|
ᠨᠢᠯᠬ᠎ᠠ ᠲᠤᠭᠤᠯ ᠢ ᠶᠠᠭᠠᠭᠢᠵᠤ ᠠᠷᠠᠴᠢᠯᠠᠵᠤ ᠲᠤᠳᠤᠮᠳᠠᠬᠤ ᠪᠤᠢ |
|
|
ᠨᠡᠶᠢᠲᠡᠯᠡᠭᠰᠡᠨ ᠴᠠᠭ᠄
2015/12/17
|
|
ᠨᠢᠭᠡ᠂ ᠨᠢᠯᠬ᠎ᠠ ᠲᠤᠭᠤᠯ ᠢᠶᠠᠨ ᠬᠠᠭᠤᠷᠠᠢ ᠡᠪᠡᠰᠤᠨ ᠲᠠᠪᠢᠰᠭᠡᠷ ᠲᠡᠭᠡᠷ᠎ᠡ ᠲᠠᠯᠪᠢᠨ᠎ᠠ᠃ ᠭᠡᠷᠪᠡ ᠭᠦᠢᠰᠤ ᠨᠢ ᠬᠠᠳᠠᠵᠤ ᠲᠠᠰᠤᠷᠠᠭᠠᠳᠤᠢ ᠪᠤᠯ ᠠᠷᠢᠭᠤᠳᠬᠠᠠᠠᠰᠠᠨ ᠬᠠᠶᠢᠴᠢ ᠪᠠᠷ 10 ~ 15 ᠰᠠᠠᠲ᠋ᠢᠮᠧᠲᠷ ᠤᠷᠳᠤ ᠬᠠᠶᠢᠴᠢᠯᠠᠵᠤ ᠦᠯᠡᠳᠡᠭᠡᠳ ᠲᠤᠳᠤᠷᠠᠭᠢ ᠪᠤᠵᠠᠷ ᠤᠰᠤ ᠶᠢ ᠨᠢ ᠰᠢᠬᠠᠨ ᠭᠠᠷᠭᠠᠨ᠎ᠠ᠃ ᠲᠠᠷᠠᠭ᠎ᠠ ᠨᠢ 5% ᠶᠢᠨ ᠢᠤᠳ᠋ᠳᠤ ᠤᠰᠤ ᠪᠠᠷ ᠭᠦᠢᠰᠤᠨ ᠤ ᠲᠤᠳᠤᠷᠠᠭᠢ ᠶᠢ ᠠᠷᠢᠭᠤᠳᠬᠠᠵᠤ ᠪᠤᠯᠤᠨ᠎ᠠ᠃ ᠬᠤᠶᠠᠷ᠂ ᠨᠢᠯᠬ᠎ᠠ ᠲᠤᠭᠤᠯ ᠤᠨ ᠠᠮᠠ ᠬᠠᠮᠠᠷ ᠤᠨ ᠭᠢᠨᠢ ᠭᠦᠨᠳᠡᠢ ᠳᠠᠬᠢ ᠨᠢᠯᠴᠠᠭᠠᠢ ᠰᠠᠯᠢᠰᠤ ᠶᠢ ᠨᠢ ᠠᠯᠴᠢᠭᠤᠷ ᠵᠡᠷᠭᠡ ᠵᠦᠭᠡᠯᠡᠨ ᠪᠦᠰ ᠢᠶᠠᠷ ᠠᠷᠴᠢᠨ᠎ᠠ᠃ ᠭᠡᠷᠪᠡ ᠨᠢᠯᠬ᠎ᠠ ᠲᠤᠭᠤᠯ ᠨᠢᠯᠴᠠᠭᠠᠢ ᠰᠠᠯᠢᠰᠤ ᠪᠠᠨ ᠵᠠᠯᠭᠢᠵᠤ ᠠᠮᠢᠰᠬᠤᠯᠯᠠᠬᠤ ᠳᠤ ᠭᠦᠴᠢᠷᠳᠡᠵᠤ ᠪᠠᠶᠢᠪᠠᠯ ᠭᠠᠷ ᠢᠶᠠᠷ ᠢᠶᠠᠨ ᠲᠤᠭᠤᠯ ᠤᠨ ᠴᠡᠭᠡᠵᠢᠨ ᠭᠡᠰᠡᠭ ᠢ ᠵᠦᠭᠡᠯᠡᠨ ᠠᠯᠠᠭᠠᠳᠠᠵᠤ ᠠᠮᠢᠰᠬᠤᠯ ᠢ ᠨᠢ ᠰᠡᠷᠭᠦᠭᠡᠨ᠎ᠡ᠃ ᠠᠮᠢᠰᠬᠤᠯ ᠨᠢ ᠭᠦᠨᠳᠤ ᠨᠤᠴᠢᠳᠠᠢ ᠪᠦᠭᠯᠡᠷᠡᠭᠰᠡᠨ ᠪᠠᠶᠢᠪᠠᠯ ᠲᠤᠭᠤᠯ ᠤᠨ ᠬᠤᠶᠢᠳᠤ ᠬᠤᠶᠠᠷ ᠭᠦᠯ ᠢ ᠲᠡᠭᠡᠭᠰᠢ ᠡᠷᠭᠦᠵᠤ᠂ ᠴᠡᠭᠡᠵᠢ ᠶᠢ ᠨᠢ ᠭᠦᠴᠤᠳᠡᠢ ᠰᠢᠭ ᠠᠯᠠᠭᠠᠳᠠᠵᠤ᠂ ᠵᠠᠯᠭᠢᠨ᠋ᠠᠰᠠᠨ ᠰᠠᠯᠢᠰᠤ ᠶᠢ ᠨᠢ ᠪᠦᠭᠡᠯᠵᠢᠭᠦᠯᠦᠨ ᠭᠠᠷᠭᠠᠵᠤ ᠭᠡᠪ ᠤᠨ ᠠᠮᠢᠰᠬᠤᠯ ᠢ ᠨᠢ ᠲᠦᠷᠭᠡᠨ ᠰᠡᠷᠭᠦᠭᠡᠭᠦ ᠭᠡᠷᠡᠭᠳᠡᠢ᠃ ᠭᠤᠷᠪᠡ᠂ ᠨᠢᠯᠬ᠎ᠠ ᠲᠤᠭᠤᠯ ᠤᠨ ᠪᠡᠶ᠎ᠡ ᠲᠡᠭᠡᠷᠡᠭᠢ ᠰᠠᠯᠠᠢ ᠶᠢ ᠡᠭᠡ ᠪᠠᠷ ᠨᠢ ᠲᠤᠯᠢᠶᠠᠯᠭᠠᠨ ᠬᠠᠳᠠᠭᠠᠪᠠᠯ ᠰᠠᠶᠢᠨ ᠶᠤᠮ᠃ ᠦᠨᠢᠶᠠᠨ ᠤ ᠭᠡᠯᠡ ᠪᠠᠷ ᠢᠶᠠᠨ ᠲᠦᠯ ᠮᠠᠯ ᠤᠨ ᠢᠶᠠᠨ ᠰᠠᠯᠠᠢ ᠶᠢ ᠲᠤᠯᠢᠶᠠᠵᠤ ᠬᠠᠳᠠᠭᠠᠬᠤ ᠶᠢ ᠠᠷᠴᠢᠵᠤ ᠬᠠᠳᠠᠭᠠᠬᠤ ᠲᠠᠢ ᠠᠳᠠᠯᠢᠳᠬᠠᠪᠠᠯ ᠹᠢᠽᠢᠤᠯᠤᠭᠢ ᠶᠢᠨ ᠲᠠᠯ᠎ᠠ ᠪᠠᠷ ᠲᠠᠪᠠᠭᠤᠯᠢᠭ ᠲᠠᠯ᠎ᠠ ᠲᠠᠢ ᠪᠠᠶᠢᠳᠠᠭ᠃ ᠤᠴᠢᠷ ᠨᠢ ᠦᠨᠢᠶᠡᠨ ᠤ ᠰᠢᠯᠦᠰᠤᠨ ᠳᠤ ᠶᠡᠭᠡ ᠭᠡᠮᠵᠢᠶᠠᠨ ᠤ ᠰᠢᠯᠤᠰᠤᠨ ᠤ ᠢᠰᠤᠯ ᠠᠭᠤᠯᠤᠠᠠᠳᠠᠵᠤ ᠪᠠᠶᠢᠬᠤ ᠪᠤᠯᠬᠤᠷ ᠲᠠᠷᠠ ᠨᠢ ᠲᠤᠭᠤᠯ ᠤᠨ ᠪᠡᠶ᠎ᠡ ᠲᠡᠭᠡᠷᠡᠭᠢ ᠨᠢᠯᠴᠠᠭᠠᠢ ᠰᠠᠯᠢᠰᠤ ᠶᠢ ᠠᠷᠢᠭᠤᠳᠬᠠᠵᠤ ᠴᠢᠳᠠᠳᠠᠭ᠃ ᠦᠨᠢᠶᠡᠨ ᠤ ᠭᠡᠯᠡ ᠭᠢᠭᠡᠳ ᠲᠤᠭᠤᠯ ᠤᠨ ᠠᠷᠠᠰᠤᠨ ᠤ ᠦᠷᠦᠯᠳᠡ ᠨᠢ ᠲᠤᠭᠤᠯ ᠤᠨ ᠮᠡᠳᠡᠷᠡᠯ ᠤᠨ ᠨᠠᠷᠢᠨ ᠰᠤᠳᠠᠯ ᠳᠤ ᠰᠡᠳᠦᠯᠳᠡ ᠦᠭᠴᠤ᠂ ᠪᠡᠶ᠎ᠡ ᠶᠢᠨ ᠢᠯᠴᠢ ᠶᠢ ᠨᠢ ᠲᠤᠭᠢᠷᠠᠭᠤᠯᠬᠤ ᠪᠠ ᠴᠢᠰᠤᠨ ᠤ ᠡᠷᠭᠢᠯᠳᠡ ᠶᠢ ᠨᠢ ᠲᠦᠷᠭᠡᠳᠭᠡᠭᠦ ᠦᠢᠯᠡᠳᠦᠯ ᠲᠠᠢ ᠶᠤᠮ᠃ ᠲᠦᠷᠪᠡ᠂ ᠨᠢᠯᠬ᠎ᠠ ᠲᠤᠭᠤᠯ ᠲᠡᠩᠭᠡᠵᠢᠵᠤ ᠵᠤᠠᠠᠰᠤᠵᠤ ᠴᠢᠳᠠᠬᠤ ᠪᠤᠯᠤᠠᠠᠰᠠᠨ ᠤ ᠲᠠᠷᠠᠭ᠎ᠠ ᠤᠷᠢᠳ ᠢᠶᠠᠷ ᠠᠷᠢᠭᠤᠳᠬᠠᠵᠤ᠂ ᠡᠪᠡᠰᠤ ᠲᠠᠪᠢᠰᠴᠤ ᠪᠡᠯᠡᠳᠭᠡᠭᠰᠡᠨ ᠼᠧᠯᠰ ᠤᠨ 18 ~ 20 ᠭᠷᠠᠳᠦ᠋ᠰ ᠤᠨ ᠬᠠᠰᠢᠶᠠᠨ ᠳᠤ ᠲᠠᠷᠤᠢ ᠲᠦᠷᠭᠡᠨ ᠭᠦᠷᠭᠡᠨ ᠤᠷᠤᠭᠤᠯᠵᠤ ᠲᠠᠩ ᠢᠶᠠᠷ ᠨᠢ ᠬᠤᠷᠢᠭᠠᠳ ᠭᠦᠨᠳᠤ ᠶᠢ ᠨᠢ ᠵᠢᠩᠯᠡᠵᠤ ᠳ᠋ᠤᠭᠠᠷᠯᠠᠨ ᠲᠡᠮᠳᠡᠭᠯᠡᠭᠦ ᠪᠤᠶᠤ ᠴᠢᠭᠢᠨ ᠤ ᠲᠡᠮᠳᠡᠭ ᠭᠢᠵᠤ ᠪᠤᠯᠤᠨ᠎ᠠ᠃ |
|
|
|
ᠢᠷᠡᠯᠲᠡ᠄
ᠦᠪᠦᠷ ᠮᠣᠩᠭᠤᠯ ᠤᠨ ᠵᠠᠰᠠᠭ ᠤᠨ ᠣᠷᠳᠤᠨ
|