ᠲᠠᠭᠢᠶ᠎ᠠ ᠶᠢ ᠤᠯᠠᠨ ᠦᠨᠳᠡᠭᠡᠯᠡᠭᠦᠯᠭᠦ ᠰᠢᠨ᠎ᠠ ᠠᠷᠭ᠎ᠠ
ᠨᠡᠶᠢᠲᠡᠯᠡᠭᠰᠡᠨ ᠴᠠᠭ᠄
2015/12/4

       ᠨᠢᠭᠡ᠂ ᠡᠮ  ᠢᠶᠠᠷ ᠤᠯᠠᠨ ᠦᠨᠳᠡᠭᠡᠯᠡᠭᠦ ᠠᠷᠭ᠎ᠠ᠄ ᠦᠨᠳᠡᠭᠡᠨ ᠲᠡᠭᠢᠶ᠎ᠠ  ᠶᠢ 150 ~ 200 ᠡᠳᠤᠷ᠂ 201 ~ 340 ᠡᠳᠤᠷ᠂ 341 ᠠᠴᠠ ᠲᠡᠭᠡᠭᠰᠢ ᠡᠳᠤᠷ ᠲᠠᠢ ᠪᠠᠷ 3 ᠱᠠᠳᠤ ᠦᠶ᠎ᠠ ᠬᠤᠪᠢᠶᠠᠵᠤ᠂ 9.2 ~10.8 ᠺᠢᠯᠦᠭᠷᠡᠮ ᠪᠦᠷᠢ ᠪᠤᠭᠤᠳᠠᠢ  ᠶᠢᠨ ᠠᠭ᠎ᠠ  ᠶᠢᠨ ᠪᠤᠷᠳᠤᠭᠠᠨ ᠳᠤ 40 ~ 45 ᠭᠷᠡᠮ ᠫᠷᠤᠫᠢᠯ ᠬᠤᠶᠠᠷᠴᠢ ᠭᠦᠴᠢᠯ᠂ 55 ~ 65 ᠭᠷᠡᠮ ᠬᠤᠪᠠ  ᠶᠢᠨ ᠭᠦᠴᠢᠯ ᠪᠤᠯᠤᠨ 3.5 ~4.0 ᠭᠷᠡᠮ ᠫᠢᠷᠢᠳᠢᠨ ᠠᠯᠺᠤᠤᠯ ᠡᠮ  ᠢ ᠨᠡᠮᠡᠵᠤ ᠦᠨᠳᠡᠭᠡᠨ ᠲᠠᠭᠢᠶ᠎ᠠ  ᠶᠢ ᠲᠡᠵᠢᠭᠡᠪᠡᠯ ᠦᠨᠳᠡᠭᠡᠯᠡᠯᠳᠡ ᠨᠢ 11% ᠪᠠᠷ ᠲᠡᠭᠡᠭᠰᠢᠯᠡᠭᠦ ᠮᠦᠷᠳᠡᠭᠡᠨ ᠪᠤᠷᠳᠤᠭᠠᠨ ᠳᠤ ᠴᠤ ᠠᠷᠪᠢᠳᠡᠢ ᠶᠤᠮ᠃
      ᠬᠤᠶᠠᠷ᠂ ᠦᠨᠤᠷᠳᠤ ᠤᠷᠭᠤᠮᠠᠯ  ᠢᠶᠠᠷ ᠤᠯᠠᠨ ᠦᠨᠳᠡᠭᠡᠯᠡᠭᠦᠯᠭᠦ ᠠᠷᠭ᠎ᠠ᠄  ᠦᠨᠳᠡᠭᠡᠨ ᠲᠠᠭᠢᠶᠠᠨ  ᠤ ᠦᠨᠳᠡᠭᠡᠯᠡᠭᠦᠯᠭᠦ ᠬᠤᠭᠤᠴᠠᠭᠠᠨ ᠳᠤ 