︵ᠭᠤᠷᠪᠠ︶ ᠨᠠᠮᠤᠭ ᠤᠨ ᠭᠡᠢ ᠶᠢ ᠠᠶᠤᠯ ᠦᠬᠡᠢ ᠭᠡᠷᠡᠭᠯᠡᠭᠦ ᠲᠤᠬᠠᠢ
ᠨᠡᠶᠢᠲᠡᠯᠡᠭᠰᠡᠨ ᠴᠠᠭ᠄
2015/12/3

     1. ᠨᠠᠮᠤᠭ ᠤᠨ ᠭᠡᠢ ᠶᠢᠨ ᠵᠤᠭᠤᠷᠢ ᠶᠢ ᠠᠶᠤᠯ ᠦᠬᠡᠢ ᠬᠠᠮᠢᠶᠠᠷᠬᠤ ᠳᠤ ᠶᠠᠮᠠᠷ ᠠᠷᠭ᠎ᠠ ᠭᠡᠮᠵᠢᠶ᠎ᠠ ᠪᠠᠶᠢᠬᠤ ᠪᠤᠢ︖

     ᠨᠠᠮᠤᠭ ᠤᠨ ᠭᠡᠢ ᠶᠢᠨ ᠵᠤᠭᠤᠷᠢ ᠶᠢ ᠪᠠᠶᠢᠭᠤᠯᠤᠠᠠᠰᠠᠨ ᠤ ᠪᠠᠨ ᠰᠡᠭᠦᠯᠡᠷ ᠭᠠᠯ ᠢᠶᠠᠷ ᠲᠤᠷᠰᠢᠬᠤ ᠳᠠᠭᠠᠨ ᠡᠷᠭᠡᠪᠰᠢ ᠳ᠋ᠧᠩ ᠪᠤᠶᠤ ᠵᠤᠤᠬᠠᠨ ᠲᠡᠭᠡᠷ᠎ᠡ ᠲᠤᠷᠰᠢᠬᠤ ᠭᠡᠷᠡᠭᠳᠡᠢ᠃ ᠭᠡᠢ ᠲᠠᠮᠵᠢᠭᠤᠯᠬᠤ ᠭᠤᠤᠷᠰᠤᠨ ᠲᠡᠭᠡᠷ᠎ᠡ ᠲᠤᠷᠰᠢᠵᠤ ᠪᠤᠯᠬᠤ ᠦᠭᠡᠢ᠃

     ᠨᠠᠮᠤᠭ ᠤᠨ ᠭᠡᠢ ᠶᠢᠨ ᠵᠤᠭᠤᠷᠢ ᠶᠢᠨ ᠮᠠᠲ᠋ᠧᠷᠢᠶᠠᠯ ᠤᠷᠤᠭᠤᠯᠵᠤ ᠭᠠᠷᠭᠠᠬᠤ ᠠᠮᠠ ᠶᠢ ᠬᠠᠪᠠᠭᠭᠠᠰᠤᠯᠠᠨ ᠲᠠᠷᠤᠵᠤ᠂ ᠭᠦᠮᠦᠨ ᠮᠠᠯ ᠵᠤᠭᠤᠷᠢᠨ ᠳᠤ ᠤᠨᠠᠵᠤ᠂ ᠦᠭᠦᠵᠤ ᠰᠢᠷᠬᠠᠳᠤᠬᠤ ᠠᠴᠠ ᠰᠡᠷᠭᠡᠶᠢᠯᠡᠭᠦ ᠭᠡᠷᠡᠭᠳᠡᠢ᠃

     ᠲᠠᠷᠤᠯᠳᠠ ᠶᠢᠨ ᠴᠠᠭ ᠤᠨ ᠬᠤᠪᠢᠷᠠᠯᠳᠠ ᠶᠢ ᠦᠷᠭᠦᠯᠵᠢ ᠪᠠᠶᠢᠴᠠᠭᠠᠨ ᠦᠵᠡᠵᠤ᠂ ᠵᠤᠭᠤᠷᠢᠨ ᠳᠠᠬᠢ ᠭᠡᠢ ᠶᠢᠨ ᠬᠤᠷᠠᠮᠳᠤᠭᠤᠯᠭ᠎ᠠ ᠠᠷᠪᠢᠳᠴᠦ᠂ ᠵᠤᠭᠤᠷᠢᠨ ᠳᠠᠬᠢ ᠲᠠᠷᠤᠯᠳᠠ ᠶᠢᠨ ᠭᠦᠴᠤᠨ ᠭᠡᠳᠦᠷᠭᠡᠢ ᠶᠡᠭᠡᠰᠭᠦ ᠦᠶᠡᠰ᠂ ᠲᠠᠷᠦ᠋ᠢᠬᠠᠨ ᠭᠡᠢ ᠶᠢ ᠭᠡᠷᠡᠭᠯᠡᠭᠦ ᠪᠤᠶᠤ ᠭᠡᠢ ᠶᠢ ᠲᠠᠯᠪᠢᠵᠤ ᠭᠠᠷᠭᠠᠬᠤ ᠭᠡᠷᠡᠭᠳᠡᠢ᠃ ᠨᠦᠭᠦᠴᠡᠯ ᠲᠠᠢ ᠭᠠᠵᠠᠷ ᠤᠷᠤᠨ ᠪᠤᠯ ᠠᠶᠤᠯ ᠦᠬᠡᠢ ᠶᠢᠨ ᠨᠡᠭᠡᠭᠡᠯᠭᠡ ᠤᠠᠠᠰᠠᠷᠠᠵᠦ᠂ ᠵᠤᠭᠤᠷᠢᠨ ᠤ ᠬᠠᠪᠬᠠᠭᠠᠰᠤ ᠨᠢ ᠲᠦᠯᠬᠢᠭᠳᠡᠨ ᠨᠡᠭᠡᠭᠡᠭᠳᠡᠭᠦ ᠠᠴᠠ ᠰᠡᠷᠭᠡᠶᠢᠯᠡᠭᠦ ᠭᠡᠷᠡᠭᠳᠡᠢ᠃ ᠭᠡᠷᠪᠡ ᠵᠤᠭᠤᠷᠢᠨ ᠤ ᠬᠠᠪᠬᠠᠭᠠᠰᠤ ᠨᠢ ᠲᠦᠯᠭᠢᠭᠳᠡᠨ ᠨᠡᠭᠡᠭᠡᠭᠳᠡᠭᠦ ᠳᠤ ᠭᠦᠷᠪᠡᠯ ᠨᠠᠮᠤᠭ ᠤᠨ ᠭᠡᠢ ᠶᠢᠨ ᠵᠤᠭᠤᠷᠢᠨ ᠤ ᠤᠷᠴᠢᠨ ᠳᠠᠬᠢ ᠭᠠᠯ ᠢ ᠲᠠᠷᠦ᠋ᠢᠬᠠᠨ ᠤᠨᠳᠠᠷᠠᠭᠠᠵᠤ᠂ ᠭᠠᠯ ᠤᠨ ᠠᠶᠤᠯ ᠡᠭᠦᠰᠭᠦ ᠠᠴᠠ ᠰᠡᠷᠭᠡᠶᠢᠯᠡᠭᠦ ᠭᠡᠷᠡᠭᠳᠡᠢ᠃

     ᠨᠠᠮᠤᠭ ᠤᠨ ᠭᠡᠢ ᠶᠢᠨ ᠵᠤᠭᠤᠷᠢ ᠳᠤ ᠨᠢᠭᠡᠨᠳᠡ ᠮᠠᠲ᠋ᠧᠷᠢᠶᠠᠯ ᠤᠷᠤᠭᠤᠯᠤᠠᠠᠰᠠᠨ ᠪᠤᠯ ᠭᠦᠡᠭᠭᠡᠨ ᠬᠠᠭᠤᠮᠠᠭᠠᠢ ᠪᠠᠷ ᠵᠤᠭᠤᠷᠢᠨ ᠳᠤ ᠤᠷᠤᠵᠤ ᠮᠠᠲ᠋ᠧᠷᠢᠶᠠᠯ ᠭᠠᠷᠭᠠᠬᠤ ᠪᠤᠶᠤ ᠵᠠᠰᠠᠵᠤ ᠰᠠᠯᠪᠢᠵᠤ ᠪᠤᠯᠬᠤ ᠦᠭᠡᠢ᠃ ᠭᠡᠷᠪᠡ ᠵᠤᠭᠤᠷᠢᠨ ᠳᠤ ᠤᠷᠤᠬᠤ ᠴᠢᠬᠤᠯᠠ ᠲᠠᠢ ᠪᠤᠯ ᠵᠠᠪᠠᠯ ᠠᠶᠤᠯ ᠦᠬᠡᠢ ᠶᠢᠨ ᠬᠠᠮᠠᠭᠠᠯᠠᠯᠳᠠ ᠶᠢᠨ ᠠᠷᠭ᠎ᠠ ᠭᠡᠮᠵᠢᠶ᠎ᠠ ᠠᠪᠬᠤ ᠭᠡᠷᠡᠭᠳᠡᠢ᠃
      ᠨᠢᠭᠡ ᠳᠤ᠂ ᠭᠦᠳᠡᠯᠭᠡᠭᠦᠷᠳᠤ ᠬᠠᠪᠬᠠᠭᠠᠰᠤ ᠶᠢ ᠨᠡᠭᠡᠭᠡᠵᠤ᠂ ᠭᠠᠳ᠋ᠬᠠᠰᠢ ᠮᠠᠲ᠋ᠧᠷᠢᠶᠠᠯ ᠭᠠᠷᠭᠠᠬᠤ ᠳᠤ ᠮᠠᠲ᠋ᠧᠷᠢᠶᠠᠯ ᠤᠷᠤᠭᠤᠯᠬᠤ ᠠᠮᠠ᠂ ᠮᠠᠲ᠋ᠧᠷᠢᠶᠠᠯ ᠭᠠᠷᠭᠠᠬᠤ ᠠᠮᠠ᠂ ᠭᠦᠳᠡᠯᠭᠡᠭᠦᠷᠳᠤ ᠠᠮᠠ ᠪᠠᠷ ᠰᠠᠯᠭᠢ ᠨᠡᠪᠳᠡᠷᠡᠭᠦᠯᠭᠦ ᠪᠤᠶᠤ ᠰᠠᠯᠭᠢ ᠭᠦᠭᠡᠷᠭᠡᠳᠡᠭᠦ ᠠᠷᠭ᠎ᠠ ᠪᠠᠷ ᠵᠤᠭᠤᠷᠢᠨ ᠲᠤᠳᠤᠷᠠᠭᠢ ᠠᠭᠠᠷ ᠢ ᠰᠢᠨᠡᠴᠢᠯᠡᠭᠦ ᠭᠡᠷᠡᠭᠳᠡᠢ︔ ᠬᠤᠶᠠᠷ ᠲᠤ᠂ ᠲᠠᠭᠢᠶ᠎ᠠ᠂ ᠭᠠᠯᠠᠭᠤ ᠵᠡᠷᠭᠡ ᠠᠮᠢᠳᠠᠨ ᠢ ᠵᠤᠭᠤᠷᠢᠨ ᠳᠤ ᠤᠷᠤᠭᠤᠯᠤᠨ 15~30 ᠮᠢᠨᠦ᠋ᠲ ᠠᠵᠢᠠᠠᠯᠠᠨ ᠪᠠᠶᠢᠴᠠᠭᠠᠵᠤ᠂ ᠭᠡᠷᠪᠡ ᠠᠮᠢᠳᠡᠨ ᠤ ᠠᠵᠢᠯᠯᠠᠭ᠎ᠠ ᠨᠢ ᠭᠡᠪ ᠤᠨ ᠪᠠᠶᠢᠪᠠᠯ ᠵᠤᠭᠤᠷᠢᠨ ᠳᠤ ᠤᠷᠤᠵᠤ ᠪᠤᠯᠤᠨ᠎ᠠ᠃ ᠡᠰᠡ ᠲᠠᠶᠢᠮᠤ ᠪᠤᠯ ᠵᠤᠭᠤᠷᠢᠨ ᠳᠤ ᠤᠷᠤᠵᠤ ᠪᠤᠯᠬᠤ ᠦᠭᠡᠢ᠂ ᠪᠦᠳᠡᠵᠤ ᠬᠤᠤᠷᠳ᠋ᠬᠠᠳᠠᠬᠤ ᠠᠳᠡᠯ ᠭᠠᠷᠬᠤ ᠠᠴᠠ ᠰᠡᠷᠭᠡᠶᠢᠯᠡᠭᠦ ᠭᠡᠷᠡᠭᠳᠡᠢ︔ ᠭᠤᠷᠪᠡ ᠳᠤ᠂ ᠲᠡᠭᠡᠷᠡᠭᠢ ᠬᠤᠶᠠᠷ ᠵᠦᠢᠯ ᠤᠨ ᠪᠡᠯᠡᠳᠭᠡᠯ ᠠᠵᠢᠯ ᠢ ᠰᠠᠶᠢᠳᠤᠷ ᠭᠢᠭᠰᠡᠨ ᠤ ᠰᠡᠭᠦᠯᠡᠷ ᠵᠤᠭᠤᠷᠢᠨ ᠳᠤ ᠤᠷᠤᠬᠤ ᠭᠦᠮᠦᠰ ᠨᠢ ᠠᠶᠤᠯ ᠦᠬᠡᠢ ᠶᠢᠨ ᠪᠦᠰᠡ ᠪᠠᠨ ᠪᠦᠰᠡᠯᠡᠵᠤ᠂ ᠵᠤᠭᠤᠷᠢᠨ ᠭᠠᠳᠠᠨ᠎ᠠ ᠲᠤᠰᠬᠠᠢ ᠭᠦᠮᠦᠨ ᠬᠠᠷᠠᠨ ᠠᠵᠢᠵᠤ᠂ ᠵᠤᠭᠤᠷᠢᠨ ᠳᠤ ᠤᠷᠤᠠᠠᠰᠠᠨ ᠭᠦᠮᠦᠨ ᠨᠢ ᠪᠠᠭ᠎ᠠ ᠯᠡ ᠡᠪ ᠦᠭᠡᠢ ᠪᠤᠯᠪᠠᠯ ᠲᠠᠷᠦ᠋ᠢᠬᠠᠨ ᠲᠠᠳᠡᠨ ᠭᠠᠷᠭᠠᠵᠤ᠂ ᠵᠤᠭᠤᠷᠢᠨ ᠭᠠᠳᠠᠨᠠᠭᠢ ᠰᠠᠯᠭᠢ ᠨᠡᠪᠳᠡᠷᠡᠭᠦ ᠰᠡᠷᠢᠭᠦᠨ ᠭᠠᠵᠠᠷ ᠲᠤ ᠠᠮᠠᠷᠠᠭᠤᠯᠬᠤ ᠭᠡᠷᠡᠭᠳᠡᠢ᠃

      ᠨᠠᠮᠤᠭ ᠤᠨ ᠭᠡᠢ ᠶᠢᠨ ᠵᠤᠭᠤᠷᠢ ᠶᠢᠨ ᠬᠠᠪᠬᠠᠭᠠᠰᠤ ᠶᠢ ᠨᠢ ᠨᠡᠭᠡᠭᠡᠭᠦ ᠦᠶᠡᠰ ᠵᠤᠭᠤᠷᠢᠨ ᠤ ᠤᠷᠴᠢᠨ ᠲᠤᠭᠤᠷᠢᠨ ᠳᠤ ᠢᠯᠡ ᠭᠠᠯ ᠨᠤᠴᠤᠭᠠᠬᠤ ᠪᠠ ᠲᠡᠮᠡᠭᠢ ᠲᠠᠳᠠᠵᠤ ᠪᠤᠯᠬᠤ ᠦᠭᠡᠢ᠃ ᠵᠤᠭᠤᠷᠢᠨ ᠳᠤ ᠤᠷᠤᠬᠤ ᠭᠦᠮᠦᠰ ᠭᠠᠷ ᠭᠡᠷᠡᠯᠳᠦᠭᠦᠯᠭᠡ ᠪᠤᠶᠤ ᠲᠤᠯᠢᠨ ᠤ ᠤᠶᠢᠯᠳᠡ ᠶᠢᠨ ᠭᠡᠷᠡᠯᠳᠦᠭᠦᠯᠭᠡ ᠶᠢ ᠭᠡᠷᠡᠭᠯᠡᠭᠦ ᠭᠡᠷᠡᠭᠳᠡᠢ᠃ ᠢᠯᠡ ᠭᠠᠯ ᠭᠡᠷᠡᠭᠯᠡᠭᠦ ᠶᠢ ᠡᠷᠡᠰ ᠴᠠᠭᠠᠵᠠᠯᠠᠨ᠎ᠠ᠃

      ᠵᠤᠭᠤᠷᠢᠨ ᠲᠤᠳᠤᠷ᠎ᠠ ᠢᠯᠡ ᠭᠠᠯ ᠬᠠᠶᠠᠵᠤ ᠦᠯᠡᠳᠡᠪᠤᠷᠢ ᠭᠡᠢ ᠶᠢ ᠰᠢᠳᠠᠭᠠᠬᠤ ᠶᠢ ᠡᠷᠡᠰ ᠴᠠᠭᠠᠵᠠᠯᠠᠵᠤ᠂ ᠭᠠᠯ ᠠᠯᠳᠠᠬᠤ᠂ ᠰᠢᠳ᠋ᠬᠠᠳᠠᠵᠤ ᠰᠢᠷᠬᠠᠳᠤᠬᠤ ᠪᠤᠶᠤ ᠵᠤᠭᠤᠷᠢ ᠲᠡᠯᠪᠡᠷᠡᠭᠦ ᠠᠴᠠ ᠰᠡᠷᠭᠡᠶᠢᠯᠡᠨ᠎ᠡ᠃

     2. ᠨᠠᠮᠤᠭ ᠤᠨ ᠭᠡᠢ ᠶᠢᠨ ᠵᠤᠭᠤᠷᠢ ᠶᠢ ᠶᠠᠭᠠᠭᠢᠵᠤ ᠠᠶᠤᠯ ᠦᠬᠡᠢ ᠪᠠᠷ ᠭᠡᠷᠡᠭᠯᠡᠭᠦ ᠪᠤᠢ︖

     ᠭᠡᠷᠡᠭᠯᠡᠭᠦ ᠠᠴᠠ ᠪᠠᠨ ᠡᠮᠦᠨ᠎ᠠ ᠭᠡᠢ ᠶᠢᠨ ᠰᠤᠷᠪᠤᠯᠵᠢ ᠶᠢ ᠵᠠᠯᠭᠠᠵᠤ᠂ ᠡᠯ᠎ᠡ ᠵᠠᠯᠭᠠᠭᠠᠰᠤ ᠶᠢ ᠰᠠᠶᠢᠳᠤᠷ ᠤᠠᠠᠰᠠᠷᠠᠵᠦ᠂ ᠡᠯ᠎ᠡ ᠵᠠᠯᠭᠠᠭᠠᠰᠤ ᠨᠢ ᠭᠡᠢ ᠵᠠᠳᠠᠷᠠᠵᠤ ᠪᠠᠶᠢᠬᠤ ᠡᠰᠡᠭᠦ ᠶᠢ ᠰᠠᠪᠤᠩ ᠲᠠᠢ ᠤᠰᠤ ᠪᠠᠷ ᠪᠠᠶᠢᠴᠠᠭᠠᠨ ᠦᠵᠡᠭᠦ ᠭᠡᠷᠡᠭᠳᠡᠢ᠃

     ᠨᠠᠮᠤᠭ ᠤᠨ ᠭᠡᠢ ᠶᠢᠨ ᠳ᠋ᠧᠩ᠂ ᠵᠤᠤᠬ᠎ᠠ ᠪᠤᠯᠤᠨ ᠭᠡᠢ ᠲᠠᠮᠵᠢᠭᠤᠯᠬᠤ ᠭᠤᠤᠷᠰᠤ ᠶᠢ ᠡᠪᠡᠰᠤ ᠲᠦᠯᠡᠭᠡ ᠵᠡᠷᠭᠡ ᠭᠢᠯᠪᠠᠷ ᠨᠤᠴᠤᠬᠤ ᠡᠳ᠋ ᠲᠠᠢ ᠤᠶᠢᠷᠠᠬᠠᠨ ᠲᠠᠯᠪᠢᠵᠤ ᠪᠤᠯᠬᠤ ᠦᠭᠡᠢ᠃ ᠭᠠᠯ ᠠᠯᠳᠠᠬᠤ ᠠᠴᠠ ᠰᠡᠷᠭᠡᠶᠢᠯᠡᠭᠦ ᠭᠡᠷᠡᠭᠳᠡᠢ᠃ ᠭᠡᠷᠪᠡ ᠭᠠᠯ ᠭᠠᠷᠪᠡᠯ ᠨᠡᠭᠡᠭᠡᠯᠭᠡ ᠪᠠᠨ ᠲᠠᠷᠦ᠋ᠢᠬᠠᠨ ᠬᠠᠭᠠᠵᠤ᠂ ᠭᠡᠢ ᠶᠢᠨ ᠰᠤᠷᠪᠤᠯᠵᠢ ᠶᠢ ᠲᠠᠰᠤᠯᠬᠤ ᠭᠡᠷᠡᠭᠳᠡᠢ᠃ ᠭᠤᠤᠷᠰᠤ ᠬᠤᠭᠤᠯᠠᠢ ᠶᠢᠨ ᠵᠠᠮ ᠢ ᠭᠠᠵᠠᠷ ᠲᠤ ᠪᠤᠯᠠᠬᠤ ᠭᠡᠷᠡᠭᠳᠡᠢ᠃

     ᠨᠠᠮᠤᠭ ᠤᠨ ᠭᠡᠢ ᠶᠢᠨ ᠵᠤᠭᠤᠷᠢᠨ ᠤ ᠭᠡᠢ ᠲᠠᠮᠵᠢᠭᠤᠯᠬᠤ ᠭᠤᠤᠷᠰᠤ ᠶᠢᠨ ᠠᠮᠠᠰᠠᠷ ᠪᠡ ᠮᠠᠲ᠋ᠧᠷᠢᠶᠠᠯ ᠭᠠᠷᠭᠠᠬᠤ ᠠᠮᠠᠰᠠᠷ ᠲᠤ ᠭᠠᠯ ᠨᠤᠴᠤᠭᠠᠨ ᠭᠡᠢ ᠶᠢ ᠲᠤᠷᠰᠢᠵᠤ ᠪᠤᠯᠬᠤ ᠦᠭᠡᠢ᠃
     ᠭᠠᠯ ᠪᠤᠴᠠᠵᠤ ᠲᠠᠯᠪᠠᠷᠡᠯᠳᠡ ᠡᠭᠦᠰᠭᠦ ᠠᠳᠡᠭᠳᠡᠯ ᠢ ᠰᠡᠷᠭᠡᠶᠢᠯᠡᠭᠦ ᠭᠡᠷᠡᠭᠳᠡᠢ᠃ ᠡᠭᠦᠨ ᠤ ᠬᠠᠮᠳᠤ ᠡᠯ᠎ᠡ ᠵᠠᠯᠭᠠᠳᠠᠰᠤ ᠨᠡᠭᠡᠭᠡᠯᠭᠡ ᠵᠡᠷᠭᠡ ᠭᠡᠢ ᠵᠠᠳᠠᠷᠠᠬᠤ ᠪᠠᠶᠢᠳᠠᠯ ᠢ ᠢᠯᠡ ᠭᠠᠯ ᠢᠶᠠᠷ ᠪᠠᠶᠢᠴᠠᠭᠠᠵᠤ ᠪᠤᠯᠬᠤ ᠦᠭᠡᠢ᠃

     ᠭᠡᠷᠪᠡ ᠦᠷᠦᠭᠡᠨ ᠲᠤᠳᠤᠷ᠎ᠡ ᠢᠯᠵᠡᠷᠡᠬᠰᠠᠨ ᠲᠠᠭᠢᠶᠠᠨ ᠦᠨᠳᠡᠭᠡ ᠶᠢᠨ ᠦᠨᠤᠷ ᠲᠠᠢ ᠪᠤᠯᠪᠠᠯ ᠲᠠᠷᠦ᠋ᠢᠬᠠᠨ ᠡᠭᠦᠳᠡ ᠴᠤᠩᠬᠤ ᠪᠠᠨ ᠨᠡᠭᠡᠭᠡᠵᠤ ᠰᠠᠯᠭᠢ ᠨᠡᠪᠳᠡᠷᠡᠭᠦᠯᠭᠦ ᠪᠤᠶᠤ ᠰᠠᠯᠭᠢ ᠭᠦᠭᠡᠷᠭᠡᠳᠡᠵᠤ᠂ ᠨᠠᠮᠤᠭ ᠤᠨ ᠭᠡᠢ ᠶᠢ ᠦᠷᠦᠭᠡ ᠠᠴᠠ ᠵᠠᠯᠠᠵᠤ ᠭᠠᠷᠭᠠᠬᠤ ᠭᠡᠷᠡᠭᠳᠡᠢ᠃ ᠡᠨᠡ ᠦᠶ᠎ᠠ ᠳᠤ ᠴᠦᠳᠠᠩ᠂ ᠭᠠᠯ ᠠᠰᠠᠭᠠᠠᠠᠴᠢ ᠮᠠᠰᠢᠨ ᠵᠡᠷᠭᠡ ᠢᠯᠡ ᠭᠠᠯ ᠢ ᠶᠠᠭᠠᠭᠢᠨ᠋ᠠᠰᠠᠨ ᠴᠤ ᠭᠡᠷᠡᠭᠯᠡᠵᠤ ᠪᠤᠯᠬᠤ ᠦᠭᠡᠢ᠂ ᠭᠠᠯ ᠤᠨ ᠠᠶᠤᠯ ᠭᠠᠷᠬᠤ ᠠᠴᠠ ᠰᠡᠷᠭᠡᠶᠢᠯᠡᠭᠦ ᠭᠡᠷᠡᠭᠳᠡᠢ᠃

     ᠰᠢᠳᠡᠯᠳᠡ ᠨᠢ ᠭᠡᠪ ᠤᠨ ᠪᠤᠰᠤ ᠪᠠᠶᠢᠬᠤ ᠶᠢ ᠤᠯᠵᠤ ᠮᠡᠳᠡᠪᠡᠯ ᠰᠠᠯᠭᠢᠨ ᠤ ᠠᠮᠠ ᠶᠢ ᠨᠢ ᠲᠤᠭᠢᠷᠠᠭᠤᠯᠤᠨ ᠡᠵᠡᠮᠳᠡᠭᠦ ᠭᠡᠷᠡᠭᠳᠡᠢ᠃ ᠠᠭᠠᠷ ᠨᠢ ᠲᠤᠭᠢᠳᠡᠢ ᠦᠶᠡᠰ ᠭᠠᠯ ᠤᠨ ᠰᠤᠷ ᠨᠢ ᠭᠦᠭᠡ᠂ ᠲᠤᠠᠠᠳᠠᠭᠤᠨ᠂ ᠲᠤᠩᠭᠠᠯᠠᠭ ᠪᠠᠶᠢᠳᠠᠭ᠃

     ᠭᠡᠷᠡᠭᠯᠡᠵᠤ ᠪᠠᠶᠢᠭ᠎ᠠ ᠦᠶᠡᠰ ᠭᠠᠯ ᠤᠨ ᠰᠤᠷ ᠨᠢ ᠰᠠᠯᠭᠢᠨ ᠳᠤ ᠦᠯᠢᠶᠡᠭᠳᠡᠨ ᠤᠨᠳᠠᠷᠠᠬᠤ ᠪᠤᠶᠤ ᠤᠰᠤᠨ ᠳᠤ ᠨᠤᠷᠤᠨ ᠤᠨᠳᠠᠷᠠᠪᠠᠯ ᠭᠡᠢ ᠶᠢᠨ ᠨᠡᠭᠡᠭᠡᠯᠭᠡ ᠶᠢ ᠲᠠᠷᠦ᠋ᠢᠬᠠᠨ ᠬᠠᠭᠠᠵᠤ᠂ ᠡᠭᠦᠳᠡ ᠴᠤᠩᠬᠤ ᠪᠠᠨ ᠨᠡᠭᠡᠭᠡᠨ ᠰᠠᠯᠭᠢ ᠨᠡᠪᠳᠡᠷᠡᠭᠦᠯᠭᠦ ᠭᠡᠷᠡᠭᠳᠡᠢ᠃ ᠡᠨᠡ ᠦᠶᠡᠰ ᠶᠠᠮᠠᠷᠪᠡ ᠭᠠᠯ ᠵᠢᠴᠢ ᠴᠠᠭᠢᠯᠭᠠᠨ ᠡᠭᠦᠰᠭᠡᠭᠴᠢ ᠶᠢᠨ ᠨᠡᠭᠡᠭᠡᠯᠬᠡ ᠶᠢ ᠴᠦᠮ ᠭᠡᠷᠡᠭᠯᠡᠵᠤ ᠪᠤᠯᠬᠤ ᠦᠭᠡᠢ᠃

     ᠰᠢᠨ᠎ᠠ ᠪᠠᠷ ᠪᠠᠷᠢᠠᠠᠰᠠᠨ ᠨᠠᠮᠤᠭ ᠤᠨ ᠭᠡᠢ ᠶᠢᠨ ᠵᠤᠭᠤᠷᠢ ᠪᠤᠶᠤ ᠰᠢᠨᠡᠭᠡᠨ ᠮᠠᠲ᠋ᠧᠷᠢᠶᠠᠯ ᠤᠷᠤᠭᠤᠯᠤᠠᠠᠰᠠᠨ ᠨᠠᠮᠤᠭ ᠤᠨ ᠭᠡᠢ ᠶᠢᠨ ᠵᠤᠭᠤᠷᠢ ᠨᠢ ᠰᠠᠶ᠋ᠢᠬᠠᠨ ᠭᠡᠢ ᠡᠭᠦᠰᠴᠤ ᠪᠠᠶᠢᠬᠤ ᠦᠶᠡᠰ ᠴᠠᠭᠢᠯᠭᠠᠨ ᠨᠤᠴᠤᠭᠠᠭᠤᠷ ᠢ ᠭᠡᠷᠡᠭᠯᠡᠵᠤ ᠪᠤᠯᠬᠤ ᠦᠭᠡᠢ᠃ ᠤᠴᠢᠷ ᠨᠢ ᠰᠢᠨ᠎ᠠ ᠵᠤᠭᠤᠷᠢ ᠨᠢ ᠨᠠᠮᠤᠭ ᠤᠨ ᠭᠡᠢ ᠪᠤᠢ ᠪᠤᠯᠭᠠᠬᠤ ᠶᠠᠪᠤᠴᠠ ᠳᠤ ᠪᠠᠰᠠ ᠨᠡᠯᠢᠶᠡᠳ ᠭᠡᠰᠡᠭ ᠭᠡᠢ ᠠᠭᠠᠷ ᠵᠡᠷᠭᠡ ᠰᠤᠯᠠ ᠭᠡᠢ ᠲᠠᠢ ᠪᠠᠶᠢᠳᠠᠭ ᠲᠤᠯᠠ ᠨᠤᠴᠤᠬᠤ ᠪᠦᠷᠢᠯᠳᠦᠭᠦᠨ ᠨᠢ ᠮᠠᠰᠢ ᠲᠤᠤᠷ᠎ᠠ ᠪᠠᠶᠢᠳᠠᠭ᠃ ᠨᠠᠮᠤᠭ ᠤᠨ ᠭᠡᠢ ᠶᠢᠨ ᠵᠤᠤᠬᠠᠨ ᠲᠡᠭᠡᠷ᠎ᠡ ᠪᠠᠨ ᠤᠷᠢᠳ ᠢᠶᠠᠷ ᠢᠯᠡ ᠭᠠᠯ ᠭᠡᠷᠡᠭᠯᠡᠨ ᠨᠢᠭᠡ ᠬᠤᠭᠤᠴᠠᠭ᠎ᠠ ᠪᠤᠯᠵᠤ᠂ ᠰᠠᠯᠭᠢᠨ ᠤ ᠠᠮᠠ ᠶᠢ ᠲᠦᠷᠪᠡᠨ ᠤ ᠨᠢᠭᠡ ᠠᠴᠠ ᠭᠤᠷᠪᠡᠨ ᠤ ᠨᠢᠭᠡ ᠪᠤᠯᠭᠠᠨ ᠲᠤᠭᠢᠷᠠᠭᠤᠯᠤᠭᠠᠳ ᠭᠡᠪ ᠤᠨ ᠶᠤᠰᠤᠭᠠᠷ ᠨᠤᠴᠤᠵᠤ ᠭᠠᠯ ᠲᠠᠰᠤᠯᠳᠠᠬᠤ ᠦᠭᠡᠢ ᠪᠤᠯᠤᠠᠠᠰᠠᠨ ᠤ ᠰᠡᠭᠦᠯᠡᠷ ᠰᠠᠶ᠋ᠢ ᠴᠠᠭᠢᠯᠭᠠᠨ ᠨᠤᠴᠤᠭᠠᠭᠤᠷ ᠢ ᠭᠡᠷᠡᠭᠯᠡᠵᠤ ᠪᠤᠯᠤᠨ᠎ᠠ᠃

     ᠤᠷᠤᠭᠤᠯᠵᠤ ᠭᠠᠷᠭᠠᠬᠤ ᠮᠠᠲ᠋ᠧᠷᠢᠶᠠᠯ ᠨᠡᠯᠢᠶᠡᠳ ᠠᠷᠪᠢᠨ ᠦᠶᠡᠰ ᠨᠡᠭᠡᠭᠡᠯᠭᠡ ᠪᠠᠨ ᠨᠡᠭᠡᠭᠡᠵᠤ᠂ ᠠᠷᠭ᠎ᠠ ᠪᠢᠯᠢᠭ ᠤᠨ ᠲᠠᠷᠤᠯᠳᠠ ᠨᠢ ᠭᠡᠳᠦᠷᠡᠵᠤ᠂ ᠨᠠᠮᠤᠭ ᠤᠨ ᠭᠡᠢ ᠶᠢᠨ ᠵᠤᠭᠤᠷᠢ ᠶᠢ ᠡᠪᠳᠡᠭᠦ ᠠᠴᠠ ᠰᠡᠷᠭᠡᠶᠢᠯᠡᠭᠦ ᠭᠡᠷᠡᠭᠳᠡᠢ᠃

     3. ᠨᠠᠮᠤᠭ ᠤᠨ ᠭᠡᠢ ᠶᠢ ᠠᠶᠤᠯ ᠦᠬᠡᠢ ᠭᠡᠷᠡᠭᠯᠡᠭᠦ ᠶᠠᠷᠤ ᠶᠢᠨ ᠮᠡᠳᠡᠯᠭᠡ ᠶᠢ ᠶᠠᠭᠠᠭᠢᠨ ᠡᠵᠡᠮᠰᠢᠭᠦ ᠪᠤᠢ︖

     ᠰᠢᠨ᠎ᠠ ᠪᠠᠷ ᠪᠠᠷᠢᠠᠠᠰᠠᠨ ᠨᠠᠮᠤᠭ ᠤᠨ ᠭᠡᠢ ᠶᠢᠨ ᠵᠤᠭᠤᠷᠢ ᠳᠤ ᠡᠷᠭᠡᠪᠰᠢ ᠤᠰᠤᠨ ᠤ ᠲᠤᠷᠰᠢᠯᠳᠡ᠂ ᠲᠠᠷᠤᠯᠳᠠ ᠶᠢᠨ ᠲᠤᠷᠰᠢᠯᠳᠡ ᠭᠢᠵᠤ ᠵᠤᠭᠤᠷᠢ ᠨᠢ ᠤᠰᠤ ᠭᠤᠭᠤᠵᠢᠬᠤ ᠦᠭᠡᠢ᠂ ᠭᠡᠢ ᠵᠠᠳᠠᠷᠠᠬᠤ ᠦᠭᠡᠢ ᠪᠠᠶᠢᠬᠤ ᠶᠢ ᠲᠤᠠᠠᠳᠠᠭᠠᠠᠠᠰᠠᠨ ᠤ ᠰᠡᠭᠦᠯᠡᠷ ᠰᠠᠶ᠋ᠢ ᠮᠠᠲ᠋ᠧᠷᠢᠶᠠᠯ ᠤᠷᠤᠭᠤᠯᠤᠨ ᠭᠡᠷᠡᠭᠯᠡᠵᠤ ᠪᠤᠯᠤᠨ᠎ᠠ᠃

     ᠨᠠᠮᠤᠭ ᠤᠨ ᠭᠡᠢ ᠶᠢᠨ ᠵᠤᠭᠤᠷᠢᠨ ᠤ ᠮᠠᠲ᠋ᠧᠷᠢᠶᠠᠯ ᠤᠷᠤᠭᠤᠯᠵᠤ ᠭᠠᠷᠭᠠᠬᠤ ᠵᠠᠢ ᠵᠠᠪᠰᠠᠷ ᠲᠤ ᠵᠠᠪᠠᠯ ᠬᠠᠪᠬᠠᠭᠠᠰᠤ ᠲᠠᠷᠤᠵᠤ ᠰᠡᠷᠭᠡᠶᠢᠯᠡᠨ ᠬᠠᠮᠠᠭᠠᠯᠠᠬᠤ ᠭᠡᠷᠡᠭᠳᠡᠢ᠃

     ᠡᠳᠤᠷ ᠲᠤᠳᠤᠮ ᠤᠨ ᠨᠠᠮᠤᠭ ᠤᠨ ᠭᠡᠢ ᠶᠢ ᠭᠡᠷᠡᠭᠯᠡᠭᠦ ᠳᠡᠭᠡᠨ ᠠᠶᠤᠯ ᠦᠬᠡᠢ ᠪᠠᠶᠢᠬᠤ ᠶᠢ ᠠᠩᠬᠠᠷᠴᠤ᠂ ᠶᠠᠷᠦᠩᠭᠡᠢ ᠳᠡᠭᠡᠨ ᠢᠯᠵᠠᠷᠡᠬᠰᠠᠨ ᠲᠠᠭᠢᠶᠠᠨ ᠦᠨᠳᠡᠭᠡᠨ ᠤ ᠦᠨᠤᠷ ᠦᠨᠦᠷᠳᠦᠭᠳᠡᠵᠤ ᠪᠠᠶᠢᠪᠠᠯ ᠲᠠᠷᠤᠢ ᠭᠡᠢ ᠵᠠᠳᠠᠷᠠᠵᠤ ᠪᠠᠶᠢᠬᠤ ᠲᠤᠯᠠ ᠲᠠᠷᠦ᠋ᠢᠬᠠᠨ ᠡᠭᠦᠳᠡ ᠴᠤᠩᠬᠤ ᠪᠠᠨ ᠨᠡᠭᠡᠭᠡᠵᠤ᠂ ᠢᠯᠡ ᠭᠠᠯ ᠨᠤᠴᠤᠭᠠᠬᠤ᠂ ᠳ᠋ᠧᠩ ᠠᠰᠠᠭᠠᠬᠤ᠂ ᠲᠠᠮᠠᠭᠢ ᠲᠠᠳᠠᠬᠤ ᠶᠢ ᠡᠷᠡᠰ ᠴᠠᠭᠠᠵᠠᠯᠠᠬᠤ ᠭᠡᠷᠡᠭᠳᠡᠢ᠃

      ᠨᠠᠮᠤᠭ ᠤᠨ ᠭᠡᠢ ᠶᠢᠨ ᠵᠤᠭᠤᠷᠢᠨ ᠤ ᠬᠠᠪᠢ ᠪᠠᠷ ᠭᠡᠤᠭᠡᠳ ᠨᠠᠭᠠᠳᠬᠤ ᠪᠤᠶᠤ ᠭᠠᠯ ᠢᠶᠠᠷ ᠨᠠᠭᠠᠳᠴᠤ ᠪᠤᠯᠬᠤ ᠦᠭᠡᠢ᠃ ᠭᠦᠳᠡᠯᠭᠡᠭᠦᠷᠳᠤ ᠬᠠᠪᠬᠠᠭᠠᠰᠤᠨ ᠬᠠᠪᠳᠠᠰᠤ ᠪᠠᠨ ᠨᠡᠭᠡᠭᠡᠵᠤ᠂ ᠰᠠᠯᠪᠢᠨ ᠵᠠᠰᠠᠬᠤ᠂ ᠮᠠᠲ᠋ᠧᠷᠢᠶᠠᠯ ᠤᠷᠤᠭᠤᠯᠬᠤ᠂ ᠵᠢᠭᠤᠷᠠᠵᠤ ᠬᠤᠯᠢᠬᠤ ᠦᠶᠡᠰ᠂ ᠠᠮᠠᠰᠠᠷ ᠤᠨ ᠭᠢᠨᠢ ᠬᠠᠵᠠᠭᠤ ᠳᠤ ᠲᠡᠮᠡᠭᠢ ᠲᠠᠳᠠᠬᠤ᠂ ᠴᠦᠳᠠᠩ ᠵᠤᠷᠭᠤᠬᠤ ᠪᠠ ᠢᠯᠡ ᠭᠠᠯ ᠨᠤᠴᠤᠭᠠᠵᠤ ᠪᠤᠯᠬᠤ ᠦᠭᠡᠢ᠃ ᠨᠠᠮᠤᠭ ᠤᠨ ᠭᠡᠢ ᠶᠢᠨ ᠵᠤᠭᠤᠷᠢ ᠶᠢ ᠦᠷᠦᠭᠡ ᠪᠤᠶᠤ ᠰᠠᠷᠠᠪᠴᠢᠨ ᠳᠤ ᠪᠠᠶᠢᠭᠤᠯᠤᠠᠠᠰᠠᠨ ᠪᠤᠯ ᠡᠳᠡᠭᠡᠷ ᠢ ᠤᠨᠴᠠ ᠠᠩᠬᠠᠷᠬᠤ ᠭᠡᠷᠡᠭᠳᠡᠢ᠃

      ᠨᠠᠮᠤᠭ ᠤᠨ ᠭᠡᠢ ᠶᠢᠨ ᠬᠠᠭᠤᠴᠢᠨ ᠵᠤᠭᠤᠷᠢᠨ ᠳᠤ ᠤᠷᠤᠬᠤ ᠳᠠᠭᠠᠨ ᠤᠷᠢᠳ ᠢᠶᠠᠷ ᠭᠠᠯ ᠬᠠᠶᠠᠨ ᠭᠡᠢ ᠶᠢ ᠰᠢᠳᠠᠭᠠᠨ ᠲᠠᠷᠠᠭ᠎ᠠ ᠪᠠᠷ ᠨᠢ ᠤᠷᠤᠬᠤ ᠠᠷᠭ᠎ᠠ ᠶᠢ ᠭᠡᠷᠡᠭᠯᠡᠵᠤ ᠪᠤᠯᠬᠤ ᠦᠭᠡᠢ᠃

       ᠡᠨᠡ ᠠᠷᠭ᠎ᠠ ᠨᠢ ᠲᠤᠩ ᠠᠶᠤᠯ ᠲᠠᠢ ᠶᠤᠮ᠃  ᠰᠢᠳ᠋ᠬᠠᠳᠠᠨ ᠰᠢᠷᠬᠠᠳᠤᠬᠤ ᠪᠠ ᠪᠦᠳᠡᠵᠤ ᠦᠭᠦᠭᠦ ᠠᠳᠡᠯ ᠠᠮᠠᠷᠬᠠᠨ ᠡᠭᠦᠰᠦᠨ᠎ᠠ᠃ ᠤᠴᠢᠷ ᠨᠢ ᠵᠤᠭᠤᠷᠢᠨ ᠲᠤᠳᠤᠷ᠎ᠠ ᠭᠠᠯ ᠤᠷᠭᠢᠨ ᠵᠤᠭᠤᠷᠢᠨ ᠲᠤᠳᠤᠷᠠᠭᠢ ᠨᠠᠮᠤᠭ ᠤᠨ ᠭᠡᠢ ᠶᠢ ᠰᠢᠳᠠᠭᠠᠴᠢᠬᠠᠬᠤ ᠪᠤᠯᠪᠠᠴᠤ ᠪᠠᠰᠠ ᠵᠤᠭᠤᠷᠢᠨ ᠲᠤᠳᠤᠷᠠᠭᠢ ᠭᠦᠴᠢᠯᠳᠦ᠋ᠷᠦᠭᠴᠢ ᠶᠢ ᠴᠤ ᠰᠢᠳᠠᠭᠠᠴᠢᠬᠠᠬᠤ ᠲᠤᠯᠠ ᠵᠤᠭᠤᠷᠢᠨ ᠲᠤᠳᠤᠷ᠎ᠡ ᠨᠡᠭᠦᠷᠡᠰᠦᠳᠦ᠋ᠷᠦᠭᠴᠢ ᠶᠢᠨ ᠲᠠᠪᠬᠤᠷ ᠢᠰᠦᠯ ᠤᠨ ᠦᠳᠭᠡᠴᠡ ᠨᠡᠩ ᠶᠡᠭᠡ ᠪᠤᠯᠵᠤ᠂ ᠰᠠᠯᠭᠢ ᠨᠡᠪᠳᠡᠷᠡᠭᠦᠯᠭᠦ ᠶᠢ ᠠᠩᠬᠠᠷᠬᠤ ᠦᠭᠡᠢ ᠪᠤᠯ ᠪᠦᠳᠡᠭᠦ ᠠᠳᠡᠯ ᠠᠮᠠᠷᠬᠠᠨ ᠡᠭᠦᠰᠦᠨ᠎ᠠ᠃

     4. ᠨᠠᠮᠤᠭ ᠤᠨ ᠭᠡᠢ ᠶᠢᠨ ᠵᠤᠭᠤᠷᠢᠨ ᠳᠤ ᠤᠷᠤᠬᠤ ᠠᠴᠠ ᠪᠠᠨ ᠡᠮᠦᠨ᠎ᠠ ᠶᠠᠮᠠᠷ ᠠᠶᠤᠯ ᠦᠬᠡᠢ ᠶᠢᠨ ᠠᠷᠭ᠎ᠠ ᠭᠡᠮᠵᠢᠶ᠎ᠠ ᠠᠪᠬᠤ ᠪᠤᠢ︖

      ᠨᠠᠮᠤᠭ ᠤᠨ ᠭᠡᠢ ᠶᠢᠨ ᠵᠤᠭᠤᠷᠢᠨ ᠤ ᠰᠢᠭᠠᠷᠤ ᠶᠢ ᠴᠡᠪᠡᠷᠯᠡᠭᠦ᠂ ᠪᠠᠶᠢᠴᠠᠭᠠᠵᠤ ᠦᠵᠡᠭᠦ ᠪᠠ ᠰᠡᠯᠪᠢᠨ ᠵᠠᠰᠠᠬᠤ ᠳᠠᠭᠠᠨ ᠤᠷᠢᠳ ᠢᠶᠠᠷ ᠭᠡᠢ ᠲᠠᠮᠵᠢᠭᠤᠯᠬᠤ ᠭᠤᠤᠷᠰᠤ ᠶᠢ ᠰᠠᠯᠭᠠᠨ ᠠᠪᠴᠤ᠂ ᠢᠰᠦᠭᠰᠡᠨ ᠲᠦᠭᠦᠭᠡᠢ ᠮᠠᠲ᠋ᠧᠷᠢᠶᠠᠯ ᠢ ᠴᠡᠪᠡᠷᠯᠡᠨ ᠠᠷᠢᠯᠭᠠᠵᠤ᠂ ᠭᠦᠳᠡᠯᠭᠡᠭᠦᠷᠳᠤ ᠬᠠᠪᠬᠠᠭᠠᠰᠤ ᠲᠠᠢ ᠪᠤᠯ ᠬᠠᠪᠬᠠᠭᠠᠰᠤ ᠪᠠᠨ ᠠᠪᠴᠤ᠂ ᠵᠢᠵᠢᠭ ᠭᠡᠯᠪᠡᠷᠢ ᠶᠢᠨ ᠠᠭᠠᠷ ᠤᠨ ᠲᠠᠷᠤᠯᠳᠡ ᠶᠢᠨ ᠮᠠᠰᠢᠨ ᠢᠶᠠᠷ ᠵᠤᠭᠤᠷᠢᠨ ᠳᠠᠭᠠᠨ ᠰᠠᠯᠭᠢ ᠭᠦᠭᠡᠷᠭᠡᠳᠡᠵᠤ᠂ ᠵᠤᠭᠤᠷᠢᠨ ᠲᠤᠳᠤᠷᠠᠭᠢ ᠦᠯᠡᠳᠡᠭᠳᠡᠯ ᠭᠡᠢ ᠪᠡᠶᠡᠳᠤ ᠶᠢ ᠵᠠᠯᠠᠵᠤ ᠭᠠᠷᠭᠠᠬᠤ ᠭᠡᠷᠡᠭᠳᠡᠢ᠃ ᠵᠤᠭᠤᠷᠢᠨ ᠲᠤᠳᠤᠷ᠎ᠠ ᠭᠦᠢᠴᠡᠳ ᠰᠠᠶᠢᠨ ᠰᠢᠨ᠎ᠠ ᠰᠤᠷᠭᠤᠭ ᠠᠮᠢᠰᠬᠤᠯ ᠲᠠᠢ ᠪᠤᠯᠤᠠᠠᠰᠠᠨ ᠤ ᠲᠠᠷᠠᠭ᠎ᠠ᠂ ᠭᠦᠮᠦᠰ ᠰᠠᠶ᠋ᠢ ᠤᠷᠤᠵᠤ ᠪᠤᠯᠤᠨ᠎ᠠ᠃ ᠵᠤᠭᠤᠷᠢᠨ ᠳᠤ ᠤᠷᠤᠬᠤ ᠠᠴᠠ ᠪᠠᠨ ᠡᠮᠦᠨ᠎ᠠ ᠤᠷᠢᠳ ᠢᠶᠠᠷ ᠲᠠᠭᠢᠶ᠎ᠠ᠂ ᠲᠠᠤᠯᠠᠢ ᠵᠡᠷᠭᠡ ᠠᠮᠢᠳᠠᠨ ᠢᠶᠠᠷ ᠲᠤᠷᠰᠢᠨ ᠦᠵᠡᠵᠤ᠂ ᠠᠮᠢᠳᠠᠨ ᠨᠢ ᠭᠡᠪ ᠤᠨ ᠶᠤᠰᠤ ᠪᠠᠷ ᠪᠠᠶᠢᠪᠠᠯ᠂ ᠵᠤᠭᠤᠷᠢᠨ ᠲᠤᠳᠤᠷᠠᠭᠢ ᠭᠡᠢ ᠠᠭᠠᠷ ᠭᠦᠢᠴᠡᠳ ᠪᠠᠶᠢᠬᠤ ᠶᠢ ᠢᠯᠡᠳᠭᠡᠭᠦ ᠲᠤᠯᠠ ᠭᠦᠮᠦᠨ ᠤᠷᠤᠵᠤ ᠠᠵᠢᠯᠯᠠᠵᠤ ᠪᠤᠯᠤᠨ᠎ᠠ᠃ ᠭᠡᠷᠪᠡ ᠠᠮᠢᠳᠠᠨ ᠨᠢ ᠭᠡᠪ ᠤᠨ ᠪᠤᠰᠤ ᠢᠯᠡᠷᠡᠯ ᠲᠠᠢ ᠪᠤᠶᠤ ᠮᠠᠨᠠᠷᠠᠵᠤ ᠤᠨᠠᠵᠤ ᠪᠠᠶᠢᠪᠠᠯ᠂ ᠵᠤᠭᠤᠷᠢᠨ ᠲᠤᠳᠤᠷ᠎ᠠ ᠭᠦᠴᠢᠯᠳᠦ᠋ᠷᠦᠭᠴᠢ ᠭᠦᠨᠳᠤ ᠨᠤᠴᠢᠳᠡᠢ ᠲᠤᠳ᠋ᠬᠠᠳᠠᠵᠤ ᠪᠠᠶᠢᠬᠤ ᠪᠤᠶᠤ ᠦᠯᠡᠳᠡᠭᠳᠡᠯ ᠬᠤᠤᠷᠳᠤ ᠭᠡᠢ ᠪᠠᠶᠢᠬᠤ ᠲᠤᠯᠠ ᠭᠦᠮᠦᠨ ᠶᠠᠭᠠᠭᠢᠨ᠋ᠠᠰᠠᠨ ᠴᠤ ᠤᠷᠤᠵᠤ ᠪᠤᠯᠬᠤ ᠦᠭᠡᠢ᠂ ᠬᠠᠷᠢᠨ ᠦᠷᠭᠦᠯᠵᠢᠯᠡᠨ ᠰᠠᠯᠭᠢ ᠨᠡᠪᠳᠡᠷᠡᠭᠦᠯᠵᠤ ᠭᠡᠢ ᠶᠢ ᠵᠠᠯᠠᠵᠤ ᠭᠠᠷᠭᠠᠬᠤ ᠭᠡᠷᠡᠭᠳᠡᠢ᠃ ᠵᠤᠭᠤᠷᠢᠨ ᠳᠤ ᠤᠷᠤᠬᠤ ᠭᠦᠮᠦᠨ ᠡᠷᠭᠡᠪᠰᠢ ᠪᠡᠶᠡᠨ ᠳᠡᠭᠡᠨ ᠲᠡᠭᠡᠰᠤ ᠤᠶᠠᠵᠤ᠂ ᠱᠠᠳᠤ ᠪᠠᠷ ᠪᠠᠭᠤᠬᠤ ᠭᠡᠷᠡᠭᠳᠡᠢ᠃ ᠵᠤᠭᠤᠷᠢᠨ ᠤ ᠭᠠᠳᠠᠨᠠᠭᠢ ᠭᠦᠮᠦᠰ ᠰᠠᠶᠢᠳᠤᠷ ᠬᠠᠷᠠᠵᠤ ᠠᠵᠢᠨ᠂ ᠰᠠᠨᠠᠭᠠᠨ ᠳᠤ ᠦᠭᠡᠢ ᠪᠠᠶᠢᠳᠠᠯ ᠢᠯᠡᠷᠡᠪᠡᠯ ᠲᠠᠷᠦ᠋ᠢᠬᠠᠨ ᠲᠠᠳᠡᠨ ᠭᠠᠷᠭᠠᠵᠤ᠂ ᠠᠪᠤᠷᠠᠨ ᠲᠤᠰᠠᠯᠠᠬᠤ ᠭᠡᠷᠡᠭᠳᠡᠢ᠃ ᠵᠤᠭᠤᠷᠢᠨ ᠳᠤ ᠤᠷᠤᠠᠠᠰᠠᠨ ᠭᠦᠮᠦᠨ ᠨᠢ ᠭᠡᠷᠪᠡ ᠲᠤᠯᠤᠭᠠᠢ ᠡᠷᠭᠢᠭᠦ᠂ ᠲᠤᠳᠤᠷ᠎ᠠ ᠪᠠᠴᠢᠮᠳᠠᠬᠤ ᠪᠠ ᠡᠪ ᠦᠭᠡᠶᠢᠷᠡᠵᠤ ᠪᠠᠶᠢᠪᠠᠯ ᠲᠠᠷᠦ᠋ᠢᠬᠠᠨ ᠵᠤᠭᠤᠷᠢᠨ ᠠᠴᠠ ᠰᠠᠯᠵᠤ᠂ ᠰᠠᠯᠭᠢ ᠨᠡᠪᠳᠡᠷᠡᠭᠦ ᠭᠠᠵᠠᠷ ᠠᠮᠤᠰᠭᠢᠭᠦ ᠭᠡᠷᠡᠭᠳᠡᠢ᠃ ᠵᠤᠭᠤᠷᠢᠨ ᠲᠤᠳᠤᠷ᠎ᠠ ᠢᠯᠡ ᠭᠠᠯ ᠨᠤᠴᠤᠭᠠᠵᠤ ᠪᠤᠯᠬᠤ ᠦᠭᠡᠢ᠃

