|
ᠬᠤᠷᠠᠭ᠎ᠠ ᠪᠤᠶᠢᠵᠢᠭᠤᠯᠬᠤ ᠲᠤᠬᠠᠢ |
|
|
ᠨᠡᠶᠢᠲᠡᠯᠡᠭᠰᠡᠨ ᠴᠠᠭ᠄
2015/12/17
|
|
ᠬᠤᠷᠠᠭ᠎ᠠ ᠪᠤᠶᠢᠵᠢᠭᠤᠯᠬᠤ ᠳᠤ ᠬᠤᠷᠠᠭᠠᠨ ᠤ ᠲᠦᠷᠦᠯ ᠪᠠ ᠤᠳᠤᠮ ᠤᠠᠠᠰᠠᠭ᠎ᠠ ᠶᠢᠨ ᠠᠳᠠᠯᠢ ᠦᠭᠡᠢ ᠠᠴᠠ ᠪᠤᠯᠵᠤ ᠠᠷᠠᠴᠢᠯᠠᠵᠤ ᠪᠤᠶᠢᠵᠢᠭᠤᠯᠬᠤ ᠨᠢ ᠴᠤ ᠠᠳᠠᠯᠢ ᠦᠭᠡᠢ ᠪᠠᠶᠢᠳᠠᠭ᠃ ᠨᠤᠳᠤᠭ ᠤᠨ ᠬᠤᠨᠢᠨ ᠤ ᠬᠤᠷᠠᠭ᠎ᠠ ᠪᠤᠯ ᠡᠭᠡ ᠠᠴᠠ ᠪᠠᠨ ᠭᠠᠷᠬᠤ ᠳᠠᠭᠠᠨ ᠦᠰᠤ ᠨᠤᠤᠰᠤ ᠦᠨᠳᠤᠷ᠂ ᠦᠰᠦᠯᠳᠡ ᠨᠢ ᠲᠦᠷᠭᠡᠨ ᠮᠦᠷᠳᠡᠭᠡᠨ ᠭᠦᠢᠳᠡᠨ ᠳᠤ ᠴᠤ ᠲᠠᠰᠪᠤᠷᠢᠳᠡᠢ ᠪᠤᠯᠬᠤᠷ ᠬᠤᠷᠠᠭᠠᠯᠬᠠᠰᠠᠨ ᠬᠤᠷᠠᠭ᠎ᠠ ᠶᠢ ᠡᠭᠡ ᠲᠠᠢ ᠨᠢ ᠬᠠᠮᠳᠤ ᠪᠠᠶᠢᠯᠭᠠᠨ ᠤᠶᠢᠷ᠎ᠠ ᠪᠠᠯᠴᠢᠭᠡᠷ ᠲᠤ ᠬᠠᠷᠢᠭᠤᠯᠵᠤ ᠪᠤᠯᠤᠨ᠎ᠠ᠃ ᠡᠶᠢᠮᠤᠷᠭᠦᠤ ᠮᠠᠶ᠋ᠢᠭ ᠢᠶᠠᠷ ᠪᠤᠶᠢᠵᠢᠠᠠᠰᠠᠨ ᠬᠤᠷᠠᠭ᠎ᠠ ᠨᠢ ᠡᠩ ᠤᠨ ᠪᠠᠶᠢᠳᠠᠯ ᠳᠤ ᠭᠡᠨᠡᠳᠳᠡ ᠭᠡᠳᠦᠷᠡᠳᠡᠯ᠎ᠠ ᠭᠦᠭᠦᠭᠦ ᠪᠤᠶᠤ ᠬᠠᠯᠠᠭᠤᠨ ᠭᠦᠢᠳᠡᠨ ᠭᠢᠮᠤᠷᠠᠬᠤ ᠮᠠᠳᠤ ᠶᠢᠨ ᠲᠡᠩᠴᠡᠭᠦᠷᠢ ᠪᠠᠨ ᠠᠯᠳᠠᠬᠤ ᠶᠠᠪᠤᠳᠠᠯ ᠴᠤ ᠴᠦᠭᠡᠨ ᠭᠠᠷᠳᠠᠭ᠃ ᠭᠡᠭᠦ ᠳᠤ ᠡᠪᠡᠰᠤ ᠤᠰᠤᠨ ᠳᠤ ᠡᠭᠡ ᠪᠠᠨ ᠲᠠᠭᠠᠨ ᠡᠷᠳᠡ ᠤᠷᠤᠳᠠᠭ᠃ ᠵᠤᠳ ᠭᠠᠮᠰᠢᠭ ᠲᠠᠢ ᠦᠶ᠎ᠠ ᠳᠤ ᠫᠸᠡᠭ ᠬᠤᠷᠤᠭ᠎ᠠ ᠵᠡᠷᠭᠡ ᠪᠠᠨ ᠪᠡᠯᠡᠳᠭᠡᠴᠢᠭᠡᠪᠡᠯ ᠪᠤᠯᠴᠢᠬᠠᠳᠠᠭ᠃ ᠨᠠᠷᠢᠨ ᠨᠤᠤᠰᠤᠳᠤ ᠬᠤᠨᠢᠨ ᠤ ᠬᠤᠷᠠᠭ᠎ᠠ ᠪᠤᠯ ᠦᠰᠤ ᠪᠤᠭᠤᠨᠢ ᠮᠦᠷᠳᠡᠭᠡᠨ ᠨᠢᠴᠦᠭᠦᠨ ᠰᠢᠬᠠᠮ ᠪᠤᠯᠬᠤᠷ ᠬᠠᠭᠢᠷ ᠭᠦᠢᠳᠡᠨ ᠳᠤ ᠲᠠᠰᠪᠤᠷᠢ ᠮᠠᠭᠤ ᠲᠠᠢ ᠪᠦᠭᠡᠳ ᠦᠰᠦᠯᠳᠡ ᠨᠢ ᠤᠳᠠᠭᠠᠨ ᠪᠠᠶᠢᠳᠠᠭ᠂ ᠡᠶᠢᠮᠤ ᠠᠴᠠ ᠭᠠᠷᠳᠠᠨ ᠪᠤᠶᠢᠵᠢᠭᠤᠯᠬᠤ ᠴᠢᠬᠤᠯᠠ ᠲᠠᠢ ᠪᠦᠭᠡᠳ ᠲᠤᠯᠠᠭᠠᠨ ᠫᠸᠡᠭ ᠬᠤᠷᠤᠭ᠎ᠠ ᠲᠠᠢ ᠪᠠᠶᠢᠬᠤ ᠶᠢ ᠴᠢᠬᠤᠯᠠᠴᠢᠯᠠᠨ᠎ᠠ᠃ ᠡᠭᠦᠨ ᠳᠤ ᠲᠤᠯᠠᠭᠠᠨ ᠤ ᠭᠡᠮᠵᠢᠶ᠎ᠠ ᠶᠢ ᠲᠤᠠᠠᠳᠠᠭᠤᠨ ᠪᠠᠶᠢᠯᠭᠠᠬᠤ᠂ ᠭᠦᠭᠦᠭᠦᠯᠭᠦ ᠦᠶ᠎ᠠ ᠳᠤ ᠨᠦᠮᠦᠷᠢ ᠲᠠᠢ ᠭᠠᠵᠠᠷ ᠢ ᠰᠤᠩᠭᠤᠬᠤ᠂ ᠰᠠᠯᠭᠢ ᠠᠪᠬᠤ ᠠᠴᠠ ᠰᠡᠷᠭᠡᠶᠢᠯᠡᠭᠦ᠂ ᠦᠯᠦᠰᠭᠦᠯᠡᠩ ᠦᠶ᠎ᠠ ᠳᠤ ᠭᠡᠨᠡᠳᠳᠡ ᠴᠠᠳᠬᠤ ᠶᠢ ᠭᠢᠴᠢᠶᠡᠭᠦ ᠪᠡ ᠦᠯᠤ ᠴᠠᠳᠬᠤ ᠶᠢ ᠨᠢ ᠨᠦᠭᠦᠪᠤᠷᠢᠯᠡᠨ ᠲᠡᠵᠢᠭᠡᠭᠦ ᠪᠦᠭᠡᠳ ᠭᠦᠭᠦᠭᠦᠯᠭᠦ ᠴᠠᠭ ᠢ ᠨᠢ ᠤᠬᠤᠷᠬᠠᠨ ᠪᠠᠶᠢᠯᠭᠠᠵᠤ᠂ ᠡᠳᠤᠷ ᠲᠤ 4 ᠤᠳᠠᠭ᠎ᠠ ᠭᠦᠭᠦᠭᠦᠯᠵᠤ ᠪᠤᠯᠤᠨ᠎ᠠ᠃ ᠡᠭᠦᠨ ᠤ ᠲᠠᠭᠠᠤ ᠬᠤᠷᠠᠭᠠᠨ ᠤ ᠫᠸᠡᠭ ᠬᠤᠷᠤᠭ᠎ᠠ ᠶᠢ ᠬᠠᠭᠤᠷᠠᠢ ᠪᠠᠶᠢᠯᠭᠠᠨ᠂ ᠡᠳᠤᠷ ᠪᠦᠷᠢ ᠠᠷᠢᠭᠤᠳᠬᠠᠵᠤ᠂ ᠤᠳᠠᠭ᠎ᠠ ᠪᠤᠯᠭᠠᠨ ᠡᠪᠡᠰᠤ ᠬᠤᠭ ᠢ ᠨᠢ ᠰᠤᠯᠢᠵᠤ ᠲᠠᠪᠢᠰᠭᠦ ᠭᠡᠷᠡᠭᠳᠡᠢ᠃ ᠲᠦᠯ ᠤᠨ ᠫᠸᠡᠭ ᠬᠤᠷᠤᠭ᠎ᠠ ᠳᠤ ᠭᠡᠢ ᠠᠭᠠᠷ ᠨᠠᠪᠳᠡᠷᠡᠭᠦᠯᠵᠤ᠂ ᠠᠭᠤᠷ ᠠᠮᠢᠰᠬᠤᠯ ᠢ ᠨᠢ ᠰᠢᠨ᠎ᠠ ᠰᠤᠷᠭᠤᠭ ᠪᠠᠶᠢᠯᠭᠠᠨ᠎ᠠ᠃ ᠭᠡᠷᠪᠡ ᠴᠢᠭᠢᠭ ᠨᠤᠶᠢᠳᠡᠨ ᠶᠡᠭᠡ ᠪᠤᠶᠤ ᠭᠡᠳᠦᠷᠭᠡᠢ ᠬᠠᠯᠠᠭᠤᠨ ᠪᠤᠯᠪᠠᠯ ᠬᠤᠷᠠᠭ᠎ᠠ ᠠᠮᠠᠷᠬᠠᠨ ᠭᠡᠮᠨᠡᠳᠡᠭ ᠶᠤᠮ᠃ ᠶᠠᠷᠤ ᠶᠢᠨ ᠪᠠᠶᠢᠳᠠᠯ ᠳᠤ ᠬᠤᠷᠠᠭᠠᠨ ᠤ ᠫᠸᠡᠭ ᠳᠠᠬᠢ ᠲᠤᠯᠠᠭᠠᠨ ᠤ ᠭᠡᠮᠵᠢᠶ᠎ᠠ ᠶᠢ 10 ~ 15℃ ᠪᠠᠶᠢᠯᠭᠠᠪᠠᠯ ᠪᠤᠯᠴᠢᠬᠠᠨ᠎ᠠ᠃ ᠬᠤᠷᠠᠭᠠᠨ ᠤ ᠦᠯᠦᠰᠭᠦᠯᠡᠩ ᠴᠠᠳᠬᠤᠯᠠᠩ ᠢ ᠲᠡᠩᠴᠡᠭᠦᠯᠦᠨ ᠪᠠᠶᠢᠯᠭᠠᠵᠤ᠂ ᠬᠤᠷᠠᠭᠠᠨ ᠳᠤ ᠪᠠᠰᠠ ᠲᠠᠪᠤᠰᠤ ᠬᠤᠵᠢᠷ ᠲᠤᠯᠢᠶᠠᠯᠭᠠᠬᠤ ᠪᠤᠶᠤ ᠡᠪᠡᠰᠤ ᠨᠤᠭᠤᠭ᠎ᠠ ᠲᠠᠯᠪᠢᠨ ᠦᠭᠴᠤ ᠢᠳᠡᠰᠢᠯᠡᠭᠦᠯᠭᠦ ᠪᠠ ᠤᠰᠤᠯᠠᠵᠤ ᠰᠤᠷᠭᠠᠬᠤ ᠭᠡᠷᠡᠭᠳᠡᠢ᠃ ᠨᠢᠯᠬ᠎ᠠ ᠬᠤᠷᠠᠭ᠎ᠠ ᠳᠤ ᠡᠭᠡ ᠶᠢᠨ ᠭᠢᠨᠢ ᠤᠭᠤᠷᠠᠭ ᠰᠦ ᠶᠢ ᠡᠷᠳᠡ ᠰᠢᠭ ᠭᠦᠭᠦᠭᠦᠯᠪᠡᠯ ᠭᠡᠮ ᠭᠢᠵᠢᠭ ᠢ ᠰᠠᠷᠭᠡᠶᠢᠯᠡᠭᠦ ᠪᠠ ᠬᠤᠷᠠᠭᠠᠨ ᠤ ᠦᠰᠦᠯᠳᠡ ᠪᠤᠶᠢᠵᠢᠯᠳᠡ ᠳᠤ ᠴᠦᠮ ᠠᠰᠢᠭ ᠲᠠᠢ ᠪᠠᠶᠢᠳᠠᠭ᠃ ᠨᠢᠯᠬ᠎ᠠ ᠬᠤᠷᠠᠭ᠎ᠠ ᠳᠤ ᠡᠭᠢᠨ ᠤ 7 ᠬᠤᠨᠤᠭ ᠲᠤ ᠡᠳᠤᠷ ᠪᠦᠷᠢ 2 ᠤᠳᠠᠭ᠎ᠠ ᠡᠭᠡ ᠶᠢᠨ ᠭᠢᠨᠢ ᠤᠭᠤᠷᠠᠭ ᠰᠦ ᠶᠢ ᠭᠦᠭᠦᠭᠦᠯᠦᠨᠠ᠃ ᠢᠡᠭᠭᠢᠵᠤ ᠰᠠᠶᠢᠳᠤᠷ ᠠᠩᠬᠠᠷᠤᠨ᠂ ᠲᠠᠰ ᠬᠤᠪᠢᠶᠠᠨ ᠲᠤᠰ ᠲᠤᠰ ᠲᠤᠨᠢ ᠢᠯᠭᠠᠨ ᠲᠡᠵᠢᠭᠡᠵᠤ ᠠᠷᠠᠴᠢᠯᠠᠬᠤ ᠮᠦᠷᠳᠡᠭᠡᠨ ᠭᠦᠴᠤ ᠲᠠᠮᠢᠷ ᠪᠠ ᠰᠤᠯᠠ ᠲᠤᠷᠤᠢ ᠶᠢ ᠨᠢ ᠢᠯᠭᠠᠨ ᠰᠠᠯᠭᠠᠵᠤ᠂ ᠠᠰ ᠲᠤᠨᠢ ᠠᠷᠠᠴᠢᠯᠠᠨ ᠲᠡᠵᠢᠭᠡᠭᠦ ᠪᠤᠶᠤ ᠭᠡᠮ ᠲᠠᠢ ᠬᠤᠷᠠᠭ᠎ᠠ ᠶᠢ ᠲᠤᠰᠠᠭᠠᠷᠯᠠᠨ ᠤᠠᠠᠵᠢᠵᠤ ᠲᠡᠵᠢᠭᠡᠭᠦ ᠭᠡᠷᠡᠭᠳᠡᠢ᠃ ᠡᠮ᠎ᠠ ᠬᠤᠨᠢᠨ ᠤ ᠲᠦᠯ ᠢᠶᠠᠨ ᠭᠤᠯᠤᠬᠤ ᠶᠢ ᠰᠡᠷᠭᠡᠶᠢᠯᠡᠨ᠂ ᠭᠤᠯᠤᠠᠠᠳ᠋ᠬᠠᠰᠠᠨ ᠬᠤᠷᠠᠭ᠎ᠠ ᠳᠤ ᠠᠷᠭ᠎ᠠ ᠭᠡᠮᠵᠢᠶ᠎ᠠ ᠠᠪᠴᠤ ᠪᠠᠶᠢᠭᠠᠳ ᠡᠭᠡ ᠳᠤᠨᠢ ᠠᠪᠤᠭᠤᠯᠪᠠᠯ ᠵᠤᠭᠢᠨ᠎ᠠ᠃ ᠲᠦᠯ ᠤᠨ ᠭᠦᠢᠰᠤ ᠶᠢ ᠬᠠᠮᠠᠭᠠᠯᠠᠬᠤ ᠡᠯᠢᠭᠡᠪᠴᠢ ᠪᠠᠷ ᠲᠠᠷᠤᠵᠤ ᠪᠤᠭᠤᠬᠤ ᠪᠤᠶᠤ ᠨᠢᠯᠬ᠎ᠠ ᠬᠤᠷᠠᠭᠠᠨ ᠤ ᠭᠦᠢᠰᠤ ᠶᠢ ᠰᠠᠶᠢᠳᠤᠷ ᠠᠷᠢᠭᠤᠳᠬᠠᠨ ᠭᠡᠮ ᠭᠢᠵᠢᠭ ᠬᠠᠯᠳᠠᠪᠤᠷᠢᠯᠠᠬᠤ ᠠᠴᠠ ᠰᠡᠷᠭᠡᠶᠢᠯᠡᠨ᠎ᠠ᠃ ᠲᠤᠳᠠᠭᠤ ᠲᠤᠷᠭᠤᠨ ᠭᠠᠷᠤᠠᠠᠰᠠᠨ ᠪᠠ ᠪᠦᠳᠡᠩᠰᠡᠭᠰᠡᠨ ᠬᠤᠷᠠᠭ᠎ᠠ᠂ ᠭᠦᠯᠳᠡᠵᠤ ᠪᠡᠭᠡᠷᠡᠭᠰᠡᠨ ᠬᠤᠷᠠᠭᠠᠨ ᠳᠤ ᠪᠠᠭ᠎ᠠ ᠰᠠᠭ᠎ᠠ ᠬᠠᠷ᠎ᠠ ᠠᠷᠢᠭᠢ ᠴᠢᠳᠬᠤᠨ ᠤᠤᠭᠤᠯᠭᠠᠬᠤ ᠪᠤᠶᠤ ᠪᠢᠳᠡᠭᠦᠯᠡᠨ ᠬᠤᠴᠢᠵᠤ ᠲᠠᠯᠪᠢᠨ᠎ᠠ᠂ ᠡᠰᠡᠭᠦᠯ᠎ᠠ ᠬᠠᠯᠠᠭᠤᠨ ᠬᠠᠷ᠎ᠠ ᠴᠠᠢ ᠦᠭᠭᠦᠭᠰᠡᠨ ᠴᠤ ᠪᠤᠯᠤᠨ᠎ᠠ᠃ ᠰᠢᠷ᠎ᠠ ᠲᠤᠰᠤ ᠪᠤᠯ ᠭᠦᠯᠳᠡᠵᠤ ᠪᠡᠭᠡᠷᠡᠭᠰᠡᠨ ᠳᠤ ᠲᠤᠰᠠᠳᠠᠢ ᠪᠠᠷ ᠪᠠᠷᠠᠬᠤ ᠦᠭᠡᠢ ᠦᠯᠦᠰᠴᠤ ᠦᠯᠪᠡᠷᠡᠭᠦ ᠳᠤᠨᠢ ᠴᠤ ᠲᠤᠰᠠᠳᠠᠢ ᠶᠤᠮ᠃ ᠬᠤᠷᠠᠭᠠᠨ ᠳᠤ ᠦᠷᠭᠦᠯᠵᠢ ᠲᠠᠪᠤᠰᠤ ᠬᠤᠵᠢᠷ ᠲᠤᠯᠢᠶᠠᠯᠭᠠᠬᠤ ᠪᠤᠶᠤ ᠲᠠᠪᠤᠰᠤ ᠲᠠᠢ ᠤᠰᠤ ᠪᠠᠷ ᠤᠰᠤᠯᠠᠵᠤ ᠪᠤᠯᠤᠨ᠎ᠠ᠃ ᠬᠤᠷᠠᠭᠠᠨ ᠤ ᠦᠰᠤ ᠰᠢᠷᠤᠢ ᠢᠳᠡᠭᠦ ᠶᠢ ᠰᠡᠷᠭᠡᠶᠢᠯᠡᠪᠡᠯ ᠵᠤᠭᠢᠨ᠎ᠠ᠃ ᠭᠦᠳᠡᠭᠡ ᠭᠡᠭᠡᠷ᠎ᠡ ᠭᠡᠭᠡᠭᠳᠡᠵᠤ ᠤᠷᠭᠢᠨ᠋ᠠᠳ᠋ᠬᠠᠰᠠᠨ ᠬᠤᠷᠠᠭ᠎ᠠ ᠶᠢ ᠵᠠᠪᠠᠯ ᠠᠯᠭᠤᠷ ᠠᠭᠠᠵᠢᠮ ᠢᠶᠠᠷ ᠤᠴᠢᠵᠤ ᠪᠠᠷᠢᠬᠤ ᠪᠤᠶᠤ ᠡᠷᠭᠢᠭᠦᠯᠵᠤ ᠠᠪᠬᠤ ᠭᠡᠷᠡᠭᠳᠡᠢ᠃ ᠭᠦᠶᠦᠵᠤ ᠪᠠᠶᠢᠭᠠᠳ ᠪᠦᠭᠯᠡᠷᠡᠵᠤ ᠦᠭᠦᠭᠦ ᠪᠤᠶᠤ ᠬᠤᠯᠠ ᠲᠦᠭᠡᠷᠢᠵᠤ ᠶᠠᠪᠤᠬᠤ ᠠᠴᠠ ᠰᠡᠷᠭᠡᠶᠢᠯᠡᠨ᠎ᠡ᠃ ᠬᠤᠷᠠᠭ᠎ᠠ ᠶᠢ ᠬᠠᠪᠤᠷ ᠲᠤᠰᠴᠤ ᠪᠤᠶᠢᠵᠢᠭᠤᠯᠳᠠᠭ ᠪᠤᠯᠬᠤᠷ ᠭᠡᠮ ᠭᠢᠵᠢᠭ ᠴᠤ ᠲᠤᠩ ᠠᠮᠠᠷᠬᠠᠨ ᠬᠠᠯᠳᠠᠪᠤᠷᠢᠯᠠᠵᠤ ᠮᠡᠳᠡᠨ᠎ᠡ᠃ ᠡᠶᠢᠮᠤ ᠠᠴᠠ ᠠᠷᠠᠴᠢᠯᠠᠭ᠎ᠠ ᠮᠠᠯᠯᠠᠭ᠎ᠠ ᠪᠠᠨ ᠴᠢᠩᠭᠠᠳᠬᠠᠵᠤ᠂ ᠤᠷᠴᠢᠨ ᠲᠤᠭᠤᠷᠢᠨ ᠤ ᠠᠷᠢᠭᠤᠨ ᠴᠠᠪᠡᠷ ᠢ ᠰᠠᠶᠢᠳᠤᠷ ᠭᠢᠪᠡᠯ ᠰᠠᠶ᠋ᠢ ᠬᠤᠷᠠᠭᠠᠨ ᠤ ᠭᠡᠮ ᠭᠢᠵᠢᠭ ᠲᠡᠯᠭᠡᠷᠡᠭᠦ ᠶᠢ ᠰᠡᠷᠭᠡᠶᠢᠯᠡᠨ ᠭᠢᠵᠠᠭᠠᠷᠯᠠᠵᠤ ᠲᠠᠶᠢᠯᠦᠨ᠎ᠠ᠃ ᠪᠠᠰᠠ ᠵᠤᠭᠢᠬᠤ ᠭᠡᠮᠵᠢᠶᠠᠨ ᠤ ᠡᠮ ᠵᠡᠷᠭᠡ ᠶᠢ ᠪᠡᠯᠡᠳᠭᠡᠵᠤ ᠲᠠᠯᠪᠢᠪᠠᠯ ᠵᠤᠭᠢᠨ᠎ᠠ᠃ |
|
|
|
ᠢᠷᠡᠯᠲᠡ᠄
ᠦᠪᠦᠷ ᠮᠣᠩᠭᠤᠯ ᠤᠨ ᠵᠠᠰᠠᠭ ᠤᠨ ᠣᠷᠳᠤᠨ
|