|
ᠬᠤᠪᠢ ᠬᠥᠮᠥᠨ ᠤ ᠠᠰᠢᠭ ᠣᠯᠵᠠᠪᠤᠷᠢ ᠶᠢᠨ ᠭᠠᠶᠢᠯᠢ ᠶᠢᠨ ᠲᠤᠰᠬᠠᠢ ᠵᠦᠢᠯ ᠤᠨ ᠨᠡᠮᠡᠯᠲᠡ ᠰᠠᠭᠤᠳᠬᠠᠯ ᠤᠨ ᠲᠥᠷᠥ ᠶᠢᠨ ᠪᠣᠳᠣᠯᠭ᠎ᠠ ᠪᠠᠷ ᠲᠦᠭ ᠲᠦᠮᠡᠨ | ᠡᠷᠦᠬᠡ ᠳᠤ ᠠᠰᠢᠭ ᠬᠦᠷᠲᠡᠭᠡᠵᠦ ᠪᠠᠶᠢᠨ᠎ᠠ |
|
|
ᠨᠡᠶᠢᠲᠡᠯᠡᠭᠰᠡᠨ ᠴᠠᠭ᠄
2019/2/21
|
|

ᠰᠤᠷᠪᠤᠯᠵᠢᠯᠠᠭᠰᠠᠨ ᠴᠠᠭ᠄ 2019 ᠣᠨ ᠤ 01 ᠳ᠋ᠦ᠋ᠭᠡᠷ ᠰᠠᠷ᠎ᠠ ᠶᠢᠨ 07 ᠤ ᠡᠳᠦᠷ ᠤᠨ 15 ᠴᠠᠭ ᠰᠤᠷᠪᠤᠯᠵᠢᠯᠠᠭ᠎ᠠ ᠬᠦᠯᠢᠶᠡᠭᠴᠢ᠄ ᠤᠯᠤᠰ ᠤᠨ ᠭᠠᠶᠢᠯᠢ ᠶᠢᠨ ᠶᠠᠪᠤᠳᠠᠯ ᠤᠨ ᠶᠡᠷᠦᠩᠬᠡᠢ ᠲᠣᠪᠴᠢᠶ᠎ᠠ ᠶᠢᠨ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠭᠠᠶᠢᠯᠢ ᠶᠢᠨ ᠶᠠᠪᠤᠳᠠᠯ ᠤᠨ ᠲᠣᠪᠴᠢᠶ᠎ᠠ ᠶᠢᠨ ᠨᠠᠮ ᠤᠨ ᠬᠤᠷᠢᠶ᠎ᠠ ᠶᠢᠨ ᠳᠡᠳ᠋ ᠱᠦᠵᠢ᠂ ᠲᠣᠪᠴᠢᠶᠠᠨ ᠳᠠᠷᠤᠭ᠎ᠠ ᠲᠠᠨ ᠡᠾᠧᠩ ᠰᠤᠷᠪᠤᠯᠵᠢᠯᠠᠭ᠎ᠠ ᠶᠢᠨ ᠲᠣᠪᠴᠢ ᠲᠠᠨᠢᠯᠴᠠᠭᠤᠯᠭ᠎ᠠ᠄ 2019 ᠣᠨ ᠤ 1 ᠳ᠋ᠦ᠋ᠭᠡᠷ ᠰᠠᠷ᠎ᠠ ᠶᠢᠨ 1 ᠤ ᠡᠳᠦᠷ ᠠᠴᠠ ᠡᠬᠢᠯᠡᠨ᠂ ᠮᠠᠨ ᠤ ᠤᠯᠤᠰ ᠶᠡᠷᠦᠩᠬᠡᠶᠢᠯᠡᠬᠦ ᠬᠢᠭᠡᠳ ᠲᠥᠷᠥᠯ ᠬᠤᠪᠢᠶᠠᠬᠤ ᠶᠢ ᠬᠠᠷᠢᠯᠴᠠᠨ ᠤᠶᠠᠯᠳᠤᠭᠤᠯᠤᠭᠰᠠᠨ ᠬᠤᠪᠢ ᠬᠥᠮᠥᠨ ᠤ ᠠᠰᠢᠭ ᠣᠯᠵᠠᠪᠤᠷᠢ ᠶᠢᠨ ᠭᠠᠶᠢᠯᠢ ᠶᠢᠨ ᠳᠦᠷᠢᠮ ᠢ ᠪᠦᠬᠦ ᠲᠠᠯ᠎ᠠ ᠪᠠᠷ ᠬᠡᠷᠡᠭᠵᠢᠭᠦᠯᠪᠡ᠃ ᠡᠨᠡ ᠪᠣᠯ ᠨᠠᠮ ᠤᠨ ᠲᠥᠪ ᠬᠤᠷᠢᠶ᠎ᠠ᠂ ᠲᠥᠷᠥ ᠶᠢᠨ ᠶᠠᠪᠤᠳᠠᠯ ᠤᠨ ᠬᠤᠷᠢᠶ᠎ᠠ ᠠᠴᠠ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠰᠢᠨ᠎ᠡ ᠴᠠᠭ ᠦᠶ᠎ᠡ ᠳᠤ ᠣᠷᠣᠭᠰᠠᠨ ᠠᠬᠤᠢ ᠪᠠᠶᠢᠳᠠᠯ ᠳᠣᠣᠷ᠎ᠠ᠂ ᠠᠵᠤ ᠠᠬᠤᠢ ᠶᠢᠨ ᠴᠢᠨᠠᠷᠯᠢᠭ ᠬᠥᠭᠵᠢᠯᠲᠡ ᠶᠢ ᠠᠬᠢᠭᠤᠯᠬᠤ ᠠᠴᠠ ᠡᠭᠦᠰᠦᠨ᠂ ᠣᠳᠣᠬᠢᠴᠢᠯᠠᠭᠰᠠᠨ ᠠᠵᠤ ᠠᠬᠤᠢ ᠶᠢᠨ ᠰᠢᠰᠲ᠋ᠧᠮᠵᠢ ᠶᠢ ᠪᠠᠶᠢᠭᠤᠯᠵᠤ᠂ ᠨᠡᠶᠢᠭᠡᠮ ᠤᠨ ᠡᠷᠬᠡ ᠲᠡᠭᠰᠢ ᠪᠥᠭᠡᠳ ᠲᠥᠪ ᠭᠤᠣᠯᠴᠢ ᠶᠢ ᠪᠡᠶᠡᠯᠡᠭᠦᠯᠦᠨ᠂ ᠥᠭᠡᠷᠡᠴᠢᠯᠡᠯᠲᠡ ᠬᠥᠭᠵᠢᠯᠲᠡ ᠶᠢᠨ ᠦᠷ᠎ᠡ ᠪᠦᠲᠦᠭᠡᠯ ᠢᠶᠠᠷ ᠪᠦᠬᠦ ᠠᠷᠠᠳ ᠲᠦᠮᠡᠨ ᠳᠤ ᠨᠡᠩ ᠣᠯᠠᠨ ᠨᠡᠩ ᠡᠷᠬᠡ ᠲᠡᠭᠰᠢ ᠠᠰᠢᠭ ᠬᠦᠷᠲᠡᠭᠡᠬᠦ ᠪᠠᠷ ᠲᠣᠭᠲᠠᠭᠠᠭᠰᠠᠨ ᠨᠢᠭᠡ ᠵᠦᠢᠯ ᠤᠨ ᠴᠢᠬᠤᠯᠠ ᠶᠡᠭᠡ ᠰᠢᠢᠳᠪᠦᠷᠢᠲᠦ ᠪᠣᠳᠣᠯᠭ᠎ᠠ ᠪᠠᠶᠢᠵᠤ᠂ ᠡᠳ᠋ ᠤᠨ ᠵᠠᠰᠠᠭ ᠤᠨ ᠭᠠᠶᠢᠯᠢ ᠲᠠᠲᠠᠪᠤᠷᠢ ᠶᠢᠨ ᠥᠭᠡᠷᠡᠴᠢᠯᠡᠯᠲᠡ᠂ ᠠᠵᠤ ᠠᠬᠤᠢ ᠶᠢᠨ ᠬᠥᠭᠵᠢᠯᠲᠡ᠂ ᠨᠡᠶᠢᠭᠡᠮ ᠤᠨ ᠳᠠᠪᠰᠢᠯᠲᠠ ᠳᠤ ᠪᠦᠷ ᠮᠠᠰᠢ ᠴᠢᠬᠤᠯᠠ ᠠᠴᠢ ᠬᠤᠯᠪᠣᠭᠳᠠᠯ ᠲᠠᠢ ᠪᠠᠶᠢᠳᠠᠭ᠃ ᠥᠨᠥᠳᠥᠷ ᠪᠢᠳᠡ ᠵᠣᠯ ᠢᠶᠠᠷ ᠤᠯᠤᠰ ᠤᠨ ᠭᠠᠶᠢᠯᠢ ᠶᠢᠨ ᠶᠠᠪᠤᠳᠠᠯ ᠤᠨ ᠶᠡᠷᠦᠩᠬᠡᠢ ᠲᠣᠪᠴᠢᠶ᠎ᠠ ᠶᠢᠨ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠭᠠᠶᠢᠯᠢ ᠶᠢᠨ ᠶᠠᠪᠤᠳᠠᠯ ᠤᠨ ᠲᠣᠪᠴᠢᠶ᠎ᠠ ᠶᠢᠨ ᠳᠠᠷᠤᠭ᠎ᠠ ᠲᠠᠨ ᠡᠾᠧᠩ ᠢ ᠤᠷᠢᠵᠤ᠂ ᠬᠤᠪᠢ ᠬᠥᠮᠥᠨ ᠤ ᠠᠰᠢᠭ ᠣᠯᠵᠠᠪᠤᠷᠢ ᠶᠢᠨ ᠭᠠᠶᠢᠯᠢ ᠶᠢᠨ ᠥᠭᠡᠷᠡᠴᠢᠯᠡᠯᠲᠡ᠂ ᠣᠨᠴᠠᠭᠠᠶᠢᠯᠠᠨ ᠲᠤᠰ ᠤᠳᠠᠭᠠᠨ ᠤ ᠬᠤᠪᠢ ᠬᠥᠮᠥᠨ ᠤ ᠠᠰᠢᠭ ᠣᠯᠵᠠᠪᠤᠷᠢ ᠶᠢᠨ ᠭᠠᠶᠢᠯᠢ ᠶᠢᠨ ᠥᠭᠡᠷᠡᠴᠢᠯᠡᠯᠲᠡ ᠳᠤ ᠠᠩᠬ᠎ᠠ ᠤᠳᠠᠭ᠎ᠠ ᠲᠣᠬᠢᠷᠠᠭᠤᠯᠤᠭᠰᠠᠨ ᠵᠢᠷᠭᠤᠭᠠᠨ ᠲᠤᠰᠬᠠᠢ ᠵᠦᠢᠯ ᠤᠨ ᠨᠡᠮᠡᠯᠲᠡ ᠰᠠᠭᠤᠳᠬᠠᠯ ᠤᠨ ᠲᠥᠷᠥ ᠶᠢᠨ ᠪᠣᠳᠣᠯᠭ᠎ᠠ ᠶᠢᠨ ᠲᠤᠬᠠᠢ ᠰᠦᠯᠵᠢᠶᠡᠨ ᠤ ᠠᠨᠳᠠ ᠨᠠᠷ ᠲᠠᠢ ᠰᠦᠯᠵᠢᠶ᠎ᠡ ᠪᠠᠷ ᠰᠠᠨᠠᠯ ᠰᠣᠯᠢᠯᠴᠠᠭᠤᠯᠬᠤ ᠪᠣᠯᠣᠯ᠎ᠠ᠃ ᠰᠤᠷᠪᠤᠯᠵᠢᠯᠠᠭ᠎ᠠ ᠶᠢᠨ ᠪᠣᠳᠠᠲᠤ ᠲᠡᠮᠳᠡᠭᠯᠡᠯ
ᠬᠥᠲᠥᠯᠥᠭᠴᠢ᠄ ᠰᠦᠯᠵᠢᠶᠡᠨ ᠤ ᠠᠨᠳᠠ ᠨᠠᠷ ᠰᠠᠶᠢᠨ ᠪᠠᠶᠢᠵᠠᠭᠠᠨ᠎ᠠ ᠦᠦ︕ ᠲᠤᠰ ᠬᠤᠭᠤᠴᠠᠭᠠᠨ ᠤ ᠥᠪᠡᠷᠲᠡᠭᠡᠨ ᠵᠠᠰᠠᠬᠤ ᠣᠷᠣᠨ ᠤ ᠵᠠᠰᠠᠭ ᠤᠨ ᠣᠷᠳᠣᠨ ᠤ ᠰᠦᠯᠵᠢᠶᠡᠨ ᠤ ᠰᠤᠷᠪᠤᠯᠵᠢᠯᠠᠭ᠎ᠠ ᠶᠢᠨ ᠪᠤᠯᠤᠩ ᠢ ᠬᠦᠯᠢᠶᠡᠨ ᠠᠪᠴᠤ ᠦᠵᠡᠬᠦ ᠶᠢ ᠴᠢᠨᠢ ᠪᠠᠶᠠᠷᠯᠠᠨ ᠤᠭᠲᠤᠵᠤ ᠪᠠᠶᠢᠨ᠎ᠠ᠃ 2019 ᠣᠨ ᠤ 1 ᠳ᠋ᠦ᠋ᠭᠡᠷ ᠰᠠᠷ᠎ᠠ ᠶᠢᠨ 1 ᠤ ᠡᠳᠦᠷ ᠠᠴᠠ ᠡᠬᠢᠯᠡᠨ᠂ ᠮᠠᠨ ᠤ ᠤᠯᠤᠰ ᠶᠡᠷᠦᠩᠬᠡᠶᠢᠯᠡᠬᠦ ᠬᠢᠭᠡᠳ ᠲᠥᠷᠥᠯ ᠬᠤᠪᠢᠶᠠᠬᠤ ᠶᠢ ᠬᠠᠷᠢᠯᠴᠠᠨ ᠤᠶᠠᠯᠳᠤᠭᠤᠯᠤᠭᠰᠠᠨ ᠬᠤᠪᠢ ᠬᠥᠮᠥᠨ ᠤ ᠠᠰᠢᠭ ᠣᠯᠵᠠᠪᠤᠷᠢ ᠶᠢᠨ ᠭᠠᠶᠢᠯᠢ ᠶᠢᠨ ᠳᠦᠷᠢᠮ ᠢ ᠪᠦᠬᠦ ᠲᠠᠯ᠎ᠠ ᠪᠠᠷ ᠬᠡᠷᠡᠭᠵᠢᠭᠦᠯᠪᠡ᠃ ᠡᠨᠡ ᠪᠣᠯ ᠨᠠᠮ ᠤᠨ ᠲᠥᠪ ᠬᠤᠷᠢᠶ᠎ᠠ᠂ ᠲᠥᠷᠥ ᠶᠢᠨ ᠶᠠᠪᠤᠳᠠᠯ ᠤᠨ ᠬᠤᠷᠢᠶ᠎ᠠ ᠠᠴᠠ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠰᠢᠨ᠎ᠡ ᠴᠠᠭ ᠦᠶ᠎ᠡ ᠳᠤ ᠣᠷᠣᠭᠰᠠᠨ ᠠᠬᠤᠢ ᠪᠠᠶᠢᠳᠠᠯ ᠳᠣᠣᠷ᠎ᠠ᠂ ᠠᠵᠤ ᠠᠬᠤᠢ ᠶᠢᠨ ᠴᠢᠨᠠᠷᠯᠢᠭ ᠬᠥᠭᠵᠢᠯᠲᠡ ᠶᠢ ᠠᠬᠢᠭᠤᠯᠬᠤ ᠠᠴᠠ ᠡᠭᠦᠰᠦᠨ᠂ ᠣᠳᠣᠬᠢᠴᠢᠯᠠᠭᠰᠠᠨ ᠠᠵᠤ ᠠᠬᠤᠢ ᠶᠢᠨ ᠰᠢᠰᠲ᠋ᠧᠮᠵᠢ ᠶᠢ ᠪᠠᠶᠢᠭᠤᠯᠵᠤ᠂ ᠨᠡᠶᠢᠭᠡᠮ ᠤᠨ ᠡᠷᠬᠡ ᠲᠡᠭᠰᠢ ᠪᠥᠭᠡᠳ ᠲᠥᠪ ᠭᠤᠣᠯᠴᠢ ᠶᠢ ᠪᠡᠶᠡᠯᠡᠭᠦᠯᠦᠨ᠂ ᠥᠭᠡᠷᠡᠴᠢᠯᠡᠯᠲᠡ ᠬᠥᠭᠵᠢᠯᠲᠡ ᠶᠢᠨ ᠦᠷ᠎ᠡ ᠪᠦᠲᠦᠭᠡᠯ ᠢᠶᠠᠷ ᠪᠦᠬᠦ ᠠᠷᠠᠳ ᠲᠦᠮᠡᠨ ᠳᠤ ᠨᠡᠩ ᠣᠯᠠᠨ ᠨᠡᠩ ᠡᠷᠬᠡ ᠲᠡᠭᠰᠢ ᠠᠰᠢᠭ ᠬᠦᠷᠲᠡᠭᠡᠬᠦ ᠪᠠᠷ ᠲᠣᠭᠲᠠᠭᠠᠭᠰᠠᠨ ᠨᠢᠭᠡ ᠵᠦᠢᠯ ᠤᠨ ᠴᠢᠬᠤᠯᠠ ᠶᠡᠭᠡ ᠰᠢᠢᠳᠪᠦᠷᠢᠲᠦ ᠪᠣᠳᠣᠯᠭ᠎ᠠ ᠪᠠᠶᠢᠵᠤ᠂ ᠡᠳ᠋ ᠤᠨ ᠵᠠᠰᠠᠭ ᠤᠨ ᠭᠠᠶᠢᠯᠢ ᠲᠠᠲᠠᠪᠤᠷᠢ ᠶᠢᠨ ᠥᠭᠡᠷᠡᠴᠢᠯᠡᠯᠲᠡ᠂ ᠠᠵᠤ ᠠᠬᠤᠢ ᠶᠢᠨ ᠬᠥᠭᠵᠢᠯᠲᠡ᠂ ᠨᠡᠶᠢᠭᠡᠮ ᠤᠨ ᠳᠠᠪᠰᠢᠯᠲᠠ ᠳᠤ ᠪᠦᠷ ᠮᠠᠰᠢ ᠴᠢᠬᠤᠯᠠ ᠠᠴᠢ ᠬᠤᠯᠪᠣᠭᠳᠠᠯ ᠲᠠᠢ ᠪᠠᠶᠢᠳᠠᠭ᠃ ᠥᠨᠥᠳᠥᠷ ᠪᠢᠳᠡ ᠵᠣᠯ ᠢᠶᠠᠷ ᠤᠯᠤᠰ ᠤᠨ ᠭᠠᠶᠢᠯᠢ ᠶᠢᠨ ᠶᠠᠪᠤᠳᠠᠯ ᠤᠨ ᠶᠡᠷᠦᠩᠬᠡᠢ ᠲᠣᠪᠴᠢᠶ᠎ᠠ ᠶᠢᠨ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠭᠠᠶᠢᠯᠢ ᠶᠢᠨ ᠶᠠᠪᠤᠳᠠᠯ ᠤᠨ ᠲᠣᠪᠴᠢᠶ᠎ᠠ ᠶᠢᠨ ᠳᠠᠷᠤᠭ᠎ᠠ ᠲᠠᠨ ᠡᠾᠧᠩ ᠢ ᠤᠷᠢᠵᠤ᠂ ᠲᠡᠭᠦᠨ ᠢᠶᠠᠷ ᠥᠷᠭᠡᠨ ᠣᠯᠠᠨ ᠰᠦᠯᠵᠢᠶᠡᠨ ᠤ ᠠᠨᠳᠠ ᠲᠠᠢ ︽ᠬᠤᠪᠢ ᠬᠥᠮᠥᠨ ᠤ ᠠᠰᠢᠭ ᠣᠯᠵᠠᠪᠤᠷᠢ ᠶᠢᠨ ᠭᠠᠶᠢᠯᠢ ᠶᠢᠨ ᠥᠭᠡᠷᠡᠴᠢᠯᠡᠯᠲᠡ ᠶᠢᠨ ᠶᠠᠪᠤᠳᠠᠯ ᠤᠳ︾ ᠤᠨ ᠲᠤᠬᠠᠢ ᠰᠠᠨᠠᠯ ᠰᠣᠯᠢᠯᠴᠠᠭᠤᠯᠬᠤ ᠶᠢᠨ ᠬᠠᠮᠲᠤ᠂ ᠣᠯᠠᠨ ᠤ ᠠᠰᠠᠭᠤᠯᠲᠠ ᠶᠢ ᠬᠠᠷᠢᠭᠤᠯᠤᠭᠤᠯᠬᠤ ᠪᠠᠷ ᠪᠣᠯᠣᠯ᠎ᠠ᠃ ᠲᠠᠨ ᠲᠣᠪᠴᠢᠶᠠᠨ ᠳᠠᠷᠤᠭ᠎ᠠ ᠶᠢ ᠪᠠᠶᠠᠷᠯᠠᠨ ᠤᠭᠲᠤᠵᠤ ᠪᠠᠶᠢᠨ᠎ᠠ᠃ ᠲᠠᠨ ᠡᠾᠧᠩ᠄ ᠬᠥᠲᠥᠯᠥᠭᠴᠢ ᠪᠠ ᠰᠦᠯᠵᠢᠶᠡᠨ ᠤ ᠠᠨᠳᠠ ᠨᠠᠷ ᠰᠠᠶᠢᠨ ᠪᠠᠶᠢᠵᠠᠭᠠᠨ᠎ᠠ ᠦᠦ︖ ᠥᠪᠡᠷᠲᠡᠭᠡᠨ ᠵᠠᠰᠠᠬᠤ ᠣᠷᠣᠨ ᠤ ᠵᠠᠰᠠᠭ ᠤᠨ ᠣᠷᠳᠣᠨ ᠤ ᠰᠦᠯᠵᠢᠶᠡᠨ ᠳᠡᠭᠡᠷ᠎ᠡ ᠣᠯᠠᠨ ᠲᠠᠢ ᠰᠠᠨᠠᠯ ᠰᠣᠯᠢᠯᠴᠠᠬᠤ ᠪᠣᠯᠣᠭᠰᠠᠨ ᠳᠤ ᠪᠠᠨ ᠰᠡᠳᠬᠢᠯ ᠮᠠᠰᠢ ᠥᠨᠳᠥᠷ ᠪᠠᠶᠢᠨ᠎ᠠ᠃ ᠡᠨᠡ ᠬᠦ ᠲᠣᠬᠢᠶᠠᠯ ᠢ ᠠᠰᠢᠭᠯᠠᠨ᠂ ᠪᠢ ᠤᠯᠤᠰ ᠤᠨ ᠭᠠᠶᠢᠯᠢ ᠶᠢᠨ ᠶᠠᠪᠤᠳᠠᠯ ᠤᠨ ᠶᠡᠷᠦᠩᠬᠡᠢ ᠲᠣᠪᠴᠢᠶ᠎ᠠ ᠶᠢᠨ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠭᠠᠶᠢᠯᠢ ᠶᠢᠨ ᠶᠠᠪᠤᠳᠠᠯ ᠤᠨ ᠲᠣᠪᠴᠢᠶ᠎ᠠ ᠶᠢᠨ ᠡᠮᠦᠨ᠎ᠡ ᠠᠴᠠ᠂ ᠥᠷᠭᠡᠨ ᠣᠯᠠᠨ ᠰᠦᠯᠵᠢᠶᠡᠨ ᠤ ᠠᠨᠳᠠ ᠶᠢᠨ ᠨᠢᠭᠡ ᠵᠢᠯ ᠤᠨ ᠲᠤᠷᠰᠢ ᠪᠦᠬᠦ ᠣᠷᠣᠨ ᠤ ᠭᠠᠶᠢᠯᠢ ᠶᠢᠨ ᠶᠠᠪᠤᠳᠠᠯ ᠤᠨ ᠠᠵᠢᠯ ᠢ ᠣᠶᠢᠯᠠᠭᠠᠨ ᠳᠡᠮᠵᠢᠭᠰᠡᠨ ᠳᠤ ᠴᠢᠩ ᠰᠡᠳᠬᠢᠯ ᠠᠴᠠ ᠪᠠᠨ ᠪᠠᠶᠠᠷᠯᠠᠵᠤ ᠪᠠᠶᠢᠨ᠎ᠠ᠃ ᠬᠠᠮᠲᠤ ᠳᠤ ᠨᠢ ᠰᠦᠯᠵᠢᠶᠡᠨ ᠤ ᠠᠨᠳᠠ ᠨᠠᠷ ᠤᠨ ᠰᠢᠨ᠎ᠡ ᠨᠢᠭᠡ ᠵᠢᠯ ᠳᠤ ᠪᠠᠨ ᠪᠡᠶ᠎ᠡ ᠮᠠᠬᠠᠪᠤᠳ ᠡᠷᠡᠭᠦᠯ ᠴᠢᠭᠢᠷᠠᠭ᠂ ᠠᠵᠢᠯ ᠦᠢᠯᠡᠰ ᠤᠷᠤᠭᠰᠢᠲᠠᠢ᠂ ᠭᠡᠷ ᠬᠤᠲᠠᠯᠠᠭᠠᠷ ᠪᠠᠶᠠᠷ ᠵᠢᠷᠭᠠᠯ ᠲᠠᠢ ᠪᠠᠶᠢᠬᠤ ᠶᠢ ᠬᠦᠰᠡᠨ ᠵᠥᠩᠨᠡᠵᠦ ᠪᠠᠶᠢᠨ᠎ᠠ᠃ ᠬᠥᠲᠥᠯᠥᠭᠴᠢ᠄ ᠲᠠᠨ ᠲᠣᠪᠴᠢᠶᠠᠨ ᠳᠠᠷᠤᠭ᠎ᠠ ᠶᠢᠨ ᠬᠦᠰᠡᠯ ᠵᠥᠩᠨᠡᠯ ᠳᠤ ᠪᠠᠶᠠᠷᠯᠠᠯ᠎ᠠ᠃ ᠡᠨᠡ ᠤᠳᠠᠭᠠᠨ ᠤ ᠬᠤᠪᠢ ᠬᠥᠮᠥᠨ ᠤ ᠠᠰᠢᠭ ᠣᠯᠵᠠᠪᠤᠷᠢ ᠶᠢᠨ ᠭᠠᠶᠢᠯᠢ ᠶᠢᠨ ᠥᠭᠡᠷᠡᠴᠢᠯᠡᠯᠲᠡ ᠶᠢ ᠨᠠᠮ ᠤᠨ ᠲᠥᠪ ᠬᠤᠷᠢᠶ᠎ᠠ᠂ ᠲᠥᠷᠥ ᠶᠢᠨ ᠶᠠᠪᠤᠳᠠᠯ ᠤᠨ ᠬᠤᠷᠢᠶ᠎ᠠ ᠠᠴᠠ ᠳᠡᠭᠡᠳᠦ ᠬᠡᠮᠵᠢᠶ᠎ᠡ ᠪᠠᠷ ᠴᠢᠬᠤᠯᠠᠴᠢᠯᠠᠨ ᠦᠵᠡᠵᠦ᠂ ᠪᠦᠬᠦ ᠨᠡᠶᠢᠭᠡᠮ ᠢᠶᠠᠷ ᠢᠶᠠᠨ ᠠᠩᠬᠠᠷᠤᠨ ᠬᠠᠯᠠᠮᠵᠢᠯᠠᠵᠤ᠂ ᠭᠠᠶᠢᠯᠢ ᠲᠤᠰᠢᠶᠠᠭᠴᠢ ᠨᠢᠭᠡᠪᠦᠷᠢ ᠲᠤᠩ ᠬᠦᠰᠡᠨ ᠡᠷᠡᠮᠡᠯᠵᠡᠵᠦ ᠪᠠᠶᠢᠨ᠎ᠠ᠃ ᠲᠡᠭᠡᠪᠡᠯ᠂ ᠡᠩ ᠲᠡᠷᠢᠭᠦᠨ ᠳᠤ ᠲᠠ ᠲᠤᠰ ᠤᠳᠠᠭᠠᠨ ᠤ ᠬᠤᠪᠢ ᠬᠥᠮᠥᠨ ᠤ ᠠᠰᠢᠭ ᠣᠯᠵᠠᠪᠤᠷᠢ ᠶᠢᠨ ᠭᠠᠶᠢᠯᠢ ᠶᠢᠨ ᠥᠭᠡᠷᠡᠴᠢᠯᠡᠯᠲᠡ ᠨᠢ ᠶᠠᠮᠠᠷ ᠴᠢᠬᠤᠯᠠ ᠠᠴᠢ ᠬᠤᠯᠪᠣᠭᠳᠠᠯ ᠲᠠᠢ ᠶᠢ ᠲᠠᠨᠢᠯᠴᠠᠭᠤᠯᠤᠭᠠᠳ ᠥᠭᠭᠦᠨ᠎ᠡ ᠦᠦ︖ ᠲᠠᠨ ᠡᠾᠧᠩ᠄ ᠲᠡᠭᠡᠶ᠎ᠡ᠂ ᠬᠤᠪᠢ ᠬᠥᠮᠥᠨ ᠤ ᠠᠰᠢᠭ ᠣᠯᠵᠠᠪᠤᠷᠢ ᠶᠢᠨ ᠭᠠᠶᠢᠯᠢ ᠪᠣᠯ ᠣᠳᠣᠬᠠᠨ ᠤ ᠮᠠᠨ ᠤ ᠤᠯᠤᠰ ᠤᠨ ᠥᠷᠲᠡᠭ ᠨᠡᠮᠡᠭᠳᠡᠯ ᠤᠨ ᠭᠠᠶᠢᠯᠢ ᠪᠠ ᠠᠵᠤ ᠠᠬᠤᠶᠢᠯᠠᠯ ᠤᠨ ᠠᠰᠢᠭ ᠣᠯᠵᠠᠪᠤᠷᠢ ᠶᠢᠨ ᠭᠠᠶᠢᠯᠢ ᠶᠢᠨ ᠳᠠᠷᠠᠭᠠᠬᠢ ᠭᠤᠷᠪᠠᠳᠤᠭᠠᠷ ᠶᠡᠭᠡ ᠭᠠᠶᠢᠯᠢ ᠶᠢᠨ ᠵᠦᠢᠯ ᠪᠠᠶᠢᠵᠤ᠂ ᠡᠳ᠋ ᠤᠨ ᠵᠠᠰᠠᠭ ᠤᠨ ᠣᠷᠣᠯᠭ᠎ᠠ ᠶᠢ ᠬᠤᠷᠠᠮᠳᠤᠭᠤᠯᠬᠤ᠂ ᠣᠷᠣᠯᠭ᠎ᠠ ᠶᠢᠨ ᠬᠤᠪᠢᠶᠠᠷᠢᠯᠠᠯᠲᠠ ᠶᠢ ᠲᠣᠬᠢᠷᠠᠭᠤᠯᠬᠤ ᠲᠠᠯ᠎ᠠ ᠪᠠᠷ ᠴᠢᠬᠤᠯᠠ ᠦᠢᠯᠡᠳᠦᠯ ᠦᠵᠡᠭᠦᠯᠵᠦ ᠪᠠᠶᠢᠳᠠᠭ᠃ ᠡᠨᠡ ᠤᠳᠠᠭ᠎ᠠ ᠬᠤᠪᠢ ᠬᠥᠮᠥᠨ ᠤ ᠠᠰᠢᠭ ᠣᠯᠵᠠᠪᠤᠷᠢ ᠶᠢᠨ ᠭᠠᠶᠢᠯᠢ ᠶᠢᠨ ᠬᠠᠤᠯᠢ ᠳᠤ ᠵᠠᠰᠠᠪᠤᠷᠢ ᠣᠷᠣᠭᠤᠯᠬᠤ ᠳᠤ᠂ ᠰᠦᠢᠳᠬᠡᠯ ᠬᠠᠰᠤᠬᠤ ᠪᠠᠷᠢᠮᠵᠢᠶ᠎ᠠ ᠶᠢ ᠳᠡᠭᠡᠭᠰᠢᠯᠡᠭᠦᠯᠬᠦ᠂ ᠲᠤᠰᠬᠠᠢ ᠵᠦᠢᠯ ᠤᠨ ᠨᠡᠮᠡᠯᠲᠡ ᠰᠠᠭᠤᠳᠬᠠᠯ ᠢ ᠨᠡᠮᠡᠭᠳᠡᠭᠦᠯᠬᠦ ᠪᠠ ᠭᠠᠶᠢᠯᠢ ᠶᠢᠨ ᠨᠣᠷᠮ᠎ᠠ ᠶᠢᠨ ᠪᠦᠲᠦᠴᠡ ᠶᠢ ᠰᠢᠯᠢᠳᠡᠭᠵᠢᠭᠦᠯᠬᠦ ᠪᠠᠷ ᠳᠠᠮᠵᠢᠭᠤᠯᠤᠨ᠂ ᠥᠷᠭᠡᠨ ᠣᠯᠠᠨ ᠭᠠᠶᠢᠯᠢ ᠲᠤᠰᠢᠶᠠᠭᠴᠢ ᠶᠢᠨ ᠭᠠᠶᠢᠯᠢ ᠲᠠᠲᠠᠪᠤᠷᠢ ᠶᠢᠨ ᠳᠠᠷᠤᠭᠠᠰᠤ ᠶᠢ ᠦᠨᠡᠨ ᠬᠦ ᠬᠥᠩᠭᠡᠯᠡᠭᠰᠡᠨ ᠨᠢ᠂ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠠ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠤᠨ ᠵᠣᠷᠢᠭ ᠰᠠᠨᠠᠭ᠎ᠠ ᠶᠢ ᠲᠤᠭᠤᠰᠢᠯᠠᠭᠤᠯᠤᠨ ᠨᠠᠶᠢᠳᠠᠪᠤᠷᠢᠵᠢᠭᠤᠯᠤᠭᠰᠠᠨ ᠪᠣᠳᠠᠲᠤ ᠠᠵᠢᠯᠯᠠᠭ᠎ᠠ ᠪᠣᠯᠬᠤ ᠪᠠᠷ ᠪᠠᠷᠠᠬᠤ ᠦᠭᠡᠢ᠂ ᠠᠷᠠᠳ ᠤᠨ ᠰᠡᠳᠬᠢᠯ ᠠᠷᠠᠳ ᠤᠨ ᠰᠠᠨᠠᠭ᠎ᠠ ᠪᠠ ᠠᠵᠤ ᠠᠬᠤᠢ ᠨᠡᠶᠢᠭᠡᠮ ᠤᠨ ᠬᠥᠭᠵᠢᠯᠲᠡ ᠶᠢᠨ ᠰᠢᠨ᠎ᠡ ᠴᠠᠭ ᠤᠨ ᠪᠠᠶᠢᠳᠠᠯ ᠰᠢᠨ᠎ᠡ ᠱᠠᠭᠠᠷᠳᠠᠯᠭ᠎ᠠ ᠲᠠᠢ ᠨᠡᠶᠢᠴᠡᠭᠦᠯᠦᠭᠰᠡᠨ ᠪᠣᠳᠠᠲᠠᠢ ᠶᠢ ᠡᠷᠬᠢᠮᠯᠡᠭᠰᠡᠨ ᠠᠷᠭ᠎ᠠ ᠬᠡᠮᠵᠢᠶ᠎ᠡ ᠪᠣᠯᠣᠨ᠎ᠠ︔ ᠭᠠᠶᠢᠯᠢ ᠲᠤᠰᠢᠶᠠᠭᠴᠢᠳ ᠤᠨ ᠳᠠᠷᠤᠭᠠᠰᠤ ᠶᠢ ᠵᠦᠢ ᠵᠣᠬᠢᠰᠲᠠᠢ ᠪᠠᠷ ᠬᠥᠩᠭᠡᠯᠡᠭᠰᠡᠨ ᠢᠶᠠᠷ ᠪᠠᠷᠠᠬᠤ ᠦᠭᠡᠢ᠂ ᠨᠡᠩ ᠰᠢᠨᠵᠢᠯᠡᠬᠦ ᠤᠬᠠᠭᠠᠨᠴᠢ ᠪᠥᠭᠡᠳ ᠵᠦᠢ ᠵᠣᠬᠢᠰᠲᠠᠢ ᠭᠠᠶᠢᠯᠢ ᠲᠠᠲᠠᠪᠤᠷᠢ ᠶᠢᠨ ᠳᠦᠷᠢᠮ ᠢ ᠪᠠᠶᠢᠭᠤᠯᠬᠤ ᠳᠤ ᠰᠠᠭᠤᠷᠢ ᠲᠠᠯᠪᠢᠪᠠ︔ ᠠᠷᠠᠳ ᠲᠦᠮᠡᠨ ᠢᠶᠠᠷ ᠲᠥᠪ ᠪᠣᠯᠭᠠᠭᠰᠠᠨ ᠬᠥᠭᠵᠢᠯᠲᠡ ᠶᠢᠨ ᠦᠵᠡᠯ ᠰᠠᠨᠠᠭ᠎ᠠ ᠲᠠᠢ ᠨᠡᠶᠢᠴᠡᠬᠦ ᠪᠠᠷ ᠪᠠᠷᠠᠬᠤ ᠦᠭᠡᠢ᠂ ᠬᠡᠷᠡᠭᠯᠡᠭᠡ ᠶᠢ ᠬᠥᠲᠥᠯᠥᠨ ᠳᠠᠶᠢᠴᠢᠯᠠᠬᠤ ᠪᠠᠷ ᠭᠤᠣᠯ ᠪᠣᠯᠭᠠᠭᠰᠠᠨ ᠣᠳᠣ ᠦᠶ᠎ᠡ ᠶᠢᠨ ᠠᠵᠤ ᠠᠬᠤᠢ ᠶᠢᠨ ᠰᠢᠰᠲ᠋ᠧᠮᠵᠢ ᠶᠢ ᠪᠠᠶᠢᠭᠤᠯᠬᠤ ᠳᠤ ᠠᠰᠢᠭᠲᠠᠢ ᠪᠠᠶᠢᠳᠠᠭ᠃ ᠪᠦᠬᠦ ᠤᠯᠤᠰ ᠤᠨ ᠬᠠᠷᠠᠭᠠᠰᠤ ᠠᠴᠠ ᠠᠪᠴᠤ ᠦᠵᠡᠪᠡᠯ᠂ ᠬᠤᠪᠢ ᠬᠥᠮᠥᠨ ᠤ ᠠᠰᠢᠭ ᠣᠯᠵᠠᠪᠤᠷᠢ ᠶᠢᠨ ᠭᠠᠶᠢᠯᠢ ᠶᠢᠨ ᠥᠭᠡᠷᠡᠴᠢᠯᠡᠯᠲᠡ ᠨᠢ ᠡᠳ᠋ ᠤᠨ ᠵᠠᠰᠠᠭ ᠤᠨ ᠣᠷᠣᠯᠭ᠎ᠠ ᠶᠢ ᠬᠤᠷᠠᠮᠳᠤᠭᠤᠯᠬᠤ᠂ ᠣᠷᠣᠯᠭ᠎ᠠ ᠶᠢᠨ ᠬᠤᠪᠢᠶᠠᠷᠢᠯᠠᠯᠲᠠ ᠶᠢ ᠲᠣᠬᠢᠷᠠᠭᠤᠯᠬᠤ ᠵᠡᠷᠭᠡ ᠲᠠᠯ᠎ᠠ ᠪᠠᠷ ᠬᠢ ᠬᠤᠪᠢ ᠬᠥᠮᠥᠨ ᠤ ᠠᠰᠢᠭ ᠣᠯᠵᠠᠪᠤᠷᠢ ᠶᠢᠨ ᠭᠠᠶᠢᠯᠢ ᠶᠢᠨ ᠴᠢᠬᠤᠯᠠ ᠦᠢᠯᠡᠳᠦᠯ ᠢ ᠨᠡᠩ ᠰᠠᠶᠢᠲᠤᠷ ᠪᠠᠳᠠᠷᠠᠭᠤᠯᠤᠭᠰᠠᠨ᠂ ᠨᠢᠭᠡᠨ ᠤᠳᠠᠭᠠᠨ ᠤ ᠴᠢᠬᠤᠯᠠ ᠬᠥᠰᠢᠶ᠎ᠡ ᠳᠤᠷᠠᠰᠬᠠᠯ ᠤᠨ ᠮᠠᠶ᠋ᠢᠭ ᠤᠨ ᠥᠭᠡᠷᠡᠴᠢᠯᠡᠯᠲᠡ ᠪᠣᠯᠣᠨ᠎ᠠ᠃ ᠬᠥᠲᠥᠯᠥᠭᠴᠢ᠄ ᠲᠤᠰ ᠤᠳᠠᠭᠠᠨ ᠤ ᠬᠤᠪᠢ ᠬᠥᠮᠥᠨ ᠤ ᠠᠰᠢᠭ ᠣᠯᠵᠠᠪᠤᠷᠢ ᠶᠢᠨ ᠭᠠᠶᠢᠯᠢ ᠶᠢᠨ ᠥᠭᠡᠷᠡᠴᠢᠯᠡᠯᠲᠡ ᠳᠤ ᠶᠠᠮᠠᠷ ᠶᠠᠮᠠᠷ ᠭᠢᠯᠠᠰ ᠴᠡᠭ ᠪᠠᠶᠢᠬᠤ ᠶᠢ ᠣᠯᠠᠨ ᠳᠤ ᠶᠠᠷᠢᠭᠠᠳ ᠥᠭᠭᠦᠨ᠎ᠡ ᠦᠦ︖ ᠲᠠᠨ ᠡᠾᠧᠩ᠄ ᠥᠩᠭᠡᠷᠡᠭᠰᠡᠨ ᠤ ᠥᠭᠡᠷᠡᠴᠢᠯᠡᠯᠲᠡ ᠨᠦᠭᠦᠳ ᠲᠠᠢ ᠬᠠᠷᠢᠴᠠᠭᠤᠯᠪᠠᠯ᠂ ᠡᠨᠡ ᠤᠳᠠᠭᠠᠨ ᠤ ᠬᠤᠪᠢ ᠬᠥᠮᠥᠨ ᠤ ᠠᠰᠢᠭ ᠣᠯᠵᠠᠪᠤᠷᠢ ᠶᠢᠨ ᠭᠠᠶᠢᠯᠢ ᠶᠢᠨ ᠥᠭᠡᠷᠡᠴᠢᠯᠡᠯᠲᠡ ᠶᠢᠨ ᠬᠤᠪᠢᠷᠠᠯᠲᠠ ᠨᠢ ᠮᠠᠰᠢ ᠶᠡᠭᠡ᠂ ᠭᠢᠯᠠᠰ ᠴᠡᠭ ᠨᠢ ᠮᠠᠰᠢ ᠣᠯᠠᠨ ᠪᠠᠶᠢᠵᠤ᠂ ᠬᠤᠷᠢᠶᠠᠩᠭᠤᠶᠢᠯᠠᠪᠠᠯ ᠳᠣᠣᠷᠠᠬᠢ ᠵᠢᠷᠭᠤᠭᠠᠨ ᠶᠡᠭᠡ ᠭᠢᠯᠠᠰ ᠴᠡᠭ ᠪᠠᠶᠢᠨ᠎ᠠ᠄ ᠨᠢᠭᠡ ᠳᠤ᠂ ᠶᠡᠷᠦᠩᠬᠡᠶᠢᠯᠡᠭᠰᠡᠨ ᠠᠰᠢᠭ ᠣᠯᠵᠠᠪᠤᠷᠢ ᠠᠴᠠ ᠵᠢᠯ ᠢᠶᠠᠷ ᠭᠠᠶᠢᠯᠢ ᠲᠠᠲᠠᠪᠤᠷᠢᠯᠠᠬᠤ ᠳᠦᠷᠢᠮ ᠢ ᠪᠠᠶᠢᠭᠤᠯᠪᠠ᠃ ᠡᠨᠡ ᠤᠳᠠᠭᠠᠨ ᠤ ᠥᠭᠡᠷᠡᠴᠢᠯᠡᠯᠲᠡ ᠨᠢ ᠴᠠᠯᠢᠩ ᠮᠥᠩᠭᠦ᠂ ᠬᠥᠳᠡᠯᠮᠦᠷᠢ ᠬᠦᠴᠦᠨ ᠤ ᠣᠯᠭᠤᠮᠵᠢ᠂ ᠡᠬᠡ ᠪᠢᠴᠢᠭ ᠤᠨ ᠬᠠᠷᠠᠮᠵᠢ ᠪᠠ ᠣᠨᠴᠠ ᠵᠥᠪᠰᠢᠶᠡᠷᠡᠭᠰᠡᠨ ᠡᠷᠬᠡ ᠶᠢᠨ ᠬᠡᠷᠡᠭᠯᠡᠬᠦ ᠰᠦᠢᠳᠬᠡᠯ 4 ᠵᠦᠢᠯ ᠤᠨ ᠬᠥᠳᠡᠯᠮᠦᠷᠢ ᠶᠢᠨ ᠴᠢᠨᠠᠷᠲᠠᠢ ᠠᠰᠢᠭ ᠣᠯᠵᠠᠪᠤᠷᠢ ᠶᠢ ᠶᠡᠷᠦᠩᠬᠡᠶᠢᠯᠡᠨ ᠭᠠᠶᠢᠯᠢ ᠲᠠᠲᠠᠪᠤᠷᠢᠯᠠᠬᠤ ᠬᠡᠪᠴᠢᠶᠡᠨ ᠳᠤ ᠣᠷᠣᠭᠤᠯᠤᠨ ᠵᠢᠯ ᠢᠶᠠᠷ ᠭᠠᠶᠢᠯᠢ ᠪᠣᠳᠣᠵᠤ᠂ ᠳᠠᠪᠠᠭᠤᠯᠵᠤ ᠠᠬᠢᠭᠤᠯᠤᠨ ᠪᠣᠳᠣᠬᠤ ᠨᠢᠭᠡᠳᠦᠯᠲᠡᠢ ᠭᠠᠶᠢᠯᠢ ᠶᠢᠨ ᠨᠣᠷᠮ᠎ᠠ ᠶᠢ ᠲᠣᠬᠢᠷᠠᠭᠤᠯᠤᠨ ᠬᠡᠷᠡᠭᠯᠡᠵᠦ᠂ ︽ᠣᠷᠣᠯᠠᠨ ᠰᠠᠭᠤᠳᠬᠠᠵᠤ ᠣᠷᠣᠯᠠᠨ ᠲᠤᠰᠢᠶᠠᠬᠤ᠂ ᠥᠪᠡᠰᠦᠪᠡᠨ ᠭᠤᠶᠤᠴᠢᠯᠠᠨ ᠮᠡᠳᠡᠭᠦᠯᠬᠦ᠂ ᠨᠡᠶᠢᠯᠡᠭᠦᠯᠦᠨ ᠲᠣᠭᠠᠴᠠᠵᠤ ᠨᠠᠷᠢᠪᠴᠢᠯᠠᠨ ᠲᠤᠰᠢᠶᠠᠬᠤ᠂ ᠦᠯᠡᠳᠡᠭᠰᠡᠨ ᠢ ᠨᠢ ᠪᠤᠴᠠᠭᠠᠵᠤ ᠳᠤᠲᠠᠭᠤᠳᠠᠭᠰᠠᠨ ᠢ ᠨᠢ ᠨᠥᠬᠦᠬᠦ᠂ ᠦᠢᠯᠡᠴᠢᠯᠡᠭᠡ ᠪᠠᠨ ᠰᠢᠯᠢᠳᠡᠭᠵᠢᠭᠦᠯᠬᠦ᠂ ᠠᠵᠢᠯ ᠶᠠᠪᠤᠳᠠᠯ ᠤᠨ ᠳᠠᠷᠠᠭ᠎ᠠ ᠰᠤᠭᠤᠴᠢᠨ ᠪᠠᠶᠢᠴᠠᠭᠠᠬᠤ︾ ᠶᠢ ᠬᠡᠷᠡᠭᠵᠢᠭᠦᠯᠪᠡ᠃ ᠡᠶᠢᠮᠦᠷᠬᠦᠦ ᠳᠦᠷᠢᠮ ᠨᠢ ᠴᠢᠳᠠᠪᠤᠷᠢ ᠢ ᠨᠢ ᠦᠵᠡᠵᠦ ᠭᠠᠶᠢᠯᠢ ᠲᠠᠲᠠᠪᠤᠷᠢᠯᠠᠬᠤ᠂ ᠭᠠᠶᠢᠯᠢ ᠶᠢᠨ ᠳᠠᠷᠤᠭᠠᠰᠤ ᠶᠢ ᠡᠷᠬᠡ ᠲᠡᠭᠰᠢ ᠪᠣᠯᠭᠠᠬᠤ ᠵᠠᠷᠴᠢᠮ ᠢ ᠨᠡᠩ ᠭᠦᠢᠴᠡᠳ ᠢᠯᠡᠷᠡᠭᠦᠯᠪᠡ᠃ ᠬᠤᠶᠠᠷ ᠲᠤ᠂ ᠬᠠᠰᠤᠨ ᠦᠭᠡᠶᠢᠰᠬᠡᠬᠦ ᠰᠦᠢᠳᠬᠡᠯ ᠤᠨ ᠦᠨᠳᠦᠰᠦᠨ ᠪᠠᠷᠢᠮᠵᠢᠶ᠎ᠠ ᠶᠢ ᠲᠣᠬᠢᠷᠠᠮᠵᠢᠲᠠᠢ ᠳᠡᠭᠡᠭᠰᠢᠯᠡᠭᠦᠯᠪᠡ᠃ ᠶᠡᠷᠦᠩᠬᠡᠶᠢᠯᠡᠭᠰᠡᠨ ᠠᠰᠢᠭ ᠣᠯᠵᠠᠪᠤᠷᠢ ᠶᠢᠨ ᠬᠠᠰᠤᠨ ᠦᠭᠡᠶᠢᠰᠬᠡᠬᠦ ᠰᠦᠢᠳᠬᠡᠯ ᠤᠨ ᠦᠨᠳᠦᠰᠦᠨ ᠪᠠᠷᠢᠮᠵᠢᠶ᠎ᠠ ᠶᠢ ᠤᠤᠯ ᠤᠨ ᠬᠥᠮᠥᠨ ᠨᠢᠭᠡᠪᠦᠷᠢ ᠶᠢᠨ ᠰᠠᠷ᠎ᠠ ᠶᠢᠨ 3500 ᠲᠥᠭᠦᠷᠢᠭ ᠢ ᠳᠡᠭᠡᠭᠰᠢᠯᠡᠭᠦᠯᠦᠭᠡᠳ 5000 ᠲᠥᠭᠦᠷᠢᠭ ︵ᠬᠥᠮᠥᠨ ᠨᠢᠭᠡᠪᠦᠷᠢ ᠶᠢᠨ ᠵᠢᠯ ᠤᠨ 6 ᠲᠦᠮᠡᠨ ᠲᠥᠭᠦᠷᠢᠭ︶ ᠪᠣᠯᠭᠠᠪᠠ᠃ ᠡᠨᠡ ᠨᠢ ᠳᠤᠮᠳᠠ ᠳᠣᠣᠷ᠎ᠠ ᠣᠷᠣᠯᠭ᠎ᠠ ᠲᠠᠢ ᠬᠥᠮᠥᠰ ᠤᠨ ᠳᠠᠷᠤᠭᠠᠰᠤ ᠶᠢ ᠬᠥᠩᠭᠡᠷᠡᠭᠦᠯᠬᠦ᠂ ᠬᠤᠪᠢ ᠬᠥᠮᠥᠨ ᠤ ᠬᠡᠷᠡᠭᠯᠡᠭᠡ ᠶᠢ ᠳᠠᠶᠢᠴᠢᠯᠠᠬᠤ᠂ ᠣᠷᠣᠯᠭ᠎ᠠ ᠶᠢᠨ ᠵᠥᠷᠢᠶ᠎ᠡ ᠶᠢ ᠪᠠᠭᠠᠰᠬᠠᠬᠤ᠂ ᠠᠵᠤ ᠠᠬᠤᠢ ᠶᠢᠨ ᠴᠢᠨᠠᠷᠯᠢᠭ ᠬᠥᠭᠵᠢᠯᠲᠡ ᠶᠢ ᠠᠬᠢᠭᠤᠯᠬᠤ ᠵᠡᠷᠭᠡ ᠲᠠᠯ᠎ᠠ ᠪᠠᠷ ᠪᠦᠷ ᠢᠳᠡᠪᠬᠢᠲᠡᠢ ᠦᠷ᠎ᠡ ᠨᠥᠯᠥᠭᠡ ᠦᠵᠡᠭᠦᠯᠦᠨ᠎ᠡ᠃ ᠭᠤᠷᠪᠠ ᠳᠤ᠂ ᠠᠩᠬ᠎ᠠ ᠤᠳᠠᠭ᠎ᠠ ᠲᠤᠰᠬᠠᠢ ᠵᠦᠢᠯ ᠤᠨ ᠨᠡᠮᠡᠯᠲᠡ ᠰᠠᠭᠤᠳᠬᠠᠯ ᠢ ᠲᠣᠬᠢᠷᠠᠭᠤᠯᠪᠠ᠃ ᠡᠨᠡ ᠤᠳᠠᠭᠠᠨ ᠤ ᠥᠭᠡᠷᠡᠴᠢᠯᠡᠯᠲᠡ ᠨᠢ᠂ ᠠᠷᠠᠳ ᠲᠦᠮᠡᠨ ᠤ ᠠᠮᠢᠳᠤᠷᠠᠯ ᠲᠠᠢ ᠨᠢᠭᠲᠠ ᠬᠤᠯᠪᠣᠭ᠎ᠠ ᠲᠠᠢ ᠵᠠᠷᠤᠯᠭ᠎ᠠ ᠶᠢᠨ ᠬᠦᠷᠢᠶ᠎ᠡ ᠴᠠᠷᠠᠭ᠎ᠠ ᠶᠢᠨ ᠲᠣᠭᠤᠷᠢᠨ ᠳᠤ᠂ ᠦᠷ᠎ᠡ ᠬᠡᠦᠬᠡᠳ ᠤᠨ ᠰᠤᠷᠭᠠᠨ ᠬᠥᠮᠥᠵᠢᠯ᠂ ᠦᠷᠭᠦᠯᠵᠢᠯᠡᠯ ᠰᠤᠷᠭᠠᠨ ᠬᠥᠮᠥᠵᠢᠯ᠂ ᠬᠦᠨᠳᠦ ᠡᠪᠡᠳᠴᠢᠨ ᠤ ᠡᠮᠴᠢᠯᠡᠭᠡ᠂ ᠣᠷᠣᠨ ᠰᠠᠭᠤᠴᠠ ᠶᠢᠨ ᠵᠢᠭᠡᠯᠡᠯᠭᠡ ᠶᠢᠨ ᠬᠦᠦ ᠮᠥᠩᠭᠦ᠂ ᠣᠷᠣᠨ ᠰᠠᠭᠤᠴᠠ ᠶᠢᠨ ᠲᠦᠷᠢᠶᠡᠰᠦᠨ ᠮᠥᠩᠭᠦ᠂ ᠨᠠᠰᠤᠲᠠᠨ ᠤ ᠠᠰᠠᠷᠠᠮᠵᠢ 6 ᠲᠤᠰᠬᠠᠢ ᠵᠦᠢᠯ ᠤᠨ ᠨᠡᠮᠡᠯᠲᠡ ᠰᠠᠭᠤᠳᠬᠠᠯ ᠢ ᠨᠡᠮᠡᠨ ᠲᠣᠬᠢᠷᠠᠭᠤᠯᠪᠠ᠃ ᠡᠶᠢᠮᠦᠷᠬᠦᠦ ᠲᠣᠬᠢᠷᠠᠭᠤᠯᠤᠯᠲᠠ ᠨᠢ ᠬᠤᠪᠢ ᠬᠥᠮᠥᠨ ᠤ ᠵᠠᠷᠤᠯᠭ᠎ᠠ ᠶᠢᠨ ᠵᠥᠷᠢᠶᠡᠲᠦ ᠴᠢᠨᠠᠷ ᠪᠠ ᠭᠠᠶᠢᠯᠢ ᠲᠠᠲᠠᠪᠤᠷᠢ ᠶᠢᠨ ᠴᠢᠳᠠᠪᠤᠷᠢ ᠶᠢᠨ ᠡᠭᠦᠷᠭᠡᠯᠡᠯ ᠤᠨ ᠵᠠᠷᠴᠢᠮ ᠢ ᠨᠡᠩ ᠭᠦᠢᠴᠡᠳ ᠢᠯᠡᠷᠡᠭᠦᠯᠦᠨ᠂ ᠬᠤᠪᠢ ᠬᠥᠮᠥᠨ ᠤ ᠠᠰᠢᠭ ᠣᠯᠵᠠᠪᠤᠷᠢ ᠶᠢᠨ ᠭᠠᠶᠢᠯᠢ ᠶᠢᠨ ᠵᠠᠷᠴᠢᠮ ᠲᠠᠢ ᠨᠡᠩ ᠨᠡᠶᠢᠴᠡᠵᠦ᠂ ᠬᠡᠦᠬᠡᠳ ᠤᠨ ᠠᠰᠠᠷᠠᠮᠵᠢ ᠬᠦᠷᠲᠡᠵᠦ ᠳᠡᠶᠢᠯᠬᠦ᠂ ᠰᠤᠷᠬᠤ ᠠᠴᠠ ᠰᠤᠷᠭᠠᠨ ᠬᠥᠮᠥᠵᠢᠯ ᠬᠦᠷᠲᠡᠵᠦ ᠳᠡᠶᠢᠯᠬᠦ᠂ ᠡᠪᠡᠳᠴᠢᠨ ᠢᠶᠠᠨ ᠦᠵᠡᠭᠦᠯᠵᠦ ᠳᠡᠶᠢᠯᠬᠦ᠂ ᠰᠠᠭᠤᠬᠤ ᠠᠴᠠ ᠣᠷᠣᠨ ᠰᠠᠭᠤᠴᠠ ᠪᠠᠶᠢᠬᠤ ᠶᠢ ᠪᠠᠲᠤᠯᠠᠬᠤ᠂ ᠥᠲᠡᠯᠬᠦ ᠳᠤ ᠠᠰᠠᠷᠠᠮᠵᠢ ᠬᠠᠷᠠᠭᠠᠯᠵᠠᠯ ᠬᠦᠷᠲᠡᠵᠦ ᠳᠡᠶᠢᠯᠬᠦ ᠶᠢ ᠪᠡᠶᠡᠯᠡᠭᠦᠯᠬᠦ ᠳᠤ ᠠᠰᠢᠭᠲᠠᠢ ᠪᠠᠶᠢᠳᠠᠭ᠃ ᠲᠠᠨ ᠡᠾᠧᠩ᠄ ᠳᠥᠷᠪᠡ ᠳᠤ᠂ ᠭᠠᠶᠢᠯᠢ ᠶᠢᠨ ᠨᠣᠷᠮ᠎ᠠ ᠶᠢᠨ ᠪᠦᠲᠦᠴᠡ ᠶᠢ ᠲᠣᠬᠢᠷᠠᠭᠤᠯᠤᠨ ᠰᠢᠯᠢᠳᠡᠭᠵᠢᠭᠦᠯᠪᠡ᠃ ᠡᠨᠡ ᠤᠳᠠᠭᠠᠨ ᠤ ᠥᠭᠡᠷᠡᠴᠢᠯᠡᠯᠲᠡ ᠨᠢ᠂ ᠬᠥᠳᠡᠯᠮᠦᠷᠢ ᠶᠢᠨ ᠴᠢᠨᠠᠷᠲᠠᠢ ᠠᠰᠢᠭ ᠣᠯᠵᠠᠪᠤᠷᠢ ᠳᠤ᠂ ᠣᠳᠣ ᠶᠢᠨ ᠬᠡᠷᠡᠭᠵᠢᠭᠦᠯᠵᠦ ᠪᠠᠶᠢᠭ᠎ᠠ ᠴᠠᠯᠢᠩ ᠤᠨ ᠠᠰᠢᠭ ᠣᠯᠵᠠᠪᠤᠷᠢ ᠶᠢᠨ 3% — 45% ᠭᠡᠬᠦ ᠳᠣᠯᠣᠭᠠᠨ ᠳᠡᠰ ᠤᠨ ᠳᠠᠪᠠᠭᠤᠯᠵᠤ ᠠᠬᠢᠭᠤᠯᠤᠨ ᠪᠣᠳᠣᠬᠤ ᠭᠠᠶᠢᠯᠢ ᠪᠠᠷ ᠰᠠᠭᠤᠷᠢ ᠪᠣᠯᠭᠠᠵᠤ᠂ 3%᠂ 10%᠂ 20% ᠭᠤᠷᠪᠠᠨ ᠳᠡᠰ ᠤᠨ ᠳᠣᠣᠷ᠎ᠠ ᠭᠠᠶᠢᠯᠢ ᠶᠢᠨ ᠨᠣᠷᠮ᠎ᠠ ᠶᠢᠨ ᠳᠡᠰ ᠤᠨ ᠵᠥᠷᠢᠶ᠎ᠡ ᠶᠢ ᠶᠡᠬᠡᠰᠬᠡᠵᠦ᠂ 25% ᠶᠢᠨ ᠭᠠᠶᠢᠯᠢ ᠶᠢᠨ ᠨᠣᠷᠮ᠎ᠠ ᠶᠢᠨ ᠳᠡᠰ ᠤᠨ ᠵᠥᠷᠢᠶ᠎ᠡ ᠶᠢ ᠲᠣᠬᠢᠷᠠᠯᠴᠠᠭᠤᠯᠤᠨ ᠪᠠᠭᠠᠰᠬᠠᠵᠤ᠂ 30%᠂ 35%᠂ 