|
ᠰᠦᠯᠢᠶᠤᠤ ᠲᠤᠯᠠᠭᠠᠨ ᠫᠸᠡᠭ ᠳᠤ ᠮᠠᠯ ᠲᠡᠵᠢᠭᠡᠭᠦ ᠲᠤᠬᠠᠢ |
|
|
ᠨᠡᠶᠢᠲᠡᠯᠡᠭᠰᠡᠨ ᠴᠠᠭ᠄
2015/12/4
|
|
ᠨᠢᠭᠡ᠂ ᠰᠦᠯᠢᠶᠤᠤ ᠲᠤᠯᠠᠭᠠᠨ ᠫᠸᠡᠭ ᠳᠤ ᠮᠠᠯ ᠮᠠᠯᠵᠢᠬᠤ ᠶᠢᠨ ᠠᠴᠢ ᠬᠤᠯᠪᠤᠠᠠᠳᠠᠯ ᠰᠦᠯᠢᠶᠤᠤ ᠲᠤᠯᠠᠭᠠᠨ ᠫᠸᠡᠭ ᠪᠤᠯ ᠬᠠᠭᠢᠷ ᠭᠦᠢᠳᠡᠨ ᠭᠠᠵᠠᠷ ᠤᠷᠤᠨ ᠤ ᠮᠠᠯ ᠢ ᠡᠪᠤᠯ ᠮᠡᠨᠳᠤ ᠦᠡᠭᠭᠡᠷᠡᠭᠦᠯᠭᠦ᠂ ᠲᠦᠯ ᠲᠤᠰᠴᠤ ᠪᠤᠶᠢᠵᠢᠭᠤᠯᠬᠤ ᠪᠠ ᠤᠬᠤᠷ ᠬᠤᠭᠤᠴᠠᠭᠠᠨ ᠳᠤ ᠲᠦᠷᠭᠡᠨ ᠪᠤᠷᠳᠤᠬᠤ᠂ ᠰᠢᠭᠤᠳ ᠪᠤᠷᠳᠤᠬᠤ ᠵᠡᠷᠭᠡ ᠳᠤ ᠴᠦᠮ ᠴᠢᠬᠤᠯᠠ ᠦᠷ᠎ᠡ ᠪᠦᠳᠦᠮᠵᠢᠳᠡᠢ ᠪᠠᠶᠢᠳᠠᠭ᠃ ᠰᠦᠯᠢᠶᠤᠤ ᠲᠤᠯᠠᠭᠠᠨ ᠫᠸᠡᠭ ᠨᠢ ᠪᠠᠰᠠ ᠡᠪᠤᠯ ᠤᠨ ᠲᠦᠯ ᠲᠤᠰᠬᠤ ᠪᠠ ᠬᠠᠪᠤᠷ ᠡᠷᠳᠡ ᠶᠢᠨ ᠲᠦᠯ ᠲᠤᠰᠬᠤ ᠳᠤ ᠨᠦᠭᠦᠴᠡᠯ ᠪᠦᠷᠢᠯᠳᠦᠭᠦᠯᠵᠤ ᠦᠭᠴᠤ ᠪᠠᠶᠢᠨ᠎ᠠ᠃ ᠦᠡᠭᠭᠡᠷᠡᠭᠰᠡᠨ ᠳᠤ ᠬᠠᠪᠤᠷ ᠲᠤᠰᠬᠤ ᠲᠦᠯ ᠤᠨ ᠭᠡᠭᠡᠯᠳᠦᠭᠦᠯᠭᠡ ᠭᠢᠭᠦ ᠬᠤᠭᠤᠴᠠᠭ᠎ᠠ ᠨᠢ ᠡᠪᠡᠰᠤ ᠨᠤᠭᠤᠭ᠎ᠠ ᠬᠠᠳᠠᠵᠤ ᠬᠤᠪᠬᠠᠶᠢᠷᠬᠠᠰᠠᠨ 11 ᠰᠠᠷ᠎ᠠ ᠪᠠᠶᠢᠠᠠᠰᠠᠨ ᠶᠤᠮ᠃ ᠡᠭᠦᠨ ᠢ ᠬᠤᠪᠢᠷᠠᠭᠤᠯᠤᠭᠠᠳ ᠡᠪᠤᠯ ᠲᠦᠯ ᠲᠤᠰᠴᠤ᠂ ᠭᠡᠭᠡᠯᠳᠦᠭᠦᠯᠭᠡ ᠶᠢᠨ ᠬᠤᠭᠤᠴᠠᠭ᠎ᠠ ᠶᠢ ᠭᠦᠭᠡ ᠡᠪᠡᠰᠤ ᠰᠠᠬᠤᠯᠢᠭ ᠤᠷᠭᠤᠠᠠᠰᠠᠨ ᠨᠠᠮᠤᠷ ᠤᠨ ᠤᠯᠠᠷᠢᠯ ᠳᠤ ᠰᠢᠯᠵᠢᠭᠦᠯᠵᠤ ᠪᠤᠯᠤᠨ᠎ᠠ᠂ ᠡᠨᠡ ᠦᠶ᠎ᠠ ᠳᠤ ᠡᠮ᠎ᠠ ᠬᠤᠨᠢ ᠪᠤᠯᠤᠨ ᠬᠤᠴᠠ ᠶᠢᠨ ᠲᠠᠷᠭᠤ ᠭᠦᠴᠤ ᠨᠢ ᠰᠠᠶᠢᠨ᠂ ᠤᠷᠤᠭ᠎ᠠ ᠤᠷᠤᠬᠤ ᠨᠤᠷᠮ᠎ᠠ ᠨᠢ ᠭᠦᠭᠵᠢᠩᠭᠦᠢ᠂ ᠭᠡᠭᠡᠯᠳᠦᠭᠦ ᠨᠤᠷᠮ᠎ᠠ ᠪᠠ ᠢᠭᠡᠷᠡᠯᠡᠭᠦ ᠨᠤᠷᠮ᠎ᠠ ᠨᠢ ᠦᠨᠳᠤᠷ᠂ ᠪᠦᠭᠦᠶᠢᠯᠡ ᠭᠡᠭᠡᠯ ᠤᠨ ᠬᠤᠭᠤᠴᠠᠭᠠᠨ ᠳᠤ ᠲᠠᠷᠭᠤ ᠰᠠᠶᠢᠨ ᠪᠠᠶ᠎ᠠ ᠪᠢᠯᠳᠡᠷ ᠭᠦᠴᠦᠯᠢᠭ ᠪᠠᠶᠢᠵᠤ᠂ ᠭᠡᠪᠡᠯᠢ ᠳᠠᠬᠢ ᠬᠤᠷᠠᠭᠠᠨ ᠤ ᠪᠤᠶᠢᠵᠢᠯᠳᠡ ᠨᠢ ᠰᠠᠶᠢᠨ ᠪᠦᠭᠡᠳ ᠠᠮᠠᠷᠬᠠᠨ ᠭᠡᠭᠡᠯ ᠬᠠᠶᠠᠬᠤ ᠦᠭᠡᠢ ᠪᠤᠯᠬᠤᠷ ᠰᠦᠯᠢᠶᠤᠤ ᠲᠤᠯᠠᠭᠠᠨ ᠫᠸᠡᠭ ᠳᠤ ᠲᠦᠯ ᠲᠤᠰᠪᠠᠯ ᠫᠸᠡᠭ ᠳᠠᠬᠢ ᠲᠤᠯᠠᠭᠠᠨ ᠤ ᠭᠡᠮᠵᠢᠶ᠎ᠠ ᠨᠢ ᠲᠤᠭᠢᠷᠠᠮᠵᠢᠳᠡᠢ᠂ ᠰᠦ ᠤᠰᠤ ᠭᠦᠢᠴᠡᠳ᠂ ᠲᠦᠯ ᠮᠠᠯ ᠤᠨ ᠤᠨᠳᠤᠷᠤᠯᠳᠠ ᠦᠨᠳᠤᠷ᠂ ᠪᠤᠶᠢᠵᠢᠯᠳᠡ ᠲᠦᠷᠭᠡᠨ᠂ ᠮᠠᠯ ᠲᠡᠵᠢᠭᠡᠪᠤᠷᠢ ᠶᠢᠨ ᠴᠢᠨᠠᠷ ᠢ ᠲᠡᠭᠡᠭᠰᠢᠯᠡᠭᠦᠯᠭᠦ ᠳᠤ ᠪᠦᠷ ᠠᠰᠢᠭ ᠲᠠᠢ ᠶᠤᠮ᠃ ᠰᠦᠯᠢᠶᠤᠤ ᠲᠤᠯᠠᠭᠠᠨ ᠫᠸᠡᠭ ᠢ ᠠᠰᠢᠠᠠᠯᠠᠨ ᠬᠤᠷᠠᠭ᠎ᠠ ᠲᠤᠭᠤᠯ ᠪᠤᠷᠳᠤᠪᠠᠯ ᠲᠤᠬᠠᠢ ᠶᠢᠨ ᠵᠢᠯ ᠳᠤᠨᠢ ᠪᠤᠷᠳᠤᠨ ᠲᠠᠷᠭᠤᠯᠠᠭᠤᠯᠵᠤ ᠬᠠᠰᠢᠶᠠᠨ ᠠᠴᠠ ᠭᠠᠷᠭᠠᠵᠤ ᠪᠤᠯᠤᠨ᠎ᠠ᠃ ᠡᠶᠢᠮᠤ ᠠᠴᠠ ᠡᠨᠡ ᠨᠢ ᠪᠠᠰᠠ ᠬᠠᠰᠢᠶᠠᠨ ᠠᠴᠠ ᠭᠠᠷᠠᠭᠠᠬᠤ ᠭᠡᠮᠵᠢᠶ᠎ᠠ ᠶᠢ ᠲᠡᠭᠡᠭᠰᠢᠯᠡᠭᠦᠯᠵᠤ᠂ ᠲᠠᠸᠠᠷ ᠤᠨ ᠡᠷᠭᠢᠯᠳᠡ ᠶᠢ ᠲᠦᠷᠭᠡᠳᠭᠡᠨ᠂ ᠪᠡᠯᠴᠢᠭᠡᠷ ᠤᠨ ᠲᠠᠭᠠᠭᠠᠴᠠ ᠪᠠᠭᠳᠠᠭᠠᠮᠵᠢ ᠶᠢ ᠭᠦᠡᠭᠭᠡᠷᠡᠭᠦᠯᠵᠤ᠂ ᠲᠠᠯᠠᠪᠠᠢ ᠨᠢᠭᠡᠴᠢ ᠶᠢᠨ ᠪᠡᠯᠴᠢᠭᠡᠷ ᠲᠠᠬᠢ ᠮᠡᠯ ᠤᠨ ᠲᠤᠭ᠎ᠠ ᠶᠢ ᠬᠠᠷᠢᠴᠠᠩᠭᠤᠢ ᠪᠠᠷ ᠲᠡᠭᠡᠭᠰᠢᠯᠡᠭᠦᠯᠦᠨ᠂ ᠶᠡᠭᠡᠭᠡᠨ ᠠᠵᠤ ᠠᠬᠤᠢ ᠶᠢᠨ ᠦᠷ᠎ᠠ ᠠᠰᠢᠭ ᠤᠯᠬᠤ ᠶᠤᠮ᠃ ᠡᠭᠦᠨ ᠤ ᠬᠠᠮᠳᠤ ᠰᠦᠯᠢᠶᠤᠤ ᠲᠤᠯᠠᠭᠠᠨ ᠫᠸᠡᠭ ᠢ ᠠᠰᠢᠠᠠᠯᠠᠪᠠᠯ ᠡᠪᠤᠯ ᠢ ᠦᠡᠭᠭᠡᠷᠡᠭᠦᠯᠭᠦ ᠮᠠᠯ ᠰᠦᠷᠦᠭ ᠤᠨ ᠬᠤᠷᠤᠠᠠᠳᠠᠬᠤ ᠪᠠ ᠬᠠᠭᠢᠷ ᠭᠦᠢᠳᠡᠨ ᠠᠴᠠ ᠪᠤᠯᠵᠤ ᠲᠠᠷᠭᠤ ᠭᠦᠴᠤ ᠪᠠᠭᠤᠷᠠᠬᠤ ᠶᠢ ᠪᠠᠭᠠᠰᠬᠠᠵᠤ᠂ ᠭᠠᠮᠰᠢᠭ ᠢ ᠡᠰᠡᠷᠭᠦᠴᠡᠨ ᠮᠠᠯ ᠢᠶᠠᠨ ᠬᠠᠮᠠᠭᠠᠯᠠᠬᠤ ᠳᠤ ᠪᠠᠰᠠ ᠴᠢᠬᠤᠯᠠ ᠦᠢᠯᠡᠳᠦᠯ ᠲᠠᠢ ᠶᠤᠮ᠃ ᠬᠤᠶᠠᠷ᠂ ᠰᠦᠯᠢᠶᠤᠤ ᠲᠤᠯᠠᠭᠠᠨ ᠫᠸᠡᠭ ᠤᠨ ᠮᠡᠷᠭᠡᠵᠢᠯ ᠤᠨ ᠦᠨᠳᠦᠰᠦᠯᠡᠯ ᠰᠦᠯᠢᠶᠤᠤ ᠲᠤᠯᠠᠭᠠᠨ ᠫᠸᠡᠭ ᠳᠤ ᠮᠠᠯ ᠮᠠᠯᠵᠢᠬᠤ ᠶᠢᠨ ᠦᠨᠳᠤᠰᠤᠨ ᠦᠨᠳᠦᠰᠦᠯᠡᠯ ᠪᠤᠯ ᠲᠠᠷᠤᠢ ᠤᠤᠯ ᠤᠨ ᠵᠠᠳᠠᠭᠠᠢ ᠮᠠᠯ ᠤᠨ ᠬᠤᠷᠤᠭ᠎ᠠ ᠶᠢ ᠠᠰᠢᠠᠠᠯᠠᠨ ᠬᠤᠷᠢᠵᠤ ᠬᠠᠰᠢᠶᠠᠯᠠᠨ ᠲᠡᠵᠢᠭᠡᠭᠦ ᠰᠦᠯᠢᠶᠤᠤ ᠲᠤᠯᠠᠭᠠᠨ ᠫᠸᠡᠭ ᠪᠤᠯᠭᠠᠵᠤ᠂ ᠮᠠᠯ ᠵᠢᠭᠦᠷᠳᠡᠨ ᠳᠤ ᠲᠤᠭᠢᠷᠠᠮᠵᠢᠳᠡᠢ ᠡᠩ ᠤᠨ ᠦᠷᠡᠵᠢᠭᠦ ᠠᠭᠤᠷ ᠠᠮᠢᠰᠬᠤᠯ ᠢ ᠪᠦᠷᠢᠯᠳᠦᠭᠦᠯᠵᠤ᠂ ᠨᠡᠷᠨᠨ ᠤ ᠡᠨᠧᠷᠭᠢ ᠪᠤᠯᠤᠨ ᠮᠠᠯ ᠵᠢᠭᠦᠷᠳᠡᠨ ᠤ ᠦᠪᠡᠷ ᠤᠨ ᠪᠡᠶ᠎ᠠ ᠠᠴᠠ ᠨᠢ ᠰᠠᠷᠨᠢᠬᠤ ᠢᠯᠴᠢ ᠶᠢᠨ ᠭᠡᠮᠵᠢᠶ᠎ᠠ ᠶᠢ ᠭᠦᠢᠴᠡᠳ ᠠᠰᠢᠠᠠᠯᠠᠨ ᠬᠠᠰᠢᠶᠠᠨ ᠳᠠᠬᠢ ᠲᠤᠯᠠᠭᠠᠴᠠ ᠶᠢ ᠲᠡᠭᠡᠭᠰᠢᠯᠡᠭᠦᠯᠦᠨ᠂ ᠢᠯᠴᠢ ᠶᠢᠨ ᠡᠨᠧᠷᠭᠢ ᠶᠢᠨ ᠵᠤᠭᠢᠰ ᠦᠭᠡᠢ ᠬᠤᠷᠤᠠᠠᠳᠠᠯ ᠢ ᠪᠠᠭᠠᠰᠬᠠᠨ᠎ᠠ᠃ ᠫᠸᠡᠭ ᠬᠤᠷᠤᠭᠠᠨ ᠤ ᠵᠢᠷᠤᠭ ᠲᠦᠯᠦᠪᠯᠡᠭᠡ ᠶᠢᠨ ᠭᠤᠤᠯᠳᠠᠯᠭ᠎ᠠ ᠭᠡᠪᠡᠯ᠄ ᠨᠠᠷᠡᠨ ᠡᠭᠡᠪᠤᠷ᠂ ᠠᠭᠤᠯᠠᠨ ᠡᠩᠭᠡᠷ᠂ ᠰᠠᠯᠭᠢᠨ ᠨᠦᠮᠦᠷᠢ᠂ ᠬᠠᠭᠤᠷᠠᠢ ᠭᠠᠵᠠᠷ ᠲᠤ ᠪᠠᠶᠢᠭᠤᠯᠵᠤ᠂ ᠪᠠᠳᠤ ᠪᠠᠭᠢ ᠨᠠᠷᠢᠯᠢᠭ ᠪᠢᠳᠡᠭᠦᠯᠡᠵᠤ᠂ ᠭᠡᠷᠡᠯ ᠰᠠᠶᠢᠨ ᠲᠤᠰᠬᠤ ᠭᠠᠵᠠᠷ ᠢᠶᠠᠷ ᠭᠤᠤᠯ ᠮᠡᠷᠭᠡᠵᠢᠯ ᠤᠨ ᠨᠦᠭᠦᠴᠡᠯ ᠪᠤᠯᠭᠠᠵᠤ᠂ ᠫᠸᠡᠭ ᠬᠤᠷᠤᠭᠠᠨ ᠤ ᠭᠡᠯᠪᠡᠷᠢ ᠲᠦᠷᠰᠤ᠂ ᠶᠡᠭᠡ ᠪᠠᠭ᠎ᠠ᠂ ᠪᠦᠳᠦᠴᠡ ᠪᠦᠷᠢᠯᠳᠦᠴᠡ ᠵᠡᠷᠭᠡ ᠶᠢ ᠲᠤᠬᠠᠢ ᠶᠢᠨ ᠭᠠᠵᠠᠷ ᠤᠷᠤᠨ ᠪᠠ ᠮᠠᠯ ᠰᠦᠷᠦᠭ ᠤᠨ ᠪᠠᠶᠢᠳᠠᠯ ᠲᠠᠢ ᠪᠠᠨ ᠲᠤᠭᠢᠷᠠᠭᠤᠯᠪᠠᠯ ᠵᠤᠭᠢᠨ᠎ᠠ︔ ᠲᠤᠮᠳᠠᠴᠢ ᠪᠠᠷ ᠭᠠᠭ᠋ᠠᠢ ᠪᠦᠷᠢ ᠳᠤ 2 ᠺᠦᠸ᠋ᠨᠳ᠋ ᠮᠧᠲᠷ ᠪᠠᠷᠢᠯᠭ᠎ᠠ ᠶᠢᠨ ᠲᠠᠯᠠᠪᠠᠢ᠂ 3 ᠺᠦᠪ ᠮᠧᠲᠷ ᠠᠭᠠᠷ ᠤᠨ ᠵᠠᠢ ᠶᠢ ᠡᠵᠡᠯᠡᠭᠦᠯᠵᠤ᠂ ᠦᠭᠡᠷ ᠪᠦᠷᠢ ᠳᠤ ᠪᠤᠯ 2 ~ 2.2 ᠺᠦᠸᠠᠳ᠋ ᠮᠧᠲᠷ ᠡᠵᠡᠯᠡᠭᠦᠯᠦᠨ᠂ ᠬᠤᠨᠢ ᠪᠦᠷᠢ ᠳᠤ ᠪᠤᠯ 1 ~ 1.2 ᠺᠦᠸᠠᠳ᠋ ᠮᠧᠲᠷ ᠡᠵᠡᠯᠡᠭᠦᠯᠦᠨ᠎ᠠ᠃ ᠲᠠᠭᠢᠶᠠᠨ ᠤ ᠪᠢᠳᠡᠭᠦᠤ ᠫᠸᠡᠭ ᠭᠡᠳᠡᠭ ᠪᠤᠯ ᠭᠦᠳᠡᠯᠭᠡᠭᠡᠨ ᠭᠢᠭᠦ ᠲᠠᠯᠠᠪᠠᠢ ᠶᠢ ᠨᠢ ᠪᠢᠳᠡᠭᠦᠯᠡᠵᠤ ᠬᠤᠷᠢᠬᠤ ᠶᠢ ᠭᠡᠯᠡᠨ᠎ᠡ᠃ ᠡᠭᠦᠨ ᠳᠤ ᠲᠠᠭᠢᠶᠠᠨ ᠤ ᠪᠢᠳᠡᠭᠦᠤ ᠫᠸᠡᠭ ᠢ ᠦᠨᠡᠨ ᠭᠦ ᠴᠡᠪᠡᠷ ᠪᠠᠶᠢᠯᠭᠠᠵᠤ᠂ ᠡᠭᠦᠷ ᠤᠨ ᠲᠤᠯᠠᠭᠠᠴᠠ᠂ ᠴᠢᠭᠢᠭᠳᠦᠴᠡ ᠶᠢ ᠲᠤᠭᠢᠷᠠᠮᠵᠢᠳᠡᠢ ᠪᠠᠶᠢᠯᠭᠠᠬᠤ ᠭᠡᠷᠡᠭᠳᠡᠢ᠃ ᠭᠤᠷᠪᠡ᠂ ᠠᠵᠤ ᠠᠬᠤᠢ ᠶᠢᠨ ᠦᠷ᠎ᠡ ᠠᠰᠢᠭ ᠤᠨ ᠵᠠᠳᠠᠯᠤᠯᠳᠠ ᠰᠦᠯᠢᠶᠤᠤ ᠲᠤᠯᠠᠭᠠᠨ ᠫᠸᠡᠭ ᠳᠤ ᠮᠠᠯ ᠮᠠᠯᠵᠢᠬᠤ ᠶᠢᠨ ᠦᠷ᠎ᠡ ᠠᠰᠢᠭ ᠨᠢ ᠭᠤᠤᠯᠳᠠᠭᠤ ᠲᠡᠭᠦᠨ ᠤ ᠲᠤᠯᠠᠭᠠᠴᠠ ᠲᠡᠭᠡᠭᠰᠢᠯᠡᠭᠳᠡᠭᠰᠡᠨ ᠠᠴᠠ ᠢᠷᠡᠯᠳᠡ ᠲᠠᠢ ᠶᠤᠮ᠃ ᠪᠤᠳᠠᠳᠠᠢ ᠭᠡᠮᠵᠢᠭᠰᠡᠨ ᠲᠤᠭ᠎ᠠ ᠪᠦᠷᠢᠳᠭᠡᠯ ᠢ ᠦᠨᠳᠦᠰᠦᠯᠡᠪᠡᠯ᠂ ᠡᠪᠤᠯ ᠤᠨ ᠤᠯᠠᠷᠢᠯ ᠳᠤ ᠫᠸᠡᠭ ᠤᠨ ᠲᠤᠳᠤᠷᠠᠭᠢ ᠡᠳᠤᠷ ᠤᠨ ᠲᠤᠮᠳᠠᠴᠢ ᠠᠭᠠᠷ ᠤᠨ ᠲᠤᠯᠠᠭᠠᠨ ᠨᠢ-0.88℃ ᠪᠠᠶᠢᠵᠤ᠂ ᠫᠸᠡᠭ ᠤᠨ ᠭᠠᠳᠠᠨᠠᠭᠢ ᠨᠢ -9.49℃ ᠪᠤᠯᠤᠨ᠎ᠠ᠃ ᠫᠸᠡᠭ ᠤᠨ ᠲᠤᠳᠤᠷᠠᠭᠢ ᠠᠭᠠᠷ ᠤᠨ ᠲᠤᠯᠠᠭᠠᠴᠠ ᠨᠢ ᠫᠸᠡᠭ ᠤᠨ ᠭᠠᠳᠠᠨᠠᠭᠢ ᠲᠤᠯᠠᠭᠠᠨ ᠠᠴᠠ-8.61℃ ᠦᠨᠳᠤᠷ ᠪᠠᠶᠢᠵᠤ᠂ ᠬᠠᠮᠤᠭ ᠭᠦᠢᠳᠡᠨ ᠳᠤ ᠫᠸᠡᠭ ᠤᠨ ᠭᠠᠳᠠᠨᠠᠭᠢ ᠲᠤᠯᠠᠭᠠᠴᠠ -32℃ ᠭᠦᠷᠴᠤ ᠪᠠᠶᠢᠬᠤ ᠳᠤ ᠫᠸᠡᠭ ᠤᠨ ᠲᠤᠳᠤᠷᠠᠭᠢ ᠲᠤᠯᠠᠭᠠᠴᠠ ᠨᠢ ᠬᠠᠷᠢᠨ-6℃ ᠪᠠᠶᠢᠵᠤ᠂ ᠲᠤᠯᠠᠭᠠᠨ ᠤ ᠵᠦᠷᠢᠶ᠎ᠠ ᠨᠢ 26℃ ᠪᠤᠯᠬᠤ ᠶᠤᠮ᠃ ᠢᠡᠭᠭᠢᠭᠰᠡᠨ ᠠᠴᠠ ᠮᠠᠯ ᠤᠨ ᠡᠪᠤᠯ ᠢ ᠦᠡᠭᠭᠡᠷᠡᠭᠦᠯᠭᠦ ᠢᠯᠴᠢ ᠶᠢᠨ ᠬᠤᠷᠤᠠᠠᠳᠠᠯ ᠢ ᠶᠡᠭᠡ ᠪᠠᠷ ᠪᠠᠭᠠᠰᠬᠠᠵᠠᠢ᠃ ᠮᠠᠨ ᠤ ᠤᠷᠤᠨ ᠤ ᠪᠠᠶᠠᠠᠨᠠᠭᠤᠷ ᠬᠤᠳᠠ ᠶᠢᠨ ᠵᠠᠷᠢᠮ ᠲᠤᠷᠰᠢᠯᠳᠠ ᠶᠢᠨ ᠭᠠᠵᠠᠷ ᠤᠨ ᠠᠩᠬᠠᠨ ᠤ ᠳ᠋ᠦᠡᠭ ᠢ ᠦᠨᠳᠦᠰᠦᠯᠡᠪᠡᠯ᠂ ᠮᠠᠯ ᠨᠢᠭᠡᠪᠤᠷᠢ ᠶᠢᠨ ᠨᠢᠭᠡ ᠡᠪᠤᠯ ᠬᠠᠪᠤᠷ ᠤᠨ ᠬᠤᠭᠤᠴᠠᠭᠠᠨ ᠳᠤ ᠵᠠᠷᠤᠴᠠᠭᠤᠯᠬᠤ ᠢᠯᠴᠢ ᠶᠢᠨ ᠬᠤᠷᠤᠠᠠᠳᠠᠯ ᠨᠢ 13500 ᠺᠢᠯᠦᠺᠠᠯᠤᠷᠢ ᠪᠠᠶᠢᠵᠤ᠂ 22.5 ᠺᠢᠯᠦᠭᠷᠠᠮ ᠬᠠᠭᠤᠷᠠᠢ ᠡᠪᠡᠰᠤᠨ ᠤ ᠢᠯᠴᠢ ᠶᠢᠨ ᠭᠡᠮᠵᠢᠶ᠎ᠠ ᠲᠠᠢ ᠲᠡᠩᠴᠡᠨ᠎ᠠ᠃ ᠺᠢᠯᠦᠭᠷᠡᠮ ᠪᠦᠷᠢ ᠬᠠᠭᠤᠷᠠᠢ ᠡᠪᠡᠰᠤ ᠶᠢ 0.05 ᠲᠦᠭᠦᠷᠢᠭ ᠢᠶᠠᠷ ᠪᠤᠳᠤᠪᠠᠯ᠂ ᠪᠦᠭᠦ ᠪᠠᠶᠠᠠᠨᠠᠭᠤᠷ ᠬᠤᠳᠠ ᠶᠢᠨ ᠠᠵᠤ ᠠᠬᠤᠢ ᠶᠢᠨ ᠰᠤᠶᠢᠳᠤᠯ ᠨᠢ 1125 ᠲᠦᠮᠡᠨ ᠲᠦᠭᠦᠷᠢᠭ ᠪᠠᠭᠠᠰᠤᠨ᠎ᠠ᠃ ᠡᠨᠡ ᠨᠢ ᠡᠭᠡ ᠮᠠᠯ ᠤᠨ ᠡᠪᠤᠯ ᠤᠨ ᠤᠯᠠᠷᠢᠯ ᠳᠤ ᠮᠠᠭᠤᠳᠠᠬᠤ ᠶᠢ ᠪᠠᠭᠠᠰᠬᠠᠠᠠᠰᠠᠨ ᠪᠤᠯᠬᠤᠷ ᠡᠭᠡ ᠮᠠᠯ ᠤᠨ ᠲᠠᠷᠭᠤ ᠭᠦᠴᠤ ᠶᠢ ᠬᠠᠮᠠᠭᠠᠯᠠᠨ᠂ ᠡᠭᠡ ᠮᠠᠯ ᠤᠨ ᠰᠢᠮ᠎ᠠ ᠲᠡᠵᠢᠭᠡᠯ ᠮᠠᠭᠤᠳ᠋ᠬᠠᠰᠠᠨ ᠠᠴᠠ ᠪᠤᠯᠤᠠᠠᠰᠠᠨ ᠭᠡᠭᠡᠯ ᠬᠠᠶᠠᠯᠳᠠ ᠶᠢ ᠪᠠᠭᠠᠰᠬᠠᠵᠠᠢ᠃ ᠭᠡᠮᠵᠢᠯᠳᠡ ᠶᠢ ᠦᠨᠳᠦᠰᠦᠯᠡᠪᠡᠯ᠂ ᠭᠡᠭᠡᠯ ᠬᠠᠶᠠᠯᠳᠠ ᠶᠢᠨ ᠨᠤᠷᠮ᠎ᠠ ᠶᠢ 10% ᠪᠠᠷ ᠲᠤᠷᠤᠠᠠᠰᠢᠭᠤᠯᠵᠤ᠂ ᠰᠦᠯᠢᠶᠤᠤ ᠲᠤᠯᠠᠭᠠᠨ ᠫᠸᠡᠭ ᠢ ᠵᠠᠳᠠᠭᠠᠢ ᠫᠸᠡᠭ ᠬᠤᠷᠤᠭ᠎ᠠ ᠲᠠᠢ ᠠᠳᠠᠯᠢᠳᠬᠠᠪᠠᠯ ᠲᠦᠯ ᠮᠡᠯ ᠤᠨ ᠤᠨᠳᠤᠷᠤᠯᠳᠠ ᠶᠢᠨ ᠨᠤᠷᠮ᠎ᠠ ᠶᠢ 20% ~ 50% ᠪᠠᠷ ᠲᠡᠭᠡᠭᠰᠢᠯᠡᠭᠦᠯᠦᠭᠰᠡᠨ ᠪᠠᠶᠢᠨ᠎ᠠ᠃ ᠡᠭᠦᠨ ᠠᠴᠠ ᠭᠠᠳᠠᠨ᠎ᠠ᠂ ᠭᠢᠷᠢᠨ ᠮᠤᠵᠢ ᠶᠢᠨ ᠤᠶᠢᠷ᠎ᠠ ᠶᠢᠨ ᠭᠡᠳᠦᠨ ᠵᠢᠯ ᠳᠠᠬᠢ ᠰᠦᠯᠢᠶᠤᠤ ᠲᠤᠯᠠᠭᠠᠨ ᠫᠸᠡᠭ ᠳᠤ ᠬᠤᠷᠢᠵᠤ ᠮᠠᠯᠯᠬᠠᠰᠠᠨ ᠲᠤᠷᠰᠢᠯᠭ᠎ᠠ ᠶᠢ ᠦᠨᠳᠦᠰᠦᠯᠡᠪᠡᠯ᠂ ᠭᠠᠭ᠋ᠠᠢ ᠶᠢ ᠰᠦᠯᠢᠶᠤᠤ ᠲᠤᠯᠠᠭᠠᠨ ᠫᠸᠡᠭ ᠳᠤ ᠬᠤᠷᠢᠵᠤ ᠲᠡᠵᠢᠭᠡᠪᠡᠯ ᠡᠳᠤᠷ ᠤᠨ ᠲᠤᠮᠳᠠᠴᠢ ᠭᠦᠨᠳᠤ ᠶᠢᠨ ᠨᠡᠮᠡᠭᠳᠡᠯ ᠨᠢ 527.59 ᠭᠷᠡᠮ ᠪᠠᠶᠢᠵᠤ᠂ ᠵᠠᠳᠠᠭᠠᠢ ᠬᠠᠰᠢᠶᠠᠨ ᠳᠤ ᠲᠡᠵᠢᠭᠡᠭᠰᠡᠨ ᠨᠢ ᠵᠦᠪᠭᠡᠨ 275.70 ᠭᠷᠡᠮ ᠪᠠᠶᠢᠵᠤ᠂ ᠡᠳᠤᠷ ᠤᠨ ᠭᠦᠨᠳᠤ ᠶᠢᠨ ᠨᠡᠮᠡᠭᠳᠡᠯ ᠨᠢ 251.89 ᠭᠷᠡᠮ ᠢᠶᠠᠷ ᠲᠡᠭᠡᠭᠰᠢᠯᠡᠵᠤ᠂ ᠫᠸᠡᠭ ᠳᠤ ᠬᠤᠷᠢᠵᠤ ᠲᠡᠵᠢᠭᠡᠭᠰᠡᠨ ᠪᠤᠷᠳᠤᠭ᠎ᠠ ᠪᠠ ᠮᠢᠬᠠᠨ ᠤ ᠬᠠᠷᠢᠴᠠᠯ ᠨᠢ 4.15᠄1 ᠪᠤᠯᠤᠨ᠎ᠠ᠃ ᠡᠭᠦᠨ ᠢ ᠫᠸᠡᠭ ᠳᠤ ᠬᠤᠷᠢᠵᠤ ᠲᠡᠵᠢᠭᠡᠭᠰᠡᠨ ᠦᠭᠡᠢ ᠭᠠᠭ᠋ᠠᠢ ᠲᠠᠢ ᠠᠳᠠᠯᠢᠳᠬᠠᠪᠠᠯ ᠲᠡᠵᠢᠭᠡᠯ ᠪᠤᠷᠳᠤᠭ᠎ᠠ ᠶᠢᠨ ᠠᠰᠢᠠᠠᠯᠠᠯᠳᠠ ᠨᠢ 13.49% ᠪᠠᠷ ᠲᠡᠭᠡᠭᠰᠢᠯᠡᠪᠡ᠃ ᠰᠦᠯᠢᠶᠤᠤ ᠲᠤᠯᠠᠭᠠᠨ ᠫᠸᠡᠭ ᠳᠤ ᠦᠨᠳᠡᠭᠡᠨ ᠲᠠᠭᠢᠶ᠎ᠠ ᠲᠡᠵᠢᠭᠡᠭᠰᠡᠨ120 ᠡᠳᠤᠷ ᠤᠨ ᠲᠤᠷᠰᠢᠯᠳᠠ ᠭᠡᠷᠡᠴᠢᠯᠡᠭᠰᠡᠨ ᠨᠢ᠂ ᠰᠦᠯᠢᠶᠤᠤ ᠲᠤᠯᠠᠭᠠᠨ ᠫᠸᠡᠭ ᠳᠤ ᠬᠤᠷᠢᠵᠤ ᠲᠡᠵᠢᠭᠡᠪᠡᠯ ᠲᠠᠭᠢᠶ᠎ᠠ ᠪᠦᠷᠢ ᠲᠤᠮᠳᠠᠴᠢ ᠪᠠᠷ 76 ᠦᠨᠳᠡᠭᠡ ᠦᠨᠳᠡᠭᠡᠯᠡᠵᠤ᠂ ᠫᠸᠡᠭ ᠦᠭᠡᠢ ᠲᠡᠵᠢᠭᠡᠯᠭᠡ ᠲᠠᠢ ᠨᠢ ᠲᠤᠮᠳᠠᠴᠢ ᠪᠠᠷ 68.9 ᠦᠨᠳᠡᠭᠡ ᠦᠨᠳᠡᠭᠡᠯᠡᠭᠰᠡᠨ ᠪᠦᠭᠡᠳ ᠫᠸᠡᠭ ᠳᠤ ᠬᠤᠷᠢᠵᠤ ᠲᠡᠵᠢᠭᠡᠭᠰᠡᠨ ᠢ ᠫᠸᠡᠭ ᠳᠤ ᠬᠤᠷᠢᠵᠤ ᠲᠡᠵᠢᠭᠡᠭᠰᠡᠨ ᠦᠭᠡᠢ ᠲᠠᠢ ᠠᠳᠠᠯᠢᠳᠬᠠᠪᠠᠯ 