|
ᠭᠠᠭ᠋ᠠᠢ ᠳᠤ ᠦᠨᠢᠶᠠᠨ ᠰᠦ ᠶᠢᠨ ᠲᠠᠷᠢᠯᠭ᠎ᠠ ᠲᠠᠷᠢᠪᠠᠯ ᠭᠦᠨᠳᠤ ᠨᠢ ᠨᠡᠮᠡᠭᠳᠡᠨ᠎ᠠ |
|
|
ᠨᠡᠶᠢᠲᠡᠯᠡᠭᠰᠡᠨ ᠴᠠᠭ᠄
2015/12/4
|
|
ᠰᠢᠨᠵᠢᠯᠡᠭᠦ ᠤᠬᠠᠭᠠᠨ ᠤ ᠲᠤᠷᠰᠢᠯᠳᠠ ᠢᠯᠡᠷᠡᠭᠦᠯᠦᠭᠰᠡᠨ ᠨᠢ᠂ ᠭᠠᠭ᠋ᠠᠢ ᠶᠢ ᠲᠦᠷᠭᠡᠨ ᠪᠤᠷᠳᠤᠵᠤ ᠲᠠᠷᠭᠤᠯᠠᠭᠤᠯᠬᠤ ᠳᠤ ᠦᠨᠢᠶᠠᠨ ᠰᠦ ᠶᠢᠨ ᠲᠠᠷᠢᠯᠭ᠎ᠠ ᠲᠠᠷᠢᠪᠡᠯ ᠭᠦᠨᠳᠤ ᠨᠢ ᠨᠡᠮᠡᠭᠳᠡᠭᠦ ᠪᠤᠯᠤᠨ᠎ᠠ᠃ ᠡᠭᠦᠨ ᠳᠤ ᠭᠠᠭ᠋ᠠᠢ ᠶᠢᠨ ᠪᠡᠮᠪᠡᠢ ᠪᠤᠯᠴᠢᠷᠬᠠᠢ ᠳᠤ ᠦᠨᠢᠶᠠᠨ ᠰᠦ ᠶᠢᠨ ᠲᠠᠷᠢᠯᠭ᠎ᠠ ᠲᠠᠷᠢᠠᠠᠰᠠᠨ ᠳᠤ ᠭᠦᠨᠳᠤ ᠶᠢᠨ ᠨᠡᠮᠡᠭᠳᠡᠯ ᠨᠢ ᠢᠯᠡᠷᠭᠡᠢ ᠪᠤᠯᠤᠠᠠᠰᠠᠨ ᠪᠦᠭᠡᠳ ᠡᠳᠤᠷ ᠲᠤ ᠨᠡᠮᠡᠭᠳᠡᠭᠦ ᠲᠤᠮᠳᠠᠴᠢ ᠭᠦᠨᠳᠤ ᠨᠢ1.5 ᠺᠢᠯᠦᠭᠷᠡᠮ ᠤᠷᠴᠢᠮ ᠪᠠᠶᠢᠵᠤ᠂ ᠦᠷᠭᠦᠯᠵᠢᠯᠡᠨ 30 ~ 40 ᠡᠳᠤᠷ ᠤᠨ ᠦᠢᠯᠡᠳᠦᠯ ᠲᠠᠢ ᠪᠤᠯᠬᠤ ᠶᠢ ᠲᠤᠷᠰᠢᠯᠳᠠ ᠶᠢᠨ ᠳ᠋ᠦᠡᠭ ᠨᠤᠳᠠᠯᠬᠠᠰᠠᠨ ᠪᠠᠶᠢᠨ᠎ᠠ᠃ ᠶᠠᠷᠤ ᠳᠡᠭᠡᠨ ᠦᠨᠢᠶᠠᠨ ᠰᠦ ᠶᠢᠨ ᠲᠠᠷᠢᠯᠭ᠎ᠠ ᠲᠠᠷᠢᠠᠠᠰᠠᠨ ᠭᠠᠭ᠋ᠠᠢ ᠶᠢᠨ ᠪᠡᠶ᠎ᠠ ᠶᠢᠨ ᠭᠦᠨᠳᠤ ᠨᠢ 40 ~ 50 ᠺᠢᠯᠦᠭᠷᠡᠮ ᠤᠷᠴᠢᠮ ᠳᠤ ᠭᠦᠷᠴᠤ᠂ ᠨᠢᠭᠡ ᠤᠳᠠᠭ᠎ᠠ ᠲᠠᠷᠢᠯᠭ᠎ᠠ ᠭᠢᠪᠡᠯ 30 ~ 40 ᠡᠳᠤᠷ ᠤᠨ ᠲᠤᠳᠤᠷ᠎ᠠ ᠪᠤᠷᠳᠤᠠᠠᠰᠠᠨ ᠭᠠᠭ᠋ᠠᠢ ᠲᠠᠷᠤᠢ 100 ᠭᠠᠷᠤᠢ ᠺᠢᠯᠦᠭᠷᠡᠮ ᠳᠤ ᠭᠦᠷᠭᠦ ᠪᠤᠯᠬᠤᠷ ᠠᠯᠠᠰᠢᠨ ᠳᠤ ᠭᠠᠷᠭᠠᠵᠤ ᠪᠤᠯᠤᠨ᠎ᠠ᠃ ᠲᠡᠭᠡᠪᠡᠯ ᠶᠠᠭᠠᠭᠢᠭᠠᠳ ᠭᠠᠭ᠋ᠠᠢ ᠶᠢᠨ ᠪᠠᠮᠪᠠᠢ ᠪᠤᠯᠴᠢᠷᠬᠠᠢ ᠳᠤ ᠦᠨᠢᠶᠠᠨ ᠰᠦ ᠶᠢᠨ ᠲᠠᠷᠢᠯᠭ᠎ᠠ ᠲᠠᠷᠢᠪᠡᠯ ᠡᠶᠢᠮᠤ ᠰᠠᠶᠢᠨ ᠦᠷ᠎ᠠ ᠳ᠋ᠦᠡᠭ ᠲᠠᠢ ᠪᠠᠶᠢᠳᠠᠭ ᠪᠤᠢ︖ ᠭᠡᠪᠡᠯ᠂ ᠦᠨᠢᠶᠠᠨ ᠰᠦ ᠨᠢ ᠪᠠᠮᠪᠠᠢ ᠪᠤᠯᠴᠢᠷᠬᠠᠢ ᠶᠢ ᠭᠢᠵᠠᠭᠠᠷᠯᠠᠬᠤ ᠴᠢᠳᠠᠪᠤᠷᠢ ᠲᠠᠢ ᠤᠴᠢᠷ ᠠᠴᠠ ᠲᠡᠭᠦᠨ ᠤ ᠢᠯᠭᠠᠷᠠᠨ ᠵᠠᠳᠠᠷᠠᠵᠤ ᠰᠤᠯᠢᠯᠴᠠᠬᠤ ᠶᠢ ᠲᠤᠷᠤᠠᠠᠰᠢᠯᠠᠭᠤᠯᠵᠤ᠂ ᠠᠮᠢ ᠨᠠᠰᠤ ᠶᠢ ᠨᠢ ᠠᠷᠭᠠᠴᠠᠬᠤ ᠰᠢᠮ᠎ᠠ ᠲᠡᠵᠢᠭᠡᠯ ᠤᠨ ᠵᠠᠷᠤᠴᠠᠭᠤᠯᠭ᠎ᠠ ᠶᠢ ᠪᠠᠭᠠᠰᠬᠠᠵᠤ᠂ ᠠᠷᠪᠢᠯᠡᠨ ᠦᠯᠡᠳᠡᠭᠰᠡᠨ ᠰᠢᠮ᠎ᠠ ᠲᠡᠵᠢᠭᠡᠯᠳᠤ ᠪᠤᠳᠠᠰ ᠢᠶᠠᠨ ᠨᠡᠶᠢᠯᠡᠯᠭᠡ ᠰᠤᠯᠢᠯᠴᠠᠭᠠᠨ ᠳᠤ ᠭᠡᠷᠡᠭᠯᠡᠳᠡᠭ᠂ ᠡᠶᠢᠮᠤ ᠠᠴᠠ ᠭᠠᠭ᠋ᠠᠢ ᠨᠢ ᠦᠳᠳᠤᠷ ᠲᠦᠷᠭᠡᠨ ᠲᠠᠷᠭᠤᠯᠠᠳᠠᠭ ᠪᠠᠶᠢᠨ᠎ᠠ᠃ ᠡᠨᠡ ᠪᠤᠯ ᠨᠢᠭᠡ ᠵᠤᠶᠢᠯ ᠤᠨ ᠲᠦᠭᠦᠮ ᠭᠢᠯᠪᠠᠷ ᠦᠷ᠎ᠠ ᠠᠰᠢᠭ ᠲᠠᠢ ᠪᠤᠷᠳᠤᠯᠭ᠎ᠠ ᠶᠢᠨ ᠠᠷᠭ᠎ᠠ ᠪᠤᠯᠤᠨ᠎ᠠ᠃ ᠪᠠᠮᠪᠠᠢ ᠪᠤᠯᠴᠢᠷᠬᠠᠢ ᠶᠢᠨ ᠲᠠᠷᠢᠯᠭ᠎ᠠ ᠲᠠᠷᠢᠬᠤ ᠳᠠᠭᠠᠨ ᠭᠠᠭ᠋ᠠᠢ ᠶᠢᠨ ᠪᠡᠶ᠎ᠠ ᠶᠢ ᠲᠤᠠᠠᠳᠠᠭᠤᠨ ᠪᠠᠶᠢᠯᠭᠠᠵᠤ᠂ ᠲᠤᠯᠤᠭᠠᠢ ᠶᠢ ᠨᠢ ᠲᠡᠭᠰᠢᠭᠡᠨ ᠪᠤᠯᠭᠠᠠᠠᠰᠠᠨ ᠤ ᠲᠠᠷᠠᠭ᠎ᠠ ᠵᠡᠭᠦᠨ ᠭᠠᠷ ᠢᠶᠠᠷ ᠢᠶᠠᠨ ᠭᠠᠭ᠋ᠠᠢ ᠶᠢᠨ ᠲᠦᠪᠤᠩᠭᠡᠢ ᠤᠯᠤᠨ ᠰᠤᠶᠤᠭᠠᠳᠤ ᠮᠦᠭᠡᠷᠰᠤ ᠶᠢᠨ ᠬᠤᠭᠤᠷᠤᠨᠳᠤᠭᠢ ᠭᠡᠰᠡᠭ ᠢ ᠲᠡᠮᠳᠡᠷᠢᠨ ᠤᠯᠵᠤ᠂ ᠡᠭᠦᠨ ᠤ ᠵᠠᠪᠰᠠᠷ ᠲᠤ ᠢᠤᠳ᠋ ᠶᠢᠨ ᠬᠠᠨᠳᠠ ᠲᠦᠷᠭᠢᠭᠦ ᠪᠦᠭᠡᠳ ᠵᠡᠭᠦᠨ ᠭᠠᠷ ᠤᠨ ᠡᠷᠡᠭᠡᠢ ᠬᠤᠷᠤᠭᠤ ᠪᠤᠯᠤᠨ ᠲᠤᠯᠤᠭᠤᠪᠤᠷ ᠬᠤᠷᠤᠭᠤ ᠪᠠᠷ ᠢᠶᠠᠨ ᠲᠤᠠᠠᠳᠠᠪᠤᠷᠢᠵᠢᠭᠤᠯᠤᠨ᠎ᠠ᠃ ᠲᠠᠷᠠᠭ᠎ᠠ ᠨᠢ ᠪᠠᠷᠠᠭᠤᠨ ᠭᠠᠷ ᠢᠶᠠᠷ ᠢᠶᠠᠨ ᠲᠠᠷᠢᠯᠭ᠎ᠠ ᠶᠢᠨ ᠪᠠᠭᠠᠵᠢ ᠶᠢ ᠪᠠᠷᠢᠵᠤ᠂ ᠭᠦᠵᠦᠭᠦᠨ ᠭᠡᠰᠡᠭ ᠲᠤᠨᠢ 95 ᠭᠷᠡᠳᠦ᠋ᠰ ᠤᠨ ᠦᠨᠴᠦᠭ ᠢᠶᠠᠷ ᠵᠢᠰᠢᠭᠦᠤ ᠬᠠᠳᠬᠤᠨ᠎ᠠ᠂ ᠬᠠᠷᠢᠮᠠᠬᠠᠢ ᠴᠢᠨᠠᠷᠳᠠᠢ ᠪᠤᠯᠬᠤ ᠳᠤ ᠵᠡᠭᠦᠤ ᠪᠠᠨ ᠲᠤᠳᠤᠠᠠᠰᠢ ᠭᠦᠨ ᠬᠠᠳᠬᠤᠵᠤ᠂ ᠪᠠᠭ᠎ᠠ ᠲᠠᠳᠠᠰᠭᠢᠵᠤ ᠠᠪᠤᠮᠬᠠᠴᠠ ᠲᠠᠷᠢᠯᠭ᠎ᠠ ᠪᠠᠨ ᠲᠠᠷᠢᠨ᠎ᠠ᠃ ᠨᠢᠭᠡ ᠤᠳᠠᠭᠠᠨ ᠤ ᠲᠠᠷᠢᠯᠭ᠎ᠠ ᠳᠤ 5 ~ 10 ᠮᠢᠯᠢᠯᠢᠲᠷ ᠰᠦ ᠭᠡᠷᠡᠭᠰᠡᠳᠡᠭ᠃ ᠲᠠᠭᠢᠶᠠᠨ ᠦᠨᠳᠡᠭᠡ ᠶᠢᠨ ᠴᠠᠭᠠᠨ ᠢᠶᠠᠷ ᠦᠨᠢᠶᠠᠨ ᠰᠦ ᠶᠢ ᠤᠷᠤᠯᠠᠭᠤᠯᠤᠨ ᠲᠠᠷᠢᠯᠭ᠎ᠠ ᠲᠠᠷᠢᠪᠡᠯ ᠦᠷ᠎ᠡ ᠳ᠋ᠦᠡᠭ ᠨᠢ ᠠᠨᠠᠢ ᠰᠢᠭ᠋ ᠪᠠᠶᠢᠳᠠᠭ᠂ ᠭᠡᠷᠪᠡ ᠭᠠᠭ᠋ᠠᠢ ᠶᠢᠨ ᠴᠢᠭᠢᠨ ᠤ ᠤᠭ ᠲᠤᠨᠢ ᠮᠧᠲ᠋ᠢᠯ ᠭᠦᠭᠦᠷ ᠢᠰᠦᠯ ᠶᠢᠨ ᠫᠢᠷᠢᠮᠢᠳᠢᠨ ᠤ ᠲᠠᠷᠢᠯᠭ᠎ᠠ ᠲᠠᠷᠢᠬᠤ ᠲᠠᠢ ᠤᠶᠠᠯᠳᠤᠭᠤᠯᠬᠤ ᠪᠤᠶᠤ ᠲᠡᠵᠢᠭᠡᠯ ᠪᠤᠷᠳᠤᠭ᠎ᠠ ᠳᠤᠨᠢ ᠬᠤᠯᠢᠵᠤ ᠲᠡᠵᠢᠭᠡᠪᠡᠯ ᠦᠷ᠎ᠡ ᠠᠰᠢᠭ ᠨᠢ ᠨᠡᠩ ᠰᠠᠶᠢᠨ ᠪᠤᠯᠬᠤ ᠶᠢ ᠦᠢᠯᠡᠳᠦᠯᠭᠡ ᠭᠡᠷᠡᠴᠢᠯᠡᠭᠰᠡᠨ ᠪᠠᠶᠢᠨ᠎ᠠ᠃ |
|
|
|
ᠢᠷᠡᠯᠲᠡ᠄
ᠦᠪᠦᠷ ᠮᠣᠩᠭᠤᠯ ᠤᠨ ᠵᠠᠰᠠᠭ ᠤᠨ ᠣᠷᠳᠤᠨ
|