|
ᠲᠦᠯ ᠤᠨ ᠦᠶ᠎ᠠ ᠭᠡᠰᠢᠭᠦᠨ ᠤ ᠦᠷᠪᠢᠰᠦᠯ ᠢ ᠡᠮᠨᠡᠨ ᠵᠠᠰᠠᠬᠤ ᠠᠷᠭ᠎ᠠ |
|
|
ᠨᠡᠶᠢᠲᠡᠯᠡᠭᠰᠡᠨ ᠴᠠᠭ᠄
2015/12/4
|
|
ᠲᠦᠯ ᠮᠠᠯ ᠤᠨ ᠦᠶ᠎ᠠ ᠭᠡᠰᠢᠭᠦᠨ ᠤ ᠦᠷᠪᠢᠰᠦᠯ ᠪᠤᠯ ᠮᠠᠯᠵᠢᠬᠤ ᠤᠷᠤᠨ ᠳᠤ ᠦᠷᠭᠦᠯᠵᠢ ᠲᠡᠯᠭᠡᠷᠡᠳᠡᠭ ᠨᠢᠭᠡ ᠵᠤᠶᠢᠯ ᠤᠨ ᠭᠡᠮ ᠪᠤᠯᠬᠤ ᠶᠤᠮ᠃ ᠲᠤᠰ ᠭᠡᠮ ᠤᠨ ᠡᠭᠦᠰᠭᠦ ᠭᠤᠤᠯ ᠰᠢᠯᠳᠠᠭᠠᠨ ᠭᠡᠪᠡᠯ᠂ ᠠᠷᠠᠴᠢᠯᠠᠭ᠎ᠠ ᠮᠠᠯᠯᠠᠭ᠎ᠠ ᠭᠦᠷᠦᠯᠴᠡᠭᠦ ᠦᠭᠡᠢ ᠪᠤᠶᠤ ᠡᠭᠡ ᠮᠠᠯ ᠰᠦ ᠦᠭᠡᠢ ᠪᠤᠯᠪᠠᠯ ᠲᠦᠯ ᠮᠠᠯ ᠤᠨ ᠭᠦᠢᠳᠡᠨ ᠬᠠᠯᠠᠭᠤᠨ ᠭᠢᠮᠤᠷᠠᠵᠤ ᠦᠶ᠎ᠠ ᠭᠡᠰᠢᠭᠦᠨ ᠤ ᠭᠡᠮ ᠳᠤ ᠠᠮᠠᠷᠬᠠᠨ ᠨᠡᠷᠪᠡᠭᠳᠡᠳᠡᠭ ᠪᠠᠶᠢᠨ᠎ᠠ᠃ ᠡᠭᠦᠨ ᠤ ᠲᠠᠭᠠᠤ ᠲᠦᠯ ᠮᠠᠯ ᠦᠶ᠎ᠠ ᠭᠡᠰᠢᠭᠦᠨ ᠤ ᠭᠡᠮ ᠲᠠᠢ ᠪᠤᠯᠪᠠᠯ ᠭᠡᠨᠡᠳᠳᠡ ᠡᠭᠡ ᠪᠠᠨ ᠭᠦᠭᠦᠭᠦ ᠲᠤᠷ᠎ᠠ ᠦᠭᠡᠢ ᠪᠤᠯᠵᠤ᠂ ᠨᠢᠭᠡ ᠪᠤᠶᠤ ᠬᠤᠶᠠᠷ ᠭᠦᠯ ᠨᠢ ᠭᠠᠵᠠᠷ ᠭᠢᠰᠭᠢᠵᠤ ᠲᠡᠶᠢᠯᠭᠦ ᠦᠭᠡᠢ ᠡᠮᠵᠡᠭᠯᠡᠳᠡᠭ᠃ ᠵᠠᠷᠢᠮ ᠤᠨ ᠭᠢᠨᠢ ᠲᠦᠷᠪᠡᠨ ᠭᠦᠯ ᠨᠢ ᠡᠮᠵᠡᠭᠯᠡᠨ ᠭᠠᠵᠠᠷ ᠭᠡᠪᠳᠡᠭᠡᠳ ᠶᠠᠪᠤᠬᠤ ᠦᠭᠡᠢ ᠪᠠᠶᠢᠳᠠᠭ᠃ ᠡᠨᠡ ᠦᠶᠡᠰ ᠲᠦᠷᠭᠡᠨ ᠠᠷᠭ᠎ᠠ ᠭᠡᠮᠵᠢᠶ᠎ᠠ ᠠᠪᠬᠤ ᠦᠭᠡᠢ ᠪᠤᠯ ᠦᠶ᠎ᠠ ᠶᠢᠨ ᠤᠭᠤᠳᠠ ᠨᠢ ᠬᠠᠪᠤᠳᠴᠤ᠂ ᠲᠠᠷᠤᠵᠤ ᠦᠵᠡᠭᠦ ᠳᠤ ᠬᠤᠳᠤᠯᠵᠠᠬᠤ ᠪᠤᠶᠤ ᠬᠠᠨᠠᠭᠠᠷ ᠢᠶᠠᠷ ᠬᠠᠨᠠᠪᠠᠯ ᠰᠢᠷ᠎ᠠ ᠨᠤᠭᠤᠭᠠᠨ ᠦᠡᠭᠭᠡᠳᠡᠢ ᠢᠳᠡᠭᠡ ᠰᠢᠭᠦᠰᠤ ᠭᠠᠷᠬᠤ ᠪᠤᠯᠤᠨ᠎ᠠ᠃ ᠲᠤᠰ ᠭᠡᠮ ᠢ ᠡᠮᠨᠡᠨ ᠵᠠᠰᠠᠬᠤ ᠳᠠᠭᠠᠨ ᠭᠡᠮ ᠤᠨ ᠡᠭᠢᠨ ᠤ ᠬᠤᠭᠤᠴᠠᠭᠠᠨ ᠳᠤ ᠭᠡᠢ ᠲᠠᠷᠤᠬᠤ ᠡᠮ ᠪᠤᠯᠤᠨ ᠦᠷᠪᠢᠰᠦᠯ ᠲᠠᠷᠤᠬᠤ ᠡᠮ ᠢ ᠰᠤᠩᠭᠤᠨ ᠤᠤᠭᠤᠯᠭᠠᠵᠤ ᠪᠤᠯᠤᠨ᠎ᠠ᠃ ᠭᠡᠷᠪᠡ ᠦᠶ᠎ᠠ ᠭᠡᠰᠢᠭᠦᠤ ᠳᠤᠨᠢ ᠢᠳᠡᠭᠡ ᠪᠠᠶᠢᠪᠠᠯ ᠭᠡᠮᠨᠡᠭᠰᠡᠨ ᠨᠤᠤᠰᠤ ᠨᠤᠯᠤᠤᠷ ᠢ ᠨᠢ ᠬᠠᠶᠢᠴᠢᠯᠠᠵᠤ ᠠᠪᠤᠭᠠᠳ ᠲᠠᠷᠢᠭᠤᠷ ︵ᠲᠠᠷᠢᠯᠭ᠎ᠠ ᠶᠢᠨ ᠪᠠᠭᠠᠵᠢ︶ ᠢᠶᠠᠷ ᠢᠳᠡᠭᠡ ᠶᠢ ᠨᠢ ᠰᠤᠷᠤᠨ ᠠᠪᠴᠤ᠂ ᠲᠠᠪᠠᠷᠬᠠᠢ ᠶᠢᠨ ᠲᠤᠰᠤ ᠪᠤᠶᠤ ᠲᠦᠷᠭᠢᠴᠡ ᠶᠢ ᠡᠳᠤᠷ ᠲᠤ1 ~ 2 ᠤᠳᠠᠭ᠎ᠠ ᠲᠦᠷᠭᠢᠵᠤ᠂ ᠨᠠᠶᠢᠳᠡ 2 ~3 ᠡᠳᠤᠷ ᠡᠮᠨᠡᠪᠡᠯ ᠪᠠᠷᠤᠭ ᠡᠷᠡᠭᠦᠯᠵᠢᠨ ᠰᠠᠶᠢᠵᠢᠷᠠᠴᠢᠬᠠᠨ᠎ᠠ᠃ |
|
|
|
ᠢᠷᠡᠯᠲᠡ᠄
ᠦᠪᠦᠷ ᠮᠣᠩᠭᠤᠯ ᠤᠨ ᠵᠠᠰᠠᠭ ᠤᠨ ᠣᠷᠳᠤᠨ
|