ᠲᠠᠭᠢᠶᠠᠨ ᠭᠢᠵᠢᠭ ᠢ ᠰᠡᠷᠭᠡᠶᠢᠯᠡᠨ ᠵᠠᠰᠠᠬᠤ
ᠨᠡᠶᠢᠲᠡᠯᠡᠭᠰᠡᠨ ᠴᠠᠭ᠄
2015/12/4

       ᠲᠠᠭᠢᠶᠠᠨ ᠭᠢᠵᠢᠭ  ᠢ ︵ᠲᠠᠭᠢᠶᠠᠨ ᠮᠢᠯᠵᠡᠩ︶ ᠪᠠᠰᠠ ᠠᠽᠢᠶ᠎ᠠ  ᠶᠢᠨ ᠲᠠᠭᠢᠶᠠᠨ ᠭᠢᠵᠢᠭ ᠭᠡᠳᠡᠭ᠂ ᠲᠠᠷᠠ ᠨᠢ ᠲᠠᠭᠢᠶᠠᠨ ᠭᠢᠵᠢᠭ  ᠤᠨ ᠭᠡᠮ ᠬᠤᠤᠷᠳᠠᠯ ᠠᠴᠠ ᠡᠭᠦᠰᠦᠭᠰᠡᠨ ᠲᠦᠷᠭᠡᠨ ᠴᠢᠨᠠᠷᠳᠡᠢ ᠲᠡᠭᠡᠳᠤ ᠭᠡᠮᠵᠢᠶᠠᠨ   ᠤ ᠭᠦᠷᠦᠯᠴᠡᠭᠦᠶᠢᠴᠡ ᠬᠠᠯᠳᠠᠪᠤᠷᠢᠳᠤ ᠭᠡᠮ ᠪᠤᠯᠤᠨ᠎ᠠ᠃ ᠭᠤᠤᠯ ᠪᠤᠯᠬᠤ ᠢᠯᠡᠷᠡᠯ ᠭᠡᠪᠡᠯ ᠠᠮᠢᠰᠬᠤᠯ ᠲᠠᠪᠬᠤᠴᠠᠬᠤ᠂ ᠴᠢᠴᠠᠭ᠎ᠠ ᠠᠯᠳᠠᠬᠤ᠂ ᠮᠡᠳᠡᠷᠡᠯ  ᠤᠨ ᠠᠵᠢᠯᠯᠠᠭ᠎ᠠ ᠨᠢ ᠰᠠᠮᠠᠭᠤᠷᠠᠬᠤ᠂ ᠰᠠᠯᠢᠰᠤᠳᠤ ᠪᠦᠷᠭᠦᠪᠴᠢ ᠪᠤᠯᠤᠨ  ᠡᠭᠡᠳᠡᠩ ᠪᠦᠷᠭᠦᠪᠴᠢ ᠠᠴᠠ ᠨᠢ ᠴᠢᠰᠤ ᠭᠠᠷᠤᠨ᠎ᠠ᠃
      ᠴᠣᠷᠪᠠᠭ᠎ᠠ ᠳᠤ ᠠᠮᠠᠷᠬᠠᠨ ᠬᠠᠯᠳᠠᠪᠤᠷᠢᠯᠠᠳᠠᠭ᠂ ᠵᠢᠯ  ᠤᠨ ᠲᠦᠷᠪᠡᠨ ᠤᠯᠠᠷᠢᠯ ᠳᠤ ᠴᠦᠮ ᠡᠭᠦᠰᠳᠡᠭ ᠪᠤᠯᠪᠠᠴᠤ ᠬᠠᠪᠤᠷ ᠨᠠᠮᠤᠷ  ᠤᠨ ᠤᠯᠠᠷᠢᠯ ᠳᠤ ᠨᠡᠯᠢᠶᠡᠳ ᠠᠷᠪᠢᠨ ᠡᠭᠦᠰᠳᠡᠭ ᠪᠠᠶᠢᠨ᠎ᠠ᠃ ᠭᠤᠤᠯᠳᠠᠭᠤ ᠠᠮᠢᠰᠬᠤᠯ  ᠤᠨ ᠰᠦᠪᠡ ᠪᠤᠯᠤᠨ ᠲᠡᠵᠢᠭᠡᠯ ᠪᠤᠯᠪᠠᠰᠤᠷᠠᠭᠤᠯᠬᠤ ᠰᠠᠮᠰᠢᠭᠤ ᠪᠠᠷ ᠲᠠᠮᠵᠢᠨ ᠬᠠᠯᠳᠠᠪᠤᠷᠢᠯᠠᠳᠠᠭ᠃ ᠰᠢᠨᠵᠢ ᠲᠡᠮᠳᠡᠭ ᠭᠢᠭᠡᠳ ᠵᠠᠳᠠᠯᠤᠨ ᠪᠠᠶᠢᠴᠠᠭᠠᠠᠠᠰᠠᠨ ᠬᠤᠪᠢᠷᠠᠯᠳᠠ ᠭᠡᠪᠡᠯ᠂ ᠠᠮᠢᠰᠬᠤᠯ ᠲᠠᠪᠬᠤᠴᠠᠬᠤ᠂ ᠦᠷᠭᠦᠯᠵᠢ ᠭᠦᠵᠦᠭᠦᠤ ᠪᠠᠨ ᠰᠤᠩᠭᠤᠨ ᠠᠮᠠ ᠪᠠᠨ ᠠᠩᠭᠠᠶᠢᠵᠤ ᠠᠮᠢᠰᠬᠤᠯᠯᠠᠬᠤ ᠪᠦᠭᠡᠳ ︽ᠭᠦ᠋ ᠭᠦ᠋︾ ᠭᠡᠭᠦ ᠲᠠᠭᠤ ᠭᠠᠷᠳᠠᠭ᠂ ᠵᠠᠪᠠᠵᠢ ᠠᠴᠠ ᠨᠢ ᠠᠷᠪᠢᠨ ᠨᠢᠯᠴᠠᠭᠠᠢ ᠡᠳ᠋ ᠭᠤᠭᠤᠵᠢᠵᠤ᠂ ᠨᠤᠭᠤᠭᠠᠪᠳᠤᠷ ᠦᠮᠡᠭᠡᠢ ᠰᠢᠩᠭᠡᠨ  ᠢᠶᠠᠷ ᠪᠠᠭᠠᠰᠤ  ᠠᠯᠳᠠᠨ᠎ᠠ᠃ ᠰᠡᠭᠦᠯᠴᠢ  ᠶᠢᠨ ᠬᠤᠭᠤᠴᠠᠭᠠᠨ ᠳᠤ ᠵᠠᠷᠢᠮ ᠳᠤᠨᠢ ᠮᠡᠳᠡᠷᠡᠯ  ᠤᠨ ᠰᠢᠨᠵᠢ ᠲᠡᠮᠳᠡᠭ ᠢᠯᠡᠷᠡᠵᠤ᠂ ᠲᠠᠯᠠᠪᠴᠢ ᠨᠢ ᠲᠤᠭᠤᠠᠠᠰᠢ ᠤᠨᠵᠢᠢᠨ᠂ ᠭᠦᠳᠡᠯᠭᠦ ᠨᠢ ᠵᠤᠭᠢᠴᠠᠯ ᠦᠭᠡᠢ ᠪᠤᠯᠵᠤ᠂ ᠠᠳᠡ ᠲᠠᠨᠳᠡ ᠲᠠᠠᠳᠡᠷ ᠲᠦᠨᠳᠡᠷ ᠠᠯᠬᠤᠵᠤ᠂ ᠡᠷᠭᠢᠭᠦ ᠪᠤᠶᠤ ᠲᠤᠯᠤᠭᠠᠢ ᠪᠠᠨ ᠨᠢᠭᠡ ᠲᠠᠰᠢ ᠬᠠᠵᠠᠶᠢᠯᠭᠠᠳᠠᠭ ᠪᠠᠶᠢᠨ᠎ᠠ᠃ ᠵᠠᠳᠠᠯᠤᠨ ᠪᠠᠶᠢᠴᠠᠭᠠᠠᠠᠰᠠᠨ ᠳᠤ ᠪᠦᠭᠦ ᠪᠡᠶ᠎ᠠ  ᠶᠢᠨ ᠰᠠᠯᠢᠰᠤᠳᠤ ᠪᠦᠷᠭᠦᠪᠴᠢ ᠠᠴᠠ ᠨᠢ ᠴᠢᠰᠤ ᠭᠠᠷᠤᠠᠠᠰᠠᠨ ᠪᠠᠶᠢᠪᠠ︔ ᠪᠤᠯᠴᠢᠷᠬᠠᠶᠢᠳᠤ  ᠬᠤᠳᠤᠭᠤᠳᠤᠨ ᠤ ᠡᠪᠡᠷᠯᠢᠭ ᠲᠠᠪᠬᠤᠷᠭ᠎ᠠ  ᠶᠢᠨ ᠲᠤᠤᠷ᠎ᠠ ᠪᠠᠰᠠ ᠦᠷᠭᠦᠯᠵᠢ ᠴᠢᠰᠤᠨ ᠲᠤᠯᠪᠤ ᠢᠯᠡᠷᠡᠨ᠎ᠡ︔ ᠨᠠᠷᠢᠨ ᠭᠡᠳᠡᠰᠤ᠂ ᠤᠯᠤᠭᠠᠢ ᠳᠤᠨᠢ ᠶᠡᠭᠡ ᠪᠠᠭ᠎ᠠ ᠨᠢ ᠠᠳᠠᠯᠢ ᠪᠤᠰᠤ ᠴᠢᠰᠤ ᠭᠠᠷᠤᠠᠠᠰᠠᠨ ᠴᠢᠭ ᠲᠠᠢ︔ ᠤᠯᠤᠭᠠᠢ  ᠶᠢᠨ ᠭᠦᠢᠯᠡᠰᠤᠨ ᠪᠤᠯᠴᠢᠷᠬᠠᠢ ᠨᠢ ᠬᠠᠪᠤᠳᠴᠤ᠂ ᠴᠢᠰᠤ ᠭᠠᠷᠬᠤ ᠪᠠ ᠦᠭᠦᠵᠢᠮᠡᠯ ᠪᠠᠶᠢᠳᠠᠯ ᠲᠠᠢ ᠪᠤᠯᠳᠠᠭ᠃
       ᠴᠢᠬᠤᠯᠠᠴᠢᠯᠠᠭᠤᠰᠢᠳᠠᠢ ᠨᠢ ᠭᠡᠪᠡᠯ᠂ ᠭᠢᠵᠢᠭ ᠠᠴᠠ ᠭᠡᠯᠳᠦᠷᠢᠭᠦᠯᠦᠭᠰᠡᠨ ᠴᠤᠷᠪᠠᠭ᠎ᠠ ᠳᠤ ᠨᠡᠶᠢᠳᠡᠯᠢᠭ ᠪᠤᠰᠤ ᠭᠡᠯᠪᠡᠷᠢ  ᠶᠢᠨ ᠲᠠᠭᠢᠶᠠᠨ ᠭᠢᠵᠢᠭ ᠡᠭᠦᠰᠭᠦ ᠪᠤᠯ ᠨᠢᠭᠡᠨᠳᠡ ᠲᠡᠯᠡᠭᠡᠢ  ᠶᠢᠨ ᠴᠢᠨᠠᠷᠳᠡᠢ ᠨᠢᠭᠡᠨ ᠠᠶᠤᠮᠰᠢᠠᠠᠳᠤ ᠲᠠᠯᠳᠠ ᠭᠡᠮ ᠪᠤᠯᠵᠠᠢ᠂ ᠴᠤᠷᠪᠠᠭ᠎ᠠ ᠦᠷᠭᠦᠯᠵᠢ ᠳᠡᠭᠡᠨ ᠠᠮᠢᠰᠬᠤᠯ  ᠤᠨ ᠰᠦᠪᠡ  ᠶᠢᠨ ᠰᠢᠨᠵᠢ ᠲᠡᠮᠳᠡᠭ ᠪᠤᠯᠤᠨ ᠵᠠᠷᠢᠮ ᠲᠠᠭᠢᠶᠠᠨ  ᠤ ᠮᠡᠳᠡᠷᠡᠯ  ᠤᠨ ᠰᠢᠨᠵᠢ ᠲᠡᠮᠳᠡᠭ  ᠤᠨ ᠤᠠᠴᠠᠯᠢᠭ  ᠢᠶᠠᠷ ᠢᠯᠡᠷᠡᠭᠦ ᠪᠤᠯᠬᠤᠷ ᠵᠠᠳᠠᠯᠤᠨ ᠪᠠᠶᠢᠴᠠᠭᠠᠭᠠᠳ ᠨᠡᠶᠢᠳᠡᠯᠢᠭ ᠭᠡᠯᠪᠡᠷᠢ  ᠶᠢᠨ ᠲᠠᠭᠢᠶᠠᠨ ᠭᠢᠵᠢᠭ  ᠤᠨ ᠭᠡᠮ  ᠤᠨ ᠬᠤᠪᠢᠷᠠᠯ ᠦᠭᠡᠢ ᠪᠤᠯ ᠲᠡᠭᠡᠳᠤ ᠭᠡᠮᠵᠢᠶ᠎ᠠ ᠪᠠᠷ ᠴᠢᠬᠤᠯᠠᠴᠢᠯᠠᠨ ᠦᠵᠡᠪᠡᠯ ᠵᠤᠭᠢᠨ᠎ᠠ᠃
       ᠰᠡᠷᠭᠡᠶᠢᠯᠡᠭᠦ ᠳᠤ ᠤᠳᠤᠬᠠᠨ ᠳᠤ ᠲᠠᠶᠢᠮᠤ ᠰᠠᠶᠢᠨ ᠡᠮᠨᠡᠨ ᠵᠠᠰᠬᠤ ᠡᠮᠳᠤ ᠪᠤᠳᠠᠰ ᠭᠡᠵᠤ ᠪᠠᠶᠢᠬᠤ ᠦᠭᠡᠢ ᠶᠤᠮ᠃ ᠲᠤᠰ ᠭᠡᠮ  ᠢ ᠰᠡᠷᠭᠡᠶᠢᠯᠡᠭᠦ ᠳᠤ ᠮᠠᠯ ᠡᠮᠨᠡᠯᠭᠡ  ᠶᠢᠨ ᠭᠢᠵᠢᠭ ᠰᠡᠷᠭᠡᠶᠢᠯᠡᠭᠦ ᠲᠦᠷᠢᠮ ᠲᠤᠠᠠᠳᠠᠭᠠᠯ  ᠢ ᠴᠢᠩᠭ᠎ᠠ ᠭᠡᠷᠡᠭᠵᠢᠭᠦᠯᠦᠭᠰᠡᠨ  ᠤ ᠤᠷᠢᠳᠠᠯ ᠲᠤᠤᠷ᠎ᠠ᠂ ᠸᠠᠺᠼᠢᠨ  ᠤ ᠲᠠᠷᠢᠯᠭ᠎ᠠ  ᠶᠢ ᠵᠠᠪᠳᠤᠵᠤ ᠲᠠᠷᠢᠬᠤ ᠭᠡᠷᠡᠭᠳᠡᠢ᠃ ᠮᠢᠬᠠᠨ  ᠤ ᠭᠡᠷᠡᠭᠯᠡᠭᠦᠨᠳᠤ ᠴᠤᠷᠪᠠᠭ᠎ᠠ ᠳᠤ ᠶᠠᠷᠤ ᠳᠡᠭᠡᠨ 7 ~ 10 ᠡᠳᠤᠷ ᠪᠤᠶᠤ 4 ᠭᠠᠷᠠᠭ ᠪᠤᠯᠬᠤ ᠪᠦᠷᠢ ᠳᠤ ᠲᠤᠰᠪᠤᠷᠢ ᠨᠢᠭᠡ ᠤᠳᠠᠭ᠎ᠠ ᠸᠠᠺᠼᠢᠨ  ᠤ ᠲᠠᠷᠢᠯᠭ᠎ᠠ ᠲᠠᠷᠢᠵᠤ ᠪᠤᠯᠤᠨ᠎ᠠ᠂ ᠪᠠᠰᠠ Lasota ᠸᠠᠺᠼᠢᠨ ᠪᠤᠶᠤ C30 ᠶᠢᠨ ᠰᠢᠰᠲ᠋ᠧᠮᠳᠤ ᠸᠠᠺᠼᠢᠨ  ᠢ ᠰᠤᠩᠭᠤᠨ ᠭᠡᠷᠡᠭᠯᠡᠵᠤ ᠨᠢᠳᠤ ᠪᠠ ᠬᠠᠮᠠᠷ ᠲᠤᠨᠢ ᠲᠤᠰᠤᠭᠠᠬᠤ ᠠᠷᠭ᠎ᠠ ᠪᠠᠷ ᠭᠢᠵᠢᠭ ᠠᠴᠠ ᠭᠡᠯᠳᠦᠷᠢᠭᠦᠯᠵᠤ ᠪᠤᠯᠤᠨ᠎ᠠ᠃ ᠲᠤᠮᠳᠠ  ᠶᠢᠨ ᠴᠤᠷᠪᠠᠭ᠎ᠠ  ᠶᠢ ᠪᠠᠰᠠ ᠠᠭᠤᠷᠰᠢᠭᠤᠯᠬᠤ᠂ ᠤᠰᠤᠯᠠᠬᠤ ᠠᠷᠭ᠎ᠠ ᠪᠠᠷ ᠭᠢᠵᠢᠭ ᠠᠴᠠ ᠭᠡᠯᠳᠦᠷᠢᠭᠦᠯᠵᠤ ᠪᠤᠯᠳᠠᠭ᠃ ᠭᠢᠵᠢᠭ  ᠤᠨ ᠴᠢᠭ ᠲᠤ ᠠᠩᠬᠠᠨ  ᠤ ᠰᠡᠷᠭᠡᠶᠢᠯᠡᠯᠳᠡ  ᠶᠢ ᠤᠷᠢᠳᠴᠢᠯᠠᠨ 1 ~ 3 ᠡᠳᠤᠷ  ᠤᠨ ᠡᠮᠦᠨ᠎ᠠ ᠭᠢᠨ᠎ᠠ᠂ ᠨᠢᠳᠤ ᠪᠤᠶᠤ ᠬᠠᠮᠠᠷ ᠲᠤ ᠲᠤᠰᠤᠭᠠᠬᠤ ᠠᠷᠭ᠎ᠠ  ᠶᠢ ᠠᠪᠴᠤ ᠭᠢᠵᠢᠭ ᠠᠴᠠ ᠭᠡᠯᠳᠦᠷᠢᠭᠦᠯᠳᠡᠭ ᠯᠡ ᠶᠤᠮ ᠪᠤᠯ᠂ ᠡᠭᠡ  ᠶᠢᠨ ᠡᠰᠡᠷᠭᠦ ᠪᠠᠶ᠎ᠠ ᠳᠤ ᠤᠰᠠᠳᠬᠤ ᠠᠴᠠ ᠡᠮᠦᠨ᠎ᠠ᠂ ᠴᠤᠷᠪᠠᠭ᠎ᠠ  ᠶᠢᠨ ᠠᠮᠢᠰᠬᠤᠯ  ᠤᠨ ᠰᠦᠪᠡ  ᠶᠢᠨ ᠵᠠᠷᠢᠮ ᠭᠡᠰᠡᠭ ᠨᠢ ᠬᠠᠷᠢᠨ ᠭᠢᠵᠢᠭ ᠠᠴᠠ ᠭᠡᠯᠳᠦᠷᠢᠭᠦ ᠪᠤᠯᠤᠨ᠎ᠠ᠃ ᠦᠨᠳᠡᠯᠡᠭᠦ ᠲᠠᠭᠢᠶ᠎ᠠ  ᠶᠢ ᠡᠭᠦᠷ ᠲᠤᠨᠢ ᠤᠷᠤᠭᠤᠯᠬᠤ ᠠᠴᠠ ᠡᠮᠦᠨ᠎ᠠ ᠲᠠᠭᠢᠶ᠎ᠠ ᠪᠦᠷᠢ  ᠶᠢᠨ ᠭᠦᠵᠦᠭᠦᠨ  ᠤ ᠡᠮᠦᠨ᠎ᠠ ᠭᠡᠰᠡᠭ  ᠤᠨ ᠠᠷᠠᠰᠤᠨ ᠳᠤ ᠨᠢ 0.5 ᠮᠢᠯᠢᠯᠢᠲᠷ ᠲᠠᠭᠢᠶᠠᠨ ᠭᠢᠵᠢᠭ  ᠤᠨ ᠲᠤᠰᠤᠯᠢᠭ ᠡᠳ᠋  ᠤᠨ ᠢᠳᠡᠪᠭᠢ ᠦᠭᠡᠶᠢᠳᠡᠭᠦᠯᠭᠦ ᠸᠠᠺᠼᠢᠨ  ᠢ ᠵᠡᠭᠦᠯᠡᠪᠡᠯ᠂ ᠪᠦᠭᠦᠯᠢ ᠨᠢᠭᠡ ᠵᠢᠯ  ᠤᠨ ᠭᠢᠵᠢᠭ ᠠᠴᠠ ᠭᠡᠯᠳᠦᠷᠢᠭᠦᠯᠭᠦ ᠬᠠᠮᠠᠭᠠᠯᠠᠯᠳᠠ  ᠶᠢᠨ ᠦᠢᠯᠡᠳᠦᠯ ᠲᠠᠢ ᠶᠤᠮ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
Baidu
map