ᠭᠠᠭ᠋ᠠᠢ ᠶᠢᠨ ᠮᠢᠯᠵᠠᠩ᠂ ᠭᠠᠭ᠋ᠠᠢ  ᠶᠢᠨ ᠠᠭᠤᠰᠭᠢᠨ ᠭᠢᠵᠢᠭ᠂ ᠭᠠᠭ᠋ᠠᠢ ᠶᠢᠨ ᠶᠤᠯᠮ᠎ᠠ ᠶᠢ ᠰᠡᠷᠭᠡᠶᠢᠯᠡᠨ ᠵᠠᠰᠠᠬᠤ
ᠨᠡᠶᠢᠲᠡᠯᠡᠭᠰᠡᠨ ᠴᠠᠭ᠄
2015/12/4

     ᠭᠠᠭ᠋ᠠᠢ  ᠶᠢᠨ ᠮᠢᠯᠵᠠᠩ᠂ ᠭᠠᠭ᠋ᠠᠢ  ᠶᠢᠨ ᠠᠭᠤᠰᠭᠢᠨ ᠭᠢᠵᠢᠭ᠂ ᠭᠠᠭ᠋ᠠᠢ  ᠶᠢᠨ ᠶᠤᠯᠮ᠎ᠠ ᠪᠤᠯ ᠭᠠᠭ᠋ᠠᠢ ᠳᠤ ᠦᠷᠭᠦᠯᠵᠢ ᠲᠤᠭᠢᠶᠠᠯᠳᠤᠳᠠᠭ ᠭᠤᠷᠪᠡᠨ ᠲᠤᠮᠤ ᠬᠠᠯᠳᠠᠪᠤᠷᠢᠳᠤ ᠭᠡᠮ ᠪᠤᠯᠤᠨ᠎ᠠ᠃
      1. ᠭᠠᠭ᠋ᠠᠢ  ᠶᠢᠨ ᠮᠢᠯᠵᠠᠩ᠄ ᠡᠨᠡ ᠭᠦ ᠭᠡᠮ  ᠤᠨ ᠲᠠᠯᠳᠠ ᠬᠤᠭᠤᠴᠠᠭ᠎ᠠ ᠶᠠᠷᠤ ᠳᠡᠭᠡᠨ5 ~ 21 ᠡᠳᠤᠷ ᠪᠤᠯᠤᠨ᠎ᠠ᠃ ᠭᠡᠮ ᠲᠠᠢ ᠭᠠᠭ᠋ᠠᠢ  ᠶᠢᠨ ᠪᠡᠶ᠎ᠠ  ᠶᠢᠨ ᠲᠤᠯᠠᠭᠠᠨ ᠲᠡᠭᠡᠭᠰᠢᠯᠡᠭᠡᠳ42℃ᠭᠦᠷᠭᠦ ᠳᠤ ᠲᠤᠠᠠᠳᠠᠭᠤᠨ ᠰᠢᠭ᠋ ᠬᠠᠯᠠᠭᠤᠷᠠᠨ᠎ᠠ︔ ᠬᠤᠶᠠᠷ ᠨᠢᠳᠤᠨ ᠳᠤᠨᠢ ᠶᠡᠭᠡ ᠭᠡᠮᠵᠢᠶᠠᠨ  ᠤ ᠰᠠᠯᠢᠰᠤᠳᠤ ᠢᠳᠡᠭᠡᠯᠢᠭ ᠱᠦᠭᠦᠷᠡᠰᠤ ᠲᠠᠢ ᠶᠤᠮ︔ ᠭᠡᠮ  ᠤᠨ ᠡᠭᠢᠨ ᠳᠤ ᠬᠠᠭᠤᠷᠠᠢ ᠪᠠᠷ ᠪᠠᠭᠠᠵᠤ᠂ ᠰᠡᠭᠦᠯᠴᠢ  ᠶᠢᠨ ᠬᠤᠭᠤᠴᠠᠭᠠᠨ ᠳᠤ ᠴᠢᠴᠠᠭ᠎ᠠ ᠠᠯᠳᠠᠨ᠎ᠠ᠃ ᠡᠷ᠎ᠠ ᠭᠠᠭ᠋ᠠᠢ  ᠶᠢᠨ ᠲᠡᠭᠡᠷᠭᠡᠢ  ᠶᠢᠨ ᠠᠷᠠᠰᠤᠨ ᠳᠤ ᠰᠢᠭᠡᠰᠤ ᠬᠤᠷᠠᠭᠠᠳ ᠰᠢᠬᠠᠬᠤ ᠳᠤ ᠰᠢᠷᠠᠪᠳᠤᠷ ᠪᠤᠯᠠᠩᠭᠢᠷᠳᠤᠠᠠᠰᠠᠨ ᠦᠮᠡᠭᠡᠢ ᠰᠢᠭᠡᠰᠤ ᠭᠠᠷᠤᠨ᠎ᠠ᠃ ᠭᠦᠵᠦᠭᠦᠨ ᠭᠡᠰᠡᠭ᠂ ᠴᠢᠭᠢᠨ ᠤᠭ᠂ ᠬᠤᠶᠠᠷ ᠬᠠ᠂ ᠬᠤᠶᠠᠷ ᠭᠤᠶ᠎ᠠ  ᠶᠢᠨ ᠲᠤᠳᠤᠷ ᠲᠠᠯ᠎ᠠ᠂ ᠭᠡᠪᠡᠯᠢ  ᠶᠢᠨ ᠲᠤᠤᠷᠠᠭᠢ ᠰᠢᠩᠭᠡᠨ ᠦᠰᠤ ᠲᠠᠢ ᠭᠡᠰᠡᠭ  ᠤᠨ ᠠᠷᠠᠰᠤᠨ ᠲᠡᠭᠡᠷ᠎ᠡ ᠴᠢᠰᠤᠨ ᠲᠤᠯᠪᠤ ᠲᠠᠢ ᠪᠦᠭᠡᠳ ᠭᠠᠷ  ᠢᠶᠠᠷ  ᠢᠶᠠᠨ ᠲᠠᠷᠤᠬᠤ ᠳᠤ ᠦᠡᠭᠭᠡ ᠨᠢ ᠬᠤᠪᠢᠷᠠᠬᠤ ᠦᠭᠡᠢ ᠪᠠᠶᠢᠳᠠᠭ᠃ ᠤᠳᠠᠭᠠᠨ ᠴᠢᠨᠠᠷᠳᠠᠢ ᠪᠤᠯᠵᠤ ᠤᠯᠠᠷᠢᠬᠤ ᠳᠤ ᠴᠢᠴᠠᠭ᠎ᠠ ᠠᠯᠳᠠᠨ᠂ ᠪᠠᠭᠠᠰᠤ ᠰᠤᠯᠪᠢᠵᠤ ᠦᠷᠭᠦᠯᠵᠢᠯᠡᠨ  ᠬᠠᠯᠳᠠᠪᠤᠷᠢᠯᠠᠬᠤ ᠳᠤ ᠬᠠᠨᠢᠶᠠᠬᠤ ᠪᠤᠶᠤ ᠠᠮᠢᠰᠬᠤᠯ ᠨᠢ ᠭᠦᠴᠢᠷᠳᠡᠨ᠎ᠡ᠃
      2. ᠭᠠᠭ᠋ᠠᠢ  ᠶᠢᠨ ᠠᠭᠤᠰᠭᠢᠨ ᠭᠢᠵᠢᠭ᠄ ᠤᠯᠠᠩᠭᠢ ᠨᠢ 3 ~ 9 ᠰᠠᠷ᠎ᠠ ᠪᠤᠯᠤᠠᠠᠰᠠᠨ ᠪᠤᠷᠳᠤᠭᠠᠨ ᠭᠠᠭ᠋ᠠᠢ ᠳᠤ ᠡᠭᠦᠰᠦᠨ᠎ᠠ᠂ ᠡᠮᠴᠢᠯᠡᠪᠤᠷᠢ  ᠶᠢᠨ ᠤᠨᠴᠠᠯᠢᠭ  ᠢᠶᠠᠷ ᠨᠢ ᠭᠤᠷᠪᠡᠨ ᠭᠡᠯᠪᠡᠷᠢ ᠳᠤ ᠬᠤᠪᠢᠶᠠᠵᠤ᠂ ᠲᠦᠷᠭᠡᠨ ᠴᠢᠨᠠᠷ  ᠤᠨ ᠭᠡᠯᠪᠡᠷᠢ ᠳᠤ ᠬᠤᠪᠢᠶᠠᠵᠤ᠂ ᠲᠦᠷᠭᠡᠨ ᠴᠢᠨᠠᠷ  ᠤᠨ ᠭᠡᠯᠪᠡᠷᠢ ᠨᠢ ᠴᠢᠰᠤ ᠦᠵᠢᠷᠡᠭᠦ ᠭᠡᠮ  ᠤᠨ ᠢᠯᠠᠷᠡᠯ ᠲᠠᠢ ᠶᠤᠮ᠂ ᠶᠡᠭᠡ ᠬᠠᠯᠠᠭᠤᠷᠠᠪᠠᠯ ᠪᠡᠶ᠎ᠠ  ᠶᠢᠨ ᠲᠤᠯᠠᠭᠠᠨ ᠨᠢ 42℃ ᠠᠴᠠ ᠲᠡᠭᠡᠭᠰᠢ ᠪᠤᠯᠤᠨ᠎ᠠ᠃ ᠭᠡᠮ  ᠤᠨ ᠶᠠᠪᠤᠴᠠ ᠨᠢ 2 ~ 3 ᠡᠳᠤᠷ᠂ ᠦᠭᠦᠯᠳᠡ  ᠶᠢᠨ ᠨᠤᠷᠮ᠎ᠠ ᠨᠢ 80%~ 90% ᠳᠤ ᠭᠦᠷᠴᠤ᠂ ᠵᠠᠷᠢᠮ ᠭᠠᠭ᠋ᠠᠢ ᠳᠤ ᠭᠡᠮᠨᠡᠭᠰᠡᠨ ᠪᠠᠶᠢᠳᠠᠯ ᠢᠯᠡᠷᠡᠭᠦ ᠦᠭᠡᠢ ᠪᠠᠷ ᠭᠡᠨᠡᠳᠳᠡ ᠪᠠᠷ ᠦᠭᠦᠳᠡᠭ᠃ ᠭᠦᠡᠭᠭᠡᠨ ᠰᠢᠭ ᠲᠦᠷᠭᠡᠨ ᠴᠢᠨᠠᠷᠳᠤ ᠭᠡᠯᠪᠡᠷᠢ ᠲᠠᠢ ᠪᠤᠯ ᠠᠷᠠᠰᠤᠨ ᠲᠡᠭᠡᠷ᠎ᠡ ᠨᠢ ᠪᠢᠵᠢᠷᠠᠤ ᠭᠠᠷᠴᠤ᠂ ᠡᠭᠢᠨ ᠳᠡᠭᠡᠨ ᠤᠯᠠᠶᠢᠵᠤ ᠲᠠᠷᠠᠭ᠎ᠠ ᠨᠢ ᠪᠤᠷᠤᠯᠠᠵᠤ᠂ ᠴᠢᠨ᠋ᠬᠠᠰᠢᠯᠠᠪᠠᠯ ᠬᠠᠷᠠᠯᠠᠨ ᠪᠤᠷᠤᠯᠠᠵᠤ᠂ ᠭᠡᠯᠪᠡᠷᠢ ᠲᠦᠷᠰᠤ ᠨᠢ ᠲᠦᠷᠪᠡᠯᠵᠢᠨ ᠭᠡᠯᠪᠡᠷᠢᠳᠠᠢ ︵ᠪᠠᠰᠠ ᠷᠤᠮᠪ ᠪᠤᠶᠤ ᠲᠤᠭᠤᠷᠢᠭ ᠭᠡᠯᠪᠡᠷᠢᠳᠡᠢ︶ ᠪᠤᠯᠵᠤ᠂ ᠠᠷᠠᠰᠤᠨ  ᠤ ᠪᠢᠵᠢᠷᠠᠤ ᠨᠢ ᠭᠦᠳᠦᠶᠢᠵᠤ᠂ ᠵᠠᠭᠠᠭ ᠨᠢ ᠢᠯᠡᠷᠭᠡᠢ ᠪᠤᠯᠬᠤᠷ ᠵᠠᠩᠰᠢᠯ  ᠢᠶᠠᠷ ︽ᠭᠠᠯ ᠲᠠᠮᠠᠭ᠎ᠠ︾ ᠭᠡᠳᠡᠭ᠃ ᠤᠳᠠᠭᠠᠨ ᠴᠢᠨᠠᠷ  ᠤᠨ ᠭᠡᠯᠪᠡᠷᠢ ᠲᠠᠢ ᠲᠦᠷᠪᠡᠨ ᠮᠦᠴᠢ  ᠶᠢᠨ ᠢᠳᠡᠭᠡᠳᠤ ᠦᠶ᠎ᠠ  ᠶᠢᠨ ᠦᠷᠪᠢᠰᠦᠯ ᠪᠤᠯᠤᠨ ᠦ  ᠶᠢᠨ ᠴᠢᠨᠠᠷᠳᠠᠢ ᠵᠢᠷᠦᠭᠡᠨ  ᠤ ᠲᠤᠳᠤᠷ ᠪᠦᠷᠭᠦᠪᠴᠢ  ᠶᠢᠨ ᠦᠷᠪᠢᠰᠦᠯ ᠢᠯᠡᠷᠡᠨ᠂ ᠭᠡᠮ ᠲᠠᠢ ᠭᠠᠭ᠋ᠠᠢ ᠭᠦᠳᠡᠯᠵᠤ ᠶᠠᠪᠤᠬᠤ ᠳᠠᠭᠠᠨ ᠪᠦᠷ ᠭᠦᠴᠢᠷᠳᠡᠵᠤ᠂ ᠦᠷᠭᠦᠯᠵᠢ ᠨᠤᠬᠠᠢ ᠰᠢᠭ᠋ ᠤᠴᠤᠶᠢᠨ ᠰᠠᠭᠤᠬᠤ ᠪᠠᠶᠢᠳᠠᠯ ᠲᠠᠢ ᠶᠤᠮ᠃
