|
ᠲᠠᠤᠯᠠᠢ ᠶᠢᠨ ᠭᠡᠮᠨᠡᠭᠰᠡᠨ ᠢ ᠡᠮᠨᠡᠨ ᠵᠠᠰᠠᠬᠤ ᠲᠦᠭᠦᠮ ᠠᠷᠭ᠎ᠠ |
|
|
ᠨᠡᠶᠢᠲᠡᠯᠡᠭᠰᠡᠨ ᠴᠠᠭ᠄
2015/12/4
|
|
ᠨᠢᠭᠡ᠂ ᠭᠡᠷ ᠤᠨ ᠲᠠᠤᠯᠠᠢ ᠶᠢᠨ ᠠᠮᠠᠷᠠᠤ ᠶᠢ ᠡᠮᠨᠡᠨ ᠵᠠᠰᠠᠬᠤ ᠠᠷᠭ᠎ᠠ᠄ ᠪᠠᠶᠢᠪᠠᠨᠭ᠌ ᠢ ᠰᠢᠳᠠᠭᠠᠵᠤ ᠨᠠᠷᠢᠯᠢᠭ ᠲᠠᠯᠬᠠᠳᠠᠭᠠᠳ ᠲᠠᠤᠯᠠᠢ ᠶᠢᠨ ᠤᠷᠤᠭᠤᠯ ᠲᠡᠭᠡᠷ᠎ᠠ 5 ~ 6 ᠤᠳᠠᠭ᠎ᠠ ᠲᠦᠷᠭᠢᠪᠡᠯ ᠪᠠᠷᠤᠭ ᠡᠳᠡᠭᠡᠷᠡᠴᠢᠭᠡᠳᠡᠭ᠃ ᠬᠤᠶᠠᠷ᠂ ᠲᠠᠤᠯᠠᠢ ᠶᠢᠨ ᠪᠠᠭᠠᠯᠵᠤᠤᠷ ᠤᠨ ᠦᠷᠪᠢᠰᠦᠯ ᠢ ᠡᠮᠨᠡᠨ ᠵᠠᠰᠠᠬᠤ ᠠᠷᠭ᠎ᠠ᠄ ᠯᠢᠤ ᠱᠸᠠ ︵六神丸︶ ᠦᠷᠢᠯ ᠢ ᠭᠡᠮᠨᠡᠭᠰᠡᠨ ᠲᠠᠤᠯᠠᠢ ᠳᠤ ᠦᠭᠴᠤ ᠤᠤᠭᠤᠯᠭᠠᠨ᠎ᠠ᠃ ᠭᠡᠭᠦ ᠳᠡᠭᠡᠨ ᠤᠳᠠᠭ᠎ᠠ ᠪᠦᠷᠢ 3 ~ 5 ᠦᠷᠢᠯ ︵ᠪᠦᠵᠦᠩ ᠳᠤ ᠪᠤᠯ ᠬᠠᠭᠠᠰ ᠦᠷᠢᠯ︶᠂ ᠡᠳᠤᠷ ᠲᠤ ᠨᠢᠭᠡ ᠤᠳᠠᠭ᠎ᠠ᠂ ᠨᠠᠶᠢᠳᠡ 3 ᠤᠳᠠᠭ᠎ᠠ ᠤᠤᠭᠤᠯᠭᠠᠨ᠎ᠠ᠃ ᠭᠤᠷᠪᠡ᠂ ᠲᠠᠤᠯᠠᠢ ᠶᠢᠨ ᠬᠠᠨᠢᠶᠠᠳᠤ ᠪᠠ ᠨᠢᠰᠤ ᠭᠤᠭᠤᠵᠢᠬᠤ ᠶᠢ ᠡᠮᠨᠡᠨ ᠵᠠᠰᠠᠬᠤ ᠠᠷᠭ᠎ᠠ᠄ ᠤᠳᠠᠭ᠎ᠠ ᠪᠦᠷᠢ 1/4 ᠬᠤᠪᠢ ᠶᠢᠨ ᠠᠰᠫᠢᠷᠢᠨ ᠦᠭᠴᠤ ᠤᠤᠭᠤᠯᠭᠠᠵᠤ᠂ ᠡᠳᠤᠷ ᠲᠤ 3 ᠤᠳᠠᠭ᠎ᠠ ᠤᠤᠭᠤᠯᠭᠠᠨ᠎ᠠ᠃ ᠲᠦᠷᠪᠡ᠂ ᠲᠠᠤᠯᠠᠢ ᠶᠢᠨ ᠠᠭᠤᠰᠭᠢᠨ ᠦᠷᠪᠢᠰᠦᠯ ᠢ ᠡᠮᠨᠡᠨ ᠵᠠᠰᠠᠬᠤ ᠠᠷᠭ᠎ᠠ᠄ ᠲᠦ᠋ ᠮᠸᠢ ᠰᠤ᠋ ᠶᠢ 0.5 ᠭᠷᠡᠮ ᠤᠨ ᠭᠡᠮᠵᠢᠶ᠎ᠠ ᠪᠠᠷ ᠡᠳᠤᠷ ᠲᠤ 2 ~ 3 ᠤᠳᠠᠭ᠎ᠠ ᠤᠤᠭᠤᠯᠭᠠᠨ᠎ᠠ᠃ ᠭᠦᠨᠳᠤ ᠭᠡᠮᠨᠡᠭᠰᠡᠨ ᠪᠠᠶᠢᠪᠠᠯ ᠪᠤᠯᠴᠢᠩ ᠮᠢᠬᠠᠨ ᠳᠤᠨᠢ ᠴᠢᠩ ᠮᠸᠢ ᠰᠤ᠋ ᠶᠢ 5 ᠲᠦᠮᠡᠨ ᠨᠢᠭᠡᠴᠢ ᠪᠠᠷ ᠡᠳᠤᠷ ᠲᠤ 2 ᠤᠳᠠᠭ᠎ᠠ᠂ ᠨᠠᠶᠢᠳᠡ 3 ᠡᠳᠤᠷ ᠲᠠᠷᠢᠨ᠎ᠠ᠃ ᠴᠢᠬᠤᠯᠠ ᠲᠢ ᠦᠶ᠎ᠠ ᠳᠤ ᠫᠢᠷᠢᠮᠢᠳᠢᠨ ᠪᠤᠯᠤᠨ ᠠᠨ ᠲᠦᠡᠭ ᠳ᠋ᠢᠩ ᠲᠠᠷᠢᠯᠭ᠎ᠠ ᠶᠢᠨ ᠠᠭᠤᠰᠤᠮᠠᠯ ᠢ ᠨᠡᠮᠡᠵᠤ ᠵᠡᠭᠦᠤᠯᠡᠵᠤ ᠪᠤᠯᠤᠨ᠎ᠠ᠃ ᠲᠠᠪᠤ᠂ ᠲᠠᠤᠯᠠᠢ ᠶᠢᠨ ᠲᠠᠪᠤᠰᠠᠩ ᠤᠨ ᠦᠷᠪᠢᠰᠦᠯ ᠢ ᠡᠮᠨᠡᠨ ᠵᠠᠰᠠᠬᠤ ᠠᠷᠭ᠎ᠠ᠄ ᠲᠠᠤᠯᠠᠢ ᠲᠠᠪᠤᠰᠠᠩ ᠤᠨ ᠦᠷᠪᠢᠰᠦᠯ ᠳᠤ ᠨᠡᠷᠪᠡᠭᠳᠡᠪᠡᠯ ᠪᠠᠭᠪᠠᠭ᠋ᠠᠢ ᠴᠡᠴᠡᠭ᠂ ᠨᠠᠷᠠᠨ ᠨᠤᠭᠤᠭ᠎ᠠ ᠭᠢᠭᠡᠳ ᠦᠭᠡᠷ ᠦᠷᠭᠡᠨᠠ ᠶᠢᠨ ᠡᠪᠡᠰᠤᠨ ᠲᠡᠵᠢᠭᠡᠯ ᠦᠭᠴᠤ ᠲᠠᠵᠢᠭᠡᠪᠡᠯ ᠦᠷ᠎ᠡ ᠪᠦᠳᠦᠮᠵᠢ ᠪᠠᠷ ᠰᠠᠶᠢᠨ ᠪᠠᠶᠢᠳᠠᠭ᠃ ᠵᠢᠷᠭᠤᠭ᠎ᠠ᠂ ᠲᠠᠤᠯᠠᠢ ᠶᠢᠨ ᠭᠦᠭᠦᠨ ᠤ ᠦᠷᠪᠢᠰᠦᠯ ᠢ ᠡᠮᠨᠡᠨ ᠵᠠᠰᠠᠬᠤ ᠠᠷᠭ᠎ᠠ᠄ ᠭᠡᠮᠨᠡᠭᠰᠡᠨ ᠲᠠᠤᠯᠠᠢ ᠶᠢᠨ ᠪᠤᠯᠴᠢᠩ ᠮᠢᠬᠠᠨ ᠳᠤᠨᠢ ᠴᠢᠩ ᠮᠸᠢ ᠰᠤ᠋ ᠶᠢ 5 ~ 10 ᠲᠦᠮᠡᠨ ᠨᠢᠭᠡᠴᠢ ᠪᠠᠷ ᠡᠳᠤᠷ ᠲᠤ 2 ᠤᠳᠠᠭ᠎ᠠ᠂ ᠨᠠᠶᠢᠳᠡ 3 ~ 5 ᠡᠳᠤᠷ ᠵᠡᠭᠦᠤᠯᠡᠨᠡ᠃ ᠪᠠᠰᠠ ᠪᠠᠭᠪᠠᠭ᠋ᠠᠢ ᠴᠡᠴᠡᠭ ᠵᠡᠷᠭᠡ ᠡᠪᠡᠰᠤ ᠪᠠᠷ ᠲᠡᠵᠢᠭᠡᠪᠡᠯ ᠭᠦᠡᠭᠭᠡᠨ ᠰᠢᠭ ᠭᠡᠮᠨᠡᠭᠰᠡᠨ ᠨᠢ ᠭᠡᠳᠦᠨ ᠡᠳᠤᠷ ᠲᠤ ᠡᠳᠡᠭᠡᠷᠡᠴᠢᠭᠡᠭᠦ ᠶᠤᠮ᠃ ᠲᠤᠯᠤᠭ᠎ᠠ᠂ ᠲᠠᠤᠯᠠᠢ ᠶᠢᠨ ᠭᠡᠳᠡᠰᠤ ᠭᠦᠭᠡᠭᠡᠭᠦ ᠭᠡᠮ ᠢ ᠡᠮᠨᠡᠨ ᠵᠠᠰᠠᠬᠤ ᠠᠷᠭ᠎ᠠ᠄ ᠲᠤᠰ ᠭᠡᠮ ᠢ ᠵᠠᠰᠠᠬᠤ ᠳᠤ 3 ~ 5 ᠲᠤᠰᠤᠯ ᠱᠢ ᠳ᠋ᠢ ᠱᠦᠢ ︵十滴水︶ ᠪᠤᠶᠤ 1 ~ 2 ᠭᠢᠰᠢᠭᠦᠨ᠎ᠠ ᠰᠤᠳᠠ ᠶᠢᠨ ᠬᠠᠪᠳᠠᠭᠠᠢ ᠦᠭᠴᠤ ᠪᠤᠯᠤᠨ᠎ᠠ᠃ ᠪᠠᠰᠠ 0.5 ~ 1 ᠭᠷᠡᠮ ᠰᠤᠳᠠ ᠶᠢᠨ ᠲᠠᠯᠬ᠎ᠠ ᠦᠭᠴᠤ ᠪᠤᠯᠤᠨ᠎ᠠ᠃ ᠨᠡᠢᠮᠡ᠂ ᠲᠠᠤᠯᠠᠢ ᠶᠢᠨ ᠰᠠᠯᠢᠰᠤᠳᠤ ᠪᠦᠷᠭᠦᠪᠴᠢ ᠶᠢᠨ ᠦᠷᠪᠢᠰᠦᠯ ᠪᠤᠶᠤ ᠡᠪᠡᠷᠯᠢᠭ ᠪᠦᠷᠭᠦᠪᠴᠢ ᠶᠢᠨ ᠦᠷᠪᠢᠰᠦᠯ ᠢ ᠡᠮᠨᠡᠨ ᠵᠠᠰᠠᠬᠤ ᠠᠷᠭ᠎ᠠ᠄ ᠲᠤᠰ ᠭᠡᠮ ᠳᠤ ᠨᠡᠷᠪᠡᠭᠳᠡᠭᠰᠡᠨ ᠲᠠᠤᠯᠠᠢ ᠶᠢᠨ ᠨᠢᠳᠤ ᠶᠢ ᠲᠠᠪᠤᠰᠤ ᠲᠠᠢ ᠤᠰᠤ ᠪᠠᠷ ᠤᠭᠢᠶᠠᠵᠤ᠂ ᠨᠢᠳᠤᠨ ᠳᠤᠨᠢ ᠴᠢᠩ ᠮᠸᠢ ᠰᠤ᠋ ᠲᠦᠷᠭᠢᠵᠤ᠂ ᠡᠳᠤᠷ ᠲᠤ 2 ~ 3 ᠤᠳᠠᠭ᠎ᠠ᠂ 3 ~ 5 ᠡᠳᠤᠷ ᠢ ᠨᠢᠭᠡ ᠡᠮᠴᠢᠯᠡᠭᠡᠨ ᠤ ᠶᠠᠪᠤᠴᠠ ᠪᠠᠷ ᠪᠤᠳᠤᠨ᠎ᠠ᠃ ᠡᠭᠦᠨ ᠤ ᠲᠠᠭᠠᠤ ᠪᠠᠰᠠ ᠵᠡᠷᠯᠢᠭ ᠤᠳ᠋ᠪᠠᠯ᠎ᠠ ᠡᠪᠡᠰᠤ ᠪᠠᠷ ᠲᠡᠵᠢᠭᠡᠭᠰᠡᠨ ᠴᠤ ᠪᠤᠯᠤᠨ᠎ᠠ᠃ ᠶᠢᠰᠤ᠂ ᠲᠠᠤᠯᠠᠢ ᠶᠢᠨ ᠬᠠᠮᠠᠭᠤ ᠶᠢ ᠡᠮᠨᠡᠨ ᠵᠠᠰᠠᠬᠤ ᠠᠷᠭ᠎ᠠ᠄ ᠲᠠᠤᠯᠠᠢ ᠶᠢᠨ ᠬᠠᠮᠠᠭᠤᠷᠬᠠᠰᠠᠨ ᠭᠡᠰᠡᠭ ᠲᠤ ᠴᠤᠬᠤᠢ ᠶᠢᠨ ᠨᠤᠠᠳᠠᠭ ᠰᠢᠪᠡᠵᠤ᠂ ᠲᠠᠤᠯᠠᠢ ᠪᠠᠨ ᠬᠠᠭᠠᠰ ᠴᠠᠭ ᠭᠢᠷᠢᠳᠡᠢ ᠭᠡᠪᠳᠡᠭᠦᠯᠭᠦ ᠦᠭᠡᠢ ᠪᠠᠷ ᠵᠤᠠᠠᠰᠤᠭᠠᠨ᠎ᠠ᠃ ᠭᠡᠭᠦ ᠳᠡᠭᠡᠨ ᠡᠳᠤᠷ ᠲᠤ ᠨᠢᠭᠡ ᠤᠳᠠᠭ᠎ᠠ᠂ 3 ~ 5 ᠡᠳᠤᠷ ᠦᠷᠭᠦᠯᠵᠢᠯᠡᠭᠦᠯᠦᠨ᠎ᠠ᠃ ᠠᠷᠪᠡ᠂ ᠲᠠᠤᠯᠠᠢ ᠶᠢᠨ ᠴᠢᠴᠠᠭ᠎ᠠ ᠠᠯᠳᠠᠬᠤ ᠶᠢ ᠡᠮᠨᠡᠨ ᠵᠠᠰᠠᠬᠤ ᠠᠷᠭ᠎ᠠ᠄ ᠠᠷᠢᠶᠠᠳᠠᠨ ᠤ ᠶᠠᠰᠤ ᠶᠢ ᠦᠨᠡᠰᠤ ᠪᠤᠯᠳᠠᠯ᠎ᠠ ᠰᠢᠳᠠᠭᠠᠵᠤ ᠲᠠᠯᠬᠠᠳᠠᠭᠠᠳ ᠲᠠᠵᠢᠭᠡᠯ ᠪᠤᠷᠳᠤᠭ᠎ᠠ ᠳᠤᠨᠢ ᠬᠤᠯᠢᠵᠤ ᠲᠠᠤᠯᠠᠢ ᠪᠠᠨ ᠲᠡᠵᠢᠭᠡᠨ᠎ᠡ᠃ ᠪᠠᠰᠠ ᠭᠢᠰᠢᠭᠦᠨ᠎ᠠ ᠶᠢ ᠴᠢᠨᠠᠵᠤ ᠲᠠᠯᠬᠠᠳᠠᠭᠠᠳ ᠤᠰᠤ ᠲᠠᠢ ᠨᠢ ᠴᠢᠳᠬᠤᠨ ᠦᠭᠴᠤ ᠪᠤᠯᠤᠨ᠎ᠠ᠃ ᠠᠷᠪᠡᠨ ᠨᠢᠭᠡ᠂ ᠲᠠᠤᠯᠠᠢ ᠶᠢᠨ ᠪᠦᠮᠪᠤᠭᠡᠨ ᠬᠤᠷᠤᠬᠠᠶᠢᠳᠤ ᠭᠡᠮ ᠢ ᠡᠮᠨᠡᠨ ᠵᠠᠰᠠᠬᠤ ᠠᠷᠭ᠎ᠠ᠄ 2% ᠤᠨ ᠢᠤᠳ᠋ ᠢ ᠲᠡᠵᠢᠭᠡᠯ ᠪᠤᠷᠳᠤᠭ᠎ᠠ ᠳᠤᠨᠢ 5 ᠲᠤᠰᠤᠯ ᠬᠤᠯᠢᠵᠤ ᠲᠠᠤᠯᠠᠢ ᠪᠠᠨ ᠲᠡᠵᠢᠭᠡᠨ᠎ᠡ᠃ ᠭᠡᠭᠦ ᠳᠡᠭᠡᠨ ᠡᠨᠡ ᠮᠡᠳᠤ ᠪᠠᠷ 10 ᠡᠳᠤᠷ ᠦᠷᠭᠦᠯᠵᠢᠯᠡᠨ ᠲᠡᠵᠢᠭᠡᠪᠡᠯ ᠠᠴᠢ ᠲᠤᠰᠠ ᠪᠠᠷ ᠰᠠᠶᠢᠨ ᠪᠠᠶᠢᠳᠠᠭ᠂ ᠪᠠᠰᠠ ᠰᠠᠷᠢᠮᠰᠠᠭ ᠢ ᠲᠡᠵᠢᠭᠡᠯ ᠳᠤᠨᠢ ᠬᠤᠯᠢᠵᠤ ᠲᠡᠵᠢᠭᠡᠭᠰᠡᠨ ᠴᠤ ᠦᠷ᠎ᠠ ᠪᠦᠳᠦᠮᠵᠢ ᠪᠠᠷ ᠨᠡᠯᠢᠶᠡᠳ ᠰᠠᠶᠢᠨ ᠶᠤᠮ᠃ ᠠᠷᠪᠡᠨ ᠬᠤᠶᠠᠷ᠂ ᠲᠠᠤᠯᠠᠢ ᠶᠢᠨ ᠪᠦᠭᠡᠰᠤ ᠶᠢ ᠠᠷᠢᠯᠭᠠᠬᠤ ᠠᠷᠭ᠎ᠠ᠄ 6% ᠶᠢᠨ ︽666︾ ᠠᠭᠤᠰᠤᠮᠠᠯ ᠶᠢ ᠨᠢᠭᠡ ᠬᠤᠪᠢ ᠠᠪᠴᠤ᠂ ᠬᠤᠰᠠ ᠴᠢᠯᠠᠭᠤᠨ ᠨᠤᠠᠳᠠᠭ ᠢ 60 ᠬᠤᠪᠢ ᠠᠪᠴᠤ ᠬᠤᠯᠢᠵᠤ ᠨᠠᠶᠢᠷᠠᠭᠤᠯᠤᠭᠠᠳ ᠲᠠᠪᠬᠤᠷ ᠱᠠ ᠪᠦᠰ ᠢᠶᠠᠷ ᠰᠠᠶᠢᠳᠤᠷ ᠪᠤᠭᠤᠵᠤ᠂ ᠲᠠᠤᠯᠠᠢ ᠶᠢᠨ ᠨᠤᠤᠰᠤ ᠶᠢ ᠰᠦᠷᠴᠤ ᠠᠷᠴᠢᠵᠤ ᠵᠦᠯᠭᠦᠨᠠ᠃ ᠭᠡᠭᠦ ᠳᠡᠭᠡᠨ 10 ᠡᠳᠤᠷ ᠠᠯᠤᠰᠯᠠᠬᠤ ᠪᠦᠷᠢ ᠨᠢᠭᠡ ᠤᠳᠠᠭ᠎ᠠ ᠵᠦᠯᠭᠦᠪᠡᠯ ᠦᠷ᠎ᠠ ᠳ᠋ᠦᠡᠭ ᠨᠢ ᠨᠡᠩ ᠰᠠᠶᠢᠨ ᠪᠠᠶᠢᠳᠠᠭ᠃ |
|
|
|
ᠢᠷᠡᠯᠲᠡ᠄
ᠦᠪᠦᠷ ᠮᠣᠩᠭᠤᠯ ᠤᠨ ᠵᠠᠰᠠᠭ ᠤᠨ ᠣᠷᠳᠤᠨ
|