|
| ᠦᠭᠡᠷ ᠤᠨ ᠭᠤᠤᠷᠳᠤᠬᠤ ᠭᠡᠮ ᠢ ᠰᠡᠷᠭᠡᠶᠢᠯᠡᠨ ᠵᠠᠰᠠᠬᠤ |
|
|
ᠨᠡᠶᠢᠲᠡᠯᠡᠭᠰᠡᠨ ᠴᠠᠭ᠄
2015/12/17
|
|
ᠦᠭᠡᠷ ᠤᠨ ᠭᠤᠤᠷ ︵ᠦᠭᠡᠷ ᠤᠨ ᠠᠷᠠᠰᠤᠨ ᠤ ᠭᠤᠤᠷ ᠪᠤᠯᠤᠨ ᠠᠷᠠᠰᠤᠨ ᠤ ᠡᠷᠢᠶᠠᠨ ᠭᠤᠤᠷ ᠤᠨ ᠠᠪᠠᠭᠠᠯᠳᠠᠢ︶ ᠭᠡᠳᠡᠭ ᠪᠤᠯ ᠦᠭᠡᠷ ᠤᠨ ᠨᠢᠷᠤᠭᠤᠨ ᠭᠡᠰᠡᠭ ᠤᠨ ᠠᠷᠠᠰᠤᠨ ᠲᠤᠤᠷᠠᠭᠢ ᠨᠡᠭᠡᠳᠡᠰᠤᠨ ᠳᠤ ᠠᠮᠢᠳᠤᠷᠠᠵᠤ ᠪᠠᠶᠢᠳᠠᠭ ᠨᠢᠭᠡ ᠵᠤᠶᠢᠯ ᠤᠨ ᠤᠳᠠᠭᠠᠨ ᠴᠢᠨᠠᠷᠳᠠᠢ ᠮᠦᠯᠵᠢᠭᠦᠷ ᠬᠤᠷᠤᠬᠠᠢ ᠶᠢᠨ ᠭᠡᠮ ᠪᠤᠯᠤᠨ᠎ᠠ᠃ ᠭᠡᠮᠨᠡᠭᠰᠡᠨ ᠦᠭᠡᠷ ᠡᠴᠡᠵᠤ ᠲᠤᠷᠠᠨ᠂ ᠲᠦᠯ ᠮᠠᠯ ᠪᠤᠯ ᠦᠰᠭᠦ ᠦᠭᠡᠢ᠂ ᠨᠢᠷᠤᠭᠤᠨ ᠤ ᠭᠡᠰᠡᠭ ᠤᠨ ᠠᠷᠠᠰᠤᠨ ᠤ ᠭᠢᠨᠢ ᠠᠳᠠᠯᠢ ᠪᠤᠰᠤ ᠭᠡᠳᠦᠨ ᠭᠡᠰᠡᠭ ᠲᠤ ᠪᠢᠵᠢᠷᠠᠤᠳᠤᠨᠠ᠃ ᠰᠡᠷᠭᠡᠶᠢᠯᠡᠨ ᠵᠠᠰᠠᠬᠤ᠄ ᠦᠭᠡᠷ ᠤᠨ ᠭᠤᠤᠷ ᠤᠨ ᠠᠪᠠᠭᠠᠯᠳᠠᠢ ᠶᠢᠨ ᠬᠠᠯᠳᠠᠪᠤᠷᠢᠯᠡᠯ ᠭᠢᠭᠡᠳ ᠠᠵᠢᠯᠯᠠᠭᠠᠨ ᠤ ᠪᠠᠶᠢᠳᠠᠯ ᠢᠶᠠᠷ ᠨᠢ ᠰᠡᠷᠭᠡᠶᠢᠯᠡᠨ ᠵᠠᠰᠠᠬᠤ ᠠᠷᠭ᠎ᠠ ᠭᠡᠮᠵᠢᠶ᠎ᠠ ᠲᠤᠠᠠᠳᠠᠭᠠᠵᠤ᠂ ᠵᠢᠯ ᠪᠦᠷᠢ ᠬᠤᠶᠠᠷ ᠤᠳᠠᠭ᠎ᠠ ᠬᠤᠷᠤᠬᠠᠢ ᠲᠠᠭᠤᠬᠤ ᠶᠢ ᠪᠠᠷᠢᠮᠳᠠᠯᠠᠪᠠᠯ ᠠᠴᠢ ᠲᠤᠰᠠᠳᠠᠢ ᠮᠦᠷᠳᠡᠭᠡᠨ ᠲᠤᠰ ᠭᠡᠮ ᠤᠨ ᠡᠭᠦᠰᠭᠦ ᠶᠢ ᠬᠤᠷᠢᠠᠠᠯᠠᠵᠤ ᠴᠢᠳᠠᠨ᠎ᠠ᠃ ᠨᠢᠭᠡᠳᠦᠭᠡᠷ ᠤᠳᠠᠭᠠᠨ ᠤ ᠬᠤᠷᠤᠬᠠᠢ ᠲᠠᠭᠤᠬᠤ ᠠᠵᠢᠯ ᠢ ᠵᠢᠯ ᠪᠦᠷᠢ ᠶᠢᠨ 9 ~ 11 ᠰᠠᠷ᠎ᠠ ᠳᠤ ᠶᠠᠪᠤᠠᠠᠳᠠᠭᠤᠯᠤᠨ᠎ᠠ᠂ ᠡᠨᠡ ᠨᠢ ᠲᠠᠷᠤᠢ ᠡᠭᠢᠨ ᠤ ᠬᠤᠭᠤᠴᠠᠭᠠᠨ ᠳᠤ ᠬᠠᠯᠳᠠᠪᠤᠷᠢᠯᠬᠠᠰᠠᠨ ᠠᠪᠠᠭᠠᠯᠳᠠᠢ ︵ ᠭᠤᠤᠯᠳᠠᠭᠤ ᠨᠢᠭᠡᠳᠦᠭᠡᠷ ᠬᠤᠭᠤᠴᠠᠭᠠᠨ ᠤ ᠠᠪᠠᠭᠠᠯᠳᠠᠢ︶ ᠶᠢᠨ ᠬᠤᠷᠤᠬᠠᠢ ᠶᠢ ᠲᠠᠭᠤᠨ᠎ᠠ᠃ 1. ᠠ ᠸᠧᠢ ᠪᠠᠺᠲ᠋ᠧᠷᠢ ᠡᠰᠡᠷᠭᠦ ᠡᠳ᠋ ᠢ 50 ᠺᠢᠯᠦᠭᠷᠡᠮ ᠪᠦᠷᠢ ᠪᠡᠶ᠎ᠠ ᠶᠢᠨ ᠭᠦᠨᠳᠤ ᠳᠤ 1 ᠮᠢᠯᠢᠯᠢᠲᠷ ᠢᠶᠠᠷ ᠠᠷᠠᠰᠤᠨ ᠲᠤᠤᠷ᠎ᠠ ᠪᠤᠶᠤ ᠪᠤᠯᠴᠢᠩ ᠮᠢᠬᠠᠨ ᠳᠤᠨᠢ ᠲᠠᠷᠢᠨ᠎ᠠ᠃ 2 . ᠲᠠᠪᠬᠤᠷ ᠭᠦᠭᠦᠷᠳᠤ ᠹᠤᠰᠹᠤᠷ ᠢ ᠨᠠᠰᠤ ᠭᠦᠢᠴᠡᠭᠰᠡᠨ ᠦᠭᠡᠷ ᠲᠤ 1.5 ᠮᠢᠯᠢᠯᠢᠲᠷ᠂ ᠪᠠᠭ᠎ᠠ ᠨᠠᠰᠤᠨ ᠤ ᠦᠭᠡᠷ ᠲᠤ 1 ~ 1.5 ᠮᠢᠯᠢᠯᠢᠲᠷ᠂ ᠲᠤᠭᠤᠯ ᠳᠤ 0.5 ~ 1.0 ᠮᠢᠯᠢᠯᠢᠲᠷ ᠢᠶᠠᠷ ᠪᠤᠯᠴᠢᠩ ᠮᠢᠬᠠᠨ ᠳᠤᠨᠢ ᠲᠠᠷᠢᠨ᠎ᠠ᠃ ᠬᠤᠶᠠᠳᠤᠭᠠᠷ ᠤᠳᠠᠭᠠᠨ ᠤ ᠬᠤᠷᠤᠬᠠᠢ ᠲᠠᠭᠤᠬᠤ ᠠᠵᠢᠯ ᠢ ᠲᠠᠷᠠᠭ᠎ᠠ ᠵᠢᠯ ᠤᠨ ᠭᠢᠨᠢ 3 ~ 4 ᠰᠠᠷ᠎ᠠ ᠳᠤ ᠶᠠᠪᠤᠠᠠᠳᠠᠭᠤᠯᠵᠤ᠂ ᠭᠤᠤᠯᠳᠠᠭᠤ ᠪᠢᠵᠢᠷᠠᠤ ᠶᠢᠨ ᠲᠤᠳᠤᠷᠠᠭᠢ ᠠᠪᠠᠭᠠᠯᠳᠠᠢ ᠶᠢ ᠲᠠᠭᠤᠵᠤ ᠠᠯᠠᠬᠤ ᠪᠦᠭᠡᠳ ᠭᠡᠤᠭᠡᠯᠳᠡᠢ ᠶᠢᠨ ᠪᠦᠳᠦᠭᠦ ᠶᠢ ᠰᠡᠷᠭᠡᠶᠢᠯᠡᠨ᠎ᠠ᠃ ᠲᠠᠪᠬᠤᠷ ᠭᠦᠭᠦᠷᠳᠤ ᠹᠤᠰᠹᠤᠷ ᠤᠨ ᠰᠠᠪᠰᠢᠬᠤ ᠡᠮ ᠪᠤᠶᠤ ᠳ᠋ᠢᠪᠠᠶᠢᠴᠦ᠋ᠡᠭ ᠤᠨ ᠠᠭᠤᠰᠤᠮᠠᠯ ᠢ ᠨᠢᠷᠤᠭᠤᠨ ︵ᠪᠢᠵᠢᠷᠠᠤᠳᠤᠠᠠᠰᠠᠨ ᠭᠡᠰᠡᠭ︶ ᠲᠡᠭᠡᠷ᠎ᠡ ᠲᠦᠷᠭᠢᠭᠦ ᠳᠡᠭᠡᠨ ᠲᠡᠭᠡᠷ᠎ᠡ ᠲᠤᠷᠠᠳᠤᠠᠠᠰᠠᠨ ᠡᠮᠳᠤ ᠪᠤᠳᠠᠰ ᠲᠠᠢ ᠬᠤᠯᠢᠨ ᠭᠡᠷᠡᠭᠯᠡᠵᠤ ᠪᠤᠯᠤᠨ᠎ᠠ᠃ |
|
ᠢᠷᠡᠯᠲᠡ᠄
ᠦᠪᠦᠷ ᠮᠣᠩᠭᠤᠯ ᠤᠨ ᠵᠠᠰᠠᠭ ᠤᠨ ᠣᠷᠳᠤᠨ
|