10%  ᠶᠢᠨ ᠪᠤᠷᠳᠤᠭ᠎ᠠ ᠳᠤᠨᠢ ᠦᠨᠤᠷᠳᠤ ᠤᠷᠭᠤᠮᠠᠯ  ᠤᠨ ᠵᠤᠶᠢᠯ  ᠢ ᠨᠡᠮᠡᠨ᠎ᠠ᠂ ᠵᠢᠱᠢᠶᠡᠯᠡᠪᠡᠯ ᠰᠤᠩᠭᠢᠨ᠎ᠠ᠂ ᠭᠤᠭᠤᠳ᠂ ᠬ᠋ᠨ᠂ ᠴᠤᠭᠤᠷ ᠨᠤᠭᠤᠭ᠎ᠠ᠂ ᠰᠠᠷᠢᠮᠰᠠᠭ ᠵᠡᠷᠭᠡ  ᠶᠢ ᠵᠤᠭᠢᠬᠤ ᠭᠡᠮᠵᠢᠶ᠎ᠠ ᠪᠠᠷ ᠵᠢᠭᠳᠡ ᠨᠡᠮᠡᠵᠤ ᠲᠠᠭᠢᠶ᠎ᠠ ᠪᠠᠨ ᠲᠡᠵᠢᠭᠡᠪᠡᠯ ᠦᠨᠳᠡᠭᠡᠯᠡᠯᠳᠡ ᠨᠢ 10% ᠪᠠᠷ ᠲᠡᠭᠡᠭᠰᠢᠯᠡᠭᠦ ᠪᠤᠯᠤᠨ᠎ᠠ᠃
      ᠭᠤᠷᠪᠡ᠂ ᠦᠯᠦᠰᠭᠡᠵᠤ ᠪᠠᠶᠢᠭᠠᠳ ᠤᠯᠠᠨ ᠦᠨᠳᠡᠭᠡᠯᠡᠭᠦᠯᠭᠦ ᠠᠷᠭ᠎ᠠ᠄ ᠦᠨᠳᠡᠭᠡᠨ ᠲᠠᠭᠢᠶ᠎ᠠ  ᠶᠢ ᠦᠨᠳᠡᠭᠡᠯᠡᠭᠦ ᠠᠴᠠ ᠡᠮᠦᠨ᠎ᠠ ᠨᠢᠭᠡ ᠰᠠᠷ᠎ᠠ  ᠶᠢᠨ ᠲᠤᠳᠤᠷ᠎ᠠ᠂ ᠡᠭᠢᠨ  ᠤ ᠭᠠᠷᠠᠭ ᠠᠴᠠ ᠲᠡᠵᠢᠭᠡᠯ  ᠢ ᠨᠢ ᠠᠭᠠᠵᠢᠮ  ᠢᠶᠠᠷ ᠬᠠᠰᠤᠵᠤ᠂ ᠶᠠᠷᠦᠳᠡ  ᠶᠢᠨ ᠢᠳᠡᠰᠢᠯᠡᠭᠦ ᠭᠡᠮᠵᠢᠶᠠᠨ  ᠤ 20%  ᠶᠢᠨ ᠲᠤᠳᠤᠷ᠎ᠠ ᠭᠢᠵᠠᠭᠠᠷᠯᠠᠭᠠᠳ ᠤᠰᠤ ᠪᠠᠷ ᠭᠤᠤᠯ ᠪᠤᠯᠭᠠᠵᠤ ᠲᠠᠭᠢᠶ᠎ᠠ ᠪᠠᠨ ᠦᠯᠦᠰᠭᠦᠯᠡᠩ ᠪᠤᠯᠭᠠᠨ᠎ᠠ᠃ ᠲᠡᠭᠡᠭᠡᠳ ᠰᠠᠷ᠎ᠠ ᠪᠤᠯᠤᠠᠠᠰᠠᠨ  ᠤ ᠲᠠᠷᠠᠭ᠎ᠠ ᠲᠡᠵᠢᠭᠡᠯ  ᠢ ᠨᠢ ᠠᠭᠠᠵᠢᠮ  ᠢᠶᠠᠷ ᠨᠡᠮᠡᠭᠳᠡᠭᠦᠯᠦᠨ ᠶᠠᠷᠦᠳᠡ  ᠶᠢᠨ ᠢᠳᠡᠰᠢᠯᠡᠭᠦ ᠭᠡᠮᠵᠢᠶᠠᠨ ᠳᠤ ᠭᠦᠷᠭᠦ ᠲᠠᠢ ᠵᠡᠷᠭᠡ ᠲᠠᠭᠢᠶ᠎ᠠ ᠲᠠᠷᠤᠢ ᠦᠨᠳᠡᠭᠡᠯᠡᠭᠦ ᠬᠤᠭᠤᠴᠠᠭᠠᠨ ᠳᠤ ᠤᠷᠤᠨ᠎ᠠ᠂ ᠢᠡᠭᠭᠢᠪᠡᠯ ᠲᠠᠭᠢᠶ᠎ᠠ  ᠶᠢᠨ ᠦᠨᠳᠡᠭᠡᠯᠡᠯᠳᠡ  ᠶᠢ 30% ᠤᠷᠴᠢᠮ  ᠢᠶᠠᠷ ᠲᠡᠭᠡᠭᠰᠢᠯᠡᠭᠦᠯᠵᠤ ᠲᠠᠶᠢᠯᠦᠨ᠎ᠠ᠃
      ᠲᠦᠷᠪᠡ᠂ ᠶᠠᠩᠭ᠍ᠵᠤ ᠪᠦᠷᠢ  ᠶᠢᠨ ᠦᠡᠭᠭᠡ ᠭᠠᠷᠭᠠᠵᠤ ᠤᠯᠠᠨ ᠦᠨᠳᠡᠭᠡᠯᠡᠭᠦᠯᠭᠦ ᠠᠷᠭ᠎ᠠ᠄ ᠲᠠᠭᠢᠶᠠᠨ  ᠤ ᠢᠳᠡᠰᠢᠯᠡᠭᠦ ᠤᠡᠭᠭᠤᠴᠠᠨ ᠲᠡᠭᠡᠷ᠎ᠠ ᠶᠠᠩᠵᠤ ᠪᠦᠷᠢ  ᠶᠢᠨ ᠦᠡᠭᠭᠡ ᠭᠠᠷᠭᠠᠪᠠᠯ ᠲᠠᠭᠢᠶᠠᠨ  ᠤ ᠢᠳᠡᠰᠢᠯᠡᠭᠦ ᠲᠤᠷᠠᠰᠢᠯ  ᠢ ᠨᠡᠮᠡᠭᠳᠡᠭᠦᠯᠵᠤ᠂ ᠦᠨᠳᠡᠭᠡᠯᠡᠯᠳᠡ  ᠶᠢ ᠨᠢ10% ᠪᠠᠷ ᠲᠡᠭᠡᠭᠰᠢᠯᠡᠭᠦᠯᠵᠤ ᠴᠢᠳᠠᠨ᠎ᠠ᠃
      ᠲᠠᠪᠤ᠂ ᠴᠠᠭᠢᠯᠭᠠᠨ ᠭᠦᠶᠦᠯᠭᠡᠵᠤ ᠤᠯᠠᠨ ᠦᠨᠳᠡᠭᠡᠯᠡᠭᠦᠯᠭᠦ ᠠᠷᠭ᠎ᠠ᠄ ᠲᠤᠷᠰᠢᠯᠳᠠ  ᠶᠢ ᠦᠨᠳᠦᠰᠦᠯᠡᠪᠡᠯ᠂ 50 ~ 70 ᠸᠤᠯᠲ  ᠤᠨ ᠭᠦᠴᠦᠳᠡᠯ ᠲᠠᠢ ᠡᠶᠡᠷᠭᠦ ᠰᠦᠭᠡᠷᠭᠦ ᠬᠤᠶᠠᠷ ᠲᠤᠶᠢᠯ  ᠢ ᠲᠤᠰ ᠲᠤᠰ ᠲᠠᠭᠢᠶᠠᠨ  ᠤ ᠭᠠᠳᠠᠷ ᠪᠡᠶ᠎ᠠ ᠪᠤᠶᠤ ᠦᠨᠳᠡᠭᠡᠨ  