ᠲᠠᠤᠯᠠᠢ ᠶᠢ ᠦᠰᠭᠡᠵᠤ ᠦᠷᠡᠵᠢᠭᠦᠯᠭᠦ ᠲᠤᠬᠠᠢ
ᠨᠡᠶᠢᠲᠡᠯᠡᠭᠰᠡᠨ ᠴᠠᠭ᠄
2015/12/4

     ᠲᠠᠤᠯᠠᠢ ᠪᠤᠯ ᠡᠭᠡ ᠪᠠᠶᠢᠭᠠᠯᠢ  ᠶᠢᠨ ᠤᠯᠠᠨ ᠠᠮᠢᠳᠠᠳ  ᠤᠨ ᠨᠢᠭᠡ ᠪᠤᠯᠬᠤ ᠶᠤᠮ᠃ ᠲᠡᠭᠦᠨ  ᠤ ᠡᠭᠦᠳᠡᠨ ᠰᠢᠳᠤ ᠨᠢ ᠭᠦᠭᠵᠢᠩᠭᠦᠢ᠂ ᠲᠡᠭᠡᠳᠤ ᠤᠷᠤᠭᠤᠯ ᠨᠢ ᠰᠡᠳᠡᠷᠭᠡᠢ ᠪᠠᠶᠢᠵᠤ᠂ ᠡᠭᠦᠳᠡᠨ ᠰᠢᠳᠤ ᠨᠢ ᠠᠮᠠᠨ ᠭᠦᠨᠳᠡᠢ  ᠶᠢᠨ ᠭᠠᠳᠠᠭᠤᠷ ᠭᠠᠷᠴᠤ᠂ ᠡᠩ ᠲᠡᠯᠡᠭᠡᠢ ᠳᠤ ᠤᠷᠭᠤᠵᠤ ᠪᠦᠭᠦᠢ ᠡᠪᠡᠰᠤ ᠤᠷᠭᠤᠮᠠᠯ᠂ ᠨᠠᠪᠴᠢ ᠨᠠᠮᠠᠭ᠎ᠠ ᠪᠠᠷ ᠢᠳᠡᠰᠢ ᠵᠠᠭᠤᠰᠢ ᠪᠠᠨ ᠪᠤᠯᠭᠠᠨ ᠤᠷᠤᠰᠢᠨ ᠠᠮᠢᠳᠤᠷᠬᠠᠰᠠᠭᠠᠷ ᠢᠷᠡᠵᠡᠢ᠃ ᠲᠠᠤᠯᠠᠢ ᠪᠤᠯ ᠤᠷᠳᠤ ᠴᠢᠭᠢ᠂ ᠲᠤᠮᠤ ᠨᠢᠳᠤ᠂ ᠤᠬᠤᠷ ᠰᠡᠭᠦᠯ᠂ ᠲᠡᠭᠡᠳᠤ ᠰᠡᠷᠪᠡᠭᠡ ᠲᠠᠢ ᠪᠦᠭᠡᠳ ᠰᠤᠨᠤᠷ ᠬᠤᠷᠴᠠᠯᠢᠭ᠂ ᠬᠠᠷᠠᠭ᠎ᠠ ᠦᠷᠭᠡᠨ ᠪᠠᠶᠢᠳᠠᠭ᠂ ᠲᠠᠤᠯᠠᠢ  ᠶᠢᠨ ᠡᠮᠦᠨ᠎ᠠ ᠮᠦᠴᠢ ᠳᠤᠨᠢ ᠲᠠᠪᠤᠨ ᠬᠤᠷᠤᠭᠤ ᠲᠠᠢ᠂ ᠬᠤᠶᠢᠳᠤ ᠮᠦᠴᠢ ᠳᠤᠨᠢ ᠲᠦᠷᠪᠡᠨ ᠬᠤᠷᠤᠭᠤ ᠲᠠᠢ᠂ ᠬᠤᠶᠢᠳᠤ ᠮᠦᠴᠢ ᠨᠢ ᠡᠮᠦᠨ᠎ᠠ ᠮᠦᠴᠢ ᠠᠴᠠ ᠪᠠᠨ ᠤᠷᠳᠤ ᠪᠤᠯᠬᠤᠷ ᠦᠰᠦᠷᠴᠤ ᠭᠦᠶᠦᠭᠦ ᠨᠢ ᠲᠦᠷᠭᠡᠨ ᠪᠦᠭᠡᠳ ᠬᠠᠷᠪᠤᠠᠠᠰᠠᠨ ᠰᠤᠮᠤ ᠮᠡᠳᠤ ᠲᠦᠷᠭᠡᠨ ᠭᠦᠶᠦᠳᠡᠯ ᠲᠠᠢ ᠶᠤᠮ᠃ ᠡᠨᠡ ᠴᠤ ᠮᠦᠨ ᠲᠠᠤᠯᠠᠢ ᠪᠦᠭᠦᠨ ᠳᠤ ᠪᠠᠶᠢᠳᠠᠭ ᠨᠠᠶᠢᠳᠡ  ᠶᠢᠨ ᠤᠨᠴᠠᠯᠢᠭ ᠪᠤᠯᠤᠨ᠎ᠠ᠃
      ᠠᠮᠢᠳᠠᠨ  ᠤ ᠠᠩᠭᠢᠯᠠᠯ  ᠤᠨ ᠰᠤᠳᠤᠯᠤᠯ ᠠᠴᠠ ᠦᠵᠡᠪᠡᠯ᠂ ᠲᠠᠤᠯᠠᠢ ᠪᠤᠯ ᠭᠦᠪᠴᠢᠳᠡᠨ  ᠤ ᠭᠦᠷᠢᠶ᠎ᠠ᠂ ᠭᠦᠪᠴᠢᠳᠡᠨ  ᠤ ᠪᠠᠭ᠎ᠠ ᠭᠦᠷᠢᠶ᠎ᠠ᠂ ᠭᠦᠭᠦᠳᠡᠨ  ᠤ ᠠᠩᠭᠢ᠂ ᠲᠠᠤᠯᠠᠢ  ᠶᠢᠨ ᠪᠠᠭ᠂ ᠲᠠᠤᠯᠠᠢ  ᠶᠢᠨ ᠢᠵᠠᠭᠤᠷ ᠲᠤ ᠬᠠᠷᠢᠶᠠᠯᠬᠠᠳᠠᠨ᠎ᠠ᠃ ᠤᠳᠤ  ᠶᠢᠨ ᠭᠡᠭᠡᠷ᠎ᠠ  ᠶᠢᠨ ᠲᠠᠤᠯᠠᠢ  ᠶᠢ ᠠᠭᠤᠢ  ᠶᠢᠨ ᠲᠠᠤᠯᠠᠢ ᠪᠠ ᠲᠠᠯ᠎ᠠ  ᠶᠢᠨ ᠲᠠᠤᠯᠠᠢ ᠭᠡᠵᠤ ᠬᠤᠶᠠᠷ ᠲᠦᠷᠦᠯ ᠳᠤ ᠬᠤᠪᠢᠶᠠᠳᠠᠭ᠃ ᠵᠠᠷᠢᠮ ᠭᠦᠮᠦᠨ  ᠤ ᠰᠤᠳᠤᠯᠭᠠᠨ  ᠢ ᠦᠨᠳᠦᠰᠦᠯᠡᠪᠡᠯ᠂ ᠨᠢᠭᠡ ᠡᠭᠦᠷ ᠲᠤ 407 ᠲᠠᠤᠯᠠᠢ ᠪᠠᠶᠢᠵᠤ᠂ ᠨᠠᠶᠢᠳᠡ 2080 ᠭᠠᠷᠴᠤ ᠤᠷᠤᠬᠤ ᠨᠦᠭᠡᠨ ᠠᠮᠰᠠᠷ ᠲᠠᠢ ᠪᠦᠭᠡᠳ ᠲᠤᠮᠳᠠᠴᠢ ᠪᠠᠷ ᠲᠠᠤᠯᠠᠢ ᠪᠦᠷᠢ ᠳᠤ 5 ᠤᠷᠴᠢᠮ ᠭᠠᠷᠴᠤ ᠤᠷᠤᠬᠤ ᠨᠦᠭᠡᠨ ᠵᠠᠮ ᠪᠠᠶᠢᠬᠤ  ᠶᠢ ᠢᠯᠡᠷᠡᠭᠦᠯᠵᠡᠢ᠃ ᠡᠶᠢᠮᠤ ᠠᠴᠠ ᠲᠠᠤᠯᠠᠢ  ᠶᠢ ᠲᠡᠯᠡᠭᠡᠢ ᠳᠤ ᠬᠠᠮᠤᠭ ᠠᠴᠠ ᠪᠤᠳᠤᠯᠢᠶᠠᠠᠳᠠᠢ ᠡᠭᠦᠷᠯᠡᠳᠡᠭ ᠠᠮᠢᠳᠠᠨ  ᠤ ᠨᠢᠭᠡ ᠭᠡᠵᠤ ᠭᠡᠯᠡᠳᠡᠭ ᠰᠠᠨ᠃ ᠲᠡᠭᠡᠪᠡᠯ ᠡᠸᠦ᠋ᠷᠦᠫᠡ  ᠶᠢᠨ ᠭᠡᠭᠡᠷ᠎ᠡ  ᠶᠢᠨ ᠲᠠᠤᠯᠠᠢ ᠪᠤᠯ ᠤᠳᠤ  ᠶᠢᠨ ᠠᠭᠤᠢ  ᠶᠢᠨ ᠲᠠᠤᠯᠠᠢ  ᠶᠢᠨ ᠲᠤᠪᠤᠶᠢᠠᠠᠰᠠᠨ ᠲᠦᠯᠦᠭᠡᠯᠡᠭᠴᠢ ᠪᠤᠯᠤᠨ᠎ᠠ᠃ ᠮᠠᠨ  ᠤ ᠤᠯᠤᠰ  ᠤᠨ ᠲᠠᠤᠯᠠᠢ ᠨᠢ ᠴᠦᠮ ᠲᠠᠯ᠎ᠠ  ᠶᠢᠨ ᠲᠠᠤᠯᠠᠢ ᠳᠤ ᠬᠠᠷᠢᠶᠠᠯᠬᠠᠳᠠᠨ᠎ᠠ᠃
       ᠲᠠᠤᠯᠠᠢ  ᠶᠢ ᠭᠡᠷ  ᠤᠨ ᠲᠡᠵᠢᠭᠡᠪᠤᠷᠢ ᠪᠤᠯᠭᠠᠠᠠᠰᠠᠨ ᠲᠡᠤᠭᠡ ᠨᠢ ᠠᠯᠢ ᠡᠷᠳᠡ ᠪᠠᠶᠢᠵᠤ᠂ ᠦᠰᠦᠭ ᠪᠢᠴᠢᠭ  ᠤᠨ ᠲᠡᠮᠳᠡᠭᠯᠡᠯ ᠠᠴᠠ ᠴᠤ ᠡᠷᠳᠡ ᠪᠠᠶᠢᠳᠠᠭ᠃ ᠡᠸᠦ᠋ᠷᠦᠫᠡ  ᠶᠢᠨ ᠲᠠᠤᠯᠠᠢ ᠲᠡᠵᠢᠭᠡᠭᠰᠡᠨ ᠲᠠᠤᠭᠡ ᠨᠢ 16 ᠳ᠋ᠤᠭᠠᠷ ᠵᠠᠭᠤᠨ  ᠤ ᠹᠷᠠᠠᠼᠢ  ᠶᠢᠨ ᠲᠢᠶᠠᠠᠴᠢ ᠰᠦᠮ᠎ᠠ ᠠᠴᠠ ᠡᠭᠢᠯᠡᠵᠡᠢ᠃ ᠮᠠᠨ  ᠤ ᠤᠯᠤᠰ ᠲᠠᠤᠯᠠᠢ ᠲᠡᠵᠢᠭᠡᠭᠡᠳ ᠨᠢᠭᠡᠨᠳᠡ 2000 ᠭᠠᠷᠤᠢ ᠵᠢᠯ  ᠤᠨ ᠲᠡᠤᠭᠡ ᠲᠠᠢ ᠪᠤᠯᠵᠠᠢ᠃ 20 ᠳ᠋ᠤᠭᠠᠷ ᠵᠠᠭᠤᠨ  ᠤ ᠲᠠᠪᠢᠭᠠᠳ ᠤᠨ ᠠᠴᠠ ᠡᠭᠢᠯᠡᠨ ᠮᠠᠨ  ᠤ ᠤᠯᠤᠰ ᠲᠠᠤᠯᠠᠢ  ᠶᠢᠨ ᠠᠷᠠᠰᠤ᠂ ᠲᠠᠤᠯᠠᠢ  ᠶᠢᠨ ᠮᠢᠬ᠎ᠠ  ᠶᠢ ᠦᠢᠯᠡᠳᠪᠤᠷᠢᠯᠡᠨ ᠤᠯᠠᠨ ᠤᠯᠤᠰ  ᠤᠨ ᠵᠠᠬ᠎ᠠ ᠲᠡᠯᠭᠡᠭᠦᠷ ᠲᠤ ᠭᠠᠷᠭᠠᠨ ᠪᠤᠷᠤᠯᠠᠭᠤᠤᠯᠠᠠᠰᠠᠨ ᠪᠦᠭᠡᠳ ᠲᠠᠤᠯᠠᠢ  ᠶᠢᠨ ᠨᠤᠤᠰᠤ᠂ ᠲᠠᠤᠯᠠᠢ  ᠶᠢᠨ ᠠᠷᠠᠰᠤ᠂ ᠲᠠᠤᠯᠠᠢ  ᠶᠢᠨ ᠮᠢᠬ᠎ᠠ ᠨᠢ ᠤᠳᠤ ᠨᠢᠭᠡᠨᠳᠡ ᠭᠠᠳᠠᠭᠠᠳᠤ ᠳᠤ ᠭᠠᠷᠭᠠᠬᠤ ᠭᠤᠤᠯ ᠲᠠᠸᠠᠷ  ᠤᠨ ᠨᠢᠭᠡ ᠪᠤᠯᠵᠤ ᠭᠦᠭᠵᠢᠭᠰᠡᠨ ᠪᠠᠶᠢᠨ᠎ᠠ᠃
     ᠤᠳᠤᠬᠠᠨ ᠳᠤ ᠭᠡᠷ  ᠤᠨ ᠲᠠᠤᠯᠠᠢ  ᠶᠢ ᠠᠷᠠᠴᠢᠯᠠᠨ ᠲᠡᠵᠢᠭᠡᠭᠦ ᠦᠢᠯᠡᠰ ᠨᠢᠭᠡᠨᠳᠡ ᠲᠡᠯᠡᠭᠡᠢ  ᠶᠢᠨ ᠡᠯ᠎ᠠ ᠭᠠᠵᠠᠷ ᠲᠤ ᠪᠦᠷ ᠲᠦᠭᠡᠭᠰᠡᠨ ᠶᠤᠮ᠂ ᠭᠦᠮᠦᠰ ᠤᠳᠤᠮᠰᠢᠯ  ᠢᠶᠠᠷ ᠡᠭᠦᠯᠳᠡᠷ ᠪᠤᠶᠢᠵᠢᠭᠤᠯᠬᠤ ᠪᠠ ᠡᠭᠦᠯᠳᠡᠷ ᠰᠠᠶᠢᠵᠢᠷᠠᠭᠤᠯᠬᠤ ᠪᠠᠷ ᠲᠠᠮᠵᠢᠭᠠᠳ ᠤᠳᠤᠬᠠᠨ  ᠤ ᠭᠡᠷ  ᠤᠨ ᠲᠠᠤᠯᠠᠢ  ᠶᠢᠨ ᠡᠭᠦᠯᠳᠡᠷ ᠨᠢᠭᠡᠨᠳᠡ 80 ᠭᠠᠷᠤᠢ ᠵᠤᠶᠢᠯ ᠳᠤ ᠭᠦᠷᠪᠡ᠂ ᠭᠡᠭᠦ ᠳᠡᠭᠡᠨ ᠶᠡᠭᠡ ᠲᠦᠯᠦᠪ ᠲᠤᠨᠢ ᠪᠠᠰᠠ ᠨᠤᠤᠰᠤᠨ  ᠤ ᠭᠡᠷᠡᠭᠯᠡᠭᠦᠨᠳᠤ᠂ ᠠᠷᠠᠰᠤᠨ  ᠤ ᠭᠡᠷᠡᠭᠯᠡᠭᠦᠨᠳᠤ᠂ ᠮᠢᠬᠠᠨ  ᠤ ᠭᠡᠷᠡᠭᠯᠡᠭᠦᠨᠳᠤ ᠪᠠ ᠦᠵᠡᠮᠤᠷᠢ  ᠶᠢᠨ ᠭᠡᠯᠪᠡᠷᠢ ᠭᠡᠵᠤ ᠲᠠᠪᠤᠨ ᠶᠡᠭᠡ ᠲᠦᠷᠦᠯ ᠳᠤ ᠬᠤᠪᠢᠶᠠᠳᠠᠭ ᠪᠠᠶᠢᠨ᠎ᠠ᠂ ᠲᠠᠤᠯᠠᠢ  ᠶᠢᠨ ᠮᠢᠬᠠᠨ  ᠤ ᠰᠢᠮ᠎ᠠ ᠲᠡᠵᠢᠭᠡᠯ ᠨᠢ ᠡᠯᠪᠡᠭ ᠲᠡᠯᠪᠡᠭ᠂ ᠮᠢᠬᠠᠨ  ᠤ ᠴᠢᠨᠠᠷ ᠨᠢ ᠨᠠᠷᠢᠯᠢᠭ ᠵᠦᠭᠡᠯᠡᠨ᠂ ᠦᠨᠤᠷ ᠠᠮᠳᠠ ᠨᠢ ᠠᠩᠭᠢᠯᠤᠮᠠᠯ ᠰᠠᠶᠢᠬᠠᠨ᠂ ᠰᠢᠩᠭᠡᠭᠦ ᠳᠤ ᠠᠮᠠᠷᠬᠠᠨ ᠲᠤᠯᠠ ᠬᠠᠮᠤᠭ  ᠤᠨ ᠰᠠᠶᠢᠨ ᠮᠢᠬᠠᠨ ᠢᠳᠡᠭᠡᠨ ᠳᠤ ᠲᠤᠭᠠᠴᠬᠠᠳᠠᠬᠤ ᠶᠤᠮ᠃ ᠢᠡᠭᠭᠢᠭᠰᠡᠨ ᠠᠴᠠ ᠲᠠᠤᠯᠠᠢ  ᠶᠢᠨ ᠮᠢᠬ᠎ᠠ ᠨᠢ ᠦᠨᠤᠳᠤᠷ  ᠤᠨ ᠨᠡᠷ᠎ᠠ ᠠᠯᠳᠠᠷᠰᠢᠠᠠᠰᠠᠨ ᠠᠮᠳᠠᠳᠤ ᠮᠢᠬᠠᠨ ᠢᠳᠡᠭᠡᠨ  ᠤ ᠨᠢᠭᠡ ᠪᠤᠯᠵᠠᠢ᠃ ᠡᠸᠦ᠋ᠷᠦᠫᠡ ᠠᠮᠧᠷᠢᠺᠠ  ᠶᠢᠨ ᠨᠡᠯᠢᠶᠡᠳ ᠤᠯᠠᠨ ᠤᠯᠤᠰ ᠲᠤ ᠲᠠᠤᠯᠠᠢ  ᠶᠢᠨ ᠮᠢᠬ᠎ᠠ ᠨᠢ ᠨᠢᠭᠡᠨᠳᠡ ᠮᠢᠬᠠᠨ ᠢᠳᠡᠭᠡᠨ  ᠤ ᠭᠤᠤᠯ ᠨᠦᠭᠦᠪᠤᠷᠢ ᠢᠷᠡᠯᠳᠡ ᠪᠤᠯᠤᠠᠠᠰᠠᠨ ᠪᠠᠶᠢᠨ᠎ᠠ᠃
