ᠲᠠᠭᠢᠶᠠᠨ ᠤ ᠬᠠᠯᠳᠠᠪᠤᠷᠢᠳᠤ ᠰᠠᠯᠪᠤᠷᠢ ᠮᠦᠭᠡᠷᠰᠤᠨ ᠬᠤᠭᠤᠯᠠᠢ  ᠶᠢᠨ ᠦᠷᠪᠢᠰᠦᠯ  ᠢ ᠰᠡᠷᠭᠡᠶᠢᠯᠡᠨ ᠵᠠᠰᠠᠬᠤ
ᠨᠡᠶᠢᠲᠡᠯᠡᠭᠰᠡᠨ ᠴᠠᠭ᠄
2015/12/4

      ᠲᠠᠭᠢᠶᠠᠨ  ᠤ ᠬᠠᠯᠳᠠᠪᠤᠷᠢᠳᠤ ᠰᠠᠯᠪᠤᠷᠢ ᠮᠦᠭᠡᠷᠰᠤᠨ ᠬᠤᠭᠤᠯᠠᠢ  ᠶᠢᠨ ᠦᠷᠪᠢᠰᠦᠯ ︵ᠪᠦᠭᠡᠷᠡᠨ ᠭᠡᠯᠪᠡᠷᠢ ᠪᠡ ᠪᠤᠯᠴᠢᠷᠬᠠᠶᠢᠳᠤ ᠭᠡᠯᠪᠡᠷᠢ ᠪᠠᠭᠳᠠᠨ᠎ᠠ︶ ᠪᠤᠯ ᠨᠢᠭᠡ ᠵᠤᠶᠢᠯ  ᠤᠨ ᠲᠦᠷᠭᠡᠨ ᠮᠦᠷᠳᠡᠭᠡᠨ ᠲᠡᠭᠡᠳᠤ ᠭᠡᠮᠵᠢᠶᠠᠨ  ᠤ ᠭᠦᠷᠦᠯᠴᠡᠭᠦᠶᠢᠴᠡ ᠴᠢᠨᠠᠷ ᠪᠠ ᠸᠢᠷᠦ᠋ᠰ ᠴᠢᠨᠠᠷᠳᠡᠢ ᠲᠠᠭᠢᠶᠠᠨ  ᠤ ᠬᠠᠯᠳᠠᠪᠤᠷᠢᠳᠤ ᠭᠡᠮ ᠪᠤᠯᠤᠨ᠎ᠠ᠃ ᠭᠠᠭᠴᠠ ᠲᠠᠭᠢᠶ᠎ᠠ ᠳᠤ ᠯᠡ ᠡᠭᠦᠰᠳᠡᠭ᠃ 40 ᠡᠳᠤᠷ  ᠤᠨ ᠲᠠᠭᠢᠶᠠᠨ ᠳᠤ ᠠᠷᠪᠢᠨ ᠡᠭᠦᠰᠦᠨ᠎ᠠ᠂ ᠡᠭᠦᠨ ᠳᠤ ᠴᠤᠷᠪᠠᠭ᠎ᠠ ᠳᠤ ᠪᠤᠯ ᠬᠠᠮᠤᠭ ᠠᠴᠠ ᠭᠦᠨᠳᠤ ᠨᠤᠴᠢᠳᠠᠢ ᠲᠤᠰᠳᠠᠭ᠂ ᠦᠭᠦᠯᠳᠡ ᠨᠢ ᠴᠤ 80% ~ 90% ᠳᠤ ᠭᠦᠷᠦᠨ᠎ᠠ᠃ ᠲᠤᠰ ᠭᠡᠮ ᠨᠢ ᠠᠮᠢᠰᠬᠤᠯ  ᠤᠨ ᠵᠠᠮ  ᠢᠶᠠᠷ ᠲᠠᠮᠵᠢᠨ ᠬᠠᠯᠳᠠᠪᠤᠷᠢᠯᠠᠬᠤ ᠪᠠᠷ ᠭᠤᠤᠯᠳᠠᠵᠤ᠂ ᠠᠭᠠᠷ  ᠤᠨ ᠦᠰᠦᠷᠦᠯᠭᠡᠨ  ᠢᠶᠠᠷ ᠴᠤ ᠲᠠᠮᠵᠢᠵᠤ ᠬᠠᠯᠳᠠᠪᠤᠷᠢᠯᠠᠳᠠᠭ᠃ ᠲᠤᠬᠠᠶᠢᠯᠠᠪᠠᠯ ᠲᠡᠯᠢᠭᠦᠤ᠂ ᠹᠠᠱᠢ ᠤᠭᠤᠳᠠᠯᠢᠭ ᠨᠢ ᠠᠪᠴᠢᠵᠤ ᠨᠡᠩ ᠴᠤ ᠲᠤᠪᠤᠶᠢᠮ᠎ᠠ ᠪᠤᠯᠳᠠᠭ᠃    
        ᠤᠷᠢᠳᠴᠢᠯᠠᠨ ᠰᠡᠷᠭᠡᠶᠢᠯᠡᠭᠦ᠄ ᠡᠮᠴᠢᠯᠡᠭᠡᠨ  ᠤ ᠠᠴᠢ ᠲᠤᠰᠠᠳᠠᠢ ᠡᠮᠳᠤ ᠪᠤᠳᠠᠰ ᠪᠠᠶᠢᠬᠤ ᠦᠭᠡᠢ᠃ ᠲᠤᠰ ᠭᠡᠮ  ᠢ ᠤᠷᠢᠳᠴᠢᠯᠠᠨ ᠰᠡᠷᠭᠡᠶᠢᠯᠡᠭᠦ ᠭᠤᠤᠯ ᠠᠷᠭ᠎ᠠ ᠭᠡᠮᠵᠢᠶ᠎ᠠ ᠪᠤᠯ ᠸᠠᠺᠼᠢᠨ  ᠤ ᠲᠠᠷᠢᠯᠭ᠎ᠠ ᠲᠠᠷᠢᠬᠤ  ᠶᠢᠨ ᠲᠠᠭᠠᠤ ᠡᠷᠡᠭᠦᠯ ᠬᠠᠮᠠᠭᠠᠯᠠᠯ  ᠤᠨ ᠠᠷᠢᠭᠤᠳᠬᠠᠬᠤ ᠠᠵᠢᠯ  ᠢ ᠰᠠᠶᠢᠳᠤᠷ ᠭᠢᠭᠦ ᠭᠡᠷᠡᠭᠳᠡᠢ᠃ ᠭᠢᠵᠢᠭ ᠠᠴᠠ ᠭᠡᠯᠳᠦᠷᠢᠭᠦᠯᠭᠦ ᠳᠤ ᠶᠠᠷᠤ ᠳᠡᠭᠡᠨ 7 ~ 10 ᠡᠳᠤᠷ ᠪᠤᠯᠤᠠᠠᠰᠠᠨ ᠴᠤᠷᠪᠠᠭ᠎ᠠ ᠳᠤ H120 ᠶᠢᠨ ᠬᠤᠤᠷᠳᠠᠯ  ᠢᠶᠠᠷ ᠪᠠᠭ᠎ᠠ ᠸᠠᠺᠼᠢᠨ  ᠢ ᠨᠢᠳᠤ ᠪᠠ ᠬᠠᠮᠠᠷ ᠲᠤᠨᠢ ᠲᠤᠰᠤᠭᠠᠨ᠎ᠠ᠂ 2 ~ 3 ᠭᠠᠷᠠᠭ ᠠᠯᠤᠰᠯᠠᠭᠠᠳ ᠲᠠᠭᠢᠨ H52 ᠤᠨ ᠸᠠᠺᠼᠢᠨ  ᠢ ᠨᠢᠳᠤ ᠪᠠ ᠬᠠᠮᠠᠷ ᠲᠤᠨᠢ ᠨᠢᠭᠡ ᠤᠳᠠᠭ᠎ᠠ ᠲᠤᠰᠤᠭᠠᠨ᠎ᠠ᠃ ᠲᠤᠰ ᠭᠡᠮ  ᠤᠨ ᠬᠤᠶᠠᠷ ᠭᠦᠨᠦᠭᠡᠯ ᠭᠦᠨᠳᠤ ᠨᠤᠴᠢᠳᠠᠢ ᠤᠷᠤᠰᠢᠵᠤ ᠪᠦᠭᠦᠢ ᠭᠢᠵᠢᠭ  ᠤᠨ ᠴᠢᠭ ᠲᠤ ᠠᠩᠬᠠᠨ  ᠤ ᠰᠠᠷᠭᠡᠶᠢᠯᠡᠯᠳᠡ  ᠶᠢ ᠨᠢᠭᠡ ᠡᠳᠤᠷ ᠤᠷᠢᠳᠴᠢᠯᠠᠨ ᠭᠢᠵᠤ ᠪᠤᠯᠤᠨ᠎ᠠ᠃ ᠭᠡᠭᠦ ᠳᠡᠭᠡᠨ ᠨᠢᠳᠤ ︵ᠭᠤᠤᠯ ᠪᠤᠯᠭᠠᠨ᠎ᠠ︶ ᠪᠠ ᠬᠠᠮᠠᠷ ᠲᠤ ᠲᠤᠰᠤᠭᠠᠬᠤ ᠠᠷᠭ᠎ᠠ ᠭᠡᠮᠵᠢᠶ᠎ᠠ ᠠᠪᠤᠪᠠᠯ᠂ ᠡᠷᠳᠡ  ᠶᠢᠨ ᠬᠤᠭᠤᠴᠠᠭᠠᠨ ᠳᠤ ᠡᠭᠦᠰᠦᠭᠰᠡᠨ ᠠᠮᠢᠰᠬᠤᠯ  ᠤᠨ ᠵᠠᠮ ᠰᠦᠪᠡ  ᠶᠢᠨ ᠭᠡᠰᠡᠭ ᠲᠤ ᠭᠢᠵᠢᠭ ᠠᠴᠠ ᠭᠡᠯᠳᠦᠷᠢᠭᠦᠯᠭᠦ ᠳᠤ ᠬᠠᠪᠰᠤᠷᠤᠮᠵᠢ ᠪᠤᠯᠤᠨ᠎ᠠ᠃ ᠪᠠᠰᠠ ᠬᠠᠯᠳᠠᠪᠤᠷᠢᠳᠤ ᠮᠦᠭᠡᠷᠰᠦᠨ ᠬᠤᠭᠤᠯᠠᠢ  ᠶᠢᠨ ᠦᠷᠪᠢᠰᠦᠯ ᠭᠢᠭᠡᠳ ᠲᠠᠭᠢᠶᠠᠨ ᠭᠢᠵᠢᠭ ᠬᠤᠶᠠᠷ  ᠢ ᠨᠡᠶᠢᠯᠡᠭᠦᠯᠦᠭᠰᠡᠨ ᠸᠠᠺᠼᠢᠨ  ᠢ ᠭᠡᠷᠡᠭᠯᠡᠵᠤ ᠭᠢᠵᠢᠭ ᠠᠴᠠ ᠭᠡᠯᠳᠦᠷᠢᠭᠦᠯᠵᠤ ᠪᠤᠯᠤᠨ᠎ᠠ᠃ ᠤᠶᠢᠷ᠎ᠠ  ᠶᠢᠨ ᠵᠢᠯ  ᠤᠳ ᠲᠤ᠂ ᠵᠠᠷᠢᠮ ᠭᠢᠳᠡᠳ ᠡᠮ ︵ᠵᠢᠱᠢᠶᠡᠯᠡᠪᠡᠯ ᠭᠤᠸᠠᠨ ᠳ᠋ᠢ ᠰᠠᠨ︶  ᠢᠶᠠᠷ ᠲᠤᠰ ᠭᠡᠮ  ᠢ ᠡᠷᠳᠡ  ᠶᠢᠨ ᠬᠤᠭᠤᠴᠠᠭ᠎ᠠ ᠳᠤ ᠬᠠᠪᠰᠤᠷᠭᠠᠨ ᠡᠮᠨᠡᠭᠡᠳ ᠨᠡᠯᠢᠶᠡᠳ ᠰᠠᠶᠢᠨ ᠡᠮᠴᠢᠯᠡᠭᠡᠨ  ᠤ ᠠᠴᠢ ᠲᠤᠰᠠ ᠤᠯᠵᠤ ᠪᠠᠶᠢᠨ᠎ᠠ᠃ ᠪᠦᠭᠡᠷᠡᠨ ᠭᠡᠯᠪᠡᠷᠢ  ᠶᠢᠨ ᠬᠠᠯᠳᠠᠪᠤᠷᠢᠳᠤ ᠰᠠᠯᠪᠤᠷᠢ ᠮᠦᠭᠡᠷᠰᠤᠨ ᠬᠤᠭᠤᠯᠠᠢ  ᠶᠢᠨ ᠦᠷᠪᠢᠰᠦᠯ ᠲᠠᠷᠬᠠᠨ ᠲᠡᠯᠭᠡᠷᠡᠵᠤ ᠪᠦᠭᠦᠢ ᠭᠢᠵᠢᠭ  ᠤᠨ ᠤᠷᠤᠨ ᠳᠤ 1 ᠡᠳᠤᠷ ᠪᠤᠯᠤᠠᠠᠰᠠᠨ ᠴᠤᠷᠪᠠᠭ᠎ᠠ  ᠶᠢᠨ ᠨᠢᠳᠤᠨ ᠳᠤ ᠭᠢᠵᠢᠭ ᠠᠴᠠ ᠭᠡᠯᠳᠦᠷᠢᠭᠦᠯᠭᠦ ᠪᠦᠭᠡᠷᠡᠨ ᠭᠡᠯᠪᠡᠷᠢ  ᠶᠢᠨ ᠬᠠᠯᠳᠠᠪᠤᠷᠢᠳᠤ ᠰᠠᠯᠪᠤᠷᠢ ᠮᠦᠭᠡᠷᠰᠤᠨ ᠬᠤᠭᠤᠯᠠᠢ  ᠶᠢᠨ ᠦᠷᠪᠢᠰᠦᠯ  ᠤᠨ ᠬᠤᠤᠷᠳᠠᠯ  ᠢᠶᠠᠷ ᠪᠠᠭ᠎ᠠ ᠴᠠᠷᠴᠠᠮᠠᠯ ᠸᠠᠺᠼᠢᠨ  ᠢ ᠲᠤᠰᠤᠭᠠᠬᠤ ᠪᠤᠶᠤ ᠭᠦᠵᠦᠭᠦᠤ ᠨᠢᠷᠤᠭᠤᠨ  ᠤ ᠭᠡᠰᠡᠭ  ᠤᠨ ᠠᠷᠠᠰᠤᠨ ᠲᠤᠤᠷ᠎ᠡ ᠨᠢ ᠪᠦᠭᠡᠷᠡᠨ ᠭᠡᠯᠪᠡᠷᠢ  ᠶᠢᠨ ᠬᠠᠯᠳᠠᠪᠤᠷᠢᠳᠤ ᠰᠠᠯᠪᠤᠷᠢ ᠮᠦᠭᠡᠷᠰᠤᠨ ᠬᠤᠭᠤᠯᠠᠢ  ᠶᠢᠨ ᠦᠷᠪᠢᠰᠦᠯ  ᠤᠨ ᠲᠤᠰᠤᠯᠢᠭ ᠡᠳ᠋  ᠤᠨ ᠢᠳᠡᠪᠭᠢ ᠦᠭᠡᠶᠢᠳᠡᠭᠦᠯᠭᠦ ᠸᠠᠺᠼᠢᠨ  ᠢ ᠵᠡᠭᠦᠯᠡᠨ᠎ᠡ᠂ ᠡᠮᠴᠢᠯᠡᠭᠡᠨ ᠳᠤ ᠪᠦᠭᠡᠷᠡᠨ  ᠤ ᠬᠠᠪᠤᠳᠠᠷᠳᠤ ᠬᠤᠤᠷ ᠲᠠᠶᠢᠯᠬᠤ ᠡᠮ ᠪᠤᠶᠤ ᠵᠠᠷᠢᠮ ᠭᠢᠳᠡᠳ ᠡᠮ  ᠢᠶᠠᠷ ᠬᠠᠪᠰᠤᠷᠭᠠᠨ ᠡᠮᠨᠡᠨ ᠵᠠᠰᠠᠵᠤ ᠪᠤᠯᠤᠨ᠎ᠠ᠃ ᠪᠤᠯᠴᠢᠷᠬᠠᠶᠢᠳᠤ ᠬᠤᠳᠤᠭᠤᠳᠤᠨ ᠭᠡᠯᠪᠡᠷᠢ  ᠶᠢᠨ ᠬᠠᠯᠳᠠᠪᠤᠷᠢᠳᠤ ᠰᠠᠯᠪᠤᠷᠢ ᠮᠦᠭᠡᠷᠰᠤᠨ ᠬᠤᠭᠤᠯᠠᠢ  ᠶᠢᠨ ᠦᠷᠪᠢᠰᠦᠯ ᠳᠤ ᠨᠡᠷᠪᠡᠭᠳᠡᠭᠰᠡᠨ 8 ~ 15 ᠡᠳᠤᠷ ᠪᠤᠯᠵᠤ ᠪᠦᠭᠦᠢ ᠴᠤᠷᠪᠠᠭ᠎ᠠ ᠪᠦᠷᠢ ᠳᠤ᠂ ᠲᠠᠭᠢᠶᠠᠨ  ᠤ ᠬᠠᠯᠳᠠᠪᠤᠷᠢᠳᠤ ᠴᠢᠨᠠᠷ  ᠤᠨ ᠪᠤᠯᠴᠢᠷᠬᠠᠶᠢᠳᠤ ᠬᠤᠳᠤᠭᠤᠳᠤᠨ  ᠤ ᠭᠡᠮ  ᠤᠨ ᠲᠤᠰᠤᠯᠢᠭ ᠡᠳ᠋  ᠤᠨ ᠢᠳᠡᠪᠭᠢ ᠦᠭᠡᠶᠢᠳᠡᠭᠦᠯᠭᠦ ᠸᠠᠺᠼᠢᠨ  ᠢ 0.3 ~ 0.5 ᠮᠢᠯᠢᠯᠢᠲᠷ  ᠤᠨ ᠭᠡᠮᠵᠢᠶ᠎ᠠ ᠪᠠᠷ ᠪᠤᠯᠴᠢᠩ ᠮᠢᠬᠠᠨ ᠳᠤᠨᠢ ᠲᠠᠷᠢᠨ᠎ᠠ᠃ 1 ᠡᠳᠤᠷ ᠪᠤᠯᠵᠤ ᠪᠠᠶᠢᠭ᠎ᠠ ︵ᠪᠤᠶᠤ 20 ~ 30 ᠡᠳᠤᠷ ᠪᠤᠯᠤᠠᠠᠰᠠᠨ︶ ᠴᠤᠷᠪᠠᠭ᠎ᠠ ᠳᠤ ᠠᠷᠢᠭᠤᠳᠬᠠᠬᠤ ︵ᠰᠦᠷᠴᠢᠨ ᠠᠷᠢᠭᠤᠳᠬᠠᠬᠤ ᠪᠠ ᠤᠰᠤᠯᠠᠵᠤ ᠠᠷᠢᠭᠤᠳᠬᠠᠬᠤ︶ ᠠᠵᠢᠯ  ᠢ ᠵᠤᠭᠢᠰᠳᠡᠢ ᠭᠢᠪᠡᠯ ᠭᠡᠮ ᠭᠢᠵᠢᠭ ᠬᠠᠯᠳᠠᠪᠤᠷᠢᠯᠠᠬᠤ ᠲᠤᠭᠢᠶᠠᠯ  ᠢ ᠦᠭᠡᠶᠢᠰᠭᠡᠭᠦ ᠪᠤᠶᠤ ᠪᠠᠭᠠᠰᠬᠠᠵᠤ᠂ ᠴᠤᠷᠪᠠᠭ᠎ᠠ  ᠶᠢᠨ ᠭᠡᠮ ᠭᠢᠵᠢᠭ ᠡᠰᠡᠷᠭᠦᠴᠡᠭᠦ ᠴᠢᠳᠠᠪᠤᠷᠢ  ᠶᠢ ᠲᠡᠭᠡᠭᠰᠢᠯᠡᠭᠦᠯᠵᠤ ᠴᠢᠳᠠᠨ᠎ᠠ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
Baidu
map