|
ᠨᠤᠭᠤᠭ᠎ᠠ ᠶᠢᠨ ᠬᠦᠯᠡᠮᠵᠢ ᠶᠢ ᠠᠷᠢᠭᠤᠳᠬᠠᠬᠤ ᠠᠷᠭ᠎ᠠ |
|
|
ᠨᠡᠶᠢᠲᠡᠯᠡᠭᠰᠡᠨ ᠴᠠᠭ᠄
2018/12/7
|
|
ᠨᠣᠭᠤᠭ᠎ᠠ ᠶᠢᠨ ᠬᠦᠯᠡᠮᠵᠢ ᠨᠢ ᠨᠢᠭᠡ ᠵᠢᠯ ᠤᠨ ᠲᠠᠷᠢᠬᠤ ᠪᠠᠷ ᠳᠠᠮᠵᠢᠨ᠂ ᠬᠦᠷᠦᠰᠦᠨ ᠳᠤ ᠶᠡᠭᠡ ᠬᠡᠮᠵᠢᠶᠡᠨ ᠤ ᠪᠠᠺᠲ᠋ᠧᠷᠢ᠂ ᠸᠢᠷᠦ᠋ᠰ᠂ ᠬᠤᠷᠤᠬᠠᠢ ᠡᠭᠦᠰᠭᠡᠭᠴᠢ ᠪᠤᠯᠤᠨ ᠪᠣᠵᠠᠷ ᠡᠪᠡᠰᠦ ᠬᠤᠷᠠᠮᠳᠤᠭᠠᠳ᠂ ᠳᠠᠷᠠᠭᠠᠴᠢ ᠶᠢᠨ ᠭᠤᠤᠷᠰᠤᠨ ᠤ ᠨᠣᠭᠤᠭ᠎ᠠ ᠶᠢᠨ ᠤᠷᠭᠤᠯᠲᠠ ᠶᠢ ᠨᠦᠯᠦᠭᠡᠯᠡᠬᠦ ᠨᠢ ᠳᠠᠮᠵᠢᠭ ᠦᠭᠡᠢ᠃ ᠡᠶᠢᠮᠦ ᠠᠴᠠ᠂ ᠨᠣᠭᠤᠭ᠎ᠠ ᠲᠠᠷᠢᠡᠡᠴᠢ ᠳᠤ ᠭᠤᠤᠷᠰᠤ ᠪᠠᠨ ᠴᠡᠪᠡᠷᠯᠡᠭᠰᠡᠨ ᠤ ᠳᠠᠷᠠᠭ᠎ᠠ ᠬᠦᠯᠡᠮᠵᠢ ᠶᠢᠨ ᠬᠥᠷᠥᠰᠥ ᠪᠠ ᠬᠦᠯᠡᠮᠵᠢ ᠶᠢ ᠠᠷᠢᠭᠤᠳᠬᠠᠬᠤ ᠶᠢ ᠰᠠᠨᠠᠭᠤᠯᠤᠶ᠎ᠠ᠃ 1. ᠬᠦᠯᠡᠮᠵᠢ ᠶᠢ ᠠᠷᠢᠭᠤᠳᠬᠠᠬᠤ᠄ ᠲᠠᠷᠢᠬᠤ ᠪᠤᠶᠤ ᠰᠠᠭᠤᠯᠭᠠᠬᠤ ᠠᠴᠠ ᠡᠮᠦᠨ᠎ᠡ 7~10 ᠡᠳᠦᠷ ᠲᠤ᠂ ᠲᠡᠭᠰᠢ ᠲᠦᠷᠪᠡᠯᠵᠢᠨ ᠮᠧᠲᠷ ᠪᠦᠷᠢ ᠣᠷᠣᠨ ᠵᠠᠢ ᠳᠤ 4 ᠭᠷᠡᠮ ᠬᠦᠬᠦᠷ᠂ 8 ᠭᠷᠡᠮ ᠦᠷᠦᠪᠳᠡᠰᠦ ᠶᠢ ᠵᠢᠭᠳᠡ ᠬᠤᠯᠢᠵᠤ ᠰᠠᠪᠠᠨ ᠳᠤ ᠬᠢᠵᠦ ᠰᠢᠲᠠᠭᠠᠨ᠎ᠠ᠂ ᠶᠡᠷᠦ ᠳᠡᠭᠡᠨ ᠣᠷᠣᠢ ᠪᠠᠷ ᠶᠠᠪᠤᠭᠳᠠᠭᠤᠯᠵᠤ᠂ ᠬᠦᠯᠡᠮᠵᠢ ᠶᠢ 24 ᠴᠠᠭ ᠨᠢᠭᠲᠠ ᠪᠢᠲᠡᠭᠦᠮᠵᠢᠯᠡᠨ ᠤᠲᠤᠵᠤ ᠠᠷᠢᠭᠤᠳᠬᠠᠨ᠎ᠠ᠃ ᠡᠰᠡᠭᠦᠯ᠎ᠡ ᠲᠡᠭᠰᠢ ᠲᠦᠷᠪᠡᠯᠵᠢᠨ ᠮᠧᠲᠷ ᠪᠦᠷᠢ ᠣᠷᠣᠨ ᠵᠠᠢ ᠳᠤ 1 ᠭᠷᠡᠮ 25% ᠶᠢᠨ ᠪᠠᠢ ᠵᠢᠶᠦ᠋ᠨ ᠴᠢᠩ ︵百菌清︶᠂ 8 ᠭᠷᠡᠮ ᠦᠷᠦᠪᠳᠡᠰᠦ ᠶᠢ ᠵᠢᠭᠳᠡ ᠬᠤᠯᠢᠵᠤ᠂ ᠰᠢᠲᠠᠭᠠᠵᠦ ᠤᠲᠤᠵᠤ ᠠᠷᠢᠭᠤᠳᠬᠠᠨ᠎ᠠ᠃ 2. ᠬᠥᠷᠥᠰᠤᠨ ᠤ ᠪᠠᠺᠲ᠋ᠧᠷᠢ ᠶᠢ ᠥᠨᠳᠥᠷ ᠬᠠᠯᠠᠭᠤᠨ ᠳᠤ ᠤᠰᠠᠳᠬᠠᠬᠤ᠄ ᠲᠠᠷᠢᠬᠤ ᠭᠡᠵᠦ ᠪᠠᠶᠢᠭ᠎ᠠ ᠬᠥᠷᠥᠰᠥ ᠪᠠᠨ ᠭᠦᠨ ᠬᠠᠭᠠᠯᠪᠤᠷᠢᠯᠠᠵᠤ ᠰᠤᠯᠠᠷᠠᠭᠤᠯᠤᠨ᠂ ᠰᠥᠯᠢᠶᠤᠤ ᠪᠦᠷᠬᠦᠬᠦᠯ ᠢᠶᠠᠷ ᠳᠠᠷᠤᠵᠤ᠂ ᠲᠣᠩᠭᠠᠯᠠᠭ ᠡᠳᠦᠷ ᠲᠤ ᠬᠦᠯᠡᠮᠵᠢ ᠶᠢ ᠨᠢᠭᠲᠠ ᠪᠢᠲᠡᠭᠦᠮᠵᠢᠯᠡᠨ ᠲᠣᠯᠠᠭᠠᠨ ᠢ ᠳᠡᠭᠡᠭᠰᠢᠯᠡᠭᠦᠯᠵᠦ ᠪᠠᠶᠢᠭᠠᠳ ᠬᠥᠷᠥᠰᠥᠨ ᠤ ᠳᠤᠯᠠᠭᠠᠨ ᠢ 60℃ ᠠᠴᠠ ᠳᠡᠭᠡᠭᠰᠢ ᠳᠤ ᠬᠦᠷᠭᠡᠨ᠎ᠡ᠂ ᠦᠷᠭᠦᠯᠵᠢᠯᠡᠨ 2~3 ᠡᠳᠦᠷ ᠶᠠᠪᠤᠭᠳᠠᠭᠤᠯᠤᠨ᠎ᠠ᠃ ᠪᠠᠺᠲ᠋ᠧᠷᠢ ᠠᠯᠠᠬᠤ ᠦᠷ᠎ᠡ ᠳ᠋ᠦᠩ ᠢ ᠳᠡᠭᠡᠭᠰᠢᠯᠡᠭᠦᠯᠬᠦ ᠶᠢᠨ ᠲᠥᠯᠥᠭᠡ᠂ ᠨᠠᠷᠠᠨ ᠳᠤ ᠰᠢᠷᠠᠬᠤ ᠠᠴᠠ ᠡᠮᠦᠨ᠎ᠡ ᠪᠠᠰᠠ ᠬᠥᠷᠥᠰᠥᠨ ᠳᠤ ᠡᠮ ᠤᠷᠤᠭᠤᠯᠵᠦ ᠪᠣᠯᠣᠨ᠎ᠠ᠃ 3. ᠴᠠᠳᠲᠠᠯ᠎ᠠ ᠤᠰᠤᠯᠠᠬᠤ᠄ ᠬᠥᠷᠥᠰᠥ ᠰᠢᠷᠦᠢ ᠶᠢ ᠤᠷᠪᠠᠭᠤᠯᠤᠨ ᠬᠡᠮᠭᠡᠯᠵᠦ᠂ ᠲᠡᠭᠰᠢᠯᠡᠵᠦ ᠨᠠᠷᠬᠠᠳᠠᠭᠰᠠᠨ ᠤ ᠰᠡᠭᠦᠯᠡᠷ ᠬᠦᠯᠡᠮᠵᠢ ᠳᠤ ᠤᠰᠤ ᠣᠷᠣᠭᠤᠯᠤᠨ ᠪᠠᠺᠲ᠋ᠧᠷᠢ ᠶᠢ ᠤᠰᠠᠳᠬᠠᠨ᠎ᠠ᠃ ᠴᠠᠳᠲᠠᠯ᠎ᠠ ᠤᠰᠤᠯᠠᠪᠠᠯ ᠣᠷᠭᠠᠨᠢᠭ ᠪᠤᠳᠠᠰ ᠤᠨ ᠢᠯᠵᠡᠷᠡᠬᠤ ᠳᠤ ᠠᠰᠢᠭᠲᠠᠢ ᠪᠠᠶᠢᠵᠤ᠂ ᠬᠠᠰᠢᠯᠭ᠎ᠠ ᠶᠢᠨ ᠬᠥᠷᠥᠰᠥᠨ ᠤ ᠹᠢᠽᠢᠺ ᠬᠢᠮᠢ ᠶᠢᠨ ᠰᠢᠨᠵᠢ ᠴᠢᠨᠠᠷ ᠢ ᠳᠡᠭᠡᠭᠰᠢᠯᠡᠭᠦᠯᠦᠨ᠂ ᠬᠦᠷᠦᠰᠦᠨ ᠤ ᠤᠰᠤ᠂ ᠪᠣᠷᠳᠣᠭᠤᠷ᠂ ᠬᠡᠢ᠂ ᠳᠤᠯᠠᠭᠠᠨ ᠤ ᠭᠡᠮᠵᠢᠶ᠎ᠠ ᠵᠡᠷᠭᠡ ᠡᠯᠧᠮᠧᠨ᠋ᠲ ᠢ ᠵᠤᠬᠢᠴᠠᠭᠤᠯᠵᠦ ᠴᠢᠳᠠᠨ᠎ᠠ᠃ 4. ᠬᠦᠯᠡᠮᠵᠢ᠂ ᠬᠦᠯᠡᠮᠵᠢ ᠶᠢᠨ ᠵᠢᠶᠠᠰᠠ ᠬᠢᠭᠡᠳ ᠲᠤᠰᠠᠯᠠᠬᠤ ᠲᠦᠭᠦᠭᠡᠷᠦᠮᠵᠢ ᠶᠢ ᠠᠷᠢᠭᠤᠳᠬᠠᠬᠤ᠄ ᠬᠦᠯᠡᠮᠵᠢ ᠶᠢᠨ ᠵᠢᠶᠠᠰᠠ᠂ ᠲᠡᠵᠢᠭᠡᠯ ᠤᠭᠤᠷ ᠵᠡᠷᠭᠡ ᠴᠢᠬᠢ ᠪᠤᠶᠢᠵᠢᠭᠤᠯᠬᠤ ᠪᠠᠭᠠᠵᠢ ᠬᠡᠷᠡᠭᠰᠡᠯ᠂ ᠦᠢᠯᠡᠳᠪᠦᠷᠢᠯᠡᠯ ᠤᠨ ᠪᠠᠭᠠᠵᠢ ᠬᠡᠷᠡᠭᠰᠡᠯ ᠢ ᠪᠣᠯ 1~2% ᠤᠨ ᠹᠤᠷᠮᠠᠯᠢᠨ ᠤ ᠠᠭᠤᠰᠤᠮᠠᠯ ᠢᠶᠠᠷ ᠵᠢᠭᠳᠡ ᠰᠦᠷᠴᠢᠵᠦ ᠠᠷᠢᠭᠤᠳᠬᠠᠬᠤ ᠪᠤᠶᠤ ᠤᠬᠢᠶᠠᠭᠰᠠᠨ ᠤ ᠳᠠᠷᠠᠭ᠎ᠠ ᠨᠢᠭᠲᠠ ᠪᠢᠲᠡᠭᠦᠮᠵᠢᠯᠡᠵᠦ ᠠᠷᠢᠭᠤᠳᠬᠠᠨ᠎ᠠ᠃ 5. ᠬᠦᠷᠦᠰᠦ ᠶᠢ ᠡᠮ ᠢᠶᠠᠷ ᠠᠷᠢᠭᠤᠳᠬᠠᠬᠤ᠄ ᠬᠥᠷᠥᠰᠥ ᠪᠠᠷ ᠳᠠᠮᠵᠢᠨ ᠬᠠᠯᠳᠠᠪᠤᠷᠢᠯᠠᠬᠤ ᠭᠡᠮ ᠤᠨ ᠬᠥᠨᠥᠭᠡᠯ ᠳᠤ ᠭᠤᠣᠯᠳᠠᠭᠤ ᠭᠤᠨᠢᠷᠠᠬᠤ ᠭᠡᠮ᠂ ᠬᠦᠬᠡ ᠪᠠᠷ ᠬᠤᠪᠠᠭ᠋ᠠᠶᠢᠷᠠᠬᠤ ᠭᠡᠮ᠂ ᠬᠤᠪᠠᠭ᠋ᠠᠶᠢᠷᠠᠨ ᠦᠬᠦᠰᠢᠷᠡᠬᠦ ᠭᠡᠮ ᠪᠠᠶᠢᠳᠠᠭ᠃ ᠡᠳᠡᠭᠡᠷ ᠭᠡᠮ ᠤᠨ ᠬᠥᠨᠥᠭᠡᠯ ᠢ ᠰᠡᠷᠭᠡᠶᠢᠯᠡᠨ ᠵᠠᠰᠠᠬᠤ ᠳᠤ ᠰᠠᠭᠤᠯᠭᠠᠬᠤ ᠠᠴᠠ ᠡᠮᠦᠨ᠎ᠡ ᠬᠠᠭᠠᠰ ᠰᠠᠷ᠎ᠠ ᠳᠤ᠂ ᠲᠠᠲᠠᠭᠠᠯ ᠰᠤᠪᠠᠭ ᠤᠨ ᠳᠠᠭᠠᠤ 100~200 ᠲᠠᠬᠢᠨ ᠤ ᠹᠤᠷᠮᠠᠯᠢᠨ ᠤ ᠠᠭᠤᠰᠤᠮᠠᠯ ᠢ ᠰᠦᠷᠴᠢᠵᠦ᠂ ᠳᠠᠷᠠᠭ᠎ᠠ ᠨᠢ ᠡᠲ᠋ᠧᠨ ᠤ ᠪᠦᠭᠡᠭᠡᠨᠡᠷᠡᠯ ᠰᠦᠯᠢᠶᠥᠦ ᠪᠦᠷᠬᠦᠬᠦᠯ ᠢᠶᠠᠷ 5 ᠡᠳᠦᠷ ᠳᠠᠷᠤᠵᠦ ᠠᠷᠢᠭᠤᠳᠬᠠᠨ᠎ᠠ᠃ 7 ᠡᠳᠦᠷ ᠪᠤᠯᠵᠦ ᠡᠮ ᠨᠢ ᠪᠦᠷᠢᠮᠦᠰᠦᠨ ᠠᠭᠤᠷᠰᠢᠭᠰᠠᠨ ᠤ ᠰᠡᠭᠦᠯᠡᠷ ᠰᠠᠭᠤᠯᠭᠠᠨ᠎ᠠ᠃ ᠪᠠᠰᠠ 50% ᠶᠢᠨ ᠳ᠋ᠦᠸᠧ ᠵᠢᠶᠦ᠋ᠨ ᠯᠢᠩ ︵多菌灵︶᠂ 50% ᠶᠢᠨ ᠲᠦᠸᠧ ᠪᠦ᠋ ᠶᠢᠨ ︵托布津︶ ᠵᠡᠷᠭᠡ ᠶᠢ ᠬᠥᠷᠥᠰᠥᠨ ᠳᠡᠭᠡᠷ᠎ᠡ ᠰᠦᠷᠴᠢᠵᠦ ᠪᠣᠯᠣᠨ᠎ᠠ᠃ |
|
|
|
ᠢᠷᠡᠯᠲᠡ᠄
ᠥᠪᠥᠷ ᠮᠣᠩᠭᠤᠯ ᠤᠨ ᠵᠠᠰᠠᠭ ᠤᠨ ᠣᠷᠳᠣᠨ
|