︵ᠵᠢᠷᠭᠤᠭ᠎ᠠ︶ ᠡᠷᠳᠡᠨᠢ ᠰᠢᠰᠢ ᠶᠢ ᠴᠠᠷᠳᠠᠭᠤᠯ ᠡᠯᠪᠡᠭ ᠲᠠᠢ ᠦᠨᠳᠤᠷ ᠬᠤᠷᠢᠶᠠᠯᠳᠠ ᠲᠠᠢ ᠲᠠᠷᠢᠵᠤ ᠤᠷᠭᠤᠭᠤᠯᠬᠤ ᠮᠡᠷᠭᠡᠵᠢᠯ
ᠨᠡᠶᠢᠲᠡᠯᠡᠭᠰᠡᠨ ᠴᠠᠭ᠄
2015/11/25

       1. ᠶᠠᠭᠤ ᠶᠢ ᠴᠠᠷᠳᠠᠭᠤᠯ ᠡᠯᠪᠡᠭ ᠲᠠᠢ ᠡᠷᠳᠡᠨᠢ ᠰᠢᠰᠢ ᠬᠡᠬᠦ ᠪᠤᠢ︖
      ᠴᠠᠷᠳᠠᠭᠤᠯ ᠡᠯᠪᠡᠭ ᠲᠠᠢ ᠡᠷᠳᠡᠨᠢ ᠰᠢᠰᠢ ᠭᠡᠳᠡᠭ ᠨᠢ ᠲᠠᠷᠤᠢ ᠡᠷᠳᠡᠨᠢ ᠰᠢᠰᠢ ᠶᠢᠨ ᠮᠦᠬᠦᠯᠢᠭ ᠲᠠᠬᠢ ᠴᠠᠷᠳᠠᠭᠤᠯ ᠤᠨ ᠠᠭᠤᠯᠤᠭᠳᠠᠴᠠ ᠨᠢ 70% ᠠᠴᠠ ᠲᠡᠭᠡᠭᠰᠢ ᠪᠠᠶᠢᠬᠤ ᠲᠤᠰᠬᠠᠢ ᠬᠡᠷᠡᠭᠯᠡᠭᠡᠨ ᠤ ᠡᠷᠳᠡᠨᠢ ᠰᠢᠰᠢ ᠶᠢ ᠵᠢᠭᠠᠵᠤ ᠪᠤᠢ᠃ GB1353 -1999 ᠶᠢᠨ ᠴᠠᠷᠳᠠᠭᠤᠯ ᠡᠯᠪᠡᠭ ᠲᠠᠢ ᠡᠷᠳᠡᠨᠢ ᠰᠢᠰᠢ ᠶᠢᠨ ᠪᠠᠷᠢᠮᠵᠢᠶ᠎ᠠ ᠳᠤ ᠨᠢᠭᠡᠳᠦᠭᠡᠷ ᠳᠡᠰ ᠤᠨ ᠴᠠᠷᠳᠠᠭᠤᠯ ᠡᠯᠪᠡᠭ ᠲᠠᠢ ᠡᠷᠳᠡᠨᠢ ᠰᠢᠰᠢ ᠶᠢᠨ ᠪᠦᠳᠦᠬᠦᠯᠢᠭ  ᠴᠠᠷᠳᠠᠭᠤᠯ ᠨᠢ 76% ᠠᠴᠠ ᠲᠡᠭᠡᠭᠰᠢ ᠪᠠᠶᠢᠬᠤ᠂ ᠬᠤᠶᠠᠳᠤᠭᠠᠷ ᠳᠡᠰ ᠤᠨ ᠬᠢᠨᠢ 74% ᠠᠴᠠ ᠲᠡᠭᠡᠭᠰᠢ᠂ ᠡᠩ ᠤᠨ ᠬᠢᠨᠢ 60~69% ᠪᠠᠶᠢᠬᠤ ᠬᠡᠷᠡᠭᠳᠡᠢ ᠬᠡᠵᠤ ᠲᠤᠭᠳᠠᠭᠠᠭᠰᠠᠨ ᠪᠠᠶᠢᠳᠠᠭ᠃
       2. ᠴᠠᠷᠳᠠᠭᠤᠯ ᠡᠯᠪᠡᠭ ᠲᠠᠢ ᠡᠷᠳᠡᠨᠢ ᠰᠢᠰᠢ ᠲᠠᠷᠢᠬᠤ ᠶᠢᠨ ᠵᠠᠩᠭᠢᠯᠠᠭ᠎ᠠ ᠶᠢᠨ ᠴᠢᠨᠠᠷ ᠲᠠᠢ ᠮᠡᠷᠭᠡᠵᠢᠯ ᠨᠢ ᠶᠠᠭᠤ ᠪᠤᠢ︖
       ᠴᠠᠷᠳᠠᠭᠤᠯ ᠡᠯᠪᠡᠭ ᠲᠠᠢ ᠴᠢᠨᠠᠷ ᠰᠠᠶᠢᠳᠠᠢ ᠡᠷᠳᠡᠨᠢ ᠰᠢᠰᠢ ᠶᠢᠨ ᠰᠤᠷᠲ ᠢ ᠰᠤᠩᠭᠤᠬᠤ ᠪᠤᠯ ᠴᠠᠷᠳᠠᠭᠤᠯ ᠡᠯᠪᠡᠭ ᠲᠠᠢ ᠡᠷᠳᠡᠨᠢ ᠰᠢᠰᠢ ᠶᠢᠨ ᠦᠢᠯᠡᠳᠪᠤᠷᠢᠯᠡᠯ ᠢ ᠬᠦᠭᠵᠢᠬᠦᠯᠬᠦ ᠶᠢᠨ ᠲᠡᠷᠢᠬᠦᠨ ᠵᠠᠩᠭᠢᠯᠠᠭ᠎ᠠ ᠪᠤᠯᠤᠨ᠎ᠠ᠃
      3. ᠴᠠᠷᠳᠠᠭᠤᠯ ᠡᠯᠪᠡᠭ ᠲᠠᠢ ᠡᠷᠳᠡᠨᠢ ᠰᠢᠰᠢ ᠶᠢᠨ ᠰᠤᠷᠲ ᠲᠤ ᠭᠤᠤᠯ ᠨᠢ ᠶᠠᠮᠠᠷ ᠶᠠᠮᠠᠷ ᠵᠦᠢᠯ ᠪᠠᠶᠢᠬᠤ ᠪᠤᠢ︖
      ᠤᠳᠤᠬᠠᠨ ᠳᠤ ᠨᠡᠯᠢᠶᠠᠳ ᠰᠠᠶᠢᠨ ᠪᠦᠬᠡᠳ ᠮᠤᠵᠢ ᠶᠢᠨ ᠱᠠᠳᠤᠨ ᠠᠴᠠ ᠳᠡᠭᠡᠭᠰᠢᠬᠢ ᠰᠤᠷᠲ ᠬᠢᠨᠡᠨ ᠲᠤᠭᠳᠠᠭᠠᠬᠤ ᠵᠦᠪᠯᠡᠯ ᠤᠨ ᠬᠢᠨᠡᠨ ᠲᠤᠭᠳᠠᠭᠠᠭᠰᠠᠨ ᠴᠠᠷᠳᠠᠭᠤᠯ ᠡᠯᠪᠡᠭ ᠲᠠᠢ ᠡᠷᠳᠡᠨᠢ ᠰᠢᠰᠢ ᠶᠢᠨ ᠰᠤᠷᠲ ᠬᠡᠪᠠᠯ ᠭᠤᠤᠯ ᠨᠢ᠄ ᠨᠦᠩ ᠳ᠋ᠠ 364᠂ ᠵᠢᠢ ᠳ᠋ᠠᠩ 7᠂ ᠵᠢᠨᠱᠠᠨ 12 ᠨᠤᠮᠧᠷᠳᠤ᠂ ᠡᠤ ᠾᠧ 1᠂ ᠲᠦᠩ ᠺᠧ 4 ᠨᠤᠮᠧᠷᠳᠤ᠂ ᠴᠢᠩ ᠹᠧᠩ 969᠂ ᠵᠢᠷᠢᠮ ᠲᠠᠩ 21 ᠵᠡᠷᠭᠡ ᠡᠭᠦᠯᠳᠡᠷ ᠪᠤᠢ᠃ ᠡᠳᠡᠭᠡᠷ ᠰᠤᠷᠲ ᠢ ᠪᠤᠯ ᠭᠤᠤᠯ ᠨᠢ ᠪᠤᠯᠪᠠᠰᠤᠷᠠᠬᠤ ᠬᠤᠭᠤᠴᠠᠭ᠎ᠠ ᠨᠢ 130 ᠬᠤᠨᠤᠭ ᠤᠷᠴᠢᠮ ᠪᠠᠶᠢᠳᠠᠭ ᠭᠠᠵᠠᠷ ᠤᠷᠤᠨ ᠳᠤ ᠲᠠᠷᠢᠬᠤ ᠳᠤ ᠲᠤᠬᠢᠷᠠᠨ᠎ᠠ᠃
