|
ᠨᠠᠮᠤᠷ ᠤᠨ ᠤᠯᠠᠷᠢᠯ ᠳᠤ ᠭᠦᠯᠦᠰᠢᠨ ᠦᠭᠡᠷ ᠢ ᠰᠢᠮᠳᠠᠨ ᠲᠠᠷᠭᠤᠯᠠᠭᠤᠯᠬᠤ ᠲᠤᠬᠠᠢ |
|
|
ᠨᠡᠶᠢᠲᠡᠯᠡᠭᠰᠡᠨ ᠴᠠᠭ᠄
2015/12/17
|
|
ᠨᠠᠮᠤᠷ ᠤᠨ ᠤᠯᠠᠷᠢᠯ ᠳᠤ ᠭᠦᠯᠦᠰᠢᠨ ᠦᠭᠡᠷ ᠢ ᠰᠢᠮᠳᠠᠨ ᠲᠠᠷᠭᠤᠯᠠᠭᠤᠯᠬᠤ ᠠᠵᠢᠯ ᠢ ᠰᠠᠶᠢᠨ ᠭᠢᠭᠦ ᠶᠠᠪᠤᠳᠠᠯ ᠪᠤᠯ ᠭᠦᠯᠦᠰᠢᠨ ᠦᠭᠡᠷ ᠢ ᠡᠪᠤᠯ ᠠᠶᠤᠯ ᠦᠭᠡᠢ ᠦᠡᠭᠭᠡᠷᠡᠭᠦᠯᠭᠦ ᠴᠢᠬᠤᠯᠠ ᠪᠠᠳᠤᠯᠠᠭ᠎ᠠ ᠪᠤᠯᠤᠨ᠎ᠠ᠃ ᠨᠠᠮᠤᠷ ᠤᠨ ᠤᠯᠠᠷᠢᠯ ᠳᠤ ᠲᠠᠷᠭᠤ ᠭᠦᠴᠤ ᠮᠠᠭᠤ ᠠᠪᠤᠠᠠᠰᠠᠨ ᠦᠭᠡᠷ ᠡᠪᠤᠯ ᠤᠨ ᠤᠯᠠᠷᠢᠯ ᠪᠤᠯᠤᠠᠠᠰᠠᠨ ᠤ ᠲᠠᠷᠠᠭ᠎ᠠ᠂ ᠠᠭᠤᠷ ᠠᠮᠢᠰᠬᠤᠯ ᠤᠨ ᠬᠠᠭᠢᠷ ᠭᠦᠢᠳᠡᠨ ᠪᠠ ᠰᠢᠮ᠎ᠠ ᠲᠡᠵᠢᠭᠡᠯ ᠭᠦᠷᠦᠯᠴᠡᠭᠦ ᠦᠭᠡᠢ ᠠᠴᠠ ᠪᠤᠯᠵᠤ᠂ ᠨᠡᠩ ᠢᠯᠡᠭᠦᠤ ᠡᠴᠡᠵᠤ ᠲᠤᠷᠠᠭᠠᠳ ᠦᠭᠦᠵᠤ ᠴᠤ ᠮᠡᠳᠡᠨ᠎ᠡ᠃ ᠨᠠᠮᠤᠷ ᠤᠨ ᠤᠯᠠᠷᠢᠯ ᠳᠤ ᠭᠦᠯᠦᠰᠢᠨ ᠦᠭᠡᠷ ᠢ ᠰᠢᠮᠳᠠᠨ ᠲᠠᠷᠭᠤᠯᠠᠭᠤᠯᠬᠤ ᠳᠤ ᠭᠤᠤᠯᠳᠠᠭᠤ ᠲᠤᠤᠷᠠᠭᠢ ᠲᠠᠪᠤᠨ ᠵᠤᠶᠢᠯ ᠤᠨ ᠠᠷᠭ᠎ᠠ ᠭᠡᠮᠵᠢᠶ᠎ᠠ ᠠᠪᠬᠤ ᠭᠡᠷᠡᠭᠳᠡᠢ᠃ 