|
ᠢᠳᠡᠭᠡᠨ ᠤ ᠬᠤᠤᠷᠳᠠᠯ ᠤᠨ ᠲᠤᠬᠠᠢ ᠦᠢᠯᠠᠭᠠᠯᠳᠠ |
|
|
ᠨᠡᠶᠢᠲᠡᠯᠡᠭᠰᠡᠨ ᠴᠠᠭ᠄
2015/3/2
|
|
ᠢᠳᠡᠭᠡᠨ ᠤ ᠬᠤᠤᠷᠳᠠᠯ ᠭᠡᠳᠡᠭ ᠪᠤᠯ ᠬᠤᠤᠷ ᠬᠥᠨᠥᠭᠡᠯ ᠠᠭᠤᠯᠤᠭᠳᠠᠵᠤ ᠪᠥᠬᠦᠢ ᠢᠳᠡᠭᠡᠨ ᠢ ᠢᠳᠡᠭᠰᠡᠨ ᠪᠤᠶᠤ ᠬᠤᠤᠷ ᠬᠥᠨᠥᠭᠡᠯ ᠲᠠᠢ ᠵᠥᠢᠯ ᠢ ᠠᠳᠡᠬᠦᠷᠡᠨ ᠢᠳᠡᠭᠰᠡᠨ ᠤ ᠰᠡᠬᠦᠯᠡᠷ ᠬᠠᠯᠳᠠᠪᠤᠷᠢᠳᠤ ᠪᠤᠰᠤ ᠴᠢᠨᠠᠷᠳᠠᠢ ᠡᠪᠡᠳᠴᠢᠨ ᠭᠡᠮ ᠡᠬᠦᠰᠬᠦ ᠶᠢ ᠵᠢᠭᠠᠵᠤ ᠪᠠᠶᠢᠨ᠎ᠠ᠃ ᠡᠬᠦᠨ ᠢ ᠪᠠᠺᠲ᠋ᠧᠷᠢ ᠶᠢᠨ ᠴᠢᠨᠠᠷᠳᠠᠢ ᠢᠳᠡᠭᠡᠨ ᠤ ᠬᠤᠤᠷᠳᠠᠯ᠂ ᠵᠢᠩᠬᠢᠨᠢ ᠮᠥᠬᠦ ᠶᠢᠨ ᠴᠢᠨᠠᠷᠳᠠᠢ ᠢᠳᠡᠭᠡᠨ ᠤ ᠬᠤᠤᠷᠳᠠᠯ᠂ ᠬᠢᠮᠢ ᠶᠢᠨ ᠴᠢᠨᠠᠷᠳᠠᠢ ᠢᠳᠡᠭᠡᠨ ᠤ ᠬᠤᠤᠷᠳᠠᠯ ᠭᠡᠵᠤ ᠬᠤᠪᠢᠶᠠᠳᠠᠭ᠃ ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ ●ᠲᠠᠪᠤᠰᠤ ᠲᠠᠢ ᠱᠥᠯᠳᠤ ᠪᠠᠷ ᠪᠥᠭᠡᠯᠵᠢᠬᠦᠯᠬᠦ᠄ ᠬᠤᠤᠷᠳᠠᠯ ᠤᠨ ᠭᠡᠮᠵᠢᠶ᠎ᠡ ᠨᠢ ᠪᠠᠭ᠎ᠠ ᠪᠥᠭᠡᠳ ᠬᠤᠤᠷᠳᠤ ᠡᠳ᠋ ᠤᠤᠭᠤᠵᠤ ᠢᠳᠡᠭᠡᠳ 2 — 3 ᠴᠠᠭ ᠪᠤᠯᠵᠤ ᠪᠠᠶᠢᠭ᠎ᠠ ᠬᠤᠤᠷᠳᠠᠭᠳᠠᠭᠰᠠᠳ ᠢ ᠪᠤᠯ ᠠᠯᠢ ᠴᠢᠳᠠᠬᠤ ᠪᠠᠷ ᠲᠠᠪᠤᠰᠤ ᠲᠠᠢ ᠤᠰᠤ ᠢᠯᠡᠬᠦᠭᠡᠨ ᠤᠤᠭᠤᠯᠭᠠᠭᠰᠠᠨ ᠤ ᠰᠡᠬᠦᠯᠡᠷ᠂ ᠰᠠᠪᠬ᠎ᠠ ᠪᠤᠶᠤ ᠬᠤᠷᠤᠭᠤ ᠪᠠᠷ ᠢᠶᠠᠨ ᠭᠡᠥᠭᠡᠨ ᠭᠡᠯᠡ ᠶᠢ ᠨᠢ ᠬᠥᠭᠳᠡᠨ ᠤᠭᠰᠢᠭᠤᠯᠵᠤ ᠪᠥᠭᠡᠯᠵᠢᠬᠦᠯᠬᠦ ᠭᠡᠷᠡᠭᠳᠡᠢ᠃ ●ᠴᠢᠨᠠᠷ ᠨᠢ ᠬᠤᠪᠢᠷᠠᠭᠰᠠᠨ ᠵᠢᠭᠠᠰᠤ᠂ ᠰᠡᠮ ᠬᠤᠷᠤᠬᠠᠢ᠂ ᠨᠠᠢᠮᠠᠯᠵᠢ ᠵᠡᠷᠭᠡ ᠶᠢ ᠢᠳᠡᠭᠡᠳ ᠬᠤᠤᠷᠳᠠᠭᠰᠠᠨ ᠢᠳᠡᠭᠡᠨ ᠤ ᠬᠤᠤᠷᠳᠠᠯ ᠢ ᠲᠡᠷᠦ᠋ᠢᠬᠠᠨ ᠡᠮᠨᠡᠯᠭᠡ ᠳᠤ ᠬᠥᠷᠭᠡᠨ ᠡᠮᠨᠡᠬᠦᠯᠬᠦ ᠭᠡᠷᠡᠭᠳᠡᠢ᠃ ᠲᠤᠰᠬᠠᠢ ᠮᠡᠷᠭᠡᠵᠢᠯᠳᠡᠨ ᠤ ᠰᠠᠨᠠᠭᠤᠯᠤᠮᠵᠢ ◇ᠢᠳᠡᠭᠡᠨ ᠳᠤ ᠬᠤᠤᠷᠳᠠᠭᠰᠠᠨ ᠪᠤᠯ ᠬᠤᠤᠷᠳᠠᠭᠳᠠᠭᠰᠠᠳ ᠤᠨ ᠢᠳᠡᠭᠰᠡᠨ ᠢᠳᠡᠭᠡᠨ ᠤ ᠥᠯᠢᠭᠡᠷ ᠭᠡᠪ ᠢ ᠠᠯᠢ ᠴᠢᠳᠠᠬᠤ ᠪᠠᠷ ᠥᠯᠡᠳᠡᠭᠡᠨ ᠠᠪᠬᠤ ᠪᠠ ᠪᠥᠭᠡᠯᠵᠢᠰᠤ᠂ ᠢᠯᠭᠠᠳᠠᠰᠤ ᠶᠢ ᠨᠢ ᠥᠯᠡᠳᠡᠭᠡᠨ ᠠᠪᠴᠤ᠂ ᠰᠢᠯᠭᠠᠨ ᠪᠠᠶᠢᠴᠠᠭᠠᠬᠤ ᠳᠤ ᠭᠡᠷᠡᠭᠯᠡᠬᠦᠯᠬᠦ ᠭᠡᠷᠡᠭᠳᠡᠢ᠃ ◇ᠪᠤᠯᠭᠤᠭᠰᠠᠨ ᠲᠥᠬᠦᠭᠡᠢ ᠢᠳᠡᠭᠡᠨ ᠢ ᠠᠰ ᠠᠰ ᠲᠤᠨᠢ ᠰᠠᠯᠭᠠᠨ ᠲᠠᠯᠪᠢᠵᠤ᠂ ᠤᠰᠤᠨ ᠤ ᠭᠠᠷᠤᠯᠳᠠ ᠵᠢᠴᠢ ᠮᠢᠬᠠᠨ ᠤ ᠵᠥᠢᠯ ᠤᠨ ᠢᠳᠡᠭᠡᠨ ᠢ ᠬᠠᠭᠤᠷᠠᠵᠤ ᠪᠤᠯᠭᠤᠭᠰᠠᠨ ᠤ ᠰᠡᠬᠦᠯᠡᠷ ᠰᠠᠶ᠋ᠢ ᠢᠳᠡᠵᠤ ᠪᠤᠯᠤᠨ᠎ᠠ᠃ ◇ᠤᠮᠳᠠᠭᠠᠨ ᠤ ᠯᠤᠩᠬᠤᠨ ᠳᠤ ᠬᠢᠮᠢ ᠶᠢᠨ ᠵᠥᠢᠯ ᠢ ᠰᠠᠪᠠᠯᠠᠵᠤ ᠪᠤᠯᠬᠤ ᠥᠭᠡᠢ᠂ ᠬᠢᠮᠢ ᠶᠢᠨ ᠵᠥᠢᠯ ᠰᠠᠪᠠᠯᠠᠭᠰᠠᠨ ᠯᠤᠩᠬᠤᠨ ᠲᠡᠭᠡᠷ᠎ᠡ ᠢᠯᠡ ᠲᠤᠳᠤ ᠲᠡᠮᠳᠡᠭ ᠲᠠᠯᠪᠢᠬᠤ ᠶᠢᠨ ᠲᠠᠭᠠᠤ ᠨᠢᠭᠤᠴᠠ ᠲᠠᠯᠳᠠ ᠭᠠᠵᠠᠷ ᠬᠠᠳᠠᠭᠠᠯᠠᠵᠤ᠂ ᠭᠡᠥᠭᠡᠳ ᠰᠢᠬᠤᠳ ᠠᠳᠡᠬᠦᠷᠡᠨ ᠤᠤᠭᠤᠬᠤ ᠠᠴᠠ ᠬᠢᠴᠢᠶᠡᠬᠦ ᠭᠡᠷᠡᠭᠳᠡᠢ᠃ ◇ᠢᠳᠡᠭᠡᠨ ᠳᠤ ᠬᠤᠤᠷᠳᠠᠭᠰᠠᠨ ᠬᠥᠮᠥᠨ ᠢ ᠤᠯᠵᠤ ᠮᠡᠳᠡᠪᠡᠯ ᠡᠷᠭᠡᠪᠰᠢ ᠡᠮᠨᠡᠯᠭᠡ ᠳᠤ ᠲᠥᠷᠭᠡᠨ ᠬᠥᠷᠭᠡᠵᠤ ᠠᠪᠤᠷᠠᠯᠳᠠ ᠬᠢᠯᠭᠡᠬᠦ ᠭᠡᠷᠡᠭᠳᠡᠢ᠂ ᠲᠤᠷ᠎ᠠ ᠪᠠᠷ ᠢᠶᠠᠨ ᠡᠮ ᠤᠤᠭᠤᠯᠭᠠᠵᠤ ᠪᠤᠯᠬᠤ ᠥᠭᠡᠢ᠃ |
|
|
|
ᠢᠷᠡᠯᠲᠡ᠄
ᠦᠪᠦᠷ ᠮᠣᠩᠭᠤᠯ ᠤᠨ ᠵᠠᠰᠠᠭ ᠤᠨ ᠣᠷᠳᠤᠨ
|