      3. ᠭᠠᠭ᠋ᠠᠢ  ᠶᠢᠨ ᠶᠤᠯᠮ᠎ᠠ᠄ ᠭᠠᠭ᠋ᠠᠢ  ᠶᠢᠨ ᠶᠤᠯᠮ᠎ᠠ  ᠶᠢ ᠪᠠᠰᠠ ᠭᠠᠭ᠋ᠠᠢ  ᠶᠢᠨ ᠪᠷᠦ᠋ᠼᠧᠯ ᠰᠠᠪᠬᠠᠨ ᠪᠠᠺᠲ᠋ᠧᠷᠢ  ᠶᠢᠨ ᠭᠡᠮ ᠭᠡᠳᠡᠭ᠃ ᠲᠤᠰ ᠭᠡᠮ  ᠤᠨ ᠤᠯᠠᠩᠭᠢ ᠨᠢ ᠠᠭᠤᠷ ᠠᠮᠢᠰᠬᠤᠯ  ᠤᠨ ᠰᠢᠷᠦᠭᠦᠨ ᠬᠤᠪᠢᠷᠠᠯᠳᠠ  ᠶᠢᠨ ᠤᠯᠠᠷᠢᠯ ᠳᠤ ᠡᠭᠦᠰᠴᠤ᠂ ᠲᠤᠷᠤᠢ ᠪᠤᠯᠤᠨ ᠲᠤᠮᠳᠠ ᠨᠠᠰᠤᠨ  ᠤ ᠭᠠᠭ᠋ᠠᠢ ᠳᠤ ᠭᠡᠮᠨᠡᠭᠦ ᠨᠤᠷᠮ᠎ᠠ ᠨᠢ ᠨᠡᠯᠢᠶᠡᠳ ᠦᠨᠳᠤᠷ ᠪᠠᠶᠢᠳᠠᠭ᠃ ᠡᠮᠴᠢᠯᠡᠪᠤᠷᠢ  ᠶᠢᠨ ᠤᠠᠴᠠᠯᠢᠭ  ᠢᠶᠠᠷ ᠨᠢ ᠭᠤᠷᠪᠡᠨ ᠭᠡᠯᠪᠡᠷᠢ ᠳᠤ ᠬᠤᠪᠢᠶᠠᠨ᠎ᠠ᠄ ᠲᠤᠬᠠᠶᠢᠯᠠᠪᠠᠯ ᠬᠠᠮᠤᠭ  ᠤᠨ ᠲᠦᠷᠭᠡᠨ ᠴᠢᠨᠠᠷᠳᠠᠢ ᠭᠡᠯᠪᠡᠷᠢ ᠳᠤ ᠬᠤᠪᠢᠶᠠᠨ᠎ᠠ᠄ ᠲᠤᠬᠠᠶᠢᠯᠠᠪᠠᠯ ᠬᠠᠮᠤᠭ  ᠤᠨ ᠲᠦᠷᠭᠡᠨ ᠴᠢᠨᠠᠷᠳᠠᠢ ᠭᠡᠯᠪᠡᠷᠢ᠂ ᠦᠷᠭᠦᠯᠵᠢ ᠭᠡᠨᠡᠳᠳᠡ ᠪᠠᠷ ᠭᠡᠮᠨᠡᠭᠦ ᠪᠠ ᠦᠳᠳᠡᠷ ᠲᠦᠷᠭᠡᠨ ᠦᠭᠦᠭᠦ ᠪᠤᠯᠤᠨ᠎ᠠ᠃ ᠭᠡᠮᠨᠡᠭᠦ ᠶᠠᠪᠤᠴᠠ ᠨᠢ ᠤᠳᠠᠭᠠᠰᠢᠷᠠᠪᠠᠯ ᠪᠠᠶ᠎ᠠ  ᠶᠢᠨ ᠲᠤᠯᠠᠭᠠᠨ ᠨᠢ ᠦᠨᠳᠤᠷᠵᠢᠭᠡᠳ 41℃ ᠠᠴᠠ ᠲᠡᠭᠡᠭᠰᠢ ᠭᠦᠷᠴᠤ᠂ ᠬᠤᠭᠤᠯᠠᠢ  ᠶᠢᠨ ᠭᠡᠰᠡᠭ ᠨᠢ ᠬᠠᠪᠤᠳᠤᠨ ᠲᠤᠮᠤᠷᠠᠵᠤ᠂ ᠬᠠᠯᠠᠭᠤᠷᠠᠨ ᠡᠪᠡᠳᠴᠤ᠂ ᠭᠦᠨᠳᠤ ᠨᠢ ᠴᠢᠭᠢᠨ  ᠤ ᠤᠭ ᠪᠤᠶᠤ ᠭᠦᠵᠦᠭᠦᠨ ᠭᠡᠰᠡᠭ ᠲᠤ ᠭᠦᠷᠴᠤ᠂ ᠠᠮᠢᠰᠬᠤᠯᠯᠠᠬᠤ ᠳᠤ ᠶᠡᠭᠡ ᠭᠦᠴᠢᠷᠳᠡᠨ᠎ᠡ᠂ ᠠᠮᠠ ᠬᠠᠮᠠᠷ ᠠᠴᠠ ᠨᠢ ᠴᠠᠭᠠᠨ ᠦᠡᠭᠭᠡ  ᠶᠢᠨ ᠭᠦᠭᠡᠰᠤ ᠭᠠᠷᠴᠤ᠂ ᠭᠡᠮ ᠲᠠᠢ ᠭᠠᠭ᠋ᠠᠢ ᠦᠷᠭᠦᠯᠵᠢ ᠨᠤᠬᠠᠢ ᠰᠢᠭ᠋ ᠤᠴᠤᠶᠢᠨ ᠰᠠᠭᠤᠳᠠᠭ᠂ ᠡᠭᠦᠨ ᠳᠤ ᠶᠡᠷᠤ ᠳᠡᠭᠡᠨ ︽ᠬᠤᠭᠤᠯᠠᠢ ᠶᠢ ᠪᠤᠭᠤᠬᠤ︾ ᠭᠡᠳᠡᠭ᠃ ᠲᠦᠷᠭᠡᠨ ᠴᠢᠨᠠᠷᠳᠠᠢ ᠭᠡᠯᠪᠡᠷᠢ ᠳᠤ ᠴᠢᠰᠤ ᠦᠷᠡᠵᠢᠭᠦ ᠭᠡᠮ  ᠤᠨ ᠶᠠᠷᠤ  ᠶᠢᠨ ᠢᠯᠠᠷᠠᠯ ᠪᠠᠶᠢᠬᠤ ᠠᠴᠠ ᠭᠠᠳᠠᠨ᠎ᠠ᠂ ᠲᠤᠪᠤᠶᠢᠮ᠎ᠠ ᠢᠯᠡᠷᠡᠯ ᠨᠢ ᠲᠠᠷᠤᠢ ᠲᠦᠷᠭᠡᠨ  ᠴᠢᠨᠠᠷᠳᠡᠢ ᠴᠡᠭᠡᠵᠢᠨ ᠪᠦᠷᠭᠦᠪᠴᠢ  ᠶᠢᠨ ᠦᠷᠪᠢᠰᠦᠯ ᠳᠤ ᠨᠡᠷᠪᠡᠭᠳᠡᠳᠡᠭ᠂ ᠭᠡᠮ  ᠤᠨ ᠡᠭᠢᠨ ᠳᠤ ᠬᠠᠯᠠᠭᠤᠷᠠᠵᠤ᠂ ᠢᠳᠡᠭᠡᠳᠤ ᠰᠠᠯᠢᠰᠤᠳᠤ ᠪᠦᠷᠭᠦᠪᠴᠢ  ᠶᠢᠨ ᠦᠷᠪᠢᠰᠦᠯ ᠲᠠᠢ ᠪᠦᠭᠡᠳ ᠬᠠᠮᠠᠷ ᠠᠴᠠ ᠨᠢ ᠨᠢᠰᠤ ᠭᠤᠭᠤᠵᠢᠨ᠎ᠠ᠂ ᠵᠠᠷᠢᠮ ᠳᠠᠭᠠᠨ ᠤᠬᠤᠷ ᠮᠦᠷᠳᠡᠭᠡᠨ ᠬᠠᠭᠤᠷᠠᠢ ᠪᠠᠷ ᠲᠠᠳᠠᠯᠳᠤᠨ ᠬᠠᠨᠢᠶᠠᠵᠤ᠂ ᠠᠮᠢᠰᠬᠤᠯᠯᠠᠬᠤ ᠳᠤ ᠭᠦᠴᠢᠷᠳᠡᠵᠤ᠂ ᠦᠷᠭᠦᠯᠵᠢ ᠨᠤᠬᠠᠢ ᠰᠢᠭ᠋ ᠤᠴᠤᠶᠢᠨ ᠰᠠᠭᠤᠨ᠎ᠠ᠂ ᠡᠭᠢᠨ ᠳᠡᠭᠡᠨ ᠪᠠᠭᠠᠰᠤ ᠨᠢ ᠬᠠᠳᠠᠵᠤ᠂ ᠰᠡᠭᠦᠯᠳᠡᠵᠤ ᠢᠷᠡᠭᠡᠳ ᠴᠢᠴᠠᠭ᠎ᠠ ᠠᠯᠳᠠᠨ᠎ᠠ᠂ ᠴᠡᠭᠡᠵᠢᠨ ᠭᠡᠰᠡᠭ  ᠢ ᠨᠢ ᠲᠡᠮᠳᠡᠷᠢᠨ ᠰᠢᠨᠵᠢᠯᠡᠪᠡᠯ ᠭᠡᠮ ᠲᠠᠢ ᠭᠠᠭ᠋ᠠᠢ ᠡᠪᠡᠳᠦᠭᠡᠳ ᠵᠠᠶᠢᠯᠠᠵᠤ ᠶᠠᠪᠤᠳᠠᠭ᠃ ᠤᠳᠠᠭᠠᠨ ᠴᠢᠨᠠᠷᠳᠠᠢ ᠳᠤᠨᠢ ᠤᠳᠠᠭᠠᠨ ᠴᠢᠨᠠᠷ  ᠤᠨ ᠦᠷᠪᠢᠰᠦᠯ ᠪᠠ ᠬᠤᠳᠤᠭᠤᠳᠤ ᠭᠡᠳᠡᠰᠤᠨ  ᠤ ᠦᠷᠪᠢᠰᠦᠯ  ᠤᠨ ᠰᠢᠨᠵᠢ ᠲᠡᠮᠳᠡᠭ ᠢᠯᠡᠷᠡᠨ᠎ᠡ᠂ ᠵᠠᠯᠭᠠᠭ᠎ᠠ ᠪᠠᠷ ᠬᠠᠨᠢᠶᠠᠯᠭᠠᠬᠤ ᠪᠤᠶᠤ ᠠᠮᠢᠰᠬᠤᠯ ᠨᠢ ᠭᠦᠴᠢᠷᠳᠡᠨ᠎ᠡ᠂ ᠬᠠᠮᠠᠷ ᠠᠴᠠ ᠨᠢ ᠨᠢᠯᠴᠠᠭᠠᠢ ᠢᠳᠡᠭᠡᠳᠤ ᠱᠦᠭᠦᠷᠡᠳᠡᠰᠤ ᠭᠤᠭᠤᠵᠢᠨ᠎ᠠ᠂ ᠪᠠᠰᠠ ᠦᠷᠭᠦᠯᠵᠢ ᠴᠢᠴᠠᠭ᠎ᠠ ᠠᠯᠳᠠᠬᠤ ᠦᠵᠡᠭᠳᠡᠯ ᠲᠠᠢ ᠪᠦᠭᠡᠳ ᠲᠦᠷᠭᠡᠨ ᠡᠴᠡᠵᠤ ᠲᠤᠷᠠᠳᠠᠭ᠃
       ᠰᠡᠷᠭᠡᠶᠢᠯᠡᠨ ᠵᠠᠰᠠᠬᠤ ︵ᠭᠤᠷᠪᠡᠨ ᠭᠡᠮ  ᠢ ᠤᠷᠢᠳᠴᠢᠯᠠᠨ ᠰᠡᠷᠭᠡᠶᠢᠯᠡᠭᠦ︶᠄ 20 ᠡᠳᠤᠷ ᠪᠤᠯᠤᠠᠠᠰᠠᠨ ᠲᠤᠷᠤᠢ ᠳᠤ ᠤᠤᠯ ᠶᠤᠰᠤᠭᠠᠷ ᠭᠠᠭ᠋ᠠᠢ  ᠶᠢᠨ ᠮᠢᠯᠵᠠᠩ — ᠭᠠᠭ᠋ᠠᠢ  ᠶᠢᠨ ᠶᠤᠯᠮ᠎ᠠ — ᠭᠠᠭ᠋ᠠᠢ  ᠶᠢᠨ ᠠᠭᠤᠰᠭᠢᠨ ᠭᠢᠵᠢᠭ  ᠤᠨ ᠭᠤᠷᠪᠡᠨ ᠬᠤᠯᠪᠤᠭᠠᠰᠤ  ᠶᠢᠨ ᠬᠤᠤᠷᠳᠠᠯ  ᠢᠶᠠᠷ ᠪᠠᠭ᠎ᠠ ᠸᠠᠺᠼᠢᠨ  ᠢ ᠨᠢᠭᠡ ᠤᠳᠠᠭ᠎ᠠ ᠳᠤ ᠲᠠᠷᠢᠨ᠎ᠠ᠃ 60 ᠡᠳᠤᠷ ᠪᠤᠯᠤᠠᠠᠰᠠᠨ ᠲᠤᠷᠤᠢ ᠳᠤ ᠤᠤᠯ ᠶᠤᠰᠤᠭᠠᠷ ᠭᠠᠭ᠋ᠠᠢ  ᠶᠢᠨ ᠮᠢᠯᠵᠠᠩ — ᠭᠠᠭ᠋ᠠᠢ  ᠶᠢᠨ ᠶᠤᠯᠮ᠎ᠠ — ᠭᠠᠭ᠋ᠠᠢ  ᠶᠢᠨ ᠠᠭᠤᠰᠭᠢᠨ ᠭᠢᠵᠢᠭ  ᠤᠨ ᠭᠤᠷᠪᠡᠨ ᠬᠤᠯᠪᠤᠭᠠᠰᠤ  ᠶᠢᠨ ᠭᠦᠴᠦᠷᠭᠡᠭᠵᠢᠭᠦᠯᠦᠭᠰᠡᠨ ᠭᠢᠵᠢᠭ ᠠᠴᠠ ᠭᠡᠯᠳᠦᠷᠢᠭᠦᠯᠭᠦ ᠲᠠᠷᠢᠯᠭ᠎ᠠ  ᠶᠢ ᠨᠢᠭᠡ ᠤᠳᠠᠭ᠎ᠠ ᠲᠠᠷᠢᠨ᠎ᠠ᠃ ᠠᠵᠢᠷᠭᠠᠨ ᠭᠠᠭ᠋ᠠᠢ ᠪᠠ ᠦᠷᠡᠵᠢᠯ  ᠤᠨ ᠮᠡᠭᠡᠵᠢ ᠳᠤ ᠵᠢᠯ ᠪᠦᠷᠢ ᠭᠠᠭ᠋ᠠᠢ  ᠶᠢᠨ ᠮᠢᠯᠵᠠᠩ — ᠭᠠᠭ᠋ᠠᠢ  ᠶᠢᠨ ᠶᠤᠯᠮ᠎ᠠ — ᠭᠠᠭ᠋ᠠᠢ  ᠶᠢᠨ ᠠᠭᠤᠰᠭᠢᠨ ᠭᠢᠵᠢᠭ  ᠤᠨ ᠭᠤᠷᠪᠡᠨ ᠬᠤᠯᠪᠤᠭᠠᠰᠤ  ᠶᠢᠨ ᠬᠤᠤᠷᠳᠠᠯ  ᠢᠶᠠᠷ ᠪᠠᠭ᠎ᠠ ᠸᠠᠺᠼᠢᠨ ᠢ ᠨᠢᠭᠡ ᠤᠳᠠᠭ᠎ᠠ ᠲᠠᠷᠢᠨ᠎ᠠ᠂ ᠲᠠᠷᠢᠯᠭ᠎ᠠ  ᠶᠢᠨ ᠭᠡᠮᠵᠢᠶ᠎ᠠ  ᠶᠢ ᠤᠤᠯ  ᠤᠨ ᠬᠢ ᠠᠴᠠ 3 ~ 4 ᠲᠠᠭᠢᠨ ᠨᠡᠮᠡᠨ᠎ᠠ᠃
       ᠡᠮᠨᠡᠨ ᠵᠠᠰᠠᠬᠤ᠄ ᠭᠠᠭ᠋ᠠᠢ  ᠶᠢᠨ ᠮᠢᠯᠵᠠᠩ  ᠢ ᠲᠤᠤᠱᠳᠠᠢ ᠡᠮᠨᠡᠨ ᠵᠠᠰᠠᠬᠤ ᠠᠷᠭ᠎ᠠ ᠪᠠᠶᠢᠬᠤ ᠦᠭᠡᠢ ᠶᠤᠮ᠃ ᠭᠠᠭ᠋ᠠᠢ  ᠶᠢᠨ ᠮᠢᠯᠵᠠᠩ ᠡᠭᠦᠰᠭᠦ ᠦᠶ᠎ᠠ ᠳᠤ᠂ ᠲᠠᠷᠤᠶᠢᠬᠠᠨ ᠲᠤᠰᠠᠭᠠᠷᠯᠠᠬᠤ ᠪᠤᠶᠤ ᠤᠰᠠᠳᠬᠠᠨ᠎ᠠ᠂ ᠭᠢᠵᠢᠭ  ᠤᠨ ᠤᠷᠤᠨ ᠪᠤᠶᠤ ᠰᠦᠷᠳᠡᠭᠦᠯᠦᠯ ᠶᠡᠭᠡ ᠲᠠᠢ ᠤᠷᠤᠨ  ᠤ ᠭᠠᠭ᠋ᠠᠢ ᠨᠢᠭᠡᠪᠤᠷᠢ ᠳᠤ ᠴᠠᠭ  ᠢ ᠵᠠᠪᠳᠤᠨ ᠭᠠᠭ᠋ᠠᠢ  ᠶᠢᠨ ᠮᠢᠯᠵᠠᠩ  ᠤᠨ ᠸᠠᠺᠼᠢᠨ  ᠤ ᠲᠠᠷᠢᠯᠭ᠎ᠠ ᠲᠠᠷᠢᠬᠤ ᠭᠡᠷᠡᠭᠳᠡᠢ᠂ ᠡᠮ  ᠤᠨ ᠭᠡᠮᠵᠢᠶ᠎ᠠ  ᠶᠢ 3 ~ 4 ᠲᠠᠭᠢᠨ ᠨᠡᠮᠡᠨ᠎ᠠ᠃ ᠨᠦᠭᠦᠴᠡᠯ ᠲᠠᠢ ᠪᠤᠯ ᠭᠡᠮ ᠲᠠᠢ ᠭᠠᠭ᠋ᠠᠢ  ᠶᠢ ᠭᠠᠭ᠋ᠠᠢ  ᠶᠢᠨ ᠮᠢᠯᠵᠠᠩ  ᠤᠨ ᠴᠢᠰᠤᠨ ᠴᠠᠶᠢᠪᠠᠨᠭ᠌  ᠢᠶᠠᠷ ᠡᠮᠨᠡᠨ ᠵᠠᠰᠠᠵᠤ ᠪᠤᠯᠤᠨ᠎ᠠ᠃ ᠡᠭᠦᠨ  ᠤ ᠲᠠᠭᠠᠤ ᠳᠤ ᠴᠢᠩ ᠯᠢᠶᠠᠨ ᠮᠸᠢ ᠰᠤ᠋ ᠪᠤᠯᠤᠨ ᠡᠪᠡᠳᠭᠦ  ᠶᠢ ᠨᠠᠮᠳᠠᠭᠠᠠᠠᠴᠢ  ᠶᠢ ᠬᠤᠯᠢᠵᠤ ᠪᠠᠶᠢᠭᠠᠳ ᠡᠳᠤᠷ ᠪᠦᠷᠢ 2 ᠤᠳᠠᠭ᠎ᠠ᠂ ᠦᠷᠭᠦᠯᠵᠢᠯᠡᠨ 5 ᠡᠳᠤᠷ ᠪᠤᠯᠴᠢᠩ ᠮᠢᠬᠠᠨ ᠳᠤᠨᠢ ᠲᠠᠷᠢᠨ᠎ᠠ᠃  
       ᠭᠠᠭ᠋ᠠᠢ  ᠶᠢᠨ ᠶᠤᠯᠮ᠎ᠠ᠂ ᠭᠠᠭ᠋ᠠᠢ  ᠶᠢᠨ ᠠᠭᠤᠰᠭᠢᠨ ᠭᠢᠵᠢᠭ ᠡᠭᠦᠰᠭᠦ ᠦᠶ᠎ᠠ ᠳᠤ᠂ ᠭᠡᠮ ᠲᠠᠢ ᠭᠠᠭ᠋ᠠᠢ  ᠶᠢ ᠲᠠᠷᠤᠶᠢᠬᠠᠨ ᠲᠤᠰᠠᠭᠠᠷᠯᠠᠬᠤ ᠪᠦᠭᠡᠳ ᠪᠦᠭᠦ ᠲᠠᠯ᠎ᠠ ᠪᠠᠷ ᠠᠷᠢᠭᠤᠳᠬᠠᠵᠤ ᠪᠠᠷᠬᠠᠰᠠᠨ  ᠤ ᠲᠠᠷᠠᠭ᠎ᠠ᠂ ᠭᠡᠮ ᠲᠠᠢ ᠭᠠᠭ᠋ᠠᠢ  ᠶᠢ ᠲᠠᠷᠤᠶᠢᠬᠠᠨ ᠡᠮᠨᠡᠨ ᠵᠠᠰᠠᠪᠠᠯ ᠵᠤᠭᠢᠨ᠎ᠠ᠃ ᠪᠤᠯᠴᠢᠩ ᠳᠤᠨᠢ ᠴᠢᠩ ᠮᠸᠢ ᠰᠤ᠋᠂ ᠴᠢᠩ ᠳ᠋ᠠ ᠮᠸᠢ ᠰᠤ᠋ ᠪᠤᠶᠤ ᠺᠠᠨᠠᠮᠢᠰᠤ  ᠶᠢ ᠡᠳᠤᠷ ᠪᠦᠷᠢ 2 ᠤᠳᠠᠭ᠎ᠠ᠂ ᠦᠷᠭᠦᠯᠵᠢᠯᠡᠨ 5 ᠤᠳᠠᠭ᠎ᠠ᠂ ᠦᠷᠭᠦᠯᠵᠢᠯᠡᠨ 5 ᠡᠳᠤᠷ ᠲᠠᠷᠢᠨ᠎ᠠ᠃ ᠡᠭᠦᠨ  ᠤ ᠬᠠᠮᠳᠤ ᠠᠷᠠᠴᠢᠯᠠᠭ᠎ᠠ ᠲᠡᠵᠢᠭᠡᠯᠭᠡ ᠪᠡ ᠬᠠᠮᠢᠶᠠᠷᠤᠯᠳᠠ ᠪᠠᠨ ᠴᠢᠩᠭᠠᠳᠬᠠᠬᠤ  ᠶᠢ ᠡᠷᠭᠡᠪᠰᠢ ᠠᠩᠬᠠᠷᠤᠯ ᠳᠠᠭᠠᠨ ᠠᠪᠬᠤ ᠭᠡᠷᠡᠭᠳᠡᠢ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
Baidu
map