|
ᠢᠳᠡᠰᠢᠨ ᠦᠬᠡᠷ ᠤᠨ ᠬᠤᠷᠤᠬᠠᠢ ᠶᠢ ᠲᠠᠭᠤᠵᠤ ᠬᠤᠳᠤᠭᠤᠳᠤ ᠶᠢ ᠰᠠᠶᠢᠵᠢᠷᠠᠭᠤᠯᠬᠤ ᠳᠦᠭᠦᠮ ᠠᠷᠭ᠎ᠠ |
|
|
ᠨᠡᠶᠢᠲᠡᠯᠡᠭᠰᠡᠨ ᠴᠠᠭ᠄
2018/12/7
|
|
ᠢᠳᠡᠰᠢᠨ ᠦᠬᠡᠷ ᠨᠢ ᠪᠦᠳᠦᠭᠦᠯᠢᠭ ᠪᠤᠷᠳᠤᠭ᠎ᠠ᠂ ᠲᠡᠵᠢᠭᠡᠯ ᠡᠪᠡᠰᠦ ᠵᠡᠷᠭᠡ ᠶᠢ ᠢᠳᠡᠰᠢᠯᠡᠬᠦ ᠳᠤ ᠦᠷᠭᠦᠯᠵᠢ ᠭᠠᠵᠠᠷ ᠲᠠᠢ ᠬᠦᠷᠦᠯᠴᠡᠳᠡᠭ ᠠᠴᠠ ᠰᠢᠩᠭᠡᠭᠡᠯᠲᠡ ᠶᠢᠨ ᠵᠠᠮ ᠨᠢ ᠠᠮᠠᠷᠬᠠᠨ ᠡᠯ᠎ᠡ ᠵᠦᠢᠯ ᠤᠨ ᠤᠳᠠᠰᠤᠯᠢᠭ ᠬᠤᠷᠤᠬᠠᠢ ᠳᠤ ᠬᠠᠯᠳᠠᠪᠤᠷᠢᠯᠠᠭᠳᠠᠨ᠂ ᠪᠡᠶ᠎ᠡ ᠶᠢᠨ ᠭᠠᠳᠠᠷ ᠨᠢ ᠪᠠᠰᠠ ᠪᠦᠭᠡᠰᠦ᠂ ᠬᠠᠴᠢᠭ᠂ ᠬᠤᠪᠡᠯᠵᠠ᠂ ᠢᠯᠠᠭᠠᠨ ᠤ ᠦᠳᠤ ᠵᠡᠷᠭᠡ ᠮᠦᠯᠵᠢᠭᠦᠷ ᠬᠤᠷᠤᠬᠠᠢ ᠠᠮᠠᠷᠬᠠᠨ ᠬᠠᠯᠳᠠᠪᠤᠷᠢᠯᠠᠬᠤ ᠪᠣᠯᠣᠨ᠎ᠠ᠃ ᠦᠬᠡᠷ ᠤᠨ ᠪᠡᠶ᠎ᠡ ᠨᠢ ᠮᠦᠯᠵᠢᠭᠦᠷ ᠬᠤᠷᠤᠬᠠᠢ ᠵᠡᠷᠭᠡ ᠳᠤ ᠬᠦᠩᠭᠡᠨ ᠠᠴᠠ ᠲᠤᠮᠳᠠ ᠵᠡᠷᠭᠡ ᠬᠠᠯᠳᠠᠪᠦᠷᠢᠯᠠᠭᠳᠠᠭᠰᠠᠨ ᠤ ᠲᠠᠷᠠᠭ᠎ᠠ᠂ ᠪᠣᠷᠳᠤᠭ᠎ᠠ ᠶᠢᠨ ᠬᠤᠪᠢᠷᠠᠭᠠᠯᠲᠠ ᠶᠢ ᠨᠦᠯᠦᠭᠡᠯᠡᠬᠦ ᠪᠣᠯᠣᠨ᠎ᠠ᠂ ᠭᠤᠤᠯᠳᠠᠭᠤ ᠢᠳᠡᠭᠡᠨ ᠤ ᠲᠤᠷᠠᠰᠢᠯ ᠮᠠᠭᠤᠲᠠᠵᠦ᠂ ᠤᠭᠤᠷᠠᠭ ᠪᠠ ᠡᠨᠧᠷᠬᠢ ᠶᠢᠨ ᠠᠰᠢᠭᠯᠠᠮᠵᠢ ᠳᠤᠷᠤᠭᠰᠢᠯᠠᠬᠤ ᠶᠢᠨ ᠤᠯᠠᠮ ᠠᠴᠠ ᠺᠧᠲ᠋ᠤᠨ ᠪᠡᠶ᠎ᠡ ᠶᠢᠨ ᠴᠢᠨᠠᠷ ᠬᠢᠭᠡᠳ ᠬᠦᠨᠳᠤ ᠶᠢᠨ ᠨᠡᠮᠡᠭᠳᠡᠯ ᠢ ᠨᠦᠯᠦᠭᠡᠯᠡᠵᠦ᠂ ᠢᠳᠡᠰᠢᠨ ᠦᠬᠡᠷ ᠢ ᠲᠡᠵᠢᠭᠡᠬᠦ ᠠᠵᠦ ᠠᠬᠤᠢ ᠶᠢᠨ ᠦᠷ᠎ᠡ ᠠᠰᠢᠭ ᠢ ᠨᠦᠯᠦᠭᠡᠯᠡᠬᠦ ᠪᠣᠯᠣᠨ᠎ᠠ᠃ ᠡᠶᠢᠮᠤ ᠠᠴᠠ᠂ ᠢᠳᠡᠰᠢᠨ ᠦᠬᠡᠷ ᠢ ᠪᠤᠷᠳᠤᠬᠤ ᠠᠴᠠ ᠡᠮᠦᠨᠡᠬᠢ ᠪᠡᠯᠡᠳᠬᠡᠯ ᠲᠡᠵᠢᠭᠡᠬᠦ ᠬᠤᠭᠤᠴᠠᠭᠠᠨ ᠳᠤ ᠡᠷᠬᠡᠪᠰᠢ ᠬᠤᠷᠤᠬᠠᠢ ᠶᠢ ᠲᠠᠭᠤᠬᠤ ᠭᠡᠷᠡᠭᠳᠡᠢ᠃ ᠬᠤᠷᠤᠬᠠᠢ ᠲᠠᠭᠤᠬᠤ ᠠᠵᠢᠯ ᠢ ᠦᠳᠡ ᠶᠢᠨ ᠬᠤᠶᠢᠨ᠎ᠠ ᠪᠤᠶᠤ ᠰᠥᠨᠢ ᠶᠠᠪᠤᠭᠳᠠᠭᠤᠯᠤᠨ᠎ᠠ᠂ ᠢᠩᠬᠢᠪᠡᠯ ᠦᠬᠡᠷ ᠳᠠᠷᠠᠭ᠎ᠠ ᠡᠳᠤᠷ ᠨᠢ ᠬᠤᠷᠤᠬᠠᠢ ᠶᠢ ᠭᠠᠳᠠᠭᠰᠢᠯᠠᠭᠤᠯᠤᠭᠠᠳ᠂ ᠬᠤᠷᠤᠬᠠᠢ ᠶᠢ ᠴᠡᠪᠡᠷᠯᠡᠬᠦ ᠳᠤ ᠲᠦᠭᠦᠮ ᠪᠠᠶᠢᠳᠠᠭ᠃ ᠬᠤᠷᠤᠬᠠᠢ ᠲᠠᠭᠤᠬᠤ ᠠᠵᠢᠯ ᠢ ᠢᠳᠡᠰᠢᠨ ᠦᠬᠡᠷ ᠢ ᠥᠯᠥᠰᠬᠦᠯᠡᠩ ᠦᠶ᠎ᠡ ᠳᠤ ᠶᠠᠪᠤᠭᠳᠠᠭᠤᠯᠵᠤ᠂ ᠡᠮ ᠥᠭᠬᠦ ᠠᠴᠠ ᠡᠮᠦᠨ᠎ᠡ ᠬᠠᠮᠤᠭ ᠰᠠᠶᠢᠨ ᠨᠢ ᠬᠡᠳᠦᠨ ᠴᠠᠭ ᠲᠡᠵᠢᠭᠡᠬᠦ ᠶᠢ ᠵᠤᠭᠰᠤᠭᠠᠵᠣ᠂ ᠵᠦᠪᠬᠡᠨ ᠤᠰᠤ ᠤᠤᠭᠤᠯᠭᠠᠪᠠᠯ᠂ ᠡᠮ ᠤᠨ ᠰᠢᠩᠭᠡᠬᠦ ᠳᠤ ᠠᠰᠢᠭᠲᠠᠢ ᠮᠦᠷᠲᠡᠭᠡᠨ ᠡᠮ ᠤᠨ ᠬᠦᠴᠦ ᠶᠢ ᠳᠡᠭᠡᠭᠰᠢᠯᠡᠭᠦᠯᠵᠦ ᠴᠢᠳᠠᠨ᠎ᠠ᠃ ᠬᠤᠷᠤᠬᠠᠢ ᠶᠢ ᠲᠠᠭᠤᠭᠰᠠᠨ ᠤ ᠲᠠᠷᠠᠭ᠎ᠠ᠂ ᠢᠳᠡᠰᠢᠨ ᠦᠬᠡᠷ ᠢ ᠬᠤᠶᠠᠷ ᠭᠠᠷᠠᠭ ᠲᠤᠰᠠᠭᠠᠷᠯᠠᠵᠤ ᠲᠡᠵᠢᠭᠡᠨ᠂ ᠪᠠᠭᠠᠰᠦ ᠢᠯᠭᠠᠳᠠᠰᠤ ᠶᠢ ᠨᠢ ᠠᠷᠢᠭᠤᠳᠬᠠᠵᠦ᠂ ᠬᠤᠣᠷ ᠦᠭᠡᠶᠢᠲᠡᠭᠦᠯᠦᠨ ᠰᠢᠢᠳᠪᠦᠷᠢᠯᠡᠨ᠎ᠡ᠃ ᠰᠢᠨ᠎ᠡ ᠤᠷᠤᠭᠤᠯᠤᠭᠰᠠᠨ ᠢᠳᠡᠰᠢᠨ ᠦᠬᠡᠷ ᠨᠢ ᠤᠷᠴᠢᠨ ᠲᠤᠭᠤᠷᠢᠨ ᠤ ᠬᠤᠪᠢᠷᠠᠯᠲᠠ᠂ ᠵᠦᠭᠡᠭᠡᠪᠦᠷᠢᠯᠡᠬᠦ᠂ ᠠᠶᠤᠵᠤ ᠰᠤᠴᠢᠬᠤ ᠵᠡᠷᠭᠡ ᠰᠢᠯᠲᠠᠭᠠᠨ ᠠᠴᠠ ᠠᠮᠠᠷᠬᠠᠨ ᠰᠡᠷᠡᠯᠵᠢᠬᠦ ᠤᠷᠪᠠᠯ ᠡᠭᠦᠰᠦᠨ᠎ᠡ᠂ ᠡᠭᠦᠨ ᠳᠤ ᠤᠤᠭᠤᠬᠤ ᠤᠰᠤᠨ ᠳᠤᠨᠢ ᠪᠠᠭ᠎ᠠ ᠬᠡᠮᠵᠢᠶᠡᠨ ᠤ ᠬᠤᠭᠤᠯᠠᠨ ᠤ ᠲᠠᠪᠤᠰᠤ ᠪᠠ ᠤᠯᠠᠭᠠᠨ ᠰᠢᠬᠢᠷ ᠬᠢᠵᠦ ᠦᠷᠬᠦᠯᠵᠢᠯᠡᠨ ᠨᠢᠭᠡ ᠭᠠᠷᠠᠭ ᠤᠰᠤᠯᠠᠬᠤ ᠪᠦᠭᠡᠳ ᠬᠥᠬᠡ ᠡᠪᠡᠰᠦ ᠪᠤᠶᠤ ᠬᠥᠬᠡ ᠬᠠᠭᠤᠷᠠᠢ ᠡᠪᠡᠰᠦ ᠪᠠᠷ ᠢᠯᠡᠭᠦᠦ ᠲᠡᠵᠢᠭᠡᠵᠦ᠂ 2 ᠡᠳᠤᠷ ᠪᠣᠯᠣᠭᠰᠠᠨ ᠤ ᠰᠡᠭᠦᠯᠡᠷ ᠪᠠᠭ᠎ᠠ ᠬᠡᠮᠵᠢᠶᠡᠨ ᠤ ᠬᠡᠪᠡᠭ ᠨᠡᠮᠡᠵᠦ ᠢᠳᠡᠭ ᠢᠳᠡᠭ ᠢᠶᠠᠷ ᠰᠢᠯᠵᠢᠭᠦᠯᠦᠨ᠎ᠡ᠂ ᠦᠬᠡᠷ ᠤᠨ ᠰᠦᠷᠦᠭ ᠤᠨ ᠢᠳᠡᠰᠢᠯᠡᠬᠦ᠂ ᠪᠠᠭᠠᠬᠤ ᠢᠯᠭᠠᠳᠠᠰᠤ ᠬᠢᠭᠡᠳ ᠴᠤᠭ ᠰᠦᠯᠳᠡ ᠶᠢᠨ ᠪᠠᠶᠢᠳᠠᠯ ᠢ ᠠᠩᠬᠠᠷᠴᠦ ᠠᠵᠢᠭᠯᠠᠨ᠂ ᠪᠦᠬᠦ᠋ᠢᠯᠡ ᠦᠬᠡᠷ ᠤᠨ ᠰᠦᠷᠦᠭ ᠪᠦᠷ ᠲᠤᠭᠳᠠᠭᠤᠨ ᠪᠤᠯᠤᠭᠰᠠᠨ ᠤ ᠲᠠᠷᠠᠭ᠎ᠠ ᠰᠠᠶ᠋ᠢ ᠬᠤᠷᠤᠬᠠᠢ ᠲᠠᠭᠤᠬᠤ ᠪᠤᠶᠤ ᠬᠤᠳᠤᠭᠤᠳᠤ ᠶᠢ ᠰᠠᠶᠢᠵᠢᠷᠠᠭᠤᠯᠤᠨ᠎ᠠ᠃ ᠬᠤᠷᠤᠬᠠᠢ ᠲᠠᠭᠤᠬᠤ᠄ ᠤᠳᠤᠬᠠᠨ ᠳᠤ᠂ ᠬᠤᠷᠤᠬᠠᠢ ᠲᠠᠭᠤᠬᠤ ᠡᠮ ᠤᠨ ᠲᠦᠷᠦᠯ ᠵᠦᠢᠯ ᠲᠤᠩ ᠤᠯᠠᠨ ᠪᠠᠶᠢᠵᠤ᠂ ᠠ ᠹᠦ᠋ ᠮᠢ ᠳ᠋ᠢᠩ ︵阿弗米丁︶᠂ ᠫᠡᠷᠤᠫᠢᠯ ᠬᠦᠬᠦᠷᠳᠤ ᠪᠧᠨ᠋ᠽᠸᠡ ᠢᠮᠢᠳᠠᠽᠤᠯ ︵丙硫苯咪唑︶᠂ ᠳ᠋ᠢ ᠪᠠᠢ ᠴᠦᠩ ︵敌百虫︶᠂ ᠵᠡᠭᠦᠨᠰᠢ ᠡᠷᠭᠢᠯᠭᠡᠳᠦ ᠢᠮᠢᠳᠠᠽᠤᠯ ︵左旋咪唑︶ ᠵᠡᠷᠭᠡ ᠶᠢ ᠪᠠᠶᠢᠩᠭᠤ ᠬᠡᠷᠡᠭᠯᠡᠵᠦ ᠪᠠᠶᠢᠨ᠎ᠠ᠃ ᠴᠦᠩ ᠺᠧ ᠰᠢᠩ ︵ᠠ ᠸᠧᠢ ᠪᠠᠺᠲ᠋ᠧᠷᠢ ᠶᠢᠨ ᠡᠳ᠋︶ ︵虫克星 ︵阿菌维素︶︶ ᠢᠶᠠᠷ ᠬᠤᠷᠤᠬᠠᠢ ᠲᠠᠭᠤᠬᠤ ᠲᠠᠷᠢᠭᠦᠨ ᠰᠤᠩᠭᠤᠯᠲᠠ ᠡᠮ ᠪᠤᠯᠭᠠᠵᠦ ᠪᠤᠯᠤᠨ᠎ᠠ᠂ ᠲᠤᠰ ᠡᠮ ᠨᠢ ᠮᠠᠯ ᠵᠢᠭᠦᠷᠲᠡᠨ ᠤ ᠪᠡᠶ᠎ᠡ ᠲᠤᠳᠤᠷᠠᠬᠢ ᠬᠡᠳᠤᠨ ᠠᠷᠪᠠᠨ ᠵᠦᠢᠯ ᠤᠨ ᠤᠲᠠᠰᠤᠯᠢᠭ ᠬᠤᠷᠤᠬᠠᠢ ᠬᠢᠭᠡᠳ ᠪᠠᠶ᠎ᠡ ᠶᠢᠨ ᠭᠠᠳᠠᠨᠠᠬᠢ ᠪᠦᠭᠡᠰᠦ᠂ ᠬᠠᠴᠢᠭ᠂ ᠬᠤᠪᠡᠯᠵᠠ᠂ ᠢᠯᠠᠭᠠᠨ ᠤ ᠦᠳᠤ ᠵᠡᠷᠭᠡ ᠪᠡᠶ᠎ᠡ ᠶᠢᠨ ᠳᠤᠲᠣᠷ ᠭᠠᠳᠠᠨᠠᠬᠢ ᠮᠦᠯᠵᠢᠭᠦᠷ ᠬᠤᠷᠤᠬᠠᠢ ᠶᠢ ᠠᠯᠠᠬᠤ ᠳᠤ ᠪᠦᠷ ᠰᠠᠶᠢᠨ ᠪᠠᠶᠢᠳᠠᠭ᠃ ᠠᠳᠠᠯᠢ ᠪᠤᠰᠤ ᠡᠮ ᠤᠨ ᠬᠡᠯᠪᠡᠷᠢ ᠶᠢ ᠦᠨᠳᠤᠰᠤᠯᠡᠵᠦ ᠤᠤᠭᠤᠯᠭᠠᠬᠤ᠂ ᠴᠢᠳᠬᠤᠨ ᠤᠤᠭᠤᠯᠭᠠᠬᠤ ᠪᠠ ᠠᠷᠠᠰᠦᠨ ᠲᠤᠤᠷ᠎ᠠ ᠲᠠᠷᠢᠨ᠎ᠠ᠃ ᠬᠡᠷᠡᠭᠯᠡᠬᠦ ᠬᠡᠮᠵᠢᠶ᠎ᠡ ᠶᠢ 3 ᠺᠢᠯᠤᠭ᠍ᠷᠡᠮ ᠪᠦᠷᠢ ᠪᠠᠶ᠎ᠡ ᠶᠢᠨ ᠬᠦᠨᠳᠤ ᠳᠤ 10 ᠮᠢᠯᠢᠭᠷᠡᠮ ᠪᠠᠶᠢᠯᠭᠠᠵᠦ᠂ ᠴᠢᠳᠬᠤᠨ ᠤᠤᠭᠤᠯᠭᠠᠬᠤ ᠪᠤᠶᠤ ᠪᠤᠷᠳᠤᠭᠠᠨ ᠳᠤ ᠬᠤᠯᠢᠵᠤ ᠢᠳᠡᠭᠦᠯᠦᠨ᠎ᠡ᠃ ᠬᠦᠵᠦᠭᠦᠨ ᠤ ᠠᠷᠠᠰᠦᠨ ᠲᠤᠤᠷ᠎ᠠ ᠪᠣᠯ 10 ᠺᠢᠯᠤᠭ᠍ᠷᠡᠮ ᠪᠡᠶ᠎ᠡ ᠶᠢᠨ ᠬᠦᠨᠳᠤ ᠳᠤ 0.2 ᠮᠢᠯᠢᠯᠢᠲᠷ ᠲᠠᠷᠢᠨ᠎ᠠ᠃ ᠪᠠᠶᠢᠩᠭᠤ ᠬᠡᠷᠡᠭᠯᠡᠬᠦ ᠠ ᠸᠧᠢ ᠪᠠᠺᠲ᠋ᠧᠷᠢ ᠶᠢᠨ ᠡᠳ᠋ ︵阿维菌素︶᠂ ᠢ ᠸᠧᠢ ᠪᠠᠺᠲ᠋ᠧᠷᠢ ᠶᠢᠨ ᠡᠳ᠋ ︵伊维菌素︶ ᠵᠡᠷᠭᠡ ᠡᠮ ᠢᠶᠠᠷ ᠢᠳᠡᠰᠢᠨ ᠦᠬᠡᠷ ᠤᠨ ᠬᠤᠷᠤᠬᠠᠢ ᠶᠢ ᠲᠠᠭᠤᠬᠤ ᠳᠤ ᠬᠤᠳᠠᠯᠳᠤᠨ ᠠᠪᠤᠭᠰᠠᠨ ᠬᠤᠷᠤᠬᠠᠢ ᠲᠠᠭᠤᠬᠤ ᠡᠮ ᠤᠨ ᠠᠭᠤᠯᠤᠡᠡᠳᠠᠴᠠ ᠨᠢ ᠲᠣᠭᠲᠠᠭᠰᠠᠨ ᠪᠠᠷᠢᠮᠵᠢᠶᠡᠨ ᠳᠤ ᠬᠦᠷᠬᠦ ᠦᠬᠡᠢ ᠠᠴᠠ ᠬᠤᠷᠤᠬᠠᠢ ᠲᠠᠭᠤᠬᠤ ᠦᠷ᠎ᠡ ᠳ᠋ᠦᠩ ᠨᠢ ᠮᠠᠭᠤ ᠪᠣᠯᠪᠠ ᠭᠡᠵᠦ ᠮᠠᠰᠢ ᠤᠯᠠᠨ ᠦᠬᠡᠷ ᠲᠡᠵᠢᠭᠡᠬᠦ ᠡᠷᠦᠬᠡ ᠳᠤᠰᠬᠠᠭᠰᠠᠨ ᠪᠠᠶᠢᠨ᠎ᠠ᠃ ᠬᠡᠷᠪᠡ ᠡᠶᠢᠮᠦ ᠪᠠᠶᠢᠪᠠᠯ᠂ ᠪᠤᠷᠳᠤᠬᠤ ᠢᠳᠡᠰᠢᠨ ᠦᠬᠡᠷ ᠤᠨ ᠪᠡᠶ᠎ᠡ ᠲᠤᠲᠤᠷᠠᠬᠢ ᠬᠤᠷᠤᠬᠠᠢ ᠶᠢ ᠲᠠᠭᠤᠬᠤ ᠳᠤ ᠫᠡᠷᠤᠫᠠ ᠬᠦᠬᠦᠷᠲᠦ ᠢᠮᠢᠳᠠᠽᠤᠯ ︵丙硫咪唑︶ ᠢ ᠬᠡᠷᠡᠭᠯᠡᠵᠦ ᠪᠤᠯᠤᠨ᠎ᠠ᠂ ᠨᠢᠭᠡ ᠤᠳᠠᠭ᠎ᠠ ᠳᠤ ᠤᠤᠭᠤᠯᠭᠠᠬᠤ ᠬᠡᠮᠵᠢᠶ᠎ᠡ ᠶᠢ ᠺᠢᠯᠤᠭ᠍ᠷᠡᠮ ᠪᠦᠷᠢ ᠪᠡᠶ᠎ᠡ ᠶᠢᠨ ᠬᠦᠨᠳᠤ ᠳᠤ 10 ᠮᠢᠯᠢᠭᠷᠡᠮ ᠪᠠᠶᠢᠯᠭᠠᠬᠤ ᠪᠤᠶᠤ ᠲᠠᠪᠤᠰᠤᠨ ᠬᠦᠴᠢᠯ ᠤᠨ ᠵᠡᠭᠦᠨᠰᠢ ᠡᠷᠭᠢᠯᠭᠡᠲᠦ ᠢᠮᠢᠳᠠᠽᠤᠯ ︵盐酸左旋咪唑︶ ᠢ ᠦᠯᠦᠨ ᠢᠶᠠᠷ ᠺᠢᠯᠤᠭ᠍ᠷᠡᠮ ᠪᠦᠷᠢ ᠪᠡᠶ᠎ᠡ ᠶᠢᠨ ᠬᠦᠨᠳᠤ ᠳᠤ7.5~10 ᠮᠢᠯᠢᠭᠷᠡᠮ ᠤᠤᠭᠤᠯᠭᠠᠨ᠎ᠠ᠃ ᠡᠯᠢᠭᠡᠨ ᠢᠯᠲᠠᠰᠤᠨ ᠰᠤᠷᠤᠭᠤᠯᠳᠤ ᠬᠤᠷᠤᠬᠠᠢ ᠲᠠᠢ ᠭᠠᠵᠠᠷ ᠤᠷᠤᠨ ᠳᠤ ᠪᠣᠯ ᠠᠽᠤᠲ ᠬᠦᠴᠢᠯ ᠤᠨ ᠾᠯᠤᠷᠤᠹᠧᠨᠤᠯ ︵硝氯酚︶ ᠵᠡᠷᠭᠡ ᠡᠮ ᠢᠶᠠᠷ ᠬᠤᠷᠤᠬᠠᠢ ᠶᠢ ᠲᠠᠭᠤᠵᠤ ᠪᠤᠯᠤᠨ᠎ᠠ᠃ ᠡᠭᠦᠨ ᠠᠴᠠ ᠭᠠᠳᠠᠨ᠎ᠠ᠂ ᠲᠤᠨ ᠪᠦᠷᠢ ᠪᠤᠷᠳᠤᠭᠠᠨ ᠳᠤ 0.5 ᠺᠢᠯᠤᠭ᠍ᠷᠡᠮ ᠹᠧᠨᠤᠲᠷᠤᠺᠰᠢᠠ ᠹᠧᠨᠢᠯ ᠠᠽᠤᠯ ︵芬苯达唑︶ ᠢ ᠨᠡᠮᠡᠵᠦ᠂ ᠬᠡᠪ ᠤᠨ ᠲᠡᠵᠢᠭᠡᠬᠦ ᠠᠷᠭ᠎ᠠ ᠪᠠᠷ ᠲᠡᠵᠢᠭᠡᠪᠡᠯ ᠪᠠᠰᠠ ᠢᠳᠡᠰᠢᠨ ᠦᠭᠡᠷ ᠤᠨ ᠪᠡᠶ᠎ᠡ ᠶᠢᠨ ᠳᠤᠲᠣᠷ ᠭᠠᠳᠠᠨᠠᠬᠢ ᠬᠤᠷᠤᠬᠠᠢ ᠶᠢ ᠨᠡᠯᠢᠶᠡᠳ ᠰᠠᠶᠢᠨ ᠲᠠᠭᠤᠵᠦ ᠴᠢᠳᠠᠨ᠎ᠠ᠃ ᠠᠩᠬᠠᠷᠬᠤ ᠨᠢ᠂ ᠪᠤᠷᠳᠤᠭᠠᠨ ᠳᠤ ᠬᠤᠷᠤᠬᠠᠢ ᠲᠠᠭᠤᠬᠤ ᠡᠮ ᠢ ᠨᠡᠮᠡᠵᠦ ᠲᠡᠵᠢᠭᠡᠬᠦ ᠳᠤ ᠡᠷᠭᠡᠪᠰᠢ ᠵᠢᠭᠳᠡ ᠬᠤᠯᠢᠵᠦ᠂ ᠵᠠᠷᠢᠮ ᠦᠬᠡᠷ ᠤᠨ ᠤᠯᠵᠤ ᠢᠳᠡᠭᠰᠡᠨ ᠦᠬᠡᠢ ᠠᠴᠠ ᠪᠤᠯᠵᠤ ᠬᠤᠷᠤᠬᠠᠢ ᠲᠠᠭᠤᠬᠤ ᠦᠷ᠎ᠡ ᠳ᠋ᠦᠩ ᠢ ᠨᠦᠯᠦᠭᠡᠯᠡᠬᠦ ᠠᠴᠠ ᠪᠤᠯᠭᠤᠮᠵᠢᠯᠠᠨ᠎ᠠ᠃ ᠢᠳᠡᠰᠢᠨ ᠦᠬᠡᠷ ᠤᠨ ᠪᠡᠶ᠎ᠡ ᠶᠢᠨ ᠭᠠᠳᠠᠷᠭᠤ ᠳᠠᠬᠢ ᠮᠦᠯᠵᠢᠭᠦᠷ ᠬᠤᠷᠤᠬᠠᠢ ᠶᠢ ᠠᠷᠢᠯᠭᠠᠬᠤ ᠳᠤ ᠦᠷᠭᠦᠯᠵᠢ ᠦᠳᠭᠡᠴᠡ ᠨᠢ 2%~5% ᠶᠢᠨ ᠳ᠋ᠢ ᠪᠠᠢ ᠴᠦᠩ ︵敌百虫︶ ᠤᠨ ᠠᠭᠤᠰᠤᠮᠠᠯ ᠢ ᠦᠬᠡᠷ ᠤᠨ ᠪᠡᠶ᠎ᠡ ᠳᠡᠭᠡᠷ᠎ᠡ ᠲᠦᠷᠬᠢᠬᠦ ︵ᠦᠬᠡᠷ ᠲᠤ ᠠᠮᠠᠨ ᠰᠢᠩᠬᠡᠯᠢᠭ ᠵᠡᠭᠦᠯᠭᠡᠨ᠎ᠡ︶ ᠪᠤᠶᠤ ᠦᠳᠬᠡᠴᠡ ᠨᠢ 0.3% ᠶᠢᠨ ᠬᠡᠳᠤ ᠬᠦᠴᠢᠯᠳᠦ᠋ᠷᠦᠭᠴᠢᠳᠦ ᠡᠲ᠋ᠠ ᠬᠦᠴᠢᠯ ︵过氧乙酸︶ ᠢ ᠦᠬᠡᠷ ᠤᠨ ᠪᠡᠶ᠎ᠡ ᠳᠡᠭᠡᠷ᠎ᠡ ᠰᠦᠷᠴᠢᠵᠦ᠂ ᠲᠠᠬᠢᠨ ᠦᠳᠭᠡᠴᠡ ᠨᠢ 0.25% ᠶᠢᠨ ᠬᠠᠴᠢᠭ ᠴᠠᠪᠠᠷ ᠴᠢᠢᠳᠡᠮᠡᠭ ︵螨净乳剂︶ ᠢ ᠦᠬᠡᠷ ᠤᠨ ᠪᠦᠬᠦ ᠪᠡᠶ᠎ᠡ ᠳᠡᠭᠡᠷ᠎ᠡ ᠨᠢᠭᠡ ᠤᠳᠠᠭ᠎ᠠ ᠲᠦᠷᠬᠢᠨ᠎ᠡ᠂ ᠠᠩᠬ᠎ᠠ ᠤᠳᠠᠭ᠎ᠠ ᠡᠮ ᠬᠡᠷᠡᠭᠯᠡᠭᠡᠳ ᠨᠢᠭᠡ ᠭᠠᠷᠠᠭ ᠪᠣᠯᠪᠠᠯ ᠳᠠᠬᠢᠵᠦ ᠨᠢᠭᠡ ᠤᠳᠠᠭ᠎ᠠ ᠬᠡᠷᠡᠭᠯᠡᠨ᠎ᠡ᠃ ᠪᠤᠳᠠᠳᠠᠢ ᠬᠡᠷᠡᠭᠯᠡᠬᠦ ᠳᠤ ᠠᠩᠬᠠᠷᠬᠤ ᠨᠢ᠂ ᠡᠮ ᠤᠨ ᠬᠡᠷᠡᠭᠯᠡᠬᠦ ᠬᠡᠮᠵᠢᠶ᠎ᠡ ᠶᠢ ᠲᠤᠷ᠎ᠠ ᠪᠠᠷ ᠨᠡᠮᠡᠭᠳᠡᠭᠦᠯᠵᠦ ᠪᠤᠯᠬᠤ ᠦᠬᠡᠢ᠃ ᠬᠡᠪ ᠤᠨ ᠪᠤᠰᠤ ᠪᠠᠶᠢᠳᠠᠯ ᠢᠯᠡᠷᠡᠪᠡᠯ ᠡᠮ ᠬᠡᠷᠡᠭᠯᠡᠬᠦ ᠪᠠᠨ ᠳᠤᠤᠷ᠎ᠠ ᠨᠢ ᠵᠤᠭᠰᠤᠵᠤ᠂ ᠰᠢᠨᠵᠢ ᠲᠡᠮᠳᠡᠭ ᠨᠢ ᠬᠦᠨᠳᠤ ᠦᠬᠡᠷ ᠢ ᠪᠣᠯ ᠮᠡᠯ ᠤᠨ ᠡᠮᠴᠢ ᠶᠢ ᠵᠠᠯᠠᠵᠦ ᠭᠡᠮ ᠳᠤᠨᠢ ᠲᠠᠭᠠᠷᠠᠭᠤᠯᠵᠤ ᠵᠠᠰᠠᠨ᠎ᠠ᠃ ᠬᠤᠷᠤᠬᠠᠢ ᠶᠢ ᠲᠤᠭᠲᠠᠮᠠᠯ ᠬᠤᠭᠤᠴᠠᠭ᠎ᠠ ᠪᠠᠷ ᠲᠠᠭᠤᠵᠦ᠂ ᠶᠡᠷᠦ ᠳᠡᠭᠡᠨ ᠤᠯᠠᠷᠢᠯ ᠪᠦᠷᠢ ᠳᠤ ᠨᠢᠭᠡ ᠤᠳᠠᠭ᠎ᠠ ᠲᠠᠭᠤᠨ᠎ᠠ᠂ ᠬᠠᠮᠤᠭ ᠰᠠᠶᠢᠨ ᠨᠢ ᠫᠡᠷᠤᠫᠠ ᠬᠦᠬᠦᠷᠲᠦ ᠢᠮᠢᠳᠠᠽᠤᠯ ︵丙硫咪唑︶ ᠪᠠ ᠢ ᠸᠧᠢ ᠪᠠᠺᠲ᠋ᠧᠷᠢ ᠶᠢᠨ ᠡᠳ᠋ ︵伊维菌素︶ ᠢ ᠬᠠᠮᠲᠤ ᠬᠡᠷᠡᠭᠯᠡᠨ᠎ᠡ᠃ ᠪᠤᠳᠠᠳᠠᠢ ᠬᠡᠷᠡᠭᠯᠡᠬᠦ ᠠᠷᠭ᠎ᠠ ᠨᠢ᠄ ᠫᠷᠤᠫᠢᠯ ᠢᠮᠢᠳᠠᠽᠤᠯ ᠢ ᠺᠢᠯᠤᠭ᠍ᠷᠡᠮ ᠪᠦᠷᠢ ᠪᠠᠶ᠎ᠡ ᠶᠢᠨ ᠬᠦᠨᠳᠤ ᠳᠤ 15 ᠮᠢᠯᠢᠭᠷᠡᠮ ᠤᠤᠭᠤᠯᠭᠠᠬᠤ ᠶᠢᠨ ᠬᠠᠮᠲᠤ ᠪᠤᠯᠴᠢᠩ ᠳᠤᠨᠢ 0.1% ᠶᠢᠨ ᠢ ᠸᠧᠢ ᠪᠠᠺᠲ᠋ᠧᠷᠢ ᠶᠢᠨ ᠡᠳ᠋ ᠢ ᠺᠢᠯᠤᠭ᠍ᠷᠡᠮ ᠪᠦᠷᠢ ᠪᠠᠶ᠎ᠡ ᠶᠢᠨ ᠬᠦᠨᠳᠤ ᠳᠤ 0.2 ᠮᠢᠯᠢᠭᠷᠡᠮ ᠲᠠᠷᠢᠨ᠎ᠠ᠂ ᠢᠩᠬᠢᠵᠦ ᠬᠠᠮᠲᠦ ᠬᠡᠷᠡᠭᠯᠡᠪᠡᠯ ᠳᠡᠭᠡᠷ᠎ᠡ ᠶᠠᠷᠢᠭᠰᠠᠨ ᠮᠦᠯᠵᠢᠭᠦᠷ ᠬᠤᠷᠤᠬᠠᠢ ᠶᠢ ᠪᠦᠷ ᠮᠠᠰᠢ ᠰᠠᠶᠢᠨ ᠠᠷᠢᠯᠭᠠᠵᠦ ᠴᠢᠳᠠᠨ᠎ᠠ᠃ ᠬᠤᠳᠤᠭᠤᠳᠤ ᠶᠢ ᠰᠠᠶᠢᠵᠢᠷᠠᠭᠤᠯᠬᠤ᠄ ᠲᠡᠵᠢᠭᠡᠬᠦ ᠠᠷᠭ᠎ᠠ ᠨᠢ ᠵᠤᠬᠢᠰ ᠦᠬᠡᠢ ᠪᠤᠶᠤ ᠪᠤᠷᠳᠤᠭ᠎ᠠ ᠨᠢ ᠴᠡᠪᠡᠷ ᠦᠭᠡᠢ ᠵᠡᠷᠭᠡ ᠰᠢᠯᠲᠠᠭᠠᠨ ᠠᠴᠠ ᠢᠳᠡᠰᠢᠨ ᠦᠬᠡᠷ ᠤᠨ ᠭᠦᠵᠡᠭᠡ᠂ ᠰᠠᠷᠬᠢᠨᠠᠭ ᠲᠤ ᠠᠮᠠᠷᠬᠠᠨ ᠬᠤᠯᠢᠴᠠ ᠪᠤᠳᠠᠰ ᠦᠯᠡᠳᠡᠭᠡᠳ᠂ ᠢᠳᠡᠭᠡᠨ ᠤ ᠲᠤᠷᠠᠰᠢᠯ ᠪᠠ ᠰᠢᠩᠭᠡᠭᠡᠯᠲᠡ ᠶᠢ ᠮᠠᠭᠤᠲᠠᠭᠤᠯᠬᠤ ᠪᠣᠯᠣᠨ᠎ᠠ᠃ ᠡᠨᠡ ᠦᠶᠡᠰ ᠦᠯᠦᠨ ᠢᠶᠠᠷ ᠦᠳᠭᠡᠴᠡ ᠨᠢ 1% ᠶᠢᠨ ᠪᠠᠭ᠎ᠠ ᠰᠤᠳᠠ ᠲᠠᠢ ᠤᠰᠤ ᠶᠢ ᠴᠢᠳᠬᠤᠨ ᠤᠤᠭᠤᠯᠭᠠᠵᠤ᠂ ᠢᠳᠡᠰᠢᠨ ᠦᠬᠡᠷ ᠨᠢ ᠬᠤᠯᠢᠴᠠ ᠪᠤᠳᠠᠰ ᠢ ᠭᠠᠳᠠᠭᠰᠢᠯᠠᠭᠤᠯᠤᠭᠰᠠᠨ ︵ᠬᠠᠷ᠎ᠠ ᠦᠩᠭᠡ ᠲᠠᠢ ᠰᠢᠩᠭᠡᠨ ᠪᠠᠭᠠᠰᠦ ᠪᠠᠷ ᠮᠠᠭᠠᠳᠯᠠᠬᠤ ᠪᠠᠷᠢᠮᠵᠢᠶ᠎ᠠ ᠪᠤᠯᠭᠠᠨ᠎ᠠ︶ ᠤ ᠲᠠᠷᠠᠭ᠎ᠠ ᠲᠠᠬᠢᠨ ᠡᠬᠢᠯᠡᠵᠦ ᠪᠤᠷᠳᠤᠬᠤ ᠪᠤᠷᠳᠤᠭ᠎ᠠ ᠪᠠᠷ ᠲᠡᠵᠢᠭᠡᠨ᠎ᠡ᠃ ᠬᠤᠷᠤᠬᠠᠢ ᠲᠠᠭᠤᠭᠠᠳ 3 ᠡᠳᠤᠷ ᠪᠤᠯᠤᠭᠰᠠᠨ ᠤ ᠲᠠᠷᠠᠭ᠎ᠠ ᠢᠳᠡᠭᠡᠨ ᠤ ᠲᠤᠷᠠᠰᠢᠯ ᠢ ᠨᠡᠮᠡᠭᠳᠡᠭᠦᠯᠵᠦ᠂ ᠰᠢᠩᠭᠡᠭᠡᠯᠲᠡ ᠶᠢ ᠰᠠᠶᠢᠵᠢᠷᠠᠭᠤᠯᠬᠤ ᠶᠢᠨ ᠲᠦᠯᠦᠭᠡ᠂ ᠬᠤᠳᠤᠭᠤᠳᠤ ᠶᠢ 1 ᠤᠳᠠᠭ᠎ᠠ ᠳᠤ ᠰᠠᠶᠢᠵᠢᠷᠠᠭᠤᠯᠤᠨ᠎ᠠ᠃ ᠭᠡᠬᠦ ᠳᠤ ᠪᠠᠨ ᠬᠤᠳᠤᠭᠤᠳᠤ ᠰᠠᠶᠢᠵᠢᠷᠠᠭᠤᠯᠬᠤ ᠡᠮ ᠢ ᠬᠡᠷᠡᠭᠯᠡᠵᠦ ᠬᠤᠳᠤᠭᠤᠳᠤ ᠬᠡᠳᠡᠰᠦᠨ ᠤ ᠠᠵᠢᠯᠯᠠᠭ᠎ᠠ ᠶᠢ ᠲᠤᠬᠢᠷᠠᠭᠤᠯᠵᠤ ᠪᠤᠯᠤᠨ᠎ᠠ᠂ ᠵᠢᠱᠢᠶᠡᠯᠡᠪᠡᠯ ᠬᠤᠳᠤᠭᠤᠳᠤ ᠰᠠᠶᠢᠵᠢᠷᠠᠭᠤᠯᠬᠤ ᠲᠠᠯᠬ᠎ᠠ ︵健胃散︶᠂ ᠬᠢᠮᠠᠯ ᠲᠠᠪᠤᠰᠦ ︵人工盐︶᠂ ᠬᠤᠳᠤᠭᠤᠳᠤᠨ ᠤᠭᠤᠷᠠᠭ ᠤᠨ ᠢᠰᠭᠡᠭᠦᠷ ︵胃蛋白酶︶᠂ ᠨᠦᠢᠷ ᠤᠨ ᠤᠭᠤᠷᠠᠭ ᠤᠨ ᠢᠰᠭᠡᠭᠦᠷ ︵胰蛋白酶︶᠂ ᠵᠦᠯᠭᠡᠨ ᠴᠢᠮᠡᠭ ᠤᠨ ᠴᠢᠩᠬᠢ ︵龙胆酊︶ ᠵᠡᠷᠭᠡ ᠶᠢ ᠬᠡᠷᠡᠭᠯᠡᠵᠦ ᠪᠣᠯᠣᠨ᠎ᠠ᠂ ᠶᠡᠷᠦ ᠳᠡᠭᠡᠨ ᠬᠤᠳᠤᠭᠤᠳᠤ ᠶᠢ ᠰᠠᠶᠢᠵᠢᠷᠠᠭᠤᠯᠤᠭᠰᠠᠨ ᠤ ᠳᠠᠷᠠᠭ᠎ᠠ ᠦᠬᠡᠷ ᠨᠢ ᠴᠤᠭ ᠰᠦᠯᠳᠡ ᠲᠠᠢ ᠪᠣᠯᠵᠤ᠂ ᠢᠳᠡᠭᠡᠨ ᠤ ᠲᠤᠷᠠᠰᠢᠯ ᠨᠢ ᠨᠡᠮᠡᠭᠳᠡᠬᠦ ᠪᠣᠯᠣᠨ᠎ᠠ᠃ ᠢᠳᠡᠰᠢᠨ ᠦᠬᠡᠷ ᠤᠨ ᠬᠤᠳᠤᠭᠤᠳᠤ ᠶᠢ ᠰᠠᠶᠢᠵᠢᠷᠠᠭᠤᠯᠬᠤ ᠠᠷᠭ᠎ᠠ ᠤᠯᠠᠨ ᠪᠤᠢ᠂ ᠡᠭᠦᠨ ᠳᠤ ᠦᠬᠡᠷ ᠪᠦᠷᠢ ᠳᠤ ᠬᠢᠮᠠᠯ ᠲᠠᠪᠤᠰᠦ ᠶᠢ 60~100 ᠭᠷᠡᠮ ᠤᠤᠭᠤᠯᠭᠠᠬᠤ ᠪᠤᠶᠤ ᠬᠤᠳᠤᠭᠤᠳᠤ ᠰᠠᠶᠢᠵᠢᠷᠠᠭᠤᠯᠬᠤ ᠲᠠᠯᠬ᠎ᠠ ᠶᠢ 350~450 ᠭᠷᠡᠮ ᠢᠶᠠᠷ ᠡᠳᠤᠷ ᠪᠦᠷᠢ 1 ᠤᠳᠠᠭ᠎ᠠ᠂ ᠦᠷᠬᠦᠯᠵᠢᠯᠡᠨ 2 ᠡᠳᠤᠷ ᠤᠤᠭᠤᠯᠭᠠᠵᠦ ᠪᠣᠯᠣᠨ᠎ᠠ᠃ ᠵᠠᠷᠢᠮ ᠡᠴᠡᠩᠬᠡᠢ ᠦᠬᠡᠷ ᠲᠤ ᠬᠤᠳᠤᠭᠤᠳᠤ ᠰᠠᠶᠢᠵᠢᠷᠠᠭᠤᠯᠬᠤ ᠲᠠᠯᠬ᠎ᠠ ᠶᠢ ᠴᠢᠳᠬᠤᠨ ᠤᠤᠭᠤᠯᠭᠠᠭᠰᠠᠨ ᠤ ᠲᠠᠷᠠᠭ᠎ᠠ ᠳᠠᠬᠢᠨ ᠢᠰᠭᠡᠭᠴᠢ ᠨᠤᠨᠳᠠᠭ ︵酵母粉︶ ᠢ ᠡᠳᠤᠷ ᠪᠦᠷᠢ 1 ᠤᠳᠠᠭ᠎ᠠ᠂ ᠤᠳᠠᠭ᠎ᠠ ᠪᠦᠷᠢ 250 ᠭᠷᠡᠮ ᠴᠢᠳᠬᠤᠨ ᠤᠤᠭᠤᠯᠭᠠᠵᠦ ᠪᠣᠯᠣᠨ᠎ᠠ᠂ ᠪᠠᠰᠠ 50~100 ᠢᠰᠭᠡᠭᠴᠢ ᠬᠠᠪᠲᠠᠭᠠᠢ ︵酵母片︶ ᠪᠠ ᠳ᠋ᠢ ᠪᠠᠢ ᠴᠦᠩ ᠢ ᠺᠢᠯᠤᠭ᠍ᠷᠡᠮ ᠪᠦᠷᠢ ᠪᠡᠶ᠎ᠡ ᠶᠢᠨ ᠬᠦᠨᠳᠤ ᠳᠤ 0.05 ᠭᠷᠡᠮ ᠢᠶᠠᠷ ᠡᠳᠤᠷ ᠪᠦᠷᠢ 1 ᠤᠳᠠᠭ᠎ᠠ᠂ ᠦᠷᠬᠦᠯᠵᠢᠯᠡᠨ 2 ᠡᠳᠤᠷ ᠤᠤᠭᠤᠯᠭᠠᠵᠤ ᠪᠣᠯᠣᠨ᠎ᠠ᠃ ᠡᠭᠦᠨ ᠠᠴᠠ ᠭᠠᠳᠠᠨ᠎ᠠ᠂ ᠲᠦᠮᠦᠰᠦᠳᠤ ᠰᠠᠬᠠᠯ ᠡᠪᠡᠰᠦ 75 ᠭᠷᠡᠮ᠂ ᠵᠦᠷᠵᠢ ᠶᠢᠨ ᠬᠠᠯᠢᠰᠦ 50 ᠭᠷᠡᠮ᠂ ᠯᠤᠤᠪᠠᠩ ᠤᠨ ᠦᠷ᠎ᠡ 75 ᠭᠷᠡᠮ᠂ ᠶᠠᠰᠤᠯᠢᠭ ᠵᠦᠷᠵᠢ ᠶᠢᠨ ᠬᠠᠯᠢᠰᠦ 75 ᠭᠷᠡᠮ᠂ ᠨᠠᠷᠠᠰᠦᠨ ᠮᠤᠳᠤᠨ ᠤ ᠦᠷ᠎ᠡ 5 ᠭᠷᠡᠮ᠂ ᠲᠤᠯᠤᠨᠤ 100 ᠭᠷᠡᠮ᠂ ᠬᠦᠷᠦᠩᠭᠡ 100 ᠭᠷᠡᠮ᠂ ᠬᠤᠶᠠᠭᠳᠤ ᠠᠷᠪᠠᠢ ᠶᠢᠨ ᠨᠠᠬᠢᠶ᠎ᠠ 100 ᠭᠷᠡᠮ᠂ ᠪᠢᠩᠯᠠᠩ 50 ᠭᠷᠡᠮ᠂ ᠲᠠᠩᠬᠠᠢ 50 ᠭᠷᠡᠮ᠂ ᠬᠠᠷ᠎ᠠ ᠡᠮ 50 ᠭᠡᠷᠡᠮ᠂ ᠰᠢᠬᠢᠷ ᠡᠪᠡᠰᠦ 50 ᠭᠷᠡᠮ ᠢ ᠴᠢᠨᠠᠭᠠᠳ ᠨᠢᠭᠡ ᠤᠳᠠᠭ᠎ᠠ ᠳᠤ ᠤᠤᠭᠤᠯᠭᠠᠨ᠎ᠠ᠂ ᠦᠬᠡᠷ ᠪᠦᠷᠢ ᠳᠤ ᠡᠳᠤᠷ ᠲᠤ ᠨᠢᠭᠡ ᠤᠳᠠᠭ᠎ᠠ᠂ ᠦᠷᠬᠦᠯᠵᠢᠯᠡᠨ 2 ᠡᠳᠤᠷ ᠤᠤᠭᠤᠯᠭᠠᠪᠠᠯ᠂ ᠢᠳᠡᠰᠢᠨ ᠦᠬᠡᠷ ᠤᠨ ᠢᠳᠡᠭᠡᠨ ᠤ ᠲᠤᠷᠠᠰᠢᠯ ᠨᠢ ᠨᠡᠮᠡᠭᠳᠡᠬᠦ ᠪᠣᠯᠣᠨ᠎ᠠ᠃ ᠬᠤᠳᠤᠭᠤᠳᠤ ᠶᠢ ᠰᠠᠶᠢᠵᠢᠷᠠᠭᠤᠯᠤᠭᠰᠠᠨ ᠤ ᠳᠠᠷᠠᠭ᠎ᠠ ᠢᠳᠡᠰᠢᠨ ᠦᠬᠡᠷ ᠨᠢ ᠴᠤᠭ ᠰᠦᠯᠳᠡ ᠲᠠᠢ ᠪᠣᠯᠵᠤ᠂ ᠢᠳᠡᠭᠡᠨ ᠤ ᠲᠤᠷᠠᠰᠢᠯ ᠨᠢ ᠰᠠᠶᠢᠵᠢᠷᠠᠬᠤ ᠪᠣᠯᠣᠨ᠎ᠠ᠃ ᠬᠡᠷᠪᠡ ᠵᠠᠷᠢᠮ ᠢᠳᠡᠰᠢᠨ ᠦᠬᠡᠷ ᠤᠨ ᠢᠳᠡᠭᠡᠨ ᠤ ᠲᠤᠷᠠᠰᠢᠯ ᠨᠢ ᠮᠦᠨ ᠮᠠᠭᠤ ᠪᠠᠶᠢᠪᠡᠯ᠂ ᠦᠬᠡᠷ ᠪᠦᠷᠢ ᠳᠤ ᠬᠠᠭᠤᠷᠠᠢ ᠢᠰᠭᠡᠭᠴᠢ ᠬᠠᠪᠲᠠᠭᠠᠢ ︵干酵母︶ ᠡᠮ ᠢ 50 ᠮᠦᠬᠦᠯᠢᠭ ᠢᠳᠡᠭᠦᠯᠦᠨ᠎ᠡ᠃ ᠬᠡᠷᠪᠡ ᠢᠳᠡᠰᠢᠨ ᠦᠬᠡᠷ ᠤᠨ ᠪᠠᠭᠠᠰᠦ ᠨᠢ ᠬᠠᠲᠠᠭᠤ ᠪᠠᠶᠢᠪᠠᠯ ᠦᠬᠡᠷ ᠪᠦᠷᠢ ᠳᠤ 20~30 ᠭᠷᠡᠮ ᠨᠡᠶᠢᠯᠡᠮᠡᠯ ᠸᠢᠲ᠋ᠠᠮᠢᠨ ᠪᠠ ᠪᠠᠭ᠎ᠠ ᠬᠡᠮᠵᠢᠶᠡᠨ ᠤ ᠤᠷᠭᠤᠮᠠᠯ ᠤᠨ ᠲᠤᠰᠤ ᠢᠳᠡᠭᠦᠯᠦᠨ᠎ᠡ᠃ |
|
|
|
ᠢᠷᠡᠯᠲᠡ᠄
ᠥᠪᠥᠷ ᠮᠣᠩᠭᠤᠯ ᠤᠨ ᠵᠠᠰᠠᠭ ᠤᠨ ᠣᠷᠳᠣᠨ
|