|
ᠰᠠᠭᠠᠯᠢ ᠶᠢᠨ ᠦᠨᠢᠶᠠᠨ ᠤ ᠤᠷᠤᠭ᠎ᠠ ᠤᠷᠤᠬᠤ ᠶᠢ ᠠᠵᠢᠠᠠᠯᠠᠵᠤ ᠮᠡᠳᠡᠭᠦ ᠠᠷᠭ᠎ᠠ |
|
|
ᠨᠡᠶᠢᠲᠡᠯᠡᠭᠰᠡᠨ ᠴᠠᠭ᠄
2015/12/17
|
|
ᠰᠠᠭᠠᠯᠢ ᠶᠢᠨ ᠦᠨᠢᠶᠠᠨ ᠤ ᠤᠷᠤᠭ᠎ᠠ ᠡᠭᠢᠯᠡᠭᠡᠳ ᠲᠡᠭᠦᠰᠭᠦ ᠭᠦᠷᠳᠡᠯᠡᠭᠢ ᠬᠤᠭᠤᠴᠠᠭ᠎ᠠ ᠶᠢ ᠤᠷᠤᠭᠠᠨ ᠤ ᠦᠷᠭᠦᠯᠵᠢᠯᠡᠭᠦ ᠬᠤᠭᠤᠴᠠᠭ᠎ᠠ ᠭᠡᠨ᠎ᠠ᠃ ᠤᠷᠤᠭᠠᠨ ᠤ ᠦᠷᠭᠦᠯᠵᠢᠯᠡᠭᠦ ᠬᠤᠭᠤᠴᠠᠭᠠᠨ ᠤ ᠤᠷᠳᠤ ᠤᠬᠤᠷ ᠨᠢ ᠨᠠᠰᠤ ᠵᠢᠯ᠂ ᠠᠭᠤᠷ ᠠᠮᠢᠰᠬᠤᠯ᠂ ᠰᠢᠮ᠎ᠠ ᠲᠡᠵᠢᠭᠡᠯ᠂ ᠲᠠᠷᠠᠴᠢᠯᠠᠨ ᠭᠦᠯᠯᠡᠭᠡᠨ ᠳᠤ ᠡᠳ᠋ᠯᠡᠭᠰᠡᠨ᠂ ᠠᠷᠠᠴᠢᠯᠠᠭ᠎ᠠ ᠲᠡᠵᠢᠭᠡᠯᠭᠡ ᠵᠡᠷᠭᠡ ᠶᠢᠨ ᠠᠳᠠᠯᠢ ᠪᠤᠰᠤ ᠠᠴᠠ ᠪᠤᠯᠵᠤ ᠢᠯᠭᠠᠭ᠎ᠠ ᠲᠠᠢ ᠪᠠᠶᠢᠳᠠᠭ᠃ ᠰᠤᠳᠤᠯᠭᠠᠨ ᠤ ᠪᠦᠷᠢᠳᠭᠡᠯ ᠢ ᠦᠨᠳᠦᠰᠦᠯᠡᠪᠡᠯ᠂ ᠲᠡᠶᠢᠯᠦᠩᠭᠢ ᠲᠤᠭᠠᠨ ᠤ ᠦᠨᠢᠶᠡᠳ ᠤᠨ ᠤᠷᠤᠭ᠎ᠠ ᠦᠷᠭᠦᠯᠵᠢᠯᠡᠭᠦ ᠬᠤᠭᠤᠴᠠᠭ᠎ᠠ ᠨᠢ 21 ~ 50 ᠴᠠᠭ ᠤᠨ ᠬᠤᠭᠤᠷᠤᠨᠳᠤ ᠪᠠᠶᠢᠵᠤ᠂ ᠭᠡᠳᠤ ᠪᠤᠭᠤᠨᠢᠰᠬᠤ ᠪᠤᠶᠤ ᠤᠷᠳᠤᠰᠬᠤ ᠨᠢ ᠴᠦᠭᠡᠨ ᠬᠠᠷᠬᠠᠳᠠᠳᠠᠭ ᠶᠤᠮ᠃ ᠤᠷᠤᠭ᠎ᠠ ᠤᠷᠤᠠᠠᠰᠠᠨ ᠦᠨᠢᠶᠠᠨ ᠳᠤ ᠲᠤᠤᠷᠠᠭᠢ ᠮᠡᠳᠤ ᠶᠢᠨ ᠰᠢᠨᠵᠢ ᠲᠡᠮᠳᠡᠭ ᠤᠳ ᠪᠠᠶᠢᠳᠠᠭ᠃ 1. ᠦᠨᠢᠶᠠᠳ ᠲᠤᠠᠠᠳᠠᠪᠤᠷᠢ ᠦᠭᠡᠢ ᠪᠤᠯᠬᠤ᠂ ᠢᠮᠬᠠᠳᠠ ᠮᠦᠭᠡᠷᠡᠭᠦ ᠪᠡ ᠪᠦᠭᠳᠦᠶᠢᠵᠤ ᠰᠡᠭᠦᠯ ᠢᠶᠠᠨ ᠡᠷᠭᠦᠭᠦ ᠵᠡᠷᠭᠡ ᠢᠯᠠᠷᠠᠯ ᠲᠠᠢ᠃ 2. ᠨᠢᠳᠤ ᠨᠢ ᠬᠤᠷᠴᠠ ᠪᠤᠯᠬᠤ᠂ ᠭᠠᠳᠠᠭᠠᠳᠤ ᠰᠡᠳᠦᠯᠳᠡ ᠳᠤ ᠭᠡᠳᠤ ᠮᠡᠳᠡᠷᠡᠮᠡᠳᠡᠭᠡᠢ ᠪᠠᠶᠢᠬᠤ᠂ ᠡᠶᠢᠰᠢ ᠲᠠᠶᠢᠰᠢ ᠪᠠᠨ ᠬᠠᠷᠠᠬᠤ᠂ ᠪᠤᠠᠠᠰᠠᠬᠤ᠂ ᠤᠷᠤᠭ᠎ᠠ ᠤᠷᠤᠠᠠᠰᠠᠨ ᠦᠨᠢᠶᠡᠳ ᠬᠠᠷᠢᠯᠴᠠᠨ ᠬᠠᠷᠠᠶᠢᠬᠤ᠂ ᠪᠤᠰᠤᠳ ᠦᠨᠢᠶᠠᠳ ᠨᠢ ᠬᠠᠷᠠᠶᠢᠬᠤ ᠳᠤ ᠭᠦᠳᠡᠯᠭᠦ ᠦᠭᠡᠢ ᠪᠠᠶᠢᠳᠠᠭ᠃ 3. ᠢᠳᠡᠰᠢᠯᠡᠭᠦ ᠨᠢ ᠪᠠᠭᠠᠰᠤᠨ᠂ ᠤᠰᠤ ᠤᠤᠭᠤᠬᠤ ᠨᠢ ᠨᠡᠮᠡᠭᠳᠡᠨ᠂ ᠰᠦ ᠲᠠᠢ ᠦᠨᠢᠶᠠᠳ ᠤᠨ ᠰᠦ ᠨᠢ ᠲᠠᠳᠠᠷᠠᠳᠠᠭ ᠪᠠᠶᠢᠨ᠎ᠠ᠃ 4. ᠤᠮᠠᠢ ᠨᠢ ᠤᠯᠠᠶᠢᠵᠤ ᠭᠦᠭᠡᠭᠡᠭᠦ᠂ ᠤᠮᠠᠢ ᠶᠢᠨ ᠨᠡᠭᠡᠳᠡᠰᠤ ᠨᠢ ᠤᠯᠠᠶᠢᠬᠤ᠂ ᠤᠮᠠᠢ ᠠᠴᠠ ᠨᠢ ᠰᠠᠯᠢᠰᠦᠯᠢᠭ ᠲᠤᠩᠭᠠᠯᠠᠭ ᠰᠢᠩᠭᠡᠨ ᠭᠤᠭᠤᠵᠢᠨ᠎ᠠ᠃ 5. ᠤᠮᠠᠢ ᠶᠢ ᠨᠢ ᠲᠡᠮᠳᠡᠷᠢᠭᠦ ᠳᠤ ᠦᠨᠢᠶ᠎ᠠ ᠰᠡᠭᠦᠯ ᠢᠶᠠᠨ ᠡᠷᠭᠦᠭᠡᠳ ᠲᠤᠠᠠᠳᠠᠪᠤᠷᠢ ᠦᠭᠡᠢ ᠪᠤᠯᠤᠨ᠎ᠠ᠃ 6. ᠤᠷᠤᠭ᠎ᠠ ᠰᠦᠷᠡᠭᠡᠢ ᠤᠷᠤᠠᠠᠰᠠᠨ ᠦᠨᠢᠶᠠᠨ ᠤ ᠪᠡᠶ᠎ᠠ ᠶᠢᠨ ᠲᠤᠯᠠᠭᠠᠨ ᠨᠢ ᠡᠩ ᠤᠨ ᠦᠶ᠎ᠠ ᠶᠢᠨ ᠬᠢ ᠠᠴᠠ ᠵᠢᠭᠠᠬᠠᠨ ᠦᠨᠳᠤᠷ ᠰᠢᠭ ᠪᠠᠶᠢᠳᠠᠭ᠃ ᠲᠡᠭᠡᠷ᠎ᠡ ᠲᠤᠷᠠᠳᠤᠠᠠᠰᠠᠨ ᠰᠢᠨᠵᠢ ᠲᠡᠮᠳᠡᠭ ᠤᠳ ᠦᠨᠢᠶ᠎ᠠ ᠪᠤᠯᠭᠠᠨ ᠳᠤ ᠴᠦᠮ ᠢᠯᠡᠷᠡᠳᠡᠭ ᠪᠢᠰᠢ᠂ ᠡᠶᠢᠮᠤ ᠠᠴᠠ ᠢᠯᠭᠠᠨ ᠦᠵᠡᠪᠡᠯ ᠵᠤᠭᠢᠨ᠎ᠠ᠃ ᠤᠮᠠᠢ ᠶᠢᠨ ᠰᠠᠯᠠᠢ ᠨᠢ ᠡᠩ ᠤᠨ ᠪᠠᠶᠢᠳᠠᠯ ᠳᠤ ᠪᠠᠭ᠎ᠠ ᠪᠠᠶᠢᠳᠠᠭ ᠲᠤᠯᠠ ᠨᠢᠮᠪᠠᠢ ᠠᠵᠢᠠᠠᠯᠠᠬᠤ ᠦᠭᠡᠢ ᠪᠤᠯ ᠭᠡᠭᠡᠯᠳᠦᠭᠦᠯᠭᠡᠨ ᠳᠤ ᠤᠷᠤᠯ ᠦᠭᠡᠢ ᠤᠷᠭᠢᠨ᠋ᠠᠳᠠᠵᠤ ᠮᠡᠳᠡᠨ᠎ᠠ᠃ ᠡᠭᠦᠨ ᠠᠴᠠ ᠭᠠᠳᠠᠨ᠎ᠠ ᠵᠠᠷᠢᠮ ᠦᠨᠢᠶ᠎ᠠ ᠨᠢᠭᠡᠨᠳᠡ ᠭᠡᠭᠡᠯᠳᠦᠭᠰᠡᠨ ᠪᠤᠯᠪᠠᠴᠤ ᠵᠠᠷᠢᠮ ᠳᠠᠭᠠᠨ ᠪᠠᠰᠠ ᠤᠷᠤᠭ᠎ᠠ ᠤᠷᠤᠠᠠᠰᠠᠨ ᠰᠢᠨᠵᠢ ᠲᠡᠮᠳᠡᠭ ᠢᠶᠠᠨ ᠬᠠᠳᠠᠭᠠᠯᠬᠠᠰᠠᠭᠠᠷ ᠪᠠᠶᠢᠳᠠᠭ᠃ ᠡᠭᠦᠨ ᠢ ︽ᠬᠠᠭᠤᠷᠮᠠᠭ ᠤᠷᠤᠭ᠎ᠠ︾ ᠭᠡᠳᠡᠭ᠃ ᠡᠶᠢᠮᠦᠷᠭᠦᠤ ᠪᠠᠶᠢᠳᠠᠯ ᠢᠯᠡᠷᠡᠭᠦ ᠦᠶ᠎ᠠ ᠳᠤ ᠪᠤᠷᠤᠭᠤ ᠭᠡᠭᠡᠯᠳᠦᠭᠦᠯᠭᠦ ᠦᠭᠡᠢ ᠶᠢᠨ ᠲᠤᠯᠠ ᠤᠮᠠᠢ ᠪᠤᠶᠤ ᠬᠤᠰᠭᠢᠨᠠᠭ ᠢᠶᠠᠷ ᠨᠢ ᠰᠢᠯᠭᠠᠵᠤ ᠤᠨᠤᠰᠢᠯᠠᠬᠤ ᠨᠢ ᠬᠠᠮᠤᠭ ᠤᠨ ᠰᠠᠶᠢᠨ ᠠᠷᠭ᠎ᠠ ᠪᠤᠯᠤᠨ᠎ᠠ᠃ ᠦᠨᠢᠶᠠᠨ ᠤ ᠤᠷᠤᠭ᠎ᠠ ᠤᠷᠤᠬᠤ ᠶᠢ ᠡᠵᠡᠮᠰᠢᠭᠦ᠂ ᠡᠭᠦᠨ ᠤ ᠲᠠᠭᠠᠤ ᠳᠤ ᠦᠨᠳᠡᠭᠡᠪᠴᠢ ᠶᠢᠨ ᠤᠭᠤᠳᠠᠠᠴᠢᠷ ᠤᠨ ᠭᠢᠨᠢ ᠪᠤᠯᠪᠠᠰᠤᠷᠠᠬᠤ ᠪᠠ ᠬᠠᠭᠠᠷᠠᠬᠤ᠂ ᠦᠨᠳᠡᠭᠡ ᠭᠠᠳ᠋ᠬᠠᠰᠢᠯᠠᠬᠤ ᠶᠢ ᠮᠠᠭᠠᠳᠯᠠᠬᠤ ᠶᠠᠪᠤᠳᠠᠯ ᠪᠤᠯ ᠦᠨᠢᠶᠠᠨ ᠤ ᠭᠡᠭᠡᠯ ᠠᠪᠤᠯᠳᠠ ᠶᠢ ᠲᠡᠭᠡᠭᠰᠢᠯᠡᠭᠦᠯᠭᠦ ᠳᠤ ᠰᠢᠢᠳᠪᠤᠷᠢᠯᠡᠭᠴᠢ ᠴᠢᠨᠠᠷ ᠲᠠᠢ ᠦᠢᠯᠡᠳᠦᠯ ᠦᠵᠡᠭᠦᠯᠦᠨ᠎ᠠ᠃ ᠦᠨᠢᠶᠠᠨ ᠤ ᠦᠨᠳᠡᠭᠡ ᠭᠠᠳ᠋ᠬᠠᠰᠢᠯᠠᠬᠤ ᠬᠤᠭᠤᠴᠠᠭ᠎ᠠ ᠨᠢ ᠶᠡᠷᠦᠩᠭᠡᠢ ᠳᠡᠭᠡᠨ ᠤᠷᠤᠭ᠎ᠠ ᠤᠷᠤᠵᠤ ᠡᠭᠢᠯᠡᠭᠰᠡᠨ ᠤ 17 ~ 45 ᠴᠠᠭ ᠤᠨ ᠬᠤᠭᠤᠷᠤᠨᠳᠤ᠂ ᠲᠤᠮᠳᠠᠴᠢ ᠪᠠᠷ 29 ~ 35 ᠴᠠᠭ ᠪᠤᠯᠬᠤ ᠶᠢ ᠠᠵᠢᠠᠠᠯᠠᠯᠳᠠ ᠭᠡᠷᠡᠴᠢᠯᠡᠵᠡᠢ᠃ ᠦᠨᠢᠶᠠᠨ ᠤ ᠦᠨᠳᠡᠭᠡ ᠭᠠᠳ᠋ᠬᠠᠰᠢᠯᠬᠠᠰᠠᠨ ᠤ ᠲᠠᠷᠠᠭ᠎ᠠ᠂ ᠭᠡᠭᠡᠯᠳᠦᠭᠦᠯᠭᠦ ᠪᠦᠳᠦᠮᠵᠢᠳᠡᠢ ᠴᠠᠭ ᠨᠢ ᠲᠤᠩ ᠪᠤᠭᠤᠨᠢ ᠪᠠᠶᠢᠳᠠᠭ᠂ ᠪᠠᠷᠤᠭ 8 ~ 12 ᠴᠠᠭ ᠪᠤᠯᠤᠨ᠎ᠠ᠃ ᠡᠨᠡ ᠭᠦ ᠴᠠᠭ ᠦᠡᠭᠭᠡᠷᠡᠪᠡᠯ ᠭᠡᠭᠡᠯᠳᠦᠭᠦ ᠴᠢᠳᠠᠪᠤᠷᠢ ᠨᠢ ᠲᠤᠷᠤᠠᠠᠰᠢᠯᠠᠬᠤ ᠪᠤᠯᠤᠨ᠎ᠠ᠃
|
|
ᠢᠷᠡᠯᠲᠡ᠄
ᠦᠪᠦᠷ ᠮᠣᠩᠭᠤᠯ ᠤᠨ ᠵᠠᠰᠠᠭ ᠤᠨ ᠣᠷᠳᠤᠨ
|