|
| ᠭᠠᠭ᠋ᠠᠢ ᠶᠢᠨ ᠭᠦᠵᠢ ᠬᠤᠷᠤᠬᠠᠢ ᠭᠢᠭᠡᠳ ᠬᠠᠮᠠᠭᠤ ᠶᠢ ᠰᠡᠷᠭᠡᠶᠢᠯᠡᠨ ᠵᠠᠰᠠᠬᠤ |
|
|
ᠨᠡᠶᠢᠲᠡᠯᠡᠭᠰᠡᠨ ᠴᠠᠭ᠄
2015/12/4
|
|
ᠨᠢᠭᠡ᠂ ᠭᠠᠭ᠋ᠠᠢ ᠶᠢᠨ ᠭᠦᠵᠢ ᠬᠤᠷᠤᠬᠠᠢ ᠪᠤᠯ ᠭᠠᠭ᠋ᠠᠢ ᠶᠢᠨ ᠭᠦᠵᠢ ᠬᠤᠷᠤᠬᠠᠢ ᠠᠴᠠ ᠡᠭᠦᠰᠦᠭᠰᠡᠨ ᠨᠢᠭᠡ ᠵᠤᠶᠢᠯ ᠤᠨ ᠦᠷᠭᠦᠯᠵᠢ ᠲᠤᠭᠢᠶᠠᠯᠳᠤᠳᠠᠭ ᠮᠦᠯᠵᠢᠭᠦᠷ ᠬᠤᠷᠤᠬᠠᠢ ᠶᠢᠨ ᠭᠡᠮ ᠪᠤᠯᠤᠨ᠎ᠠ᠂ ᠭᠤᠤᠯᠳᠠᠭᠤ 3 ~ 6 ᠰᠠᠷ᠎ᠠ ᠪᠤᠯᠤᠠᠠᠰᠠᠨ ᠲᠤᠷᠤᠢ ᠳᠤ ᠬᠠᠯᠳᠠᠪᠤᠷᠢᠯᠠᠵᠤ᠂ ᠲᠤᠷᠤᠢ ᠶᠢᠨ ᠦᠰᠦᠯᠳᠡ ᠪᠤᠶᠢᠵᠢᠯᠳᠡ ᠶᠢ ᠮᠠᠭᠤᠳᠠᠭᠤᠯᠤᠨ ᠭᠦᠨᠳᠦᠷᠡᠪᠡᠯ ᠦᠭᠦᠭᠦᠯᠳᠡᠭ᠃ ᠭᠦᠭᠦᠭᠦᠯ ᠲᠤᠷᠤᠢ ᠳᠤ ᠭᠦᠵᠢ ᠬᠤᠷᠤᠬᠠᠢ ᠬᠠᠯᠳᠠᠪᠤᠷᠢᠯᠠᠪᠠᠯ ᠭᠦᠵᠢ ᠬᠤᠷᠤᠬᠠᠢ ᠶᠢᠨ ᠴᠢᠨᠠᠷᠳᠡᠢ ᠠᠭᠤᠰᠭᠢᠨ ᠦᠷᠪᠢᠰᠦᠯ ᠡᠭᠦᠰᠴᠤ ᠦᠷᠭᠦᠯᠵᠢ ᠬᠠᠨᠢᠶᠠᠯᠭᠠᠬᠤ ᠶᠢᠨ ᠲᠠᠭᠠᠤ ᠪᠡᠶ᠎ᠠ ᠶᠢᠨ ᠲᠤᠯᠠᠭᠠᠨ ᠨᠢ ᠲᠡᠭᠡᠭᠰᠢᠯᠡᠵᠤ᠂ ᠠᠮᠢᠰᠬᠤᠯ ᠨᠢ ᠲᠦᠷᠭᠡᠰᠴᠤ᠂ ᠢᠳᠡᠰᠢᠯᠡᠭᠦ ᠨᠢ ᠲᠡᠭᠰᠢ ᠦᠭᠡᠢ ᠪᠤᠯᠵᠤ᠂ 5 ~ 15 ᠡᠳᠤᠷ ᠦᠷᠭᠦᠯᠵᠢᠯᠡᠳᠡᠭ ᠪᠠᠶᠢᠨ᠎ᠠ᠃ ᠲᠤᠰ ᠭᠡᠮ ᠤᠨ ᠬᠤᠷᠤᠬᠠᠢ ᠶᠢᠨ ᠪᠡᠶ᠎ᠠ ᠪᠠᠭᠠᠰᠬᠤ ᠦᠶ᠎ᠠ ᠳᠤ᠂ ᠶᠠᠷᠤ ᠳᠡᠭᠡᠨ ᠢᠯᠡᠷᠭᠡᠢ ᠭᠡᠮ ᠤᠨ ᠬᠤᠪᠢᠷᠠᠯ ᠦᠭᠡᠢ ᠶᠤᠮ᠂ ᠭᠡᠷᠪᠡ ᠤᠯᠠᠨ ᠭᠠᠵᠠᠷ ᠢᠯᠡ ᠬᠠᠯᠳᠠᠪᠤᠷᠢᠯᠬᠠᠰᠠᠨ ᠪᠤᠯ᠂ ᠠᠪᠠᠭᠠᠯᠳᠠᠢ ᠰᠢᠯᠵᠢᠭᠦ ᠢᠯᠡᠷᠡᠯ ᠭᠠᠷᠤᠨ᠎ᠠ᠂ ᠲᠡᠭᠡᠭᠡᠳ ᠡᠯᠢᠭᠡᠨ ᠳᠤ ᠦᠷᠭᠦᠯᠵᠢ ᠲᠤᠠᠠᠳᠠᠪᠤᠷᠢ ᠦᠭᠡᠢ ᠭᠡᠯᠪᠡᠷᠢᠳᠤ ᠴᠠᠶᠢᠪᠤᠷ ᠲᠤᠯᠪᠤ ᠪᠤᠶᠤ ᠬᠠᠳᠠᠭᠤᠷᠠᠯ ᠪᠤᠯᠵᠤ ᠬᠤᠪᠢᠷᠠᠳᠠᠭ᠃ ᠠᠭᠤᠰᠭᠢᠨ ᠤ ᠭᠠᠳᠠᠷᠭᠤ ᠳᠤ ᠭᠦᠨ ᠤᠯᠠᠭᠠᠨ ᠲᠤᠯᠪᠤ ᠢᠯᠡᠷᠡᠨ᠎ᠡ᠃ ᠬᠤᠶᠠᠷ᠂ ᠭᠠᠭ᠋ᠠᠢ ᠶᠢᠨ ᠬᠠᠮᠠᠭᠤ ᠪᠤᠯ ᠬᠠᠮᠠᠭᠤᠷᠠᠯ ᠠᠴᠠ ᠪᠤᠯᠤᠠᠠᠰᠠᠨ ᠨᠢᠭᠡ ᠵᠤᠶᠢᠯ ᠤᠨ ᠭᠦᠷᠦᠯᠴᠡᠭᠦᠶᠢᠴᠡ ᠴᠢᠨᠠᠷᠳᠠᠢ ᠬᠠᠯᠳᠠᠪᠤᠷᠢᠳᠤ ᠮᠦᠯᠵᠢᠭᠦᠷ ᠬᠤᠷᠤᠬᠠᠢ ᠶᠢᠨ ᠭᠡᠮ ᠪᠤᠯᠤᠨ᠎ᠠ᠃ ᠲᠤᠰ ᠭᠡᠮ ᠤᠨ ᠤᠯᠠᠩᠭᠢ ᠨᠢ ᠨᠢᠯᠬ᠎ᠠ ᠲᠤᠷᠤᠢ ᠳᠤ ᠡᠭᠦᠰᠳᠡᠭ᠃ ᠭᠡᠮᠨᠡᠭᠰᠡᠨ ᠪᠠᠶᠢᠳᠠᠯ ᠠᠴᠠ ᠨᠢ ᠦᠵᠡᠪᠡᠯ᠂ ᠭᠡᠮ ᠤᠨ ᠡᠭᠢᠨ ᠳᠤ ᠨᠢᠳᠤᠨ ᠤ ᠤᠷᠴᠢᠮ᠂ ᠬᠠᠴᠠᠷ ᠪᠤᠯᠤᠨ ᠴᠢᠭᠢᠨ ᠤ ᠤᠭ ᠠᠴᠠ ᠡᠭᠢᠯᠡᠨ᠎ᠡ᠂ ᠲᠠᠷᠠᠭ᠎ᠠ ᠨᠢ ᠨᠢᠷᠤᠭᠤᠨ ᠭᠡᠰᠡᠭ᠂ ᠪᠠᠶ᠎ᠠ ᠶᠢᠨ ᠬᠠᠵᠠᠭᠤ ᠪᠤᠯᠤᠨ ᠭᠡᠪᠡᠯᠢ ᠶᠢᠨ ᠲᠤᠳᠤᠷ ᠲᠠᠯ᠎ᠠ ᠳᠤ ᠭᠦᠷᠴᠤ᠂ ᠭᠡᠮᠨᠡᠭᠰᠡᠨ ᠭᠡᠰᠡᠭ ᠤᠨ ᠠᠷᠠᠰᠤ ᠨᠢ ᠵᠠᠭᠠᠳᠤᠨᠠᠬᠤ ᠪᠤᠯᠬᠤᠷ ᠭᠠᠵᠠᠷ ᠪᠤᠯᠭᠠᠨ ᠳᠤ ᠱᠦᠷᠭᠦᠭᠡᠳᠡᠭ ᠶᠤᠮ᠃ ᠭᠡᠮᠨᠡᠭᠰᠡᠨ ᠭᠡᠰᠡᠭ ᠤᠨ ᠠᠷᠠᠰᠤᠨ ᠤ ᠦᠰᠤ ᠨᠢ ᠤᠨᠠᠨ᠎ᠠ᠂ ᠲᠠᠪ ᠰᠠᠭᠤᠨ᠎ᠠ᠂ ᠠᠷᠠᠰᠤ ᠨᠢ ᠵᠤᠵᠠᠭᠠᠷᠠᠨ ᠠᠳᠤᠷᠢᠶ᠎ᠠ ᠦᠷᠴᠢᠯᠡᠭᠡᠰᠤ ᠲᠠᠢ ᠪᠤᠯᠵᠤ᠂ ᠴᠢᠨ᠋ᠬᠠᠰᠢᠯᠠᠪᠠᠯ ᠬᠠᠭᠠᠷᠠᠨ᠎ᠠ᠃ ᠭᠡᠮ ᠲᠠᠢ ᠭᠠᠭ᠋ᠠᠢ ᠶᠢᠨ ᠦᠰᠦᠯᠳᠡ ᠨᠢ ᠤᠳᠠᠭᠠᠰᠢᠷᠠᠵᠤ᠂ ᠠᠭᠠᠵᠢᠮ ᠢᠶᠠᠷ ᠡᠴᠡᠵᠤ ᠲᠤᠷᠠᠭᠠᠳ ᠦᠭᠦᠳᠡᠭ ᠪᠠᠶᠢᠨ᠎ᠠ᠃ ︵1︶ ᠤᠷᠢᠳᠴᠢᠯᠠᠨ ᠰᠡᠷᠭᠡᠶᠢᠯᠡᠭᠦ᠄ ᠶᠠᠷᠦᠩᠭᠡᠶᠢᠯᠡᠭᠰᠡᠨ ᠴᠢᠨᠠᠷᠳᠠᠢ ᠰᠡᠷᠭᠡᠶᠢᠯᠡᠨ ᠵᠠᠰᠠᠬᠤ ᠠᠷᠭ᠎ᠠ ᠭᠡᠮᠵᠢᠶ᠎ᠠ ᠠᠪᠴᠤ᠂ ᠭᠠᠭ᠋ᠠᠢ ᠶᠢᠨ ᠡᠭᠦᠷ ᠤᠨ ᠠᠷᠢᠭᠤᠨ ᠴᠠᠪᠠᠷ ᠡᠷᠡᠭᠦᠯ ᠬᠠᠮᠠᠭᠠᠠᠯᠠᠯ ᠢ ᠰᠠᠶᠢᠳᠤᠷ ᠭᠢᠵᠤ᠂ ᠪᠠᠭᠠᠰᠤ ᠰᠢᠪᠭᠢ ᠶᠢ ᠨᠢ ᠦᠨᠳᠤᠷ ᠲᠤᠯᠠᠭᠠᠨ ᠢᠶᠠᠷ ᠢᠰᠭᠡᠭᠦ ᠪᠦᠭᠡᠳ ᠬᠤᠷᠤᠭ᠎ᠠ ᠬᠠᠰᠢᠶ᠎ᠠ ᠶᠢ ᠨᠢ ᠲᠤᠠᠠᠳ᠋ᠬᠠᠰᠠᠨ ᠬᠤᠭᠤᠴᠠᠭ᠎ᠠ ᠲᠠᠢ ᠪᠠᠷ ᠠᠷᠢᠭᠤᠳᠬᠠᠬᠤ ᠭᠡᠷᠡᠭᠳᠡᠢ᠃ ᠭᠡᠪ ᠤᠨ ᠪᠠᠶᠢᠳᠠᠯ ᠳᠤ ᠡᠮᠳᠤ ᠪᠤᠳᠠᠰ ᠢᠶᠠᠷ ᠤᠷᠢᠳᠴᠢᠯᠡᠨ ᠰᠡᠷᠭᠡᠶᠢᠯᠡᠭᠦ᠄ ᠲᠤᠷᠤᠢ ᠶᠢ ᠰᠦ ᠠᠴᠠ ᠨᠢ ᠰᠠᠯᠭᠠᠠᠠᠰᠠᠨ ᠤ ᠲᠠᠷᠠᠭ᠎ᠠ ᠲᠠᠷᠠ ᠲᠠᠷᠤᠢ ᠳᠤᠨᠢ ᠬᠤᠷᠤᠬᠠᠢ ᠲᠠᠭᠤᠬᠤ ᠭᠡᠷᠡᠭᠳᠡᠢ᠂ ᠰᠡᠭᠦᠯᠡᠷ ᠨᠢ ᠬᠤᠶᠠᠷ ᠰᠠᠷ᠎ᠠ ᠠᠯᠤᠰᠯᠠᠬᠤ ᠪᠦᠷᠢ ᠨᠢᠭᠡ ᠤᠳᠠᠭ᠎ᠠ ᠬᠤᠷᠤᠬᠠᠢ ᠲᠠᠭᠤᠨ᠎ᠠ᠃ ᠡᠩ ᠲᠦᠷᠦᠭᠦᠨ ᠳᠤ 33 ᠺᠢᠯᠦᠭᠷᠡᠮ ᠪᠡᠶ᠎ᠠ ᠶᠢᠨ ᠭᠦᠨᠳᠤ ᠳᠤ ᠠ ᠸᠧᠢ ᠪᠠᠺᠲ᠋ᠧᠷᠢ ᠡᠳ᠋ ᠤᠨ ᠲᠠᠷᠢᠯᠭ᠎ᠠ ᠶᠢᠨ ᠰᠢᠩᠭᠡᠨ ᠢ 1 ᠮᠢᠯᠢᠯᠢᠲᠷ ᠲᠠᠷᠢᠨ᠎ᠠ᠃ ︵2︶ ᠡᠮᠨᠡᠨ ᠵᠠᠰᠠᠬᠤ᠄ ᠠ ᠸᠧᠢ ᠪᠺᠲ᠋ᠧᠷᠢ ᠡᠳ᠋ ᠤᠨ ᠲᠠᠷᠢᠯᠭ᠎ᠠ ᠶᠢᠨ ᠰᠢᠩᠭᠡᠨ ᠢ 33 ᠺᠢᠯᠦᠭᠷᠡᠮ ᠪᠡᠶ᠎ᠠ ᠶᠢᠨ ᠭᠦᠨᠳᠤ ᠳᠤ 1 ᠮᠢᠯᠢᠯᠢᠲᠷ ᠵᠡᠭᠦᠯᠡᠵᠤ᠂ ᠬᠠᠮᠠᠭᠤ ᠲᠠᠢ ᠭᠠᠭ᠋ᠠᠢ ᠳᠤ ᠭᠡᠳᠦᠨ ᠲᠠᠭᠢᠨ ᠤ ᠭᠡᠮᠵᠢᠶ᠎ᠠ ᠪᠠᠷ ᠲᠠᠷᠢᠯᠭ᠎ᠠ ᠲᠠᠷᠢᠬᠤ ᠭᠡᠷᠡᠭᠳᠡᠢ᠃ |
|
|
|
ᠢᠷᠡᠯᠲᠡ᠄
ᠦᠪᠦᠷ ᠮᠣᠩᠭᠤᠯ ᠤᠨ ᠵᠠᠰᠠᠭ ᠤᠨ ᠣᠷᠳᠤᠨ
|