ᠬᠤᠷᠠᠭᠠᠨ ᠳᠤ ᠲᠡᠵᠢᠭᠡᠯ ᠪᠤᠷᠳᠤᠭ᠎ᠠ ᠨᠦᠭᠦᠪᠤᠷᠢᠯᠡᠭᠦ ᠲᠤᠬᠠᠢ
ᠨᠡᠶᠢᠲᠡᠯᠡᠭᠰᠡᠨ ᠴᠠᠭ᠄
2015/12/17

     ᠬᠤᠷᠠᠭ᠎ᠠ ᠰᠠᠶ᠋ᠢ ᠭᠠᠷᠤᠠᠠᠰᠠᠨ  ᠤ ᠡᠭᠢᠨ  ᠤ ᠬᠤᠶᠠᠷ ᠰᠠᠷ᠎ᠠ  ᠶᠢᠨ ᠲᠤᠳᠤᠷ᠎ᠡ ᠭᠤᠤᠯᠳᠠᠭᠤ ᠰᠦ ᠪᠠᠷ ᠰᠢᠮ᠎ᠠ ᠲᠡᠵᠢᠭᠡᠯ  ᠤᠨ ᠢᠷᠡᠯᠳᠡ ᠪᠠᠨ ᠪᠤᠯᠭᠠᠳᠠᠭ᠃ ᠡᠨᠡ ᠭᠦ ᠬᠤᠭᠤᠴᠠᠭᠠᠨ ᠳᠤ ᠦᠰᠦᠯᠳᠡ  ᠶᠢᠨ ᠬᠤᠷᠳᠤᠴᠠ ᠨᠢ ᠬᠠᠮᠤᠭ  ᠤᠨ ᠲᠦᠷᠭᠡᠨ ᠪᠤᠯᠬᠤᠷ ᠡᠷᠭᠡᠪᠰᠢ ᠡᠭᠡ  ᠶᠢᠨ ᠭᠢᠨᠢ ᠰᠦ  ᠶᠢ ᠭᠦᠢᠴᠡᠳ ᠭᠦᠭᠦᠭᠦᠯᠭᠦ ᠭᠡᠷᠡᠭᠳᠡᠢ᠃ ᠵᠢᠱᠢᠶᠡᠯᠡᠪᠡᠯ ᠰᠦᠨ  ᠤ ᠭᠡᠮᠵᠢᠶ᠎ᠠ ᠨᠢ ᠭᠦᠢᠴᠡᠳ ᠦᠭᠡᠢ ᠪᠤᠯ ᠭᠢᠮᠠᠯ ᠰᠦ ᠪᠠᠷ ᠨᠦᠭᠦᠪᠤᠷᠢᠯᠡᠭᠦ ᠪᠤᠶᠤ ᠪᠤᠰᠤᠳ ᠰᠦ ᠲᠠᠢ ᠡᠭᠡ ᠮᠠᠯ ᠳᠤ ᠲᠠᠭᠠᠭᠤᠯᠵᠤ ᠪᠤᠯᠤᠨ᠎ᠠ᠃ ᠡᠳᠤᠷ ᠪᠦᠷᠢ  ᠶᠢᠨ ᠦᠰᠦᠯᠳᠡ  ᠶᠢ ᠲᠠᠭᠠᠯᠳᠤᠨ ᠬᠤᠷᠠᠭ᠎ᠠ ᠠᠭᠠᠵᠢᠮ  ᠢᠶᠠᠷ ᠲᠠᠵᠢᠭᠡᠯ ᠡᠪᠡᠰᠤ ᠪᠠᠷ ᠭᠤᠤᠯ ᠢᠳᠡᠰᠢ ᠪᠠᠨ ᠪᠤᠯᠭᠠᠵᠤ᠂ ᠡᠭᠡ  ᠶᠢᠨ  ᠢᠶᠠᠨ ᠰᠦ ᠪᠠᠷ ᠬᠠᠪᠰᠤᠷᠤᠮᠵᠢ ᠪᠤᠯᠭᠠᠳᠠᠭ᠃ ᠬᠤᠷᠠᠭ᠎ᠠ ᠰᠦ ᠠᠴᠠ ᠪᠠᠨ ᠰᠠᠯᠪᠠᠯ ᠲᠡᠵᠢᠭᠡᠯ ᠡᠪᠡᠰᠤ ᠪᠤᠷᠳᠤᠭ᠎ᠠ ᠪᠠᠷ ᠰᠢᠮ᠎ᠠ ᠲᠡᠵᠢᠭᠡᠯ  ᠤᠨ ᠢᠷᠡᠯᠳᠡ ᠪᠠᠨ ᠪᠤᠯᠭᠠᠳᠠᠭ᠃ ᠡᠶᠢᠮᠤ ᠠᠴᠠ ᠲᠡᠵᠢᠭᠡᠯ ᠪᠤᠷᠳᠤᠭ᠎ᠠ ᠨᠦᠭᠦᠪᠤᠷᠢᠯᠡᠭᠦ ᠴᠠᠭ  ᠢ ᠡᠷᠳ᠋ᠨ ᠠᠴᠠ ᠡᠭᠢᠯᠡᠭᠦᠯᠦᠨ᠎ᠠ᠃ ᠪᠠᠷᠤᠭ ᠬᠤᠷᠠᠭᠠᠯᠠᠭᠠᠳ ᠠᠷᠪᠡᠨ ᠡᠳᠤᠷ ᠪᠤᠯᠤᠠᠠᠰᠠᠨ  ᠤ ᠲᠠᠷᠠᠭ᠎ᠠ ᠤᠭᠢ ᠰᠠᠶᠢᠨ ᠭᠦᠭᠡ ᠡᠪᠡᠰᠤ ᠦᠭᠴᠤ ᠢᠳᠡᠭᠦᠯᠭᠦ ᠪᠦᠭᠡᠳ ᠬᠤᠷᠠᠭ᠎ᠠ ᠳᠤ ᠡᠷᠳᠡ ᠡᠪᠡᠰᠤ ᠦᠭᠴᠤ ᠢᠳᠡᠭᠦᠯᠭᠦ  ᠶᠢ ᠰᠤᠷᠭᠠᠠᠠᠰᠠᠨ  ᠤ ᠲᠠᠷᠠᠭ᠎ᠠ ᠲᠡᠭᠦᠨ  ᠢ ᠦᠪᠡᠰᠦᠪᠡᠨ ᠢᠳᠡᠰᠢᠯᠡᠭᠦ ᠪᠤᠯᠭᠠᠨ᠎ᠠ᠃ 15 ᠡᠳᠤᠷ ᠪᠤᠯᠤᠠᠠᠰᠠᠨ  ᠤ ᠲᠠᠷᠠᠭ᠎ᠠ ᠬᠤᠯᠢᠮᠠᠭ ᠨᠠᠷᠢᠯᠢᠭ ᠪᠤᠷᠳᠤᠭ᠎ᠠ ᠨᠦᠭᠦᠪᠤᠷᠢᠯᠡᠨ᠎ᠡ᠃ ᠲᠡᠵᠢᠭᠡᠯ ᠡᠪᠡᠰᠤ ᠪᠤᠷᠳᠤᠭ᠎ᠠ ᠨᠦᠭᠦᠪᠤᠷᠢᠯᠡᠭᠦ ᠳᠤ ᠭᠤᠤᠯᠳᠠᠭᠤ ᠭᠦᠭᠡ ᠬᠠᠭᠤᠷᠠᠢ ᠡᠪᠡᠰᠤ ︵ᠬᠠᠭᠤᠷᠠᠢ ᠴᠠᠷᠭᠠᠰᠤ᠂ ᠯᠤᠬᠠᠱᠸᠡᠭ  ᠤᠨ ᠵᠤᠶᠢᠯ᠂ ᠭᠦᠭᠡ ᠪᠠᠷ ᠨᠢ ᠬᠠᠳᠠᠭᠠᠠᠠᠰᠠᠨ ᠡᠷᠳᠡᠨᠢ ᠰᠢᠰᠢ᠂ ᠭᠦᠭᠡ ᠪᠠᠷ ᠨᠢ ᠬᠠᠳᠠᠭᠠᠠᠠᠰᠠᠨ ᠰᠢᠰᠢ  ᠶᠢᠨ ᠨᠠᠪᠴᠢ᠂ ᠭᠦᠭᠡ ᠪᠠᠷ ᠨᠢ ᠬᠠᠳᠠᠭᠠᠠᠠᠰᠠᠨ ᠮᠤᠳᠤᠨ ᠨᠠᠪᠴᠢ ᠵᠡᠷᠭᠡ︶ ᠪᠤᠯᠤᠨ ᠬᠠᠭᠤᠷᠴᠤ ᠪᠤᠯᠭᠤᠠᠠᠰᠠᠨ ᠬᠤᠯᠢᠮᠠᠭ ᠨᠠᠷᠢᠯᠢᠭ ᠲᠡᠵᠢᠭᠡᠯ ᠪᠤᠷᠳᠤᠭ᠎ᠠ ︵ᠲᠠᠯᠬᠠᠳᠠᠵᠤ ᠭᠡᠮᠭᠡᠯᠦᠭᠰᠡᠨ ᠡᠷᠳᠡᠨᠢ ᠰᠢᠰᠢ᠂ ᠪᠤᠭᠤᠳᠠᠢ᠂ ᠸᠠᠠᠳ᠋ᠸᠤ᠂ ᠰᠢᠷ᠎ᠠ ᠪᠤᠷᠴᠠᠭ᠂ ᠶᠤᠤᠮᠠᠢ᠂ ᠰᠢᠰᠢ᠂ ᠳ᠋ᠸᠤᠪᠢᠡᠭ᠂ ᠮᠠᠭᠠᠵᠢ  ᠶᠢᠨ ᠪᠢᠡᠭ ᠵᠡᠷᠭᠡ︶ ᠨᠦᠭᠦᠪᠤᠷᠢᠯᠡᠳᠡᠭ᠃ ᠨᠠᠷᠢᠯᠢᠭ ᠲᠡᠵᠢᠭᠡᠯ ᠪᠤᠷᠳᠤᠭ᠎ᠠ  ᠶᠢᠨ ᠭᠡᠷᠡᠭᠯᠡᠭᠦ ᠭᠡᠮᠵᠢᠶ᠎ᠠ  ᠶᠢ ᠡᠪᠡᠰᠤ ᠪᠤᠷᠳᠤᠭ᠎ᠠ  ᠶᠢᠨ ᠴᠢᠨᠠᠷ ᠴᠢᠠᠰᠠᠭ᠎ᠠ ᠪᠤᠯᠤᠨ ᠡᠮ᠎ᠡ ᠬᠤᠨᠢᠨ  ᠤ ᠰᠦ  ᠶᠢᠨ ᠭᠡᠮᠵᠢᠶ᠎ᠠ  ᠶᠢ ᠦᠨᠳᠦᠰᠦᠯᠡᠨ ᠲᠤᠠᠠᠳᠠᠭᠠᠨ᠎ᠠ᠂ ᠬᠤᠷᠠᠭ᠎ᠠ ᠪᠦᠷᠢ ᠳᠤ ᠡᠭᠢᠨ  ᠤ 1 ᠰᠠᠷ᠎ᠠ  ᠶᠢᠨ ᠲᠤᠳᠤᠷ᠎ᠠ ᠡᠳᠤᠷ ᠲᠤ 50 ᠭᠷᠡᠮ ᠠᠴᠠ ᠭᠡᠳᠦᠷᠡᠭᠦᠯᠵᠤ ᠪᠤᠯᠬᠤ ᠦᠭᠡᠢ᠃ 1 ~ 2 ᠰᠠᠷ᠎ᠠ ᠪᠤᠯᠬᠤ ᠳᠤ ᠡᠳᠤᠷ ᠲᠤ 100 ᠭᠷᠡᠮ ᠤᠷᠴᠢᠮ ᠪᠠᠶᠢᠯᠭᠠᠨ᠎ᠠ︔ 2 ᠰᠠᠷ᠎ᠠ ᠠᠴᠠ ᠬᠤᠶᠢᠰᠢ ᠪᠤᠯ 200 ~ 250 ᠭᠷᠡᠮ ᠪᠤᠯᠳᠠᠯ᠎ᠠ ᠨᠡᠮᠡᠭᠳᠡᠭᠦᠯᠦᠨ᠎ᠠ᠃ ᠨᠠᠷᠢᠯᠢᠭ ᠲᠡᠵᠢᠭᠡᠯ ᠪᠤᠷᠳᠤᠭ᠎ᠠ ᠨᠦᠭᠦᠪᠤᠷᠢᠯᠡᠭᠦ ᠳᠡᠭᠡᠨ ᠴᠠᠭ ᠲᠤᠠᠠᠳᠠᠵᠤ᠂ ᠲᠡᠵᠢᠭᠡᠯ ᠡᠪᠡᠰᠤ  ᠶᠢ ᠬᠠᠨᠭ᠍ᠭᠠᠮᠵᠢᠳᠡᠢ ᠪᠡᠯᠡᠳᠭᠡᠵᠤ᠂ ᠬᠤᠷᠠᠭ᠎ᠠ ᠪᠤᠯᠭᠠᠨ ᠳᠤ ᠵᠤᠭᠢᠬᠤ ᠭᠡᠮᠵᠢᠶᠠᠨ  ᠤ ᠨᠠᠷᠢᠯᠢᠭ ᠲᠡᠵᠢᠭᠡᠯ ᠪᠤᠷᠳᠤᠭ᠎ᠠ ᠦᠭᠴᠤ ᠲᠡᠵᠢᠭᠡᠭᠦ  ᠶᠢ ᠪᠠᠳᠤᠯᠠᠬᠤ ᠭᠡᠷᠡᠭᠳᠡᠢ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
Baidu
map