ᠤ ᠪᠤᠯᠴᠢᠷᠬᠠᠢ  ᠶᠢᠨ ᠭᠡᠰᠡᠭ ᠲᠤ ᠨᠠᠭᠠᠯᠳᠤᠭᠤᠯᠤᠨ ᠲᠠᠭᠠᠷᠠᠭᠤᠯᠤᠠᠠᠰᠠᠨ  ᠤ ᠲᠠᠷᠠᠭ᠎ᠠ 3 ᠰᠧᠺᠦ᠋ᠨᠳ᠋ ᠴᠠᠭᠢᠯᠭᠠᠨ ᠲᠠᠮᠵᠢᠭᠤᠯᠵᠤ 1 ᠰᠧᠺᠦ᠋ᠨᠳ᠋ ᠠᠮᠠᠷᠠᠭᠤᠯᠤᠭᠠᠳ ᠲᠠᠭᠢᠨ 3 ᠰᠧᠺᠦ᠋ᠨᠳ᠋ ᠴᠠᠭᠢᠯᠭᠠᠨ ᠲᠠᠮᠵᠢᠭᠤᠯᠪᠠᠯ ᠲᠠᠭᠢᠶᠠᠨ  ᠤ ᠦᠨᠳᠡᠭᠡᠯᠡᠯᠳᠡ  ᠶᠢ ᠲᠡᠭᠡᠭᠰᠢᠯᠡᠭᠦᠯᠭᠦ ᠮᠦᠷᠳᠡᠭᠡᠨ ᠲᠠᠭᠢᠶᠠᠨ  ᠤ ᠦᠨᠳᠡᠭᠡᠯᠡᠭᠦ ᠬᠤᠭᠤᠴᠠᠭ᠎ᠠ  ᠶᠢ ᠴᠤ ᠤᠷᠳᠤᠰᠬᠠᠨ᠎ᠠ᠃
       ᠵᠢᠷᠭᠤᠭ᠎ᠠ᠂ ᠭᠡᠷᠡᠯ ᠲᠤᠰᠬᠠᠵᠤ ᠤᠯᠠᠨ ᠦᠨᠳᠡᠭᠡᠯᠡᠭᠦᠯᠭᠦ ᠠᠷᠭ᠎ᠠ᠄ ᠲᠠᠭᠢᠶᠠᠨ  ᠤ ᠦᠨᠳᠡᠭᠡᠯᠡᠭᠦ ᠬᠤᠭᠤᠴᠠᠭ᠎ᠠ ᠳᠤ᠂ ᠺᠦᠪ ᠮᠧᠲᠷ ᠪᠦᠷᠢ ᠳᠤ 3~ 4 ᠸᠠᠲ  ᠤᠨ ᠨᠠᠷᠠᠨ ᠳ᠋ᠸᠡᠭ ᠲᠠᠭᠠᠷᠠᠭᠤᠯᠵᠤ᠂ ᠦᠷᠯᠦᠭᠡ ᠡᠷᠳᠡ ᠠᠴᠠ ᠡᠭᠢᠯᠡᠨ ᠭᠡᠷᠡᠯ ᠲᠤᠰᠬᠠᠨ᠎ᠠ᠃ 20 ᠭᠠᠷᠠᠭ ᠪᠤᠯᠤᠠᠠᠰᠠᠨ ᠲᠠᠭᠢᠶᠠᠨ ᠳᠤ ᠡᠳᠤᠷ ᠪᠦᠷᠢ 10 ᠴᠠᠭ᠂ 20 ᠭᠠᠷᠠᠭ ᠠᠴᠠ ᠲᠡᠭᠡᠭᠰᠢ ᠪᠤᠯᠤᠠᠠᠰᠠᠨ ᠲᠠᠭᠢᠶᠠᠨ ᠳᠤ ᠭᠡᠷᠡᠯ ᠲᠤᠰᠬᠠᠬᠤ ᠴᠠᠭ  ᠢ   ᠨᠢ ᠠᠭᠠᠵᠢᠮ  ᠢᠶᠠᠷ ᠤᠷᠳᠤᠰᠬᠠᠵᠤ᠂ 33 ᠳ᠋ᠤᠭᠠᠷ ᠭᠠᠷᠠᠭ ᠠᠴᠠ ᠦᠨᠳᠡᠭᠡᠯᠡᠭᠦ ᠬᠤᠭᠤᠴᠠᠭ᠎ᠠ ᠨᠢ ᠲᠠᠭᠤᠰᠳᠠᠯ᠎ᠠ ᠡᠳᠤᠷ ᠪᠦᠷᠢ 16 ~ 18 ᠴᠠᠭ ᠲᠤᠰᠬᠠᠬᠤ  ᠶᠢ ᠪᠠᠳᠤᠯᠠᠪᠠᠯ᠂ ᠭᠡᠷᠡᠯ  ᠤᠨ ᠰᠡᠳᠦᠯᠳᠡ ᠳᠤ ᠦᠨᠳᠡᠭᠡᠨ ᠲᠠᠭᠢᠶ᠎ᠠ ᠤᠤᠯ  ᠤᠨ ᠬᠢ ᠠᠴᠠ ᠪᠠᠨ ᠢᠯᠡᠭᠦᠤ ᠦᠨᠳᠡᠭᠡᠯᠡᠭᠦ ᠪᠤᠯᠤᠨ᠎ᠠ᠃
      ᠲᠤᠯᠤᠭ᠎ᠠ᠂ ᠭᠡᠷᠡᠯᠳᠦᠭᠦᠯᠵᠤ ᠬᠠᠷᠠᠩᠭᠤᠶᠢᠯᠠᠵᠤ ᠪᠠᠶᠢᠭᠠᠳ ᠤᠯᠠᠨ ᠦᠨᠳᠡᠭᠡᠯᠡᠭᠦᠯᠭᠦ ᠠᠷᠭ᠎ᠠ᠄ ᠦᠨᠳᠡᠭᠡᠨ ᠲᠠᠭᠢᠶ᠎ᠠ ᠳᠤ 2 ᠴᠠᠭ ᠭᠡᠷᠡᠯ ᠦᠵᠡᠭᠦᠯᠦᠭᠰᠡᠨ  ᠤ ᠲᠠᠷᠠᠭ᠎ᠠ ᠲᠠᠭᠢᠨ ᠬᠠᠷᠠᠩᠭᠤᠢ ᠡᠭᠦᠷ ᠲᠤ 6 ᠴᠠᠭ ᠬᠤᠷᠢᠨ᠎ᠠ᠂ ᠢᠡᠭᠭᠢᠪᠡᠯ ᠦᠨᠳᠡᠭᠡᠨ ᠲᠠᠭᠢᠶ᠎ᠠ ᠤᠯᠠᠨ ᠦᠨᠳᠡᠭᠡᠯᠡᠭᠦ ᠮᠦᠷᠳᠡᠭᠡᠨ ᠦᠨᠳᠡᠭᠡ  ᠶᠢᠨ ᠶᠡᠭᠡ ᠪᠠᠭ᠎ᠠ ᠨᠢ ᠴᠤ ᠵᠢᠭᠳᠡ ᠪᠤᠯᠤᠨ᠎ᠠ᠃
      ᠨᠠᠢᠮᠡ᠂ ᠭᠦᠢᠳᠡᠨ ᠤᠰᠤ ᠤᠤᠭᠤᠯᠭᠠᠵᠤ ᠤᠯᠠᠨ ᠦᠨᠳᠡᠭᠡᠯᠡᠭᠦᠯᠭᠦ ᠠᠷᠭ᠎ᠠ᠄ ᠵᠤᠨ  ᠤ ᠤᠯᠠᠷᠢᠯ ᠳᠤ ᠦᠨᠳᠡᠭᠡᠨ ᠲᠠᠭᠢᠶ᠎ᠠ ᠳᠤ ᠭᠦᠢᠳᠡᠨ ᠤᠰᠤ ᠢᠯᠡᠭᠦᠭᠡᠨ ᠤᠤᠭᠤᠯᠭᠠᠪᠠᠯ ᠢᠳᠡᠰᠢᠯᠡᠭᠦ ᠲᠤᠷᠠᠰᠢᠯ  ᠢ ᠨᠢ ᠨᠡᠮᠡᠭᠳᠡᠭᠦᠯᠵᠤ᠂ ᠦᠨᠳᠡᠭᠡᠯᠡᠯᠳᠡ  ᠶᠢ ᠨᠢ 12% ᠤᠷᠴᠢᠮ  ᠢᠶᠠᠷ ᠲᠡᠭᠡᠭᠰᠢᠯᠡᠭᠦᠯᠭᠦ ᠪᠤᠯᠤᠨ᠎ᠠ᠃
      ᠶᠢᠰᠤ᠂ ᠬᠠᠯᠠᠭᠤᠨ  ᠢ ᠪᠠᠭᠤᠷᠠᠭᠤᠯᠵᠤ ᠤᠯᠠᠨ ᠦᠨᠳᠡᠭᠡᠯᠡᠭᠦᠯᠭᠦ ᠠᠷᠭ᠎ᠠ᠄ ᠦᠨᠳᠡᠭᠡᠨ ᠲᠠᠭᠢᠶ᠎ᠠ  ᠶᠢᠨ ᠰᠡᠴᠢᠭ  ᠤᠨ ᠦᠵᠦᠭᠦᠷ ᠲᠤ ᠨᠢᠭᠡᠨ ᠭᠡᠢ  ᠶᠢᠨ ᠬᠤᠭᠤᠯᠠᠢ ᠲᠠᠭᠠᠷᠠᠭᠤᠯᠵᠤ ᠭᠦᠢᠳᠡᠨ ᠭᠡᠢ ᠬᠠᠨᠭ᠍ᠭᠠᠪᠠᠯ ᠲᠠᠭᠢᠶᠠᠨ  ᠤ ᠲᠤᠯᠤᠭᠠᠢ  ᠶᠢᠨ ᠭᠡᠰᠡᠭ  ᠤᠨ ᠬᠠᠯᠠᠭᠤᠨ ᠨᠢ ᠪᠠᠭᠤᠷᠠᠵᠤ᠂ ᠦᠨᠳᠡᠭᠡᠯᠡᠯᠳᠡ ᠨᠢ 25% ᠤᠷᠴᠢᠮ  ᠢᠶᠠᠷ ᠲᠡᠭᠡᠭᠰᠢᠯᠡᠭᠦ ᠪᠤᠯᠤᠨ᠎ᠠ᠃
    ᠠᠷᠪᠡ᠂ ᠲᠠᠷᠢᠯᠭ᠎ᠠ ᠲᠠᠷᠢᠵᠤ ᠤᠯᠠᠨ ᠦᠨᠳᠡᠭᠡᠯᠡᠭᠦᠯᠭᠦ ᠠᠷᠭ᠎ᠠ᠄ ᠦᠨᠳᠡᠭᠡᠨ ᠲᠠᠭᠢᠶᠠᠨ  ᠤ ᠡᠪᠴᠢᠭᠦᠨ  ᠤ ᠭᠡᠰᠡᠭ  ᠤᠨ ᠪᠤᠯᠴᠢᠩ ᠮᠢᠬᠠᠨ ᠳᠤᠨᠢ 0.1 ~ 0.2 ᠮᠢᠯᠢᠯᠢᠲᠷ ︽ᠭᠤᠷᠮᠤᠰᠤᠨ ᠬᠤᠷᠮᠤᠨ︾  ᠤ ᠲᠠᠷᠢᠯᠭ᠎ᠠ ᠲᠠᠷᠢᠪᠠᠯ ᠦᠨᠳᠡᠭᠡᠯᠡᠯᠳᠡ ᠨᠢ 15% ᠪᠠᠷ ᠲᠡᠭᠡᠭᠰᠢᠯᠡᠭᠦ ᠪᠤᠯᠤᠨ᠎ᠠ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
Baidu
map