     5. ᠨᠠᠮᠤᠭ ᠤᠨ ᠭᠡᠢ ᠶᠢᠨ ᠵᠤᠭᠤᠷᠢ ᠶᠢ ᠶᠠᠭᠤ ᠪᠠᠷ ᠭᠡᠷᠡᠯᠳᠦᠭᠦᠯᠭᠦ ᠪᠤᠢ︖

      ᠨᠢᠭᠡᠨᠳᠡ ᠮᠠᠲ᠋ᠧᠷᠢᠶᠠᠯ ᠤᠷᠤᠭᠤᠯᠵᠤ᠂ ᠭᠡᠢ ᠬᠤᠷᠠᠮᠳᠤᠠᠠᠰᠠᠨ ᠨᠠᠮᠤᠭ ᠤᠨ ᠭᠡᠢ ᠶᠢᠨ ᠵᠤᠭᠤᠷᠢᠨ ᠳᠤ ᠤᠷᠤᠵᠤ᠂ ᠮᠠᠲ᠋ᠧᠷᠢᠶᠠᠯ ᠭᠠᠷᠭᠠᠬᠤ᠂ ᠰᠠᠯᠪᠢᠨ ᠵᠠᠰᠠᠬᠤ᠂ ᠪᠠᠶᠢᠴᠠᠭᠠᠯᠳᠠ ᠭᠢᠭᠦ ᠳᠡᠭᠡᠨ ᠵᠦᠪᠭᠡᠨ ᠭᠠᠷ ᠭᠡᠷᠡᠯᠳᠦᠭᠦᠯᠭᠡ ᠪᠤᠶᠤ ᠲᠤᠯᠢᠨ ᠤ ᠤᠶᠢᠯᠳᠡ ᠶᠢᠨ ᠭᠡᠷᠡᠯᠳᠦᠭᠦᠯᠭᠡ ᠶᠢ ᠭᠡᠷᠡᠭᠯᠡᠭᠦ ᠭᠡᠷᠡᠭᠳᠡᠢ᠃ ᠨᠡᠬᠦᠷᠠᠰᠤᠨ ᠲᠤᠰᠤᠨ ᠳ᠋ᠧᠩ᠂ ᠡᠯᠭᠦᠭᠦᠷ ᠳ᠋ᠧᠩ᠂ ᠯᠡ ᠵᠤᠯᠠ ᠵᠡᠷᠭᠡ ᠭᠠᠯᠳᠤ ᠭᠡᠷᠡᠯᠳᠦᠭᠦᠯᠭᠡ ᠶᠢᠨ ᠵᠦᠢᠯ ᠠᠪᠴᠤ ᠤᠷᠤᠵᠤ ᠪᠤᠯᠬᠤ ᠦᠭᠡᠢ᠃

     6. ᠨᠠᠮᠤᠭ ᠤᠨ ᠬᠡᠢ ᠶᠢᠨ ᠵᠤᠭᠤᠷᠢᠨ ᠳᠤ ᠤᠷᠤᠠᠠᠰᠠᠨ ᠭᠦᠮᠦᠨ ᠪᠦᠳᠡᠩᠰᠡᠬᠦ ᠪᠤᠶᠤ ᠬᠤᠤᠷᠳ᠋ᠬᠠᠳ᠋ᠬᠠᠰᠠᠨ ᠦᠶᠡᠰ ᠶᠠᠭᠠᠭᠢᠵᠤ ᠠᠪᠤᠷᠠᠯᠳᠠ ᠬᠢᠬᠦ ᠪᠤᠢ︖

     ᠡᠩ ᠲᠠᠷᠢᠭᠦᠨ ᠳᠤ ᠰᠠᠯᠭᠢᠨ ᠮᠠᠰᠢᠨ ᠢᠶᠠᠷ ᠵᠤᠭᠤᠷᠢᠨ ᠲᠤᠳᠤᠷ᠎ᠠ ᠵᠠᠯᠭᠠᠭ᠎ᠠ ᠪᠠᠷ ᠲᠠᠰᠤᠷᠠᠯᠳᠠ ᠦᠭᠡᠢ ᠪᠠᠷ ᠰᠠᠯᠭᠢ ᠭᠦᠭᠡᠷᠭᠡᠳᠡᠵᠤ ᠰᠢᠨ᠎ᠠ ᠰᠤᠷᠭᠤᠭ ᠠᠭᠠᠷ ᠤᠷᠤᠭᠤᠯᠬᠤ ᠭᠡᠷᠡᠭᠳᠡᠢ᠃ ᠡᠭᠦᠨ ᠤ ᠬᠠᠮᠳᠤ ᠲᠠᠷᠦ᠋ᠢᠬᠠᠨ ᠱᠠᠳᠤ ᠲᠠᠯᠪᠢᠵᠤ᠂ ᠠᠪᠤᠷᠠᠬᠤ ᠭᠦᠮᠦᠨ ᠵᠤᠭᠢᠶᠠᠨ ᠪᠠᠶᠢᠭᠤᠯᠤᠨ ᠤᠷᠤᠭᠤᠯᠬᠤ ᠭᠡᠷᠡᠭᠳᠡᠢ᠃ ᠠᠪᠤᠷᠠᠯᠳᠠ ᠶᠢᠨ ᠭᠦᠮᠦᠨ ᠡᠷᠭᠡᠪᠰᠢ ᠪᠡᠶᠡᠨ ᠳᠡᠭᠡᠨ ᠲᠡᠭᠡᠰᠤ ᠤᠶᠠᠵᠤ᠂ ᠵᠤᠭᠤᠷᠢᠨ ᠳᠤ ᠤᠷᠤᠬᠤ ᠠᠴᠠ ᠪᠠᠨ ᠡᠮᠦᠨ᠎ᠠ ᠨᠢᠭᠡ ᠤᠳᠠᠭ᠎ᠠ ᠭᠦᠨ ᠠᠮᠢᠰᠬᠤᠵᠤ᠂ ᠵᠤᠭᠤᠷᠢᠨ ᠳᠠᠬᠢ ᠭᠦᠮᠦᠨ ᠢ ᠲᠠᠷᠦ᠋ᠢᠬᠠᠨ ᠠᠪᠤᠷᠠᠨ ᠭᠠᠷᠭᠠᠵᠤ᠂ ᠰᠠᠯᠭᠢ ᠨᠡᠪᠳᠡᠷᠡᠭᠦ ᠭᠠᠵᠠᠷ ᠲᠤ ᠲᠠᠯᠪᠢᠬᠤ ᠭᠡᠷᠡᠭᠳᠡᠢ᠃ ᠠᠮᠢᠰᠬᠤᠭ᠎ᠠ ᠨᠢ ᠨᠢᠭᠡᠨᠳᠡ ᠵᠤᠠᠠᠰᠤᠠᠠᠰᠠᠨ ᠪᠤᠯ ᠲᠠᠷᠦ᠋ᠢᠬᠠᠨ ᠭᠦᠮᠦᠨ ᠤ ᠭᠦᠴᠤ ᠪᠠᠷ ᠠᠮᠢᠰᠬᠤᠭᠤᠯᠵᠤ᠂ ᠵᠢᠷᠦᠭᠡᠨ ᠲᠠᠯ᠎ᠠ ᠶᠢ ᠨᠢ ᠢᠯᠪᠢᠵᠤ᠂ ᠮᠠᠰᠢ ᠭᠦᠨᠳᠤ ᠪᠠᠶᠢᠠᠠᠰᠠᠳ ᠢ ᠠᠩᠬ᠎ᠠ ᠠᠯᠬᠤᠮ ᠤᠨ ᠠᠷᠭ᠎ᠠ ᠭᠡᠮᠵᠢᠶ᠎ᠠ ᠠᠪᠤᠠᠠᠰᠠᠨ ᠤ ᠪᠠᠨ ᠲᠠᠷᠠᠭ᠎ᠠ ᠲᠠᠷᠦ᠋ᠢᠬᠠᠨ ᠤᠶᠢᠷᠠᠯᠴᠠᠭ᠎ᠠ ᠡᠮᠨᠡᠯᠭᠡ ᠳᠤ ᠭᠦᠷᠭᠡᠨ ᠠᠪᠤᠷᠠᠯᠳᠡ ᠭᠢᠯᠭᠡᠭᠦ ᠭᠡᠷᠡᠭᠳᠡᠢ᠃ ᠭᠡᠷᠪᠡ ᠮᠠᠨᠠᠷᠬᠠᠰᠠᠳ ᠤᠨ ᠠᠮᠠᠠ ᠳᠤᠨᠢ ᠪᠤᠵᠠᠷ ᠪᠤᠷᠳᠠᠭ ᠶᠠᠭᠤᠮ᠎ᠠ ᠪᠠᠶᠢᠪᠠᠯ ᠲᠠᠷᠦ᠋ᠢᠬᠠᠨ ᠴᠡᠪᠡᠷ ᠤᠰᠤ ᠪᠠᠷ ᠨᠢᠭᠤᠷ ᠢ ᠨᠢ ᠤᠭᠢᠶᠠᠨ᠂ ᠠᠮᠠᠨ ᠳᠠᠬᠢ ᠶᠠᠭᠤᠮ᠎ᠠ ᠶᠢ ᠨᠢ ᠮᠠᠯᠳᠠᠨ ᠭᠠᠷᠭᠠᠬᠤ ᠶᠢᠨ ᠲᠠᠭᠠᠤ ᠴᠡᠭᠡᠵᠢ ᠪᠠᠷ ᠨᠢ ᠲᠡᠪᠡᠷᠢᠨ᠂ ᠲᠤᠯᠤᠭᠠᠢ ᠶᠢ ᠨᠢ ᠲᠤᠷᠤᠠᠠᠰᠢ ᠤᠨᠵᠢᠢᠯᠭᠠᠨ᠂ ᠭᠡᠳᠡᠰᠤᠨ ᠳᠠᠬᠢ ᠶᠠᠭᠤᠮ᠎ᠠ ᠶᠢ ᠨᠢ ᠪᠦᠭᠡᠯᠵᠢᠭᠦᠯᠵᠤ᠂ ᠲᠠᠭᠢᠨ ᠭᠦᠮᠦᠨ ᠤ ᠭᠦᠴᠤ ᠪᠠᠷ ᠠᠮᠢᠰᠬᠤᠭᠤᠯᠬᠤ ᠪᠡ ᠴᠢᠬᠤᠯᠠ ᠪᠦᠭᠦᠢ ᠡᠮ ᠡᠮᠨᠡᠯᠭᠡ ᠪᠠᠷ ᠵᠠᠰᠠᠬᠤ ᠭᠡᠷᠡᠭᠳᠡᠢ᠃

     7. ᠨᠠᠮᠤᠭ ᠤᠨ ᠭᠡᠢ ᠶᠢᠨ ᠵᠤᠭᠤᠷᠢ ᠨᠢ ᠶᠠᠮᠠᠷ ᠪᠠᠶᠢᠳᠠᠯ ᠲᠤᠤᠷ᠎ᠡ ᠲᠡᠯᠪᠡᠷᠡᠳᠡᠭ ᠪᠤᠢ︖ ᠶᠠᠭᠠᠭᠢᠵᠤ ᠰᠡᠷᠭᠡᠶᠢᠯᠡᠭᠦ ᠪᠤᠢ︖

      ᠨᠢᠭᠡ ᠳᠤ᠂ ᠰᠢᠨ᠎ᠠ ᠪᠠᠷ ᠪᠠᠶᠢᠭᠤᠯᠤᠠᠠᠰᠠᠨ ᠨᠠᠮᠤᠭ ᠤᠨ ᠭᠡᠢ ᠶᠢᠨ ᠵᠤᠭᠤᠷᠢ ᠨᠢ ᠨᠠᠮᠤᠭ ᠤᠨ ᠭᠡᠢ ᠶᠢ ᠪᠤᠢ ᠪᠤᠯᠭᠠᠵᠤ ᠪᠠᠶᠢᠬᠤ ᠡᠰᠡᠭᠦ ᠶᠢ ᠪᠠᠶᠢᠴᠠᠭᠠᠬᠤ ᠳᠤ ᠭᠡᠢ ᠲᠠᠮᠵᠢᠭᠤᠯᠬᠤ ᠭᠤᠤᠷᠰᠤ ᠶᠢ ᠭᠡᠷᠡᠭᠯᠡᠨ ᠨᠠᠮᠤᠭ ᠤᠨ ᠭᠡᠢ ᠶᠢ ᠵᠤᠤᠬᠠᠨ ᠲᠡᠭᠡᠷ᠎ᠡ ᠲᠤᠷᠰᠢᠬᠤ ᠭᠡᠷᠡᠭᠳᠡᠢ᠃ ᠭᠡᠢ ᠲᠠᠮᠵᠢᠭᠤᠯᠬᠤ ᠭᠤᠤᠷᠰᠤᠨ ᠲᠡᠭᠡᠷ᠎ᠠ ᠰᠢᠭᠤᠳ ᠭᠠᠯ ᠨᠤᠴᠤᠭᠠᠨ ᠲᠤᠷᠰᠢᠵᠤ ᠤᠠᠠᠳᠤ ᠪᠤᠯᠬᠤ ᠦᠭᠡᠢ᠃ ᠬᠤᠶᠠᠷ ᠲᠤ᠂ ᠵᠤᠭᠤᠷᠢᠨ ᠲᠤᠳᠤᠷ᠎ᠠ ᠭᠡᠷᠪᠡ ᠪᠢᠯᠢᠭ ᠲᠠᠷᠤᠯᠳᠠ ᠢᠯᠡᠷᠡᠵᠤ ᠪᠠᠶᠢᠪᠠᠯ ᠲᠦᠷ ᠴᠠᠭ ᠭᠠᠯ ᠨᠤᠴᠤᠭᠠᠬᠤ ᠪᠠᠨ ᠵᠤᠠᠠᠰᠤᠬᠤ ᠪᠤᠶᠤ ᠭᠡᠷᠡᠭᠯᠡᠭᠦ ᠪᠠᠨ ᠵᠤᠠᠠᠰᠤᠬᠤ ᠭᠡᠷᠡᠭᠳᠡᠢ᠃ ᠡᠭᠦᠨ ᠤ ᠬᠠᠮᠳᠤ ᠲᠠᠷᠦ᠋ᠢᠬᠠᠨ ᠢᠰᠭᠡᠭᠦᠷ ᠢ ᠨᠡᠮᠡᠨ ᠤᠷᠤᠭᠤᠯᠵᠤ᠂ ᠠᠷᠭ᠎ᠠ ᠲᠠᠷᠤᠯᠳᠠ ᠲᠠᠢ ᠪᠤᠯᠤᠠᠠᠰᠠᠨ ᠠᠴᠠ ᠬᠤᠶᠢᠰᠢ ᠭᠡᠷᠡᠭᠯᠡᠭᠦ ᠭᠡᠷᠡᠭᠳᠡᠢ᠃ ᠪᠢᠯᠢᠭ ᠲᠠᠷᠤᠯᠳᠠ ᠨᠢ ᠭᠡᠳᠦᠷᠭᠡᠢ ᠶᠡᠭᠡ ᠪᠠᠶᠢᠪᠠᠯ ᠲᠤᠰᠬᠠᠢ ᠮᠡᠷᠭᠡᠵᠢᠯᠳᠡᠨ ᠢ ᠵᠠᠯᠠᠵᠤ᠂ ᠨᠠᠮᠤᠭ ᠤᠨ ᠭᠡᠢ ᠶᠢᠨ ᠵᠤᠭᠤᠷᠢ ᠨᠢ ᠭᠡᠢ ᠵᠠᠳᠠᠷᠠᠭᠤᠯᠵᠤ ᠪᠠᠶᠢᠬᠤ ᠡᠰᠡᠭᠦ ᠶᠢ ᠮᠠᠭᠠᠳᠯᠠᠭᠤᠯᠬᠤ ᠪᠠ ᠵᠠᠰᠠᠭᠤᠯᠬᠤ ᠭᠡᠷᠡᠭᠳᠡᠢ᠃

