|
ᠬᠠᠪᠤᠷ ᠤᠨ ᠤᠯᠠᠷᠢᠯ ᠳᠤ ᠨᠣᠭᠤᠭ᠎ᠠ ᠶᠢᠨ ᠴᠢᠬᠢ ᠦᠬᠦᠬᠦ ᠶᠢᠨ ᠰᠢᠯᠲᠠᠭᠠᠨ ᠬᠢᠭᠡᠳ ᠲᠡᠬᠦᠡ ᠢ ᠰᠡᠷᠭᠡᠶᠢᠯᠡᠬᠦ ᠠᠷᠭ᠎ᠠ |
|
|
ᠨᠡᠶᠢᠲᠡᠯᠡᠭᠰᠡᠨ ᠴᠠᠭ᠄
2018/12/7
|
|
1. ᠭᠡᠮ ᠤᠨ ᠬᠥᠨᠥᠭᠡᠯ ᠠᠴᠠ ᠪᠣᠯᠵᠤ ᠦᠬᠦᠬᠦ ᠰᠢᠯᠲᠠᠭᠠᠨ᠄ ᠭᠤᠣᠯᠳᠠᠭᠤ ᠲᠠᠷᠢᠬᠤ ᠠᠴᠠ ᠡᠮᠦᠨ᠎ᠡ ᠴᠢᠬᠢ ᠶᠢᠨ ᠬᠠᠰᠢᠯᠭ᠎ᠠ᠂ ᠲᠡᠵᠢᠭᠡᠯᠲᠦ ᠬᠦᠷᠦᠰᠦ ᠶᠢ ᠠᠷᠢᠭᠤᠳᠬᠠᠭᠰᠠᠨ ᠦᠭᠡᠢ ᠪᠤᠶᠤ ᠠᠷᠢᠭᠤᠳᠬᠠᠭᠰᠠᠨ ᠨᠢ ᠲᠦᠢᠯᠪᠤᠷᠢᠲᠠᠢ ᠪᠤᠰᠤ᠂ ᠴᠢᠬᠢᠯᠡᠭᠰᠡᠨ ᠤ ᠳᠠᠷᠠᠭ᠎ᠠ ᠳᠠᠷᠤᠢ ᠳᠤᠨᠢ ᠡᠮ ᠰᠦᠷᠴᠢᠭᠰᠡᠨ ᠦᠭᠡᠢ᠂ ᠴᠢᠬᠢ ᠶᠢᠨ ᠬᠠᠰᠢᠯᠭ᠎ᠠ ᠶᠢᠨ ᠳᠤᠯᠠᠭᠠᠨ᠂ ᠴᠢᠬᠢᠭ ᠤᠨ ᠬᠠᠮᠢᠶᠠᠷᠤᠯᠳᠠ ᠵᠣᠬᠢᠰ ᠦᠭᠡᠢ ᠵᠡᠷᠭᠡ ᠠᠴᠠ ᠦᠨᠳᠦᠰᠦ ᠢᠯᠵᠠᠷᠠᠬᠤ ᠭᠡᠮ᠂ ᠬᠤᠪᠠᠭ᠋ᠠᠶᠢᠷᠠᠬᠤ ᠭᠡᠮ ᠡᠭᠦᠰᠬᠦ ᠪᠤᠯᠤᠨ᠎ᠠ᠃ ᠰᠡᠷᠭᠡᠶᠢᠯᠡᠬᠦ ᠠᠷᠭ᠎ᠠ᠄ ① ᠲᠡᠭᠰᠢ ᠳᠥᠷᠪᠡᠯᠵᠢᠨ ᠮᠧᠲᠷ ᠪᠦᠷᠢ ᠴᠢᠬᠢ ᠶᠢᠨ ᠬᠠᠰᠢᠯᠭ᠎ᠠ ᠳᠤ 8~10 ᠭᠷᠡᠮ 50% ᠶᠢᠨ ᠳ᠋ᠦᠸᠧ ᠵᠢᠶᠦ᠋ᠨ ᠯᠢᠩ ︵多菌灵︶ ᠪᠤᠶᠤ 1 ᠭᠷᠡᠮ ᠯᠢᠦᠢ ᠾᠧᠩ ᠨᠢᠭᠡᠳᠦᠭᠡᠷ ᠨᠤᠮᠧᠷ ︵绿亨一号︶ ᠢ ᠵᠣᠬᠢᠬᠤ ᠨᠠᠷᠢᠨ ᠬᠠᠭᠤᠷᠠᠢ ᠰᠢᠷᠣᠢ ᠲᠠᠢ ᠬᠤᠯᠢᠵᠦ ᠲᠠᠲᠠᠭᠠᠯ ᠳᠡᠭᠡᠷ᠎ᠡ ᠵᠢᠭᠳᠡ ᠰᠠᠴᠤᠵᠦ᠂ ᠬᠦᠷᠦᠰᠦ ᠶᠢ ᠤᠷᠪᠠᠭᠤᠯᠤᠨ ᠵᠢᠭᠳᠡ ᠬᠤᠯᠢᠭᠰᠠᠨ ᠤ ᠳᠠᠷᠠᠭ᠎ᠠ ᠲᠠᠷᠢᠨ᠎ᠠ᠃ ᠲᠡᠵᠢᠭᠡᠯᠳᠦ ᠬᠦᠷᠦᠰᠦ ᠶᠢ ᠨᠠᠶᠢᠷᠠᠭᠤᠯᠬᠤ ᠦᠶᠡᠰ᠂ ᠲᠡᠭᠰᠢ ᠲᠦᠷᠪᠡᠯᠵᠢᠨ ᠮᠧᠲᠷ ᠪᠦᠷᠢ ᠲᠡᠵᠢᠭᠡᠯᠳᠦ ᠬᠦᠷᠦᠰᠦᠨ ᠳᠤ 80~100 ᠭᠷᠡᠮ 50% ᠶᠢᠨ ᠳ᠋ᠦᠸᠧ ᠵᠢᠶᠦ᠋ᠨ ᠯᠢᠩ ᠪᠤᠶᠤ 5 ᠭᠷᠡᠮ ᠯᠢᠦᠢ ᠾᠧᠩ ᠨᠢᠭᠡᠳᠦᠭᠡᠷ ᠨᠣᠮᠧᠷ ᠢ ᠨᠡᠮᠡᠵᠦ᠂ ᠵᠢᠭᠳᠡ ᠬᠤᠯᠢᠭᠰᠠᠨ ᠤ ᠳᠠᠷᠠᠭ᠎ᠠ ᠲᠡᠵᠢᠭᠡᠯ ᠤᠨ ᠤᠭᠤᠷ ᠲᠤ ᠰᠠᠪᠠᠯᠠᠨ᠎ᠠ᠃ ② 75% ᠶᠢᠨ ᠴᠢᠬᠢ ᠬᠦᠷᠦᠰᠦᠨ ᠠᠴᠠ ᠰᠣᠶᠣᠭᠠᠯᠠᠨ ᠭᠠᠷᠤᠭᠰᠠᠨ ᠤ ᠳᠠᠷᠠᠭ᠎ᠠ᠂ 50% ᠶᠢᠨ ᠳ᠋ᠦᠸᠧ ᠵᠢᠶᠦ᠋ᠨ ᠯᠢᠩ ᠢ 500 ᠳᠠᠬᠢᠨ ᠰᠢᠩᠭᠡᠯᠡᠨ ᠰᠦᠷᠴᠢᠵᠦ ᠪᠠᠺᠲ᠋ᠧᠷᠢ ᠶᠢ ᠠᠯᠠᠵᠤ ᠭᠡᠮ ᠤᠨ ᠬᠦᠨᠦᠭᠡᠯ ᠠᠴᠠ ᠰᠡᠷᠭᠡᠶᠢᠯᠡᠨ᠎ᠡ᠂ ᠳᠠᠷᠠᠭ᠎ᠠ ᠪᠠᠷ 7~10 ᠡᠳᠦᠷ ᠲᠤ ᠨᠢᠭᠡ ᠤᠳᠠᠭ᠎ᠠ ᠰᠦᠷᠴᠢᠵᠦ᠂ ᠴᠠᠭ ᠲᠤᠬᠠᠢ ᠳᠤᠨᠢ ᠰᠠᠯᠬᠢ ᠨᠡᠪᠲᠡᠷᠡᠭᠦᠯᠦᠨ ᠠᠭᠠᠷ ᠰᠣᠯᠢᠯᠴᠠᠭᠤᠯᠵᠤ᠂ ᠴᠢᠬᠢ ᠶᠢᠨ ᠬᠠᠰᠢᠯᠭ᠎ᠠ ᠴᠢᠬᠢᠭᠲᠦᠵᠦ᠂ ᠴᠢᠬᠢᠭ ᠶᠡᠬᠡᠲᠦᠵᠦ ᠭᠡᠮ ᠤᠨ ᠬᠦᠨᠦᠭᠡᠯ ᠡᠭᠦᠰᠬᠦ ᠠᠴᠠ ᠰᠡᠷᠭᠡᠶᠢᠯᠡᠨ᠎ᠡ᠃ 2. ᠬᠤᠷᠣᠬᠠᠢ ᠶᠢᠨ ᠬᠦᠨᠦᠭᠡᠯ ᠠᠴᠠ ᠪᠣᠯᠵᠤ ᠦᠬᠦᠬᠦ ᠰᠢᠯᠲᠠᠭᠠᠨ᠄ ᠴᠢᠬᠢ ᠶᠢᠨ ᠬᠠᠰᠢᠯᠭ᠎ᠠ ᠶᠢᠨ ᠬᠦᠷᠦᠰᠦᠨ ᠳᠤ ᠦᠳᠦᠭ ᠬᠤᠷᠣᠬᠠᠢ᠂ ᠯᠠᠭᠤ᠂ ᠴᠢᠬᠢᠭ ᠤᠨ ᠤᠯᠠᠭᠠᠨ ᠬᠤᠷᠣᠬᠠᠢ ᠵᠡᠷᠭᠡ ᠭᠠᠵᠠᠷ ᠳᠤᠤᠷᠠᠭᠢ ᠬᠥᠨᠥᠭᠡᠯᠲᠦ ᠬᠤᠷᠣᠬᠠᠢ ᠶᠡᠬᠡᠪᠡᠷ ᠡᠭᠦᠰᠪᠡᠯ ᠴᠢᠬᠢ ᠦᠬᠦᠬᠦ ᠪᠣᠯᠣᠨ᠎ᠠ᠃ ᠰᠡᠷᠭᠡᠶᠢᠯᠡᠬᠦ ᠠᠷᠭ᠎ᠠ᠄ 80% ᠶᠢᠨ ᠳ᠋ᠢ ᠳ᠋ᠢ ᠸᠧᠢ ︵敌敌畏︶ ᠶᠢᠨ ᠴᠠᠶᠢᠳᠡᠮᠯᠢᠭ ᠰᠢᠩᠭᠡᠨ ᠢ 1000 ᠲᠠᠬᠢᠨ ᠰᠢᠩᠭᠡᠯᠡᠨ ᠴᠢᠬᠢ ᠶᠢᠨ ᠬᠠᠰᠢᠯᠭ᠎ᠠ ᠳᠤ ᠰᠦᠷᠴᠢᠵᠦ᠂ ᠦᠳᠦᠭ ᠬᠤᠷᠣᠬᠠᠢ ᠠᠴᠠ ᠰᠡᠷᠭᠡᠶᠢᠯᠡᠨ᠎ᠡ︔ 80% ᠶᠢᠨ ᠳ᠋ᠢ ᠳ᠋ᠢ ᠸᠧᠢ ᠶᠢᠨ ᠴᠠᠶᠢᠳᠡᠮᠯᠢᠭ ᠰᠢᠩᠭᠡᠨ ᠢ 100 ᠲᠠᠬᠢᠨ ᠰᠢᠩᠭᠡᠯᠡᠬᠦ ᠪᠤᠶᠤ 50% ᠶᠢᠨ ᠣᠺᠲ᠋ᠠ ᠬᠦᠬᠦᠷᠲᠦ ᠹᠤᠰᠹᠤᠷ ︵辛硫磷︶ ᠤᠨ ᠴᠠᠶᠢᠳᠡᠮᠯᠢᠭ ᠰᠢᠩᠭᠡᠨ ᠢ 50 ᠳᠠᠬᠢᠨ ᠰᠢᠩᠭᠡᠯᠡᠵᠦ ᠬᠠᠭᠤᠷᠠᠭᠰᠠᠨ ᠳ᠋ᠸᠤᠪᠢᠩ᠂ ᠬᠡᠪᠡᠭ ᠵᠡᠷᠭᠡ ᠲᠠᠢ ᠬᠤᠯᠢᠵᠦ ᠬᠤᠣᠷᠲᠤ ᠥᠭᠶᠥᠭᠡ ᠪᠤᠯᠭᠠᠭᠠᠳ ᠴᠢᠬᠢ ᠶᠢᠨ ᠬᠠᠰᠢᠯᠭ᠎ᠠ ᠶᠢᠨ ᠭᠠᠳᠠᠷᠭᠤ ᠳᠤ ᠰᠠᠴᠤᠪᠠᠯ ᠯᠠᠭᠤ ᠶᠢ ᠠᠯᠠᠵᠦ ᠴᠢᠳᠠᠨ᠎ᠠ︔ 50% ᠶᠢᠨ ᠤᠺᠠᠲ᠋ᠠ ᠬᠦᠬᠦᠷᠲᠦ ᠹᠤᠰᠹᠤᠷ ᠤᠨ ᠴᠠᠶᠢᠳᠡᠮᠯᠢᠭ ᠰᠢᠩᠭᠡᠨ ᠢ 1000 ᠳᠠᠬᠢᠨ ᠰᠢᠩᠭᠡᠯᠡᠬᠦ ᠪᠤᠶᠤ 48% ᠶᠢᠨ ᠯᠠ ᠰᠧ ᠪᠧᠨ ︵乐斯本︶ ᠢ 2000 ᠳᠠᠬᠢᠨ ᠰᠢᠩᠭᠡᠯᠡᠵᠦ ᠴᠢᠬᠢ ᠶᠢᠨ ᠬᠠᠰᠢᠯᠭ᠎ᠠ ᠶᠢᠨ ᠬᠦᠷᠦᠰᠦᠨ ᠳᠡᠭᠡᠷ᠎ᠡ ᠰᠦᠷᠴᠢᠪᠡᠯ᠂ ᠴᠢᠬᠢᠭ ᠤᠨ ᠤᠯᠠᠭᠠᠨ ᠬᠤᠷᠣᠬᠠᠢ ᠶᠢᠨ ᠬᠥᠨᠥᠭᠡᠯ ᠢ ᠠᠰᠢᠭᠳᠠᠢ ᠬᠤᠷᠢᠭᠯᠠᠵᠤ ᠳᠡᠶᠢᠯᠦᠨ᠎ᠡ᠃ 3. ᠡᠮ ᠤᠨ ᠬᠤᠣᠷᠳᠠᠯ ᠠᠴᠠ ᠪᠣᠯᠵᠤ ᠦᠬᠦᠬᠦ ᠰᠢᠯᠲᠠᠭᠠᠨ᠄ ᠴᠢᠬᠢ ᠶᠢᠨ ᠬᠠᠰᠢᠯᠭ᠎ᠠ ᠶᠢᠨ ᠬᠥᠷᠥᠰᠥ ᠶᠢ ᠠᠷᠢᠭᠤᠳᠬᠠᠬᠤ ᠦᠶᠡᠰ ᠭᠡᠷᠡᠭᠯᠡᠬᠦ ᠡᠮ ᠤᠨ ᠬᠡᠮᠵᠢᠶ᠎ᠡ ᠶᠢ ᠬᠡᠲᠦᠷᠡᠭᠦᠯᠬᠦ᠂ ᠲᠠᠷᠢᠭᠰᠠᠨ ᠤ ᠳᠠᠷᠠᠭ᠎ᠠ ᠴᠢᠬᠢ ᠶᠢᠨ ᠬᠠᠰᠢᠯᠭ᠎ᠠ ᠶᠢᠨ ᠬᠥᠷᠥᠰᠥ ᠶᠢ ᠬᠡᠲᠦᠷᠭᠡᠢ ᠬᠠᠭᠤᠷᠠᠢ ᠪᠠᠶᠢᠯᠭᠠᠬᠤ ᠪᠠ ᠴᠢᠬᠢᠯᠡᠭᠰᠡᠨ ᠤ ᠳᠠᠷᠠᠭ᠎ᠠ ᠰᠦᠷᠴᠢᠭᠰᠡᠨ ᠡᠮ ᠤᠨ ᠦᠳᠭᠡᠴᠨ ᠶᠢ ᠬᠡᠲᠦᠷᠬᠡᠢ ᠥᠨᠳᠥᠷ ᠪᠠᠶᠢᠯᠭᠠᠬᠤ ᠨᠢ ᠪᠦᠷ ᠠᠮᠠᠷᠬᠠᠨ ᠡᠮ ᠤᠨ ᠬᠤᠣᠷᠳᠠᠯ ᠢ ᠡᠭᠦᠰᠭᠡᠬᠦ ᠪᠤᠯᠤᠨ᠎ᠠ᠃ ᠰᠡᠷᠭᠡᠶᠢᠯᠡᠬᠦ ᠠᠷᠭ᠎ᠠ᠄ ᠴᠢᠬᠢ ᠶᠢᠨ ᠬᠠᠰᠢᠯᠭ᠎ᠠ ᠶᠢ ᠠᠷᠢᠭᠤᠳᠬᠠᠬᠤ ᠦᠶᠡᠰ ᠬᠡᠷᠡᠭᠯᠡᠬᠦ ᠡᠮ ᠤᠨ ᠬᠡᠮᠵᠢᠶ᠎ᠡ ᠶᠢ ᠬᠡᠲᠦᠷᠡᠭᠦᠯᠵᠦ ᠪᠣᠯᠬᠤ ᠦᠭᠡᠢ︔ ᠡᠮ ᠢᠶᠠᠷ ᠰᠢᠢᠳᠪᠦᠷᠢᠯᠡᠭᠰᠡᠨ ᠤ ᠰᠡᠭᠦᠯᠡᠷᠬᠢ ᠴᠢᠬᠢ ᠶᠢᠨ ᠬᠠᠰᠢᠯᠭ᠎ᠠ ᠶᠢᠨ ᠬᠦᠷᠦᠰᠦ ᠶᠢ ᠵᠤᠭᠢᠬᠤ ᠴᠢᠭᠢᠭᠯᠢᠭ ᠪᠠᠶᠢᠯᠭᠠᠨ᠎ᠠ᠂ ᠭᠡᠪᠡᠴᠦ ᠤᠳᠠᠭ᠎ᠠ ᠪᠦᠷᠢ ᠶᠢᠨ ᠰᠦᠷᠴᠢᠬᠦ ᠤᠰᠤᠨ ᠤ ᠬᠡᠮᠵᠢᠶ᠎ᠡ ᠶᠢ ᠬᠡᠲᠦᠷᠡᠭᠦᠯᠵᠦ ᠪᠣᠯᠬᠤ ᠦᠭᠡᠢ᠂ ᠬᠡᠲᠦᠷᠬᠡᠢ ᠴᠢᠬᠢᠭᠲᠦᠬᠦ ᠠᠴᠠ ᠰᠡᠷᠭᠡᠶᠢᠯᠡᠨ᠎ᠡ᠃ ᠦᠨᠳᠦᠰᠦ ᠨᠢ ᠢᠯᠵᠡᠷᠡᠬᠦ ᠪᠠᠶᠢᠳᠠᠯ ᠢᠯᠡᠷᠡᠪᠡᠯ᠂ ᠴᠠᠭ ᠲᠤᠬᠠᠢ ᠳᠤᠨᠢ ᠰᠠᠯᠬᠢ ᠨᠡᠪᠲᠡᠷᠡᠭᠦᠯᠦᠨ ᠴᠢᠬᠢᠭ ᠢ ᠭᠠᠳᠠᠭᠰᠢᠯᠠᠭᠤᠯᠵᠤ᠂ ᠤᠰᠤᠨ ᠤ ᠠᠭᠤᠷᠰᠢᠯᠲᠠ ᠶᠢ ᠠᠬᠢᠭᠤᠯᠤᠨ᠎ᠠ᠃ ᠪᠦᠷᠬᠦᠭ ᠪᠤᠷᠤᠭᠠᠨ ᠲᠠᠢ ᠡᠳᠦᠷ ᠴᠢᠬᠢ ᠶᠢᠨ ᠬᠠᠰᠢᠯᠭ᠎ᠠ ᠶᠢᠨ ᠬᠦᠷᠦᠰᠦᠨ ᠳᠡᠭᠡᠷ᠎ᠡ ᠬᠠᠭᠤᠷᠠᠢ ᠨᠠᠷᠢᠨ ᠰᠢᠷᠤᠢ ᠪᠤᠶᠤ ᠡᠪᠡᠰᠦ ᠮᠣᠳᠣᠨ ᠤ ᠦᠨᠡᠰᠦ ᠰᠠᠴᠤᠵᠤ ᠴᠢᠬᠢᠭ ᠢ ᠨᠢ ᠰᠤᠷᠤᠨ᠎ᠠ᠃ 4. ᠪᠣᠷᠳᠣᠭᠤᠷ ᠤᠨ ᠬᠥᠨᠥᠭᠡᠯ ᠠᠴᠠ ᠪᠣᠯᠵᠤ ᠦᠬᠦᠬᠦ ᠰᠢᠯᠲᠠᠭᠠᠨ᠄ ᠴᠢᠬᠢ ᠶᠢᠨ ᠬᠠᠰᠢᠯᠭ᠎ᠠ ᠶᠢᠨ ᠬᠦᠷᠦᠰᠦᠨ ᠳᠤ ᠢᠯᠵᠠᠷᠠᠭᠰᠠᠨ ᠦᠭᠡᠢ ᠤᠷᠭᠠᠨᠢᠭ ᠪᠤᠷᠳᠤᠭᠤᠷ ᠢ ᠬᠤᠯᠢᠬᠤ ᠪᠣᠶᠤ ᠪᠣᠷᠳᠣᠭᠤᠷ ᠤᠷᠤᠭᠤᠯᠤᠭᠰᠠᠨ ᠨᠢ ᠵᠢᠭᠳᠡ ᠦᠭᠡᠢ ᠪᠤᠯ ᠦᠨᠳᠦᠰᠦ ᠨᠢ ᠰᠢᠲᠠᠵᠤ ᠴᠢᠬᠢ ᠦᠬᠦᠬᠦ ᠪᠣᠯᠣᠨ᠎ᠠ᠃ ᠰᠡᠷᠭᠡᠶᠢᠯᠡᠬᠦ ᠠᠷᠭ᠎ᠠ᠄ ᠴᠢᠬᠢ ᠶᠢᠨ ᠬᠠᠰᠢᠯᠭ᠎ᠠ ᠶᠢᠨ ᠬᠥᠷᠥᠰᠥᠨ ᠳᠤ ᠤᠷᠭᠠᠨᠢᠭ ᠪᠣᠷᠳᠣᠭᠤᠷ ᠤᠷᠤᠭᠤᠯᠬᠤ ᠳᠤ ᠵᠠᠪᠠᠯ ᠭᠦᠢᠴᠡᠳ ᠢᠰᠬᠡᠨ ᠪᠤᠯᠪᠠᠰᠤᠷᠠᠭᠤᠯᠵᠤ᠂ ᠴᠢᠬᠢ ᠶᠢᠨ ᠬᠠᠰᠢᠯᠭ᠎ᠠ ᠶᠢᠨ ᠬᠦᠷᠦᠰᠦᠨ ᠳᠤ ᠵᠢᠭᠳᠡ ᠬᠤᠯᠢᠨ᠎ᠠ᠃ ᠴᠢᠬᠢ ᠰᠠᠯᠭᠠᠬᠤ ᠦᠶᠡᠰ ᠰᠢᠷᠣᠢ ᠶᠢ ᠰᠠᠶᠢᠳᠤᠷ ᠳᠠᠷᠤᠵᠦ ᠲᠠᠭᠰᠢᠷᠠᠭᠤᠯᠤᠨ᠂ ᠳᠡᠵᠢᠭᠡᠯ ᠤᠨ ᠤᠭᠤᠷ ᠢ ᠨᠡᠪᠳᠡᠷᠡᠳᠡᠯ᠎ᠡ ᠤᠰᠤᠯᠠᠨ᠎ᠠ᠃ 5. ᠬᠥᠯᠳᠡᠭᠦᠤ ᠶᠢᠨ ᠬᠦᠨᠦᠭᠡᠯ ᠠᠴᠠ ᠪᠣᠯᠵᠤ ᠦᠬᠦᠬᠦ ᠰᠢᠯᠳᠠᠭᠠᠨ᠄ ᠬᠦᠢᠲᠡᠨ ᠤᠷᠤᠰᠬᠠᠯ᠂ ᠳᠣᠣᠷ᠎ᠠ ᠳᠤᠯᠠᠭᠠᠨ ᠤ ᠳᠠᠭᠠᠷᠢᠯᠲᠠ ᠳᠤ ᠴᠠᠭ ᠲᠤᠬᠠᠢ ᠳᠤᠨᠢ ᠬᠦᠢᠲᠡᠨ ᠠᠴᠠ ᠰᠡᠷᠭᠡᠶᠢᠯᠡᠬᠦ ᠠᠷᠭ᠎ᠠ ᠬᠡᠮᠵᠢᠶ᠎ᠡ ᠠᠪᠬᠤ ᠦᠭᠡᠢ ᠪᠤᠯ ᠴᠢᠬᠢ ᠬᠥᠯᠳᠡᠵᠦ ᠦᠬᠦᠬᠦ ᠪᠤᠯᠤᠨ᠎ᠠ᠃ ᠡᠰᠡᠭᠦᠯ᠎ᠡ ᠴᠢᠬᠢ ᠰᠠᠯᠭᠠᠭᠰᠠᠨ ᠴᠠᠭ ᠨᠢ ᠵᠣᠬᠢᠰ ᠦᠭᠡᠢ᠂ ᠴᠢᠬᠢ ᠰᠠᠯᠭᠠᠬᠤ ᠴᠢᠬᠢ ᠶᠢᠨ ᠬᠠᠰᠢᠯᠭ᠎ᠠ ᠶᠢᠨ ᠬᠦᠷᠦᠰᠦᠨ ᠤ ᠳᠤᠯᠠᠭᠠᠨ ᠨᠢ ᠬᠡᠲᠦᠷᠬᠡᠢ ᠳᠣᠣᠷ᠎ᠠ ᠠᠴᠠ ᠨᠢᠯᠬ᠎ᠠ ᠴᠢᠬᠢ ᠶᠢ ᠴᠢᠬᠢ ᠶᠢᠨ ᠬᠠᠰᠢᠯᠭ᠎ᠠ ᠶᠢᠨ ᠬᠦᠷᠦᠰᠦᠨ ᠳᠤ ᠰᠠᠭᠤᠯᠭᠠᠭᠰᠠᠨ ᠤ ᠳᠠᠷᠠᠭ᠎ᠠ ᠤᠳᠠᠲᠠᠯ᠎ᠠ ᠦᠨᠳᠦᠰᠦᠯᠡᠬᠦ ᠦᠭᠡᠢ ᠪᠣᠯᠵᠤ ᠦᠬᠦᠬᠦ ᠪᠤᠯᠤᠨ᠎ᠠ᠃ ᠰᠡᠷᠭᠡᠶᠢᠯᠡᠬᠦ ᠠᠷᠭ᠎ᠠ᠄ ① ᠴᠢᠬᠢ ᠪᠤᠶᠢᠵᠢᠭᠤᠯᠬᠤ ᠬᠤᠭᠤᠴᠠᠭᠠᠨ ᠳᠤ ᠴᠠᠭ ᠠᠭᠤᠷ ᠤᠨ ᠪᠠᠶᠢᠳᠠᠯ ᠢ ᠠᠩᠬᠠᠷᠴᠤ᠂ ᠬᠦᠢᠲᠡᠨ ᠤᠷᠤᠰᠬᠠᠯ᠂ ᠳᠣᠣᠷ᠎ᠠ ᠳᠤᠯᠠᠭᠠᠨ ᠢᠷᠡᠬᠦ ᠦᠶᠡᠰ ᠴᠠᠭ ᠲᠤᠬᠠᠢ ᠳᠤᠨᠢ ᠪᠦᠷᠬᠦᠬᠦᠯ ᠨᠡᠮᠡᠵᠦ ᠬᠤᠴᠢᠨ᠂ ᠬᠠᠭᠤᠷᠠᠢ ᠪᠠᠶᠢᠯᠭᠠᠵᠤ᠂ ᠪᠤᠷᠤᠭᠠᠨ ᠴᠠᠰᠤᠨ ᠳᠤ ᠨᠤᠷᠠᠭᠳᠠᠵᠤ᠂ ᠳᠤᠯᠠᠭᠠᠨ ᠤ ᠬᠡᠮᠵᠢᠶ᠎ᠡ ᠶᠢᠨ ᠪᠠᠭᠤᠷᠠᠬᠤ ᠠᠴᠠ ᠰᠡᠷᠭᠡᠶᠢᠯᠡᠨ᠎ᠡ᠃ ᠨᠥᠬᠦᠴᠡᠯ ᠲᠠᠢ ᠪᠣᠯ ᠲᠦᠷ ᠴᠠᠭ ᠤᠨ ᠳᠤᠯᠠᠭᠠᠯᠠᠬᠤ ᠠᠷᠭ᠎ᠠ ᠬᠡᠮᠵᠢᠶ᠎ᠡ ᠠᠪᠤᠨ᠎ᠠ᠃ ② ᠬᠥᠮᠥᠨ ᠤ ᠬᠦᠴᠦ ᠪᠠᠷ ᠳᠤᠯᠠᠭᠠᠯᠠᠵᠦ ᠴᠢᠬᠢ ᠪᠤᠶᠢᠵᠢᠭᠤᠯᠤᠨ᠎ᠠ᠂ ᠵᠢᠱᠢᠶᠡᠯᠡᠪᠡᠯ ᠴᠠᠬᠢᠯᠭᠠᠨ ᠬᠠᠯᠠᠭᠠᠬᠤ ᠤᠲᠠᠰᠤ ᠲᠠᠢ ᠬᠦᠯᠡᠮᠵᠢ ᠳᠤ ᠴᠢᠬᠢ ᠪᠤᠶᠢᠵᠢᠭᠤᠯᠵᠦ ᠴᠢᠬᠢ ᠰᠠᠯᠭᠠᠨ᠎ᠠ᠃ ③ ᠭᠡᠷᠡᠯ ᠤᠨ ᠳᠤᠰᠤᠯᠲᠠ ᠶᠢ ᠵᠣᠬᠢᠰᠲᠠᠢ ᠨᠡᠮᠡᠭᠳᠡᠭᠦᠯᠵᠦ᠂ ᠭᠡᠷᠡᠯ ᠤᠨ ᠨᠡᠶᠢᠯᠡᠯᠭᠡ ᠪᠠ ᠲᠡᠵᠢᠭᠡᠯ ᠤᠨ ᠬᠤᠷᠠᠮᠳᠤᠯ ᠢ ᠠᠬᠢᠭᠤᠯᠤᠨ᠂ ᠤᠰᠤᠯᠠᠬᠤ ᠶᠢ ᠬᠢᠵᠠᠭᠠᠷᠯᠠᠵᠦ᠂ ᠹᠣᠰᠹᠣᠷ᠂ ᠺᠠᠯᠢ ᠵᠡᠷᠭᠡ ᠪᠣᠷᠳᠣᠭᠤᠷ ᠢ ᠵᠣᠬᠢᠰᠲᠠᠢ ᠨᠡᠮᠡᠭᠳᠡᠭᠦᠯᠦᠨ᠂ ᠴᠢᠬᠢ ᠶᠢᠨ ᠬᠠᠰᠢᠯᠭ᠎ᠠ ᠶᠢᠨ ᠬᠦᠷᠦᠰᠦᠨ ᠤ ᠳᠤᠯᠠᠭᠠᠨ ᠢ ᠨᠡᠮᠡᠭᠳᠡᠭᠦᠯᠵᠦ᠂ ᠴᠢᠬᠢ ᠶᠢᠨ ᠳᠤᠯᠠᠭᠠᠨ ᠪᠠᠶᠢᠬᠤ ᠶᠢ ᠪᠠᠲᠤᠯᠠᠵᠤ᠂ ᠬᠦᠢᠲᠡᠨ ᠢ ᠲᠡᠰᠪᠦᠷᠢᠯᠡᠬᠦ ᠴᠢᠳᠠᠪᠤᠷᠢ ᠶᠢ ᠳᠡᠭᠡᠭᠰᠢᠯᠡᠭᠦᠯᠦᠨ᠎ᠡ᠃ 6. ᠰᠠᠯᠬᠢᠨ ᠳᠤ ᠬᠠᠲᠠᠵᠤ ᠦᠬᠦᠬᠦ ᠰᠢᠯᠲᠠᠭᠠᠨ᠄ ᠰᠠᠯᠬᠢ ᠨᠡᠪᠳᠡᠷᠡᠭᠦᠯᠳᠡ ᠶᠢ ᠳᠠᠮᠵᠢᠭᠰᠠᠨ ᠦᠭᠡᠢ ᠴᠢᠬᠢ ᠨᠢ ᠤᠷᠲᠤ ᠬᠤᠭᠤᠴᠠᠭ᠎ᠠ ᠴᠢᠬᠢᠭ ᠶᠡᠬᠡᠲᠡᠢ ᠣᠷᠴᠢᠨ ᠳᠤ ᠪᠠᠶᠢᠵᠤ᠂ ᠴᠢᠬᠢ ᠶᠢᠨ ᠬᠠᠰᠢᠯᠭ᠎ᠠ ᠳᠤ ᠰᠠᠯᠬᠢ ᠨᠡᠪᠲᠡᠷᠡᠭᠦᠯᠬᠦ ᠦᠶᠡᠰ᠂ ᠬᠦᠢᠲᠡᠨ ᠠᠭᠠᠷ ᠨᠢ ᠰᠢᠭᠤᠳ ᠰᠣᠯᠢᠭ ᠤᠷᠤᠰᠬᠠᠯ ᠪᠣᠯᠬᠤ᠂ ᠡᠰᠡᠭᠦᠯ᠎ᠠ ᠪᠦᠷᠬᠦᠬᠦᠯ ᠢ ᠭᠡᠨᠡᠳᠲᠡ ᠪᠠᠷ ᠰᠡᠭᠦᠵᠦ᠂ ᠰᠠᠯᠬᠢ ᠵᠢᠪᠠᠷ ᠦᠵᠡᠭᠦᠯᠬᠦ ᠪᠠ ᠪᠦᠷᠬᠦᠬᠦᠯ ᠨᠢ ᠶᠡᠭᠡ ᠰᠠᠯᠬᠢᠨ ᠳᠤ ᠦᠯᠢᠶᠡᠭᠳᠡᠬᠦ ᠨᠢ ᠪᠦᠷ ᠴᠢᠬᠢ ᠶᠢᠨ ᠬᠠᠰᠢᠯᠭ᠎ᠠ ᠶᠢᠨ ᠳᠤᠲᠣᠷ ᠭᠠᠳᠠᠨᠠᠬᠢ ᠬᠦᠢᠲᠡᠨ ᠬᠠᠯᠠᠭᠤᠨ ᠠᠭᠠᠷ ᠤᠨ ᠰᠤᠯᠢᠯᠴᠠᠭ᠎ᠠ ᠶᠢ ᠬᠡᠳᠦ ᠰᠢᠷᠦᠭᠦᠨ ᠮᠦᠷᠳᠡᠭᠡᠨ ᠲᠦᠷᠭᠡᠨ ᠪᠤᠯᠭᠠᠵᠤ᠂ ᠠᠭᠠᠷ ᠤᠨ ᠳᠤᠯᠠᠭᠠᠨ᠂ ᠴᠢᠬᠢᠭ ᠤᠨ ᠬᠡᠮᠵᠢᠶ᠎ᠡ ᠭᠡᠨᠡᠳᠳᠠ ᠳᠣᠷᠣᠭᠰᠢᠯᠠᠵᠤ ᠨᠢᠯᠬ᠎ᠠ ᠴᠢᠬᠢ ᠨᠢ ᠤᠰᠤ ᠠᠯᠳᠠᠵᠦ ᠬᠠᠳᠠᠵᠤ ᠭᠤᠨᠢᠷᠠᠭᠠᠳ᠂ ᠴᠠᠭ ᠨᠢ ᠤᠳᠠᠪᠠᠯ ᠨᠡᠪᠴᠢ ᠨᠢ ᠰᠡᠷᠭᠦᠬᠦ ᠦᠭᠡᠢ ᠪᠣᠯᠵᠤ᠂ ᠡᠴᠦᠰ ᠲᠡᠭᠡᠨ ᠨᠣᠭᠤᠭᠠᠨ ᠢᠶᠠᠷ ᠢᠶᠠᠨ ᠬᠠᠲᠠᠬᠤ ᠪᠣᠯᠤᠨ᠎ᠠ᠂ ᠡᠨᠡᠬᠦ ᠦᠵᠡᠭᠳᠡᠯ ᠢ ᠰᠠᠯᠬᠢᠨ ᠳᠤ ᠬᠠᠲᠠᠬᠤ ᠭᠡᠳᠡᠭ᠃ ᠰᠡᠷᠭᠡᠶᠢᠯᠡᠬᠦ ᠠᠷᠭ᠎ᠠ᠄ ᠴᠢᠬᠢ ᠶᠢᠨ ᠬᠠᠰᠢᠯᠭ᠎ᠠ ᠳᠤ ᠰᠠᠯᠬᠢ ᠨᠡᠪᠲᠡᠷᠡᠭᠦᠯᠬᠦ ᠦᠶᠡᠰ᠂ ᠰᠠᠯᠬᠢᠨ ᠳᠠᠯᠳᠠ ᠭᠡᠰᠡᠭ ᠲᠤ ᠰᠠᠯᠬᠢ ᠨᠡᠪᠲᠡᠷᠡᠭᠦᠯᠬᠦ ᠨᠦᠬᠡ ᠭᠠᠷᠭᠠᠵᠦ᠂ ᠰᠠᠯᠬᠢᠨ ᠤ ᠬᠡᠮᠵᠢᠶ᠎ᠡ ᠶᠢ ᠢᠳᠡᠭ ᠢᠳᠡᠭ ᠢᠶᠠᠷ ᠨᠡᠮᠡᠭᠳᠡᠭᠦᠯᠦᠨ᠂ ᠴᠢᠬᠢ ᠳᠤ ᠨᠢᠭᠡᠨ ᠵᠤᠭᠢᠴᠠᠬᠤ ᠶᠠᠪᠤᠴᠠ ᠦᠯᠡᠳᠡᠭᠡᠨ᠎ᠡ᠂ ᠶᠡᠭᠡ ᠰᠠᠯᠬᠢᠨ ᠲᠠᠢ ᠡᠳᠦᠷ ᠪᠣᠯ ᠪᠦᠷᠬᠦᠬᠦᠯ ᠢ ᠴᠢᠩᠭ᠎ᠠ ᠳᠠᠷᠤᠵᠤ᠂ ᠰᠠᠯᠬᠢᠨ ᠳᠤ ᠦᠯᠢᠶᠡᠭᠳᠡᠨ ᠰᠡᠭᠦᠭᠦ ᠠᠴᠠ ᠰᠡᠷᠭᠡᠶᠢᠯᠡᠨ᠎ᠡ᠃ 7. ᠴᠢᠬᠢ ᠰᠤᠭᠤᠯᠤᠭᠰᠠᠨ ᠨᠢ ᠵᠣᠬᠢᠰ ᠦᠭᠡᠢ ᠠᠴᠠ ᠪᠣᠯᠵᠤ ᠦᠬᠦᠬᠦ ᠰᠢᠯᠲᠠᠭᠠᠨ᠄ ᠴᠢᠬᠢ ᠰᠠᠯᠭᠠᠬᠤ ᠳᠤ ᠨᠢᠭᠡ ᠯᠠ ᠳᠣᠣᠷ᠎ᠠ ᠬᠡᠲᠦᠷᠬᠡᠢ ᠠᠷᠪᠢᠨ ᠴᠢᠬᠢ ᠰᠤᠭᠤᠯᠵᠦ᠂ ᠳᠤᠤᠷ᠎ᠠ ᠨᠢ ᠰᠠᠭᠤᠯᠭᠠᠵᠦ ᠠᠮᠵᠢᠭᠰᠠᠨ ᠦᠭᠡᠢ ᠠᠴᠠ ᠨᠢᠯᠬ᠎ᠠ ᠴᠢᠬᠢ ᠨᠢ ᠤᠰᠤ ᠠᠷᠪᠢᠨ ᠠᠯᠳᠠᠵᠤ᠂ ᠴᠢᠬᠢ ᠰᠠᠭᠤᠯᠭᠠᠭᠰᠠᠨ ᠤ ᠰᠡᠭᠦᠯᠡᠷ ᠰᠡᠷᠭᠦᠬᠦ ᠦᠭᠡᠢ ᠦᠬᠦᠬᠦ ᠪᠤᠯᠤᠨ᠎ᠠ︔ ᠨᠢᠯᠬ᠎ᠠ ᠴᠢᠬᠢ ᠶᠢᠨ ᠴᠢᠬᠢ ᠰᠠᠯᠭᠠᠬᠤ ᠠᠴᠠ ᠡᠮᠦᠨᠡᠬᠢ ᠤᠷᠭᠤᠴᠠ ᠰᠠᠶᠢᠨ ᠪᠢᠰᠢ᠂ ᠦᠨᠳᠦᠰᠦᠨ ᠰᠢᠰᠲ᠋ᠧᠮ ᠨᠢ ᠬᠦᠭᠵᠢᠩᠬᠦᠢ ᠪᠤᠰᠤ ᠪᠠ ᠳᠡᠩᠳᠡᠭᠦᠤ ᠤᠷᠤᠢ ᠴᠢᠬᠢ ᠰᠠᠯᠭᠠᠪᠠᠯ ᠦᠨᠳᠦᠰᠦ ᠶᠢ ᠨᠢ ᠭᠡᠮᠲᠦᠭᠡᠨ᠂ ᠤᠰᠤ ᠰᠤᠷᠤᠬᠤ ᠴᠢᠳᠠᠪᠤᠷᠢ ᠨᠢ ᠮᠠᠭᠤᠲᠠᠬᠤ ᠠᠴᠠ ᠪᠤᠯᠵᠤ ᠴᠢᠬᠢ ᠦᠬᠦᠬᠦ ᠪᠣᠯᠣᠨ᠎ᠠ᠃ ᠰᠡᠷᠭᠡᠶᠢᠯᠡᠬᠦ ᠠᠷᠭ᠎ᠠ᠄ ᠴᠢᠬᠢ ᠰᠤᠭᠤᠯᠬᠤ ᠳᠤ ᠦᠨᠳᠦᠰᠦ ᠶᠢ ᠨᠢ ᠠᠷᠪᠢᠨ ᠭᠡᠮᠲᠦᠭᠡᠬᠦ ᠠᠴᠠ ᠬᠢᠴᠢᠶᠡᠨ᠂ ᠬᠠᠭᠤᠴᠢᠨ ᠬᠦᠷᠦᠰᠦ ᠶᠢ ᠢᠯᠡᠭᠦᠦ ᠳᠠᠭᠠᠭᠤᠯᠵᠦ᠂ ᠳᠠᠷᠤᠢ ᠳᠤᠨᠢ ᠰᠠᠯᠭᠠᠨ ᠳᠠᠷᠤᠢ ᠳᠤᠨᠢ ᠰᠠᠭᠤᠯᠭᠠᠵᠤ᠂ ᠨᠢᠭᠡ ᠯᠠ ᠳᠤᠤᠷ᠎ᠠ ᠬᠡᠲᠦᠷᠭᠡᠢ ᠠᠷᠪᠢᠨ ᠰᠤᠭᠤᠯᠬᠤ ᠦᠭᠡᠢ᠃ ᠰᠤᠭᠤᠯᠤᠭᠰᠠᠨ ᠴᠢᠬᠢ ᠶᠢ ᠨᠦᠢᠲᠠᠨ ᠪᠥᠰ ᠢᠶᠠᠷ ᠪᠠᠭᠯᠠᠵᠤ᠂ ᠤᠰᠤ ᠠᠷᠪᠢᠨ ᠠᠯᠳᠠᠬᠤ ᠠᠴᠠ ᠰᠡᠷᠭᠡᠶᠢᠯᠡᠨ᠎ᠡ᠃ ᠴᠢᠬᠢ ᠰᠤᠭᠤᠯᠬᠤ ᠶᠠᠪᠤᠴᠠ ᠳᠤ᠂ ᠦᠨᠳᠦᠰᠦ ᠨᠢ ᠴᠦᠬᠡᠨ᠂ ᠲᠠᠰᠤᠷᠠᠵᠤ ᠬᠤᠭᠤᠷᠠᠭᠰᠠᠨ᠂ ᠭᠡᠮ ᠬᠦᠨᠦᠭᠡᠯ ᠲᠠᠢ ᠪᠠ ᠵᠡᠷᠡᠮᠳᠡᠭ ᠨᠢᠯᠬ᠎ᠠ ᠴᠢᠬᠢ ᠶᠢ ᠰᠤᠩᠭᠤᠵᠦ ᠭᠠᠷᠭᠠᠨ᠎ᠠ︔ ᠴᠢᠬᠢ ᠰᠠᠯᠭᠠᠬᠤ ᠳᠤ ᠨᠢᠯᠬ᠎ᠠ ᠳᠡᠭᠡᠷ᠎ᠡ ᠨᠢ ᠰᠠᠯᠭᠠᠪᠠᠯ ᠰᠠᠶ᠋ᠢ ᠡᠳᠡᠭᠡᠷᠡᠯᠲᠡ ᠶᠢᠨ ᠨᠣᠷᠮ᠎ᠠ ᠶᠢ ᠳᠡᠭᠡᠭᠰᠢᠯᠡᠭᠦᠯᠵᠦ ᠴᠢᠳᠠᠨ᠎ᠠ᠃ ᠶᠡᠷᠦ ᠳᠡᠭᠡᠨ ᠲᠦᠷᠦᠭᠦᠦ ᠤᠳᠠᠭ᠎ᠠ ᠴᠢᠬᠢ ᠰᠠᠯᠭᠠᠬᠤ ᠳᠤ᠂ ᠬᠠᠰᠢ ᠵᠢᠮᠢᠰ ᠤᠨ ᠲᠥᠷᠥᠯ ᠤᠨ ᠨᠢᠯᠬ᠎ᠠ ᠴᠢᠬᠢ ᠶᠢ ᠪᠣᠯ ᠬᠤᠶᠠᠷ ᠨᠠᠪᠴᠢ ᠨᠢᠭᠡ ᠭᠤᠣᠯ ᠲᠠᠢ ᠦᠶ᠎ᠡ ᠳᠤ ᠰᠠᠯᠭᠠᠵᠤ᠂ ᠪᠦᠭᠡᠷᠡᠩᠬᠡᠢ ᠡᠰᠢᠲᠦ ᠨᠤᠭᠤᠭᠠᠨ ᠤ ᠲᠦᠷᠦᠯ ᠤᠨ ᠨᠢᠯᠬ᠎ᠠ ᠴᠢᠬᠢ ᠶᠢ ᠪᠣᠯ ᠭᠤᠷᠪᠠᠨ ᠨᠠᠪᠴᠢ ᠨᠢᠭᠡ ᠭᠤᠣᠯ ᠲᠠᠢ ᠦᠶ᠎ᠡ ᠳᠤ ᠰᠠᠯᠭᠠᠵᠤ᠂ ᠦᠷᠭᠡᠰᠦᠳᠦ ᠬᠡᠮᠬᠡ ᠶᠢᠨ ᠨᠢᠯᠬ᠎ᠠ ᠴᠢᠬᠢ ᠶᠢ ᠪᠣᠯ ᠨᠠᠪᠴᠢ ᠨᠢ ᠳᠡᠯᠭᠡᠭᠳᠡᠬᠦ ᠠᠴᠠ ᠡᠮᠦᠨ᠎ᠡ ᠰᠠᠯᠭᠠᠨ᠎ᠠ︔ ᠴᠢᠬᠢ ᠰᠠᠯᠭᠠᠬᠤ ᠳᠤ ᠲᠤᠩᠭᠠᠯᠠᠭ ᠡᠳᠦᠷ ᠢ ᠰᠣᠩᠭᠤᠨ᠎ᠠ᠂ ᠬᠦᠯᠡᠮᠵᠢ ᠶᠢᠨ ᠭᠡᠷᠡᠯ ᠤᠨ ᠳᠤᠰᠤᠯᠲᠠ ᠴᠢᠩᠭ᠎ᠠ ᠦᠶᠡᠰ᠂ ᠶᠡᠭᠡ ᠬᠦᠯᠡᠮᠵᠢ ᠶᠢᠨ ᠳᠣᠲᠣᠷ᠎ᠠ ᠪᠠᠶᠢᠭ᠎ᠠ ᠪᠠᠭ᠎ᠠ ᠬᠦᠯᠡᠮᠵᠢ ᠶᠢᠨ ᠴᠢᠬᠢ ᠶᠢᠨ ᠳᠡᠭᠡᠷ᠎ᠡ ᠲᠠᠯ᠎ᠠ ᠳᠤ ᠬᠡᠰᠡᠭ ᠵᠠᠢ ᠦᠯᠡᠳᠡᠭᠡᠨ ᠡᠪᠡᠰᠦᠨ ᠭᠦᠷᠦᠮᠡᠯ ᠪᠤᠶᠤ ᠨᠠᠷᠠᠨ ᠤ ᠭᠡᠷᠡᠯ ᠢ ᠬᠠᠯᠬᠠᠯᠠᠬᠤ ᠲᠣᠣᠷ ᠲᠠᠯᠪᠢᠵᠤ᠂ ᠰᠠᠶ᠋ᠢᠬᠠᠨ ᠰᠠᠯᠭᠠᠭᠰᠠᠨ ᠴᠢᠬᠢ ᠳᠡᠭᠡᠷ᠎ᠡ ᠨᠠᠷᠠᠨ ᠤ ᠭᠡᠷᠡᠯ ᠰᠢᠭᠤᠳ ᠲᠤᠰᠴᠤ᠂ ᠤᠰᠤ ᠠᠯᠳᠠᠨ᠂ ᠭᠤᠨᠢᠷᠠᠵᠦ᠂ ᠬᠠᠲᠠᠵᠦ ᠦᠬᠦᠬᠦ ᠠᠴᠠ ᠰᠡᠷᠭᠡᠶᠢᠯᠡᠨ᠎ᠡ᠃ |
|
|
|
ᠢᠷᠡᠯᠲᠡ᠄
ᠥᠪᠥᠷ ᠮᠣᠩᠭᠤᠯ ᠤᠨ ᠵᠠᠰᠠᠭ ᠤᠨ ᠣᠷᠳᠣᠨ
|