|
ᠭᠠᠭ᠋ᠠᠢ ᠶᠢᠨ ᠦᠢᠯᠠᠩᠬᠠᠢ ᠤᠰᠤᠨ ᠴᠦᠪᠦᠷᠢᠭᠦᠳᠤ ᠭᠡᠮ ᠢ ᠰᠡᠷᠭᠡᠶᠢᠯᠡᠨ ᠵᠠᠰᠠᠬᠤ |
|
|
ᠨᠡᠶᠢᠲᠡᠯᠡᠭᠰᠡᠨ ᠴᠠᠭ᠄
2015/12/4
|
|
ᠭᠠᠭ᠋ᠠᠢ ᠶᠢᠨ ᠤᠶᠢᠯᠠᠩᠬᠠᠢ ᠤᠰᠤᠨ ᠴᠦᠪᠤᠷᠢᠭᠦᠳᠤ ᠭᠡᠮ ᠪᠤᠯ ᠭᠠᠭ᠋ᠠᠢ ᠶᠢᠨ ᠨᠢᠭᠡ ᠵᠤᠶᠢᠯ ᠤᠨ ᠲᠦᠷᠭᠡᠨ ᠴᠢᠨᠠᠷᠳᠠᠢ ᠪᠠ ᠲᠡᠭᠡᠳᠤ ᠭᠡᠮᠵᠢᠶᠠᠨ ᠤ ᠢᠯᠴᠢ ᠶᠢᠨ ᠡᠨᠧᠷᠭᠢᠳᠤ ᠬᠠᠯᠳᠠᠪᠤᠷᠢᠳᠤ ᠭᠡᠮ ᠪᠤᠯᠤᠨ᠎ᠠ᠃ ᠲᠤᠰ ᠭᠡᠮ ᠨᠢ ᠪᠤᠰᠤᠳ ᠠᠮᠢᠳᠠᠨ ᠳᠤ ᠬᠠᠯᠳᠠᠪᠤᠷᠢᠯᠠᠬᠤ ᠦᠭᠡᠢ᠂ ᠬᠠᠷᠢᠨ ᠭᠦᠮᠦᠨ ᠳᠤ ᠵᠤᠭᠢᠬᠤ ᠭᠡᠮᠵᠢᠶ᠎ᠠ ᠪᠠᠷ ᠬᠠᠯᠳᠠᠪᠤᠷᠢᠯᠠᠳᠠᠭ᠃ ᠡᠮᠴᠢᠯᠡᠪᠤᠷᠢ ᠶᠢᠨ ᠰᠢᠨᠵᠢ ᠲᠡᠮᠳᠡᠭ ᠨᠢ ᠱᠦᠯᠭᠦᠭᠡ ᠲᠠᠢ ᠠᠳᠠᠯᠢᠪᠳᠤᠷ ᠪᠤᠯᠪᠠᠴᠤ ᠡᠷᠭᠡᠪᠰᠢ ᠢᠯᠭᠠᠨ ᠡᠮᠴᠢᠯᠡᠭᠦ ᠭᠡᠷᠡᠭᠳᠡᠢ᠃ ᠡᠨᠡ ᠭᠦ ᠭᠡᠮ ᠨᠢ ᠭᠤᠤᠯᠳᠠᠭᠤ ᠭᠠᠭ᠋ᠠᠢ ᠶᠢᠨ ᠰᠢᠭᠢᠷ᠎ᠠ᠂ ᠠᠮᠠᠨ ᠭᠦᠨᠳᠡᠢ ᠶᠢᠨ ᠰᠠᠯᠢᠰᠤᠳᠤ ᠪᠦᠷᠭᠦᠪᠴᠢ ᠪᠠ ᠮᠡᠭᠡᠵᠢ ᠶᠢᠨ ᠭᠦᠭᠦᠨ ᠤ ᠤᠷᠴᠢᠮ ᠳᠤ ᠡᠭᠦᠰᠦᠨ᠎ᠠ᠂ ᠬᠠᠮᠠᠷ ᠲᠡᠭᠡᠷ᠎ᠡ ᠨᠢ ᠤᠶᠢᠯᠠᠩᠬᠠᠢ ᠤᠰᠤᠨ ᠴᠦᠪᠤᠷᠢᠭᠦᠤ ᠭᠠᠷᠬᠤ ᠪᠤᠶᠤ ᠢᠯᠪᠤᠷᠠᠨ ᠲᠤᠯᠪᠤᠳᠤᠨᠠ᠃ ᠶᠠᠷᠤ ᠳᠡᠭᠡᠨ ᠲᠠᠷᠠᠬᠠᠢ ᠠᠷᠠᠴᠢᠯᠠᠵᠤ ᠲᠡᠵᠢᠭᠡᠪᠡᠯ ᠬᠠᠯᠳᠠᠪᠤᠷᠢᠯᠠᠨ ᠲᠠᠷᠬᠠᠬᠤ ᠲᠤᠭᠢᠶᠠᠯ ᠨᠢ ᠲᠤᠩ ᠪᠠᠭ᠎ᠠ ᠪᠠᠶᠢᠵᠤ᠂ ᠲᠦᠪᠯᠡᠷᠡᠭᠦᠯᠦᠨ ᠠᠷᠠᠴᠢᠯᠠᠵᠤ ᠲᠡᠵᠢᠭᠡᠭᠦ ᠪᠦᠭᠦᠢ ᠭᠠᠭ᠋ᠠᠢ ᠶᠢᠨ ᠰᠦᠷᠦᠭ ᠲᠤ ᠨᠡᠯᠢᠶᠡᠳ ᠲᠦᠷᠭᠡᠨ ᠬᠠᠯᠳᠠᠪᠤᠷᠢᠯᠠᠨ ᠲᠠᠷᠬᠠᠨ᠎ᠠ᠂ ᠭᠡᠮᠨᠡᠭᠦ ᠭᠡᠮᠵᠢᠶ᠎ᠠ ᠨᠢ ᠬᠠᠮᠤᠭ ᠦᠨᠳᠤᠷ ᠲᠡᠭᠡᠨ 70% ~80% ᠳᠤ ᠭᠦᠷᠴᠤ᠂ ᠦᠭᠦᠯᠳᠡ ᠨᠢ ᠲᠤᠩ ᠲᠤᠤᠷ᠎ᠠ ᠪᠠᠶᠢᠳᠠᠭ᠃ ᠡᠶᠢᠮᠤᠷᠭᠦᠤ ᠭᠡᠮ ᠢ ᠲᠤᠤᠷᠠᠭᠢ ᠭᠡᠳᠦᠨ ᠲᠠᠯ᠎ᠠ ᠪᠠᠷ ᠰᠡᠷᠭᠡᠶᠢᠯᠡᠨ ᠵᠠᠰᠠᠵᠤ ᠪᠤᠯᠤᠨ᠎ᠠ᠃ 1. ᠬᠤᠶᠠᠷ ᠭᠡᠮ ᠢ ᠢᠯᠭᠠᠨ ᠤᠨᠤᠰᠢᠯᠠᠬᠤ ᠳᠤ᠂ ᠮᠠᠯ ᠲᠡᠵᠢᠭᠡᠪᠤᠷᠢ ᠳᠤ ᠠᠶᠠᠠᠳᠠᠭᠠᠨ ᠬᠠᠯᠳᠠᠪᠤᠷᠢᠯᠠᠬᠤ ᠪᠠᠶᠢᠳᠠᠯ ᠢᠶᠠᠷ ᠨᠢ ᠭᠡᠮ ᠭᠢᠵᠢᠭ ᠭᠢᠭᠡᠳ ᠤᠶᠢᠯᠠᠩᠬᠠᠢ ᠤᠰᠤᠨ ᠴᠦᠪᠤᠷᠢᠭᠦᠤ ᠶᠢ ᠨᠢ ᠰᠢᠯᠭᠠᠨ ᠪᠠᠶᠢᠴᠠᠭᠠᠵᠤ ᠤᠨᠤᠰᠢᠯᠠᠭᠠᠳ᠂ ᠦᠷ᠎ᠡ ᠪᠦᠳᠦᠮᠵᠢᠳᠡᠢ ᠰᠡᠷᠭᠡᠶᠢᠯᠡᠨ ᠵᠠᠰᠠᠬᠤ ᠠᠷᠭ᠎ᠠ ᠭᠡᠮᠵᠢᠶ᠎ᠠ ᠠᠪᠬᠤ ᠭᠡᠷᠡᠭᠳᠡᠢ᠃ 2. ᠤᠷᠢᠳᠴᠢᠯᠠᠨ ᠰᠡᠷᠭᠡᠶᠢᠯᠡᠭᠦ᠄ ᠶᠠᠷᠦᠩᠭᠡᠶᠢᠯᠡᠭᠰᠡᠨ ᠴᠢᠨᠠᠷᠳᠠᠢ ᠤᠷᠢᠳᠴᠢᠯᠠᠨ ᠰᠡᠷᠭᠡᠶᠢᠯᠡᠭᠦ ᠠᠷᠭ᠎ᠠ ᠭᠡᠮᠵᠢᠶ᠎ᠠ ᠠᠪᠴᠤ᠂ ᠡᠩ ᠤᠨ ᠦᠶ᠎ᠠ ᠳᠤ ᠴᠤ ᠱᠦᠯᠭᠦᠭᠡ ᠶᠢᠨ ᠭᠢᠵᠢᠭ ᠲᠤ ᠨᠡᠶᠢᠳᠡᠮ ᠪᠠᠶᠢᠴᠠᠭᠠᠯᠳᠠ ᠭᠢᠵᠤ᠂ ᠮᠠᠯ ᠭᠢᠭᠡᠳ ᠲᠡᠭᠦᠨ ᠤ ᠠᠰᠢᠭ ᠰᠢᠮ᠎ᠠ᠂ ᠲᠡᠵᠢᠭᠡᠯ ᠪᠤᠷᠳᠤᠭᠠᠨ ᠤ ᠭᠦᠢᠯᠭᠡᠭᠡ ᠪᠠᠷ ᠭᠢᠵᠢᠭ ᠪᠠᠶᠢᠴᠠᠭᠠᠬᠤ ᠠᠵᠢᠯ ᠪᠠ ᠠᠷᠢᠭᠤᠳᠬᠠᠬᠤ ᠲᠦᠷᠢᠮ ᠲᠤᠠᠠᠳᠠᠭᠠᠯ ᠢ ᠴᠢᠩᠭ᠎ᠠ ᠭᠡᠷᠡᠭᠵᠢᠭᠦᠯᠭᠦ ᠭᠡᠷᠡᠭᠳᠡᠢ᠃ ᠭᠠᠭ᠋ᠠᠢ ᠶᠢᠨ ᠤᠶᠢᠯᠠᠩᠬᠠᠢ ᠤᠰᠤᠨ ᠴᠦᠪᠤᠷᠢᠭᠦᠳᠤ ᠭᠡᠮ ᠳᠤ ᠤᠷᠢᠳᠴᠢᠯᠠᠨ ᠰᠡᠷᠭᠡᠶᠢᠯᠡᠭᠦ ᠲᠠᠷᠢᠯᠭ᠎ᠠ ᠶᠢᠨ ᠠᠵᠢᠯ ᠢ ᠦᠷᠨᠢᠭᠦᠯᠦᠨ᠂ ᠭᠢᠵᠢᠭ ᠤᠨ ᠤᠷᠤᠨ ᠪᠤᠯᠤᠨ ᠰᠦᠷᠳᠡᠭᠦᠯᠦᠯ ᠲᠠᠢ ᠤᠷᠤᠨ ᠳᠤ ᠭᠠᠭ᠋ᠠᠢ ᠶᠢᠨ ᠦᠢᠯᠡᠩᠬᠠᠢ ᠤᠰᠤᠨ ᠴᠦᠪᠤᠷᠢᠭᠦᠳᠤ ᠭᠡᠮ ᠤᠨ ᠡᠰ ᠢ ᠪᠤᠶᠢᠵᠢᠭᠤᠯᠬᠤ ᠬᠤᠤᠷᠳᠠᠯ ᠪᠠᠭ᠎ᠠ ᠲᠠᠢ ᠸᠠᠺᠼᠢᠨ ᠤ ᠲᠠᠷᠢᠯᠭ᠎ᠠ ᠶᠢ ᠲᠤᠠᠠᠳ᠋ᠬᠠᠰᠠᠨ ᠬᠤᠭᠤᠴᠠᠭ᠎ᠠ ᠲᠠᠢ ᠪᠠᠷ ᠲᠠᠷᠢᠵᠤ ᠤᠷᠢᠳᠴᠢᠯᠠᠨ ᠰᠡᠷᠭᠡᠶᠢᠯᠡᠯᠳᠡ ᠭᠢᠨ᠎ᠠ᠂ ᠲᠠᠷᠢᠯᠭ᠎ᠠ ᠭᠢᠭᠰᠡᠨ ᠤ ᠲᠠᠷᠠᠭᠠᠭᠢ 4 ~ 8 ᠡᠳᠤᠷ ᠲᠤ ᠭᠢᠵᠢᠭ ᠠᠴᠠ ᠭᠡᠯᠳᠦᠷᠢᠭᠦᠯᠭᠦ ᠴᠢᠳᠠᠪᠤᠷᠢ ᠪᠤᠢ ᠪᠤᠯᠵᠤ᠂ ᠬᠠᠮᠠᠭᠠᠯᠠᠬᠤ ᠨᠤᠷᠮ᠎ᠠ ᠨᠢ 80% ᠭᠦᠷᠴᠤ᠂ ᠭᠢᠵᠢᠭ ᠠᠴᠠ ᠭᠡᠯᠳᠦᠷᠢᠭᠦᠯᠭᠦ ᠬᠤᠭᠤᠴᠠᠭ᠎ᠠ ᠨᠢ 6 ᠰᠠᠷ᠎ᠠ ᠠᠴᠠ ᠲᠡᠭᠡᠭᠰᠢ ᠪᠠᠶᠢᠳᠠᠭ᠃ 3. ᠲᠠᠷᠬᠠᠨ ᠲᠡᠯᠭᠡᠷᠡᠵᠤ ᠪᠠᠶᠢᠭ᠎ᠠ ᠦᠶ᠎ᠠ ᠳᠠᠬᠢ ᠰᠡᠷᠭᠡᠶᠢᠯᠡᠨ ᠵᠠᠰᠠᠬᠤ ᠠᠷᠭ᠎ᠠ ᠭᠡᠮᠵᠢᠶ᠎ᠠ᠄ ᠱᠦᠯᠭᠦᠭᠡ ᠲᠠᠷᠬᠠᠵᠤ ᠪᠠᠶᠢᠨ᠎ᠠ ᠭᠡᠵᠤ ᠰᠡᠵᠢᠭᠯᠡᠪᠡᠯ ᠲᠠᠷᠤᠶᠢᠬᠠᠨ ᠲᠡᠭᠡᠳᠤ ᠱᠠᠳᠤᠨ ᠤ ᠮᠠᠯ ᠡᠮᠨᠡᠯᠭᠡ ᠶᠢᠨ ᠰᠠᠯᠠᠭ᠎ᠠ ᠮᠦᠴᠢᠷ ᠲᠤ ᠮᠡᠳᠡᠭᠦᠯᠦᠨ᠂ ᠦᠳᠳᠡᠷ ᠲᠦᠷᠭᠡᠨ ᠤᠨᠤᠰᠢᠯᠠᠬᠤ ᠪᠦᠭᠡᠳ ᠭᠢᠵᠢᠭ ᠤᠨ ᠴᠡᠭ ᠢ ᠪᠢᠳᠡᠭᠦᠮᠵᠢᠯᠡᠨ᠂ ᠪᠠᠭ᠎ᠠ ᠭᠡᠪᠴᠢᠶᠠᠨ ᠲᠤᠳᠤᠷ᠎ᠠ ᠭᠢᠵᠠᠭᠠᠷᠯᠠᠬᠤ ᠪᠤᠶᠤ ᠭᠢᠵᠢᠭ ᠤᠨ ᠪᠠᠶᠢᠳᠠᠯ ᠢ ᠤᠰᠠᠳᠬᠠᠪᠠᠯ ᠵᠤᠭᠢᠨ᠎ᠠ᠃ ᠭᠢᠵᠢᠭ ᠤᠨ ᠴᠢᠭ ᠤᠨ ᠲᠤᠳᠤᠷ᠎ᠠ ᠭᠢᠭᠡᠳ ᠤᠷᠴᠢᠨ ᠲᠤᠭᠤᠷᠢᠨ ᠢᠶᠠᠷ ᠠᠮᠠᠷᠬᠠᠨ ᠬᠠᠯᠳᠠᠪᠤᠷᠢᠯᠠᠬᠤ ᠠᠮᠢᠳᠠᠨ ︵ᠦᠭᠡᠷ᠂ ᠬᠤᠨᠢ᠂ ᠭᠠᠭ᠋ᠠᠢ︶ ᠳᠤ ᠲᠠᠷᠤᠶᠢᠬᠠᠨ ᠤᠷᠢᠳ ᠢᠶᠠᠷ ᠭᠠᠳᠠᠨ᠎ᠠ᠂ ᠲᠠᠷᠠᠭ᠎ᠠ ᠨᠢ ᠲᠤᠳᠤᠷ᠎ᠠ ᠭᠡᠭᠦ ᠵᠠᠷᠴᠢᠮ ᠢᠶᠠᠷ ᠱᠦᠯᠭᠦᠭᠡ ᠶᠢᠨ ᠸᠠᠺᠼᠢᠨ ︵ᠴᠢᠰᠤᠨ ᠴᠠᠶᠢᠪᠠᠨᠭ᠌ ᠤᠨ ᠭᠡᠯᠪᠡᠷᠢ ᠨᠢ ᠠᠳᠠᠯᠢ ᠪᠠᠶᠢᠬᠤ︶ ᠤ ᠲᠠᠷᠢᠯᠭ᠎ᠠ ᠲᠠᠷᠢᠬᠤ ᠶᠢᠨ ᠲᠠᠭᠠᠤ ᠪᠦᠭᠦ ᠲᠠᠯ᠎ᠠ ᠪᠠᠷ ᠠᠷᠢᠭᠤᠳᠬᠠᠬᠤ ᠭᠡᠷᠡᠭᠳᠡᠢ᠃ ᠭᠢᠵᠢᠭ ᠤᠨ ᠴᠢᠭ ᠲᠤᠳᠤᠷ᠎ᠠ ᠬᠠᠮᠤᠭ ᠰᠡᠭᠦᠯᠴᠢ ᠶᠢᠨ ᠨᠢᠭᠡ ᠤᠳᠠᠭ᠎ᠠ ᠭᠡᠮ ᠲᠠᠢ ᠮᠠᠯ ᠢ ᠰᠢᠢᠳᠪᠤᠷᠢᠯᠡᠨ᠂ 15 ᠡᠳᠤᠷ ᠤᠨ ᠲᠠᠷᠠᠭ᠎ᠠ ᠰᠢᠨ᠎ᠠ ᠭᠡᠮᠨᠡᠭᠰᠡᠨ ᠵᠢᠱᠢᠶ᠎ᠠ ᠡᠭᠦᠰᠭᠦ ᠦᠭᠡᠢ ᠪᠤᠯ ᠬᠤᠷᠢᠭ᠎ᠠ ᠪᠢᠳᠡᠭᠦᠮᠵᠢ ᠪᠠᠨ ᠲᠠᠯᠪᠢᠵᠤ ᠪᠤᠯᠤᠨ᠎ᠠ᠃ ᠭᠠᠭ᠋ᠠᠢ ᠶᠢᠨ ᠤᠶᠢᠯᠠᠩᠬᠠᠢ ᠤᠰᠤᠨ ᠴᠦᠪᠤᠷᠢᠭᠦᠳᠤ ᠭᠡᠮ ᠡᠭᠦᠰᠦᠭᠰᠡᠨ ᠦᠶ᠎ᠠ ᠳᠤ᠂ ᠭᠠᠭ᠋ᠠᠢ ᠶᠢᠨ ᠰᠦᠷᠦᠭ ᠢ ᠪᠢᠳᠡᠭᠦᠮᠵᠢᠯᠡᠨ ᠲᠤᠰᠠᠭᠠᠷᠯᠠᠵᠤ᠂ ᠠᠳᠠᠯᠢᠬᠠᠨ ᠰᠦᠷᠦᠭ ᠤᠨ ᠭᠠᠭ᠋ᠠᠢ ᠳᠤ ᠭᠠᠭ᠋ᠠᠢ ᠶᠢᠨ ᠤᠶᠢᠯᠠᠩᠬᠠᠢ ᠤᠰᠤᠨ ᠴᠦᠪᠤᠷᠢᠭᠦᠳᠤ ᠭᠡᠮ ᠤᠨ ᠡᠰᠡᠷᠭᠦ ᠴᠢᠰᠤᠨ ᠴᠠᠶᠢᠪᠠᠨᠭ᠌ ᠤᠨ ᠲᠠᠷᠢᠯᠭ᠎ᠠ ᠶᠢ ᠲᠠᠷᠢᠵᠤ᠂ ᠭᠡᠮ ᠲᠠᠢ ᠭᠠᠭ᠋ᠠᠢ ᠪᠤᠶᠤ ᠠᠳᠠᠯᠢ ᠰᠦᠷᠦᠭ ᠤᠨ ᠭᠠᠭ᠋ᠠᠢ ᠶᠢᠨ ᠵᠠᠬ᠎ᠠ ᠲᠡᠯᠭᠡᠭᠦᠷ ᠲᠤ ᠭᠠᠷᠬᠤ ᠶᠢ ᠴᠢᠩᠭ᠎ᠠ ᠴᠠᠭᠠᠵᠠᠯᠠᠵᠤ᠂ ᠪᠢᠳᠡᠭᠦᠮᠵᠢᠯᠡᠭᠦ ᠬᠤᠭᠤᠴᠠᠭ᠎ᠠ ᠶᠢ ᠬᠠᠮᠤᠭ ᠰᠡᠭᠦᠯᠴᠢ ᠶᠢᠨ ᠨᠢᠭᠡ ᠭᠠᠭ᠋ᠠᠢ ᠶᠢᠨ ᠭᠡᠮᠨᠡᠭᠰᠡᠨ ᠦᠶ᠎ᠠ ᠠᠴᠠ ᠪᠤᠳᠤᠭᠠᠳ 3 ᠭᠠᠷᠠᠭ ᠤᠨ ᠲᠠᠷᠠᠭ᠎ᠠ ᠰᠠᠶ᠋ᠢ ᠲᠠᠯᠪᠢᠨ᠎ᠠ᠂ ᠡᠭᠦᠨ ᠤ ᠬᠠᠮᠳᠤ ᠪᠦᠭᠦ ᠲᠠᠯ᠎ᠠ ᠪᠠᠷ ᠠᠷᠢᠭᠤᠳᠬᠠᠬᠤ ᠭᠡᠷᠡᠭᠳᠡᠢ᠃ 4. ᠡᠮᠨᠡᠨ ᠵᠠᠰᠠᠬᠤ᠄ ᠤᠯᠤᠰ ᠤᠨ ᠲᠤᠠᠠᠳᠠᠭᠠᠯ ᠢ ᠦᠨᠳᠦᠰᠦᠯᠡᠡ᠂ ᠱᠦᠯᠭᠦᠭᠡ ᠶᠢᠨ ᠭᠡᠮ ᠲᠠᠢ ᠭᠠᠭ᠋ᠠᠢ ᠶᠢ ᠴᠦᠮ ᠲᠦᠷᠭᠡᠨ ᠠᠯᠠᠪᠠᠯ ᠵᠤᠭᠢᠨ᠎ᠠ᠂ ᠡᠮᠨᠡᠨ ᠵᠠᠰᠠᠬᠤ ᠶᠢ ᠵᠦᠪᠰᠢᠶᠡᠷᠡᠭᠦ ᠦᠭᠡᠢ ᠪᠦᠭᠡᠳ ᠬᠠᠯᠳᠠᠪᠤᠷᠢᠯᠡᠨ ᠲᠠᠷᠬᠠᠬᠤ ᠶᠢ ᠰᠡᠷᠭᠡᠶᠢᠯᠡᠭᠦ ᠭᠡᠷᠡᠭᠳᠡᠢ᠃ ᠭᠠᠭ᠋ᠠᠢ ᠶᠢᠨ ᠤᠶᠢᠯᠠᠩᠬᠠᠢ ᠤᠰᠤᠨ ᠴᠦᠪᠤᠷᠢᠭᠦᠳᠤ ᠭᠡᠮ ᠲᠠᠢ ᠭᠠᠭ᠋ᠠᠢ ᠶᠢᠨ ᠭᠦᠡᠭᠭᠡᠨ ᠰᠢᠭ ᠨᠢ 10 ᠡᠳᠤᠷ ᠤᠷᠴᠢᠮ ᠪᠤᠯᠪᠠᠯ ᠤᠯᠠᠩᠭᠢ ᠳᠠᠭᠠᠨ ᠦᠪᠡᠰᠦᠪᠡᠨ ᠡᠳᠡᠭᠡᠷᠡᠴᠢᠭᠡᠳᠡᠭ᠂ ᠭᠦᠨᠳᠤ ᠰᠢᠭ ᠨᠢ ᠤᠷᠢᠳ ᠢᠶᠠᠷ ᠢᠳᠡᠭᠡᠨ ᠤ ᠼᠤᠤ ᠪᠤᠶᠤ 0.1% ᠶᠢᠨ ᠲᠡᠭᠡᠳᠤ ᠮᠠᠩᠭᠠᠨ ᠭᠦᠴᠢᠯ ᠤᠨ ᠺᠠᠯᠢ ᠪᠠᠷ ᠭᠡᠰᠡᠭ ᠲᠠᠯ᠎ᠠ ᠶᠢ ᠨᠢ ᠤᠭᠢᠶᠠᠵᠤ᠂ ᠲᠠᠭᠢᠨ ᠢᠤᠳ᠋ ᠭᠯᠢᠼᠧᠷᠢᠨ ᠲᠤᠰᠤ ᠪᠤᠶᠤ ᠵᠦᠯᠭᠡᠨ ᠪᠤᠷᠤ ᠶᠢ ᠲᠦᠷᠭᠢᠭᠦ ᠭᠡᠷᠡᠭᠳᠡᠢ᠃ ᠭᠡᠳᠦᠨ ᠡᠳᠤᠷ ᠡᠮᠨᠡᠨ ᠵᠠᠰᠠᠪᠠᠯ ᠤᠯᠠᠩᠭᠢ ᠨᠢ ᠡᠳᠡᠭᠡᠷᠡᠨ ᠡᠷᠡᠭᠦᠯᠵᠢᠴᠢᠭᠡᠨᠡ᠃
|
|
|
|
ᠢᠷᠡᠯᠲᠡ᠄
ᠦᠪᠦᠷ ᠮᠣᠩᠭᠤᠯ ᠤᠨ ᠵᠠᠰᠠᠭ ᠤᠨ ᠣᠷᠳᠤᠨ
|