       4. ᠲᠡᠭᠡᠷ᠎ᠡ ᠲᠤᠷᠠᠳᠤᠭᠰᠠᠨ ᠰᠤᠷᠲ ᠤᠨ ᠦᠨᠳᠦᠰᠦᠨ ᠤᠨᠴᠠᠯᠢᠭ ᠪᠤᠯᠤᠨ ᠤᠨᠠᠯᠳᠠ ᠶᠢᠨ ᠬᠦᠢᠴᠡᠳᠬᠡᠯ ᠲᠤᠭ᠎ᠠ ᠨᠢ ᠶᠠᠮᠠᠷ ᠪᠠᠶᠢᠳᠠᠭ ᠪᠤᠢ︖
       ᠨᠦᠩ ᠳ᠋ᠠ ︵ᠲᠠᠷᠢᠶᠠᠯᠠᠩ ᠤᠨ ᠶᠡᠭᠡ ᠰᠤᠷᠭᠠᠭᠤᠯᠢ︶ 364᠃ ᠡᠭᠦᠨ ᠢ ᠲᠤᠮᠳᠠᠳᠤ ᠤᠯᠤᠰ ᠤᠨ ᠲᠠᠷᠢᠶᠠᠯᠠᠩ ᠤᠨ ᠶᠡᠭᠡ ᠰᠤᠷᠭᠠᠭᠤᠯᠢ ᠪᠤᠶᠢᠵᠢᠭᠤᠯᠤᠭᠰᠠᠨ ᠪᠥᠭᠡᠳ ᠴᠢᠩᠳᠧ ᠶᠢᠨ ᠢᠤᠢ ᠹᠧᠩ ᠦᠷ᠎ᠡ ᠶᠢᠨ ᠬᠢᠵᠠᠭᠠᠷᠳᠤ ᠺᠤᠮᠫᠠᠨᠢ ᠳᠤ ᠰᠢᠯᠵᠢᠬᠦᠯᠵᠤ ᠦᠭᠴᠡᠢ᠃ 2004 ᠤᠨ ᠤ 1 ᠳ᠋ᠤᠬᠡᠷ ᠰᠠᠷ᠎ᠠ ᠶᠢᠨ 9 ᠤ ᠡᠳᠦᠷ ᠬᠢᠷᠢᠨ ᠮᠤᠵᠢ ᠶᠢᠨ ᠰᠤᠷᠲ ᠬᠢᠨᠡᠨ ᠲᠤᠭᠳᠠᠭᠠᠬᠤ ᠵᠦᠪᠯᠡᠯ ᠬᠢᠨᠡᠨ ᠲᠤᠭᠳᠠᠭᠠᠵᠤ᠂ 2004 ᠤᠨ ᠤ 2 ᠳ᠋ᠤᠭᠠᠷ ᠰᠠᠷ᠎ᠠ ᠳᠤ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠰᠤᠷᠲ ᠬᠢᠨᠡᠨ ᠲᠤᠭᠳᠠᠭᠠᠬᠤ ᠵᠦᠪᠯᠡᠯ ᠦᠨᠡᠯᠡᠨ ᠮᠠᠭᠠᠳᠯᠠᠵᠡᠢ᠃
      ᠭᠤᠤᠯ ᠤᠨᠴᠠᠯᠢᠭ ᠰᠢᠨᠵᠢ ᠨᠢ ᠬᠡᠪᠡᠯ ᠬᠠᠭᠠᠰ ᠠᠪᠴᠠᠯᠳᠤᠩᠭᠤᠢ ᠬᠡᠯᠪᠡᠷᠢ ᠶᠢᠨ ᠡᠷᠳᠡᠨᠢ ᠰᠢᠰᠢ ᠶᠢᠨ ᠲᠠᠩ ᠡᠷᠯᠢᠰᠡᠵᠢᠭᠦᠯᠦᠯᠳᠡ ᠰᠤᠷᠲ ᠪᠤᠯᠬᠤ ᠪᠦᠭᠡᠳ ᠪᠤᠯᠪᠠᠰᠤᠷᠠᠯᠳᠠ ᠶᠢᠨ ᠬᠤᠭᠤᠴᠠᠭ᠎ᠠ ᠨᠢ 129 ᠬᠤᠨᠤᠭ ᠤᠷᠴᠢᠮ᠂ ᠰᠠᠭᠤᠷᠢ ᠬᠠᠯᠢᠰᠤ ᠨᠢ ᠪᠤᠷᠤ᠂ ᠦᠨᠳᠦᠷ ᠨᠢ 282cm᠂ ᠲᠦᠷᠦᠭᠦᠦ ᠶᠢᠨ ᠬᠡᠰᠡᠭ ᠨᠢ 120cm᠂ ᠪᠡᠶᠡᠯᠡᠭᠰᠡᠨ ᠨᠠᠪᠴᠢ ᠨᠢ 20 ᠬᠡᠯᠲᠡᠰ᠂ ᠲᠦᠷᠦᠭᠦᠦ ᠨᠢ ᠤᠷᠳᠤᠯᠵᠢᠨ ᠬᠡᠯᠪᠡᠷᠢ ᠲᠠᠢ᠂ ᠲᠦᠷᠦᠬᠦᠦ ᠶᠢᠨ ᠤᠷᠳᠤ ᠨᠢ 24.1cm᠂ 14~16 ᠮᠥᠷ ᠲᠠᠢ᠂ ᠲᠦᠷᠦᠭᠦᠦ ᠶᠢᠨ ᠲᠡᠩᠭᠡᠯᠢᠭ ᠨᠢ ᠤᠯᠠᠪᠤᠷ᠂ ᠲᠠᠩ ᠲᠦᠷᠦᠭᠦᠦ ᠶᠢᠨ ᠮᠦᠬᠦᠯᠢᠭ ᠤᠨ ᠬᠦᠨᠳᠤ ᠨᠢ 269.5g᠂ ᠦᠷ᠎ᠡ ᠨᠢ ᠰᠢᠷᠭᠠᠯ᠂ ᠮᠤᠷᠢᠨ ᠰᠢᠳᠤ ᠶᠢᠨ ᠬᠡᠯᠪᠡᠷᠢ ᠲᠠᠢ᠂ ᠦᠷᠡᠯᠡᠬᠦ ᠨᠤᠷᠮ᠎ᠠ ᠨᠢ 76%᠂ ᠵᠠᠭᠤᠨ ᠮᠦᠬᠦᠯᠢᠭ ᠤᠨ ᠬᠦᠨᠳᠤ ᠨᠢ 40.2g ᠪᠠᠶᠢᠵᠤ᠂ ᠪᠦᠳᠦᠭᠦᠯᠢᠭ ᠤᠭᠤᠷᠠᠭ ᠨᠢ 9.09%᠂ ᠪᠦᠳᠦᠭᠦᠯᠢᠭ ᠦᠭᠡᠭᠦ 4.5%᠂ ᠪᠦᠳᠦᠭᠦᠯᠢᠭ ᠴᠠᠷᠳᠠᠭᠤᠯ 74.66%᠂ ᠰᠢᠪᠳᠤᠷ ᠬᠦᠴᠢᠯ 0.3% ᠠᠭᠤᠯᠤᠭᠳᠠᠵᠦ ᠪᠠᠶᠢᠳᠠᠭ᠃ ᠭᠡᠮ ᠬᠤᠷᠤᠬᠠᠢ ᠶᠢ ᠡᠰᠡᠷᠭᠦᠴᠡᠬᠦ ᠴᠢᠳᠡᠯ ᠨᠢ ᠰᠠᠶᠢᠨ᠂ ᠡᠰᠢ ᠢᠯᠵᠠᠷᠠᠬᠤ ᠭᠡᠮ ᠬᠤᠷᠤᠬᠠᠢ ᠶᠢ ᠡᠰᠡᠷᠬᠦᠴᠡᠬᠦ ᠴᠢᠳᠡᠯ ᠢᠶᠠᠷ ᠵᠦᠭᠡᠷ᠂ ᠲᠤᠮᠤ ᠲᠤᠯᠪᠤᠳᠤ ᠭᠡᠮ ᠢ ᠡᠰᠡᠷᠭᠦᠴᠡᠬᠦ ᠴᠢᠳᠡᠯ ᠲᠠᠢ ᠪᠦᠭᠡᠳ ᠰᠫᠣᠷ ᠭᠡᠮ ᠳᠤ ᠨᠡᠷᠪᠡᠭᠳᠡᠵᠤ᠂ ᠡᠷᠳᠡᠨᠢ ᠰᠢᠰᠢ ᠶᠢᠨ ᠮᠢᠩ ᠬᠤᠷᠤᠬᠠᠢ ᠳᠤ ᠬᠤᠷᠤᠬᠠᠶᠢᠳᠤᠳᠠᠭ᠃ ᠶᠡᠷᠤᠩᠬᠡᠢ ᠳᠡᠭᠡᠨ ᠮᠤ᠋ ᠪᠦᠷᠢ ᠶᠢᠨ ᠤᠨᠠᠯᠳᠠ ᠨᠢ 750~850 ᠺᠢᠯᠣᠭ᠍ᠷᠠᠮ ᠳᠤ ᠬᠦᠷᠳᠡᠭ᠃
ᠵᠢᠢ ᠲᠠᠩ 7᠄ ᠡᠾᠧᠨᠠᠨ ᠮᠤᠵᠢ ᠶᠢᠨ ᠵᠢᠢ ᠶᠤᠸᠠᠨ ᠬᠤᠳᠠ ᠶᠢᠨ ᠲᠠᠷᠢᠶᠠᠯᠠᠩ ᠤᠨ ᠰᠢᠨᠵᠢᠯᠡᠬᠦ ᠤᠬᠠᠭᠠᠨ ᠤ ᠰᠤᠳᠤᠯᠤᠯ ᠤᠨ ᠭᠠᠵᠠᠷ ᠪᠤᠶᠢᠵᠢᠭᠤᠯᠵᠡᠢ᠃ 2002 ᠤᠨ ᠳᠤ ᠲᠦᠩᠯᠢᠶᠤᠤ ᠬᠤᠳᠠ ᠶᠢᠨ ᠰᠦᠸᠧ ᠹᠧᠩ ᠰᠤᠷᠲ ᠤᠨ ᠬᠢᠵᠠᠭᠠᠷᠳᠤ ᠬᠠᠷᠢᠭᠤᠴᠠᠯᠭ᠎ᠠ ᠶᠢᠨ ᠺᠤᠮᠫᠠᠨᠢ ᠲᠦᠩᠯᠢᠶᠤᠤ ᠬᠤᠳᠠ ᠳᠤ ᠤᠷᠤᠭᠤᠯᠤᠨ ᠬᠢᠨᠡᠨ ᠲᠤᠭᠳᠠᠭᠠᠵᠤ᠂ 2004 ᠤᠨ ᠤ 2 ᠳ᠋ᠤᠭᠠᠷ ᠰᠠᠷ᠎ᠠ ᠳᠤ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠲᠠᠷᠢᠮᠠᠯ ᠤᠨ ᠰᠤᠷᠲ ᠢ ᠬᠢᠨᠡᠨ ᠲᠤᠭᠳᠠᠭᠠᠬᠤ ᠵᠦᠪᠯᠡᠯ ᠦᠨᠡᠯᠡᠨ ᠮᠠᠭᠠᠳᠯᠠᠵᠡᠢ᠃ ᠭᠤᠤᠯ ᠤᠨᠴᠠᠯᠢᠭ ᠰᠢᠨᠵᠢ ᠨᠢ ᠭᠡᠪᠡᠯ ᠪᠤᠯᠪᠠᠰᠤᠷᠠᠯᠳᠠ ᠶᠢᠨ ᠬᠤᠭᠤᠴᠠᠭ᠎ᠠ ᠨᠢ 129 ᠬᠤᠨᠤᠭ ᠤᠷᠴᠢᠮ᠂ ᠨᠠᠪᠴᠢ ᠨᠢ ᠬᠠᠭᠠᠰ  ᠡᠷᠳᠡᠶᠢᠵᠤ᠂ ᠬᠦᠨ ᠨᠤᠭᠤᠭᠠᠨ ᠦᠩᠭᠡ ᠲᠠᠢ᠂ ᠶᠡᠷᠤᠩᠭᠡᠢ ᠨᠠᠪᠴᠢᠨ ᠲᠤᠭ᠎ᠠ ᠨᠢ 22~23 ᠬᠡᠯᠳᠡᠰ᠂ ᠬᠠᠭᠠᠰ ᠠᠪᠴᠠᠯᠳᠤᠩᠭᠤᠢ ᠬᠡᠯᠪᠡᠷᠢ ᠲᠠᠢ᠂ ᠦᠨᠳᠦᠷ ᠨᠢ 272cm᠂ ᠲᠦᠷᠦᠭᠦᠦ ᠶᠢᠨ ᠬᠡᠰᠡᠭ ᠨᠢ 113cm᠂ ᠡᠰᠢ ᠰᠠᠭᠤᠷᠢ ᠨᠢ ᠵᠢᠭᠳᠡ᠂ ᠬᠡᠮ ᠬᠤᠷᠤᠬᠠᠠᠢ ᠶᠢ ᠡᠰᠡᠷᠭᠦᠴᠡᠬᠦ ᠴᠢᠳᠡᠯ ᠲᠠᠢ ᠪᠦᠭᠡᠳ ᠨᠤᠭᠤᠷᠠᠵᠤ ᠤᠨᠠᠳᠠᠭ ᠦᠭᠡᠢ᠂ ᠡᠷᠳᠡ ᠦᠲᠡᠯᠳᠡᠭ ᠦᠭᠡᠢ᠃ ᠤᠨᠠᠯᠳᠠ ᠨᠢ ᠨᠦᠩ ᠳ᠋ᠠ 108 ᠠᠴᠠ ᠰᠠᠶᠢᠨ ᠪᠠᠶᠢᠳᠠᠭ᠃ ᠲᠤᠮᠤ ᠵᠢᠵᠢᠭ ᠲᠤᠯᠪᠤᠳᠤ ᠬᠡᠮ ᠢ ᠡᠰᠡᠷᠭᠦᠴᠡᠬᠦ ᠴᠢᠳᠡᠯ ᠢᠶᠠᠷ ᠰᠠᠶᠢᠨ᠂ ᠦᠨᠡᠰᠦᠨ ᠲᠤᠯᠪᠤᠳᠤ ᠬᠡᠮ᠂ ᠰᠫᠤᠷ ᠪᠠᠺᠲ᠋ᠧᠷᠢ ᠶᠢᠨ ᠨᠠᠪᠴᠢᠨ ᠤ ᠲᠤᠯᠪᠤᠳᠤ ᠬᠡᠮ᠂ ᠬᠢᠯᠭᠠᠰᠤᠨ ᠬᠠᠷᠠᠤ ᠬᠡᠮ᠂ ᠡᠰᠢ ᠢᠯᠵᠠᠷᠠᠬᠤ ᠬᠡᠮ᠂ ᠲᠦᠷᠦᠭᠦᠦ ᠢᠯᠵᠠᠷᠠᠬᠤ ᠬᠡᠮ᠂ ᠡᠷᠳᠡᠨᠢ ᠰᠢᠰᠢ ᠶᠢᠨ ᠮᠢᠩ ᠬᠤᠷᠤᠬᠠᠢ ᠶᠢ ᠡᠰᠡᠷᠭᠦᠴᠡᠬᠦ ᠴᠢᠳᠡᠯ ᠲᠠᠢ ᠪᠦᠬᠡᠳ ᠰᠤᠳᠠᠰᠤᠯᠢᠭ ᠡᠪᠡᠳᠴᠢᠨ ᠳᠤ ᠨᠡᠷᠪᠡᠭᠳᠡᠳᠡᠭ᠃ ᠪᠦᠳᠦᠭᠦᠯᠢᠭ ᠤᠭᠤᠷᠠᠭ 9.3%᠂ ᠪᠦᠳᠦᠭᠦᠯᠢᠭ ᠦᠬᠡᠬᠦ 3.9%᠂ ᠪᠦᠳᠦᠭᠦᠯᠢᠭ ᠴᠠᠷᠳᠠᠭᠤᠯ 74.26%᠂ ᠰᠢᠪᠳᠤᠷ ᠬᠦᠴᠢᠯ 0.3% ᠪᠠᠷ ᠠᠭᠤᠯᠤᠭᠳᠠᠵᠦ᠂ ᠶᠡᠷᠤᠩᠭᠡᠢ ᠳᠡᠭᠡᠨ ᠮᠤ᠋ ᠪᠦᠷᠢ ᠶᠢᠨ ᠤᠨᠠᠯᠳᠠ ᠨᠢ 750~800kg ᠪᠠᠶᠢᠳᠠᠭ᠃
       ᠵᠢᠨᠱᠠᠨ 12 ᠨᠤᠮᠧᠷᠳᠤ᠄ ᠲᠦᠩᠯᠢᠶᠤᠤ ᠶᠢᠨ ᠵᠢᠨᠱᠠᠨ ᠰᠤᠷᠲ ᠤᠨ ᠰᠢᠨᠵᠢᠯᠡᠬᠦ ᠤᠬᠠᠭᠠᠨ ᠮᠡᠷᠭᠡᠵᠢᠯ ᠤᠨ ᠬᠢᠵᠠᠭᠠᠷᠳᠤ ᠬᠠᠷᠢᠭᠤᠴᠠᠯᠭ᠎ᠠ ᠶᠢᠨ ᠺᠤᠮᠫᠠᠨᠢ 2000 ᠤᠨ ᠳᠤ ᠡᠷᠯᠢᠰᠡᠵᠢᠬᠦᠯᠦᠨ ᠪᠤᠶᠢᠵᠢᠭᠤᠯᠤᠭᠰᠠᠨ ᠤᠷᠤᠢ ᠪᠤᠯᠪᠠᠰᠤᠷᠠᠯᠳᠠ ᠶᠢᠨ ᠡᠷᠯᠢᠰᠡ ᠰᠤᠷᠲ ᠪᠤᠯᠤᠨ᠎ᠠ᠃ 2004 ᠤᠨ ᠤ 2 ᠳ᠋ᠤᠭᠠᠷ ᠰᠠᠷ᠎ᠠ ᠳᠤ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠲᠠᠷᠢᠮᠠᠯ ᠤᠨ ᠵᠦᠢᠯ ᠢ ᠬᠢᠨᠡᠨ ᠲᠤᠭᠳᠠᠭᠠᠬᠤ ᠵᠦᠪᠯᠡᠯ ᠬᠢᠨᠡᠨ ᠲᠤᠭᠳᠠᠭᠠᠵᠡᠢ᠃ ᠭᠤᠤᠯ ᠤᠨᠴᠠᠯᠢᠭ ᠰᠢᠨᠵᠢ ᠨᠢ ᠭᠡᠪᠡᠯ ᠰᠤᠶᠤᠭᠠᠯᠠᠬᠤ ᠠᠴᠠ ᠠᠪᠤᠭᠠᠳ ᠪᠤᠯᠪᠠᠰᠤᠷᠠᠬᠤ ᠬᠤᠭᠤᠴᠠᠭ᠎ᠠ ᠨᠢ 139~140 ᠬᠤᠨᠤᠭ ᠪᠠᠶᠢᠵᠤ᠂ ᠤᠷᠤᠢ ᠪᠤᠯᠪᠠᠰᠤᠷᠠᠯᠳᠠ ᠶᠢᠨ ᠰᠤᠷᠲ ᠲᠤ ᠬᠠᠷᠢᠶᠠᠯᠠᠭᠳᠠᠨ᠎ᠠ᠃ ᠨᠠᠪᠴᠢ ᠨᠢ ᠪᠤᠷᠤ᠂ ᠦᠨᠳᠦᠷ ᠨᠢ 333cm ᠤᠷᠴᠢᠮ᠂ ᠲᠦᠷᠦᠭᠦᠦ ᠶᠢᠨ ᠬᠡᠰᠡᠭ ᠨᠢ 153cm᠂ ᠶᠡᠷᠤᠩᠬᠡᠢ ᠨᠠᠪᠴᠢ ᠶᠢᠨ ᠲᠤᠭ᠎ᠠ ᠨᠢ 21~22 ᠬᠡᠯᠳᠡᠰ᠂ ᠬᠠᠭᠠᠰ ᠠᠪᠴᠠᠯᠳᠤᠩᠭᠤᠢ ᠬᠡᠯᠪᠡᠷᠢ ᠲᠠᠢ᠂ ᠡᠰᠢ ᠨᠢ ᠲᠤᠮᠤ᠂ ᠡᠰᠢ ᠭᠤᠤᠷᠰᠤ ᠶᠢᠨ ᠭᠠᠷᠤᠯᠳᠠ ᠦᠨᠳᠦᠷ᠂ ᠡᠰᠢ ᠨᠢ ᠬᠠᠳᠠᠭᠤᠯᠢᠭ᠂ ᠨᠤᠭᠤᠷᠠᠵᠤ ᠤᠨᠠᠳᠠᠭ ᠦᠭᠡᠢ᠂ ᠠᠮᠤ ᠪᠤᠷᠳᠤᠭᠤᠷ ᠲᠤ ᠴᠦᠮ ᠬᠡᠷᠡᠭᠯᠡᠵᠤ ᠪᠤᠯᠳᠠᠭ᠃ ᠲᠦᠷᠦᠬᠦᠦ ᠶᠢᠨ ᠤᠷᠳᠤ ᠨᠢ 20cm᠂ ᠪᠦᠳᠦᠭᠦᠨ ᠨᠢ 5.3cm᠂ 14~16 ᠮᠦᠷ ᠲᠠᠢ᠂ ᠮᠦᠷ ᠪᠦᠷᠢ ᠳᠤ ᠲᠤᠮᠳᠠᠴᠢ ᠪᠠᠷ 43.4 ᠮᠦᠬᠦᠯᠢᠭ ᠲᠠᠢ᠂ ᠲᠦᠷᠦᠬᠦᠦ ᠪᠦᠷᠢ ᠨᠢ 606 ᠤᠷᠴᠢᠮ ᠤᠨ ᠮᠦᠬᠦᠯᠢᠭ ᠲᠠᠢ᠂ ᠵᠠᠭᠤᠨ ᠮᠦᠬᠦᠯᠢᠭ ᠪᠦᠷᠢ ᠶᠢᠨ ᠬᠦᠨᠳᠤ ᠨᠢ 35.8g ᠪᠠᠶᠢᠳᠠᠭ᠃ ᠦᠷ᠎ᠡ ᠮᠦᠬᠦᠯᠢᠭ ᠲᠤᠨᠢ ᠪᠦᠳᠦᠭᠦᠯᠢᠭ ᠤᠭᠤᠷᠠᠭ 9.65%᠂ ᠪᠦᠳᠦᠭᠦᠯᠢᠭ ᠦᠭᠡᠭᠦ 3.97%᠂ ᠪᠦᠳᠦᠭᠦᠯᠢᠭ ᠴᠠᠷᠳᠠᠭᠤᠯ 74.2%᠂ ᠰᠢᠪᠳᠤᠷ ᠬᠦᠴᠢᠯ 0.28% ᠠᠭᠤᠯᠤᠭᠳᠠᠵᠦ ᠪᠠᠶᠢᠳᠠᠭ᠃ ᠡᠰᠢ ᠢᠯᠵᠠᠷᠠᠬᠤ ᠭᠡᠮ ᠳᠤ ᠨᠡᠷᠪᠡᠭᠳᠡᠳᠡᠭ ᠦᠭᠡᠢ᠂ ᠲᠤᠮᠤ ᠲᠤᠯᠪᠤᠳᠤ ᠬᠡᠮ ᠢ ᠡᠰᠡᠷᠭᠦᠴᠡᠬᠦ ᠴᠢᠳᠡᠯ ᠲᠠᠢ᠂ ᠬᠢᠯᠭᠠᠰᠤᠨ ᠰᠫᠤᠷ ᠬᠡᠮ᠂ ᠬᠢᠯᠭᠠᠰᠤᠨ ᠬᠠᠷᠠᠤ ᠬᠡᠮ᠂ ᠡᠷᠳᠡᠨᠢ ᠰᠢᠰᠢ ᠶᠢᠨ ᠮᠢᠩ ᠬᠤᠷᠤᠬᠠᠢ ᠶᠢ ᠡᠰᠡᠷᠭᠦᠴᠡᠬᠦ ᠪᠠᠷ ᠠᠨᠠᠢ ᠪᠠᠶᠢᠵᠤ᠂ ᠶᠡᠷᠦᠩᠬᠡᠢ ᠳᠡᠭᠡᠨ ᠮᠤ᠋ ᠪᠦᠷᠢ ᠶᠢᠨ ᠤᠨᠠᠯᠳᠠ ᠨᠢ 800kg ᠪᠠᠶᠢᠳᠠᠭ᠃
       ᠡᠤ ᠾᠧ 1 ᠨᠤᠮᠧᠷᠳᠦ᠄ ᠪᠡᠭᠡᠵᠢᠩ ᠤᠨ ᠳ᠋ᠧ ᠨᠦᠩ ᠰᠤᠷᠲ ᠤᠨ ᠦᠢᠯᠡᠰ ᠤᠨ ᠲᠦᠩᠯᠢᠶᠤᠤᠤ ᠳᠠᠬᠢ ᠬᠤᠪᠢᠶᠠᠷᠢ ᠺᠤᠮᠫᠠᠨᠢ ᠤᠷᠤᠭᠤᠯᠤᠨ ᠢᠷᠡᠵᠤ᠂ 2004 ᠤᠨ ᠤ 2 ᠳ᠋ᠤᠭᠠᠷ ᠰᠠᠷ᠎ᠠ ᠳᠤ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠲᠠᠷᠢᠶᠠᠯᠠᠩ ᠤᠨ ᠲᠠᠷᠢᠮᠠᠯ ᠤᠨ ᠰᠤᠷᠲ ᠢ ᠬᠢᠨᠡᠨ ᠲᠤᠭᠳᠠᠭᠠᠬᠤ ᠵᠦᠪᠯᠡᠯ ᠦᠨᠡᠯᠡᠨ ᠮᠠᠭᠠᠳᠯᠠᠵᠡᠢ᠃ ᠭᠤᠤᠯ ᠤᠨᠴᠠᠯᠢᠭ ᠰᠢᠨᠵᠢ ᠨᠢ ