ᠬᠤᠨᠢ ᠬᠤᠷᠢᠵᠤ ᠲᠠᠷᠭᠤᠯᠠᠭᠤᠯᠬᠤ ᠮᠡᠷᠭᠡᠵᠢᠯ
ᠨᠡᠶᠢᠲᠡᠯᠡᠭᠰᠡᠨ ᠴᠠᠭ᠄
2015/12/17

        ᠬᠤᠨᠢᠨ ᠮᠢᠬ᠎ᠠ ᠰᠢᠨ᠎ᠠ ᠰᠤᠷᠭᠤᠭ ᠪᠤᠯᠬᠤᠷ ᠭᠦᠮᠦᠰ  ᠤᠨ ᠡᠳᠤᠷ ᠲᠤᠳᠤᠮ  ᠤᠨ ᠠᠮᠢᠳᠤᠷᠠᠯ ᠳᠤ ᠲᠤᠳ᠋ᠬᠠᠳᠠᠵᠤ ᠪᠤᠯᠤᠰᠢ ᠦᠭᠡᠢ ᠢᠳᠡᠭᠡᠨ ᠪᠤᠯᠵᠤ᠂ ᠵᠠᠬ᠎ᠠ ᠲᠡᠯᠭᠡᠭᠦᠷ ᠲᠤ ᠴᠤ ᠪᠤᠷᠤᠯᠠᠭᠤᠯᠭ᠎ᠠ ᠰᠠᠶᠢᠳᠠᠢ ᠲᠠᠸᠠᠷ ᠪᠤᠯᠤᠠᠠᠰᠠᠨ ᠪᠠᠶᠢᠨ᠎ᠠ᠃ ᠬᠤᠨᠢ  ᠶᠢ ᠬᠤᠷᠢᠵᠤ ᠪᠤᠷᠳᠤᠨ ᠲᠠᠷᠭᠤᠯᠠᠭᠤᠯᠪᠠᠯ ᠮᠢᠬᠠᠨ  ᠤ ᠭᠠᠷᠤᠯᠳᠠ ᠨᠢ ᠢᠯᠡᠳᠳᠡ ᠲᠡᠭᠡᠭᠰᠢᠯᠡᠳᠡᠭ ᠶᠤᠮ᠃ ᠪᠠᠷᠤᠠᠠᠴᠠᠭᠠᠯᠠᠪᠠᠯ ᠨᠠᠰᠤ ᠭᠦᠢᠴᠡᠵᠤ ᠰᠢᠯᠢᠭᠳᠡᠭᠰᠡᠨ ᠨᠢᠭᠡ ᠬᠤᠨᠢ  ᠶᠢ 70 ᠡᠳᠤᠷ  ᠤᠨ ᠤᠬᠤᠷ ᠬᠤᠭᠤᠴᠠᠭᠠᠨ ᠳᠤ ᠡᠷᠴᠢᠮᠵᠢᠭᠦᠯᠦᠨ ᠪᠤᠷᠳᠤᠵᠤ ᠲᠠᠷᠭᠤᠯᠠᠭᠤᠯᠪᠠᠯ ᠮᠢᠬ᠎ᠠ ᠨᠢ ᠪᠠᠷᠤᠭ13 ᠺᠢᠯᠦᠭᠷᠡᠮ ᠨᠡᠮᠡᠭᠳᠡᠭᠦ ᠪᠤᠯᠤᠨ᠎ᠠ᠃ ᠲᠤᠤᠷ᠎ᠠ ᠪᠢᠳᠡ ᠬᠤᠨᠢ ᠬᠤᠷᠢᠵᠤ ᠲᠠᠷᠭᠤᠯᠠᠭᠤᠯᠬᠤ ᠠᠷᠭ᠎ᠠ ᠮᠨᠷᠭᠡᠵᠢᠯ  ᠢ ᠲᠠᠨᠢᠯᠴᠠᠭᠤᠯᠰᠤᠭᠠᠢ᠃