      ᠲᠠᠤᠯᠠᠢ  ᠶᠢᠨ ᠮᠢᠬᠠᠨ ᠳᠤ ᠴᠢᠨᠠᠷ ᠰᠠᠶᠢᠳᠠᠢ ᠤᠭᠤᠷᠠᠭ ᠡᠯᠪᠡᠭ ᠠᠭᠤᠯᠤᠠᠠᠳᠠᠵᠤ ᠪᠤᠢ᠂ ᠲᠤᠬᠠᠶᠢᠯᠠᠪᠠᠯ ᠲᠠᠤᠯᠠᠢ  ᠶᠢᠨ ᠮᠢᠬ᠎ᠠ ᠳᠤ 21%᠂ ᠦᠭᠡᠷ  ᠤᠨ ᠮᠢᠬ᠎ᠠ ᠳᠤ 17.4%᠂ ᠬᠤᠨᠢᠨ ᠮᠢᠬ᠎ᠠ ᠳᠤ16.5%᠂ ᠭᠠᠭ᠋ᠠᠢ  ᠶᠢᠨ ᠮᠢᠬ᠎ᠠ ᠳᠤ 15.7%᠂ ᠲᠠᠭᠢᠶᠠᠨ ᠮᠢᠬ᠎ᠠ ᠳᠤ 18.6% ᠪᠠᠷ ᠠᠭᠤᠯᠵᠤ ᠪᠠᠶᠢᠨ᠎ᠠ᠃ ᠡᠭᠦᠨ ᠳᠤ ᠲᠠᠤᠯᠠᠢ  ᠶᠢᠨ ᠮᠢᠬᠠᠨ ᠳᠤ ᠠᠭᠤᠯᠬᠤ ᠤᠭᠤᠷᠠᠭ ᠪᠦᠷᠢᠯᠳᠦᠭᠦᠯᠭᠦ ᠠᠮᠢᠨᠤ᠋ ᠭᠦᠴᠢᠯ  ᠤᠨ ᠲᠦᠷᠦᠯ ᠵᠤᠶᠢᠯ ᠨᠢ ᠨᠡᠩ ᠡᠯᠪᠡᠭ ᠪᠠᠶᠢᠵᠤ᠂ ᠤᠨᠴᠠᠭᠠᠶᠢᠯᠠᠨ ᠯᠠᠶᠢᠰᠢᠨ ᠠᠮᠢᠨᠤ᠋ ᠭᠦᠴᠢᠯ ᠪᠤᠯᠤᠨ ᠦᠡᠭᠭᠡ  ᠶᠢᠨ ᠠᠮᠢᠨᠤ᠋ ᠭᠦᠴᠢᠯ  ᠤᠨ ᠠᠭᠤᠯᠤᠠᠠᠳᠠᠴᠠ ᠨᠢ ᠦᠭᠡᠷ᠂ ᠬᠤᠨᠢ᠂ ᠭᠠᠭ᠋ᠠᠢ᠂ ᠲᠠᠭᠢᠶᠠᠨ ᠮᠢᠬᠠᠨ  ᠤ ᠬᠢ ᠠᠴᠠ ᠬᠤᠯᠠ ᠦᠨᠳᠤᠷ ᠪᠠᠶᠢᠵᠤ᠂ ᠲᠤᠰᠪᠤᠷᠢ 9.6% ᠪᠠ 1.8% ᠳᠤ ᠭᠦᠷᠳᠡᠭ ᠪᠠᠶᠢᠨ᠎ᠠ᠃ ᠲᠠᠤᠯᠠᠢ  ᠶᠢᠨ ᠮᠢᠬ᠎ᠠ ᠢᠳᠡᠪᠡᠯ ᠤᠷᠭᠤᠮᠠᠯ  ᠤᠨ ᠢᠳᠡᠭᠡᠨ ᠠᠴᠠ ᠭᠦᠢᠴᠡᠳ ᠤᠯᠵᠤ ᠨᠦᠭᠦᠪᠤᠷᠢᠯᠡᠵᠤ ᠲᠠᠶᠢᠯᠭᠦ ᠦᠭᠡᠢ ᠡᠨᠡ ᠭᠦ ᠬᠤᠶᠠᠷ ᠵᠤᠶᠢᠯ  ᠤᠨ ᠠᠮᠢᠨᠤ᠋ ᠭᠦᠴᠢᠯ  ᠢ ᠪᠦᠳᠦᠮᠵᠢᠳᠡᠢ ᠪᠠᠷ ᠨᠦᠭᠦᠪᠤᠷᠢᠯᠡᠵᠤ ᠴᠢᠳᠠᠬᠤ ᠮᠦᠷᠳᠡᠭᠡᠨ ᠭᠦᠮᠦᠨ  ᠤ ᠪᠡᠶ᠎ᠠ  ᠶᠢᠨ ᠰᠢᠮ᠎ᠠ ᠲᠡᠵᠢᠭᠡᠯ  ᠢ ᠴᠤ ᠲᠡᠩᠴᠡᠭᠦᠷᠢᠳᠡᠢ ᠪᠤᠯᠭᠠᠨ᠎ᠠ᠃
      ᠲᠠᠤᠯᠠᠢ  ᠶᠢᠨ ᠮᠢᠬ᠎ᠠ ᠨᠢ ᠦᠭᠡᠭᠦ ᠴᠦᠭᠡᠨ᠂ ᠰᠦᠰᠤᠨ  ᠤ ᠴᠢᠯᠠᠭᠤᠯᠢᠭ ᠠᠯᠺᠤᠤᠯ  ᠤᠨ ᠠᠭᠤᠯᠤᠠᠠᠳᠠᠴᠠ ᠪᠠᠷ ᠲᠤᠤᠷ᠎ᠠ᠂ ᠹᠤᠰᠹᠤᠷᠳᠤ ᠦᠭᠡᠭᠦᠨ  ᠤ ᠠᠭᠤᠯᠤᠠᠠᠳᠠᠴᠠ ᠪᠠᠷ ᠦᠨᠳᠤᠷ ᠪᠤᠯᠬᠤᠷ ᠡᠷᠡᠭᠦᠯ ᠮᠡᠨᠳᠤ  ᠶᠢ ᠬᠠᠮᠠᠭᠠᠯᠠᠬᠤ ᠢᠳᠡᠭᠡᠨ ᠪᠤᠯᠬᠤ ᠶᠤᠮ᠃ ᠦᠭᠡᠷ᠎ᠠ ᠪᠠᠷ ᠭᠡᠯᠡᠪᠡᠯ᠂  ᠲᠠᠤᠯᠠᠢ  ᠶᠢᠨ ᠰᠢᠨ᠎ᠠ ᠮᠢᠬᠠᠨ ᠳᠤ 8%᠂ ᠭᠠᠭ᠋ᠠᠢ  ᠶᠢᠨ ᠮᠢᠬ᠎ᠠ ᠳᠤ 26.7%᠂ ᠬᠤᠨᠢᠨ ᠮᠢᠬ᠎ᠠ ᠳᠤ 21.3%  ᠶᠢᠨ ᠦᠭᠡᠭᠦ ᠠᠭᠤᠯᠤᠠᠠᠳᠠᠵᠤ ᠪᠤᠢ᠃ 100 ᠭᠷᠠᠮ ᠲᠠᠤᠯᠠᠢ  ᠶᠢᠨ ᠮᠢᠬ᠎ᠠ ᠳᠤ ᠰᠦᠰᠦᠨ  ᠤ ᠴᠢᠯᠠᠭᠤᠯᠢᠭ ᠠᠯᠺᠦᠤᠯ 65 ᠮᠢᠯᠢᠭᠷᠡᠮ ᠠᠭᠤᠯᠤᠠᠠᠳᠠᠵᠤ᠂ ᠭᠠᠭ᠋ᠠᠢ  ᠶᠢᠨ ᠮᠢᠬ᠎ᠠ ᠳᠤ 126 ᠮᠢᠯᠢᠭᠷᠡᠮ᠂ ᠦᠭᠡᠷ  ᠤᠨ ᠮᠢᠬ᠎ᠠ ᠳᠤ106 ᠮᠢᠯᠢᠭᠷᠡᠮ ᠠᠭᠤᠯᠵᠤ ᠪᠠᠶᠢᠨ᠎ᠠ᠃ ᠡᠨᠡ ᠨᠢ ᠶᠠᠭ ᠭᠦᠮᠦᠰ  ᠤᠨ ᠮᠢᠬᠠᠨ ᠢᠳᠡᠭᠡᠨ ᠰᠤᠩᠭᠤᠬᠤ ᠱᠠᠭᠠᠷᠳᠠᠯᠭ᠎ᠠ ᠳᠤ ᠨᠡᠶᠢᠴᠡᠵᠤ ᠪᠠᠶᠢᠨ᠎ᠠ᠃ ᠡᠶᠢᠮᠤ ᠠᠴᠠ ᠨᠡᠯᠢᠶᠡᠳ ᠤᠯᠠᠨ ᠤᠯᠤᠰ ᠤᠷᠤᠨ  ᠤ ᠬᠢᠨ ᠪᠦᠷ ᠲᠠᠤᠯᠠᠢ  ᠶᠢᠨ ᠮᠢᠬ᠎ᠠ  ᠶᠢ ︽ᠡᠷᠡᠭᠦᠯ ᠮᠠᠨᠳᠤ  ᠶᠢᠨ ᠮᠢᠬᠠᠨ ᠢᠳᠡᠭᠡᠨ︾᠂ ︽ᠵᠢᠰᠤ ᠭᠤᠶᠤᠵᠢᠭᠤᠯᠬᠤ ᠮᠠᠷᠢᠶ᠎ᠠ ᠰᠢᠭᠤᠷᠠᠭᠤᠯᠬᠤ ᠮᠢᠬᠠᠨ ᠢᠳᠡᠭᠡᠨ︾ ᠭᠡᠮᠡᠨ ᠨᠡᠷᠡᠯᠡᠵᠤ ᠪᠤᠢ᠃
       ᠲᠠᠤᠯᠠᠢ  ᠶᠢᠨ ᠮᠢᠬᠠᠨ ᠳᠤ ᠪᠠᠰᠠ ᠺᠠᠯᠼ ᠡᠯᠪᠡᠭ ᠠᠭᠤᠯᠤᠠᠠᠳᠠᠵᠤ ᠪᠠᠶᠢᠬᠤ ᠪᠤᠯᠬᠤᠷ ᠭᠦᠮᠦᠨ  ᠤ ᠪᠡᠶ᠎ᠠ ᠳᠤ ᠮᠠᠰᠢ ᠭᠢᠯᠪᠠᠷᠬᠠᠨ ᠰᠢᠩᠭᠡᠭᠡᠭᠳᠡᠳᠡᠭ ᠶᠤᠮ᠃ ᠲᠠᠤᠯᠠᠢ  ᠶᠢᠨ ᠮᠢᠬᠠᠨ ᠳᠠᠬᠢ ᠺᠠᠯᠼ  ᠤᠨ ᠠᠭᠤᠯᠤᠠᠠᠳᠠᠴᠠ ᠨᠢ ᠪᠠᠷᠤᠭ ᠲᠠᠭᠢᠶᠠᠨ ᠮᠢᠬᠠᠨ  ᠤ 2 ᠲᠠᠭᠢᠨ᠂ ᠭᠠᠭ᠋ᠠᠢ  ᠶᠢᠨ ᠮᠢᠬᠠᠨ  ᠤ 4 ᠲᠠᠭᠢᠨ᠂ ᠦᠭᠡᠷ  ᠤᠨ ᠮᠢᠬᠠᠨ  ᠤ 2 ᠲᠠᠭᠢᠨ ᠪᠠᠶᠢᠳᠠᠭ᠃ ᠭᠡᠭᠦ ᠳᠤ ᠲᠡᠳᠡᠭᠡᠷ ᠺᠠᠯᠼ  ᠤᠨ 85% ᠠᠴᠠ ᠲᠡᠭᠡᠭᠰᠢᠭᠢ ᠨᠢ ᠭᠦᠮᠦᠨ  ᠤ ᠪᠡᠶ᠎ᠠ ᠳᠤ ᠪᠦᠷᠢᠮᠦᠰᠤᠨ ᠰᠢᠩᠭᠡᠭᠡᠭᠳᠡᠵᠤ᠂ ᠪᠤᠰᠤᠳ ᠮᠢᠬᠠᠨ  ᠤ ᠲᠦᠷᠦᠯ ᠠᠴᠠ ᠬᠤᠯᠠ ᠦᠨᠳᠤᠷ ᠶᠤᠮ᠂ ᠡᠶᠢᠮᠤ ᠠᠴᠠ ᠭᠡᠤᠭᠡᠳ᠂ ᠡᠮᠡᠭᠳᠡᠶᠢᠴᠤᠳ ᠪᠠ ᠨᠠᠰᠤᠳᠠᠶᠢᠴᠤᠳ ᠢᠳᠡᠭᠦ ᠳᠤ ᠬᠠᠮᠤᠭ ᠠᠴᠠ ᠲᠤᠭᠢᠷᠠᠮᠵᠢᠳᠡᠢ ᠪᠠᠶᠢᠳᠠᠭ᠃
      ᠲᠠᠤᠯᠠᠢ  ᠶᠢᠨ ᠨᠤᠤᠰᠤ᠂ ᠲᠠᠤᠯᠠᠢ  ᠶᠢᠨ ᠠᠷᠠᠰᠤ᠂ ᠲᠠᠤᠯᠠᠢ  ᠶᠢᠨ ᠰᠢᠪᠭᠢ ᠨᠢ ᠴᠤ ᠲᠤᠩ ᠦᠨᠳᠤᠷ ᠠᠵᠤ ᠠᠬᠤᠢ  ᠶᠢᠨ ᠦᠨ᠎ᠠ ᠦᠷᠳᠡᠭ ᠲᠠᠢ ᠶᠤᠮ᠃ ᠲᠠᠤᠯᠠᠢ  ᠶᠢᠨ ᠨᠤᠤᠰᠤ ᠪᠤᠯ ᠲᠤᠯᠠᠭᠠᠨ᠂ ᠭᠦᠡᠭᠭᠡᠨ ᠵᠦᠭᠡᠯᠡᠨ᠂ ᠭᠤᠶᠤ ᠰᠠᠶᠢᠬᠠᠨ ᠵᠡᠷᠭᠡ ᠤᠨᠴᠠᠯᠢᠭ ᠲᠠᠢ ᠪᠤᠯᠬᠤᠷ ᠤᠳᠤᠬᠠᠨ ᠳᠤ ᠨᠢᠭᠡᠨᠳᠡ ᠰᠢᠨ᠎ᠠ ᠪᠠᠷ ᠭᠦᠭᠵᠢᠵᠤ ᠪᠦᠭᠦᠢ ᠨᠢᠭᠡ ᠵᠤᠶᠢᠯ  ᠤᠨ ᠨᠡᠭᠡᠮᠡᠯ  ᠤᠨ ᠲᠦᠭᠦᠭᠡᠢ ᠮᠠᠲ᠋ᠧᠷᠢᠶᠠᠯ ᠪᠤᠯᠤᠠᠠᠰᠠᠨ ᠪᠠᠶᠢᠨ᠎ᠠ᠃ ᠤᠳᠤᠬᠠᠨ ᠳᠤ ᠮᠠᠨ  ᠤ ᠤᠯᠤᠰ  ᠤᠨ ᠲᠠᠤᠯᠠᠢ  ᠶᠢᠨ ᠨᠤᠤᠰᠤᠨ  ᠤ ᠵᠢᠯ  ᠤᠨ ᠭᠠᠷᠤᠯᠳᠠ ᠨᠢ ᠪᠠᠷᠤᠭ1 ᠲᠦᠮᠡᠨ ᠲᠤᠨ ᠤᠷᠴᠢᠮ ᠳᠤ ᠭᠦᠷᠴᠤ᠂ ᠰᠢᠨ᠎ᠠ ᠪᠠᠷ ᠨᠡᠭᠡᠭᠡᠨ ᠠᠰᠢᠠᠠᠯᠬᠠᠰᠠᠨ ᠰᠢᠷᠢᠰ ᠪᠦᠳᠦᠭᠡᠭᠳᠡᠭᠦᠨ ᠨᠢ 100 ᠭᠠᠷᠤᠢ ᠲᠦᠷᠦᠯ ᠵᠤᠶᠢᠯ ᠳᠤ ᠭᠦᠷᠴᠤ᠂ 200 ᠭᠠᠷᠤᠢ ᠲᠦᠷᠦᠯ ᠵᠤᠶᠢᠯ ᠲᠠᠢ ᠪᠤᠯᠪᠠ᠃ ᠡᠭᠦᠨ ᠳᠤ ᠨᠡᠯᠢᠶᠡᠳ ᠤᠯᠠᠨ ᠪᠦᠳᠦᠭᠡᠭᠳᠡᠭᠦᠨ ᠨᠢ ᠨᠢᠭᠡᠨᠳᠡ ᠤᠯᠠᠨ ᠤᠯᠤᠰ  ᠤᠨ ᠲᠠᠷᠢᠭᠦᠨ  ᠤ ᠲᠦᠪᠰᠢᠨ ᠳᠤ ᠭᠦᠷᠴᠤ᠂ ᠭᠠᠳᠠᠭᠠᠳᠤ ᠳᠤ ᠭᠠᠷᠭᠠᠨ ᠪᠤᠷᠤᠯᠠᠭᠤᠯᠬᠤ ᠴᠢᠬᠤᠯᠠ ᠲᠠᠢ ᠲᠠᠸᠠᠷ ᠪᠤᠯᠤᠠᠠᠰᠠᠨ ᠪᠠᠶᠢᠨ᠎ᠠ᠃
      ᠲᠠᠤᠯᠠᠢ  ᠶᠢᠨ ᠠᠷᠠᠰᠤ ᠪᠤᠯ ᠮᠠᠰᠢ ᠭᠢᠮᠳᠡ ᠠᠷᠠᠰᠤ ᠰᠢᠷᠢ  ᠶᠢᠨ ᠲᠦᠭᠦᠭᠡᠢ ᠡᠳ᠋ ᠪᠤᠯᠤᠨ᠎ᠠ᠃ ᠲᠡᠭᠦᠨ  ᠤ ᠤᠨᠴᠠᠯᠢᠭ ᠭᠡᠪᠡᠯ᠂ ᠨᠤᠤᠰᠤ ᠨᠢ ᠨᠢᠠᠠᠳᠠ᠂ ᠲᠤᠯᠠᠭᠠᠨ  ᠢ ᠬᠠᠮᠠᠭᠠᠯᠠᠬᠤ ᠴᠢᠨᠠᠷ  ᠢᠶᠠᠷ ᠰᠠᠶᠢᠨ᠂ ᠠᠷᠠᠰᠤᠨ  ᠤ ᠭᠦᠷᠦᠰᠤ ᠨᠢ ᠵᠦᠭᠡᠯᠡᠭᠡᠨ ᠪᠠᠶᠢᠵᠤ᠂ ᠵᠠᠷᠢᠮ  ᠢᠶᠠᠷ   ᠨᠢ ᠪᠠᠰᠠ ᠬᠤᠪᠤᠷ ᠴᠤᠬᠠᠭ ᠠᠮᠢᠳᠠᠨ  ᠤ ᠨᠤᠤᠰᠤ ᠠᠷᠠᠰᠤ  ᠶᠢᠨ ᠤᠷᠤᠯᠠᠭᠤᠷ ᠡᠳ᠋ ᠪᠤᠯᠭᠠᠳᠠᠭ᠃
      ᠲᠠᠤᠯᠠᠢ  ᠶᠢᠨ ᠲᠤᠳᠤᠷ ᠡᠷᠭᠡᠳᠡᠨ᠂ ᠲᠠᠷᠢᠭᠢ ᠪᠠ ᠶᠠᠰᠤ ᠪᠤᠯ ᠠᠮᠢᠳᠤ ᠪᠤᠳᠠᠰ  ᠤᠨ ᠡᠮᠳᠤ ᠦᠢᠯᠡᠳᠭᠦᠨ ᠭᠢᠭᠦ ᠲᠦᠭᠦᠭᠡᠢ ᠮᠠᠲ᠋ᠧᠷᠢᠶᠠᠯ ᠪᠤᠯᠤᠨ᠎ᠠ᠃ ᠡᠳᠡᠭᠡᠷ  ᠢᠶᠠᠷ ᠪᠠᠰᠠ ᠲᠡᠵᠢᠭᠡᠯ ᠪᠤᠷᠳᠤᠭ᠎ᠠ ᠪᠤᠯᠭᠠᠵᠤ ᠪᠤᠯᠤᠨ᠎ᠠ᠃ ᠲᠠᠤᠯᠠᠢ  ᠶᠢᠨ ᠲᠠᠷᠢᠭᠢ ᠨᠢ ᠭᠦᠯᠳᠡᠭᠰᠡᠨ ᠰᠢᠷᠬ᠎ᠠ  ᠶᠢ ᠵᠠᠰᠠᠵᠤ᠂ ᠭᠦᠡᠭᠭᠡᠵᠢᠭᠦ ᠡᠮᠡᠭᠳᠡᠢ  ᠶᠢᠨ ᠭᠦᠡᠭᠭᠡᠵᠢᠭᠦ  ᠶᠢ ᠠᠭᠢᠭᠤᠯᠬᠤ ᠦᠢᠯᠡᠳᠦᠯ ᠲᠠᠢ︔ ᠲᠠᠤᠯᠠᠢ  ᠶᠢᠨ ᠡᠯᠢᠭᠡ ᠨᠢ ᠲᠤᠯᠤᠭᠠᠢ ᠡᠷᠭᠢᠭᠦ ᠭᠡᠮ  ᠢ ᠵᠠᠰᠠᠵᠤ᠂ ᠬᠠᠷᠠᠭ᠎ᠠ ᠲᠤᠳᠤᠷᠠᠭᠤᠯᠬᠤ ᠦᠢᠯᠡᠳᠦᠯ ᠲᠠᠢ︔ ᠲᠠᠤᠯᠠᠢ  ᠶᠢᠨ ᠪᠠᠭᠠᠰᠤ ᠨᠢ ᠭᠡᠳᠡᠰᠤ ᠭᠦᠭᠡᠭᠡᠭᠦ ᠬᠠᠷᠠᠭ᠎ᠠ ᠪᠦᠳᠡᠭᠢᠷᠡᠭᠦ ᠭᠡᠮ  ᠢ ᠵᠠᠰᠠᠵᠤ᠂ ᠬᠠᠯᠠᠭᠤᠷᠬᠠᠰᠠᠨ ᠠᠴᠠ ᠪᠤᠯᠤᠠᠠᠰᠠᠨ ᠬᠤᠯᠠᠭᠠᠢ ᠭᠦᠯᠦᠰᠤ ᠭᠠᠷᠬᠤ  ᠶᠢ ᠵᠠᠰᠠᠬᠤ ᠦᠢᠯᠡᠳᠦᠯ ᠲᠠᠢ ᠶᠤᠮ᠃
      ᠭᠡᠭᠡᠷ᠎ᠡ  ᠶᠢᠨ ᠲᠠᠤᠯᠠᠢ  ᠶᠢᠨ ᠬᠠᠭᠤᠷᠠᠢ ᠰᠢᠪᠭᠢ ᠪᠤᠯ ᠨᠡᠷ᠎ᠠ ᠲᠠᠢ ᠡᠪᠡᠰᠤᠨ ᠡᠮ ᠪᠤᠯᠤᠨ᠎ᠠ᠂ ᠲᠡᠭᠦᠨ  ᠢᠶᠠᠷ ᠨᠠᠶᠢᠷᠠᠭᠤᠯᠤᠠᠠᠰᠠᠨ ᠡᠮ ᠨᠢ ᠬᠠᠷᠠᠭ᠎ᠠ ᠲᠤᠳᠤᠷᠠᠭᠤᠯᠬᠤ᠂ ᠬᠤᠷᠤᠬᠠᠢ ᠠᠯᠠᠬᠤ ᠦᠢᠯᠡᠳᠦᠯ ᠲᠠᠢ ᠪᠠᠷ ᠪᠠᠷᠠᠬᠤ ᠦᠭᠡᠢ᠂ ᠪᠠᠰᠠ ᠬᠠᠷᠠᠭ᠎ᠠ  ᠶᠢᠨ ᠪᠦᠳᠡᠭᠢᠷᠠᠨ ᠪᠦᠷᠭᠦᠭᠦ᠂ ᠭᠡᠳᠡᠰᠤ ᠭᠦᠭᠡᠭᠡᠭᠦ᠂ ᠱᠠᠮᠪᠠᠷᠠᠮ ᠶᠠᠷ᠎ᠠ ᠵᠡᠷᠭᠡ ᠡᠪᠡᠳᠴᠢᠨ ᠡᠮᠭᠡᠭ  ᠢ ᠡᠮᠨᠡᠨ ᠵᠠᠰᠠᠨ᠎ᠠ᠃
      ᠡᠭᠦᠨ ᠠᠴᠠ ᠭᠠᠳᠠᠨ᠎ᠠ᠂ ᠲᠠᠤᠯᠠᠢ  ᠶᠢᠨ ᠪᠡᠶ᠎ᠠ ᠪᠢᠯᠳᠠᠷ ᠨᠢ ᠪᠠᠭ᠎ᠠ᠂ ᠵᠠᠩ ᠠᠭᠠᠯᠢ ᠨᠢ ᠨᠤᠮᠤᠬᠠᠨ᠂ ᠠᠷᠠᠴᠢᠯᠠᠭ᠎ᠠ ᠲᠠᠵᠢᠭᠡᠯᠭᠡ  ᠶᠢᠨ ᠵᠠᠷᠤᠳᠠᠯ ᠨᠢ ᠲᠤᠤᠷ᠎ᠠ᠂ ᠭᠢᠮᠢ  ᠶᠢᠨ ᠡᠮ᠂ ᠬᠤᠷᠮᠤᠨ ᠪᠤᠯᠤᠨ ᠡᠪᠡᠳᠴᠢᠨ  ᠤ ᠮᠢᠺᠷᠤᠪ  ᠤᠨ ᠤᠷᠪᠠᠯ ᠳᠤ ᠰᠡᠷᠭᠡᠭ ᠪᠠᠶᠢᠳᠠᠭ ᠪᠤᠯᠬᠤᠷ ᠲᠡᠭᠦᠨ  ᠢ ᠠᠨᠠᠭᠠᠬᠤ ᠤᠬᠠᠭᠠᠨ᠂ ᠹᠢᠽᠢᠤᠯᠤᠭᠢ  ᠶᠢᠨ ᠤᠬᠠᠭᠠᠨ᠂ ᠡᠮ  ᠤᠨ ᠵᠦᠢ  ᠶᠢᠨ ᠰᠤᠳᠤᠯᠤᠯ᠂ ᠭᠢᠵᠢᠭ ᠠᠴᠠ ᠭᠡᠯᠳᠦᠷᠢᠭᠦᠯᠭᠦ ᠰᠤᠳᠤᠯᠤᠯ᠂ ᠮᠠᠯ ᠲᠡᠵᠢᠭᠡᠪᠤᠷᠢ  ᠶᠢᠨ ᠦᠷᠡᠵᠢᠭᠦᠯᠭᠦ ᠰᠤᠳᠤᠯᠤᠯ ᠵᠡᠷᠭᠡ ᠰᠤᠳᠤᠯᠭ᠎ᠠ ᠰᠢᠨᠵᠢᠯᠡᠭᠡᠨ  ᠤ ᠲᠤᠷᠰᠢᠯᠳᠠ ᠳᠤ ᠰᠤᠩᠭᠤᠨ ᠠᠰᠢᠠᠠᠯᠠᠪᠠᠯ᠂ ᠰᠢᠨᠵᠢᠯᠡᠭᠦ ᠤᠬᠠᠭᠠᠨ  ᠤ ᠰᠢᠨᠵᠢᠯᠡᠭᠡᠨ ᠳᠤ ᠠᠰᠢᠭ ᠲᠠᠢ ᠪᠤᠯᠬᠤ ᠮᠦᠷᠳᠡᠭᠡᠨ ᠭᠦᠮᠦᠨ ᠲᠦᠷᠦᠯᠭᠢᠳᠡᠨ ᠳᠤ ᠴᠤ ᠲᠤᠰᠠᠳᠠᠢ ᠶᠤᠮ᠃
      ᠲᠠᠤᠯᠠᠢ  ᠶᠢᠨ ᠪᠠᠭᠠᠰᠤ ᠰᠢᠪᠭᠢ ᠨᠢ ᠴᠤ ᠶᠡᠭᠡᠭᠡᠨ ᠭᠡᠷᠡᠭᠴᠡᠭᠡ ᠲᠠᠢ ᠶᠤᠮ᠃ ᠲᠠᠤᠯᠠᠢ  ᠶᠢᠨ ᠪᠠᠭᠠᠰᠤ ᠪᠤᠯ  ᠨᠢᠭᠡ ᠵᠤᠶᠢᠯ  ᠤᠨ ᠰᠢᠯᠢᠳᠡᠭ ᠤᠷᠭᠠᠨᠢᠭ ᠪᠤᠷᠳᠤᠭᠤᠷ ᠪᠤᠯᠤᠨ᠎ᠠ᠂ ᠲᠡᠭᠦᠨ ᠳᠤ ᠠᠽᠤᠲ᠂ ᠹᠤᠰᠹᠤᠷ᠂ ᠺᠠᠯᠢ ᠡᠯᠪᠡᠭ ᠠᠭᠤᠯᠵᠤ ᠪᠠᠶᠢᠬᠤ ᠪᠤᠯᠬᠤᠷ ᠭᠦᠳᠡᠭᠡ ᠲᠤᠰᠬᠤᠨ  ᠤ ᠭᠦᠭᠵᠢᠯᠳᠡ ᠳᠤ ᠮᠠᠰᠢ ᠶᠡᠭᠡ ᠨᠢᠭᠤᠠᠠᠳᠠᠮᠠᠯ ᠭᠦᠴᠤᠨ ᠲᠠᠢ ᠨᠢᠭᠡ ᠵᠤᠶᠢᠯ  ᠤᠨ ᠪᠤᠷᠳᠤᠭᠤᠷ  ᠤᠨ ᠡᠭᠢ ᠰᠤᠷᠪᠤᠯᠵᠢ ᠪᠤᠯᠬᠤ ᠶᠤᠮ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
Baidu
map