|
| ᠴᠤᠷᠪᠠᠭ᠎ᠠ ᠶᠢᠨ ᠡᠷᠡᠭᠴᠢᠨ ᠡᠮᠡᠭᠴᠢᠨ ᠢ ᠢᠯᠭᠠᠬᠤ ᠠᠷᠭ᠎ᠠ |
|
|
ᠨᠡᠶᠢᠲᠡᠯᠡᠭᠰᠡᠨ ᠴᠠᠭ᠄
2015/12/4
|
|
ᠨᠢᠭᠡ᠂ ᠦᠳᠤ ᠪᠠᠷ ᠨᠢ ᠢᠯᠭᠠᠵᠤ ᠲᠠᠨᠢᠬᠤ᠄ ᠴᠤᠷᠪᠠᠭ᠎ᠠ ᠶᠢ ᠪᠠᠷᠢᠵᠤ ᠲᠠᠯᠠᠪᠴᠢ ᠶᠢ ᠨᠢ ᠢᠷᠡᠵᠤ ᠦᠳᠤ ᠶᠢ ᠨᠢ ᠲᠤᠭᠠᠯᠠᠨᠠ᠂ ᠭᠡᠷᠪᠡ ᠦᠳᠤ ᠨᠢ ᠲᠠᠩ ᠲᠤᠭ᠎ᠠ ᠭᠠᠷᠴᠤ᠂ ᠤᠷᠳᠤ ᠰᠢᠭ᠋ ᠪᠠᠶᠢᠪᠠᠯ ᠲᠠᠷᠤᠢ ᠡᠮᠡᠭᠴᠢᠨ ᠪᠤᠯᠤᠨ᠎ᠠ᠂ ᠡᠭᠦᠨ ᠠᠴᠠ ᠦᠭᠡᠷ᠎ᠠ ᠪᠤᠯ ᠲᠠᠷᠤᠢ ᠡᠷᠡᠭᠴᠢᠨ ᠪᠤᠯᠤᠨ᠎ᠠ᠃ ᠬᠤᠶᠠᠷ᠂ ᠭᠠᠳᠠᠷ ᠲᠠᠯ᠎ᠠ ᠠᠴᠠ ᠨᠢ ᠦᠵᠡᠵᠤ ᠢᠯᠭᠠᠨ ᠲᠠᠨᠢᠬᠤ᠄ ᠡᠮᠡᠭᠴᠢᠨ ᠴᠤᠷᠪᠠᠭ᠎ᠠ ᠶᠢᠨ ᠲᠤᠯᠤᠭᠠᠢ ᠨᠢ ᠪᠠᠭ᠎ᠠ᠂ ᠪᠡᠶ᠎ᠠ ᠨᠢ ᠪᠦᠭᠡᠷᠡᠩᠭᠡᠢ᠂ ᠭᠦᠯ ᠨᠢ ᠨᠠᠷᠢᠨ᠂ ᠲᠡᠭᠦᠨᠴᠢᠯᠡᠨ ᠡᠮᠡᠭᠴᠢᠨ ᠴᠤᠷᠪᠠᠭ᠎ᠠ ᠶᠢᠨ ᠠᠮᠠ ᠪᠤᠯᠤᠨ ᠭᠦᠯ ᠤᠨ ᠭᠡᠰᠡᠭ ᠨᠢ ᠴᠦᠮ ᠤᠬᠤᠷ ᠪᠠᠶᠢᠳᠠᠭ᠃ ᠭᠡᠳᠡᠯ᠎ᠡ ᠡᠷᠡᠭᠴᠢᠨ ᠴᠤᠷᠪᠠᠭ᠎ᠠ ᠶᠢᠨ ᠲᠤᠯᠤᠭᠠᠢ ᠨᠢ ᠶᠡᠭᠡ᠂ ᠪᠡᠶ᠎ᠠ ᠨᠢ ᠶᠡᠭᠡ᠂ ᠭᠦᠯ ᠨᠢ ᠪᠦᠳᠦᠭᠦᠨ᠂ ᠠᠮᠠ ᠪᠤᠯᠤᠨ ᠭᠦᠯ ᠨᠢ ᠪᠦᠷ ᠤᠷᠳᠤ ᠪᠠᠶᠢᠳᠠᠭ᠃ ᠭᠤᠷᠪᠡ᠂ ᠭᠦᠳᠡᠯᠦᠯ ᠪᠠᠷᠢᠯ ᠢᠶᠠᠷ ᠨᠢ ᠢᠯᠭᠠᠨ ᠲᠠᠨᠢᠬᠤ᠄ ᠡᠮᠡᠭᠴᠢᠨ ᠴᠤᠷᠪᠠᠭ᠎ᠠ ᠶᠢᠨ ᠶᠠᠪᠤᠬᠤ ᠨᠢ ᠤᠳᠠᠭᠠᠨ᠂ ᠰᠤᠯᠪᠢᠴᠠᠨ ᠠᠯᠬᠤᠳᠠᠭ᠂ ᠬᠤᠶᠠᠷ ᠭᠦᠯ ᠠᠴᠠ ᠨᠢ ᠪᠠᠷᠢᠵᠤ᠂ ᠲᠡᠭᠦᠵᠢᠯᠡᠪᠡᠯ ᠲᠤᠯᠤᠭᠠᠢ ᠨᠢ ᠡᠮᠦᠨᠡᠰᠢ ᠪᠠᠨ ᠲᠡᠭᠰᠢ ᠰᠤᠠᠵᠤ᠂ ᠬᠤᠶᠠᠷ ᠲᠠᠯᠠᠪᠴᠢ ᠨᠢ ᠲᠤᠷ᠎ᠡ ᠪᠠᠷ ᠭᠦᠳᠡᠯᠳᠡᠭ ᠦᠭᠡᠢ︔ ᠭᠡᠳᠡᠯ᠎ᠠ ᠡᠷᠡᠭᠴᠢᠨ ᠴᠤᠷᠪᠠᠭ᠎ᠠ ᠶᠢᠨ ᠶᠠᠪᠤᠬᠤ ᠨᠢ ᠪᠤᠰᠢᠭᠤ᠂ ᠲᠡᠭᠰᠢᠭᠡᠨ ᠠᠯᠬᠤᠨ᠎ᠠ᠂ ᠬᠤᠶᠠᠷ ᠭᠦᠯ ᠠᠴᠠ ᠨᠢ ᠪᠠᠷᠢᠵᠤ ᠲᠡᠭᠦᠵᠢᠯᠡᠪᠡᠯ ᠲᠤᠯᠤᠭᠠᠢ ᠨᠢ ᠮᠤᠷᠤᠶᠢᠵᠤ ᠴᠡᠭᠡᠵᠢᠨ ᠪᠡᠶ᠎ᠠ ᠳᠤᠨᠢ ᠭᠦᠷᠴᠤ᠂ ᠬᠤᠶᠠᠷ ᠲᠠᠯᠠᠪᠴᠢ ᠨᠢ ᠲᠤᠷ᠎ᠠ ᠪᠠᠷ ᠭᠦᠳᠡᠯᠳᠡᠭ᠃ ᠲᠦᠷᠪᠡ᠂ ᠬᠤᠰᠭᠢᠨᠠᠭ ᠤᠨ ᠠᠮᠠᠰᠠᠷ ᠢᠶᠠᠷ ᠨᠢ ᠢᠯᠠᠭᠠᠨ ᠲᠠᠨᠢᠬᠤ᠄ ᠡᠮᠡᠭᠴᠢᠨ ᠴᠤᠷᠪᠠᠭ᠎ᠠ ᠶᠢᠨ ᠬᠤᠰᠭᠢᠨᠠᠭ ᠤᠨ ᠠᠮᠠᠰᠠᠷ ᠨᠢ ᠭᠤᠳᠤᠶᠢᠵᠤ ᠤᠷᠤᠠᠠᠰᠠᠨ ᠪᠦᠭᠡᠳ ᠰᠤᠨᠵᠤ ᠠᠪᠴᠢᠬᠤ ᠨᠢ ᠤᠳᠠᠭᠠᠨ ᠮᠦᠷᠳᠡᠭᠡᠨ ᠪᠠᠭ᠎ᠠ ᠪᠠᠶᠢᠳᠠᠭ᠂ ᠬᠤᠰᠭᠢᠨᠠᠭ ᠤᠨ ᠭᠠᠳᠠᠷ ᠲᠤᠳᠤᠷ ᠲᠤᠨᠢ ᠤᠨᠴᠠᠭᠠᠢ ᠲᠤᠳᠤ ᠮᠡᠳᠡᠭᠳᠡᠮ᠎ᠠ ᠭᠦᠳᠦᠭᠦᠷ ᠬᠤᠳᠤᠭᠤᠷ ᠭᠠᠵᠠᠷ ᠦᠭᠡᠢ ᠪᠠᠶᠢᠳᠠᠭ᠃ ᠭᠡᠳᠡᠯ᠎ᠠ ᠡᠷᠡᠭᠴᠢᠨ ᠴᠤᠷᠪᠠᠭ᠎ᠠ ᠶᠢᠨ ᠬᠤᠰᠭᠢᠨᠠᠭ ᠤᠨ ᠠᠮᠠᠰᠠᠷ ᠤᠨ ᠰᠤᠠᠵᠤ ᠠᠪᠴᠢᠬᠤ ᠨᠢ ᠲᠦᠷᠭᠡᠨ ᠮᠦᠷᠳᠡᠭᠡᠨ ᠭᠦᠴᠤ ᠲᠠᠢ᠂ ᠲᠤᠳᠤᠷ ᠲᠠᠯ᠎ᠠ ᠳᠤᠨᠢ ᠤᠨᠴᠠᠭᠠᠢ ᠮᠡᠳᠡᠭᠳᠡᠮ᠎ᠠ ᠵᠢᠵᠢᠭ ᠮᠦᠭᠦᠯᠢᠭᠳᠦ ᠭᠡᠯᠪᠡᠷᠢ ᠶᠢᠨ ᠦᠷᠡᠵᠢᠯ ᠤᠨ ᠡᠷᠭᠡᠳᠡᠨ ︵ᠡᠨᠡ ᠨᠢ ᠦᠨᠳᠡᠭᠡᠨ ᠠᠴᠠ ᠨᠡᠪᠴᠢᠵᠤ ᠭᠠᠷᠤᠠᠠᠰᠠᠨ 24 ᠴᠠᠭ ᠤᠨ ᠲᠤᠳᠤᠷᠠᠭᠢ ᠨᠢᠯᠬ᠎ᠠ ᠴᠤᠷᠪᠠᠭ᠎ᠠ ᠶᠢ ᠢᠯᠭᠠᠵᠤ ᠲᠠᠨᠢᠬᠤ ᠠᠷᠭ᠎ᠠ ᠪᠤᠯᠤᠨ᠎ᠠ︶ ᠲᠠᠢ ᠶᠤᠮ᠃ |
|
|
|
ᠢᠷᠡᠯᠲᠡ᠄
ᠦᠪᠦᠷ ᠮᠣᠩᠭᠤᠯ ᠤᠨ ᠵᠠᠰᠠᠭ ᠤᠨ ᠣᠷᠳᠤᠨ
|