7.45% ᠪᠠᠷ ᠲᠡᠭᠡᠭᠰᠢᠯᠡᠵᠡᠢ᠃ ᠬᠤᠨᠢ ᠶᠢ ᠰᠦᠯᠢᠶᠤᠤ ᠲᠤᠯᠠᠭᠠᠨ ᠫᠸᠡᠭ ᠳᠤ ᠮᠠᠯᠯᠠᠪᠠᠯ᠂ ᠲᠡᠵᠢᠭᠡᠪᠤᠷᠢ ᠬᠤᠨᠢᠨ ᠤ ᠪᠦᠭᠦ ᠬᠤᠭᠤᠴᠠᠭᠠᠨ ᠳᠠᠬᠢ ᠭᠦᠨᠳᠤ ᠶᠢᠨ ᠨᠡᠮᠡᠭᠳᠡᠯ ᠨᠢ 1.85 ᠺᠢᠯᠦᠭᠷᠡᠮ᠂ ᠫᠸᠡᠭ ᠦᠭᠡᠢ ᠨᠢ 0.85 ᠺᠢᠯᠦᠭᠷᠡᠮ ᠪᠠᠶᠢᠪᠠ᠃ ᠨᠠᠰᠤ ᠭᠦᠢᠴᠡᠭᠰᠡᠨ ᠬᠤᠨᠢ ᠶᠢ ᠫᠸᠡᠭ ᠳᠤ ᠬᠤᠷᠢᠵᠤ ᠲᠡᠵᠢᠭᠡᠪᠡᠯ ᠦᠭᠦᠯᠳᠡ ᠨᠢ 1.5%᠂ ᠫᠸᠡᠭ ᠳᠤ ᠬᠤᠷᠢᠵᠤ ᠲᠡᠵᠢᠭᠡᠭᠰᠨᠨ ᠦᠭᠡᠢ ᠨᠢ 6.8% ᠶᠢᠨ ᠦᠭᠦᠯᠳᠡ ᠲᠠᠢ ᠪᠠᠶᠢᠵᠤ᠂ ᠬᠤᠷᠠᠭᠠᠨ ᠤ ᠪᠦᠭᠦ ᠬᠤᠭᠤᠴᠠᠭᠠᠨ ᠳᠠᠬᠢ ᠬᠤᠷᠠᠭ᠎ᠠ ᠨᠢᠭᠡᠪᠤᠷᠢ ᠶᠢᠨ ᠲᠤᠮᠳᠠᠴᠢ ᠭᠦᠨᠳᠤ ᠶᠢᠨ ᠨᠡᠮᠡᠭᠳᠡᠯ ᠨᠢ 10.62 ᠺᠢᠯᠤᠭ᠍ᠷᠡᠮ ᠪᠤᠯᠤᠨ᠎ᠠ᠃ ᠫᠸᠡᠭ ᠦᠭᠡᠢ ᠨᠢ 8.34 ᠺᠢᠯᠦᠭᠷᠡᠮ ᠪᠤᠯᠤᠨ᠎ᠠ᠂ ᠫᠸᠡᠭ ᠳᠤ ᠬᠤᠷᠢᠵᠤ ᠲᠡᠵᠢᠭᠡᠭᠦ ᠶᠢ ᠰᠤᠯᠠ ᠪᠠᠷ ᠲᠡᠵᠢᠭᠡᠭᠦ ᠲᠠᠢ ᠠᠳᠠᠯᠢᠳᠬᠠᠪᠠᠯ ᠭᠦᠨᠳᠤ ᠶᠢᠨ ᠨᠡᠮᠡᠭᠳᠡᠯ ᠨᠢ 2.28 ᠺᠢᠯᠦᠭᠷᠡᠮ ᠢᠯᠡᠭᠦᠤ ᠪᠠᠶᠢᠪᠠ᠃ ᠦᠭᠡᠷ ᠲᠤ ᠭᠢᠭᠰᠡᠨ ᠲᠤᠷᠰᠢᠯᠳᠠ ᠶᠢ ᠦᠨᠳᠦᠰᠦᠯᠡᠪᠡᠯ᠂ ᠫᠸᠡᠭ ᠳᠤ ᠬᠤᠷᠢᠵᠤ ᠲᠡᠵᠢᠭᠡᠭᠰᠡᠨ ᠨᠠᠰᠤ ᠭᠦᠢᠴᠡᠭᠰᠡᠨ ᠦᠭᠡᠷ ᠤᠨ ᠲᠠᠷᠭᠤ ᠭᠦᠴᠤ ᠶᠢᠨ ᠪᠠᠭᠤᠷᠠᠯᠳᠠ ᠨᠢ ᠪᠠᠭ᠎ᠠ ᠪᠠᠶᠢᠵᠤ᠂ ᠪᠦᠭᠦ ᠬᠤᠭᠤᠴᠠᠭᠠᠨ ᠳᠠᠬᠢ ᠦᠭᠡᠷ ᠪᠦᠷᠢ ᠶᠢᠨ ᠲᠤᠮᠳᠠᠴᠢ ᠭᠦᠨᠳᠤ ᠶᠢᠨ ᠬᠤᠷᠤᠠᠠᠳᠠᠯ ᠨᠢ 20.06 ᠺᠢᠯᠦᠭᠷᠡᠮ ᠪᠠᠶᠢᠵᠤ᠂ ᠫᠸᠡᠭ ᠦᠭᠡᠢ ᠲᠡᠵᠢᠭᠡᠯᠭᠡ ᠲᠠᠢ ᠦᠭᠡᠷ ᠤᠨ ᠪᠦᠭᠦ ᠬᠤᠭᠤᠴᠠᠭᠠᠨ ᠲᠠᠬᠢ ᠭᠦᠨᠳᠤ ᠶᠢᠨ ᠬᠤᠷᠤᠠᠠᠳᠠᠯ ᠨᠢ 31.12 ᠺᠢᠯᠦᠭᠷᠡᠮ ᠪᠤᠯᠤᠨ᠎ᠠ᠃ ᠫᠸᠡᠭ ᠳᠤ ᠬᠤᠷᠢᠵᠤ ᠲᠡᠵᠢᠭᠡᠭᠦ ᠶᠢ ᠫᠸᠡᠭ ᠳᠤ ᠬᠤᠷᠢᠵᠤ ᠲᠡᠵᠢᠭᠡᠭᠰᠡᠨ ᠦᠭᠡᠢ ᠦᠭᠡᠷ ᠲᠠᠢ ᠠᠳᠠᠯᠢᠳᠬᠠᠪᠠᠯ ᠪᠡᠶ᠎ᠠ ᠶᠢᠨ ᠭᠦᠨᠳᠤ ᠨᠢ ᠬᠠᠷᠢᠴᠠᠩᠭᠤᠢ ᠪᠠᠷ 11.06 ᠺᠢᠯᠦᠭᠷᠡᠮ ᠲᠤᠳᠠᠭᠤ ᠬᠤᠷᠤᠠᠠᠳᠠᠬᠤ ᠪᠤᠯᠤᠨ᠎ᠠ᠃ ᠲᠡᠭᠡᠷ᠎ᠡ ᠲᠤᠷᠠᠳᠤᠠᠠᠰᠠᠨ ᠢ ᠬᠤᠷᠢᠶᠠᠩᠭᠤᠶᠢᠯᠠᠪᠠᠯ᠂ ᠮᠠᠯ ᠨᠢᠭᠡᠪᠤᠷᠢ ᠶᠢ ᠫᠸᠡᠭ ᠳᠤ ᠬᠤᠷᠢᠵᠤ ᠲᠡᠵᠢᠭᠡᠭᠰᠡᠨ ᠰᠢᠨ᠎ᠠ ᠪᠠᠷ ᠨᠡᠮᠡᠭᠳᠡᠭᠦ ᠦᠷ᠎ᠠ ᠠᠰᠢᠭ ᠨᠢ ᠪᠠᠷᠤᠭ ᠲᠤᠮᠳᠠᠴᠢ ᠪᠠᠷ 11.4 ᠲᠦᠭᠦᠷᠢᠭ ᠪᠤᠯᠤᠨ᠎ᠠ᠃ ᠭᠡᠷᠪᠡ ᠮᠠᠨ ᠤ ᠤᠷᠤᠨ ᠤ ᠡᠪᠤᠯ ᠢ ᠦᠡᠭᠭᠡᠷᠡᠭᠦᠯᠭᠦ ᠬᠠᠰᠢᠶᠠᠨ ᠳᠠᠬᠢ 1800 ᠭᠠᠷᠤᠢ ᠲᠦᠮᠡᠨ ᠬᠤᠨᠢ ᠶᠢᠨ 20% ᠶᠢ ᠨᠢ ᠫᠸᠡᠭ ᠳᠤ ᠬᠤᠷᠢᠵᠤ ᠲᠡᠵᠢᠭᠡᠨ ᠡᠪᠤᠯ ᠬᠠᠪᠤᠷ ᠢ ᠦᠡᠭᠭᠡᠷᠡᠭᠦᠯᠳᠡᠭ ᠯᠡ ᠶᠤᠮ ᠪᠤᠯ ᠰᠢᠨ᠎ᠠ ᠪᠠᠷ ᠨᠡᠮᠡᠭᠳᠡᠭᠦ ᠦᠷ᠎ᠠ ᠠᠰᠢᠭ ᠨᠢ 41800 ᠭᠠᠷᠤᠢ ᠲᠦᠮᠡᠨ ᠲᠦᠭᠦᠷᠢᠭ ᠪᠤᠯᠤᠨ᠎ᠠ᠂ ᠮᠠᠨ ᠤ ᠤᠷᠤᠨ ᠳᠤ ᠢᠮᠠᠭ᠎ᠠ 600 ᠭᠠᠷᠤᠢ ᠲᠦᠮᠡ ᠪᠤᠢ᠂ ᠡᠭᠦᠨ ᠳᠠᠬᠢ 20% ᠶᠢ ᠨᠢ ᠫᠸᠡᠭ ᠳᠤ ᠬᠤᠷᠢᠵᠤ ᠲᠡᠵᠢᠭᠡᠨ ᠡᠪᠤᠯ ᠬᠠᠪᠤᠷ ᠢ ᠦᠡᠭᠭᠡᠷᠡᠭᠦᠯᠭᠦ ᠪᠠᠷ ᠲᠦᠰᠦᠪᠯᠡᠪᠡᠯ ᠬᠠᠮᠤᠭ ᠪᠠᠭ᠎ᠠ ᠳᠠᠭᠠᠨ 140 ᠲᠦᠮᠡᠨ ᠲᠦᠭᠦᠷᠢᠭ ᠤᠨ ᠠᠰᠢᠭ ᠤᠯᠤᠨ᠎ᠠ᠂ 480 ᠭᠠᠷᠤᠢ ᠲᠦᠮᠡᠨ ᠠᠮᠢᠳᠤ ᠭᠠᠭ᠋ᠠᠢ ᠶᠢᠨ 20% ᠶᠢ ᠨᠢ ᠫᠸᠡᠭ ᠳᠤ ᠬᠤᠷᠢᠵᠤ ᠲᠡᠵᠢᠭᠡᠪᠡᠯ 96 ᠲᠦᠮᠡ ᠭᠠᠷᠤᠢ ᠲᠦᠭᠦᠷᠢᠭ ᠤᠨ ᠠᠰᠢᠭ ᠤᠯᠬᠤ ᠪᠤᠯᠤᠨ᠎ᠠ ︵ᠲᠤᠰ ᠵᠤᠭᠢᠶᠠᠯ ᠳᠠᠬᠢ ᠲᠤᠭ᠎ᠠ ᠪᠠᠷᠢᠮᠳᠠ ᠪᠤᠯ 1998 ᠤᠨ ᠤ ᠬᠢ ᠪᠤᠯᠤᠨ᠎ᠠ︶᠃ |
|
|
|
ᠢᠷᠡᠯᠲᠡ᠄
ᠦᠪᠦᠷ ᠮᠣᠩᠭᠤᠯ ᠤᠨ ᠵᠠᠰᠠᠭ ᠤᠨ ᠣᠷᠳᠤᠨ
|