ᠰᠠᠭᠠᠯᠢ ᠶᠢᠨ ᠦᠨᠢᠶ᠎ᠠ ᠶᠢ ᠰᠢᠩᠭᠡᠨ ᠲᠡᠵᠢᠭᠡᠯ ᠪᠤᠷᠳᠤᠭ᠎ᠠ ᠪᠠᠷ ᠲᠡᠵᠢᠭᠡᠪᠡᠯ ᠰᠦᠨ ᠭᠠᠷᠤᠯᠳᠠ ᠨᠢ ᠲᠡᠭᠡᠭᠰᠢᠯᠡᠨ᠎ᠡ
ᠨᠡᠶᠢᠲᠡᠯᠡᠭᠰᠡᠨ ᠴᠠᠭ᠄
2015/12/17

        ᠰᠢᠨᠵᠢᠯᠡᠭᠦ ᠤᠬᠠᠭᠠᠨ  ᠤ ᠲᠤᠷᠰᠢᠯᠳᠠ ᠭᠡᠷᠡᠴᠢᠯᠡᠭᠰᠡᠨ ᠨᠢ᠂ ᠰᠠᠭᠠᠯᠢ  ᠶᠢᠨ ᠦᠨᠢᠶ᠎ᠠ  ᠶᠢ ᠰᠢᠩᠭᠡᠨ ᠲᠡᠵᠢᠭᠡᠯ ᠪᠤᠷᠳᠤᠭ᠎ᠠ ᠪᠠᠷ ᠲᠡᠵᠢᠭᠡᠪᠡᠯ ︵ᠬᠠᠭᠤᠷᠠᠢ ᠴᠢᠭᠢᠭᠳᠡᠢ ᠲᠠᠵᠢᠭᠡᠯ ᠪᠤᠷᠳᠤᠭ᠎ᠠ ᠪᠠᠷ ᠲᠡᠵᠢᠭᠡᠭᠦ  ᠶᠢ ᠪᠤᠳᠤᠪᠠᠯ︶ ᠰᠦᠨ ᠭᠠᠷᠤᠯᠳᠠ ᠶᠢ ᠨᠢ 10% ᠭᠠᠷᠤᠢ ᠪᠠᠷ ᠲᠡᠭᠡᠭᠰᠢᠯᠡᠭᠦᠯᠵᠤ ᠴᠢᠳᠠᠨ᠎ᠠ᠃ ᠰᠢᠩᠭᠡᠨ ᠲᠠᠵᠢᠭᠡᠯ ᠪᠤᠷᠳᠤᠭ᠎ᠠ ᠨᠢ ᠢᠳᠡᠪᠤᠷᠢᠳᠠᠢ᠂ ᠦᠨᠢᠶ᠎ᠠ ᠴᠤ ᠢᠳᠡᠰᠢᠯᠡᠭᠦ ᠲᠤᠷᠠᠳᠠᠢ ᠪᠤᠯᠬᠤᠷ ᠢᠳᠡᠰᠢᠯᠡᠭᠦ ᠭᠡᠮᠵᠢᠶ᠎ᠠ ᠨᠢ ᠨᠡᠮᠡᠭᠳᠡᠨ᠂ ᠪᠠᠰᠠ ᠠᠮᠠᠷᠬᠠᠨ ᠰᠢᠩᠭᠡᠭᠡᠭᠳᠡᠳᠡᠭ ᠪᠦᠭᠡᠳ ᠲᠡᠵᠢᠭᠡᠯ ᠪᠤᠷᠳᠤᠭ᠎ᠠ  ᠶᠢᠨ ᠠᠰᠢᠠᠠᠯᠠᠯᠳᠠ  ᠶᠢ ᠴᠤ ᠲᠡᠭᠡᠭᠰᠢᠯᠡᠭᠦᠯᠦᠨ᠎ᠠ᠃ ᠡᠪᠤᠯ  ᠤᠨ ᠤᠯᠠᠷᠢᠯ ᠳᠤ ᠰᠠᠭᠠᠯᠢ  ᠶᠢᠨ ᠦᠨᠢᠶᠠᠨ ᠳᠤ 38℃ ᠤᠷᠴᠢᠮ  ᠤᠨ ᠲᠡᠵᠢᠭᠡᠯ ᠪᠤᠷᠳᠤᠭ᠎ᠠ ᠦᠭᠪᠡᠯ᠂ ᠰᠠᠭᠠᠯᠢ  ᠶᠢᠨ ᠦᠨᠢᠶᠠᠨ  ᠤ ᠭᠦᠢᠳᠡᠨ  ᠢ ᠲᠡᠰᠪᠤᠷᠢᠯᠡᠭᠦ ᠴᠢᠳᠠᠪᠤᠷᠢ ᠨᠢ ᠨᠡᠮᠡᠭᠳᠡᠭᠦᠯᠦᠨ᠎ᠠ︔ ᠵᠤᠨ  ᠤ ᠡᠳᠤᠷ  ᠤᠳ ᠲᠤ ᠰᠢᠩᠭᠡᠨ ᠲᠡᠵᠢᠭᠡᠯ ᠪᠤᠷᠳᠤᠭ᠎ᠠ ᠳᠤᠨᠢ ᠴᠡᠪᠡᠷ ᠭᠦᠢᠳᠡᠨ ᠤᠰᠤ ᠨᠡᠮᠡᠷᠢᠯᠡᠨ ᠰᠢᠩᠭᠡᠷᠡᠭᠦᠯᠪᠡᠯ ᠨᠠᠷᠠᠰᠢᠬᠤ  ᠶᠢ ᠰᠡᠷᠭᠡᠶᠢᠯᠡᠨ᠂ ᠲᠤᠯᠠᠭᠠᠨ  ᠢ ᠨᠢ ᠪᠠᠭᠤᠷᠠᠭᠤᠯᠬᠤ ᠦᠢᠯᠡᠳᠦᠯ ᠲᠠᠢ ᠪᠦᠭᠡᠳ ᠡᠨᠡ ᠭᠦ ᠦᠢᠯᠡᠳᠦᠯ ᠨᠢ ᠭᠠᠭᠴᠠ ᠭᠠᠳᠠᠷ ᠲᠠᠯ᠎ᠠ ᠠᠴᠠ ᠲᠤᠯᠠᠭᠠᠯᠠᠬᠤ ᠪᠠ ᠡᠰᠡᠭᠦᠯ᠎ᠠ ᠲᠤᠯᠠᠭᠠᠨ  ᠢ ᠨᠢ ᠪᠠᠭᠤᠷᠠᠭᠤᠯᠬᠤ ᠠᠴᠠ ᠰᠠᠶᠢᠨ ᠪᠠᠶᠢᠳᠠᠭ᠃ ᠰᠢᠩᠭᠡᠨ ᠲᠡᠵᠢᠭᠡᠯ ᠪᠤᠷᠳᠤᠭ᠎ᠠ ᠳᠤᠨᠢ ᠨᠢᠭᠡ ᠭᠡᠰᠡᠭ ᠲᠠᠪᠤᠰᠤ ᠨᠠᠮᠡᠷᠢᠯᠡᠪᠡᠯ ᠢᠳᠡᠰᠢᠯᠡᠭᠦ ᠲᠤᠷᠠᠰᠢᠯ  ᠢ ᠨᠢ ᠨᠡᠮᠡᠭᠳᠡᠭᠦᠯᠦᠨ᠎ᠠ᠃ ᠨᠠᠷᠢᠯᠢᠭ ᠲᠠᠵᠢᠭᠡᠯ ᠪᠤᠷᠳᠤᠭ᠎ᠠ  ᠶᠢ   ᠨᠢ ᠰᠢᠩᠭᠡᠨ ᠪᠤᠷᠳᠤᠭ᠎ᠠ ᠪᠤᠯᠭᠠᠨ ᠦᠭᠡᠷᠡᠴᠢᠯᠡᠵᠤ ᠲᠡᠵᠢᠭᠡᠭᠦ ᠪᠤᠶᠤ ᠪᠠᠰᠠ ᠬᠠᠭᠤᠷᠠᠢ ᠴᠢᠭᠢᠭᠯᠢᠭ ᠡᠪᠡᠰᠤ ᠪᠤᠷᠳᠤᠭ᠎ᠠ ᠳᠤ ᠬᠤᠯᠢᠵᠤ ᠲᠡᠵᠢᠭᠡᠵᠤ ᠪᠤᠯᠤᠨ᠎ᠠ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
Baidu
map