|
ᠮᠠᠯ ᠤᠨ ᠭᠡᠮ ᠢ ᠪᠠᠶᠢᠪᠠᠨᠭ᠌ ᠢᠶᠠᠷ ᠡᠮᠨᠡᠨ ᠵᠠᠰᠠᠬᠤ |
|
|
ᠨᠡᠶᠢᠲᠡᠯᠡᠭᠰᠡᠨ ᠴᠠᠭ᠄
2015/12/4
|
|
ᠪᠠᠶᠢᠪᠠᠨᠭ᠌ ᠢ ᠬᠠᠯᠠᠭᠤᠨ ᠳᠤ ᠪᠤᠯᠪᠠᠰᠤᠷᠠᠭᠤᠯᠬᠤ ᠪᠤᠶᠤ ᠰᠢᠳᠠᠭᠠᠭᠠᠳ ᠬᠠᠳ᠋ᠬᠠᠰᠠᠨ ᠪᠠᠶᠢᠪᠠᠨᠭ᠌ ᠪᠤᠯᠭᠠᠠᠠᠰᠠᠨ ᠤ ᠲᠠᠷᠠᠭ᠎ᠠ᠂ ᠮᠠᠯ ᠳᠤ ᠭᠡᠷᠡᠭᠯᠡᠪᠡᠯ ᠬᠤᠤᠷ ᠲᠠᠶᠢᠯᠬᠤ᠂ ᠴᠢᠰᠤ ᠵᠤᠠᠠᠰᠤᠭᠠᠬᠤ᠂ ᠴᠢᠴᠠᠭ᠎ᠠ ᠠᠯᠳᠠᠬᠤ ᠶᠢ ᠨᠠᠮᠳᠠᠭᠤᠯᠵᠤ᠂ ᠪᠤᠯᠴᠢᠩ ᠢ ᠴᠢᠭᠢᠷᠬᠠᠵᠢᠭᠤᠯᠬᠤ ᠪᠠ ᠮᠢᠬ᠎ᠠ ᠰᠢᠮ᠎ᠠ ᠨᠡᠮᠡᠭᠳᠡᠭᠦᠯᠭᠦ ᠦᠢᠯᠡᠳᠦᠯ ᠲᠠᠢ ᠶᠤᠮ᠃ 1. ᠮᠠᠯ ᠤᠨ ᠴᠢᠴᠠᠭ᠎ᠠ ᠠᠯᠳᠠᠬᠤ ᠶᠢ ᠵᠤᠠᠠᠰᠤᠭᠠᠬᠤ ᠳᠤ᠂ ᠴᠢᠨ᠋ᠬᠠᠰᠢᠯᠠᠪᠠᠯ ᠪᠠᠭᠠᠰᠤᠨ ᠳᠤᠨᠢ ᠴᠢᠰᠤ ᠲᠠᠢ ᠪᠤᠯ 10% ᠶᠢᠨ ᠪᠠᠶᠢᠪᠠᠨᠭ᠌ ᠢ ᠤᠰᠤᠨ ᠳᠤ ᠬᠤᠯᠢᠵᠤ ᠮᠠᠯ ᠢᠶᠠᠨ ᠤᠰᠤᠯᠠᠬᠤ ᠪᠤᠶᠤ ᠲᠡᠵᠢᠭᠡᠯ ᠪᠤᠷᠳᠤᠭ᠎ᠠ ᠳᠤᠨᠢ ᠬᠤᠯᠢᠵᠤ ᠲᠡᠵᠢᠭᠡᠪᠡᠯ ᠪᠠᠭᠠᠰᠤ ᠨᠢ ᠬᠠᠳᠠᠭᠤᠷᠠᠨ ᠴᠢᠰᠤ ᠭᠠᠷᠬᠤ ᠦᠭᠡᠢ ᠪᠤᠯᠵᠤ ᠭᠡᠪ ᠤᠨ ᠪᠠᠶᠢᠳᠠᠯ ᠳᠠᠭᠠᠨ ᠤᠷᠤᠨ᠎ᠠ᠃ 2. ᠮᠠᠯ ᠤᠰᠤᠯᠠᠬᠤ ᠤᠰᠤ ᠪᠤᠯᠠᠩᠭᠢᠷ ᠲᠠᠢ ᠪᠠᠶᠢᠪᠠᠯ ᠤᠰᠤᠯᠠᠬᠤ ᠤᠡᠭᠭᠤᠴᠠ ᠪᠤᠶᠤ ᠤᠰᠤ ᠲᠠᠢ ᠰᠠᠭᠤᠯᠠᠭ᠎ᠠ ᠳᠤ ᠪᠠᠭ᠎ᠠ ᠰᠠᠭ᠎ᠠ ᠪᠠᠶᠢᠪᠠᠨᠭ᠌ ᠭᠢᠪᠠᠯ ᠤᠰᠤ ᠨᠢ ᠲᠠᠷᠤᠢ ᠴᠡᠪᠡᠷᠰᠢᠨ ᠲᠤᠩᠭᠠᠯᠬᠠᠰᠢᠴᠢᠬᠠᠳᠠᠭ ᠶᠤᠮ᠃ 3. ᠮᠠᠯ ᠰᠦᠷᠦᠭ ᠭᠡᠷᠪᠡ ᠲᠠᠷᠢᠶᠠᠨ ᠡᠮ ᠪᠤᠶᠤ ᠲᠡᠵᠢᠭᠡᠯ ᠪᠤᠷᠳᠤᠭ᠎ᠠ ᠵᠡᠷᠭᠡ ᠳᠤ ᠬᠤᠤᠷᠳ᠋ᠬᠠᠳᠠᠪᠠᠯ ᠪᠠᠶᠢᠪᠠᠨᠭ᠌ ᠪᠤᠯᠤᠨ ᠰᠢᠭᠢᠷ ᠡᠪᠡᠰᠤ ᠶᠢ ᠲᠤᠰ ᠪᠦᠷᠢ ᠨᠢᠭᠡ ᠬᠤᠪᠢ ᠠᠪᠴᠤ ᠨᠤᠠᠳᠠᠭ ᠪᠤᠯᠳᠠᠯ᠎ᠠ ᠲᠠᠯᠬᠠᠳᠠᠭᠠᠳ ᠪᠦᠯᠢᠶᠠᠨ ᠤᠰᠤ ᠪᠠᠷ ᠲᠠᠷᠤᠭᠤᠯᠵᠤ ᠴᠢᠳᠬᠤᠨ ᠤᠤᠭᠤᠯᠭᠠᠪᠠᠯ ᠲᠠᠷᠤᠢ ᠬᠤᠤᠷ ᠢ ᠨᠢ ᠲᠠᠶᠢᠯᠦᠨ᠎ᠠ᠃ 4. ᠮᠠᠯ ᠤᠨ ᠲᠤᠭᠤᠷᠠᠢ ᠬᠠᠭᠠᠷᠠᠵᠤ ᠴᠢᠰᠤ ᠭᠠᠷᠬᠤ ᠪᠠ ᠰᠢᠷ᠎ᠠ ᠤᠰᠤ ᠭᠤᠭᠤᠵᠢᠵᠤ ᠪᠠᠶᠢᠪᠠᠯ ᠤᠷᠢᠳ ᠢᠶᠠᠷ ᠪᠠᠶᠢᠪᠠᠨᠭ᠌ ᠲᠠᠢ ᠤᠰᠤ ᠪᠠᠷ ᠤᠭᠢᠶᠠᠨ ᠴᠡᠪᠡᠷᠯᠡᠭᠰᠡᠨ ᠤ ᠲᠠᠷᠠᠭ᠎ᠠ᠂ ᠲᠠᠭᠢᠨ ᠬᠠᠳ᠋ᠬᠠᠰᠠᠨ ᠪᠠᠶᠢᠪᠠᠨᠭ᠌ ᠤᠨ ᠨᠤᠠᠳᠠᠭ ᠲᠦᠷᠭᠢᠵᠤ ᠦᠭᠪᠡᠯ ᠠᠮᠠᠷᠬᠠᠨ ᠡᠳᠡᠭᠡᠷᠡᠴᠢᠭᠡᠨ᠎ᠡ᠃ 5. ᠮᠠᠯ ᠤᠨ ᠠᠮᠠ ᠭᠡᠯᠡ ᠲᠡᠭᠡᠷ᠎ᠠ ᠶᠠᠷ᠎ᠠ ᠰᠢᠷᠬ᠎ᠠ ᠭᠠᠷᠪᠠᠯ ᠪᠠᠶᠢᠪᠠᠨᠭ᠌ ᠲᠠᠢ ᠤᠰᠤ ᠪᠠᠷ ᠠᠮᠠ ᠶᠢ ᠨᠢ ᠵᠠᠶᠢᠯᠠᠨ ᠤᠭᠢᠶᠠᠵᠤ᠂ ᠲᠠᠭᠢᠨ ᠬᠠᠳ᠋ᠬᠠᠰᠠᠨ ᠪᠠᠶᠢᠪᠠᠨᠭ᠌ ᠤᠨ ᠨᠤᠠᠳᠠᠭ ᠢᠶᠠᠷ ᠡᠳᠤᠷ ᠲᠤ ᠠᠮᠠᠨ ᠭᠦᠨᠳᠡᠢ ᠶᠢ ᠨᠢ ᠬᠤᠶᠠᠷ ᠤᠳᠠᠭ᠎ᠠ ᠠᠷᠴᠢᠵᠤ᠂ ᠡᠨᠡ ᠮᠡᠳᠤ ᠪᠠᠷ ᠭᠡᠳᠦᠨ ᠡᠳᠤᠷ ᠤᠭᠢᠶᠠᠵᠤ ᠠᠷᠴᠢᠪᠠᠯ ᠰᠠᠶᠢᠨ ᠪᠤᠯᠴᠢᠬᠠᠳᠠᠭ ᠶᠤᠮ᠃ 6. ᠮᠠᠯ ᠲᠡᠵᠢᠭᠡᠪᠤᠷᠢ ᠬᠠᠨᠢᠶᠠᠯᠭᠠᠵᠤ ᠨᠢᠰᠤ ᠭᠤᠭᠤᠵᠢᠵᠤ ᠪᠠᠶᠢᠪᠠᠯ 10% ᠶᠢᠨ ᠪᠠᠶᠢᠪᠠᠨᠭ᠌ ᠲᠠᠢ ᠤᠰᠤ ᠪᠠᠷ ᠬᠠᠮᠠᠷ ᠤᠨ ᠭᠦᠨᠳᠡᠢ ᠶᠢ ᠨᠢ ᠤᠭᠢᠶᠠᠭᠠᠳ ᠲᠠᠭᠢᠨ ᠨᠢᠭᠡ ᠯᠠᠩ ᠭᠢᠷᠢᠳᠡᠢ ᠪᠠᠶᠢᠪᠠᠨᠭ᠌ ᠤᠨ ᠨᠤᠠᠳᠠᠭ ᠢ 5 ᠦᠨᠳᠡᠭᠡᠨ ᠴᠠᠭᠠᠨ ᠲᠠᠢ ᠬᠤᠯᠢᠵᠤ ᠬᠤᠳᠬᠤᠠᠠᠰᠠᠨ ᠤ ᠲᠠᠷᠠᠭ᠎ᠠ ᠤᠤᠭᠤᠯᠭᠠᠬᠤ ᠪᠤᠶᠤ ᠲᠡᠵᠢᠭᠡᠯ ᠡᠪᠡᠰᠤᠨ ᠳᠤᠨᠢ ᠬᠤᠯᠢᠵᠤ ᠲᠡᠵᠢᠭᠡᠭᠡᠳ 2 ~ 3 ᠤᠳᠠᠭ᠎ᠠ ᠦᠷᠭᠦᠯᠵᠢᠯᠡᠭᠦᠯᠪᠡᠯ ᠲᠠᠷᠤᠢ ᠰᠠᠶᠢᠨ ᠪᠤᠯᠴᠢᠬᠠᠳᠠᠭ᠃ 7. ᠮᠠᠯ ᠲᠡᠵᠢᠭᠡᠪᠤᠷᠢ ᠬᠠᠯᠠᠭᠤᠷᠠᠬᠤ ᠳᠤ᠂ ᠭᠡᠮᠨᠡᠭᠡᠳ ᠨᠢᠯᠪᠤᠰᠤ ᠭᠤᠭᠤᠵᠢᠵᠤ ᠪᠠᠶᠢᠪᠠᠯ 10% ᠶᠢᠨ ᠪᠠᠶᠢᠪᠠᠨᠭ᠌ ᠲᠠᠢ ᠤᠰᠤ ᠪᠠᠷ ᠨᠢᠳᠤ ᠶᠢ ᠨᠢ ᠡᠳᠤᠷ ᠲᠤ 2 ~ 3 ᠤᠳᠠᠭ᠎ᠠ ᠤᠭᠢᠶᠠᠵᠤ᠂ 3 ᠡᠳᠤᠷ ᠪᠤᠯᠪᠠᠯ ᠲᠠᠷᠤᠢ ᠡᠳᠡᠭᠡᠷᠡᠴᠢᠭᠡᠨ᠎ᠡ᠃ |
|
|
|
ᠢᠷᠡᠯᠲᠡ᠄
ᠦᠪᠦᠷ ᠮᠣᠩᠭᠤᠯ ᠤᠨ ᠵᠠᠰᠠᠭ ᠤᠨ ᠣᠷᠳᠤᠨ
|