     ᠬᠤᠪᠴᠠᠰᠤ ᠤᠭᠢᠶᠠᠬᠤ ᠨᠤᠨᠳᠠᠭ ᠲᠠᠢ ᠤᠰᠤ᠂ ᠬᠠᠶ᠋ᠬᠠᠳᠠᠮᠠᠯ ᠴᠠᠭᠢᠯᠭᠠᠨ ᠭᠡᠯᠭᠢᠶ᠎ᠠ᠂ ᠬᠠᠶ᠋ᠬᠠᠳᠠᠮᠠᠯ ᠡᠮ ᠤᠨ ᠯᠤᠩᠬᠤ᠂ ᠵᠡᠭᠦᠤ ᠵᠡᠷᠭᠡ ᠶᠠᠭᠤᠮ᠎ᠠ ᠶᠢ ᠨᠠᠮᠤᠭ ᠤᠨ ᠭᠡᠢ ᠶᠢᠨ ᠵᠤᠭᠤᠷᠢ ᠳᠤ ᠤᠷᠤᠭᠤᠯᠤᠠᠠᠰᠠᠨ ᠠᠴᠠ ᠪᠤᠯᠵᠤ᠂ ᠬᠤᠤᠷᠳᠤ ᠭᠡᠢ ᠪᠡᠶᠡᠳᠤ ᠪᠤᠢ ᠪᠤᠯᠬᠤ ᠪᠡ ᠨᠠᠮᠤᠭ ᠤᠨ ᠭᠡᠢ ᠶᠢᠨ ᠵᠤᠭᠤᠷᠢ ᠨᠢ ᠭᠡᠢ ᠡᠭᠦᠰᠬᠡᠭᠦ ᠪᠠᠨ ᠪᠤᠯᠢᠬᠤ ᠶᠢ ᠰᠡᠷᠭᠡᠶᠢᠯᠡᠭᠦ ᠭᠡᠷᠡᠭᠳᠡᠢ᠃

     ᠨᠠᠮᠤᠭ ᠤᠨ ᠭᠡᠢ ᠶᠢᠨ ᠳ᠋ᠧᠩ᠂ ᠵᠤᠤᠬ᠎ᠠ ᠶᠢ ᠠᠮᠠᠷᠬᠠᠨ ᠨᠤᠴᠤᠬᠤ ᠪᠤᠳᠠᠰ ᠠᠴᠠ ᠬᠤᠯᠠ ᠵᠠᠶᠢᠳᠠᠢ ᠪᠠᠶᠢᠯᠭᠠᠵᠤ᠂ ᠭᠠᠯ ᠠᠯᠳᠠᠬᠤ ᠠᠴᠠ ᠰᠡᠷᠭᠡᠶᠢᠯᠡᠭᠦ ᠭᠡᠷᠡᠭᠳᠡᠢ᠃ ᠰᠠᠨᠠᠭᠠᠨ ᠳᠤ ᠦᠭᠡᠢ ᠭᠠᠯ ᠭᠠᠷᠬᠤ ᠳᠤ ᠭᠦᠷᠪᠡᠯ᠂ ᠨᠡᠭᠡᠭᠡᠯᠭᠡ ᠪᠠᠨ ᠬᠠᠭᠠᠵᠤ᠂ ᠭᠡᠢ ᠶᠢᠨ ᠢᠷᠡᠯᠳᠡ ᠶᠢ ᠲᠠᠰᠤᠯᠵᠤ᠂ ᠲᠠᠷᠦ᠋ᠢᠬᠠᠨ ᠭᠠᠯ ᠢ ᠤᠨᠳᠠᠷᠠᠭᠠᠬᠤ ᠭᠡᠷᠡᠭᠳᠡᠢ᠃ ᠨᠠᠮᠤᠭ ᠤᠨ ᠭᠡᠢ ᠶᠢᠨ ᠭᠤᠤᠷᠰᠤ ᠶᠢ ᠴᠠᠭᠢᠯᠭᠠᠨ ᠲᠡᠭᠡᠰᠤ ᠲᠠᠢ ᠴᠤᠭ ᠪᠤᠯᠠᠵᠤ ᠪᠤᠯᠬᠤ ᠦᠭᠡᠢ᠃


      8. ᠨᠠᠮᠤᠭ ᠤᠨ ᠭᠡᠢ ᠶᠢᠨ ᠵᠤᠭᠤᠷᠢᠨ ᠳᠤ ᠮᠠᠲ᠋ᠧᠷᠢᠶᠠᠯ ᠤᠷᠤᠭᠤᠯᠤᠠᠠᠰᠠᠨ ᠤ ᠰᠡᠭᠦᠯᠡᠷ ᠡᠭᠢᠨ ᠳᠡᠭᠡᠨ ᠭᠡᠢ
ᠪᠡᠶᠡᠳᠤ ᠪᠤᠢ ᠪᠤᠯᠳᠠᠭ ᠦᠭᠡᠢ ᠨᠢ ᠶᠠᠮᠠᠷ ᠰᠢᠯᠳᠠᠭᠠᠨ ᠠᠴᠠ ᠪᠤᠯᠵᠤ ᠪᠠᠶᠢᠬᠤ ᠪᠤᠢ︖

      ᠡᠨᠡ ᠨᠢ ᠭᠤᠤᠯᠳᠠᠭᠤ ᠨᠡᠮᠡᠭᠰᠡᠨ ᠤᠰᠤ ᠭᠡᠳᠦᠷᠭᠡᠢ ᠭᠦᠢᠳᠡᠨ᠂ ᠲᠤᠯᠠᠭᠠᠨ ᠤ ᠭᠡᠮᠵᠢᠶ᠎ᠠ ᠨᠢ ᠲᠤᠤᠷ᠎ᠠ᠂ ᠢᠰᠭᠡᠯᠳᠡ ᠶᠢᠨ ᠰᠢᠩᠭᠡᠨ ᠨᠢ ᠪᠠᠭ᠋ᠠᠨ ᠭᠦᠴᠢᠯᠯᠢᠭ ᠪᠤᠶᠤ ᠲᠠᠷᠢᠯᠭ᠎ᠠ ᠶᠢᠨ ᠭᠡᠮᠵᠢᠶ᠎ᠠ ᠨᠢ ᠪᠠᠭ᠎ᠠ ᠵᠡᠷᠭᠡ ᠰᠢᠯᠳᠠᠭᠠᠨ ᠠᠴᠠ ᠪᠤᠯᠤᠠᠠᠰᠠᠨ ᠪᠠᠶᠢᠨ᠎ᠠ᠃


     9. ᠨᠠᠮᠤᠭ ᠤᠨ ᠭᠡᠢ ᠪᠤᠢ ᠪᠤᠯᠤᠠᠠᠰᠠᠨ ᠤ ᠰᠡᠭᠦᠯᠡᠷ ᠨᠤᠴᠤᠬᠤ ᠦᠭᠡᠢ ᠪᠤᠶᠤ ᠨᠤᠴᠤᠯᠳᠠ ᠪᠠᠷ ᠮᠠᠭᠤ ᠪᠠᠶᠢᠳᠠᠭ ᠨᠢ ᠶᠠᠭᠤᠨ ᠠᠴᠠ ᠪᠤᠯᠤᠠᠠᠰᠠᠨ ᠪᠤᠢ︖

     ᠡᠶᠢᠮᠤ ᠪᠠᠶᠢᠳᠠᠯ ᠪᠤᠯ ᠤᠯᠠᠩᠭᠢ ᠳᠠᠭᠠᠨ ᠡᠪᠤᠯ ᠠᠭᠤᠷ ᠠᠮᠢᠰᠬᠤᠯ ᠭᠦᠢᠳᠡᠷᠡᠭᠦ ᠦᠶᠡᠰ ᠤᠯᠠᠨ ᠲᠤᠭᠢᠶᠠᠯᠳᠤᠳᠠᠭ᠃ ᠡᠨᠡ ᠨᠢ ᠲᠤᠤᠷᠠᠭᠢ ᠭᠡᠳᠦᠨ ᠲᠠᠯ᠎ᠠ ᠶᠢᠨ ᠰᠢᠯᠳᠠᠭᠠᠨ ᠲᠠᠢ ᠪᠠᠶᠢᠵᠤ ᠮᠡᠳᠡᠨ᠎ᠠ᠃

      ︵1︶ ᠨᠠᠮᠤᠭ ᠤᠨ ᠭᠡᠢ ᠶᠢᠨ ᠵᠤᠭᠤᠷᠢ ᠨᠢ ᠨᠢᠠᠠᠳᠠ ᠦᠭᠡᠢ᠂ ᠤᠰᠤᠨ ᠭᠡᠢ ᠭᠤᠭᠤᠵᠢᠵᠤ ᠵᠠᠳᠠᠷᠠᠵᠤ ᠪᠠᠶᠢᠬᠤ᠃

     ︵2︶ ᠭᠡᠢ ᠲᠠᠮᠵᠢᠭᠤᠯᠬᠤ ᠬᠤᠭᠤᠯᠠᠢ᠂ ᠨᠡᠭᠡᠭᠡᠯᠭᠡ ᠵᠡᠷᠭᠡ ᠠᠴᠠ ᠨᠢ ᠭᠡᠢ ᠵᠠᠳᠠᠷᠠᠵᠤ ᠪᠠᠶᠢᠬᠤ᠃

     ︵3︶ ᠮᠧᠲ᠋ᠠᠨ ᠡᠭᠦᠰᠭᠦ ᠮᠦᠭᠦ ᠶᠢᠨ ᠦᠷ᠎ᠠ ᠲᠤᠳ᠋ᠬᠠᠳᠠᠵᠤ᠂ ᠭᠦᠴᠢᠯᠯᠢᠭ ᠤᠨ ᠠᠰᠢᠠᠠᠯᠠᠯᠳᠠ ᠶᠢᠨ ᠨᠤᠷᠮ᠎ᠠ ᠨᠢ ᠲᠤᠤᠷ᠎ᠠ ᠪᠠᠶᠢᠵᠤ᠂ ᠦᠯᠤ ᠨᠤᠴᠤᠬᠤ ᠪᠦᠷᠢᠯᠳᠦᠭᠦᠨ ᠠᠷᠪᠢᠨ ᠪᠠᠶᠢᠬᠤ᠃

     ︵4︶ ᠨᠠᠶᠢᠷᠠᠯᠭ᠎ᠠ ᠡᠳ᠋ ᠨᠢ ᠭᠡᠳᠦᠷᠭᠡᠢ ᠦᠳᠭᠡᠨ ᠪᠠᠶᠢᠵᠤ ᠭᠦᠴᠢᠯᠳᠦᠭᠦ ᠬᠤᠷᠠᠮᠳᠤᠭᠤᠯᠭ᠎ᠠ ᠭᠡᠳᠦᠷᠭᠡᠢ ᠶᠡᠭᠡᠳᠴᠤ᠂ ᠮᠧᠲ᠋ᠠᠨ ᠡᠭᠦᠰᠭᠦ ᠮᠦᠭᠦ ᠶᠢᠨ ᠪᠤᠶᠢᠵᠢᠯᠳᠡ ᠶᠢ ᠬᠤᠷᠢᠠᠠᠯᠬᠠᠰᠠᠨ ᠠᠴᠠ ᠪᠤᠯᠤᠠᠠᠰᠠᠨ ᠪᠠᠶᠢᠵᠤ ᠮᠡᠳᠡᠨ᠎ᠠ᠃

     10. ᠰᠢᠨ᠎ᠠ ᠵᠤᠭᠤᠷᠢᠨ ᠳᠤ ᠮᠠᠲ᠋ᠧᠷᠢᠶᠠᠯ ᠤᠷᠤᠭᠤᠯᠤᠠᠠᠰᠠᠨ ᠪᠠᠶᠢᠳᠠᠯ᠎ᠠ ᠭᠡᠢ ᠪᠡᠶᠡᠳᠤ ᠪᠤᠢ ᠪᠤᠯᠳᠠᠭ ᠦᠭᠡᠢ ᠨᠢ ᠶᠠᠮᠠᠷ ᠰᠢᠯᠳᠠᠭᠠᠨ ᠠᠴᠠ ᠪᠤᠯᠤᠠᠠᠰᠠᠨ ᠪᠤᠢ︖

      ᠡᠨᠡ ᠨᠢ ᠭᠤᠤᠯᠳᠠᠭᠤ ᠲᠤᠤᠷᠠᠭᠢ ᠲᠦᠷᠪᠡᠨ ᠵᠦᠢᠯ ᠤᠨ ᠰᠢᠯᠳᠠᠭᠠᠨ ᠠᠴᠠ ᠪᠤᠢ ᠪᠤᠯᠳᠠᠭ᠃

     ︵1︶ ᠮᠠᠲ᠋ᠧᠷᠢᠶᠠᠯ ᠤᠷᠤᠭᠤᠯᠬᠤ ᠳᠠᠭᠠᠨ ᠲᠠᠷᠢᠯᠭ᠎ᠠ ᠶᠢᠨ ᠡᠳ᠋ ᠢ ᠭᠦᠢᠴᠡᠳ ᠤᠷᠤᠭᠤᠯᠤᠠᠠᠰᠠᠨ ᠦᠭᠡᠢ ᠠᠴᠠ ᠵᠤᠭᠤᠷᠢᠨ ᠲᠤᠳᠤᠷ᠎ᠠ ᠮᠧᠲ᠋ᠠᠨ ᠡᠭᠦᠰᠭᠦ ᠨᠢ ᠲᠤᠩ ᠪᠠᠭ᠎ᠠ ᠪᠠᠶᠢᠵᠤ᠂ ᠨᠠᠮᠤᠭ ᠤᠨ ᠭᠡᠢ ᠶᠢᠨ ᠢᠰᠭᠡᠯᠳᠡ ᠨᠢ ᠭᠡᠪ ᠤᠨ ᠶᠤᠰᠤ ᠪᠠᠷ ᠢᠰᠴᠤ ᠴᠢᠳᠠᠬᠤ ᠦᠭᠡᠢ ᠪᠤᠯᠵᠠᠢ᠃ ᠡᠶᠢᠮᠤ ᠠᠴᠠ ᠲᠠᠷᠢᠯᠭ᠎ᠠ ᠶᠢᠨ ᠡᠳ᠋ ᠢᠯᠡᠭᠦᠭᠡᠨ ᠨᠡᠮᠡᠵᠤ ᠤᠷᠤᠭᠤᠯᠪᠠᠯ ᠵᠤᠭᠢᠨ᠎ᠠ᠃

      ︵2︶ ᠮᠠᠲ᠋ᠧᠷᠢᠶᠠᠯ ᠤᠷᠤᠭᠤᠯᠬᠤ ᠦᠶᠡᠰ ᠮᠠᠲ᠋ᠧᠷᠢᠶᠠᠯ ᠤᠨ ᠰᠢᠩᠭᠡᠨ ᠨᠢ ᠭᠡᠳᠦᠷᠭᠡᠢ ᠭᠦᠢᠳᠡᠨ ᠪᠠᠶᠢᠵᠤ᠂ ᠮᠧᠲ᠋ᠠᠨ ᠡᠭᠦᠰᠭᠡᠭᠦ ᠪᠠᠺᠲ᠋ᠧᠷᠢ ᠨᠢ ᠠᠵᠢᠯᠯᠠᠭ᠎ᠠ ᠪᠠᠨ ᠵᠤᠠᠠᠰᠤᠠᠠᠰᠠᠨ ᠠᠴᠠ ᠪᠤᠯᠵᠠᠢ᠃ ᠡᠭᠦᠨ ᠢ ᠰᠢᠢᠳᠪᠤᠷᠢᠯᠡᠭᠦ ᠳᠤ ᠲᠤᠯᠠᠭᠠᠨ ᠤ ᠭᠡᠮᠵᠢᠶ᠎ᠠ ᠶᠢ ᠲᠡᠭᠡᠭᠰᠢᠯᠡᠭᠦᠯᠭᠦ ᠠᠷᠭ᠎ᠠ ᠶᠢ ᠠᠪᠴᠤ᠂ ᠵᠤᠭᠤᠷᠢᠨ ᠤ ᠲᠤᠯᠠᠭᠠᠨ ᠤ ᠭᠡᠮᠵᠢᠶ᠎ᠠ ᠶᠢ ᠲᠡᠭᠡᠭᠰᠢᠯᠡᠭᠦᠯᠦᠨ᠎ᠠ᠃ ᠭᠡᠪᠡᠴᠤ ᠡᠭᠦᠨ ᠢ ᠪᠡᠶᠡᠯᠡᠭᠦᠯᠭᠦ ᠳᠤ ᠮᠠᠰᠢ ᠪᠡᠷᠭᠡ ᠲᠠᠢ ᠲᠤᠯᠠ ᠬᠠᠮᠤᠭ ᠤᠨ ᠰᠠᠶᠢᠨ ᠨᠢ ᠡᠪᠤᠯ ᠲᠤᠯᠠᠭᠠᠨ ᠤ ᠭᠡᠮᠵᠢᠶ᠎ᠠ ᠪᠠ ᠭᠠᠵᠠᠷ ᠤᠨ ᠲᠤᠯᠠᠭᠠᠨ ᠮᠠᠰᠢ ᠲᠤᠤᠷ᠎ᠠ ᠪᠠᠶᠢᠬᠤ ᠦᠶᠡᠰ᠂ ᠮᠠᠲ᠋ᠧᠷᠢᠶᠠᠯ ᠨᠡᠮᠡᠵᠤ ᠤᠷᠤᠭᠤᠯᠬᠤ ᠦᠭᠡᠢ ᠪᠠᠶᠢᠬᠤ ᠪᠠ ᠵᠤᠭᠤᠷᠢᠨ ᠳᠤ ᠤᠰᠤ ᠨᠡᠮᠡᠭᠦ ᠳᠡᠭᠡᠨ ᠭᠦᠢᠳᠡᠨ ᠤᠰᠤ ᠨᠡᠮᠡᠭᠦ ᠦᠭᠡᠢ᠂ ᠠᠯᠢ ᠴᠢᠳᠠᠬᠤ ᠪᠠᠷ 20℃~30℃ ᠤᠨ ᠪᠦᠯᠢᠶᠠᠨ ᠤᠰᠤ ᠨᠡᠮᠡᠨ᠎ᠠ᠃

      ︵3︶ ᠤᠷᠤᠭᠤᠯᠬᠤ ᠮᠠᠲ᠋ᠧᠷᠢᠶᠠᠯ ᠨᠢ ᠭᠡᠳᠦᠷᠭᠡᠢ ᠦᠳᠭᠡᠨ ᠪᠤᠯᠪᠠᠯ ᠶᠡᠭᠡ ᠭᠡᠮᠵᠢᠶᠠᠨ ᠤ ᠭᠦᠴᠢᠯ ᠬᠤᠷᠠᠮᠳᠤᠭᠠᠳ᠂ ᠮᠠᠲ᠋ᠧᠷᠢᠶᠠᠯ ᠤᠨ ᠰᠢᠩᠭᠡᠨ ᠢ ᠭᠦᠴᠢᠯᠳᠦᠭᠦᠯᠵᠤ᠂ ᠭᠦᠴᠢᠯ ᠳᠤ ᠬᠤᠤᠷᠳᠠᠬᠤ ᠦᠵᠡᠭᠳᠡᠯ ᠭᠠᠷᠳᠠᠭ᠃ ᠡᠭᠦᠨ ᠢ ᠰᠢᠢᠳᠪᠤᠷᠢᠯᠡᠭᠦ ᠠᠷᠭ᠎ᠠ ᠭᠡᠪᠡᠯ ᠨᠠᠮᠤᠭ ᠤᠨ ᠭᠡᠢ ᠶᠢᠨ ᠵᠤᠭᠤᠷᠢ ᠶᠢᠨ ᠮᠠᠲ᠋ᠧᠷᠢᠶᠠᠯ ᠤᠷᠤᠭᠤᠯᠬᠤ ᠠᠮᠠ ᠪᠠᠷ ᠡᠪᠡᠰᠤ ᠮᠤᠳᠤᠨ ᠤ ᠦᠨᠡᠰᠤ ᠪᠤᠶᠤ ᠴᠠᠪᠡᠷ ᠴᠤᠬᠤᠢ ᠶᠢᠨ ᠤᠰᠤ ᠵᠡᠷᠭᠡ ᠬᠤᠵᠢᠷᠯᠢᠬ ᠪᠤᠰᠤ ᠡᠳ᠋ ᠢ ᠵᠤᠭᠢᠬᠤ ᠭᠡᠮᠵᠢᠶ᠎ᠠ ᠪᠠᠷ ᠨᠡᠮᠡᠨ ᠤᠷᠤᠭᠤᠯᠵᠤ᠂ ᠭᠦᠴᠢᠯ ᠱᠦᠯᠳᠦ ᠶᠢᠨ ᠭᠡᠮᠵᠢᠶ᠎ᠠ ᠶᠢ 6.5~7.5 ᠶᠢᠨ ᠭᠡᠮᠵᠢᠶ᠎ᠠ ᠳᠤ ᠲᠤᠭᠢᠷᠠᠭᠤᠯᠤᠨ᠎ᠠ᠃

     ︵4︶ ᠮᠠᠲ᠋ᠧᠷᠢᠶᠠᠯ ᠤᠨ ᠰᠢᠩᠭᠡᠨ ᠳᠤ ᠬᠤᠤᠷᠳᠠᠭᠤᠯᠬᠤ ᠡᠳ᠋ ᠪᠠᠶᠢᠪᠠᠯ ᠤᠨᠴᠠ ᠠᠩᠬᠠᠷᠬᠤ ᠭᠡᠷᠡᠭᠳᠡᠢ᠃ ᠤᠳᠤᠬᠠᠨ ᠳᠤ ᠵᠠᠷᠢᠮ ᠭᠠᠭ᠋ᠠᠢ ᠲᠡᠵᠢᠭᠡᠭᠦ ᠲᠠᠯᠠᠪᠠᠢ᠂ ᠦᠭᠡᠷ ᠲᠡᠵᠢᠭᠡᠭᠦ ᠲᠠᠯᠠᠪᠠᠢ ᠪᠠᠨ ᠦᠷᠭᠦᠯᠵᠢ ᠠᠷᠢᠭᠤᠳᠬᠠᠵᠤ ᠪᠠᠶᠢᠬᠤ ᠠᠴᠠ ᠪᠤᠯᠤᠭᠠᠳ ᠭᠠᠭ᠋ᠠᠢ ᠦᠭᠡᠷ ᠤᠨ ᠪᠠᠭᠠᠰᠤᠨ ᠳᠤ ᠠᠷᠢᠭᠤᠳᠬᠠᠯ ᠤᠨ ᠰᠢᠩᠭᠡᠨ ᠮᠠᠰᠢ ᠶᠡᠭᠡ ᠬᠤᠷᠠᠮᠳᠤᠵᠤ᠂ ᠮᠧᠲ᠋ᠠᠨ ᠤ ᠪᠠᠺᠲ᠋ᠧᠷᠢ ᠶᠢᠨ ᠠᠵᠢᠯᠯᠠᠭ᠎ᠠ ᠶᠢ ᠭᠢᠵᠠᠭᠠᠷᠯᠠᠵᠤ ᠪᠠᠶᠢᠨ᠎ᠠ᠃ ᠡᠶᠢᠮᠤ ᠠᠴᠠ ᠪᠢᠳᠡ ᠭᠠᠭ᠋ᠠᠢ᠂ ᠦᠭᠡᠷ ᠤᠨ ᠪᠠᠭᠠᠰᠤ ᠶᠢ ᠭᠡᠷᠡᠭᠯᠡᠭᠦ ᠳᠡᠭᠡᠨ ᠡᠳᠡᠭᠡᠷ ᠪᠠᠶᠢᠳᠠᠯ ᠢ ᠨᠢᠠᠠᠳᠠ ᠤᠶᠢᠯᠠᠭᠠᠵᠤ᠂ ᠭᠡᠷᠪᠡ ᠭᠠᠭ᠋ᠠᠢ ᠦᠭᠡᠷ ᠤᠨ ᠲᠠᠯᠠᠪᠠᠢ ᠪᠠᠨ ᠰᠠᠶ᠋ᠢᠬᠠᠨ ᠠᠷᠢᠭᠤᠳᠬᠠᠵᠤ ᠦᠡᠭᠭᠡᠷᠡᠭᠰᠡᠨ ᠪᠠᠶᠢᠪᠠᠯ ᠠᠳᠡᠭᠢ ᠶᠢᠨ ᠭᠠᠭ᠋ᠠᠢ ᠦᠭᠡᠷ ᠤᠨ ᠪᠠᠭᠠᠰᠤ ᠶᠢ ᠭᠡᠷᠡᠭᠯᠡᠭᠦ ᠦᠭᠡᠢ ᠪᠤᠶᠤ ᠨᠢᠭᠡ ᠬᠤᠭᠤᠴᠠᠭ᠎ᠠ ᠦᠡᠭᠭᠡᠷᠡᠭᠰᠡᠨ ᠤ ᠰᠡᠭᠦᠯᠡᠷ ᠭᠡᠷᠡᠭᠯᠡᠵᠤ ᠪᠤᠯᠤᠨ᠎ᠠ᠃ ᠪᠠᠰᠠ ᠵᠠᠷᠢᠮ ᠭᠠᠭ᠋ᠠᠢ ᠶᠢᠨ ᠲᠠᠯᠠᠪᠠᠢ ᠨᠢ ᠪᠦᠷᠢᠨ ᠨᠠᠶᠢᠷᠠᠯᠭ᠎ᠠ ᠶᠢᠨ ᠲᠡᠵᠢᠭᠡᠯ ᠪᠤᠷᠳᠤᠭ᠎ᠠ ᠪᠠᠷ ᠭᠠᠭ᠋ᠠᠢ ᠪᠠᠨ ᠲᠡᠵᠢᠭᠡᠵᠤ ᠪᠠᠶᠢᠬᠤ ᠪᠤᠯᠬᠤᠷ ᠨᠠᠶᠢᠷᠠᠯᠭ᠎ᠠ ᠪᠤᠷᠳᠤᠭ᠎ᠠ ᠶᠢᠨ ᠲᠤᠳᠤᠷᠠᠭᠢ ᠪᠢᠴᠢᠯ ᠡᠯᠧᠮᠧᠨ᠋ᠲ ᠪᠤᠯᠤᠨ ᠭᠦᠨᠳᠤ ᠲᠠᠮᠦᠷᠯᠢᠭ᠂ ᠲᠠᠪᠤᠰᠤᠨ ᠤ ᠲᠦᠷᠦᠯ ᠨᠢ ᠭᠡᠳᠦᠷᠭᠡᠢ ᠶᠡᠭᠡ ᠪᠠᠶᠢᠵᠤ᠂ ᠮᠦᠨ ᠬᠦ ᠮᠧᠲ᠋ᠠᠨ ᠤ ᠪᠠᠺᠲ᠋ᠧᠷᠢ ᠶᠢᠨ ᠠᠵᠢᠯᠯᠠᠭ᠎ᠠ ᠶᠢ ᠭᠢᠵᠠᠭᠠᠷᠯᠠᠵᠤ᠂ ᠨᠠᠮᠤᠭ ᠤᠨ ᠭᠡᠢ ᠡᠭᠦᠰᠭᠦ ᠦᠭᠡᠢ ᠪᠤᠯᠭᠠᠳᠠᠭ᠃ ᠡᠶᠢᠮᠤ ᠪᠠᠶᠢᠳᠠᠯ ᠢᠯᠡᠷᠡᠪᠡᠯ ᠪᠠᠴᠢᠮᠳᠠᠨ ᠰᠠᠠᠳᠤᠷᠬᠤ ᠭᠡᠷᠡᠭ ᠦᠭᠡᠢ᠃ ᠵᠤᠭᠤᠷᠢᠨ ᠳᠠᠬᠢ ᠲᠦᠭᠦᠭᠡᠢ ᠮᠠᠲ᠋ᠧᠷᠢᠶᠠᠯ ᠢᠶᠠᠨ ᠢᠯᠡᠭᠦᠭᠡᠨ ᠭᠠᠷᠭᠠᠨ ᠠᠪᠴᠤ᠂ ᠴᠢᠨᠠᠷ ᠰᠠᠶᠢᠳᠠᠢ ᠲᠠᠷᠢᠯᠭ᠎ᠠ ᠶᠢᠨ ᠡᠳ᠋ ᠢ ᠢᠯᠡᠭᠦᠭᠡᠨ ᠨᠡᠮᠡᠵᠤ᠂ 20~30 ᠬᠤᠨᠤᠭ ᠪᠤᠯᠪᠠᠯ ᠲᠠᠷᠤᠢ ᠭᠡᠪ ᠤᠨ ᠶᠤᠰᠤᠭᠠᠷ ᠭᠡᠢ ᠡᠭᠦᠰᠭᠦ ᠪᠤᠯᠤᠨ᠎ᠠ᠃

     11. ᠡᠭᠢᠯᠡᠭᠡᠳ ᠭᠡᠢ ᠨᠢ ᠮᠠᠰᠢ ᠭᠦᠢᠴᠡᠳ ᠪᠠᠶᠢᠵᠤ ᠪᠠᠶᠢᠭᠠᠳ ᠭᠤᠷᠪᠡ ᠲᠦᠷᠪᠡᠨ ᠰᠠᠷ᠎ᠠ ᠦᠡᠭᠭᠡᠷᠡᠪᠡᠯ ᠭᠡᠢ ᠨᠢ ᠮᠠᠭᠤᠳᠠᠳᠠᠭ᠂ ᠡᠨᠡ ᠨᠢ ᠶᠠᠮᠠᠷ ᠰᠢᠯᠳᠠᠭᠠᠨ ᠠᠴᠠ ᠪᠤᠯᠵᠤ ᠪᠠᠶᠢᠬᠤ ᠪᠤᠢ︖
      ᠡᠨᠡ ᠪᠤᠯ ᠭᠤᠤᠯᠳᠠᠭᠤ ᠵᠤᠭᠤᠷᠢᠨ ᠳᠠᠬᠢ ᠢᠰᠭᠡᠭᠦᠷ ᠲᠦᠭᠦᠭᠡᠢ ᠮᠠᠲ᠋ᠧᠷᠢᠶᠠᠯ ᠨᠢ ᠬᠠᠯᠢᠰᠤᠯᠠᠵᠤ᠂ ᠨᠠᠮᠤᠭ ᠤᠨ ᠭᠡᠢ ᠨᠢ ᠬᠠᠳᠠᠭᠠᠯᠠᠬᠤ ᠭᠡᠢ ᠶᠢᠨ ᠵᠠᠪᠰᠠᠷ ᠲᠤ ᠤᠷᠤᠵᠤ ᠲᠠᠶᠢᠯᠭᠦ ᠦᠭᠡᠢ ᠪᠤᠯᠤᠭᠠᠳ᠂ ᠭᠡᠢ ᠨᠢ ᠮᠠᠲ᠋ᠧᠷᠢᠶᠠᠯ ᠤᠷᠤᠭᠤᠯᠬᠤ ᠠᠮᠠᠨ ᠠᠴᠠ ᠪᠤᠴᠠᠨ ᠭᠠᠷᠴᠤ ᠢᠷᠡᠳᠡᠭ᠃ ᠢᠯᠠᠩᠭᠤᠶ᠎ᠠ ᠡᠰᠢ ᠰᠦᠷᠡᠯ ᠤᠨ ᠮᠠᠲ᠋ᠧᠷᠢᠶᠠᠯ ᠨᠡᠮᠡᠭᠰᠡᠨ ᠨᠠᠮᠤᠭ ᠤᠨ ᠭᠡᠢ ᠶᠢᠨ ᠵᠤᠭᠤᠷᠢᠨ ᠳᠤ ᠡᠶᠢᠮᠤᠷᠭᠦᠦ ᠪᠠᠶᠢᠳᠠᠯ ᠨᠡᠩ ᠰᠦᠷᠡᠭᠡᠢ ᠢᠯᠡᠷᠡᠳᠡᠭ᠃

     12. ᠨᠠᠮᠤᠭ ᠤᠨ ᠭᠡᠢ ᠶᠢᠨ ᠢᠰᠭᠡᠭᠦᠷ ᠡᠳ᠋ ᠤᠨ ᠬᠠᠯᠢᠰᠤᠯᠠᠯ ᠢ ᠭᠡᠷᠭᠢᠨ ᠰᠢᠢᠳᠪᠤᠷᠢᠯᠡᠭᠦ ᠪᠤᠢ︖

      ᠡᠨᠡ ᠠᠰᠠᠭᠤᠳᠠᠯ ᠢ ᠰᠢᠢᠳᠪᠤᠷᠢᠯᠡᠭᠦ ᠠᠷᠭ᠎ᠠ ᠭᠡᠪᠡᠯ ᠭᠦᠳᠡᠯᠭᠡᠭᠦᠷᠳᠤ ᠬᠠᠪᠬᠠᠭᠠᠰᠤ ᠪᠠᠨ ᠨᠡᠭᠡᠭᠡᠵᠤ᠂ ᠮᠠᠲ᠋ᠧᠷᠢᠶᠠᠯ ᠤᠨ ᠰᠢᠩᠭᠡᠨ ᠢ ᠰᠠᠶᠢᠳᠤᠷ ᠬᠤᠳᠬᠤᠯᠠᠨ ᠬᠤᠯᠢᠵᠤ᠂ ᠬᠠᠯᠢᠰᠤ ᠶᠢ ᠬᠠᠭᠠᠯᠤᠨ᠎ᠠ᠃ ᠮᠠᠰᠢᠨ ᠪᠠᠭᠠᠵᠢ ᠤᠠᠠᠰᠠᠷᠠᠵᠤ ᠦᠷᠭᠦᠯᠵᠢ ᠬᠤᠳᠬᠤᠵᠤ ᠬᠤᠯᠢᠨ᠎ᠠ᠃

