵᠠᠢ᠃ | ᠬᠤᠷᠴᠢᠨ ᠪᠠᠷᠠᠭᠤᠨ ᠭᠠᠷᠣᠨ ᠲᠣᠮᠳᠠᠳᠣ ᠬᠤᠰᠢᠭᠤᠨ ᠤ ᠬᠠᠮᠢᠶ᠎ᠠ ᠪᠦᠬᠦᠢ ᠣᠳᠣᠷᠢᠳᠣᠯᠭ᠎ᠠ ᠨᠡᠷ ᠴᠦ ᠨᠢᠰᠬᠡᠯ | ᠤᠨ ᠪᠠᠭᠤᠳᠠᠯ ᠳᠤ ᠠᠮᠵᠢᠨ ᠬᠦᠷᠴᠦ᠂ ᠬᠤᠸᠠᠩ ᠣᠶᠣᠩᠭᠤᠸ᠎ᠠ ᠶᠢ ᠣᠭᠳᠣᠨ ᠠᠪᠣᠯ᠎ᠠ᠃ ᠲᠡᠳᠡ ᠲᠠᠭᠤᠨ ᠨᠢᠬᠡᠳᠡᠢ | ᠪᠠᠷ ︽ᠮᠠᠨ ᠤ ᠡᠮᠡᠭᠳᠡᠢ ᠪᠠᠭᠠᠳᠣᠷ ᠢᠯᠠᠯᠳᠠ ᠣᠯᠣᠭᠠᠳ ᠢᠷᠡᠯ᠎ᠡ᠂ ᠪᠠᠶᠠᠷᠯᠠᠨ ᠣᠭᠳᠣᠶ᠎ᠠ︾ ᠬᠡᠵᠦ ᠣᠷᠢᠶᠠᠯᠠᠨ᠂ | ᠰᠣᠷᠭᠤᠭ ᠴᠡᠴᠡᠭ ᠬᠦᠷᠬᠡᠵᠦ ︽ᠦᠬᠠᠨ ᠢ ᠲᠡᠮᠵᠢᠨ ᠬᠢᠵᠢᠭ ᠲᠠᠢ ᠲᠡᠮᠡᠴᠡᠨ ᠠᠮᠵᠢᠯᠳᠠ ᠲᠠᠢ ᠪᠣᠴᠠᠨ ᠢᠷᠡᠭᠰᠡᠨ | ᠲᠡᠮᠡᠴᠡᠭᠰᠡᠨ ᠬᠤᠸᠠᠩ ᠣᠶᠣᠩᠭᠤᠸ᠎ᠠ ᠶᠢ ᠪᠠᠶᠠᠷᠯᠠᠨ ᠣᠭᠳᠣᠶ᠎ᠠ︾ ᠬᠡᠮᠡᠬᠦ ᠬᠦᠨᠳᠡᠯᠡᠨ ᠢᠯᠡᠷᠬᠡᠶᠢᠯᠠᠯ ᠢᠶᠠᠨ | ᠡᠷᠬᠦᠯᠴᠡᠵᠦ ᠲᠡᠬᠦᠨ ᠳᠤ ᠣᠷᠮ᠎ᠠ ᠬᠠᠶᠢᠷᠠᠯᠠᠨ᠎ᠠ᠃ ᠬᠤᠰᠢᠭᠤ ᠨᠣᠳᠤᠭ ᠲᠤ ᠪᠠᠨ ᠪᠣᠴᠠᠭᠰᠠᠨ ᠤ ᠲᠠᠷᠠᠭ᠎ᠠ ᠡᠮᠨᠡᠯᠬᠡ | ᠶᠢᠨ ᠬᠤᠰᠢᠭᠤᠨ ᠤ ᠠᠷᠠᠳ ᠤᠨ ᠡᠮᠨᠡᠯᠬᠡ ᠶᠢᠨ ᠬᠤᠷᠢᠶᠠᠨ ᠤ ᠶᠡᠭᠡ ᠲᠠᠩᠬᠢᠮ ᠳᠤ ᠬᠤᠸᠠᠩ ᠣᠶᠣᠩᠭᠤᠸ᠎ᠠ ᠶᠢ | ᠣᠭᠳᠣᠬᠤ ᠶᠣᠰᠣᠯᠠᠯ ᠢ ᠶᠠᠪᠣᠭᠳᠠᠭᠤᠯᠪᠠ᠃ ᠬᠤᠰᠢᠭᠤᠨ ᠤ ᠨᠠᠮ ᠵᠠᠰᠠᠭ ᠤᠨ ᠴᠢᠬᠤᠯᠠ ᠣᠳᠣᠷᠢᠳᠣᠯᠭ᠎ᠠ ᠨᠠᠷ | ᠣᠷᠣᠯᠴᠠᠵᠣ᠂ ᠲᠡᠳ᠋ ᠬᠤᠰᠢᠭᠤᠨ ᠲᠠᠷᠤᠭ᠎ᠠ ᠶᠠᠩ ᠣᠯᠠᠭᠠᠨ ᠨᠦᠬᠦᠷ ᠠᠴᠠ ᠬᠤᠷᠠᠯ ᠢ ᠬᠦᠳᠦᠯᠵᠦ᠂ ᠬᠤᠰᠢᠭᠤᠨ ᠤ | ᠨᠠᠮ ᠤᠨ ᠬᠤᠷᠢᠶ᠎ᠠ ᠶᠢᠨ ᠪᠠᠶᠢᠩᠭᠤ ᠶᠢᠨ ᠬᠡᠰᠢᠬᠦᠨ᠂ ᠲᠡᠳ᠋ ᠬᠤᠰᠢᠭᠤᠨ ᠲᠠᠷᠤᠭ᠎ᠠ ᠸᠠᠩ ᠹᠧᠩ ᠧᠨ ᠨᠦᠬᠦᠷ ᠠᠴᠠ | ᠬᠤᠰᠢᠭᠤᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠢᠶᠠᠨ ᠲᠦᠯᠦᠬᠡᠯᠡᠨ ᠣᠭᠳᠣᠯᠭ᠎ᠠ ᠶᠢᠨ ᠶᠠᠷᠢᠶ᠎ᠠ ᠲᠠᠯᠪᠢᠨ᠂ | ᠬᠤᠸᠠᠩ ᠣᠶᠣᠩᠭᠤᠸ᠎ᠠ ᠶᠢᠨ ᠪᠠᠭᠠᠳᠣᠷᠯᠢᠭ ᠦᠢᠯᠡ ᠠᠵᠢᠯᠯᠠᠭ᠎ᠠ ᠶᠢ ᠦᠨᠳᠦᠷ ᠦᠨᠡᠯᠡᠨ ᠰᠠᠶᠢᠰᠢᠶᠠᠭᠰᠠᠨ ᠪᠠᠶᠢᠨ᠎ᠠ᠃ | ᠲᠠᠷᠠᠭ᠎ᠠ ᠨᠢ ᠰᠠᠭᠤᠳᠠᠯ ᠤᠨ ᠬᠤᠷᠠᠯ ᠬᠢᠵᠦ᠂ ᠬᠤᠰᠢᠭᠤᠨ ᠤ ᠨᠠᠮ ᠤᠨ ᠬᠤᠷᠢᠶᠠᠨ ᠤ ᠱᠦᠵᠢ ᠪᠠᠢ ᠶᠦᠨ ᠬᠠᠢ | ᠨᠦᠬᠦᠷ ᠠᠴᠠ ᠲᠣᠬᠤᠨᠢᠭᠤᠯᠬᠤ ᠦᠬᠡ ᠶᠠᠷᠢᠬᠤ ᠳᠤ ᠣᠶᠣᠩᠭᠤᠸ᠎ᠠ᠄ ︽ᠲᠠ ᠨᠠᠷ ᠤᠨ ᠢᠳᠡᠬᠡᠯ ᠨᠠᠶᠢᠳᠠᠯ ᠪᠠᠶᠢᠭᠰᠠᠨ | ᠦᠬᠡᠢ ᠪᠣᠯ ᠡᠶᠢᠮᠦᠷᠬᠦᠦ ᠠᠷᠠᠳ ᠲᠦᠮᠡᠨ ᠳᠤ ᠪᠠᠨ ᠦᠢᠯᠡᠴᠢᠯᠡᠬᠦ ᠠᠵᠠ ᠵᠠᠪᠰᠢᠶᠠᠨ ᠢ ᠣᠯᠵᠣ ᠴᠢᠳᠠᠬᠤ ᠦᠬᠡᠢ᠂ | ᠨᠣᠳᠤᠭ ᠣᠰᠣᠨ ᠤ ᠬᠠᠯᠠᠭᠤᠨ ᠡᠯᠢᠬᠡᠳᠡᠢ ᠬᠦᠮᠦᠰ ᠤᠨ ᠬᠦᠴᠦᠳᠦ ᠲᠡᠮᠵᠢᠯᠬᠡ ᠪᠠᠶᠢᠭᠰᠠᠨ ᠦᠬᠡᠢ ᠪᠣᠯ ᠦᠨᠦᠳᠦᠷ | ᠤᠨ ᠠᠮᠵᠢᠯᠳᠠ ᠶᠢ ᠣᠯᠵᠣ ᠴᠢᠳᠠᠬᠤ ᠦᠬᠡᠢ᠂ ᠠᠷᠣ ᠬᠡᠷ᠂ ᠲᠦᠷᠦᠯ ᠰᠠᠳᠣᠳ ᠤᠨ ᠦᠷᠡᠭᠳᠡᠯ ᠪᠠᠶᠢᠭ᠎ᠠ ᠦᠬᠡᠢ ᠪᠣᠯ | ᠣᠷᠣᠭᠰᠢ ᠪᠠᠨ ᠨᠢᠬᠡ ᠠᠯᠬᠤᠮ ᠠᠯᠬᠤᠵᠣ ᠴᠢᠳᠠᠬᠤ ᠦᠬᠡᠢ᠃ ᠨᠠᠳᠠ ᠳᠤ ᠲᠠᠯᠠᠷᠬᠠᠯ ᠤᠨ ᠦᠬᠡ ᠠᠴᠠ ᠣᠨᠳᠣ | ᠭᠠᠶᠢᠬᠠᠭᠤᠯᠵᠣ ᠶᠠᠷᠢᠮᠠᠷ ᠵᠦᠢᠯ ᠠᠯᠠᠭ᠎ᠠ᠃ ᠨᠠᠮ ᠤᠨ ᠢᠪᠡᠬᠡᠯ ᠢᠶᠠᠷ ᠲᠦᠭ ᠲᠦᠮᠡᠨ ᠬᠦᠮᠦᠨ ᠠᠮᠢ ᠨᠠᠰᠣᠨ ᠤ | ᠰᠦᠷᠳᠡᠬᠦᠯᠦᠯ ᠠᠴᠠ ᠮᠣᠯᠳᠣᠷᠠᠭᠰᠠᠨ ᠶᠣᠮ᠃ ᠲᠡᠳᠡᠬᠡᠷ ᠠᠵᠠᠳᠠᠢ ᠬᠦᠮᠦᠰ ᠤᠨ ᠨᠢᠬᠡ ᠪᠣᠯᠣᠭᠰᠠᠨ ᠤ ᠬᠤᠪᠢ ᠠᠴᠠ | ᠨᠠᠷᠠᠨ ᠢᠪᠡᠬᠡᠯᠳᠦ ᠨᠠᠮ ᠳᠤ ᠪᠠᠨ ᠶᠣᠰᠣᠯᠠᠵᠣ ᠪᠠᠶᠢᠨ᠎ᠠ︾ ᠬᠡᠵᠦ ᠦᠨᠡᠨᠴᠢ ᠴᠠᠭᠠᠬᠠᠨ ᠰᠡᠳᠬᠢᠯᠬᠡ ᠪᠠᠨ ᠨᠢᠭᠤᠯ | ᠦᠬᠡᠢ ᠲᠡᠯᠬᠡᠯᠡ᠃ ᠡᠨᠡ ᠪᠣᠯ ᠲᠠᠷᠣᠢ ᠲᠠᠷᠣᠣᠬᠠᠨ ᠵᠠᠩ ᠲᠠᠢ ᠬᠤᠸᠠᠩ ᠣᠶᠣᠩᠭᠤᠸ᠎ᠠ ᠪᠣᠯᠣᠨ᠎ᠠ᠃ | ᠬᠤᠸᠠᠩ ᠣᠶᠣᠩᠭᠤᠸ᠎ᠠ ᠶᠢᠨ ᠪᠠᠭᠠᠳᠣᠷᠯᠢᠭ ᠦᠢᠯᠡ ᠠᠵᠢᠯᠯᠠᠭ᠎ᠠ ᠶᠢ ᠨᠢ ᠲᠡᠮᠳᠡᠭᠯᠡᠵᠦ᠂ ᠬᠤᠰᠢᠭᠤ ᠵᠠᠰᠠᠭ᠂ | ᠴᠢᠨᠠᠭᠰᠢᠯᠠᠨ ᠠᠶᠢᠮᠠᠭ ᠣᠷᠣᠨ ᠠᠴᠠ ᠣᠯᠠᠨ ᠠᠷᠪᠢᠨ ᠢᠷᠠᠭᠤ ᠠᠯᠳᠠᠷ ᠤᠨ ᠦᠨᠡᠮᠯᠡᠯ ᠬᠦᠷᠳᠡᠬᠡᠵᠡᠢ᠃ ᠦᠪᠦᠷ | ᠮᠣᠩᠭᠤᠯ ᠤᠨ ᠡᠷᠡᠬᠦᠯ ᠬᠠᠮᠠᠭᠠᠯᠠᠯ ᠤᠨ ᠵᠦᠪᠯᠡᠯ ᠠᠴᠠ ︽ᠬᠤᠪᠸᠢ ᠮᠣᠵᠢ ᠶᠢ ᠲᠣᠰᠠᠯᠠᠨ᠂ ᠰᠢᠨ᠎ᠡ ᠲᠢᠲᠢᠮᠯᠢᠭ | ᠠᠭᠤᠰᠬᠢᠨ ᠦᠷᠪᠢᠰᠦᠯ ᠤᠨ ᠬᠢᠵᠢᠭ ᠢ ᠡᠰᠡᠷᠬᠦᠴᠡᠬᠦ ᠠᠵᠢᠯ ᠳᠤ ᠲᠣᠪᠣᠶᠢᠮ᠎ᠠ ᠬᠤᠪᠢ ᠨᠡᠮᠡᠷᠢ ᠦᠵᠡᠬᠦᠯᠦᠭᠰᠡᠨ | ᠬᠤᠪᠢ ᠬᠦᠮᠦᠨ︾᠂ ᠬᠤᠰᠢᠭᠤ ᠠᠶᠢᠮᠠᠭ ᠠᠴᠠ ᠴᠦ ︽ᠬᠢᠵᠢᠭ ᠢ ᠰᠡᠷᠬᠡᠶᠢᠯᠡᠬᠦ ᠹᠷᠣᠨᠲ ᠲᠤ ᠬᠢ ᠲᠡᠷᠢᠬᠦᠨ ᠤ | ᠬᠤᠪᠢ ᠬᠦᠮᠦᠨ︾᠂ ︽ᠬᠠᠮᠤᠭ ᠤᠨ ᠭᠤᠶᠣ ᠬᠡᠷ ᠪᠦᠯᠢ︾ ᠁ ᠵᠡᠷᠬᠡ ᠢᠷᠠᠭᠤ ᠠᠯᠳᠠᠷ ᠢ ᠣᠯᠭᠤᠯ᠎ᠠ᠃ | ᠦᠩᠬᠡ ᠬᠡᠷᠡᠯ᠂ ᠢᠷᠠᠭᠤ ᠠᠯᠳᠠᠷ ᠤᠨ ᠡᠮᠦᠨ᠎ᠡ ᠡᠬᠦᠷᠬᠡ ᠬᠠᠷᠢᠭᠤᠴᠠᠯᠭ᠎ᠠ ᠨᠡᠩ ᠬᠦᠨᠳᠦ ᠪᠣᠯᠳᠠᠭ ᠠᠵᠢ᠃ 2022 | ᠣᠨ ᠤ 3 ᠰᠠᠷ᠎ᠠ᠂ ᠬᠢᠷᠢᠨ ᠮᠣᠵᠢ ᠳᠤ ᠰᠢᠨ᠎ᠡ ᠬᠡᠯᠪᠡᠷᠢ ᠶᠢᠨ ᠲᠢᠳᠢᠮᠯᠢᠭ ᠠᠭᠤᠰᠬᠢᠨ ᠦᠷᠪᠢᠰᠦᠯ ᠤᠨ ᠬᠢᠵᠢᠭ | ᠲᠠᠬᠢᠨᠳᠠ ᠲᠡᠯᠬᠡᠷᠡᠵᠦ᠂ ᠬᠢᠵᠢᠭ ᠲᠤ ᠬᠠᠯᠳᠠᠪᠤᠷᠢᠯᠠᠭᠳᠠᠭᠰᠠᠳ ᠤᠨ ᠲᠤᠭ᠎ᠠ ᠬᠦᠮᠦᠰ ᠢ ᠰᠣᠴᠢᠭᠠᠮ᠎ᠠ ᠨᠡᠮᠡᠭᠳᠡᠵᠦ | ᠡᠬᠢᠯᠡᠪᠡ᠃ ᠬᠢᠷᠢᠨ ᠮᠣᠵᠢ ᠨᠢ ᠬᠤᠷᠴᠢᠨ ᠪᠠᠷᠠᠭᠤᠨ ᠭᠠᠷᠣᠨ ᠲᠣᠮᠳᠠᠳᠣ ᠬᠤᠰᠢᠭᠤ ᠲᠠᠢ ᠬᠦᠷᠰᠢᠯᠡᠵᠦ ᠪᠠᠶᠢᠳᠠᠭ᠃ | 3 ᠳ᠋ᠤᠭᠠᠷ ᠰᠠᠷ᠎ᠠ ᠶᠢᠨ 14 ᠤ ᠡᠳᠦᠷ᠂ ᠬᠤᠷᠴᠢᠨ ᠪᠠᠷᠠᠭᠤᠨ ᠭᠠᠷᠣᠨ ᠲᠣᠮᠳᠠᠳᠣ ᠬᠤᠰᠢᠭᠤᠨ ᠤ ᠡᠯ᠎ᠡ ᠡᠮᠨᠡᠯᠬᠡ | ᠶᠢᠨ ᠬᠤᠷᠢᠶ᠎ᠠ ᠠᠴᠠ ᠬᠤᠸᠠᠩ ᠣᠶᠣᠩᠭᠤᠸ᠎ᠠ ᠪᠠᠷ ᠲᠣᠯᠣᠭᠠᠶᠢᠯᠠᠭᠤᠯᠣᠭᠰᠠᠨ ᠬᠢᠵᠢᠭ ᠡᠪᠡᠳᠴᠢᠨ ᠢ ᠡᠵᠡᠮᠳᠡᠨ | ᠰᠡᠷᠬᠡᠶᠢᠯᠡᠬᠦ ᠬᠠᠰᠢᠷ ᠲᠣᠷᠰᠢᠯᠭ᠎ᠠ ᠲᠠᠢ ᠠᠷᠪᠠᠨ ᠭᠤᠷᠪᠠᠨ ᠨᠡᠷᠡᠰ ᠡᠮᠴᠢ ᠰᠣᠪᠢᠯᠠᠭᠴᠢ ᠪᠠᠷ ᠪᠦᠷᠢᠯᠳᠦᠭᠰᠡᠨ ᠡᠮᠴᠢᠯᠡᠨ | ᠲᠣᠰᠠᠯᠠᠬᠤ ᠠᠩᠬᠢ ᠶᠢ ᠲᠠᠷᠣᠢ ᠳᠤ ᠨᠢ ᠵᠣᠬᠢᠶᠠᠨ ᠪᠠᠶᠢᠭᠤᠯᠵᠣ ᠬᠢᠷᠢᠨ ᠮᠣᠵᠢ ᠳᠤ ᠲᠣᠮᠢᠯᠠᠨ ᠣᠴᠢᠭᠤᠯᠵᠠᠢ᠃ | ᠲᠡᠳᠡ ᠴᠠᠩᠴᠦ᠋ᠨ ᠬᠤᠳᠠ ᠶᠢᠨ ᠡᠮᠨᠡᠯᠬᠡ ᠶᠢᠨ ᠬᠤᠷᠢᠶ᠎ᠠ ᠳᠤ᠂ ᠬᠢᠵᠢᠭ ᠬᠠᠯᠳᠣᠪᠣᠷᠢᠯᠠᠭᠳᠠᠭᠰᠠᠨ ᠡᠪᠡᠳᠴᠢᠳᠡᠨ ᠢ | ᠰᠣᠪᠢᠯᠠᠨ ᠲᠡᠩᠬᠡᠷᠡᠬᠦᠯᠬᠦ ᠠᠵᠢᠯ ᠳᠤ 36 ᠡᠳᠦᠷ ᠬᠠᠳᠠᠭᠤᠵᠢᠯᠳᠠᠢ ᠠᠵᠢᠯᠯᠠᠵᠣ᠂ ᠡᠬᠦᠷᠬᠡ ᠬᠠᠷᠢᠭᠤᠴᠠᠯᠭ᠎ᠠ ᠪᠠᠨ | ᠬᠢᠯᠠᠯᠵᠠᠳᠠᠯ᠎ᠠ ᠪᠡᠶᠡᠯᠡᠬᠦᠯᠵᠡᠢ᠃ ᠡᠪᠡᠳᠴᠢᠳᠡᠨ ᠨᠢ ᠦᠬᠦᠯ ᠠᠳᠡᠯ ᠦᠬᠡᠢ᠂ ᠡᠮᠴᠢ ᠰᠣᠪᠢᠯᠠᠭᠴᠢᠳ ᠬᠢᠵᠢᠭ ᠲᠤ | ᠬᠠᠯᠳᠠᠪᠤᠷᠢᠯᠠᠭᠳᠠᠯ ᠦᠬᠡᠢ ᠪᠠᠶᠢᠬᠤ ᠶᠢ ᠪᠠᠳᠣᠯᠠᠵᠣ᠂ ᠬᠤᠰᠢᠭᠤ ᠵᠠᠰᠠᠭ ᠲᠤ ᠪᠠᠨ ᠡᠳᠦᠷ ᠪᠦᠷᠢ ᠠᠮᠵᠢᠯᠳᠠ | ᠪᠦᠳᠦᠮᠵᠢ ᠶᠢᠨ ᠪᠠᠶᠠᠷ ᠤᠨ ᠴᠢᠮᠡᠭᠡ ᠲᠣᠭᠤᠯᠭᠠᠵᠣ ᠯᠡ ᠪᠠᠶᠢᠯ᠎ᠠ᠃ ᠲᠡᠳᠡ 5 ᠳ᠋ᠤᠭᠠᠷ ᠰᠠᠷ᠎ᠠ ᠶᠢᠨ 2 ᠤ ᠡᠳᠦᠷ | ᠠᠮᠵᠢᠯᠳᠠ ᠲᠦᠬᠦᠷᠡᠩ ᠢᠶᠠᠷ ᠨᠣᠳᠤᠭ ᠲᠤ ᠪᠠᠨ ᠪᠣᠴᠠᠪᠠ᠃ ᠴᠠᠩᠴᠦ᠋ᠨ ᠬᠤᠳᠠ ᠳᠤ ᠬᠢᠵᠢᠭ ᠲᠠᠢ ᠲᠡᠮᠡᠴᠡᠭᠰᠡᠨ | ᠲᠡᠳᠡᠬᠡᠷ ᠡᠳᠦᠷ ᠬᠤᠨᠤᠭ ᠤᠳ ᠲᠤ ᠬᠤᠸᠠᠩ ᠣᠶᠣᠩᠭᠤᠸ᠎ᠠ ᠬᠠᠰᠢᠷ ᠲᠣᠷᠰᠢᠯᠭ᠎ᠠ ᠪᠠᠨ ᠬᠠᠮᠳᠣ ᠠᠵᠢᠯᠯᠠᠭᠰᠠᠳ ᠲᠤ | ᠪᠠᠨ ᠬᠠᠷᠠᠮ ᠦᠬᠡᠢ ᠬᠤᠪᠢᠶᠠᠯᠴᠠᠨ ᠣᠯᠠᠮᠵᠢᠯᠠᠵᠣ᠂ ᠬᠤᠪᠢᠳᠠᠭᠰᠠᠨ ᠲᠣᠭᠤᠷᠢᠭ ᠤᠨ ᠢᠶᠠᠨ ᠡᠪᠡᠳᠴᠢᠳᠡᠨ ᠪᠦᠷᠢ | ᠳᠤ ᠮᠣᠩᠭᠤᠯ ᠪᠦᠰᠡᠬᠦᠢ ᠶᠢᠨ ᠦᠨᠡᠨᠴᠢ ᠲᠣᠰᠠᠷᠬᠠᠭ ᠵᠠᠩ ᠢᠶᠠᠷ ᠬᠠᠨᠳᠣᠨ᠂ ᠶᠠᠳᠠᠷᠠᠯ ᠵᠦᠳᠡᠷᠡᠯ ᠢᠶᠠᠨ ᠬᠠᠶᠢᠬᠤᠷᠤᠯ | ᠦᠬᠡᠢ ᠠᠵᠢᠯᠠᠯᠠᠭᠰᠠᠨ ᠶᠣᠮ᠃ | ᠬᠤᠸᠠᠩ ᠣᠶᠣᠩᠭᠤᠸ᠎ᠠ ᠬᠢᠷᠢᠨ ᠮᠣᠵᠢ ᠠᠴᠠ ᠨᠣᠳᠤᠭ ᠲᠤ ᠪᠠᠨ ᠪᠣᠴᠠᠭᠠᠳ ᠲᠡᠮᠡᠢ ᠬᠡᠳᠦᠨ ᠡᠳᠦᠷ ᠪᠣᠯᠣᠯ ᠦᠬᠡᠢ᠂ | ᠬᠤᠰᠢᠭᠤᠨ ᠤ ᠡᠷᠡᠬᠦᠯ ᠬᠠᠮᠠᠭᠠᠯᠠᠯ ᠤᠨ ᠲᠣᠪᠴᠢᠶ᠎ᠠ ᠠᠴᠠ ᠬᠢᠵᠢᠭ ᠲᠠᠢ ᠲᠡᠮᠡᠴᠡᠬᠦ ᠡᠮᠴᠢ ᠰᠣᠪᠢᠯᠠᠭᠴᠢᠳ ᠤᠨ ᠠᠩᠬᠢ | ᠳᠤ ᠬᠢᠵᠢᠭ ᠢ ᠰᠡᠷᠬᠡᠶᠢᠯᠡᠨ ᠡᠵᠡᠮᠳᠡᠬᠦ ᠲᠣᠷᠰᠢᠯᠭ᠎ᠠ ᠣᠯᠠᠮᠵᠢᠯᠠᠬᠤ ᠡᠬᠦᠷᠬᠡ ᠶᠢ ᠲᠡᠭᠦᠨ ᠳᠤ ᠲᠠᠭᠠᠭᠠᠯᠭᠠᠴᠢᠬᠠᠪᠠ᠃ | ᠲᠡᠷᠡ ᠠᠵᠢᠯ ᠤᠨ ᠴᠢᠯᠦᠬᠡ ᠪᠠᠨ ᠠᠰᠢᠭᠯᠠᠵᠣ ᠬᠢᠵᠢᠭ ᠲᠠᠢ ᠲᠡᠮᠡᠴᠡᠬᠦ ᠡᠮᠦᠨ᠎ᠡ ᠹᠷᠣᠨᠲ ᠲᠤ ᠬᠤᠶᠠᠷ ᠣᠳᠠᠭ᠎ᠠ | ᠡᠷᠡᠯᠬᠡᠭᠯᠡᠨ ᠪᠠᠶᠢᠯᠳᠣᠵᠣ ᠠᠮᠵᠢᠯᠳᠠ ᠣᠯᠣᠭᠰᠠᠨ ᠲᠣᠷᠰᠢᠯᠭ᠎ᠠ ᠪᠠᠨ ᠣᠯᠠᠨ ᠣᠳᠠᠭ᠎ᠠ ᠨᠢᠷᠢᠨ ᠨᠢᠮᠪᠠᠢ ᠵᠢᠭᠠᠨ | ᠣᠯᠠᠮᠵᠢᠯᠠᠭᠰᠠᠨ ᠪᠠᠶᠢᠨ᠎ᠠ᠃ ᠲᠡᠬᠦᠨ ᠤ ᠬᠢᠴᠢᠶᠡᠯ ᠢ ᠰᠣᠨᠣᠰᠣᠭᠰᠠᠨ ᠡᠮᠴᠢ ᠰᠣᠪᠢᠯᠠᠭᠴᠢᠳ ᠬᠢᠵᠢᠭ ᠢ ᠰᠡᠷᠬᠡᠶᠢᠯᠡᠨ | ᠡᠵᠡᠮᠳᠡᠬᠦ ᠲᠣᠷᠰᠢᠯᠠᠭ᠎ᠠ ᠬᠦᠷᠳᠡᠨ᠂ ᠪᠢᠰᠢᠷᠡᠨ ᠪᠠᠭ᠋ᠠᠳᠣᠨᠠ᠂ ᠡᠯ᠎ᠡ ᠬᠢᠵᠢᠭ ᠢ ᠡᠵᠡᠮᠳᠡᠨ ᠰᠡᠷᠬᠡᠶᠢᠯᠡᠬᠦ ᠴᠡᠭ ᠲᠤ | ᠬᠦᠷᠴᠦ ᠰᠣᠷᠣᠭᠰᠠᠨ ᠮᠡᠷᠭᠡᠵᠢᠯ ᠢᠶᠠᠷ ᠢᠶᠠᠨ ᠰᠢᠭᠤᠷᠬᠠᠶᠢᠯᠠᠨ ᠠᠵᠢᠯᠯᠠᠵᠠᠭᠠᠨ᠎ᠠ᠃ | ᠲᠣᠬᠠᠶᠢᠯᠠᠭᠰᠠᠨ ᠠᠵᠢᠯ ᠳᠤ ᠪᠠᠨ ᠭᠠᠪᠰᠢᠭᠠᠶᠢᠯᠠᠨ ᠠᠵᠢᠯᠯᠠᠳᠠᠭ ᠪᠦᠬᠡᠳ ᠲᠡᠬᠡᠷ᠎ᠡ ᠱᠠᠳᠣᠨ ᠠᠴᠠ ᠲᠠᠭᠠᠭᠠᠯᠭᠠᠬᠤ | ᠡᠬᠦᠷᠬᠡ ᠶᠢ ᠴᠦ ᠴᠢᠳᠠᠬᠤ ᠶᠢᠨ ᠬᠢᠷᠢ ᠪᠠᠷ ᠪᠡᠶᠡᠯᠡᠬᠦᠯᠵᠦ᠂ ᠬᠠᠮᠳᠣ ᠠᠵᠢᠯᠯᠠᠭᠰᠠᠳ ᠲᠤ ᠪᠠᠨ ᠬᠦᠷᠢᠶᠡᠯᠡᠯ ᠲᠠᠢ᠂ | ᠣᠳᠣᠷᠢᠳᠣᠯᠭ᠎ᠠ ᠨᠠᠷ ᠲᠤ ᠪᠠᠨ ᠢᠳᠡᠬᠡᠯ ᠲᠠᠢ᠂ ᠡᠪᠡᠳᠴᠢᠳᠡᠨ ᠣᠯᠠᠨ ᠳᠤ ᠮᠠᠭᠳᠠᠭᠠᠯ ᠲᠠᠢ ᠬᠤᠸᠠᠩ ᠣᠶᠣᠩᠭᠤᠸ᠎ᠠ | ᠢᠷᠠᠭᠤ ᠠᠯᠳᠠᠷ ᠤᠨ ᠡᠮᠦᠨ᠎ᠡ ᠣᠮᠤᠷᠬᠠᠭᠯᠠᠨ ᠵᠣᠭᠰᠣᠩᠭᠤᠶᠢᠷᠠᠭᠰᠠᠨ ᠪᠣᠰᠣ᠂ ᠬᠠᠷᠢᠨ ᠡᠳᠦᠷ ᠠᠴᠠ ᠡᠳᠦᠷ | ᠬᠦᠨᠳᠦᠷᠡᠬᠦ ᠬᠠᠷᠢᠭᠤᠴᠠᠯᠭ᠎ᠠ ᠶᠢ ᠲᠣᠷᠠᠳᠠᠶᠠ ᠡᠬᠦᠷᠬᠡᠯᠡᠨ ᠠᠪᠴᠣ᠂ ᠨᠢᠬᠡᠳ ᠨᠢᠭᠡ ᠪᠠᠷ ᠬᠢᠯᠠᠯᠵᠠᠳᠠᠯ᠎ᠠ ᠪᠡᠶᠡᠯᠡᠬᠦᠯᠵᠦ | ᠶᠠᠪᠣᠳᠠᠭ ᠠᠵᠢ᠃ ᠬᠦᠴᠢᠷ ᠪᠡᠷᠬᠡ ᠶᠢᠨ ᠡᠮᠦᠨ᠎ᠡ ᠭᠤᠶᠢᠪᠢᠰᠢ ᠦᠬᠡᠢ ᠡᠷᠡᠰᠬᠡᠨ᠂ ᠬᠦᠮᠦᠨ ᠵᠣᠨ ᠳᠤ ᠪᠠᠨ | ᠡᠯᠢᠬᠡᠰᠡᠭ ᠲᠣᠳᠣᠨᠣ᠂ ᠲᠠᠷᠬᠠᠨ ᠬᠠᠷᠢᠭᠤᠴᠠᠯᠭ᠎ᠠ ᠲᠤ ᠪᠠᠨ ᠬᠤᠶᠢᠷᠭᠤᠰᠢᠯ ᠦᠬᠡᠢ ᠦᠨᠡᠨᠴᠢ ᠪᠠᠳᠣ ᠪᠠᠶᠢᠳᠠᠭ | ᠬᠤᠸᠠᠩ ᠣᠶᠣᠩᠭᠤᠸ᠎ᠠ ᠪᠣᠯ ᠡᠷᠡᠭᠦᠯ ᠡᠩᠭᠡ ᠶᠢᠨ ᠡᠯᠴᠢ ᠪᠢᠯᠡ᠃ | ᠵᠤᠬᠢᠶᠠᠭᠴᠢ ᠶᠢᠨ ᠬᠠᠶ᠋ᠢᠭ᠄ ᠬᠤᠷᠴᠢᠨ ᠪᠠᠷᠠᠭᠤᠨ ᠭᠠᠷᠣᠨ ᠲᠣᠮᠳᠠᠳᠣ ᠬᠤᠰᠢᠭᠤ ᠶᠢᠨ ᠣᠳᠬ᠎ᠠ ᠣᠷᠠᠯᠢᠭ ᠤᠨ ᠬᠢᠨ | ᠤ ᠬᠤᠯᠪᠣᠭ᠎ᠠ | |