45% ᠭᠤᠷᠪᠠᠨ ᠳᠡᠰ ᠤᠨ ᠨᠡᠯᠢᠶᠡᠳ ᠥᠨᠳᠥᠷ ᠭᠠᠶᠢᠯᠢ ᠶᠢᠨ ᠨᠣᠷᠮ᠎ᠠ ᠶᠢᠨ ᠳᠡᠰ ᠤᠨ ᠵᠥᠷᠢᠶ᠎ᠡ ᠶᠢ ᠬᠤᠪᠢᠷᠠᠭᠤᠯᠬᠤ ᠦᠭᠡᠢ ᠶᠢ ᠪᠠᠲᠤᠯᠠᠪᠠ︔ ᠡᠵᠡᠩᠨᠡᠯᠲᠡ ᠶᠢᠨ ᠴᠢᠨᠠᠷᠲᠠᠢ ᠠᠰᠢᠭ ᠣᠯᠵᠠᠪᠤᠷᠢ ᠳᠤ᠂ ᠣᠳᠣ ᠶᠢᠨ ᠬᠡᠷᠡᠭᠵᠢᠭᠦᠯᠵᠦ ᠪᠠᠶᠢᠭ᠎ᠠ 5% — 35% ᠭᠡᠬᠦ ᠲᠠᠪᠤᠨ ᠳᠡᠰ ᠤᠨ ᠳᠠᠪᠠᠭᠤᠯᠵᠤ ᠠᠬᠢᠭᠤᠯᠤᠨ ᠪᠣᠳᠣᠬᠤ ᠭᠠᠶᠢᠯᠢ ᠶᠢᠨ ᠨᠣᠷᠮ᠎ᠠ ᠶᠢ ᠪᠠᠲᠤᠯᠠᠭᠰᠠᠨ ᠰᠠᠭᠤᠷᠢᠨ ᠳᠡᠭᠡᠷ᠎ᠡ᠂ ᠡᠯ᠎ᠡ ᠳᠡᠰ ᠳᠠᠪᠬᠤᠷᠭ᠎ᠠ ᠶᠢᠨ ᠭᠠᠶᠢᠯᠢ ᠶᠢᠨ ᠨᠣᠷᠮ᠎ᠠ ᠶᠢᠨ ᠳᠡᠰ ᠤᠨ ᠵᠥᠷᠢᠶ᠎ᠡ ᠶᠢ ᠥᠷᠭᠡᠳᠬᠡᠪᠡ︔ ᠡᠳ᠋ ᠬᠥᠷᠥᠩᠭᠡ ᠶᠢᠨ ᠴᠢᠨᠠᠷᠲᠠᠢ ᠠᠰᠢᠭ ᠣᠯᠵᠠᠪᠤᠷᠢ ᠳᠤ᠂ 20% ᠶᠢᠨ ᠬᠠᠷᠢᠴᠠᠯ ᠤᠨ ᠭᠠᠶᠢᠯᠢ ᠶᠢᠨ ᠨᠣᠷᠮ᠎ᠠ ᠶᠢ ᠬᠤᠪᠢᠷᠠᠭᠤᠯᠬᠤ ᠦᠭᠡᠢ ᠶᠢ ᠪᠠᠲᠤᠯᠠᠨ᠎ᠠ᠃ ᠡᠶᠢᠮᠦᠷᠬᠦᠦ ᠲᠣᠬᠢᠷᠠᠭᠤᠯᠤᠯᠲᠠ ᠨᠢ ᠭᠠᠶᠢᠯᠢ ᠶᠢᠨ ᠨᠣᠷᠮ᠎ᠠ ᠶᠢᠨ ᠪᠦᠲᠦᠴᠡ ᠶᠢ ᠨᠡᠩ ᠰᠢᠨᠵᠢᠯᠡᠬᠦ ᠤᠬᠠᠭᠠᠨᠴᠢ ᠪᠥᠭᠡᠳ ᠵᠦᠢ ᠵᠣᠬᠢᠰᠲᠠᠢ ᠪᠣᠯᠭᠠᠵᠤ᠂ ᠬᠤᠪᠢ ᠬᠥᠮᠥᠨ ᠤ ᠠᠰᠢᠭ ᠣᠯᠵᠠᠪᠤᠷᠢ ᠶᠢᠨ ᠭᠠᠶᠢᠯᠢ ᠶᠢᠨ ᠣᠷᠣᠯᠭ᠎ᠠ ᠶᠢᠨ ᠬᠤᠪᠢᠶᠠᠷᠢᠯᠠᠯᠲᠠ ᠶᠢ ᠲᠣᠬᠢᠷᠠᠭᠤᠯᠬᠤ ᠦᠢᠯᠡᠳᠦᠯ ᠢ ᠨᠡᠩ ᠰᠠᠶᠢᠲᠤᠷ ᠪᠠᠳᠠᠷᠠᠭᠤᠯᠵᠤ ᠴᠢᠳᠠᠨ᠎ᠠ᠃ ᠲᠠᠪᠤ ᠳᠤ᠂ ᠭᠠᠶᠢᠯᠢ ᠠᠴᠠ ᠵᠠᠶᠢᠯᠠᠬᠤ ᠶᠢ ᠡᠰᠡᠷᠭᠦᠴᠡᠬᠦ ᠵᠤᠷᠪᠤᠰ ᠨᠡᠮᠡᠨ ᠲᠣᠬᠢᠷᠠᠭᠤᠯᠪᠠ᠃ ᠬᠤᠪᠢ ᠬᠥᠮᠥᠨ ᠤ ᠲᠤᠰᠠᠭᠠᠷ ᠰᠣᠯᠢᠯᠴᠠᠬᠤ ᠵᠠᠷᠴᠢᠮ ᠢ ᠵᠢᠷᠤᠮᠯᠠᠬᠤ ᠦᠭᠡᠢ ᠪᠠᠷ ᠡᠳ᠋ ᠬᠥᠷᠥᠩᠭᠡ ᠪᠠᠨ ᠰᠢᠯᠵᠢᠭᠦᠯᠦᠨ ᠬᠤᠳᠠᠯᠳᠤᠬᠤ᠂ ᠬᠢᠯᠢ ᠶᠢᠨ ᠭᠠᠳᠠᠨᠠᠬᠢ ᠭᠠᠶᠢᠯᠢ ᠠᠴᠠ ᠵᠠᠶᠢᠯᠠᠬᠤ ᠭᠠᠵᠠᠷ ᠢᠶᠠᠷ ᠳᠠᠮᠵᠢᠭᠤᠯᠤᠨ ᠭᠠᠶᠢᠯᠢ ᠠᠴᠠ ᠵᠠᠶᠢᠯᠠᠬᠤ᠂ ᠵᠦᠢ ᠵᠣᠬᠢᠰ ᠦᠭᠡᠢ ᠬᠤᠳᠠᠯᠳᠤᠭᠠᠨ ᠤ ᠲᠣᠬᠢᠷᠠᠭᠤᠯᠤᠯᠲᠠ ᠶᠢ ᠬᠡᠷᠡᠭᠵᠢᠭᠦᠯᠦᠨ ᠵᠦᠢ ᠵᠣᠬᠢᠰ ᠦᠭᠡᠢ ᠪᠠᠷ ᠭᠠᠶᠢᠯᠢ ᠲᠠᠲᠠᠪᠤᠷᠢ ᠶᠢᠨ ᠠᠰᠢᠭ ᠣᠯᠵᠠ ᠣᠯᠬᠤ ᠵᠡᠷᠭᠡ ᠭᠠᠶᠢᠯᠢ ᠠᠴᠠ ᠵᠠᠶᠢᠯᠠᠬᠤ ᠦᠢᠯᠡ ᠠᠵᠢᠯᠯᠠᠭ᠎ᠠ ᠳᠤ᠂ ᠭᠠᠶᠢᠯᠢ ᠶᠢᠨ ᠶᠠᠪᠤᠳᠠᠯ ᠤᠨ ᠪᠠᠶᠢᠭᠤᠯᠭ᠎ᠠ ᠳᠤ ᠵᠦᠢ ᠵᠣᠬᠢᠰᠲᠠᠢ ᠠᠷᠭ᠎ᠠ ᠪᠠᠷ ᠭᠠᠶᠢᠯᠢ ᠲᠤᠰᠢᠶᠠᠯᠭᠠᠬᠤ ᠲᠣᠬᠢᠷᠠᠭᠤᠯᠤᠯᠲᠠ ᠬᠢᠬᠦ ᠡᠷᠬᠡ ᠣᠯᠭᠤᠪᠠ᠃ ᠡᠶᠢᠮᠦᠷᠬᠦᠦ ᠳᠦᠷᠢᠮ ᠤᠨ ᠲᠣᠬᠢᠷᠠᠭᠤᠯᠤᠯᠲᠠ ᠨᠢ᠂ ᠪᠠᠶᠢᠭᠠᠯᠢᠯᠢᠭ ᠬᠥᠮᠥᠨ ᠤ ᠭᠠᠶᠢᠯᠢ ᠲᠠᠲᠠᠪᠤᠷᠢ ᠶᠢᠨ ᠲᠥᠯᠥᠪᠯᠡᠭᠡ ᠪᠠᠷ ᠳᠠᠮᠵᠢᠭᠤᠯᠤᠨ ᠭᠠᠶᠢᠯᠢ ᠲᠤᠰᠢᠶᠠᠬᠤ ᠡᠭᠦᠷᠭᠡ ᠠᠴᠠ ᠵᠠᠶᠢᠯᠬᠤ ᠠᠵᠢᠯᠯᠠᠭ᠎ᠠ ᠳᠤ ᠬᠦᠴᠦᠲᠡᠢ ᠴᠣᠬᠢᠯᠲᠠ ᠥᠭᠴᠦ᠂ ᠤᠯᠤᠰ ᠤᠨ ᠭᠠᠶᠢᠯᠢ ᠲᠠᠲᠠᠪᠤᠷᠢ ᠶᠢᠨ ᠡᠷᠬᠡ ᠠᠰᠢᠭ ᠢ ᠬᠠᠮᠠᠭᠠᠯᠠᠵᠤ ᠪᠣᠯᠣᠨ᠎ᠠ᠃ ᠵᠢᠷᠭᠤᠭ᠎ᠠ ᠳᠤ᠂ ᠲᠠᠲᠠᠪᠤᠷᠢᠯᠠᠨ ᠬᠠᠮᠢᠶᠠᠷᠬᠤ ᠲᠥᠬᠦᠷ ᠳᠦᠷᠢᠮ ᠢ ᠪᠠᠶᠢᠭᠤᠯᠤᠨ ᠪᠦᠷᠢᠨᠰᠢᠭᠦᠯᠪᠡ᠃ ᠡᠨᠡ ᠤᠳᠠᠭᠠᠨ ᠤ ᠥᠭᠡᠷᠡᠴᠢᠯᠡᠯᠲᠡ ᠨᠢ᠂ ᠲᠠᠲᠠᠪᠤᠷᠢᠯᠠᠨ ᠬᠠᠮᠢᠶᠠᠷᠬᠤ ᠰᠠᠭᠤᠷᠢ ᠶᠢᠨ ᠴᠢᠨᠠᠷᠲᠠᠢ ᠠᠵᠢᠯᠯᠠᠭᠠᠨ ᠪᠠ ᠳᠦᠷᠢᠮ ᠳᠤ ᠰᠢᠨ᠎ᠡ ᠶᠢ ᠡᠭᠦᠳᠬᠦ ᠶᠢ ᠴᠢᠬᠤᠯᠠᠴᠢᠯᠠᠨ ᠦᠵᠡᠵᠦ᠂ ᠪᠠᠶᠢᠭᠠᠯᠢᠯᠢᠭ ᠬᠥᠮᠥᠨ ᠤ ᠭᠠᠶᠢᠯᠢ ᠲᠤᠰᠢᠶᠠᠭᠴᠢ ᠶᠢᠨ ᠢᠯᠭᠠᠨ ᠲᠣᠳᠣᠯᠠᠬᠤ ᠨᠣᠮᠧᠷ᠂ ᠬᠤᠪᠢ ᠬᠥᠮᠥᠨ ᠤ ᠪᠡᠶ᠎ᠡ ᠪᠠᠨ ᠳᠠᠭᠠᠭᠠᠵᠤ ᠭᠤᠶᠤᠴᠢᠯᠠᠨ ᠮᠡᠳᠡᠭᠦᠯᠬᠦ᠂ ᠭᠠᠶᠢᠯᠢ ᠠᠴᠠ ᠵᠠᠶᠢᠯᠠᠬᠤ ᠶᠢ ᠡᠰᠡᠷᠭᠦᠴᠡᠬᠦ᠂ ᠰᠠᠯᠠᠭ᠎ᠠ ᠮᠥᠴᠢᠷ ᠤᠳ ᠤᠨ ᠮᠡᠳᠡᠭᠡ ᠵᠠᠩᠭᠢ ᠪᠠᠨ ᠬᠠᠮᠲᠤ ᠳᠤ ᠪᠠᠨ ᠬᠦᠷᠲᠡᠬᠦ᠂ ᠰᠠᠯᠠᠭ᠎ᠠ ᠮᠥᠴᠢᠷ ᠤᠳ ᠤᠨ ᠡᠬᠢ ᠢᠷᠡᠯᠲᠡ ᠠᠴᠠ ᠨᠢ ᠵᠣᠬᠢᠴᠠᠭᠤᠯᠤᠨ ᠬᠠᠮᠲᠤ ᠪᠠᠷ ᠬᠠᠮᠢᠶᠠᠷᠬᠤ ᠪᠠ ︽ᠮᠡᠳᠡᠭᠡ ᠵᠠᠩᠭᠢ + ᠢᠲᠡᠭᠡᠮᠵᠢ︾ ᠶᠢᠨ ︽ᠬᠤᠣᠰ ᠢᠲᠡᠭᠡᠯ︾ ᠤᠨ ᠬᠠᠮᠢᠶᠠᠷᠤᠯᠲᠠ ᠶᠢ ᠴᠢᠬᠤᠯᠠᠴᠢᠯᠠᠨ ᠪᠠᠶᠢᠭᠤᠯᠵᠤ᠂ ᠰᠢᠨ᠎ᠡ ᠭᠠᠶᠢᠯᠢ ᠶᠢᠨ ᠳᠦᠷᠢᠮ ᠶᠢ ᠤᠷᠤᠭᠰᠢᠲᠠᠢ ᠪᠠᠷ ᠪᠣᠳᠠᠲᠠᠶᠢᠵᠢᠭᠤᠯᠤᠨ ᠨᠠᠶᠢᠳᠠᠪᠤᠷᠢᠵᠢᠭᠤᠯᠵᠤ ᠦᠷ᠎ᠡ ᠪᠦᠲᠦᠮᠵᠢ ᠣᠯᠬᠤ ᠳᠤ ᠪᠠᠲᠤᠯᠠᠭ᠎ᠠ ᠬᠠᠩᠭᠠᠨ᠎ᠠ᠃ ᠬᠥᠲᠥᠯᠥᠭᠴᠢ᠄ ᠡᠮᠦᠨ᠎ᠡ ᠬᠡᠰᠡᠭ ᠬᠤᠭᠤᠴᠠᠭᠠᠨ ᠳᠤ᠂ ᠪᠢᠳᠡ ᠨᠢᠭᠡᠨᠲᠡ ᠰᠦᠢᠳᠬᠡᠯ ᠬᠠᠰᠤᠬᠤ ᠪᠠᠷᠢᠮᠵᠢᠶ᠎ᠠ ᠶᠢ ᠳᠡᠭᠡᠭᠰᠢᠯᠡᠭᠦᠯᠵᠦ᠂ ᠭᠠᠶᠢᠯᠢ ᠶᠢᠨ ᠨᠣᠷᠮ᠎ᠠ ᠶᠢᠨ ᠪᠦᠲᠦᠴᠡ ᠶᠢ ᠰᠢᠯᠢᠳᠡᠭᠵᠢᠭᠦᠯᠦᠭᠰᠡᠨ ᠠᠴᠠ ᠣᠯᠣᠭᠰᠠᠨ ᠪᠣᠳᠠᠲᠤ ᠠᠰᠢᠭ ᠬᠦᠷᠲᠡᠭᠡᠯ ᠢ ᠬᠦᠷᠲᠡᠪᠡ᠃ ᠮᠢᠨᠤ ᠪᠣᠳᠣᠬᠤ ᠪᠠᠷ᠂ ᠥᠷᠭᠡᠨ ᠣᠯᠠᠨ ᠰᠦᠯᠵᠢᠶᠡᠨ ᠤ ᠠᠨᠳᠠ ᠶᠢᠨ ᠬᠠᠮᠤᠭ ᠠᠴᠠ ᠠᠩᠬᠠᠷᠤᠯ ᠲᠠᠯᠪᠢᠵᠤ ᠪᠠᠶᠢᠭ᠎ᠠ ᠨᠢ ᠲᠠᠨ ᠤ ᠰᠠᠶ᠋ᠢᠬᠠᠨ ᠤ ᠳᠤᠷᠠᠳᠤᠭᠰᠠᠨ ᠡᠳᠡᠭᠡᠷ ᠲᠤᠰᠬᠠᠢ ᠵᠦᠢᠯ ᠤᠨ ᠨᠡᠮᠡᠯᠲᠡ ᠰᠠᠭᠤᠳᠬᠠᠯ ᠢ ᠴᠣᠬᠤᠮ ᠶᠠᠭᠠᠬᠢᠵᠤ ᠬᠠᠰᠤᠬᠤ ᠶᠠᠪᠤᠳᠠᠯ ᠪᠣᠯᠣᠨ᠎ᠠ᠃ ᠡᠩ ᠲᠡᠷᠢᠭᠦᠨ ᠳᠤ ᠲᠠ ᠦᠷ᠎ᠡ ᠬᠡᠦᠬᠡᠳ ᠤᠨ ᠰᠤᠷᠭᠠᠨ ᠬᠥᠮᠥᠵᠢᠯ ᠭᠡᠬᠦ ᠡᠨᠡ ᠬᠦ ᠬᠡᠰᠡᠭ ᠨᠡᠮᠡᠯᠲᠡ ᠰᠠᠭᠤᠳᠬᠠᠯ ᠢ ᠶᠠᠭᠠᠬᠢᠵᠤ ᠬᠠᠰᠤᠬᠤ ᠲᠤᠬᠠᠢ ᠣᠯᠠᠨ ᠳᠤ ᠲᠠᠨᠢᠯᠴᠠᠭᠤᠯᠤᠭᠠᠳ ᠥᠭᠭᠦᠨ᠎ᠡ ᠦᠦ︖ ᠲᠠᠨ ᠡᠾᠧᠩ᠄ ᠭᠠᠶᠢᠯᠢ ᠲᠤᠰᠢᠶᠠᠭᠴᠢ ᠶᠢᠨ ᠦᠷ᠎ᠡ ᠬᠡᠦᠬᠡᠳ ᠨᠢ ᠬᠡᠷᠪᠡ ᠰᠤᠷᠬᠤ ᠨᠠᠰᠤᠨ ᠠᠴᠠ ᠡᠮᠦᠨᠡᠬᠢ ᠰᠤᠷᠭᠠᠨ ᠬᠥᠮᠥᠵᠢᠯ ᠪᠠ ᠰᠤᠷᠤᠯᠭ᠎ᠠ ᠶᠢᠨ ᠨᠠᠮᠲᠠᠷ ᠤᠨ ᠰᠤᠷᠭᠠᠨ ᠬᠥᠮᠥᠵᠢᠯ ᠤᠨ ᠱᠠᠲᠤᠨ ᠳᠤ ᠪᠠᠶᠢᠪᠠᠯ᠂ ᠦᠷ᠎ᠡ ᠬᠡᠦᠬᠡᠳ ᠨᠢ ᠬᠢᠯᠢ ᠶᠢᠨ ᠳᠣᠲᠣᠭᠠᠳᠤ ᠳᠤ᠂ ᠡᠰᠡᠬᠦᠯ᠎ᠡ ᠬᠢᠯᠢ ᠶᠢᠨ ᠭᠠᠳᠠᠨ᠎ᠠ ᠰᠤᠷᠭᠠᠨ ᠬᠥᠮᠥᠵᠢᠯ ᠬᠦᠷᠲᠡᠭᠰᠡᠨ ᠴᠤ ᠲᠡᠷᠡ᠂ ᠠᠯᠪᠠᠨ ᠠᠴᠠ ᠡᠷᠬᠢᠯᠡᠭᠰᠡᠨ ᠰᠤᠷᠭᠠᠭᠤᠯᠢ ᠳᠤ᠂ ᠡᠰᠡᠬᠦᠯ᠎ᠡ ᠠᠷᠠᠳ ᠠᠴᠠ ᠡᠷᠬᠢᠯᠡᠭᠰᠡᠨ ᠰᠤᠷᠭᠠᠭᠤᠯᠢ ᠳᠤ ᠴᠤ ᠭᠡᠰᠡᠨ᠂ ᠪᠦᠷ ᠦᠷ᠎ᠡ ᠬᠡᠦᠬᠡᠳ ᠤᠨ ᠰᠤᠷᠭᠠᠨ ᠬᠥᠮᠥᠵᠢᠯ ᠤᠨ ᠬᠠᠰᠤᠯᠲᠠ ᠰᠠᠭᠤᠳᠬᠠᠯ ᠢ ᠬᠦᠷᠲᠡᠵᠦ ᠪᠣᠯᠣᠨ᠎ᠠ᠃ ᠳᠠᠷᠤᠢ ᠭᠠᠶᠢᠯᠢ ᠲᠤᠰᠢᠶᠠᠭᠴᠢ ᠶᠢᠨ ᠦᠷ᠎ᠡ ᠬᠡᠦᠬᠡᠳ ᠨᠢ ᠪᠦᠬᠦᠯᠢ 3 ᠨᠠᠰᠤ ᠠᠴᠠ ᠳ᠋ᠣᠺᠲ᠋ᠣᠷᠠᠨᠲ ᠤᠨ ᠰᠤᠳᠤᠯᠬᠤ ᠰᠤᠷᠤᠭᠴᠢ ᠲᠡᠭᠦᠰᠬᠦ ᠬᠦᠷᠲᠡᠯᠡᠬᠢ ᠬᠤᠭᠤᠴᠠᠭ᠎ᠠ ︵3 ᠨᠠᠰᠤ ᠠᠴᠠ ᠪᠠᠭ᠎ᠠ ᠰᠤᠷᠭᠠᠭᠤᠯᠢ ᠳᠤ ᠣᠷᠣᠬᠤ ᠠᠴᠠ ᠡᠮᠦᠨᠡᠬᠢ ᠰᠤᠷᠬᠤ ᠨᠠᠰᠤᠨ ᠠᠴᠠ ᠡᠮᠦᠨᠡᠬᠢ ᠰᠤᠷᠭᠠᠨ ᠬᠥᠮᠥᠵᠢᠯ ᠤᠨ ᠱᠠᠲᠤ ᠦᠶ᠎ᠡ᠂ ᠪᠠᠭ᠎ᠠ ᠰᠤᠷᠭᠠᠭᠤᠯᠢ ᠪᠠ ᠠᠩᠬ᠎ᠠ ᠵᠡᠷᠭᠡ ᠶᠢᠨ ᠳᠤᠮᠳᠠᠳᠤ ᠰᠤᠷᠭᠠᠭᠤᠯᠢ ᠶᠢᠨ ᠠᠯᠪᠠᠨ ᠵᠢᠷᠤᠮ ᠤᠨ ᠰᠤᠷᠭᠠᠨ ᠬᠥᠮᠥᠵᠢᠯ ᠤᠨ ᠱᠠᠲᠤ ᠦᠶ᠎ᠡ᠂ ᠡᠩ ᠤᠨ ᠥᠨᠳᠥᠷ ᠵᠡᠷᠭᠡ ᠶᠢᠨ ᠳᠤᠮᠳᠠᠳᠤ ᠰᠤᠷᠭᠠᠭᠤᠯᠢ᠂ ᠳᠤᠮᠳᠠ ᠵᠡᠷᠭᠡ ᠶᠢᠨ ᠠᠵᠢᠯ ᠮᠡᠷᠭᠡᠵᠢᠯ ᠤᠨ ᠰᠤᠷᠭᠠᠭᠤᠯᠢ᠂ ᠮᠡᠷᠭᠡᠵᠢᠯ ᠤᠨ ᠠᠵᠢᠯᠴᠢᠨ ᠤ ᠰᠤᠷᠭᠠᠭᠤᠯᠢ ᠵᠡᠷᠭᠡ ᠥᠨᠳᠥᠷ ᠵᠡᠷᠭᠡ ᠶᠢᠨ ᠳᠤᠮᠳᠠᠳᠤ ᠰᠤᠷᠭᠠᠭᠤᠯᠢ ᠶᠢᠨ ᠰᠤᠷᠭᠠᠨ ᠬᠥᠮᠥᠵᠢᠯ ᠤᠨ ᠱᠠᠲᠤ ᠦᠶ᠎ᠡ᠂ ᠲᠤᠰᠬᠠᠢ ᠮᠡᠷᠭᠡᠵᠢᠯ ᠤᠨ ᠠᠩᠭᠢ᠂ ᠦᠨᠳᠦᠰᠦᠨ ᠠᠩᠭᠢ᠂ ᠠᠰᠫᠢᠷᠠᠨᠲ ᠪᠠ ᠳ᠋ᠣᠺᠲ᠋ᠣᠷᠠᠨᠲ ᠤᠨ ᠰᠤᠳᠤᠯᠬᠤ ᠰᠤᠷᠤᠭᠴᠢ ᠶᠢᠨ ᠰᠤᠷᠭᠠᠨ ᠬᠥᠮᠥᠵᠢᠯ ᠵᠡᠷᠭᠡ ᠳᠡᠭᠡᠳᠦ ᠵᠡᠷᠭᠡ ᠶᠢᠨ ᠰᠤᠷᠭᠠᠨ ᠬᠥᠮᠥᠵᠢᠯ ᠤᠨ ᠱᠠᠲᠤ ᠦᠶ᠎ᠡ ᠶᠢ ᠪᠠᠭᠲᠠᠭᠠᠨ᠎ᠠ︶᠂ ᠦᠷ᠎ᠡ ᠬᠡᠦᠬᠡᠳ ᠨᠢᠭᠡᠪᠦᠷᠢ ᠶᠢᠨ ᠰᠠᠷ᠎ᠠ ᠳᠤ 1000 ᠲᠥᠭᠦᠷᠢᠭ ᠬᠠᠰᠤᠨ ᠰᠠᠭᠤᠳᠬᠠᠵᠤ᠂ ᠬᠠᠰᠤᠨ ᠰᠠᠭᠤᠳᠬᠠᠬᠤ ᠨᠥᠬᠦᠴᠡᠯ ᠳᠤ ᠨᠡᠶᠢᠴᠡᠭᠰᠡᠨ ᠬᠡᠳᠦᠨ ᠦᠷ᠎ᠡ ᠬᠡᠦᠬᠡᠳ ᠪᠠᠶᠢᠪᠠᠯ᠂ ᠦᠷ᠎ᠡ ᠬᠡᠦᠬᠡᠳ ᠨᠢᠭᠡᠪᠦᠷᠢ ᠨᠢ ᠪᠦᠷ ᠬᠠᠰᠤᠯᠲᠠ ᠰᠠᠭᠤᠳᠬᠠᠯ ᠢ ᠬᠦᠷᠲᠡᠵᠦ ᠪᠣᠯᠣᠨ᠎ᠠ᠃ ᠬᠠᠰᠤᠨ ᠰᠠᠭᠤᠳᠬᠠᠬᠤ ᠬᠥᠮᠥᠨ ᠢ ᠡᠴᠢᠭᠡ ᠡᠬᠡ ᠬᠤᠶᠠᠷ ᠲᠠᠯ᠎ᠠ ᠠᠴᠠ ᠰᠣᠩᠭᠤᠨ ᠲᠣᠭᠲᠠᠭᠠᠨ᠎ᠠ᠃ ᠡᠴᠢᠭᠡ ᠡᠬᠡ ᠶᠢᠨ ᠨᠢᠭᠡ ᠲᠠᠯ᠎ᠠ ᠠᠴᠠ ᠬᠠᠰᠤᠨ ᠰᠠᠭᠤᠳᠬᠠᠬᠤ ᠪᠠᠷᠢᠮᠵᠢᠶ᠎ᠠ ᠶᠢᠨ 100% ᠪᠠᠷ ᠬᠠᠰᠤᠨ ᠰᠠᠭᠤᠳᠬᠠᠬᠤ ᠶᠢ ᠰᠣᠩᠭᠤᠵᠤ ᠪᠣᠯᠬᠤ ᠪᠠᠷ ᠪᠠᠷᠠᠬᠤ ᠦᠭᠡᠢ᠂ ᠡᠴᠢᠭᠡ ᠡᠬᠡ ᠬᠤᠶᠠᠷ ᠲᠠᠯ᠎ᠠ ᠠᠴᠠ ᠲᠤᠰ ᠲᠤᠰ ᠬᠠᠰᠤᠨ ᠰᠠᠭᠤᠳᠬᠠᠬᠤ ᠪᠠᠷᠢᠮᠵᠢᠶ᠎ᠠ ᠶᠢᠨ 50% ᠪᠠᠷ ᠬᠠᠰᠤᠨ ᠰᠠᠭᠤᠳᠬᠠᠬᠤ ᠶᠢ ᠰᠣᠩᠭᠤᠵᠤ ᠪᠣᠯᠣᠨ᠎ᠠ᠃ ᠬᠠᠰᠤᠨ ᠰᠠᠭᠤᠳᠬᠠᠬᠤ ᠠᠷᠭ᠎ᠠ ᠬᠡᠯᠪᠡᠷᠢ ᠪᠠᠨ ᠲᠣᠭᠲᠠᠭᠠᠭᠰᠠᠨ ᠤ ᠳᠠᠷᠠᠭ᠎ᠠ᠂ ᠨᠢᠭᠡ ᠭᠠᠶᠢᠯᠢ ᠲᠤᠰᠢᠶᠠᠬᠤ ᠣᠨ ᠤ ᠳᠣᠲᠣᠷ᠎ᠠ ᠬᠤᠪᠢᠷᠠᠭᠤᠯᠵᠤ ᠪᠣᠯᠬᠤ ᠦᠭᠡᠢ᠃ ᠵᠢᠱᠢᠶᠡᠯᠡᠪᠡᠯ᠂ ᠨᠢᠭᠡ ᠭᠡᠷ ᠲᠤ ᠬᠤᠶᠠᠷ ᠬᠡᠦᠬᠡᠳ ᠪᠠᠶᠢᠵᠤ᠂ ᠨᠢᠭᠡ ᠬᠡᠦᠬᠡᠳ ᠨᠢ ᠠᠩᠬ᠎ᠠ ᠵᠡᠷᠭᠡ ᠶᠢᠨ ᠳᠤᠮᠳᠠᠳᠤ ᠰᠤᠷᠭᠠᠭᠤᠯᠢ ᠳᠤ ᠰᠤᠷᠤᠯᠴᠠᠨ᠂ ᠨᠢᠭᠡ ᠬᠡᠦᠬᠡᠳ ᠨᠢ ᠬᠡᠦᠬᠡᠳ ᠤᠨ ᠴᠡᠴᠡᠷᠯᠢᠭ ᠲᠤ ᠣᠷᠣᠭᠰᠠᠨ ᠮᠥᠷᠲᠡᠭᠡᠨ ᠨᠢᠭᠡᠨᠲᠡ ᠪᠦᠬᠦᠯᠢ 3 ᠨᠠᠰᠤ ᠬᠦᠷᠦᠭᠰᠡᠨ ᠪᠣᠯ᠂ ᠬᠡᠦᠬᠡᠳ ᠤᠨ ᠡᠴᠢᠭᠡ ᠡᠬᠡ ᠨᠢ ᠳᠤᠷ᠎ᠠ ᠶᠢᠨ ᠨᠢᠭᠡ ᠲᠠᠯ᠎ᠠ ᠪᠠᠨ ᠰᠣᠩᠭᠤᠵᠤ ᠰᠠᠷ᠎ᠠ ᠪᠦᠷᠢ 2000 ᠲᠥᠭᠦᠷᠢᠭ ᠬᠠᠰᠤᠨ ᠰᠠᠭᠤᠳᠬᠠᠵᠤ ᠪᠣᠯᠣᠨ᠎ᠠ᠂ ᠪᠠᠰᠠ ᠡᠴᠢᠭᠡ᠂ ᠡᠬᠡ ᠬᠤᠶᠠᠷ ᠠᠴᠠ ᠲᠤᠰ ᠲᠤᠰ 1000 ᠲᠥᠭᠦᠷᠢᠭ ᠬᠠᠰᠤᠨ ᠰᠠᠭᠤᠳᠬᠠᠵᠤ ᠪᠣᠯᠣᠨ᠎ᠠ᠃ ᠬᠥᠲᠥᠯᠥᠭᠴᠢ᠄ ᠲᠡᠭᠡᠪᠡᠯ᠂ ᠦᠷᠭᠦᠯᠵᠢᠯᠡᠯ ᠰᠤᠷᠭᠠᠨ ᠬᠥᠮᠥᠵᠢᠯ ᠬᠦᠷᠲᠡᠬᠦ ᠳᠤ ᠶᠠᠭᠠᠬᠢᠵᠤ ᠬᠠᠰᠤᠨ ᠰᠠᠭᠤᠳᠬᠠᠬᠤ ᠪᠣᠢ︖ ᠲᠠᠨ ᠡᠾᠧᠩ᠄ ᠭᠠᠶᠢᠯᠢ ᠲᠤᠰᠢᠶᠠᠭᠴᠢ ᠬᠡᠷᠪᠡ ᠰᠤᠷᠤᠯᠭ᠎ᠠ ᠶᠢᠨ ᠨᠠᠮᠲᠠᠷ ︵ᠡᠷᠳᠡᠮ ᠤᠨ ᠴᠣᠯᠠ︶ ᠤᠨ ᠦᠷᠭᠦᠯᠵᠢᠯᠡᠯ ᠰᠤᠷᠭᠠᠨ ᠬᠥᠮᠥᠵᠢᠯ ᠬᠦᠷᠲᠡᠪᠡᠯ᠂ ᠰᠠᠷ᠎ᠠ ᠪᠦᠷᠢ 400 ᠲᠥᠭᠦᠷᠢᠭ ᠬᠠᠰᠤᠨ ᠰᠠᠭᠤᠳᠬᠠᠵᠤ᠂ ᠠᠳᠠᠯᠢᠬᠠᠨ ᠨᠢᠭᠡᠨ ᠰᠤᠷᠤᠯᠭ᠎ᠠ ᠶᠢᠨ ᠨᠠᠮᠲᠠᠷ ︵ᠡᠷᠳᠡᠮ ᠤᠨ ᠴᠣᠯᠠ︶ ᠤᠨ ᠦᠷᠭᠦᠯᠵᠢᠯᠡᠯ ᠰᠤᠷᠭᠠᠨ ᠬᠥᠮᠥᠵᠢᠯ ᠤᠨ ᠬᠠᠰᠤᠨ ᠰᠠᠭᠤᠳᠬᠠᠬᠤ ᠬᠤᠭᠤᠴᠠᠭᠠᠨ ᠤ ᠬᠢᠵᠠᠭᠠᠷ ᠨᠢ 48 ᠰᠠᠷ᠎ᠠ ᠠᠴᠠ ᠬᠡᠲᠦᠷᠡᠵᠦ ᠪᠣᠯᠬᠤ ᠦᠭᠡᠢ︔ ᠭᠠᠶᠢᠯᠢ ᠲᠤᠰᠢᠶᠠᠭᠴᠢ ᠬᠡᠷᠪᠡ ᠠᠵᠢᠯ ᠮᠡᠷᠭᠡᠵᠢᠯ ᠤᠨ ᠬᠢᠷᠢ ᠭᠡᠮ ᠤᠨ ᠦᠷᠭᠦᠯᠵᠢᠯᠡᠯ ᠰᠤᠷᠭᠠᠨ ᠬᠥᠮᠥᠵᠢᠯ ᠬᠦᠷᠲᠡᠪᠡᠯ᠂ ᠬᠠᠮᠢᠶ᠎ᠠ ᠪᠦᠬᠦᠢ ᠦᠨᠡᠮᠯᠡᠯ ᠣᠯᠣᠭᠰᠠᠨ ᠲᠤᠬᠠᠢ ᠶᠢᠨ ᠵᠢᠯ ᠳᠤ᠂ 3600 ᠲᠥᠭᠦᠷᠢᠭ ᠤᠨ ᠲᠣᠭᠲᠠᠭᠰᠠᠨ ᠲᠤᠭ᠎ᠠ ᠶᠣᠰᠣᠭᠠᠷ ᠬᠠᠰᠤᠨ ᠰᠠᠭᠤᠳᠬᠠᠨ᠎ᠠ᠃ ᠲᠡᠭᠦᠨ ᠤ ᠳᠣᠲᠣᠷ᠎ᠠ᠂ ᠠᠵᠢᠯ ᠮᠡᠷᠭᠡᠵᠢᠯ ᠤᠨ ᠬᠢᠷᠢ ᠭᠡᠮ ᠤᠨ ᠪᠣᠳᠠᠲᠠᠢ ᠬᠡᠪᠴᠢᠶ᠎ᠡ ᠶᠢ ᠬᠥᠮᠥᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠶᠢᠨ ᠰᠠᠯᠠᠭ᠎ᠠ ᠮᠥᠴᠢᠷ ᠠᠴᠠ ᠨᠡᠶᠢᠲᠡᠯᠡᠭᠰᠡᠨ ᠤᠯᠤᠰ ᠤᠨ ᠠᠵᠢᠯ ᠮᠡᠷᠭᠡᠵᠢᠯ ᠤᠨ ᠬᠢᠷᠢ ᠭᠡᠮ ᠤᠨ ᠭᠠᠷᠴᠠᠭ ᠢᠶᠠᠷ ᠪᠠᠷᠢᠮᠵᠢᠶ᠎ᠠ ᠪᠣᠯᠭᠠᠨ᠎ᠠ᠃ ᠦᠷᠭᠦᠯᠵᠢᠯᠡᠯ ᠰᠤᠷᠭᠠᠨ ᠬᠥᠮᠥᠵᠢᠯ ᠤᠨ ᠲᠤᠰᠬᠠᠢ ᠵᠦᠢᠯ ᠤᠨ ᠨᠡᠮᠡᠯᠲᠡ ᠰᠠᠭᠤᠳᠬᠠᠯ ᠢ ᠶᠡᠷᠦ ᠳᠤ ᠪᠠᠨ ᠬᠤᠪᠢ ᠬᠥᠮᠥᠨ ᠠᠴᠠ ᠬᠠᠰᠤᠨ ᠰᠠᠭᠤᠳᠬᠠᠨ᠎ᠠ᠃ ᠭᠠᠶᠢᠯᠢ ᠲᠤᠰᠢᠶᠠᠭᠴᠢ ᠬᠡᠷᠪᠡ ᠦᠨᠳᠦᠰᠦᠨ ᠠᠩᠭᠢ ᠵᠢᠴᠢ ᠳᠣᠷᠣᠭᠰᠢᠬᠢ ᠰᠤᠷᠤᠯᠭ᠎ᠠ ᠶᠢᠨ ᠨᠠᠮᠲᠠᠷ ︵ᠡᠷᠳᠡᠮ ᠤᠨ ᠴᠣᠯᠠ︶ ᠤᠨ ᠦᠷᠭᠦᠯᠵᠢᠯᠡᠯ ᠰᠤᠷᠭᠠᠨ ᠬᠥᠮᠥᠵᠢᠯ ᠬᠦᠷᠲᠡᠵᠦ᠂ ᠲᠣᠭᠲᠠᠭᠰᠠᠨ ᠬᠠᠰᠤᠨ ᠰᠠᠭᠤᠳᠬᠠᠬᠤ ᠨᠥᠬᠦᠴᠡᠯ ᠳᠤ ᠨᠡᠶᠢᠴᠡᠭᠰᠡᠨ ᠪᠣᠯ᠂ ᠲᠡᠭᠦᠨ ᠤ ᠡᠴᠢᠭᠡ ᠡᠬᠡ ᠠᠴᠠ ᠬᠠᠰᠤᠨ ᠰᠠᠭᠤᠳᠬᠠᠬᠤ ᠶᠢ ᠰᠣᠩᠭᠤᠵᠤ ᠪᠣᠯᠣᠨ᠎ᠠ᠂ ᠪᠠᠰᠠ ᠬᠤᠪᠢ ᠬᠥᠮᠥᠨ ᠠᠴᠠ ᠬᠠᠰᠤᠨ ᠰᠠᠭᠤᠳᠬᠠᠬᠤ ᠶᠢ ᠰᠣᠩᠭᠤᠵᠤ ᠪᠣᠯᠣᠨ᠎ᠠ᠃ ᠬᠥᠲᠥᠯᠥᠭᠴᠢ᠄ ᠣᠳᠣᠬᠠᠨ ᠳᠤ᠂ ᠣᠷᠣᠨ ᠰᠠᠭᠤᠴᠠ ᠶᠢᠨ ᠵᠢᠭᠡᠯᠡᠯᠭᠡ ᠨᠢ ᠭᠡᠷ ᠪᠦᠯᠢ ᠨᠢᠭᠡᠪᠦᠷᠢ ᠶᠢᠨ ᠨᠡᠯᠢᠶᠡᠳ ᠶᠡᠭᠡ ᠬᠡᠰᠡᠭ ᠵᠠᠷᠤᠯᠭ᠎ᠠ ᠭᠡᠵᠦ ᠬᠡᠯᠡᠵᠦ ᠪᠣᠯᠣᠨ᠎ᠠ᠃ ᠲᠡᠭᠡᠪᠡᠯ᠂ ᠣᠷᠣᠨ ᠰᠠᠭᠤᠴᠠ ᠶᠢᠨ ᠵᠢᠭᠡᠯᠡᠯᠭᠡ ᠶᠢᠨ ᠬᠦᠦ ᠮᠥᠩᠭᠦ ᠶᠢ ᠴᠣᠬᠤᠮ ᠶᠠᠭᠠᠬᠢᠵᠦ ᠬᠠᠰᠤᠨ ᠰᠠᠭᠤᠳᠬᠠᠬᠤ ᠶᠢ ᠲᠠᠨᠢᠯᠴᠠᠭᠤᠯᠤᠭᠠᠳ ᠥᠭᠭᠦᠨ᠎ᠡ ᠦᠦ︖ ᠲᠠᠨ ᠡᠾᠧᠩ᠄ ᠣᠷᠣᠨ ᠰᠠᠭᠤᠴᠠ ᠶᠢᠨ ᠵᠢᠭᠡᠯᠡᠯᠭᠡ ᠶᠢᠨ ᠬᠦᠦ ᠮᠥᠩᠭᠦ ᠶᠢᠨ ᠬᠠᠰᠤᠨ ᠰᠠᠭᠤᠳᠬᠠᠬᠤ ᠬᠡᠪᠴᠢᠶ᠎ᠡ ᠪᠣᠯ ᠥᠪᠡᠷ ᠢᠶᠠᠨ ᠪᠤᠶᠤ ᠬᠠᠨᠢ ᠨᠥᠬᠦᠷ᠂ ᠲᠤᠰᠠᠭᠠᠷ ᠪᠤᠶᠤ ᠬᠠᠮᠲᠤ ᠪᠠᠷ ᠬᠤᠳᠠᠯᠳᠤᠭᠠᠨ ᠤ ᠪᠠᠩᠬᠢ ᠪᠤᠶᠤ ᠣᠷᠣᠨ ᠰᠠᠭᠤᠴᠠ ᠶᠢᠨ ᠬᠤᠷᠠᠮᠳᠤᠭᠤᠯᠭ᠎ᠠ ᠶᠢᠨ ᠮᠥᠩᠭᠦ ᠶᠢᠨ ᠬᠤᠪᠢ ᠬᠥᠮᠥᠨ ᠤ ᠣᠷᠣᠨ ᠰᠠᠭᠤᠴᠠ ᠶᠢᠨ ᠵᠢᠭᠡᠯᠡᠯᠭᠡ ᠶᠢ ᠬᠡᠷᠡᠭᠯᠡᠵᠦ᠂ ᠥᠪᠡᠷ ᠢᠶᠠᠨ ᠪᠤᠶᠤ ᠬᠠᠨᠢ ᠨᠥᠬᠦᠷ ᠲᠤ ᠪᠠᠨ ᠳᠤᠮᠳᠠᠳᠤ ᠤᠯᠤᠰ ᠤᠨ ᠬᠢᠯᠢ ᠳᠠᠬᠢ ᠣᠷᠣᠨ ᠰᠠᠭᠤᠴᠠ ᠶᠢ ᠬᠤᠳᠠᠯᠳᠤᠨ ᠠᠪᠤᠭᠰᠠᠨ ᠠᠴᠠ ᠡᠭᠦᠰᠦᠭᠰᠡᠨ ᠬᠠᠮᠤᠭ ᠤᠨ ᠲᠦᠷᠦᠭᠦᠨ ᠤ ᠣᠷᠣᠨ ᠰᠠᠭᠤᠴᠠ ᠶᠢᠨ ᠵᠢᠭᠡᠯᠡᠯᠭᠡ ᠶᠢᠨ ᠬᠦᠦ ᠮᠥᠩᠭᠦ ᠶᠢᠨ ᠵᠠᠷᠤᠯᠭ᠎ᠠ ᠪᠣᠯᠣᠨ᠎ᠠ᠃ ᠭᠠᠶᠢᠯᠢ ᠲᠤᠰᠢᠶᠠᠭᠴᠢ ᠵᠥᠪᠬᠡᠨ ᠨᠢᠭᠡ ᠯᠡ ᠤᠳᠠᠭ᠎ᠠ ᠬᠠᠮᠤᠭ ᠤᠨ ᠲᠦᠷᠦᠭᠦᠨ ᠤ ᠣᠷᠣᠨ ᠰᠠᠭᠤᠴᠠ ᠶᠢᠨ ᠵᠢᠭᠡᠯᠡᠯᠭᠡ ᠶᠢᠨ ᠬᠦᠦ ᠮᠥᠩᠭᠦ ᠠᠴᠠ ᠬᠠᠰᠤᠯᠲᠠ ᠰᠠᠭᠤᠳᠬᠠᠯ ᠢ ᠬᠦᠷᠲᠡᠨ᠎ᠡ᠃ ᠵᠢᠭᠡᠯᠡᠯᠭᠡ ᠶᠢᠨ ᠭᠡᠷ᠎ᠡ ᠲᠣᠭᠲᠠᠵᠤ ᠡᠬᠢᠯᠡᠨ ᠵᠢᠭᠡᠯᠡᠯᠭᠡ ᠶᠢᠨ ᠮᠥᠩᠭᠦ ᠪᠠᠨ ᠪᠤᠴᠠᠭᠠᠭᠰᠠᠨ ᠲᠤᠬᠠᠢ ᠶᠢᠨ ᠰᠠᠷ᠎ᠠ ᠠᠴᠠ ᠵᠢᠭᠡᠯᠡᠯᠭᠡ ᠪᠠᠨ ᠪᠦᠬᠦᠨ ᠢ ᠲᠥᠯᠥᠵᠦ ᠳᠠᠭᠤᠰᠬᠠᠭᠰᠠᠨ ᠪᠤᠶᠤ ᠵᠢᠭᠡᠯᠡᠯᠭᠡ ᠶᠢᠨ ᠭᠡᠷ᠎ᠡ ᠪᠠᠨ ᠵᠣᠭᠰᠣᠭᠠᠭᠰᠠᠨ ᠲᠤᠬᠠᠢ ᠶᠢᠨ ᠰᠠᠷ᠎ᠠ ᠬᠦᠷᠲᠡᠯ᠎ᠡ᠂ ᠰᠠᠷ᠎ᠠ ᠪᠦᠷᠢ 1000 ᠲᠥᠭᠦᠷᠢᠭ ᠬᠠᠰᠤᠨ ᠰᠠᠭᠤᠳᠬᠠᠵᠤ ᠪᠣᠯᠣᠨ᠎ᠠ᠂ ᠬᠠᠰᠤᠨ ᠰᠠᠭᠤᠳᠬᠠᠬᠤ ᠬᠤᠭᠤᠴᠠᠭᠠᠨ ᠤ ᠬᠢᠵᠠᠭᠠᠷ ᠨᠢ ᠬᠠᠮᠤᠭ ᠤᠨ ᠤᠷᠲᠤ ᠳᠤ ᠪᠠᠨ 240 ᠰᠠᠷ᠎ᠠ ᠠᠴᠠ ᠬᠡᠲᠦᠷᠡᠵᠦ ᠪᠣᠯᠬᠤ ᠦᠭᠡᠢ᠃ ᠡᠷ᠎ᠡ ᠡᠮ᠎ᠡ ᠬᠤᠶᠠᠷ ᠲᠠᠯ᠎ᠠ ᠪᠠᠷ ᠢᠶᠠᠨ ᠬᠡᠯᠡᠯᠴᠡᠨ ᠲᠣᠭᠲᠠᠵᠤ᠂ ᠬᠤᠶᠠᠭᠤᠯᠠ ᠶᠢᠨ ᠨᠢᠭᠡ ᠲᠠᠯ᠎ᠠ ᠠᠴᠠ ᠬᠠᠰᠤᠨ ᠰᠠᠭᠤᠳᠬᠠᠬᠤ ᠶᠢ ᠰᠣᠩᠭᠤᠵᠤ ᠪᠣᠯᠣᠨ᠎ᠠ᠂ ᠪᠣᠳᠠᠲᠠᠢ ᠬᠠᠰᠤᠨ ᠰᠠᠭᠤᠳᠬᠠᠬᠤ ᠠᠷᠭ᠎ᠠ ᠬᠡᠯᠪᠡᠷᠢ ᠶᠢ ᠨᠢᠭᠡ ᠭᠠᠶᠢᠯᠢ ᠲᠤᠰᠢᠶᠠᠬᠤ ᠣᠨ ᠤ ᠳᠣᠲᠣᠷ᠎ᠠ ᠬᠤᠪᠢᠷᠠᠭᠤᠯᠬᠤ ᠦᠭᠡᠢ᠃ ᠡᠷ᠎ᠡ ᠡᠮ᠎ᠡ ᠬᠤᠶᠠᠷ ᠲᠠᠯ᠎ᠠ ᠶᠢᠨ ᠬᠤᠷᠢᠮᠯᠠᠬᠤ ᠠᠴᠠ ᠡᠮᠦᠨ᠎ᠡ ᠲᠤᠰ ᠲᠤᠰ ᠣᠷᠣᠨ ᠰᠠᠭᠤᠴᠠ ᠬᠤᠳᠠᠯᠳᠤᠨ ᠠᠪᠬᠤ ᠳᠤ ᠡᠭᠦᠰᠦᠭᠰᠡᠨ ᠬᠠᠮᠤᠭ ᠤᠨ ᠲᠦᠷᠦᠭᠦᠨ ᠤ ᠣᠷᠣᠨ ᠰᠠᠭᠤᠴᠠ ᠶᠢᠨ ᠵᠢᠭᠡᠯᠡᠯᠭᠡ ᠶᠢᠨ ᠬᠦᠦ ᠮᠥᠩᠭᠦ ᠶᠢᠨ ᠵᠠᠷᠤᠯᠭ᠎ᠠ ᠶᠢ ᠬᠤᠷᠢᠮᠯᠠᠭᠰᠠᠨ ᠤ ᠳᠠᠷᠠᠭ᠎ᠠ᠂ ᠬᠤᠳᠠᠯᠳᠤᠨ ᠠᠪᠤᠭᠰᠠᠨ ᠳᠤᠷ᠎ᠠ ᠶᠢᠨ ᠨᠢᠭᠡ ᠣᠷᠣᠨ ᠰᠠᠭᠤᠴᠠ ᠶᠢ ᠰᠣᠩᠭᠤᠵᠤ᠂ ᠬᠤᠳᠠᠯᠳᠤᠨ ᠠᠪᠤᠭᠰᠠᠨ ᠲᠠᠯ᠎ᠠ ᠠᠴᠠ ᠬᠠᠰᠤᠨ ᠰᠠᠭᠤᠳᠬᠠᠬᠤ ᠪᠠᠷᠢᠮᠵᠢᠶ᠎ᠠ ᠶᠢᠨ 100% ᠪᠠᠷ ᠬᠠᠰᠤᠨ ᠰᠠᠭᠤᠳᠬᠠᠵᠤ ᠪᠣᠯᠣᠨ᠎ᠠ᠂ ᠪᠠᠰᠠ ᠡᠷ᠎ᠡ ᠡᠮ᠎ᠡ ᠬᠤᠶᠠᠷ ᠲᠠᠯ᠎ᠠ ᠠᠴᠠ ᠥᠪᠡᠷ ᠥᠪᠡᠷ ᠤᠨ ᠬᠤᠳᠠᠯᠳᠤᠨ ᠠᠪᠤᠭᠰᠠᠨ ᠣᠷᠣᠨ ᠰᠠᠭᠤᠴᠠ ᠶᠢᠨ ᠬᠠᠰᠤᠨ ᠰᠠᠭᠤᠳᠬᠠᠬᠤ ᠪᠠᠷᠢᠮᠵᠢᠶ᠎ᠠ ᠶᠢᠨ 50% ᠪᠠᠷ ᠲᠤᠰ ᠲᠤᠰ ᠬᠠᠰᠤᠨ ᠰᠠᠭᠤᠳᠬᠠᠵᠤ ᠪᠣᠯᠣᠨ᠎ᠠ᠂ ᠪᠣᠳᠠᠲᠠᠢ ᠬᠠᠰᠤᠨ ᠰᠠᠭᠤᠳᠬᠠᠬᠤ ᠠᠷᠭ᠎ᠠ ᠬᠡᠯᠪᠡᠷᠢ ᠶᠢ ᠨᠢᠭᠡ ᠭᠠᠶᠢᠯᠢ ᠲᠤᠰᠢᠶᠠᠬᠤ ᠣᠨ ᠤ ᠳᠣᠲᠣᠷ᠎ᠠ ᠬᠤᠪᠢᠷᠠᠭᠤᠯᠬᠤ ᠪᠣᠯᠬᠤ ᠦᠭᠡᠢ᠃ ᠬᠥᠲᠥᠯᠥᠭᠴᠢ᠄ ᠣᠷᠣᠨ ᠰᠠᠭᠤᠴᠠ ᠶᠢ ᠳᠤᠷᠠᠳᠬᠤ ᠲᠠᠢ ᠵᠡᠷᠭᠡ᠂ ᠵᠠᠷᠢᠮ ᠰᠦᠯᠵᠢᠶᠡᠨ ᠤ ᠠᠨᠳᠠ ᠣᠷᠣᠨ ᠰᠠᠭᠤᠴᠠ ᠲᠦᠷᠢᠶᠡᠰᠦᠯᠡᠬᠦ ᠶᠠᠪᠤᠳᠠᠯ ᠢ ᠠᠩᠬᠠᠷᠬᠤ ᠪᠣᠯᠣᠨ᠎ᠠ᠂ ᠲᠡᠭᠡᠪᠡᠯ ᠲᠦᠷᠢᠶᠡᠰᠦᠨ ᠮᠥᠩᠭᠦ ᠶᠢ ᠬᠠᠰᠤᠨ ᠰᠠᠭᠤᠳᠬᠠᠵᠤ ᠪᠣᠯᠣᠨ᠎ᠠ ᠦᠦ︖ ᠲᠠᠨ ᠡᠾᠧᠩ᠄ ᠭᠠᠶᠢᠯᠢ ᠲᠤᠰᠢᠶᠠᠭᠴᠢ ᠶᠢᠨ ᠭᠤᠣᠯ ᠠᠵᠢᠯᠯᠠᠵᠤ ᠪᠠᠶᠢᠭ᠎ᠠ ᠬᠤᠲᠠ ᠳᠤ ᠥᠪᠡᠷ ᠤᠨ ᠣᠷᠣᠨ ᠰᠠᠭᠤᠴᠠ ᠦᠭᠡᠢ ᠠᠴᠠ ᠪᠣᠯᠵᠤ ᠡᠭᠦᠰᠦᠭᠰᠡᠨ ᠣᠷᠣᠨ ᠰᠠᠭᠤᠴᠠ ᠶᠢᠨ ᠲᠦᠷᠢᠶᠡᠰᠦᠨ ᠮᠥᠩᠭᠦ ᠶᠢᠨ ᠵᠠᠷᠤᠯᠭ᠎ᠠ ᠶᠢ ᠣᠷᠣᠨ ᠰᠠᠭᠤᠴᠠ ᠲᠦᠷᠢᠶᠡᠰᠦᠯᠡᠬᠦ ᠭᠡᠷ᠎ᠡ ᠲᠣᠭᠲᠠᠭᠰᠠᠨ ᠲᠦᠷᠢᠶᠡᠰᠦᠯᠡᠭᠴᠢ ᠠᠴᠠ ᠬᠠᠰᠤᠨ ᠰᠠᠭᠤᠳᠬᠠᠨ᠎ᠠ᠃ ᠰᠢᠭᠤᠳ ᠬᠠᠷᠢᠶ᠎ᠠ ᠬᠤᠲᠠ᠂ ᠮᠤᠵᠢ ᠶᠢᠨ ᠲᠥᠪ ︵ᠣᠷᠣᠨ ᠤ ᠲᠥᠪ︶ ᠬᠤᠲᠠ᠂ ᠠᠰ ᠲᠤ ᠪᠠᠨ ᠲᠥᠯᠥᠪᠯᠡᠭᠡ ᠬᠢᠬᠦ ᠬᠤᠲᠠ ᠵᠢᠴᠢ ᠲᠥᠷᠥ ᠶᠢᠨ ᠶᠠᠪᠤᠳᠠᠯ ᠤᠨ ᠬᠤᠷᠢᠶ᠎ᠠ ᠠᠴᠠ ᠲᠣᠭᠲᠠᠭᠠᠭᠰᠠᠨ ᠪᠤᠰᠤᠳ ᠬᠤᠲᠠ ᠳᠤ᠂ ᠰᠠᠷ᠎ᠠ ᠪᠦᠷᠢ 1500 ᠲᠥᠭᠦᠷᠢᠭ ᠬᠠᠰᠤᠨ ᠰᠠᠭᠤᠳᠬᠠᠨ᠎ᠠ︔ ᠳᠡᠭᠡᠷ᠎ᠡ ᠶᠠᠷᠢᠭᠰᠠᠨ ᠬᠤᠲᠠ ᠠᠴᠠ ᠭᠠᠳᠠᠨ᠎ᠠ᠂ ᠬᠤᠲᠠ ᠶᠢᠨ ᠬᠠᠷᠢᠶ᠎ᠠ ᠲᠣᠭᠤᠷᠢᠭ ᠤᠨ ᠡᠷᠦᠬᠡ ᠠᠮᠠ ᠶᠢᠨ ᠬᠠᠷᠢᠶ᠎ᠠ ᠲᠠᠢ ᠬᠥᠮᠥᠨ ᠠᠮᠠ ᠨᠢ 100 ᠲᠦᠮᠡ ᠶᠢ ᠳᠠᠪᠠᠭᠰᠠᠨ ᠬᠤᠲᠠ ᠳᠤ᠂ ᠰᠠᠷ᠎ᠠ ᠪᠦᠷᠢ 1100 ᠲᠥᠭᠦᠷᠢᠭ ᠬᠠᠰᠤᠨ ᠰᠠᠭᠤᠳᠬᠠᠨ᠎ᠠ︔ ᠬᠤᠲᠠ ᠶᠢᠨ ᠬᠠᠷᠢᠶ᠎ᠠ ᠲᠣᠭᠤᠷᠢᠭ ᠤᠨ ᠡᠷᠦᠬᠡ ᠠᠮᠠ ᠶᠢᠨ ᠬᠠᠷᠢᠶ᠎ᠠ ᠲᠠᠢ ᠬᠥᠮᠥᠨ ᠠᠮᠠ ᠨᠢ 100 ᠲᠦᠮᠡ ᠬᠦᠷᠬᠦ ᠦᠭᠡᠢ ᠬᠤᠲᠠ ᠳᠤ᠂ ᠰᠠᠷ᠎ᠠ ᠪᠦᠷᠢ 800 ᠲᠥᠭᠦᠷᠢᠭ ᠬᠠᠰᠤᠨ ᠰᠠᠭᠤᠳᠬᠠᠨ᠎ᠠ᠃ ᠬᠡᠷᠪᠡ ᠡᠷ᠎ᠡ ᠡᠮ᠎ᠡ ᠬᠤᠶᠠᠷ ᠲᠠᠯ᠎ᠠ ᠶᠢᠨ ᠭᠤᠣᠯ ᠠᠵᠢᠯᠯᠠᠵᠤ ᠪᠠᠶᠢᠭ᠎ᠠ ᠬᠤᠲᠠ ᠨᠢ ᠠᠳᠠᠯᠢᠬᠠᠨ ᠪᠣᠯ᠂ ᠵᠥᠪᠬᠡᠨ ᠨᠢᠭᠡ ᠲᠠᠯ᠎ᠠ ᠠᠴᠠ ᠬᠠᠰᠤᠨ ᠰᠠᠭᠤᠳᠬᠠᠨ᠎ᠠ᠃ ᠬᠠᠰᠤᠨ ᠰᠠᠭᠤᠳᠬᠠᠬᠤ ᠬᠤᠭᠤᠴᠠᠭᠠᠨ ᠤ ᠬᠢᠵᠠᠭᠠᠷ ᠨᠢ ᠲᠦᠷᠢᠶᠡᠰᠦᠯᠡᠬᠦ ᠭᠡᠷ᠎ᠡ ︵ᠬᠡᠯᠡᠯᠴᠡᠭᠡᠷ︶ ᠲᠣᠭᠲᠠᠭᠰᠠᠨ ᠭᠡᠷ ᠪᠠᠶᠢᠰᠢᠩ ᠲᠦᠷᠢᠶᠡᠰᠦᠯᠡᠬᠦ ᠬᠤᠭᠤᠴᠠᠭ᠎ᠠ ᠡᠬᠢᠯᠡᠭᠰᠡᠨ ᠲᠤᠬᠠᠢ ᠶᠢᠨ ᠰᠠᠷ᠎ᠠ ᠠᠴᠠ ᠲᠦᠷᠢᠶᠡᠰᠦᠯᠡᠬᠦ ᠬᠤᠭᠤᠴᠠᠭ᠎ᠠ ᠳᠠᠭᠤᠰᠬᠤ ᠲᠤᠬᠠᠢ ᠶᠢᠨ ᠰᠠᠷ᠎ᠠ ᠪᠣᠯᠲᠠᠯᠠᠬᠢ ᠬᠤᠭᠤᠴᠠᠭ᠎ᠠ ᠪᠣᠯᠣᠨ᠎ᠠ᠃ ᠤᠷᠢᠳᠴᠢᠯᠠᠨ ᠭᠡᠷ᠎ᠡ ᠪᠠᠨ ᠵᠣᠭᠰᠣᠭᠠᠪᠠᠯ᠂ ᠪᠣᠳᠠᠲᠠᠢ ᠲᠦᠷᠢᠶᠡᠰᠦᠯᠡᠭᠰᠡᠨ ᠬᠤᠭᠤᠴᠠᠭᠠᠨ ᠤ ᠬᠢᠵᠠᠭᠠᠷ ᠢᠶᠠᠷ ᠪᠠᠷᠢᠮᠵᠢᠶ᠎ᠠ ᠪᠣᠯᠭᠠᠨ᠎ᠠ᠃ ᠠᠩᠬᠠᠷᠬᠤ ᠴᠢᠬᠤᠯᠠᠲᠠᠢ ᠵᠦᠢᠯ ᠭᠡᠪᠡᠯ᠂ ᠭᠠᠶᠢᠯᠢ ᠲᠤᠰᠢᠶᠠᠭᠴᠢ ᠵᠢᠴᠢ ᠬᠠᠨᠢ ᠨᠥᠬᠦᠷ ᠨᠢ ᠨᠢᠭᠡ ᠭᠠᠶᠢᠯᠢ ᠲᠤᠰᠢᠶᠠᠬᠤ ᠣᠨ ᠤ ᠳᠣᠲᠣᠷ᠎ᠠ ᠬᠠᠮᠲᠤ ᠳᠤ ᠪᠠᠨ ᠣᠷᠣᠨ ᠰᠠᠭᠤᠴᠠ ᠶᠢᠨ ᠵᠢᠭᠡᠯᠡᠯᠭᠡ ᠶᠢᠨ ᠬᠦᠦ ᠮᠥᠩᠭᠦ ᠪᠠ ᠣᠷᠣᠨ ᠰᠠᠭᠤᠴᠠ ᠶᠢᠨ ᠲᠦᠷᠢᠶᠡᠰᠦᠨ ᠮᠥᠩᠭᠦ ᠶᠢᠨ ᠲᠤᠰᠬᠠᠢ ᠵᠦᠢᠯ ᠤᠨ ᠨᠡᠮᠡᠯᠲᠡ ᠰᠠᠭᠤᠳᠬᠠᠯ ᠢ ᠲᠤᠰ ᠲᠤᠰ ᠬᠦᠷᠲᠡᠵᠦ ᠪᠣᠯᠬᠤ ᠦᠭᠡᠢ᠃ ᠬᠥᠲᠥᠯᠥᠭᠴᠢ᠄ ᠥᠷᠭᠡᠨ ᠣᠯᠠᠨ ᠰᠦᠯᠵᠢᠶᠡᠨ ᠤ ᠠᠨᠳᠠ ᠶᠢᠨ ᠮᠠᠰᠢ ᠠᠩᠬᠠᠷᠤᠯ ᠲᠠᠯᠪᠢᠵᠤ ᠪᠠᠶᠢᠭ᠎ᠠ ᠪᠠᠰᠠ ᠨᠢᠭᠡᠨ ᠰᠡᠳᠦᠪ ᠪᠣᠯ ᠳᠠᠷᠤᠢ ᠲᠤᠰ ᠤᠳᠠᠭᠠᠨ ᠤ ᠬᠤᠪᠢ ᠬᠥᠮᠥᠨ ᠤ ᠠᠰᠢᠭ ᠣᠯᠵᠠᠪᠤᠷᠢ ᠶᠢᠨ ᠭᠠᠶᠢᠯᠢ ᠶᠢᠨ ᠥᠭᠡᠷᠡᠴᠢᠯᠡᠯᠲᠡ ᠶᠢᠨ ᠨᠠᠰᠤᠲᠠᠨ ᠢᠶᠠᠨ ᠠᠰᠠᠷᠠᠬᠤ ᠵᠠᠷᠤᠯᠭ᠎ᠠ ᠶᠢ ᠴᠤ ᠬᠠᠰᠤᠨ ᠰᠠᠭᠤᠳᠬᠠᠬᠤ ᠬᠡᠪᠴᠢᠶᠡᠨ ᠳᠤ ᠣᠷᠣᠭᠤᠯᠤᠭᠰᠠᠨ ᠶᠠᠪᠤᠳᠠᠯ ᠪᠣᠯᠣᠨ᠎ᠠ᠃ ᠨᠠᠰᠤᠲᠠᠨ ᠢᠶᠠᠨ ᠠᠰᠠᠷᠠᠬᠤ ᠡᠨᠡ ᠬᠦ ᠵᠦᠢᠯ ᠤᠨ ᠵᠠᠷᠤᠯᠭ᠎ᠠ ᠶᠢ ᠴᠣᠬᠤᠮ ᠶᠠᠭᠠᠬᠢᠵᠤ ᠲᠣᠭᠲᠠᠭᠠᠬᠤ ᠶᠢ ᠲᠠᠨᠢᠯᠴᠠᠭᠤᠯᠤᠭᠠᠳ ᠥᠭᠭᠦᠨ᠎ᠡ ᠦᠦ︖ ᠲᠠᠨ ᠡᠾᠧᠩ᠄ ᠡᠩ ᠲᠡᠷᠢᠭᠦᠨ ᠳᠤ᠂ ᠠᠰᠠᠷᠠᠭᠳᠠᠭᠴᠢ ᠭᠡᠳᠡᠭ ᠪᠣᠯ ᠪᠦᠬᠦᠯᠢ 60 ᠨᠠᠰᠤ ᠬᠦᠷᠦᠭᠰᠡᠨ ᠡᠴᠢᠭᠡ ᠡᠬᠡ᠂ ᠵᠢᠴᠢ ᠦᠷ᠎ᠡ ᠬᠡᠦᠬᠡᠳ ᠨᠢ ᠪᠦᠷ ᠨᠢᠭᠡᠨᠲᠡ ᠨᠠᠰᠤ ᠪᠠᠷᠠᠭᠰᠠᠨ ᠪᠦᠬᠦᠯᠢ 60 ᠨᠠᠰᠤ ᠬᠦᠷᠦᠭᠰᠡᠨ ᠡᠪᠦᠭᠡ ᠡᠮᠡᠭᠡ᠂ ᠨᠠᠭᠠᠴᠤ ᠡᠪᠦᠭᠡ ᠨᠠᠭᠠᠴᠤ ᠡᠮᠡᠭᠡ ᠶᠢ ᠵᠢᠭᠠᠵᠤ ᠪᠠᠶᠢᠨ᠎ᠠ᠃ ᠳᠡᠳ᠋ᠯᠡᠪᠡᠯ᠂ ᠭᠠᠶᠢᠯᠢ ᠲᠤᠰᠢᠶᠠᠭᠴᠢ ᠨᠢ ᠦᠷ᠎ᠡ ᠶᠢᠨ ᠭᠠᠭᠴᠠ ᠬᠡᠦᠬᠡᠳ ᠪᠣᠯ᠂ ᠰᠠᠷ᠎ᠠ ᠪᠦᠷᠢ 2000 ᠲᠥᠭᠦᠷᠢᠭ ᠤᠨ ᠲᠣᠭᠲᠠᠭᠰᠠᠨ ᠲᠣᠭᠠᠨ ᠤ ᠪᠠᠷᠢᠮᠵᠢᠶ᠎ᠠ ᠪᠠᠷ ᠬᠠᠰᠤᠨ ᠰᠠᠭᠤᠳᠬᠠᠨ᠎ᠠ︔ ᠭᠠᠶᠢᠯᠢ ᠲᠤᠰᠢᠶᠠᠭᠴᠢ ᠨᠢ ᠦᠷ᠎ᠡ ᠶᠢᠨ ᠭᠠᠭᠴᠠ ᠬᠡᠦᠬᠡᠳ ᠪᠢᠰᠢ ᠪᠣᠯ᠂ ᠲᠡᠭᠦᠨ ᠤ ᠠᠬ᠎ᠠ ᠳᠡᠭᠦᠦ ᠡᠭᠡᠴᠢ ᠳᠡᠭᠦᠦ ᠲᠠᠢ ᠪᠠᠨ ᠰᠠᠷ᠎ᠠ ᠪᠦᠷᠢ ᠶᠢᠨ 2000 ᠲᠥᠭᠦᠷᠢᠭ ᠤᠨ ᠬᠠᠰᠤᠨ ᠰᠠᠭᠤᠳᠬᠠᠬᠤ ᠲᠤᠭ᠎ᠠ ᠬᠡᠮᠵᠢᠶ᠎ᠡ ᠶᠢ ᠲᠡᠭᠰᠢ ᠪᠠᠷ ᠬᠤᠪᠢᠶᠠᠯᠴᠠᠵᠤ᠂ ᠬᠥᠮᠥᠨ ᠨᠢᠭᠡᠪᠦᠷᠢ ᠶᠢᠨ ᠲᠡᠭᠰᠢ ᠪᠠᠷ ᠬᠤᠪᠢᠶᠠᠯᠴᠠᠬᠤ ᠲᠤᠭ᠎ᠠ ᠬᠡᠮᠵᠢᠶ᠎ᠡ ᠨᠢ ᠰᠠᠷ᠎ᠠ ᠪᠦᠷᠢ ᠶᠢᠨ 1000 ᠲᠥᠭᠦᠷᠢᠭ ᠢ ᠬᠡᠲᠦᠷᠡᠵᠦ ᠪᠣᠯᠬᠤ ᠦᠭᠡᠢ᠃ ᠠᠰᠠᠷᠠᠭᠴᠢᠳ ᠠᠴᠠ ᠲᠡᠭᠰᠢ ᠪᠠᠷ ᠬᠤᠪᠢᠶᠠᠯᠴᠠᠬᠤ ᠪᠤᠶᠤ ᠬᠡᠯᠡᠯᠴᠡᠨ ᠲᠣᠬᠢᠷᠠᠯᠴᠠᠵᠤ ᠬᠤᠪᠢᠶᠠᠯᠴᠠᠨ ᠬᠦᠷᠲᠡᠵᠦ ᠪᠣᠯᠣᠨ᠎ᠠ᠂ ᠪᠠᠰᠠ ᠠᠰᠠᠷᠠᠭᠳᠠᠭᠴᠢ ᠠᠴᠠ ᠵᠢᠭᠠᠨ ᠲᠣᠭᠲᠠᠭᠠᠵᠤ ᠬᠤᠪᠢᠶᠠᠯᠴᠠᠵᠤ ᠪᠣᠯᠣᠨ᠎ᠠ᠃ ᠬᠡᠯᠡᠯᠴᠡᠨ ᠲᠣᠬᠢᠷᠠᠯᠴᠠᠬᠤ ᠪᠤᠶᠤ ᠵᠢᠭᠠᠨ ᠲᠣᠭᠲᠠᠭᠠᠵᠤ ᠬᠤᠪᠢᠶᠠᠯᠴᠠᠬᠤ ᠳᠤ ᠪᠢᠴᠢᠭ ᠢᠶᠠᠷ ᠬᠤᠪᠢᠶᠠᠯᠴᠠᠬᠤ ᠬᠡᠯᠡᠯᠴᠡᠭᠡᠷ ᠲᠣᠭᠲᠠᠵᠤ᠂ ᠵᠢᠭᠠᠨ ᠲᠣᠭᠲᠠᠭᠠᠵᠤ ᠬᠤᠪᠢᠶᠠᠯᠴᠠᠬᠤ ᠶᠢ ᠬᠡᠯᠡᠯᠴᠡᠨ ᠲᠣᠬᠢᠷᠠᠯᠴᠠᠵᠤ ᠬᠤᠪᠢᠶᠠᠯᠴᠠᠬᠤ ᠠᠴᠠ ᠤᠷᠢᠳ ᠢᠶᠠᠷ ᠪᠣᠳᠣᠯᠬᠢᠯᠠᠨ᠎ᠠ᠃ ᠪᠣᠳᠠᠲᠠᠢ ᠬᠤᠪᠢᠶᠠᠯᠴᠠᠬᠤ ᠠᠷᠭ᠎ᠠ ᠬᠡᠯᠪᠡᠷᠢ ᠪᠠ ᠲᠤᠭ᠎ᠠ ᠬᠡᠮᠵᠢᠶ᠎ᠡ ᠶᠢ ᠨᠢᠭᠡ ᠭᠠᠶᠢᠯᠢ ᠲᠤᠰᠢᠶᠠᠬᠤ ᠣᠨ ᠤ ᠳᠣᠲᠣᠷ᠎ᠠ ᠬᠤᠪᠢᠷᠠᠭᠤᠯᠵᠤ ᠪᠣᠯᠬᠤ ᠦᠭᠡᠢ᠃ ᠭᠤᠷᠪᠠᠳᠤᠭᠠᠷ ᠲᠤ᠂ ᠬᠠᠰᠤᠨ ᠰᠠᠭᠤᠳᠬᠠᠬᠤ ᠬᠤᠭᠤᠴᠠᠭᠠᠨ ᠤ ᠬᠢᠵᠠᠭᠠᠷ ᠨᠢ ᠠᠰᠠᠷᠠᠭᠳᠠᠭᠴᠢ ᠶᠢᠨ ᠪᠦᠬᠦᠯᠢ 60 ᠨᠠᠰᠤ ᠬᠦᠷᠦᠭᠰᠡᠨ ᠲᠤᠬᠠᠢ ᠶᠢᠨ ᠰᠠᠷ᠎ᠠ ᠠᠴᠠ ᠠᠰᠠᠷᠠᠬᠤ ᠡᠭᠦᠷᠭᠡ ᠨᠢ ᠳᠠᠭᠤᠰᠤᠭᠰᠠᠨ ᠵᠢᠯ ᠤᠨ ᠰᠡᠭᠦᠯᠴᠢ ᠬᠦᠷᠲᠡᠯᠡᠬᠢ ᠬᠤᠭᠤᠴᠠᠭ᠎ᠠ ᠪᠣᠯᠣᠨ᠎ᠠ᠃ ᠵᠢᠱᠢᠶᠡᠯᠡᠪᠡᠯ᠂ ᠶᠠᠩ ᠠᠪᠤᠭᠠᠢ ᠶᠢᠨ ᠡᠴᠢᠭᠡ ᠡᠬᠡ ᠨᠢ ᠨᠢᠭᠡᠨᠲᠡ 60 ᠨᠠᠰᠤ ᠶᠢ ᠳᠠᠪᠠᠵᠤ᠂ ᠶᠠᠩ ᠠᠪᠤᠭᠠᠢ ᠥᠪᠡᠷ ᠢᠶᠠᠨ ᠴᠤ ᠦᠷ᠎ᠡ ᠶᠢᠨ ᠭᠠᠭᠴᠠ ᠬᠡᠦᠬᠡᠳ ᠪᠣᠯ᠂ ᠲᠡᠷᠡ ᠰᠠᠷ᠎ᠠ ᠪᠦᠷᠢ 2000 ᠲᠥᠭᠦᠷᠢᠭ ᠬᠠᠰᠤᠨ ᠰᠠᠭᠤᠳᠬᠠᠵᠤ ᠪᠣᠯᠣᠨ᠎ᠠ︔ ᠬᠡᠷᠪᠡ ᠲᠡᠭᠦᠨ ᠳᠤ ᠨᠢᠭᠡ ᠳᠡᠭᠦᠦ ᠪᠠᠶᠢᠭᠰᠠᠨ ᠪᠣᠯ᠂ ᠬᠤᠶᠠᠭᠤᠯᠠ ᠪᠠᠨ 2000 ᠲᠥᠭᠦᠷᠢᠭ ᠢ ᠬᠤᠪᠢᠶᠠᠯᠴᠠᠵᠤ ᠬᠠᠰᠤᠨ ᠰᠠᠭᠤᠳᠬᠠᠵᠤ ᠪᠣᠯᠣᠨ᠎ᠠ︔ ᠪᠠᠰᠠ ᠵᠢᠱᠢᠶᠡᠯᠡᠪᠡᠯ᠂ ᠭᠤᠣᠯᠳᠠᠭᠤ ᠶᠠᠩ ᠠᠪᠤᠭᠠᠢ ᠡᠴᠢᠭᠡ ᠡᠬᠡ ᠪᠠᠨ ᠠᠰᠠᠷᠠᠵᠤ ᠪᠠᠶᠢᠪᠠᠯ᠂ ᠡᠴᠢᠭᠡ ᠡᠬᠡ ᠪᠠᠨ ᠠᠰᠠᠷᠠᠬᠤ 2000 ᠲᠥᠭᠦᠷᠢᠭ ᠢ ᠪᠦᠬᠦᠨ ᠢ ᠶᠠᠩ ᠠᠪᠤᠭᠠᠢ ᠠᠴᠠ ᠬᠠᠰᠤᠨ ᠰᠠᠭᠤᠳᠬᠠᠵᠤ ᠪᠣᠯᠣᠨ᠎ᠠ ᠦᠦ︖ ᠭᠡᠪᠡᠯ ᠶᠠᠷᠢᠶᠠᠨ ᠦᠭᠡᠢ ᠪᠣᠯᠬᠤ ᠦᠭᠡᠢ᠂ ᠤᠴᠢᠷ ᠨᠢ ᠬᠥᠮᠥᠨ ᠪᠦᠷᠢ ᠶᠢᠨ ᠬᠤᠪᠢᠶᠠᠯᠴᠠᠬᠤ ᠲᠤᠭ᠎ᠠ ᠬᠡᠮᠵᠢᠶ᠎ᠡ ᠨᠢ ᠰᠠᠷ᠎ᠠ ᠪᠦᠷᠢ ᠶᠢᠨ 1000 ᠲᠥᠭᠦᠷᠢᠭ ᠠᠴᠠ ᠬᠡᠲᠦᠷᠡᠵᠦ ᠪᠣᠯᠬᠤ ᠦᠭᠡᠢ᠃ ᠬᠥᠲᠥᠯᠥᠭᠴᠢ᠄ ᠲᠠᠨ ᠤ ᠰᠠᠶ᠋ᠢᠬᠠᠨ ᠤ ᠶᠠᠷᠢᠭᠰᠠᠨ ᠬᠡᠳᠦᠨ ᠵᠦᠢᠯ ᠤᠨ ᠲᠤᠰᠬᠠᠢ ᠵᠦᠢᠯ ᠤᠨ ᠨᠡᠮᠡᠯᠲᠡ ᠰᠠᠭᠤᠳᠬᠠᠯ ᠤᠨ ᠪᠠᠷᠢᠮᠵᠢᠶ᠎ᠠ ᠶᠢ ᠳ᠋ᠦᠩᠨᠡᠪᠡᠯ᠂ ᠪᠦᠷ ᠲᠣᠭᠲᠠᠭᠰᠠᠨ ᠲᠣᠭᠠᠨ ᠤ ᠰᠠᠭᠤᠳᠬᠠᠯ ᠪᠣᠯᠣᠨ᠎ᠠ᠂ ᠳᠠᠷᠤᠢ ᠪᠣᠳᠠᠲᠠᠢ ᠳᠡᠭᠡᠷ᠎ᠡ ᠪᠠᠨ ᠬᠡᠳᠦᠢ ᠰᠦᠢᠳᠬᠡᠯ ᠡᠭᠦᠰᠦᠭᠰᠡᠨ ᠢ ᠪᠣᠳᠣᠯᠬᠢᠯᠠᠬᠤ ᠴᠢᠬᠤᠯᠠ ᠦᠭᠡᠢ᠂ ᠢᠩᠭᠢᠵᠦ ᠣᠶᠢᠯᠠᠭᠠᠬᠤ ᠨᠢ ᠲᠠᠭᠠᠷᠠᠨ᠎ᠠ ᠦᠦ︖ ᠲᠡᠭᠡᠪᠡᠯ ᠦᠨᠡᠨ ᠪᠣᠳᠠᠲᠠᠢ ᠪᠠᠷ ᠬᠠᠰᠤᠨ ᠰᠠᠭᠤᠳᠬᠠᠬᠤ ᠲᠥᠷᠥᠯ ᠵᠦᠢᠯ ᠪᠠᠶᠢᠨ᠎ᠠ ᠦᠦ︖ ᠲᠠᠨ ᠡᠾᠧᠩ᠄ ᠢᠩᠭᠢᠵᠦ ᠣᠶᠢᠯᠠᠭᠠᠵᠤ ᠪᠠᠶᠢᠬᠤ ᠴᠢᠨᠢ ᠲᠠᠭᠠᠷᠠᠵᠤ ᠪᠠᠶᠢᠨ᠎ᠠ᠃ ᠪᠢᠳᠡ ᠲᠤᠰ ᠤᠳᠠᠭᠠᠨ ᠤ ᠬᠤᠪᠢ ᠬᠥᠮᠥᠨ ᠤ ᠠᠰᠢᠭ ᠣᠯᠵᠠᠪᠤᠷᠢ ᠶᠢᠨ ᠭᠠᠶᠢᠯᠢ ᠶᠢᠨ ᠥᠭᠡᠷᠡᠴᠢᠯᠡᠯᠲᠡ ᠳᠤ ᠨᠡᠶᠢᠲᠡ ᠵᠢᠷᠭᠤᠭᠠᠨ ᠲᠤᠰᠬᠠᠢ ᠵᠦᠢᠯ ᠤᠨ ᠨᠡᠮᠡᠯᠲᠡ ᠰᠠᠭᠤᠳᠬᠠᠯ ᠪᠠᠶᠢᠨ᠎ᠠ ᠭᠡᠵᠦ ᠶᠠᠷᠢᠪᠠ᠂ ᠰᠠᠶ᠋ᠢᠬᠠᠨ ᠤ ᠶᠠᠷᠢᠭᠰᠠᠨ ᠦᠷ᠎ᠡ ᠬᠡᠦᠬᠡᠳ ᠤᠨ ᠰᠤᠷᠭᠠᠨ ᠬᠥᠮᠥᠵᠢᠯ᠂ ᠦᠷᠭᠦᠯᠵᠢᠯᠡᠯ ᠰᠤᠷᠭᠠᠨ ᠬᠥᠮᠥᠵᠢᠯ᠂ ᠣᠷᠣᠨ ᠰᠠᠭᠤᠴᠠ ᠶᠢᠨ ᠵᠢᠭᠡᠯᠡᠯᠭᠡ ᠶᠢᠨ ᠬᠦᠦ ᠮᠥᠩᠭᠦ᠂ ᠣᠷᠣᠨ ᠰᠠᠭᠤᠴᠠ ᠶᠢᠨ ᠲᠦᠷᠢᠶᠡᠰᠦᠨ ᠮᠥᠩᠭᠦ ᠪᠠ ᠨᠠᠰᠤᠲᠠᠨ ᠢᠶᠠᠨ ᠠᠰᠠᠷᠠᠨ ᠲᠡᠵᠢᠭᠡᠬᠦ ᠨᠢ ᠪᠦᠷ ᠲᠣᠭᠲᠠᠭᠰᠠᠨ ᠲᠣᠭᠠᠨ ᠤ ᠰᠠᠭᠤᠳᠬᠠᠯ ᠪᠣᠯᠬᠤ ᠪᠠᠷ ᠪᠠᠷᠠᠬᠤ ᠦᠭᠡᠢ᠂ ᠨᠢᠭᠡ ᠵᠦᠢᠯ ᠤᠨ ᠦᠨᠡᠨ ᠪᠣᠳᠠᠲᠠᠢ ᠪᠠᠷ ᠰᠠᠭᠤᠳᠬᠠᠬᠤ ᠵᠦᠢᠯ ᠪᠠᠶᠢᠨ᠎ᠠ᠃ ᠲᠤᠬᠠᠶᠢᠯᠠᠪᠠᠯ᠄ ᠬᠦᠨᠳᠦ ᠡᠪᠡᠳᠴᠢᠨ ᠤ ᠡᠮᠴᠢᠯᠡᠭᠡ ᠪᠣᠯᠣᠨ᠎ᠠ᠃ ᠵᠢᠯ ᠪᠦᠷᠢ ᠶᠢᠨ 1 ᠳ᠋ᠦ᠋ᠭᠡᠷ ᠰᠠᠷ᠎ᠠ ᠶᠢᠨ 1 ᠤ ᠡᠳᠦᠷ ᠠᠴᠠ 12 ᠳ᠋ᠤᠭᠠᠷ ᠰᠠᠷ᠎ᠠ ᠶᠢᠨ 31 ᠤ ᠡᠳᠦᠷ ᠪᠣᠯᠲᠠᠯ᠎ᠠ᠂ ᠦᠨᠳᠦᠰᠦᠨ ᠡᠮᠴᠢᠯᠡᠭᠡ ᠶᠢᠨ ᠳᠠᠭᠠᠳᠬᠠᠯ ᠲᠠᠢ ᠬᠠᠮᠢᠶ᠎ᠠ ᠪᠦᠬᠦᠢ ᠡᠮᠨᠡᠯᠭᠡ ᠶᠢᠨ ᠰᠦᠢᠳᠬᠡᠯ ᠢ ᠬᠠᠰᠤᠨ ᠰᠠᠭᠤᠳᠬᠠᠭᠰᠠᠨ ᠡᠮᠴᠢᠯᠡᠭᠡ ᠶᠢᠨ ᠳᠠᠭᠠᠳᠬᠠᠯ ᠤᠨ ᠳᠠᠩᠰᠠ ᠶᠢ ᠲᠠᠶᠢᠯᠤᠭᠰᠠᠨ ᠤ ᠳᠠᠷᠠᠭ᠎ᠠ ᠬᠤᠪᠢ ᠬᠥᠮᠥᠨ ᠤ ᠡᠭᠦᠷᠭᠡᠯᠡᠯ ᠨᠢ ᠨᠡᠶᠢᠲᠡ 15000 ᠲᠥᠭᠦᠷᠢᠭ ᠢ ᠬᠡᠲᠦᠷᠡᠭᠰᠡᠨ ᠮᠥᠷᠲᠡᠭᠡᠨ 80000 ᠲᠥᠭᠦᠷᠢᠭ ᠢ ᠥᠯᠥ ᠬᠡᠲᠦᠷᠡᠭᠰᠡᠨ ᠪᠣᠯ᠂ ᠭᠠᠶᠢᠯᠢ ᠲᠤᠰᠢᠶᠠᠭᠴᠢ ᠠᠴᠠ ᠣᠨ ᠤ ᠬᠤᠷᠢᠶᠠᠩᠭᠤᠶᠢᠯᠠᠨ ᠪᠣᠳᠣᠵᠤ ᠳ᠋ᠦᠩᠨᠡᠨ ᠲᠤᠰᠢᠶᠠᠬᠤ ᠶᠢ ᠭᠦᠢᠴᠡᠳᠬᠡᠬᠦ ᠦᠶ᠎ᠡ ᠳᠤ᠂ 80000 ᠲᠥᠭᠦᠷᠢᠭ ᠤᠨ ᠲᠣᠭᠲᠠᠭᠰᠠᠨ ᠲᠣᠭᠠᠨ ᠤ ᠳᠣᠲᠣᠷ᠎ᠠ ᠦᠨᠡᠨ ᠪᠣᠳᠠᠲᠠᠢ ᠪᠠᠷ ᠬᠠᠰᠤᠨ ᠰᠠᠭᠤᠳᠬᠠᠨ᠎ᠠ᠃ ᠭᠠᠶᠢᠯᠢ ᠲᠤᠰᠢᠶᠠᠭᠴᠢ ᠶᠢᠨ ᠡᠭᠦᠰᠦᠭᠰᠡᠨ ᠡᠮᠨᠡᠯᠭᠡ ᠶᠢᠨ ᠰᠦᠢᠳᠬᠡᠯ ᠤᠨ ᠵᠠᠷᠤᠯᠭ᠎ᠠ ᠶᠢ ᠬᠤᠪᠢ ᠬᠥᠮᠥᠨ ᠪᠤᠶᠤ ᠬᠠᠨᠢ ᠨᠥᠬᠦᠷ ᠠᠴᠠ ᠨᠢ ᠬᠠᠰᠤᠨ ᠰᠠᠭᠤᠳᠬᠠᠬᠤ ᠶᠢ ᠰᠣᠩᠭᠤᠵᠤ ᠪᠣᠯᠣᠨ᠎ᠠ︔ ᠨᠠᠰᠤᠨ ᠳᠤ ᠬᠦᠷᠦᠭᠡᠳᠦᠢ ᠦᠷ᠎ᠡ ᠬᠡᠦᠬᠡᠳ ᠠᠴᠠ ᠡᠭᠦᠰᠦᠭᠰᠡᠨ ᠡᠮᠨᠡᠯᠭᠡ ᠶᠢᠨ ᠰᠦᠢᠳᠬᠡᠯ ᠤᠨ ᠵᠠᠷᠤᠯᠭ᠎ᠠ ᠳᠤ ᠲᠡᠭᠦᠨ ᠤ ᠡᠴᠢᠭᠡ ᠡᠬᠡ ᠶᠢᠨ ᠬᠢᠨᠢ ᠨᠢᠭᠡ ᠲᠠᠯ᠎ᠠ ᠠᠴᠠ ᠬᠠᠰᠤᠨ ᠰᠠᠭᠤᠳᠬᠠᠬᠤ ᠶᠢ ᠰᠣᠩᠭᠤᠵᠤ ᠪᠣᠯᠣᠨ᠎ᠠ᠃ ᠶᠠᠷᠢᠶᠠᠨ ᠦᠭᠡᠢ᠂ ᠡᠨᠡ ᠬᠦ ᠬᠡᠰᠡᠭ ᠬᠤᠪᠢ ᠬᠥᠮᠥᠨ ᠤ ᠡᠭᠦᠷᠭᠡᠯᠡᠯ ᠪᠣᠯ ᠳᠠᠷᠤᠢ ᠡᠮᠴᠢᠯᠡᠭᠡ ᠶᠢᠨ ᠳᠠᠭᠠᠳᠬᠠᠯ ᠤᠨ ᠭᠠᠷᠴᠠᠭ ᠤᠨ ᠬᠡᠪᠴᠢᠶᠡᠨ ᠳᠣᠲᠣᠷᠠᠬᠢ ᠥᠪᠡᠷ ᠢᠶᠠᠨ ᠲᠤᠰᠢᠶᠠᠬᠤ ᠬᠡᠰᠡᠭ ᠪᠠᠶᠢᠵᠤ᠂ ᠡᠮᠨᠡᠯᠭᠡ ᠶᠢᠨ ᠦᠢᠯᠡᠴᠢᠯᠡᠭᠡ ᠶᠢᠨ ᠰᠦᠢᠳᠬᠡᠯ ᠵᠢᠴᠢ ᠡᠮᠴᠢᠯᠡᠭᠡ ᠶᠢᠨ ᠳᠠᠭᠠᠳᠬᠠᠯ ᠤᠨ ᠳᠠᠩᠰᠠ ᠶᠢ ᠲᠠᠶᠢᠯᠤᠭᠰᠠᠨ ᠬᠠᠮᠢᠶ᠎ᠠ ᠪᠦᠬᠦᠢ ᠪᠠᠷᠢᠮᠲᠠ ᠶᠢᠨ ᠤᠤᠯ ᠮᠠᠲ᠋ᠧᠷᠢᠶᠠᠯ ᠪᠤᠶᠤ ᠬᠠᠭᠤᠯᠪᠤᠷᠢ ᠶᠢ ᠦᠯᠡᠳᠡᠭᠡᠨ ᠬᠠᠳᠠᠭᠠᠯᠠᠬᠤ ᠴᠢᠬᠤᠯᠠᠲᠠᠢ᠃ ᠬᠥᠲᠥᠯᠥᠭᠴᠢ᠄ ᠲᠡᠭᠡᠪᠡᠯ ᠬᠤᠪᠢ ᠬᠥᠮᠥᠨ ᠪᠣᠯᠣᠭᠰᠠᠨ ᠤ ᠬᠤᠪᠢ ᠳᠤ᠂ ᠡᠨᠡ ᠬᠦ ᠵᠢᠷᠭᠤᠭᠠᠨ ᠲᠤᠰᠬᠠᠢ ᠵᠦᠢᠯ ᠤᠨ ᠨᠡᠮᠡᠯᠲᠡ ᠰᠠᠭᠤᠳᠬᠠᠯ ᠢ ᠬᠡᠷᠬᠢᠨ ᠭᠤᠶᠤᠴᠢᠯᠠᠨ ᠮᠡᠳᠡᠭᠦᠯᠬᠦ ᠪᠣᠢ︖ ᠲᠠᠨ ᠡᠾᠧᠩ᠄ ᠭᠠᠶᠢᠯᠢ ᠲᠤᠰᠢᠶᠠᠭᠴᠢ ᠴᠠᠭᠠᠰᠤᠨ ᠬᠦᠰᠦᠨᠦᠭ᠂ ᠡᠯᠧᠺᠲᠷᠣᠨ ᠵᠠᠭᠪᠤᠷ᠂ ᠠᠯᠤᠰ ᠵᠠᠢ ᠠᠴᠠ ᠭᠠᠶᠢᠯᠢ ᠭᠦᠢᠴᠡᠳᠬᠡᠬᠦ APP ᠦᠵᠦᠭᠦᠷ ᠪᠤᠶᠤ ᠰᠦᠯᠵᠢᠶᠡᠨ ᠤ ᠨᠢᠭᠤᠷ ᠤᠨ ᠦᠵᠦᠭᠦᠷ 4 ᠵᠦᠢᠯ ᠤᠨ ᠠᠷᠭ᠎ᠠ ᠵᠠᠮ ᠢᠶᠠᠷ ᠳᠠᠮᠵᠢᠭᠤᠯᠤᠨ ᠬᠤᠪᠢ ᠬᠥᠮᠥᠨ ᠤ ᠮᠡᠳᠡᠭᠡ ᠵᠠᠩᠭᠢ ᠪᠠᠨ ᠴᠤᠭᠯᠠᠭᠤᠯᠵᠤ ᠪᠣᠯᠣᠨ᠎ᠠ᠃ ᠲᠡᠭᠦᠨ ᠤ ᠳᠣᠲᠣᠷ᠎ᠠ᠂ ᠴᠠᠭᠠᠰᠤᠨ ᠬᠦᠰᠦᠨᠦᠭ ᠢ ᠣᠯᠬᠤ ᠠᠷᠭ᠎ᠠ ᠵᠠᠮ ᠨᠢ 3 ᠵᠦᠢᠯ ᠪᠠᠶᠢᠨ᠎ᠠ᠄ ᠨᠢᠭᠡᠳᠦᠭᠡᠷ ᠲᠤ᠂ ᠣᠯᠠᠨ ᠢᠶᠠᠷ ᠢᠶᠠᠨ ᠣᠶᠢᠷ᠎ᠠ ᠬᠠᠪᠢ ᠶᠢᠨ ᠳᠤᠷ᠎ᠠ ᠶᠢᠨ ᠨᠢᠭᠡ ᠭᠠᠶᠢᠯᠢ ᠭᠦᠢᠴᠡᠳᠬᠡᠬᠦ ᠲᠢᠩᠬᠢᠮ ᠳᠤ ᠬᠦᠷᠴᠦ ᠨᠢᠭᠡᠨᠲᠡ ᠳᠠᠷᠤᠮᠠᠯᠯᠠᠨ ᠵᠣᠬᠢᠶᠠᠭᠰᠠᠨ ᠮᠡᠳᠡᠭᠡ ᠵᠠᠩᠭᠢ ᠶᠢᠨ ᠬᠦᠰᠦᠨᠦᠭ ᠢ ᠠᠪᠴᠤ ᠪᠣᠯᠣᠨ᠎ᠠ︔ ᠬᠤᠶᠠᠳᠤᠭᠠᠷ ᠲᠤ᠂ ᠨᠢᠭᠡᠴᠢ ᠠᠴᠠ ᠣᠯᠠᠨ ᠳᠤ ᠲᠤᠰᠬᠠᠢ ᠵᠦᠢᠯ ᠤᠨ ᠨᠡᠮᠡᠯᠲᠡ ᠰᠠᠭᠤᠳᠬᠠᠯ ᠭᠦᠢᠴᠡᠳᠬᠡᠵᠦ ᠥᠭᠭᠦᠭᠰᠡᠨ ᠰᠠᠯᠠᠭ᠎ᠠ ᠮᠥᠴᠢᠷ ᠲᠤ ᠬᠦᠷᠴᠦ ᠠᠪᠴᠤ ᠪᠣᠯᠣᠨ᠎ᠠ︔ ᠭᠤᠷᠪᠠᠳᠤᠭᠠᠷ ᠲᠤ᠂ ᠤᠯᠤᠰ ᠤᠨ ᠭᠠᠶᠢᠯᠢ ᠶᠢᠨ ᠶᠠᠪᠤᠳᠠᠯ ᠤᠨ ᠶᠡᠷᠦᠩᠬᠡᠢ ᠲᠣᠪᠴᠢᠶ᠎ᠠ ᠪᠤᠶᠤ ᠤᠯᠤᠰ ᠤᠨ ᠭᠠᠶᠢᠯᠢ ᠶᠢᠨ ᠶᠠᠪᠤᠳᠠᠯ ᠤᠨ ᠶᠡᠷᠦᠩᠬᠡᠢ ᠲᠣᠪᠴᠢᠶ᠎ᠠ ᠶᠢᠨ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠭᠠᠶᠢᠯᠢ ᠶᠢᠨ ᠶᠠᠪᠤᠳᠠᠯ ᠤᠨ ᠲᠣᠪᠴᠢᠶ᠎ᠠ ᠶᠢᠨ ᠠᠯᠪᠠᠨ ᠤ ᠰᠦᠯᠵᠢᠶ᠎ᠡ ᠳᠤ ᠨᠡᠪᠲᠡᠷᠡᠵᠦ ᠪᠠᠭᠤᠯᠭᠠᠬᠤ ᠶᠢᠨ ᠬᠠᠮᠲᠤ ᠥᠪᠡᠰᠦᠪᠡᠨ ᠳᠠᠷᠤᠮᠠᠯᠯᠠᠵᠤ ᠪᠣᠯᠣᠨ᠎ᠠ᠃ ᠣᠯᠠᠨ ᠳᠤ ᠠᠩᠬᠠᠷᠤᠭᠤᠯᠬᠤ ᠴᠢᠬᠤᠯᠠᠲᠠᠢ ᠵᠦᠢᠯ ᠭᠡᠪᠡᠯ᠂ ᠬᠦᠨᠳᠦ ᠡᠪᠡᠳᠴᠢᠨ ᠤ ᠡᠮᠴᠢᠯᠡᠭᠡ ᠶᠢᠨ ᠲᠤᠰᠬᠠᠢ ᠵᠦᠢᠯ ᠤᠨ ᠨᠡᠮᠡᠯᠲᠡ ᠰᠠᠭᠤᠳᠬᠠᠯ ᠪᠣᠯ ᠭᠠᠶᠢᠯᠢ ᠲᠤᠰᠢᠶᠠᠭᠴᠢ ᠠᠴᠠ ᠣᠨ ᠤ ᠬᠤᠷᠢᠶᠠᠩᠭᠤᠶᠢᠯᠠᠨ ᠪᠣᠳᠣᠵᠤ ᠳ᠋ᠦᠩᠨᠡᠨ ᠲᠤᠰᠢᠶᠠᠬᠤ ᠶᠢ ᠭᠦᠢᠴᠡᠳᠬᠡᠬᠦ ᠦᠶ᠎ᠡ ᠳᠤ ᠦᠨᠡᠨ ᠪᠣᠳᠠᠲᠠᠢ ᠪᠠᠷ ᠭᠤᠶᠤᠴᠢᠯᠠᠨ ᠮᠡᠳᠡᠭᠦᠯᠬᠦ ᠰᠠᠭᠤᠳᠬᠠᠯ ᠪᠣᠯᠬᠤ ᠲᠤᠯᠠ᠂ ᠡᠯᠧᠺᠲᠷᠣᠨ ᠵᠠᠭᠪᠤᠷ ᠨᠢ ᠬᠦᠨᠳᠦ ᠡᠪᠡᠳᠴᠢᠨ ᠤ ᠡᠮᠴᠢᠯᠡᠭᠡ ᠶᠢᠨ ᠲᠤᠰᠬᠠᠢ ᠵᠦᠢᠯ ᠤᠨ ᠨᠡᠮᠡᠯᠲᠡ ᠰᠠᠭᠤᠳᠬᠠᠯ ᠢ ᠴᠤᠭᠯᠠᠭᠤᠯᠬᠤ ᠳᠤ ᠬᠤᠯᠪᠣᠭᠳᠠᠬᠤ ᠦᠭᠡᠢ᠃ ᠡᠭᠦᠨ ᠢᠶᠠᠷ ᠪᠠᠷᠠᠬᠤ ᠦᠭᠡᠢ᠂ ᠬᠡᠷᠪᠡ ᠨᠢᠭᠡᠴᠢ ᠳᠤ ᠪᠠᠨ ᠰᠠᠷ᠎ᠠ ᠪᠠᠷ ᠲᠤᠰᠬᠠᠢ ᠵᠦᠢᠯ ᠤᠨ ᠨᠡᠮᠡᠯᠲᠡ ᠰᠠᠭᠤᠳᠬᠠᠯ ᠤᠨ ᠲᠥᠷᠥ ᠶᠢᠨ ᠪᠣᠳᠣᠯᠭ᠎ᠠ ᠶᠢ ᠬᠦᠷᠲᠡᠬᠦ ᠶᠢ ᠰᠣᠩᠭᠤᠪᠠᠯ᠂ ᠮᠥᠨ ᠬᠦᠨᠳᠦ ᠡᠪᠡᠳᠴᠢᠨ ᠤ ᠡᠮᠴᠢᠯᠡᠭᠡ ᠶᠢᠨ ᠰᠠᠭᠤᠳᠬᠠᠯ ᠳᠤ ᠬᠤᠯᠪᠣᠭᠳᠠᠬᠤ ᠦᠭᠡᠢ ᠪᠠᠶᠢᠳᠠᠭ᠃ ᠬᠥᠲᠥᠯᠥᠭᠴᠢ᠄ ᠰᠠᠶᠢᠨ ᠪᠣᠯᠣᠯ᠎ᠠ᠂ ᠲᠠᠨ ᠲᠣᠪᠴᠢᠶᠠᠨ ᠳᠠᠷᠤᠭ᠎ᠠ ᠶᠢᠨ ᠲᠤᠰ ᠬᠤᠭᠤᠴᠠᠭᠠᠨ ᠤ ᠰᠤᠷᠪᠤᠯᠵᠢᠯᠠᠭ᠎ᠠ ᠳᠤ ᠰᠠᠭᠠᠭᠳᠠᠭᠰᠠᠨ ᠤ ᠬᠠᠮᠲᠤ᠂ ᠣᠯᠠᠨ ᠳᠤ ᠨᠠᠷᠢᠨ ᠲᠠᠶᠢᠯᠤᠮᠵᠢ ᠬᠢᠭᠰᠡᠨ ᠳᠤ ᠪᠠᠶᠠᠷᠯᠠᠯ᠎ᠠ᠂ ᠮᠥᠨ ᠰᠦᠯᠵᠢᠶᠡᠨ ᠤ ᠠᠨᠳᠠ ᠨᠠᠷ ᠤᠨ ᠣᠷᠣᠯᠴᠠᠯᠭ᠎ᠠ ᠳᠤ ᠪᠠᠶᠠᠷᠯᠠᠯ᠎ᠠ᠃ ᠲᠤᠰ ᠬᠤᠭᠤᠴᠠᠭᠠᠨ ᠤ ᠰᠤᠷᠪᠤᠯᠵᠢᠯᠠᠭ᠎ᠠ ᠠᠳᠡ ᠬᠦᠷᠦᠭᠡᠳ ᠥᠨᠳᠥᠷᠯᠡᠬᠦ ᠪᠣᠯᠣᠯ᠎ᠠ᠂ ᠳᠠᠷᠠᠭᠠᠴᠢ ᠶᠢᠨ ᠬᠤᠭᠤᠴᠠᠭᠠᠨ ᠳᠤ ᠳᠠᠬᠢᠨ ᠵᠣᠯᠭᠠᠶ᠎ᠠ᠂ ᠪᠠᠶᠠᠷᠲᠠᠢ︕ ᠲᠠᠨ ᠡᠾᠧᠩ᠄ ᠰᠦᠯᠵᠢᠶᠡᠨ ᠤ ᠠᠨᠳᠠ ᠨᠠᠷ ᠪᠠᠶᠠᠷᠲᠠᠢ︕
|
|
|
|
ᠢᠷᠡᠯᠲᠡ᠄
ᠥᠪᠥᠷ ᠮᠣᠩᠭᠤᠯ ᠤᠨ ᠵᠠᠰᠠᠭ ᠤᠨ ᠣᠷᠳᠣᠨ
|