     13. ᠨᠠᠮᠤᠭ ᠤᠨ ᠭᠡᠢ ᠶᠢᠨ ᠵᠤᠭᠤᠷᠢ ᠶᠢᠨ ᠢᠰᠭᠡᠭᠦᠷ ᠡᠳ᠋ ᠤᠨ ᠭᠦᠴᠢᠯᠯᠢᠭ ᠢ ᠭᠡᠷᠭᠢᠨ ᠰᠢᠢᠳᠪᠤᠷᠢᠯᠡᠭᠦ ᠪᠤᠢ︖

      ᠡᠭᠦᠨ ᠢ ᠰᠢᠢᠳᠪᠤᠷᠢᠯᠡᠭᠦ ᠳᠤ᠄

     ︵1︶ ᠵᠤᠭᠤᠷᠢᠨ ᠤ ᠪᠠᠭᠳᠠᠴᠠ ᠶᠢᠨ ᠭᠤᠷᠪᠡᠨ ᠤ ᠨᠢᠭᠡ ᠶᠢᠨ ᠮᠠᠲ᠋ᠧᠷᠢᠶᠠᠯ ᠤᠨ ᠰᠢᠩᠭᠡᠨ ᠢ ᠭᠠᠷᠭᠠᠨ ᠠᠪᠴᠤ᠂ ᠠᠳᠠᠯᠢ ᠭᠡᠮᠵᠢᠶᠠᠨ ᠤ ᠮᠠᠯ ᠵᠢᠭᠦᠷᠳᠡᠨ ᠤ ᠲᠡᠵᠢᠭᠡᠪᠤᠷᠢ ᠶᠢᠨ ᠦᠢᠯᠡᠰ ᠤᠨ ᠲᠤᠰᠬᠠᠢ ᠭᠡᠷᠡᠭᠯᠡᠭᠡᠨ ᠤ ᠭᠦᠭᠡᠰᠦᠳᠦᠭᠦᠯᠭᠦ ᠪᠤᠵᠠᠷ ᠤᠰᠤ ᠪᠤᠶᠤ ᠭᠡᠪ ᠤᠨ ᠶᠤᠰᠤᠭᠠᠷ ᠭᠡᠢ ᠡᠭᠦᠰᠭᠡᠭᠦ ᠬᠠᠭᠤᠴᠢᠨ ᠨᠠᠮᠤᠭ ᠤᠨ ᠭᠡᠢ ᠶᠢᠨ ᠵᠤᠭᠤᠷᠢᠨ ᠤ ᠰᠢᠩᠭᠡᠨ ᠢ ᠨᠡᠮᠡᠵᠤ ᠤᠷᠤᠭᠤᠯᠤᠨ᠎ᠠ᠃

     ︵2︶ 1㎡  ᠮᠠᠲ᠋ᠧᠷᠢᠶᠠᠯ ᠤᠨ ᠰᠢᠩᠭᠡᠨ ᠨᠢᠭᠡᠪᠤᠷᠢ ᠲᠡᠭᠡᠷ᠎ᠡ 1~2g ᠴᠤᠬᠤᠢ ᠪᠤᠶᠤ ᠡᠪᠡᠰᠤ ᠮᠤᠳᠤᠨ ᠤ ᠦᠨᠡᠰᠤ ᠨᠡᠮᠡᠵᠤ᠂ ᠭᠦᠴᠢᠯ ᠬᠤᠵᠢᠷᠯᠢᠬ ᠤᠨ ᠭᠡᠮᠵᠢᠶ᠎ᠠ ᠶᠢ ᠲᠤᠭᠢᠷᠠᠭᠤᠯᠤᠨ᠎ᠠ᠃

     14. ᠨᠠᠮᠤᠭ ᠤᠨ ᠭᠡᠢ ᠶᠢᠨ ᠳ᠋ᠧᠩ ᠤᠨ ᠭᠡᠷᠡᠯ ᠨᠢ ᠭᠡᠰᠡᠭ ᠲᠡᠭᠡᠨ ᠭᠡᠷᠡᠯᠳᠦᠵᠤ ᠭᠡᠰᠡᠭ ᠲᠡᠭᠡᠨ ᠪᠦᠳᠡᠩᠭᠢᠷᠡᠳᠡᠭ ᠨᠢ ᠶᠠᠭᠤᠨ ᠠᠴᠠ ᠪᠤᠯᠵᠤ ᠪᠠᠶᠢᠬᠤ ᠪᠤᠢ︖

     ᠨᠠᠮᠤᠭ ᠶᠢᠨ ᠭᠡᠢ ᠶᠢᠨ ᠳ᠋ᠧᠩ ᠨᠢ ᠭᠡᠰᠡᠭ ᠲᠡᠭᠡᠨ ᠭᠡᠷᠡᠯᠳᠦᠵᠤ ᠭᠡᠰᠡᠭ ᠲᠡᠭᠡᠨ ᠪᠦᠳᠡᠩᠭᠢᠷᠡᠭᠦ ᠭᠤᠤᠯ ᠰᠢᠯᠳᠠᠭᠠᠨ ᠨᠢ ᠲᠤᠤᠷᠠᠭᠢ ᠮᠡᠳᠤ ᠭᠡᠳᠦᠨ ᠲᠠᠯ᠎ᠠ ᠠᠴᠠ ᠪᠤᠯᠵᠠᠢ᠃

      ︵1︶ ᠭᠡᠷᠡᠯᠳᠦᠭᠦᠯᠭᠡ ᠶᠢᠨ ᠮᠠᠰᠢᠨ ᠢ ᠵᠢᠷᠦᠵᠤ ᠲᠦᠯᠦᠪᠯᠡᠭᠰᠡᠨ ᠪᠡ ᠦᠢᠯᠡᠳᠪᠤᠷᠢᠯᠡᠭᠰᠡᠨ ᠨᠢ ᠮᠠᠭᠤ ᠠᠴᠠ ᠪᠤᠯᠵᠤ᠂ ᠨᠤᠴᠤᠯᠳᠠ ᠶᠢ ᠲᠤᠠᠠᠳᠠᠭᠤᠨ ᠪᠤᠰᠤ ᠪᠤᠯᠭᠠᠵᠠᠢ᠃

      ︵2︶ ᠭᠡᠢ ᠲᠠᠮᠵᠢᠭᠤᠯᠬᠤ ᠬᠤᠭᠤᠯᠠᠢ ᠳᠤ ᠤᠰᠤ ᠬᠤᠷᠬᠠᠰᠠᠨ ᠪᠤᠶᠤ ᠵᠠᠷᠢᠮ ᠭᠡᠰᠡᠭ ᠨᠢ ᠪᠦᠭᠯᠡᠷᠡᠵᠡᠢ᠃

      ᠲᠤᠭᠢᠷᠠᠭᠤᠯᠬᠤ ᠠᠷᠭ᠎ᠠ ᠨᠢ ᠭᠡᠪᠡᠯ᠄

      ① ᠭᠡᠷᠡᠯᠳᠦᠭᠦᠯᠭᠡ ᠶᠢᠨ ᠮᠠᠰᠢᠨ ᠢ ᠰᠤᠯᠢᠨ᠎ᠠ᠃

      ② ᠭᠡᠢ ᠲᠠᠮᠵᠢᠭᠤᠯᠬᠤ ᠬᠤᠭᠤᠯᠠᠢ ᠳᠠᠬᠢ ᠬᠤᠷᠠᠮᠠᠯ ᠤᠰᠤ ᠪᠤᠶᠤ ᠲᠦᠭᠵᠢᠷᠡᠭᠰᠡᠨ ᠡᠳ᠋ ᠢ ᠴᠡᠪᠡᠷᠯᠡᠨ ᠠᠷᠢᠯᠭᠠᠨ᠎ᠠ᠃

      15. ᠨᠠᠮᠤᠭ ᠤᠨ ᠭᠡᠢ ᠶᠢᠨ ᠳ᠋ᠧᠩ ᠤᠨ ᠭᠡᠷᠡᠯ ᠨᠢ ᠴᠠᠶᠢᠷᠠᠬᠤ ᠪᠢᠰᠢ ᠬᠠᠷᠢᠨ ᠤᠯᠠᠶᠢᠳᠠᠭ ᠨᠢ ᠶᠠᠮᠠᠷ ᠰᠢᠯᠳᠠᠭᠠᠨ ᠠᠴᠠ ᠪᠤᠯᠤᠠᠠᠰᠠᠨ ᠪᠤᠢ︖

     ᠡᠭᠦᠨ ᠤ ᠭᠤᠤᠯ ᠰᠢᠯᠳᠠᠭᠠᠨ ᠭᠡᠪᠡᠯ᠄

     ︵1︶ ᠴᠤᠷᠭᠤ ᠶᠢᠨ ᠨᠦᠭᠡ ᠨᠢ ᠭᠡᠳᠦᠷᠭᠡᠢ ᠨᠠᠷᠢᠨ ᠪᠤᠶᠤ ᠲᠦᠭᠵᠢᠷᠡᠭᠰᠡᠨ ᠠᠴᠠ ᠪᠤᠯᠵᠤ ᠭᠡᠢ ᠤᠷᠤᠬᠤ ᠭᠡᠮᠵᠢᠶ᠎ᠠ ᠨᠢ ᠪᠠᠭ᠎ᠠ ᠪᠠᠶᠢᠬᠤ ᠠᠴᠠ ᠪᠤᠯᠵᠠᠢ᠃

     ︵2︶ ᠴᠤᠷᠭᠤ ᠶᠢᠨ ᠨᠦᠭᠡ ᠨᠢ ᠭᠡᠳᠦᠷᠭᠡᠢ ᠶᠡᠭᠡ ᠪᠠᠶᠢᠵᠤ᠂ ᠭᠡᠢ ᠠᠭᠠᠷ ᠤᠷᠤᠭᠤᠯᠬᠤ ᠨᠢ ᠭᠦᠢᠴᠡᠳ ᠦᠭᠡᠢ ᠠᠴᠠ ᠪᠤᠯᠵᠠᠢ᠃

     ︵3︶ ᠰᠠᠯᠭᠢ ᠲᠤᠭᠢᠷᠠᠭᠤᠯᠬᠤ ᠠᠮᠠ ᠶᠢᠨ ᠪᠠᠶᠢᠷᠢᠰᠢᠯ ᠨᠢ ᠵᠤᠭᠢᠰ ᠦᠭᠡᠢ ᠠᠴᠠ ᠪᠤᠯᠵᠠᠢ᠃

     ︵4︶ ᠱᠠ ᠪᠦᠷᠭᠦᠭᠦᠯ ᠨᠢ ᠴᠢᠭᠢᠭᠳᠦᠵᠤ᠂ ᠶᠠᠰᠤ ᠴᠢᠨᠠᠷ ᠨᠢ ᠮᠠᠭᠤᠳ᠋ᠬᠠᠰᠠᠨ ᠠᠴᠠ ᠪᠤᠯᠵᠠᠢ᠃

      ᠡᠭᠦᠨ ᠢ ᠵᠠᠰᠠᠬᠤ ᠠᠷᠭ᠎ᠠ ᠭᠡᠪᠡᠯ᠄

      ① ᠴᠤᠷᠭᠤ ᠶᠢ ᠨᠢ ᠰᠤᠯᠢᠬᠤ ᠪᠤᠶᠤ ᠴᠡᠪᠡᠷᠯᠡᠵᠤ᠂ ᠭᠡᠢ ᠶᠢᠨ ᠭᠡᠮᠵᠢᠶ᠎ᠠ ᠶᠢ ᠨᠡᠮᠡᠭᠳᠡᠭᠦᠯᠦᠨ᠎ᠠ᠃

      ② ᠠᠷᠭ᠎ᠠ ᠲᠤᠷᠰᠢᠯᠭ᠎ᠠ ᠬᠠᠶᠢᠵᠤ᠂ ᠲᠠᠭᠢᠨ ᠲᠠᠪᠳᠡᠨ ᠲᠤᠭᠢᠷᠠᠭᠤᠯᠵᠤ ᠠᠭᠠᠷ ᠤᠷᠤᠬᠤ ᠭᠡᠮᠵᠢᠶ᠎ᠠ ᠶᠢ ᠨᠢ ᠲᠤᠭᠢᠷᠠᠭᠤᠯᠤᠨ᠎ᠠ᠃

      ③ ᠱᠠ ᠪᠦᠷᠭᠦᠭᠦᠯ ᠢ ᠨᠢ ᠰᠤᠯᠢᠨ᠎ᠠ᠃

      16. ᠨᠠᠮᠤᠭ ᠤᠨ ᠭᠡᠢ ᠶᠢᠨ ᠳ᠋ᠧᠩ ᠤᠨ ᠱᠠ ᠪᠦᠷᠭᠦᠭᠦᠯ ᠬᠠᠭᠠᠷᠠᠵᠤ ᠤᠨᠠᠳᠠᠭ ᠨᠢ ᠶᠠᠮᠠᠷ ᠰᠢᠯᠳᠠᠭᠠᠨ ᠠᠴᠠ ᠪᠤᠯᠤᠠᠠᠰᠠᠨ ᠪᠤᠢ︖

      ᠱᠠ ᠪᠦᠷᠭᠦᠭᠦᠯ ᠤᠨ ᠬᠠᠭᠠᠷᠠᠵᠤ ᠤᠨᠠᠬᠤ ᠶᠢᠨ ᠰᠢᠯᠳᠠᠭᠠᠨ ᠨᠢ ᠭᠡᠪᠡᠯ᠄

       ︵1︶ ᠨᠠᠮᠤᠭ ᠤᠨ ᠭᠡᠢ ᠶᠢᠨ ᠲᠠᠷᠤᠯᠳᠠ ᠨᠢ ᠭᠡᠳᠦᠷᠭᠡᠢ ᠦᠡᠳᠦᠷᠵᠢᠵᠡᠢ᠃

      ︵2︶ ᠭᠠᠯ ᠲᠠᠭᠠᠭᠠᠮᠠᠭᠠᠢ ᠰᠢᠪᠡᠷ ᠨᠢ ᠬᠠᠭᠠᠷᠠᠵᠤ᠂ ᠲᠤᠮᠳᠠ ᠨᠢ ᠭᠠᠯ ᠤᠨ ᠨᠦᠭᠡ ᠲᠠᠢ ᠪᠤᠯᠵᠠᠢ᠃

      ︵3︶ ᠱᠠ ᠪᠦᠷᠭᠦᠭᠦᠯ ᠨᠢ ᠰᠢᠳᠠᠵᠤ ᠡᠪᠳᠡᠷᠡᠵᠡᠢ᠃

      ᠱᠠ ᠪᠦᠷᠭᠦᠭᠦᠯ ᠤᠨ ᠬᠠᠭᠠᠷᠠᠵᠤ ᠤᠨᠠᠬᠤ ᠶᠢ ᠲᠤᠤᠷᠠᠭᠢ ᠠᠷᠭ᠎ᠠ ᠪᠠᠷ ᠰᠡᠷᠭᠡᠶᠢᠯᠡᠨ᠎ᠡ᠃

      ︵1︶ ᠨᠠᠮᠤᠭ ᠤᠨ ᠭᠡᠢ ᠶᠢᠨ ᠲᠠᠷᠤᠯᠳᠠ ᠶᠢ ᠲᠤᠭᠢᠷᠠᠬᠤ ᠭᠡᠮᠵᠢᠶᠡᠨ ᠳᠤ ᠲᠤᠭᠢᠷᠠᠭᠤᠯᠤᠨ᠎ᠠ᠃

      ︵2︶ ᠰᠢᠪᠠᠷ ᠲᠤᠯᠤᠭᠠᠢ ᠨᠢ ᠬᠠᠭᠠᠷᠠᠵᠤ ᠡᠪᠳᠡᠷᠡᠭᠰᠡᠨ ᠪᠠᠶᠢᠪᠠᠯ ᠲᠠᠷᠦ᠋ᠢᠬᠠᠨ ᠰᠢᠨ᠎ᠠ ᠪᠠᠷ ᠰᠤᠯᠢᠨ᠎ᠠ᠃

      ︵3︶ ᠱᠠ ᠪᠦᠷᠭᠦᠭᠦᠯ ᠲᠠᠭᠠᠷᠠᠭᠤᠯᠬᠤ ᠳᠠᠭᠠᠨ ᠱᠠ ᠪᠦᠷᠭᠦᠭᠦᠯ ᠢᠶᠠᠨ ᠰᠢᠪᠡᠷ ᠲᠤᠯᠤᠭᠠᠢ ᠲᠡᠭᠡᠷ᠎ᠡ ᠨᠢ ᠵᠢᠭᠳᠡᠭᠡᠨ ᠬᠤᠯᠪᠤᠵᠤ ᠤᠶᠠᠨ᠎ᠠ᠃

