|
ᠬᠤᠤᠷᠳᠠᠭᠳᠠᠬᠤ ᠠᠳᠡᠯ - ᠤᠷᠭᠠᠨᠢᠬ ᠬᠠᠶᠢᠯᠤᠭᠤᠯᠤᠭᠴᠢ ᠡᠳ᠋ ᠳᠤ ᠬᠤᠤᠷᠳᠠᠭᠳᠠᠬᠤ ᠶᠢ ᠰᠡᠷᠭᠡᠶᠢᠯᠡᠬᠦ ᠲᠤᠬᠠᠢ |
|
|
ᠨᠡᠶᠢᠲᠡᠯᠡᠭᠰᠡᠨ ᠴᠠᠭ᠄
2015/3/2
|
|
ᠤᠷᠭᠠᠨᠢᠬ ᠬᠠᠶᠢᠯᠤᠭᠤᠯᠤᠭᠴᠢ ᠡᠳ᠋ ᠪᠤᠯ ᠭᠤᠤᠯ ᠨᠢ ᠤᠰᠤᠨ ᠳᠤ ᠬᠢᠯᠪᠠᠷ ᠠᠭᠤᠰᠳᠠᠭ ᠥᠭᠡᠢ ᠲᠤᠰᠤ᠂ ᠮᠤᠳᠤᠨ ᠤ ᠲᠠᠪᠠᠷᠬᠠᠢ᠂ ᠪᠤᠳᠤᠬᠤ ᠮᠠᠲ᠋ᠧᠷᠢᠶᠠᠯ᠂ ᠯᠠ᠂ ᠨᠡᠬᠦᠷᠡᠰᠤ ᠤᠰᠤᠳᠦ᠋ᠷᠥᠭᠴᠢ ᠵᠡᠷᠭᠡ ᠤᠷᠭᠠᠨᠢᠬ ᠬᠢᠮᠢ ᠶᠢᠨ ᠨᠡᠶᠢᠯᠡᠯ ᠪᠤᠳᠠᠰ ᠤᠨ ᠰᠢᠩᠭᠡᠨ ᠢ ᠵᠢᠭᠠᠵᠤ ᠪᠤᠢ᠃ ᠡᠳᠡᠭᠡᠷ ᠪᠤᠳᠠᠰ ᠨᠢ ᠴᠥᠮ ᠬᠥᠮᠥᠨ ᠤ ᠪᠡᠶ᠎ᠡ ᠮᠠᠬᠠᠪᠤᠳ ᠢ ᠬᠤᠤᠷᠳᠠᠭᠤᠯᠳᠠᠭ᠃ ᠬᠠᠮᠤᠭ ᠤᠨ ᠪᠠᠶᠢᠡᠭᠭᠤ ᠬᠠᠷᠠᠭᠳᠠᠳᠠᠭ ᠨᠢ ᠪᠧᠨ᠋ᠽᠧᠨ᠂ ᠮᠧᠲ᠋ᠢᠯᠳᠤ ᠪᠧᠨ᠋ᠽᠢᠨ᠂ ᠺᠠᠰᠢᠯᠤᠯ᠂ ᠴᠢᠶ᠋ᠢᠤ᠂ ᠡᠲ᠋ᠠᠨ᠂ ᠡᠾᠯᠤᠷᠤᠹᠤᠷᠮ᠂ ᠡᠾᠯᠤᠷᠳᠤ ᠡᠲ᠋ᠠᠨ᠂ ᠡᠲ᠋ᠢᠯ ᠡᠲ᠋ᠧᠷ᠂ ᠮᠧᠲ᠋ᠢᠯ ᠠᠯᠺᠥᠥᠯ᠂ ᠠᠼᠧᠲ᠋ᠤᠨ᠂ ᠬᠥᠬᠦᠷᠯᠢᠭ ᠨᠡᠬᠦᠷᠡᠰᠥᠳᠦ᠋ᠷᠥᠭᠴᠢ ᠵᠡᠷᠭᠡ ᠪᠤᠯᠤᠨ᠎ᠠ᠃ ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ ●ᠬᠤᠤᠷᠳᠠᠯ ᠤᠨ ᠠᠳᠡᠯ ᠡᠬᠦᠰᠥᠭᠰᠡᠨ ᠭᠠᠵᠠᠷ ᠤᠷᠤᠨ ︵ᠢᠯᠠᠩᠭᠤᠶ᠎ᠠ ᠰᠠᠯᠬᠢᠨ ᠤ ᠲᠤᠤᠷ᠎ᠠ ᠲᠠᠯ᠎ᠠ ᠳᠤ ᠪᠠᠶᠢᠭ᠎ᠠ︶ ᠤ ᠬᠥᠮᠥᠰ ᠲᠠᠷᠦ᠋ᠢᠬᠠᠨ ᠵᠠᠶᠢᠯᠠᠬᠤ ᠪᠤᠶᠤ ᠲᠤᠬᠠᠢ ᠶᠢᠨ ᠭᠠᠵᠠᠷ ᠲᠠᠭᠠᠨ ᠪᠠᠷᠢᠯᠭ᠎ᠠ ᠶᠢᠨ ᠲᠤᠳᠤᠷ᠎ᠠ ᠲᠠᠯᠳᠠᠯᠠᠬᠤ ᠭᠡᠷᠡᠭᠳᠡᠢ᠃ ●ᠬᠤᠤᠷᠳᠠᠭᠳᠠᠭᠰᠠᠨ ᠬᠥᠮᠥᠨ ᠢ ᠱᠠᠯᠠᠪᠬᠠᠨ ᠰᠢᠨ᠎ᠡ ᠰᠤᠷᠭᠤᠭ ᠠᠭᠤᠷ ᠠᠮᠢᠰᠬᠤᠯ ᠲᠠᠢ ᠭᠠᠵᠠᠷ ᠲᠤ ᠰᠢᠯᠵᠢᠬᠦᠯᠵᠤ᠂ ᠪᠤᠬᠢᠷᠳᠤᠭᠰᠠᠨ ᠬᠤᠪᠴᠠᠰᠤ ᠬᠤᠨᠠᠷ ᠢ ᠨᠢ ᠲᠠᠶᠢᠴᠢᠵᠤ᠂ ᠶᠡᠭᠡ ᠭᠡᠮᠵᠢᠶ᠋ᠨᠨ ᠤ ᠴᠡᠪᠡᠷ ᠤᠰᠤ ᠪᠤᠶᠤ ᠰᠠᠪᠤᠩ ᠲᠠᠢ ᠤᠰᠤ ᠪᠠᠷ ᠪᠤᠬᠢᠷᠳᠤᠭᠰᠠᠨ ᠠᠷᠠᠰᠤ ᠬᠥᠷᠥᠰᠤ ᠶᠢ ᠨᠢ ᠰᠠᠶᠢᠳᠤᠷ ᠴᠡᠪᠡᠷᠯᠡᠨ ᠤᠬᠢᠶᠠᠬᠤ ᠶᠢᠨ ᠬᠠᠮᠳᠤ ᠲᠤᠯᠠᠭᠠᠬᠠᠨ ᠪᠠᠶᠢᠯᠭᠠᠬᠤ ᠭᠡᠷᠡᠭᠳᠡᠢ᠃ ᠨᠢᠳᠤ ᠪᠤᠬᠢᠷᠳᠤᠭᠰᠠᠨ ᠪᠤᠯ ᠴᠡᠪᠡᠷ ᠤᠰᠤ ᠪᠠᠷ ᠥᠷᠬᠦᠯᠵᠢᠯᠡᠨ ᠨᠠᠭᠠᠳᠤ ᠵᠠᠬ᠎ᠠ ᠶᠢᠨ 10 ᠮᠢᠨᠦ᠋ᠲ ᠠᠴᠠ ᠲᠡᠭᠡᠭᠰᠢ ᠵᠠᠶᠢᠯᠠᠨ ᠤᠬᠢᠶᠠᠬᠤ ᠭᠡᠷᠡᠭᠳᠡᠢ᠃ ●ᠲᠥᠷᠭᠡᠭᠡᠨ ᠡᠮᠨᠡᠯᠭᠡ ᠳᠤ ᠬᠥᠷᠭᠡᠨ ᠠᠪᠤᠷᠠᠯᠳᠠ ᠭᠢᠯᠭᠡᠬᠦ ᠪᠠ ᠡᠮᠴᠢᠯᠡᠭᠦᠯᠦᠨ᠎ᠡ᠃ ᠲᠤᠰᠬᠠᠢ ᠮᠡᠷᠭᠡᠵᠢᠯᠳᠡᠨ ᠤ ᠰᠠᠨᠠᠭᠤᠯᠤᠮᠵᠢ ◇ᠬᠤᠤᠷᠳᠠᠭᠳᠠᠭᠰᠠᠳ ᠢ ᠲᠠᠷᠦ᠋ᠢᠬᠠᠨ ᠰᠢᠨ᠎ᠡ ᠰᠤᠷᠭᠤᠭ ᠠᠭᠤᠷ ᠠᠮᠢᠰᠬᠤᠯ ᠲᠠᠢ ᠭᠠᠵᠠᠷ ᠲᠤ ᠰᠢᠯᠵᠢᠭᠦᠯᠤᠨᠠ᠃ ◇ᠬᠤᠤᠷᠳᠤ ᠪᠤᠳᠠᠰ ᠢ ᠲᠡᠷᠦ᠋ᠢᠬᠠᠨ ᠪᠠᠶᠢᠴᠠᠭᠠᠨ ᠲᠤᠳᠤᠯᠬᠤ ᠭᠡᠷᠡᠳᠡᠢ᠃ ◇ᠬᠤᠤᠷᠳᠤ ᠪᠤᠳᠠᠰ ᠲᠠᠢ ᠨᠢᠬᠳᠠ ᠤᠢᠢᠷᠠᠳᠤᠭᠰᠠᠨ ᠬᠥᠮᠥᠰ ᠢ ᠨᠢᠬᠳᠠ ᠠᠵᠢᠭᠯᠠᠨ ᠪᠠᠶᠢᠴᠠᠭᠠᠵᠤ᠂ ᠰᠠᠶᠢᠳᠤᠷ ᠠᠮᠠᠷᠠᠭᠠᠵᠤ᠂ ᠡᠪᠡᠳᠴᠢᠨ ᠬᠥᠳᠡᠯᠬᠦ ᠠᠴᠠ ᠰᠡᠷᠭᠡᠶᠢᠯᠡᠨ᠎ᠡ᠃ |
|
|
|
ᠢᠷᠡᠯᠲᠡ᠄
ᠦᠪᠦᠷ ᠮᠣᠩᠭᠤᠯ ᠤᠨ ᠵᠠᠰᠠᠭ ᠤᠨ ᠣᠷᠳᠤᠨ
|