ᠨᠢᠯᠬ᠎ᠠ ᠲᠤᠭᠤᠯ ᠳᠤ ᠴᠠᠭ ᠲᠤᠬᠠᠢ ᠳᠤᠨᠢ ᠤᠭᠤᠷᠠᠭ ᠰᠦ  ᠶᠢ ᠨᠢ ᠭᠦᠭᠦᠭᠦᠯᠪᠡᠯ ᠰᠠᠶᠢᠨ
ᠨᠡᠶᠢᠲᠡᠯᠡᠭᠰᠡᠨ ᠴᠠᠭ᠄
2015/12/17

      ᠨᠢᠭᠡ᠂ ᠰᠠᠶ᠋ᠢ ᠭᠠᠷᠤᠠᠠᠰᠠᠨ ᠲᠤᠭᠤᠯ ᠪᠠᠷᠤᠭ 30 ᠮᠢᠨᠦ᠋ᠲ ᠪᠤᠯᠪᠠᠯ ᠲᠠᠷᠤᠢ ᠪᠤᠰᠴᠤ ᠵᠤᠠᠠᠰᠤᠭᠠᠳ ᠡᠭᠡ ᠪᠠᠨ ᠭᠦᠭᠦᠳᠡᠭ ᠶᠤᠮ᠃ ᠨᠢᠭᠡ ᠴᠠᠭ ᠪᠤᠯᠪᠠᠯ ᠡᠭᠡ ᠪᠠᠨ ᠲᠠᠭᠠᠵᠤ ᠶᠠᠪᠤᠬᠤ ᠪᠦᠭᠡᠳ ᠦᠭᠡᠷ  ᠤᠨ ᠰᠦᠷᠦᠭ  ᠢᠶᠠᠨ ᠬᠤᠵᠢᠠᠠᠳᠠᠯ ᠦᠭᠡᠢ ᠲᠠᠭᠠᠨ᠎ᠠ᠃ ᠨᠢᠯᠬ᠎ᠠ ᠲᠤᠭᠤᠯ  ᠢ ᠵᠤᠷᠢᠭᠤᠳᠠ ᠡᠭᠡ  ᠶᠢᠨ ᠰᠦ ᠠᠴᠠ ᠨᠢ ᠰᠢᠭᠤᠳ ᠰᠠᠯᠭᠠᠬᠤ ᠳᠠᠭᠠᠨ ᠡᠷᠭᠡᠪᠰᠢ ᠴᠠᠭ ᠲᠤᠬᠠᠢ ᠳᠤᠨᠢ ᠬᠠᠮᠤᠭ ᠡᠭᠢᠨ  ᠤ ᠤᠭᠤᠷᠠᠭ ᠰᠦ  ᠶᠢ ᠨᠢ ᠭᠦᠭᠦᠭᠦᠯᠵᠤ᠂ ᠲᠤᠭᠤᠯ  ᠤᠨ ᠹᠢᠽᠢᠤᠯᠤᠭᠢ ᠪᠠ ᠡᠷᠡᠭᠦᠯ ᠴᠢᠭᠢᠷᠠᠭ ᠲᠤᠨᠢ ᠵᠤᠭᠢᠴᠠᠭᠤᠯᠪᠠᠯ ᠰᠠᠶᠢᠨ ᠪᠠᠶᠢᠳᠠᠭ᠃
       ᠬᠤᠶᠠᠷ᠂ ᠰᠠᠶ᠋ᠢ ᠭᠠᠷᠤᠠᠠᠰᠠᠨ ᠨᠢᠯᠬ᠎ᠠ ᠲᠤᠭᠤᠯ  ᠤᠨ ᠬᠤᠳᠤᠭᠤᠳᠤ ᠭᠡᠳᠡᠰᠤ ᠨᠢ ᠬᠤᠭᠤᠰᠤᠨ ᠪᠠᠶᠢᠳᠠᠭ᠃ ᠲᠦᠯᠯᠡᠭᠰᠡᠨ  ᠤ ᠲᠠᠷᠠᠭᠠᠭᠢ ᠨᠢᠭᠡ ᠴᠠᠭ  ᠤᠨ ᠲᠤᠳᠤᠷ᠎ᠠ ᠬᠤᠳᠤᠭᠤᠳᠤ ᠪᠤᠯᠤᠨ ᠭᠡᠳᠡᠰᠤᠨ ᠳᠤᠨᠢ ᠮᠢᠺᠷᠤᠪ ᠦᠭᠡᠢ ᠶᠤᠮ᠃ ᠨᠢᠭᠡ ᠴᠠᠭ ᠪᠤᠯᠤᠠᠠᠰᠠᠨ  ᠤ ᠲᠠᠷᠠᠭ᠎ᠠ ᠮᠢᠺᠷᠤᠪ  ᠤᠨ ᠲᠦᠷᠦᠯ ᠵᠤᠶᠢᠯ ᠪᠠ ᠦᠷᠡᠵᠢᠯᠳᠡ ᠶᠢᠨ ᠬᠤᠷᠳᠤᠴᠠ ᠨᠢ ᠬᠠᠮᠤᠭ ᠡᠭᠢᠨ  ᠤ ᠤᠭᠤᠷᠠᠭ ᠰᠦ  ᠶᠢ ᠡᠷᠳᠡ ᠪᠤᠶᠤ ᠬᠤᠵᠢᠳ ᠭᠦᠭᠦᠭᠰᠡᠨ ᠢᠶᠠᠷ ᠤᠯᠠᠷᠢᠵᠤ ᠰᠢᠯᠵᠢᠨ᠎ᠠ᠃ ᠡᠶᠢᠮᠤ ᠠᠴᠠ ᠨᠢᠯᠬ᠎ᠠ ᠲᠤᠭᠤᠯ ᠳᠤ 30 ~ 60 ᠮᠢᠨᠦ᠋ᠲ  ᠤᠨ ᠬᠤᠭᠤᠷᠤᠨᠳᠤ ᠡᠭᠢᠨ  ᠤ ᠤᠭᠤᠷᠠᠭ ᠰᠦ ᠶᠢ ᠨᠢ ᠭᠦᠭᠦᠭᠦᠯᠪᠡᠯ ᠬᠠᠮᠤᠭ ᠠᠴᠠ ᠰᠠᠶᠢᠨ ᠪᠠᠶᠢᠳᠠᠭ᠃
      ᠭᠤᠷᠪᠡ᠂ ᠨᠢᠯᠬ᠎ᠠ ᠲᠤᠭᠤᠯ  ᠤᠨ ᠭᠦᠵᠡᠭᠡ ᠪᠡ ᠭᠡᠳᠡᠰᠤᠨ  ᠤ ᠬᠠᠨ᠎ᠠ ᠳᠤᠨᠢ ᠱᠦᠭᠦᠷᠡᠯ  ᠤᠨ ᠶᠠᠪᠤᠴᠠ ᠦᠭᠡᠢ ᠲᠤᠯᠠ ᠵᠠᠶᠢᠯᠠᠰᠢ ᠦᠭᠡᠢ ᠨᠢᠯᠴᠠᠭᠠᠢ ᠰᠢᠭᠦᠰᠤ ᠱᠦᠭᠦᠷᠡᠭᠦᠯᠭᠦ ᠦᠭᠡᠢ ᠶᠤᠮ᠃ ᠡᠶᠢᠮᠤ ᠠᠴᠠ ᠬᠤᠤᠷᠳᠤ ᠪᠠᠺᠲ᠋ᠧᠷᠢ ᠦᠳᠳᠡᠷ ᠲᠦᠷᠭᠡᠨ ᠦᠷᠡᠵᠢᠳᠡᠭ ᠮᠦᠷᠳᠡᠭᠡᠨ ᠴᠢᠰᠤᠨ ᠰᠤᠳᠠᠯ  ᠢᠶᠠᠷ ᠨᠢ ᠲᠠᠮᠵᠢᠭᠠᠳ ᠲᠤᠭᠤᠯ  ᠢ ᠭᠡᠮᠨᠡᠭᠦᠯᠳᠡᠭ᠃ ᠭᠡᠳᠡᠯ᠎ᠠ ᠤᠨᠴᠠ ᠴᠢᠳᠠᠯ  ᠤᠨ ᠦᠢᠯᠡᠳᠦᠯ ᠲᠠᠢ ᠤᠭᠤᠷᠠᠭ ᠰᠦᠨ  ᠤ ᠨᠢᠯᠴᠠᠭᠠᠢ ᠰᠢᠭᠦᠰᠤ ᠨᠢ ᠬᠤᠳᠤᠭᠤᠳᠤ ᠭᠡᠳᠡᠰᠤᠨ  ᠤ ᠬᠠᠨ᠎ᠠ  ᠶᠢ ᠪᠦᠳᠡᠭᠡᠵᠤ ᠨᠢᠯᠴᠠᠭᠠᠢ ᠰᠢᠭᠦᠰᠤᠨ  ᠤ ᠦᠢᠯᠡᠳᠦᠯ ᠦᠵᠡᠭᠦᠯᠳᠡᠭ ᠪᠤᠯᠬᠤᠷ ᠴᠢᠰᠤᠨ ᠰᠤᠳᠠᠯ  ᠢᠶᠠᠷ ᠪᠠᠺᠲ᠋ᠧᠷᠢ ᠤᠷᠤᠬᠤ  ᠶᠢ ᠰᠡᠷᠭᠡᠶᠢᠯᠡᠵᠤ ᠲᠠᠶᠢᠯᠦᠨ᠎ᠠ᠃ ᠡᠶᠢᠮᠤ ᠠᠴᠠ ᠬᠠᠮᠤᠭ ᠡᠭᠢᠨ  ᠤ ᠤᠭᠤᠷᠠᠭ ᠰᠦ  ᠶᠢ ᠲᠤᠭᠤᠯ ᠳᠤ ᠡᠷᠳᠡ ᠭᠦᠭᠦᠭᠦᠯᠪᠡᠯ ᠭᠡᠮ ᠭᠢᠵᠢᠭ  ᠢ ᠰᠡᠷᠭᠡᠶᠢᠯᠡᠭᠦ ᠴᠢᠳᠠᠪᠤᠷᠢ ᠶᠢ ᠨᠢ ᠨᠡᠮᠡᠭᠳᠡᠭᠦᠯᠵᠤ ᠴᠢᠳᠠᠨ᠎ᠠ᠃
      ᠲᠦᠷᠪᠡ᠂ ᠨᠢᠯᠬ᠎ᠠ ᠲᠤᠭᠤᠯ  ᠤᠨ ᠭᠦᠵᠡᠭᠡ ᠪᠤᠯ ᠬᠤᠳᠤᠭᠤᠳᠤᠨ  ᠤ ᠭᠦᠴᠢᠯ  ᠢ ᠱᠦᠭᠦᠷᠡᠭᠦᠯᠳᠡᠭ ᠦᠭᠡᠢ᠃ ᠬᠤᠳᠤᠭᠤᠳᠤᠨ  ᠤ ᠭᠦᠴᠢᠯ ᠦᠭᠡᠢ ᠲᠤᠭᠤᠯ  ᠤᠨ ᠬᠤᠳᠤᠭᠤᠳᠤ ᠪᠤᠯ ᠪᠠᠺᠲ᠋ᠧᠷᠢ ᠦᠷᠡᠵᠢᠭᠦ ᠤᠭᠢ ᠰᠠᠶᠢᠨ ᠤᠷᠴᠢᠨ ᠲᠤᠭᠤᠷᠢᠨ ᠮᠦᠨ᠃ ᠤᠭᠤᠷᠠᠭ  ᠤᠨ ᠰᠦ  ᠶᠢᠨ ᠭᠦᠴᠢᠯ  ᠤᠨ ᠭᠡᠮᠵᠢᠶ᠎ᠠ ᠨᠢ ᠴᠤ ᠮᠠᠰᠢ ᠦᠨᠳᠤᠷ ᠪᠤᠯᠬᠤᠷ ᠲᠠᠷᠠ ᠨᠢ ᠬᠤᠤᠷᠳᠤ ᠪᠠᠺᠲ᠋ᠧᠷᠢ  ᠶᠢᠨ ᠦᠷᠡᠵᠢᠭᠦ  ᠶᠢ ᠬᠤᠷᠢᠠᠠᠯᠠᠨ ᠰᠡᠷᠭᠡᠶᠢᠯᠡᠭᠦ ᠲᠠᠯ᠎ᠠ ᠪᠠᠷ ᠮᠠᠰᠢ ᠶᠡᠭᠡ ᠦᠢᠯᠡᠳᠦᠯ ᠦᠵᠡᠭᠦᠯᠳᠡᠭ᠃
      ᠲᠠᠪᠤ᠂ ᠤᠭᠤᠷᠠᠭ ᠰᠦ ᠪᠤᠯ ᠵᠤᠩᠭᠠᠠᠠᠯᠠᠬᠤ  ᠶᠢ ᠠᠭᠢᠭᠤᠯᠬᠤ ᠦᠢᠯᠡᠳᠦᠯ ᠲᠠᠢ ᠪᠠᠶᠢᠳᠠᠭ᠃
      ᠵᠢᠷᠭᠤᠭ᠎ᠠ᠂ ᠤᠭᠤᠷᠠᠭ ᠰᠦᠨ ᠳᠤ ᠲᠤᠭᠤᠯ  ᠤᠨ ᠡᠷᠡᠭᠦᠯ ᠴᠢᠭᠢᠷᠠᠭ  ᠢ ᠪᠠᠳᠤᠯᠠᠬᠤ ᠪᠤᠳᠠᠰᠯᠢᠭ ᠡᠳ᠋ ᠶᠡᠭᠡᠭᠡᠨ ᠠᠭᠤᠯᠤᠠᠠᠳᠠᠵᠤ ᠪᠤᠢ᠂ ᠦᠭᠡᠷ᠎ᠡ ᠪᠠᠷ ᠭᠡᠯᠡᠪᠡᠯ ᠲᠤᠰᠤᠨ ᠳᠤ ᠠᠭᠤᠰᠬᠤ ᠴᠢᠨᠠᠷᠳᠠᠢ ᠸᠢᠲ᠋ᠠᠮᠢᠨ A᠂ ᠸᠢᠲ᠋ᠠᠮᠢᠨ D᠂ ᠸᠢᠲ᠋ᠠᠮᠢᠨ E ᠵᠡᠷᠭᠡ ᠡᠯᠧᠮᠧᠨ᠋ᠲ ᠡᠯᠪᠡᠭ ᠠᠭᠤᠯᠤᠠᠠᠳᠠᠵᠤ ᠪᠠᠶᠢᠨ᠎ᠠ᠃
       ᠲᠤᠯᠤᠭ᠎ᠠ᠂ ᠤᠭᠤᠷᠠᠭ ᠰᠦᠨ ᠳᠤ ᠨᠢᠯᠬ᠎ᠠ ᠲᠤᠭᠤᠯ  ᠤᠨ ᠠᠮᠢ ᠨᠠᠰᠤᠨ ᠳᠤ ᠡᠷᠭᠡᠪᠰᠢ ᠠᠰᠢᠠᠠᠯᠬᠠᠳᠠᠬᠤ ᠭᠢᠵᠢᠭ  ᠢ ᠰᠡᠷᠭᠡᠶᠢᠯᠡᠭᠦ ᠪᠤᠳᠠᠰᠯᠢᠭ ᠡᠳ᠋ — ᠪᠠᠺᠲ᠋ᠧᠷᠢ ᠠᠭᠤᠰᠬᠠᠬᠤ ᠢᠰᠭᠡᠭᠦᠷ ᠭᠢᠭᠡᠳ ᠪᠠᠺᠲ᠋ᠧᠷᠢ ᠡᠰᠡᠷᠭᠦ ᠡᠳ᠋ ᠠᠭᠤᠯᠤᠠᠠᠳᠠᠵᠤ ᠪᠤᠢ᠃ ᠪᠠᠺᠲ᠋ᠧᠷᠢ ᠠᠭᠤᠰᠬᠠᠬᠤ ᠢᠰᠭᠡᠭᠦᠷ ᠨᠢ ᠤᠯᠠᠨ ᠵᠤᠶᠢᠯ  ᠤᠨ ᠭᠡᠮ ᠭᠢᠵᠢᠭ  ᠤᠨ ᠪᠠᠺᠲ᠋ᠧᠷᠢ  ᠶᠢ ᠤᠰᠠᠳᠬᠠᠳᠠᠭ ᠪᠦᠭᠡᠳ ᠡᠳᠡᠭᠡᠷ ᠭᠡᠮ ᠭᠢᠵᠢᠭ  ᠤᠨ ᠪᠠᠺᠲ᠋ᠧᠷᠢ ᠰᠡᠷᠭᠡᠶᠢᠯᠡᠭᠦ ᠪᠤᠳᠠᠰᠯᠢᠭ ᠡᠳ᠋ ︵ᠪᠠᠺᠲ᠋ᠧᠷᠢ ᠡᠰᠡᠷᠭᠦ ᠡᠳ᠋︶ ᠨᠢ r — ᠪᠦᠮᠪᠤᠭᠡᠯᠢᠭ ᠤᠭᠤᠷᠠᠭ ᠲᠤ ᠤᠷᠤᠰᠢᠵᠤ᠂ ᠵᠠᠷᠢᠮ ᠵᠤᠶᠢᠯ  ᠤᠨ ᠭᠡᠮ ᠭᠢᠵᠢᠭ  ᠤᠨ ᠪᠠᠺᠲ᠋ᠧᠷᠢ  ᠶᠢᠨ ᠠᠵᠢᠯᠯᠠᠭ᠎ᠠ  ᠶᠢ ᠬᠤᠷᠢᠠᠠᠯᠠᠵᠤ ᠴᠢᠳᠠᠨ᠎ᠠ᠃  
       ᠡᠶᠢᠮᠤ ᠠᠴᠠ ᠴᠠᠭ ᠲᠤᠬᠠᠢ ᠳᠤᠨᠢ ᠬᠠᠮᠤᠭ ᠡᠭᠢᠨ  ᠤ ᠤᠭᠤᠷᠠᠭ ᠰᠦ  ᠶᠢ ᠭᠦᠭᠦᠭᠦᠯᠭᠦ ᠮᠦᠷᠳᠡᠭᠡᠨ ᠭᠦᠢᠴᠡᠳ ᠭᠦᠭᠦᠭᠦᠯᠭᠦ ᠭᠡᠷᠡᠭᠳᠡᠢ᠃ 35 ~ 40 ᠺᠢᠯᠦᠭᠷᠡᠮ ᠪᠡᠶ᠎ᠠ  ᠶᠢᠨ ᠭᠦᠨᠳᠤ ᠲᠠᠢ ᠲᠤᠭᠤᠯ ᠳᠤ ᠭᠦᠭᠦᠭᠦᠯᠭᠦ ᠤᠭᠤᠷᠠᠭ ᠰᠦ  ᠶᠢᠨ ᠭᠡᠮᠵᠢᠶ᠎ᠠ  ᠶᠢ 1.0 ~ 1.5 ᠺᠢᠯᠦᠭᠷᠡᠮ ᠳᠤ ᠭᠦᠷᠦᠭᠦᠯᠵᠤ ᠪᠤᠯᠤᠨ᠎ᠠ᠃ ᠬᠤᠶᠢᠰᠢᠳᠠ  ᠶᠢᠨ ᠡᠳᠤᠷ ᠪᠦᠷᠢ ᠳᠤ ᠦᠭᠭᠦ ᠭᠡᠮᠵᠢᠶ᠎ᠠ  ᠶᠢ ᠪᠡᠶ᠎ᠠ  ᠶᠢᠨ ᠭᠦᠨᠳᠤ  ᠶᠢᠨ 1/7 ~ 1/6 ᠪᠠᠶᠢᠯᠭᠠᠵᠤ᠂ ᠨᠢᠭᠡ ᠭᠠᠷᠠᠭ  ᠤᠨ ᠲᠤᠳᠤᠷ᠎ᠠ ᠡᠳᠤᠷ ᠪᠦᠷᠢ 4 ᠤᠳᠠᠭ᠎ᠠ ᠤᠭᠤᠷᠠᠭ ᠰᠦ ᠦᠭᠴᠤ ᠲᠡᠵᠢᠭᠡᠵᠤ ᠪᠠᠶᠢᠪᠠᠯ ᠰᠠᠶᠢᠨ ᠶᠤᠮ᠃  

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
Baidu
map