      17. ᠨᠠᠮᠤᠭ ᠤᠨ ᠭᠡᠢ ᠶᠢᠨ ᠳ᠋ᠧᠩ ᠤᠨ ᠰᠢᠯ ᠪᠦᠷᠭᠦᠭᠦᠯ ᠨᠢ ᠶᠠᠭᠠᠭᠢᠬᠤ ᠳᠠᠭᠠᠨ ᠬᠠᠭᠠᠷᠠᠳᠠᠭ ᠪᠤᠢ︖

      ᠰᠢᠯ ᠪᠦᠷᠭᠦᠭᠦᠯ ᠤᠨ ᠬᠠᠭᠠᠷᠠᠬᠤ ᠰᠢᠯᠳᠠᠭᠠᠨ ᠨᠢ ᠭᠡᠪᠡᠯ᠄

      ︵1︶ ᠰᠢᠯ ᠪᠦᠷᠭᠦᠭᠦᠯ ᠤᠨ ᠲᠤᠰ ᠪᠡᠶ᠎ᠠ ᠶᠢᠨ ᠢᠯᠴᠢ ᠲᠤᠠᠠᠳᠠᠪᠤᠷᠢᠵᠢᠭᠤᠯᠬᠤ ᠴᠢᠳᠠᠪᠤᠷᠢ ᠨᠢ ᠮᠠᠭᠤ ᠠᠴᠠ ᠪᠤᠯᠵᠠᠢ᠃

       ︵2︶ ᠦᠨᠳᠤᠷ ᠬᠠᠯᠠᠭᠤᠨ ᠪᠡ ᠤᠳᠤᠭ᠎ᠠ ᠭᠡᠢ ᠶᠢᠨ ᠴᠤᠷᠭᠢᠯᠠᠬᠤ ᠠᠴᠠ ᠪᠤᠯᠵᠠᠢ᠃

       ︵3︶ ᠨᠠᠮᠤᠭ ᠤᠨ ᠭᠡᠢ ᠶᠢᠨ ᠲᠠᠷᠤᠯᠳᠠ ᠭᠡᠳᠦᠷᠭᠡᠢ ᠦᠨᠳᠤᠷ ᠪᠠᠶᠢᠬᠤ ᠠᠴᠠ ᠪᠤᠯᠵᠠᠢ᠃

       ᠰᠡᠷᠭᠡᠶᠢᠯᠡᠭᠦ ᠠᠷᠭ᠎ᠠ ᠭᠡᠪᠡᠯ᠄

      ︵1︶ ᠢᠯᠴᠢ ᠲᠤᠠᠠᠳᠠᠪᠤᠷᠢᠵᠢᠭᠤᠯᠬᠤ ᠴᠢᠳᠠᠪᠤᠷᠢ ᠰᠠᠶᠢᠳᠡᠢ ᠰᠢᠯ ᠪᠦᠷᠭᠦᠭᠦᠯ ᠢ ᠭᠡᠷᠡᠭᠯᠡᠨ᠎ᠡ᠃

      ︵2︶ ᠬᠠᠭᠠᠷᠠᠵᠦ ᠡᠪᠳᠡᠷᠡᠭᠰᠡᠨ ᠪᠦᠷᠭᠦᠭᠦᠯ ᠢ ᠴᠠᠭ ᠲᠠᠷᠤᠢ ᠳᠤᠨᠢ ᠰᠤᠯᠢᠨ᠎ᠠ᠃

      ︵3︶ ᠨᠠᠮᠤᠭ ᠤᠨ ᠭᠡᠢ ᠶᠢᠨ ᠲᠠᠷᠤᠯᠳᠡ ᠶᠢ ᠲᠤᠭᠢᠷᠠᠭᠤᠯᠵᠤ᠂ ᠲᠠᠷᠤᠯᠳᠡ ᠦᠨᠳᠤᠷᠵᠢᠭᠦ ᠶᠢ ᠰᠡᠷᠭᠡᠶᠢᠯᠡᠨ᠎ᠡ᠃

      18. ᠶᠠᠭᠤᠨ ᠤ ᠤᠴᠢᠷ ᠠᠴᠠ ᠨᠠᠮᠤᠭ ᠤᠨ ᠭᠡᠢ ᠶᠢ ᠠᠶᠤᠯ ᠦᠬᠡᠢ ᠭᠡᠷᠡᠭᠯᠡᠭᠦ ᠶᠠᠷᠤ ᠶᠢᠨ ᠮᠡᠳᠡᠯᠭᠡ  ᠪᠤᠯᠤᠨ ᠮᠡᠷᠭᠡᠵᠢᠯ ᠢ ᠡᠵᠡᠮᠰᠢᠭᠦ ᠨᠢ ᠲᠤᠩ ᠴᠢᠬᠤᠯᠠ ᠭᠡᠵᠤ ᠭᠡᠯᠡᠳᠡᠭ ᠪᠤᠢ︖

      ᠨᠠᠮᠤᠭ ᠤᠨ ᠭᠡᠢ᠂ ᠨᠡᠭᠦᠷᠡᠰᠤᠨ ᠭᠡᠢ ᠪᠤᠯᠤᠨ ᠪᠠᠶᠢᠭᠠᠯᠢᠯᠢᠬ ᠭᠡᠢ ᠨᠢ ᠴᠦᠮ ᠠᠮᠠᠷᠬᠠᠨ ᠨᠤᠴᠤᠵᠤ ᠠᠮᠠᠷᠬᠠᠨ ᠲᠡᠯᠪᠡᠷᠡᠳᠡᠭ᠃ ᠭᠡᠷᠪᠡ ᠲᠤᠭᠢᠳᠡᠢ ᠰᠠᠶᠢᠬᠠᠨ ᠭᠡᠷᠡᠭᠯᠡᠭᠦ ᠦᠭᠡᠢ ᠪᠤᠯ ᠭᠠᠯ ᠤᠨ ᠠᠶᠤᠯ ᠠᠮᠠᠷᠬᠠᠨ ᠡᠭᠦᠰᠭᠦ ᠪᠡ ᠭᠡᠷᠡᠭᠯᠡᠭᠦ ᠨᠢ ᠵᠤᠭᠢᠰ ᠦᠭᠡᠢ ᠠᠴᠠ ᠪᠤᠯᠤᠭᠠᠳ ᠭᠦᠮᠦᠨ ᠮᠠᠯ ᠢ ᠬᠤᠤᠷᠳᠠᠭᠤᠯᠬᠤ ᠪᠦᠭᠡᠳ ᠴᠢᠨ᠋ᠬᠠᠰᠢᠯᠠᠪᠠᠯ ᠭᠦᠮᠦᠨ ᠠᠮᠢᠳᠠᠨ ᠦᠭᠦᠵᠤ ᠠᠳᠡᠭᠦ ᠭᠦᠨᠳᠤ ᠨᠤᠴᠢᠳᠡᠢ ᠭᠡᠷᠡᠭ ᠡᠭᠦᠰᠳᠡᠭ᠃ ᠡᠶᠢᠮᠤ ᠠᠴᠠ ᠨᠠᠮᠤᠭ ᠤᠨ ᠭᠡᠢ ᠶᠢ ᠠᠶᠤᠯ ᠦᠬᠡᠢ ᠭᠡᠷᠡᠭᠯᠡᠭᠦ ᠠᠷᠭ᠎ᠠ ᠶᠢ ᠤᠨᠤᠪᠴᠢᠳᠡᠢ ᠡᠵᠡᠮᠰᠢᠪᠡᠯ᠂ ᠠᠳᠡᠯ ᠭᠡᠷᠡᠭ ᠢ ᠬᠤᠷᠢᠠᠠᠯᠠᠵᠤ᠂ ᠡᠳ᠋ ᠭᠦᠷᠦᠩᠭᠡ ᠶᠢᠨ ᠬᠤᠭᠢᠷᠠᠯ ᠢ ᠪᠠᠭᠠᠰᠬᠠᠵᠤ ᠴᠢᠳᠠᠨ᠎ᠠ᠃ ᠡᠶᠢᠮᠤ ᠶᠢᠨ ᠲᠤᠯᠠᠳᠠ ᠨᠠᠮᠤᠭ ᠤᠨ ᠭᠡᠢ ᠶᠢᠨ ᠦᠢᠯᠡᠳᠦᠯ ᠴᠢᠨᠠᠷ ᠢ ᠤᠶᠢᠯᠠᠭᠠᠵᠤ᠂ ᠠᠶᠤᠯ ᠦᠬᠡᠢ ᠪᠠᠷ ᠭᠡᠷᠡᠭᠯᠡᠭᠦ ᠶᠠᠷᠤ ᠶᠢᠨ ᠮᠡᠳᠡᠯᠭᠡ ᠪᠤᠯᠤᠨ ᠮᠡᠷᠭᠡᠵᠢᠯ ᠢ ᠰᠠᠶᠢᠳᠤᠷ ᠡᠵᠡᠮᠰᠢᠭᠦ ᠨᠢ ᠲᠤᠩ ᠴᠢᠬᠤᠯᠠ ᠶᠠᠪᠤᠳᠠᠯ ᠪᠤᠯᠬᠤ ᠶᠤᠮ᠃

     19. ᠶᠠᠭᠠᠭᠢᠬᠤ ᠳᠠᠭᠠᠨ ᠨᠠᠮᠤᠭ ᠤᠨ ᠭᠡᠢ ᠶᠢᠨ ᠬᠤᠤᠷᠳᠠᠯ ᠡᠭᠦᠰᠳᠡᠭ ᠪᠤᠢ︖

      ᠨᠠᠮᠤᠭ ᠤᠨ ᠭᠡᠢ ᠶᠢᠨ ᠬᠤᠤᠷᠳᠠᠯ ᠡᠭᠦᠰᠳᠡᠭ ᠤᠨ ᠰᠢᠯᠳᠠᠭᠠᠨ ᠨᠢ ᠭᠡᠪᠡᠯ᠄

      ᠨᠢᠭᠡ᠂ ᠨᠠᠮᠤᠭ ᠤᠨ ᠭᠡᠢ ᠶᠢᠨ ᠲᠤᠳᠤᠷ᠎ᠠ ᠬᠤᠤᠷ ᠲᠠᠢ ᠭᠡᠢ ᠪᠡᠶᠡᠳᠤ - ᠲᠠᠷᠤᠢ ᠭᠦᠭᠦᠷᠵᠢᠭᠰᠡᠨ ᠤᠰᠤᠳᠦ᠋ᠷᠦᠭᠴᠢ ᠠᠭᠤᠯᠤᠠᠠᠳᠠᠵᠤ ᠪᠠᠶᠢᠳᠠᠭ᠃ ᠭᠦᠭᠦᠷᠵᠢᠭᠰᠡᠨ ᠤᠰᠤᠳᠦ᠋ᠷᠦᠭᠴᠢ ᠪᠤᠯ ᠨᠢᠭᠡ ᠵᠦᠢᠯ ᠤᠨ ᠦᠡᠭᠭᠡ ᠦᠭᠡᠢ᠂ ᠢᠯᠵᠠᠷᠬᠠᠰᠠᠨ ᠲᠠᠭᠢᠶᠠᠨ ᠦᠨᠳᠡᠭᠡ ᠶᠢᠨ ᠦᠨᠤᠷ ᠲᠠᠢ ᠭᠡᠢ ᠪᠡᠶᠡᠳᠤ ᠪᠤᠯᠬᠤ ᠪᠦᠭᠡᠳ ᠤᠰᠤᠨ ᠳᠤ ᠠᠮᠠᠷᠬᠠᠨ ᠠᠭᠤᠰᠳᠠᠭ᠃ ᠡᠭᠦᠨ ᠳᠤ ᠨᠠᠮᠤᠭ ᠤᠨ ᠭᠡᠢ ᠶᠢᠨ ᠦᠳᠭᠡᠴᠡ ᠨᠢ 0.02% ᠠᠴᠠ ᠭᠡᠳᠦᠷᠡᠭᠦ ᠦᠶᠡᠰ᠂ ᠲᠤᠯᠤᠭᠠᠢ ᠡᠪᠡᠳᠭᠦ ᠪᠡᠶ᠎ᠠ ᠰᠤᠯᠳᠠᠶᠢᠬᠤ᠂ ᠬᠠᠷᠠᠭ᠎ᠠ ᠮᠠᠭᠤᠳᠠᠬᠤ ᠵᠡᠷᠭᠡ ᠢᠯᠡᠷᠡᠯ ᠭᠠᠷᠴᠤ᠂ ᠨᠠᠮᠤᠭ ᠤᠨ ᠭᠡᠢ ᠶᠢᠨ ᠦᠳᠭᠡᠴᠡ ᠨᠢ 0.1% ᠠᠴᠠ ᠭᠡᠳᠦᠷᠡᠭᠰᠡᠨ ᠦᠶᠡᠰ ᠭᠦᠮᠦᠨ ᠠᠮᠢᠳᠠᠨ ᠮᠠᠰᠢ ᠲᠦᠷᠭᠡᠨ ᠦᠭᠦᠵᠤ ᠠᠳᠡᠳᠡᠭ᠃

      ᠬᠤᠶᠠᠷ᠂ ᠠᠭᠤᠷ ᠠᠮᠢᠰᠬᠤᠯ ᠳᠤ ᠨᠡᠭᠦᠷᠡᠰᠦᠳᠦ᠋ᠷᠦᠭᠴᠢ ᠶᠢᠨ ᠲᠠᠪᠬᠤᠷ ᠢᠰᠤᠯ ᠤᠨ ᠠᠭᠤᠯᠤᠠᠠᠳᠠᠴᠠ 30% ᠪᠤᠯᠤᠨ ᠨᠡᠮᠡᠭᠳᠡᠭᠦ ᠦᠶᠡᠰ᠂ ᠭᠦᠮᠦᠰ ᠤᠨ ᠠᠮᠢᠰᠬᠤᠯ ᠬᠤᠷᠢᠠᠠᠯᠬᠠᠳᠠᠵᠤ ᠮᠢᠨᠴᠦᠭᠦᠷᠡᠨ ᠦᠭᠦᠳᠡᠭ᠃ ᠭᠡᠷᠪᠡ ᠭᠦᠮᠦᠨ ᠰᠢᠨ᠎ᠠ ᠰᠤᠷᠭᠤᠭ ᠠᠭᠠᠷ ᠤᠨ ᠤᠷᠴᠢᠨ ᠠᠴᠠ ᠭᠦᠴᠢᠯᠳᠦ᠋ᠷᠦᠭᠴᠢ ᠵᠦᠪᠭᠡᠨ 4% ᠠᠴᠠ ᠲᠤᠷᠤᠠᠠᠰᠢ ᠪᠠᠶᠢᠬᠤ ᠤᠷᠴᠢᠨ ᠳᠤ ᠭᠡᠨᠡᠳᠳᠡ ᠤᠷᠤᠵᠤ ᠤᠴᠢᠪᠠᠯ᠂ ᠲᠦᠴᠢᠭᠡᠳ ᠰᠧᠺᠦ᠋ᠨ᠋ᠳ᠋ ᠤᠨ ᠲᠤᠳᠤᠷ᠎ᠠ ᠮᠡᠳᠡᠷᠡᠯ ᠠᠯᠳᠠᠵᠤ᠂ ᠵᠠᠯᠭᠠᠭᠠᠳ ᠵᠠᠭᠤᠷᠠᠵᠤ ᠲᠠᠳᠠᠪᠠᠯᠵᠠᠨ᠂ ᠠᠮᠢᠰᠬᠤᠯ ᠨᠢ ᠵᠤᠠᠠᠰᠤᠴᠢᠬᠠᠳᠠᠭ᠃ ᠨᠠᠮᠤᠭ ᠤᠨ ᠭᠡᠢ ᠶᠢᠨ ᠲᠤᠳᠤᠷ᠎ᠠ ᠦᠨᠳᠤᠰᠤᠨ ᠳᠡᠭᠡᠨ ᠭᠦᠴᠢᠯᠳᠦ᠋ᠷᠦᠭᠴᠢ ᠦᠭᠡᠢ ᠪᠦᠭᠡᠳ ᠲᠡᠭᠡᠷ᠎ᠡ ᠨᠢ ᠪᠠᠰᠠ ᠠᠭᠤᠯᠤᠠᠠᠳᠠᠵᠤ ᠪᠦᠭᠦᠢ ᠨᠡᠭᠦᠷᠡᠰᠦᠳᠦ᠋ᠷᠦᠭᠴᠢ ᠶᠢᠨ ᠲᠠᠪᠬᠤᠷ ᠢᠰᠦᠯ ᠨᠢ 25% ᠠᠴᠠ ᠲᠠᠪᠠᠪᠠᠯ᠂ ᠭᠦᠮᠦᠨ ᠭᠡᠷᠪᠡ ᠡᠨᠡ ᠬᠦ ᠤᠷᠴᠢᠨ ᠳᠤ ᠤᠷᠤᠵᠤ ᠤᠴᠢᠪᠠᠯ᠂ ᠲᠠᠷᠠ ᠲᠠᠷᠤᠢ ᠳ᠋ᠠ᠋ᠭᠠᠨ ᠪᠦᠳᠡᠩᠰᠡᠵᠦ ᠦᠭᠦᠭᠦ ᠪᠤᠯᠤᠨ᠎ᠠ᠃ ᠡᠶᠢᠮᠤ ᠠᠴᠠ ᠨᠠᠮᠤᠭ ᠤᠨ ᠭᠡᠢ ᠶᠢᠨ ᠵᠤᠭᠤᠷᠢᠨ ᠳᠤ ᠤᠷᠤᠬᠤ ᠳᠠᠭᠠᠨ ᠵᠠᠪᠠᠯ ᠠᠶᠤᠯ ᠦᠬᠡᠢ ᠰᠡᠷᠭᠡᠶᠢᠯᠡᠯᠳᠡ ᠶᠢᠨ ᠠᠷᠭ᠎ᠠ ᠭᠡᠮᠵᠢᠶ᠎ᠠ ᠠᠪᠬᠤ ᠭᠡᠷᠡᠭᠳᠡᠢ᠃  

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
Baidu
map