1. ᠬᠠᠷᠢᠭᠤᠯᠤᠯᠭ᠎ᠠ ᠮᠠᠯᠯᠠᠭ᠎ᠠ ᠪᠠᠨ ᠴᠢᠩᠭᠠᠳᠬᠠᠵᠤ᠂ ᠦᠭᠡᠷ ᠢᠶᠠᠨ ᠴᠠᠳᠳᠠᠯ᠎ᠠ ᠲᠡᠵᠢᠭᠡᠨ᠎ᠡ᠃ ᠨᠠᠮᠤᠷ ᠤᠨ ᠤᠯᠠᠷᠢᠯ ᠪᠤᠯ ᠶᠠᠭ ᠰᠠᠶᠢᠬᠠᠨ ᠭᠦᠭᠡ ᠡᠪᠡᠰᠤ ᠲᠦᠷᠦᠭᠦᠳᠡᠨ ᠴᠡᠴᠡᠭᠯᠡᠭᠦ ᠪᠤᠶᠤ ᠪᠠᠳᠠᠷᠠᠨ ᠲᠡᠯᠭᠡᠷᠡᠵᠤ ᠪᠠᠶᠢᠭ᠎ᠠ ᠤᠯᠠᠷᠢᠯ ᠪᠤᠯᠤᠨ᠎ᠠ᠃ ᠡᠨᠡ ᠦᠶ᠎ᠠ ᠳᠤ ᠡᠪᠡᠰᠤᠨ ᠤ ᠰᠢᠮ᠎ᠠ ᠲᠡᠵᠢᠭᠡᠯ ᠡᠯᠪᠡᠭ ᠪᠠᠶᠢᠵᠤ᠂ ᠲᠡᠵᠢᠭᠡᠯ ᠡᠪᠡᠰᠤᠨ ᠤ ᠰᠢᠮ᠎ᠠ ᠶᠢᠨ ᠦᠨ᠎ᠠ ᠦᠷᠳᠡᠭ ᠨᠢ ᠴᠤ ᠦᠨᠳᠤᠷ ᠪᠠᠶᠢᠳᠠᠭ ᠪᠤᠯᠪᠠᠴᠤ ᠤᠷᠭᠤᠯᠳᠠ ᠪᠠᠷ ᠤᠳᠠᠭᠠᠨ ᠶᠤᠮ᠃ ᠡᠶᠢᠮᠤ ᠠᠴᠠ ᠲᠡᠵᠢᠭᠡᠯ ᠡᠪᠡᠰᠤ ᠪᠠᠷ ᠡᠯᠪᠡᠭ ᠭᠠᠵᠠᠷ ᠤᠷᠤᠨ ᠳᠤ ᠡᠷᠳᠡ ᠶᠢᠨ ᠪᠠ ᠦᠳᠡᠰᠢ ᠨᠢ ᠬᠠᠷᠢᠭᠤᠯᠤᠯᠭ᠎ᠠ ᠮᠠᠯᠯᠠᠭ᠎ᠠ ᠶᠢᠨ ᠠᠷᠭ᠎ᠠ ᠶᠢ ᠠᠪᠴᠤ᠂ ᠲᠠᠵᠢᠭᠡᠯ ᠡᠪᠡᠰᠤ ᠨᠡᠯᠢᠶᠡᠳ ᠲᠤᠳ᠋ᠬᠠᠳᠠᠬᠤ ᠭᠠᠵᠠᠷ ᠤᠷᠤᠨ ᠳᠤ ᠪᠦᠭᠦᠯᠢ ᠡᠳᠤᠷ ᠢᠶᠠᠷ ᠬᠠᠷᠢᠭᠤᠯᠤᠨ ᠮᠠᠯᠯᠠᠪᠠᠯ ᠵᠤᠭᠢᠨ᠎ᠠ᠃ ᠡᠳᠤᠷ ᠲᠤ ᠦᠭᠡᠷ ᠢᠶᠠᠨ ᠪᠤᠯᠬᠤ ᠶᠢᠨ ᠲᠤᠳᠤᠷ᠎ᠠ ᠴᠠᠳᠳᠠᠯ᠎ᠠ ᠲᠡᠵᠢᠭᠡᠵᠤ᠂ ᠦᠳᠡᠰᠢ ᠨᠢ ᠲᠡᠵᠢᠭᠡᠯ ᠪᠤᠷᠳᠤᠭ᠎ᠠ ᠨᠡᠮᠡᠷᠢᠯᠡᠵᠤ ᠪᠤᠯᠤᠨ᠎ᠠ᠃ ᠢᠡᠭᠭᠢᠪᠡᠯ ᠰᠠᠶ᠋ᠢ ᠰᠢᠮ᠎ᠠ ᠲᠡᠵᠢᠭᠡᠯ ᠨᠢ ᠬᠠᠨᠭ᠍ᠭᠠᠮᠵᠢᠳᠡᠢ ᠪᠤᠯᠵᠤ ᠲᠠᠷᠭᠤ ᠭᠦᠴᠤ ᠨᠢ ᠴᠤ ᠨᠡᠮᠡᠭᠳᠡᠭᠦ ᠪᠤᠯᠤᠨ᠎ᠠ᠃ 2. ᠭᠦᠭᠰᠢᠨ ᠪᠠᠭᠤᠷᠠᠢ ᠭᠡᠮ ᠭᠢᠵᠢᠭ ᠦᠭᠡᠢ ᠦᠭᠡᠷ ᠲᠤ ᠭᠦᠢᠴᠡᠳ ᠭᠡᠮᠵᠢᠶᠠᠨ ᠤ ᠨᠠᠷᠢᠯᠢᠭ ᠪᠤᠷᠳᠤᠭ᠎ᠠ ᠬᠠᠨᠭ᠍ᠭᠠᠨ᠎ᠠ᠃ ᠪᠡᠶ᠎ᠡ ᠪᠢᠯᠳᠡᠷ ᠪᠠᠷᠤᠠᠠᠳᠠᠶᠢᠬᠠᠨ ᠭᠦᠭᠰᠢᠨ ᠪᠠᠭᠤᠷᠠᠢ ᠭᠡᠮᠨᠡᠭᠰᠡᠨ ᠦᠭᠡᠷ᠂ ᠲᠤᠭᠤᠯ ᠪᠤᠯᠤᠨ ᠭᠦᠭᠦᠭᠦᠯ ᠦᠨᠢᠶ᠎ᠠ ᠳᠤ ᠨᠠᠷᠢᠯᠢᠭ ᠪᠤᠷᠳᠤᠭ᠎ᠠ ᠨᠦᠭᠦᠪᠤᠷᠢᠯᠡᠭᠦ ᠭᠡᠷᠡᠭᠳᠡᠢ᠂ ᠭᠡᠭᠦ ᠳᠡᠭᠡᠨ ᠦᠭᠡᠷ ᠪᠦᠷᠢ ᠳᠤ ᠡᠳᠤᠷ ᠲᠤ ᠡᠷᠳᠡᠨᠢ ᠰᠢᠰᠢ ᠶᠢᠨ ᠲᠠᠯᠬ᠎ᠠ᠂ ᠨᠠᠷᠢᠮᠤ ᠶᠢᠨ ᠲᠠᠯᠬ᠎ᠠ᠂ ᠪᠤᠭᠤᠳᠠᠢ ᠶᠢᠨ ᠲᠠᠯᠬ᠎ᠠ ᠭᠢᠭᠡᠳ ᠠᠭ᠎ᠠ ᠵᠡᠷᠭᠡ ᠶᠢ 1.5 ~ 2 ᠺᠢᠯᠦᠭᠷᠡᠮ ᠦᠭᠴᠤ ᠲᠡᠵᠢᠭᠡᠨ᠎ᠡ᠃ ᠬᠤᠳᠤᠭᠤᠳᠤ ᠭᠦᠵᠡᠭᠡ ᠨᠢ ᠰᠠᠶᠢᠨ ᠦᠭᠡᠷ ᠲᠤ ᠪᠤᠯ ᠵᠤᠷᠭᠤᠳᠠᠰᠤ ᠲᠠᠢ ᠲᠠᠪᠤᠰᠤ ᠬᠤᠯᠢᠠᠠᠰᠠᠨ ᠪᠤᠷᠳᠤᠭ᠎ᠠ ᠦᠭᠴᠤ ᠲᠡᠭᠦᠨ ᠤ ᠢᠳᠡᠰᠢᠯᠡᠭᠦ ᠲᠤᠷᠠᠰᠢᠯ ᠳᠤ ᠰᠠᠳᠤᠯᠳᠠ ᠦᠭᠴᠤ ᠪᠤᠯᠤᠨ᠎ᠠ᠃ ᠡᠨᠡ ᠭᠦ ᠲᠡᠵᠢᠭᠡᠯ ᠤᠨ ᠨᠠᠶᠢᠷᠠᠯᠭ᠎ᠠ ᠳᠤ 100 ᠭᠷᠡᠮ ᠵᠤᠷᠭᠤᠳᠠᠰᠤ᠂ 50 ᠭᠷᠡᠮ ᠲᠠᠪᠤᠰᠤᠨ ᠳᠤ ᠪᠠᠭ᠎ᠠ ᠭᠡᠮᠵᠢᠶᠠᠨ ᠤ ᠤᠰᠤ ᠨᠡᠮᠡᠵᠤ ᠪᠤᠴᠠᠯᠭᠠᠨ᠎ᠠ᠃ ᠲᠡᠵᠢᠭᠡᠭᠦ ᠳᠡᠭᠡᠨ ᠰᠢᠭᠠᠷᠤ ᠲᠠᠢ ᠨᠢ ᠬᠠᠮᠳᠤ ᠲᠡᠵᠢᠭᠡᠵᠤ᠂ ᠦᠭᠡᠷ ᠪᠦᠷᠢ ᠳᠤ ᠡᠳᠤᠷ ᠲᠤ 50 ᠭᠷᠡᠮ ᠦᠭᠴᠤ ᠲᠡᠵᠢᠭᠡᠨ᠎ᠡ᠃ 3. ᠲᠡᠵᠢᠭᠡᠵᠤ ᠬᠠᠮᠢᠶᠠᠷᠬᠤ ᠪᠠᠨ ᠰᠠᠶᠢᠨ ᠲᠤᠭᠢᠷᠠᠭᠤᠯᠵᠤ᠂ ᠠᠮᠠᠷᠠᠯᠳᠠ ᠶᠢ ᠨᠢ ᠪᠠᠳᠤᠯᠠᠨ᠎ᠠ᠃ ᠦᠭᠡᠷ ᠤᠨ ᠲᠠᠷᠭᠤ ᠭᠦᠴᠤ ᠶᠢᠨ ᠪᠠᠶᠢᠳᠠᠯ ᠶᠢ ᠨᠠᠷᠢᠨ ᠪᠠᠶᠢᠴᠠᠭᠠᠵᠤ᠂ ᠲᠠᠷᠭᠤ ᠭᠦᠴᠤ ᠪᠠᠷ ᠮᠠᠭᠤ ᠦᠭᠡᠷ ᠢ ᠲᠤᠰᠬᠠᠶᠢᠯᠠᠨ ᠬᠠᠷᠢᠭᠤᠯᠬᠤ ᠪᠤᠶᠤ ᠭᠦᠯᠦᠰᠢᠨ ᠳᠤ ᠭᠡᠷᠡᠭᠯᠡᠭᠦ ᠪᠠᠨ ᠵᠤᠠᠠᠰᠤᠨᠠ᠃ ᠦᠭᠡᠷ ᠤᠨ ᠫᠸᠡᠭ ᠬᠠᠰᠢᠶ᠎ᠠ ᠶᠢᠨ ᠠᠷᠢᠭᠤᠨ ᠴᠡᠪᠡᠷ ᠬᠠᠭᠤᠷᠠᠢ ᠪᠠᠶᠢᠬᠤ ᠶᠢ ᠪᠠᠳᠤᠯᠠᠨ᠂ ᠬᠠᠰᠢᠶᠠᠨ ᠳᠤ ᠡᠪᠡᠰᠤ ᠵᠡᠷᠭᠡ ᠶᠢ ᠲᠠᠪᠢᠰᠤᠨ ᠬᠠᠭᠤᠷᠠᠶᠢᠯᠠᠵᠤ᠂ ᠦᠭᠡᠷ ᠲᠤ ᠲᠠᠭᠠᠯᠠᠮᠵᠢᠳᠡᠢ ᠠᠮᠠᠷᠠᠯᠳᠠ ᠶᠢᠨ ᠤᠷᠴᠢᠨ ᠲᠤᠭᠤᠷᠢᠨ ᠢ ᠪᠤᠢ ᠪᠤᠯᠭᠠᠵᠤ ᠦᠭᠭᠦ ᠭᠡᠷᠡᠭᠳᠡᠢ᠃ 4. ᠪᠡᠶ᠎ᠠ ᠶᠢᠨ ᠲᠤᠳᠤᠷ ᠭᠠᠳᠠᠨᠠᠭᠢ ᠮᠦᠯᠵᠢᠭᠦᠷ ᠬᠤᠷᠤᠬᠠᠢ ᠶᠢ ᠲᠠᠭᠤᠵᠤ ᠤᠰᠠᠳᠬᠠᠨ᠎ᠠ᠃ ᠦᠭᠡᠷ ᠤᠨ ᠪᠡᠶ᠎ᠠ ᠶᠢᠨ ᠲᠤᠳᠤᠷ ᠭᠠᠳᠠᠨᠠᠭᠢ ᠮᠦᠯᠵᠢᠭᠦᠷ ᠬᠤᠷᠤᠬᠠᠢ ᠶᠢ ᠲᠠᠭᠤᠵᠤ ᠤᠰᠠᠳᠬᠠᠬᠤ ᠪᠤᠯ ᠰᠢᠮ᠎ᠠ ᠲᠡᠵᠢᠭᠡᠯ ᠤᠨ ᠵᠠᠷᠤᠴᠠᠭᠤᠯᠤᠯᠳᠠ ᠶᠢ ᠪᠠᠭᠠᠰᠬᠠᠵᠤ᠂ ᠭᠡᠮ ᠭᠢᠵᠢᠭ ᠡᠰᠡᠷᠭᠦᠴᠡᠭᠦ ᠴᠢᠳᠠᠪᠤᠷᠢ ᠶᠢ ᠨᠢ ᠨᠡᠮᠡᠭᠳᠡᠭᠦᠯᠦᠨ᠂ ᠲᠠᠷᠭᠤ ᠭᠦᠴᠤ ᠠᠪᠬᠤ ᠶᠢ ᠨᠢ ᠠᠭᠢᠭᠤᠯᠵᠤ ᠲᠠᠶᠢᠯᠦᠨ᠎ᠠ᠃ ᠦᠭᠡᠷ ᠤᠨ ᠬᠠᠮᠠᠭᠤ ᠳᠤ ᠭᠠᠳᠠᠭᠠᠳᠤ ᠠᠴᠠ ᠤᠷᠤᠭᠤᠯᠤᠠᠠᠰᠠᠨ ᠰᠢᠨ᠎ᠠ ᠡᠮ — ᠬᠠᠢ ᠾᠦᠸᠧ ᠮᠢᠶᠧ ︵害获灭︶ ᠶᠢ 50 ᠺᠢᠯᠦᠭᠷᠡᠮ ᠪᠦᠷᠢ ᠪᠡᠶ᠎ᠠ ᠶᠢᠨ ᠭᠦᠨᠳᠤ ᠳᠤ1 ᠮᠢᠯᠢᠭᠷᠡᠮ ᠤᠨ ᠭᠡᠮᠵᠢᠶ᠎ᠠ ᠪᠠᠷ ᠭᠦᠵᠦᠭᠦᠨ ᠭᠡᠰᠡᠭ ᠲᠤᠨᠢ ᠲᠠᠷᠢᠯᠭ᠎ᠠ ᠲᠠᠷᠢᠪᠡᠯ ᠦᠷ᠎ᠡ ᠪᠦᠳᠦᠮᠵᠢ ᠪᠠᠷ ᠰᠠᠶᠢᠨ ᠪᠠᠶᠢᠳᠠᠭ᠃ ᠪᠡᠶ᠎ᠠ ᠶᠢᠨ ᠲᠤᠳᠤᠷᠠᠭᠢ ᠮᠦᠯᠵᠢᠭᠦᠷ ᠬᠤᠷᠤᠬᠠᠢ ᠳᠤ ᠪᠤᠯ ᠦᠷᠭᠡᠨ ᠵᠢᠠᠠᠰᠠᠯ ᠤᠨ ᠬᠤᠷᠤᠬᠠᠢ ᠲᠠᠭᠤᠬᠤ ᠡᠮ — ᠭᠤᠰᠢ ᠬᠤᠷᠤᠬᠠᠢ ᠶᠢᠨ ᠡᠰᠡᠷᠭᠦ ᠡᠳ᠋ ᠢ ᠺᠢᠯᠦᠭᠷᠡᠮ ᠪᠦᠷᠢ ᠪᠡᠶ᠎ᠠ ᠶᠢᠨ ᠭᠦᠨᠳᠤ ᠳᠤ 10 ~ 12 ᠮᠢᠯᠢᠭᠷᠡᠮ ᠭᠡᠷᠡᠭᠯᠡᠪᠡᠯ ᠰᠢᠮᠡᠭᠦᠷ ᠬᠤᠷᠤᠬᠠᠢ ᠪᠠ ᠭᠡᠳᠡᠰᠤᠨ ᠤ ᠤᠳᠠᠰᠤᠯᠢᠭ ᠬᠤᠷᠤᠬᠠᠢ ᠶᠢ ᠠᠷᠢᠯᠭᠠᠨ᠎ᠠ᠃ ᠭᠡᠭᠦ ᠳᠡᠭᠡᠨ ᠡᠳᠡᠭᠡᠷ ᠡᠮ ᠳᠤ ᠨᠢᠭᠡ ᠯᠡ ᠤᠳᠠᠭ᠎ᠠ ᠪᠡᠯᠡ ᠤᠷᠤᠭᠤᠯᠪᠠᠯ ᠪᠤᠯᠴᠢᠬᠠᠬᠤ ᠶᠤᠮ᠃ 5. ᠰᠢᠭᠡᠰᠦᠯᠢᠭ ᠡᠳ᠋᠂ ᠭᠢᠳᠡᠳ ᠡᠮ ᠢᠶᠠᠷ ᠰᠢᠮᠳᠡᠨ ᠲᠠᠷᠭᠤᠯᠠᠭᠤᠯᠵᠤ ᠪᠤᠯᠤᠨ᠎ᠠ᠃ ᠰᠢᠭᠡᠰᠦᠯᠢᠭ ᠡᠳ᠋ ᠢᠶᠠᠷ ᠰᠢᠮᠳᠠᠨ ᠲᠠᠷᠭᠤᠯᠠᠭᠤᠯᠬᠤ ᠳᠤ ᠰᠢᠭᠡᠰᠦᠯᠢᠭ ᠡᠳ᠋ ᠢᠶᠠᠨ ᠤᠰᠤᠨ ᠳᠤ ᠰᠢᠩᠭᠡᠷᠡᠭᠦᠯᠦᠨ ᠠᠭᠤᠰᠬᠠᠠᠠᠰᠠᠨ ᠤ ᠲᠠᠷᠠᠭ᠎ᠠ᠂ ᠬᠠᠭᠤᠷᠠᠢ ᠡᠪᠡᠰᠤ᠂ ᠡᠰᠢ ᠰᠦᠷᠡᠯ ᠪᠤᠶᠤ ᠠᠮᠳᠠᠯᠢᠭ ᠲᠦᠮᠤᠰᠤ ᠵᠡᠷᠭᠡ ᠲᠡᠵᠢᠭᠡᠯ ᠲᠡᠭᠡᠷ᠎ᠡ ᠰᠠᠴᠤᠭᠠᠳ ᠬᠠᠮᠳᠤ ᠳᠤᠨᠢ ᠲᠡᠵᠢᠭᠡᠨ᠎ᠡ᠂ ᠰᠢᠭᠡᠰᠦᠯᠢᠭ ᠡᠳ᠋ ᠲᠤ ᠤᠰᠤ ᠬᠤᠯᠢᠮᠬᠠᠴᠠ ᠪᠠᠨ ᠦᠭᠡᠷ ᠢ ᠰᠢᠭᠤᠳ ᠤᠰᠤᠯᠠᠵᠤ ᠪᠤᠯᠬᠤ ᠦᠭᠡᠢ᠂ ᠲᠠᠶᠢᠮᠤ ᠪᠤᠯ ᠰᠢᠭᠡᠰᠦᠯᠢᠭ ᠡᠳ᠋ ᠨᠢ ᠤᠰᠤ ᠲᠠᠢ ᠬᠠᠮᠳᠤ ᠰᠢᠭᠤᠳ ᠦᠭᠡᠷ ᠤᠨ ᠭᠦᠵᠡᠭᠡᠨ ᠳᠤ ᠤᠷᠤᠵᠤ ᠬᠤᠤᠷᠳ᠋ᠬᠠᠳᠠᠬᠤ ᠠᠶᠤᠯ ᠭᠠᠷᠴᠤ ᠮᠡᠳᠡᠨ᠎ᠡ᠃ ᠭᠡᠷᠡᠭᠯᠡᠭᠦ ᠭᠡᠮᠵᠢᠶ᠎ᠠ ᠶᠢ ᠨᠢ 100 ᠺᠢᠯᠦᠭᠷᠡᠮ ᠪᠦᠷᠢ ᠪᠡᠶ᠎ᠠ ᠶᠢᠨ ᠭᠦᠨᠳᠤ ᠳᠤ 25 ~ 30 ᠭᠷᠡᠮ ᠪᠠᠶᠢᠯᠭᠠᠵᠤ᠂ ᠡᠳᠤᠷ ᠲᠤ 2 ~ 3 ᠤᠳᠠᠭ᠎ᠠ ᠲᠡᠵᠢᠭᠡᠨ᠎ᠡ᠃ ᠭᠢᠳᠡᠳ ᠡᠮ ᠨᠢ ᠭᠡᠪᠡᠯ᠂ 500 ᠭᠷᠡᠮ ᠤᠯᠠᠭᠠᠨ ᠴᠢᠪᠠᠭ᠎ᠠ᠂ 250 ᠭᠷᠡᠮ ᠦᠨᠤᠷᠳᠤ ᠡᠪᠡᠰᠤ ᠶᠢᠨ ᠵᠢᠮᠢᠰ᠂150 ᠭᠷᠡᠮ ᠪᠤᠡᠭ ᠠ᠂ 400 ᠭᠷᠡᠮ ᠪᠤᠷᠠᠮ ᠢ ᠬᠠᠮᠳᠤ ᠳᠤᠨᠢ ᠴᠢᠨᠠᠵᠤ ᠰᠢᠭᠠᠷᠤ ᠶᠢ ᠨᠢ ᠱᠦᠭᠦᠵᠤ ᠠᠪᠤᠭᠠᠳ ᠪᠦᠯᠢᠶᠠᠨ ᠢᠶᠠᠷ ᠨᠢ ᠴᠢᠳᠬᠤᠨ ᠦᠭᠭᠦᠨ᠎ᠠ᠃ ᠡᠳᠤᠷ ᠲᠤ ᠨᠢᠭᠡ ᠤᠳᠠᠭ᠎ᠠ᠂ ᠦᠷᠭᠦᠯᠵᠢᠯᠡᠨ ᠨᠢᠭᠡ ᠭᠠᠷᠠᠭ ᠦᠭᠴᠤ ᠲᠡᠵᠢᠭᠡᠪᠡᠯ ᠪᠤᠯᠴᠢᠬᠠᠨ᠎ᠠ᠃ |
|
ᠢᠷᠡᠯᠲᠡ᠄
ᠦᠪᠦᠷ ᠮᠣᠩᠭᠤᠯ ᠤᠨ ᠵᠠᠰᠠᠭ ᠤᠨ ᠣᠷᠳᠤᠨ
|