      ᠨᠢᠭᠡ᠂ ᠲᠠᠷᠭᠤᠯᠠᠭᠤᠯᠬᠤ ᠬᠤᠨᠢ ᠪᠠᠨ ᠰᠢᠯᠢᠵᠤ ᠰᠤᠩᠭᠤᠨ᠎ᠠ᠃ ᠶᠠᠷᠤ ᠳᠡᠭᠡᠨ ᠲᠤᠰ ᠵᠢᠯ  ᠤᠨ ᠬᠤᠷᠠᠭ᠎ᠠ᠂ ᠵᠠᠰᠬᠠᠰᠠᠨ ᠬᠤᠷᠠᠭ᠎ᠠ᠂ ᠰᠢᠯᠢᠭᠳᠡᠵᠤ ᠰᠢᠷᠪᠢᠭᠳᠡᠭᠰᠡᠨ ᠭᠦᠭᠰᠢᠨ ᠪᠠᠭᠤᠷᠠᠢ ᠬᠤᠨᠢᠳ  ᠢ ᠴᠦᠮ ᠪᠤᠷᠳᠤᠨ ᠲᠠᠷᠭᠤᠯᠠᠭᠤᠯᠵᠤ ᠪᠤᠯᠤᠨ᠎ᠠ᠃ ᠲᠠᠷᠭᠤᠯᠠᠭᠤᠯᠬᠤ ᠬᠤᠨᠢ ᠨᠢ ᠡᠷᠭᠡᠪᠰᠢ ᠭᠡᠮ ᠭᠢᠵᠢᠭ ᠦᠭᠡᠢ ᠡᠷᠡᠭᠦᠯ ᠬᠤᠨᠢ ᠪᠠᠶᠢᠬᠤ ᠭᠡᠷᠡᠭᠳᠡᠢ᠃ ᠲᠠᠷᠭᠤᠯᠠᠭᠤᠯᠬᠤ ᠠᠴᠠ ᠡᠮᠦᠨ᠎ᠠ ᠬᠤᠷᠤᠬᠠᠢ  ᠶᠢ ᠨᠢ ᠲᠠᠭᠤᠵᠤ᠂ ᠬᠠᠮᠠᠭᠤ  ᠶᠢ ᠨᠢ ᠵᠠᠰᠠᠪᠠᠯ ᠰᠠᠶᠢᠨ ᠪᠠᠶᠢᠳᠠᠭ᠃
      ᠬᠤᠶᠠᠷ᠂ ᠬᠤᠷᠢᠵᠤ ᠲᠡᠵᠢᠭᠡᠵᠤ ᠪᠤᠷᠳᠤᠨ ᠲᠠᠷᠭᠤᠯᠠᠭᠤᠯᠤᠨ᠎ᠠ᠃ ᠡᠨᠡ ᠪᠤᠯ ᠦᠷ᠎ᠡ ᠪᠦᠳᠦᠮᠵᠢ ᠪᠠᠷ ᠬᠠᠮᠤᠭ  ᠤᠨ ᠰᠠᠶᠢᠨ ᠨᠢᠭᠡ ᠵᠤᠶᠢᠯ  ᠤᠨ ᠪᠤᠷᠳᠤᠨ ᠲᠠᠷᠭᠤᠯᠠᠭᠤᠯᠬᠤ ᠠᠷᠭ᠎ᠠ ᠮᠡᠷᠭᠡᠵᠢᠯ ᠪᠤᠯᠤᠨ᠎ᠠ᠃ ᠬᠤᠨᠢ ᠪᠤᠷᠳᠤᠵᠤ ᠲᠠᠷᠭᠤᠯᠠᠭᠤᠯᠬᠤ ᠲᠡᠵᠢᠭᠡᠯ ᠪᠤᠷᠳᠤᠭ᠎ᠠ  ᠶᠢ ᠪᠦᠳᠦᠭᠦᠯᠢᠭ ᠪᠠ ᠨᠠᠷᠢᠯᠢᠭ ᠲᠠᠵᠢᠭᠡᠯ ᠪᠤᠷᠳᠤᠭ᠎ᠠ ᠭᠡᠮᠡᠨ ᠬᠤᠶᠠᠷ ᠵᠤᠶᠢᠯ ᠳᠤ ᠬᠤᠪᠢᠶᠠᠵᠤ ᠪᠤᠯᠤᠨ᠎ᠠ᠂ ᠪᠦᠳᠦᠭᠦᠯᠢᠭ ᠲᠡᠵᠢᠭᠡᠯ ᠪᠤᠷᠳᠤᠭ᠎ᠠ ᠳᠤ ᠡᠷᠳᠡᠨᠢ ᠰᠢᠰᠢ᠂ ᠰᠢᠰᠢ  ᠶᠢᠨ ᠲᠦᠷᠦᠯ  ᠤᠨ ᠡᠰᠢ ᠰᠦᠷᠡᠯ᠂ ᠴᠠᠷᠭᠠᠰᠤ᠂ ᠮᠤᠷᠢᠨ ᠬᠤᠨᠴᠢᠷ ᠵᠡᠷᠭᠡ ᠰᠢᠯᠢᠳᠡᠭ ᠬᠠᠭᠤᠷᠠᠢ ᠡᠪᠡᠰᠤ ᠪᠤᠯᠤᠨ ᠵᠠᠯ᠎ᠠ ᠭᠤᠸᠠ  ᠶᠢᠨ ᠬᠠᠯᠢᠰᠤ ᠵᠡᠷᠭᠡ ᠪᠤᠢ᠃ ᠨᠠᠷᠢᠯᠢᠭ ᠲᠡᠵᠢᠭᠡᠯ ᠪᠤᠷᠳᠤᠭ᠎ᠠ ᠳᠤ ᠡᠷᠳᠡᠨᠢ ᠰᠢᠰᠢ᠂ ᠠᠭ᠎ᠠ᠂ ᠪᠢᠡᠭ  ᠤᠨ ᠲᠦᠷᠦᠯ ᠪᠠ ᠰᠢᠭᠠᠷᠤ ᠵᠡᠷᠭᠡ  ᠶᠢ ᠠᠰᠢᠠᠠᠯᠠᠵᠤ ᠪᠤᠯᠤᠨ᠎ᠠ᠃ ᠪᠦᠳᠦᠭᠦᠯᠢᠭ ᠲᠡᠵᠢᠭᠡᠯ ᠪᠤᠷᠳᠤᠭ᠎ᠠ  ᠶᠢ ᠭᠡᠷᠴᠢᠵᠤ ᠲᠡᠵᠢᠭᠡᠭᠦ ᠪᠦᠭᠡᠳ ᠨᠠᠷᠢᠯᠢᠭ ᠲᠡᠵᠢᠭᠡᠯ ᠪᠤᠷᠳᠤᠭ᠎ᠠ  ᠶᠢ ᠭᠡᠮᠭᠡᠯᠡᠵᠤ ᠲᠡᠵᠢᠭᠡᠪᠡᠯ ᠰᠠᠶᠢᠨ ᠪᠠᠶᠢᠳᠠᠭ᠃ ᠬᠤᠨᠢᠨ ᠳᠤ ᠦᠭᠭᠦ ᠲᠡᠵᠢᠭᠡᠯ ᠡᠪᠡᠰᠤᠨ  ᠤ ᠪᠡᠷᠢᠮᠵᠢᠶ᠎ᠠ  ᠶᠢ ᠡᠭᠦᠯᠳᠡᠷ᠂ ᠭᠦᠢᠰᠤ  ᠶᠢᠨ ᠢᠯᠭᠠᠯ ᠪᠠ ᠪᠡᠶ᠎ᠠ  ᠶᠢᠨ ᠶᠡᠭᠡ ᠪᠠᠭ᠎ᠠ ᠪᠠᠷ ᠨᠢ ᠲᠤᠠᠠᠳᠠᠭᠠᠨ᠎ᠠ᠂ ᠶᠠᠷᠤ ᠳᠡᠭᠡᠨ ᠡᠳᠤᠷ ᠪᠦᠷᠢ ᠨᠠᠰᠤ ᠭᠦᠢᠴᠡᠭᠰᠡᠨ ᠬᠤᠨᠢ ᠪᠦᠷᠢ ᠳᠤ 8 ᠺᠢᠯᠤᠭ᠍ᠷᠡᠮ ᠭᠦᠭᠡ ᠡᠪᠡᠰᠤ ᠪᠤᠶᠤ 1.2 ~ 1.5 ᠺᠢᠯᠦᠭᠷᠡᠮ ᠬᠠᠭᠤᠷᠠᠢ ᠡᠪᠡᠰᠤ ᠪᠠ 0.5 ᠺᠢᠯᠦᠭᠷᠡᠮ ᠨᠠᠷᠢᠯᠢᠭ ᠲᠡᠵᠢᠭᠡᠯ ᠪᠤᠷᠳᠤᠭ᠎ᠠ ᠦᠭᠴᠤ ᠲᠡᠵᠢᠭᠡᠭᠦ ᠪᠠᠷ ᠪᠠᠷᠢᠮᠵᠢᠶᠠᠯᠠᠵᠤ ᠬᠠᠨᠳᠠᠯ᠎ᠠ ᠤᠰᠤᠯᠠᠨ᠎ᠠ᠃ ᠨᠠᠷᠢᠯᠢᠭ ᠲᠡᠵᠢᠭᠡᠯ ᠪᠤᠷᠳᠤᠭ᠎ᠠ ᠪᠠᠨ ᠨᠠᠶᠢᠷᠠᠭᠤᠯᠤᠠᠠᠰᠠᠨ  ᠤ ᠲᠠᠷᠠᠭ᠎ᠠ ᠲᠡᠵᠢᠭᠡᠪᠡᠯ ᠦᠷ᠎ᠡ ᠠᠰᠢᠭ ᠨᠢ ᠨᠡᠩ ᠰᠠᠶᠢᠨ ᠶᠤᠮ᠃ ᠨᠠᠷᠢᠯᠢᠭ ᠲᠡᠵᠢᠭᠡᠯ ᠪᠤᠷᠳᠤᠭ᠎ᠠ ᠨᠠᠶᠢᠷᠠᠭᠤᠯᠬᠤ ᠪᠡᠷᠢᠮᠵᠢᠶ᠎ᠠ ᠨᠢ ᠭᠡᠪᠡᠯ᠂ 60%  ᠶᠢᠨ ᠡᠷᠳᠡᠨᠢ ᠰᠢᠰᠢ᠂ 20%  ᠶᠢᠨ ᠠᠭ᠎ᠠ᠂ ᠪᠢᠡᠭ  ᠤᠨ ᠲᠦᠷᠦᠯ ᠪᠠ ᠰᠢᠭᠠᠷᠤ ᠲᠡᠭᠡᠷ᠎ᠡ ᠪᠠᠰᠠ ᠪᠠᠭ᠎ᠠ ᠭᠡᠮᠵᠢᠶᠠᠨ  ᠤ ᠲᠠᠪᠤᠰᠤ᠂ ᠶᠠᠰᠤᠨ ᠲᠠᠯᠬ᠎ᠠ ᠵᠡᠷᠭᠡ ᠡᠷᠦᠳᠡᠰᠤ ᠨᠡᠮᠡᠯᠳᠡ ᠡᠳ᠋  ᠢ ᠬᠤᠯᠢᠵᠤ ᠨᠠᠶᠢᠷᠠᠭᠤᠯᠤᠨ᠎ᠠ᠃ ᠪᠤᠷᠳᠤᠨ ᠲᠠᠷᠭᠤᠯᠠᠭᠤᠯᠬᠤ ᠬᠤᠭᠤᠴᠠᠭᠠᠨ ᠳᠤ ᠫᠸᠡᠭ ᠰᠠᠷᠠᠪᠴᠢ ᠪᠠᠨ ᠡᠪᠤᠯ ᠲᠤᠯᠠᠭᠠᠨ᠂ ᠵᠤᠨ ᠰᠡᠷᠢᠭᠦᠨ ᠮᠦᠷᠳᠡᠭᠡᠨ ᠭᠡᠪᠳᠡᠷᠢ  ᠶᠢ ᠨᠢ ᠬᠠᠭᠤᠷᠠᠢ ᠪᠠᠶᠢᠯᠭᠠᠵᠤ᠂ ᠭᠡᠮ ᠭᠢᠵᠢᠭ  ᠤᠨ ᠰᠡᠷᠭᠡᠶᠢᠯᠡᠯᠳᠡ  ᠶᠢ ᠴᠤ ᠰᠠᠶᠢᠨ ᠭᠢᠭᠦ ᠭᠡᠷᠡᠭᠳᠡᠢ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
Baidu
map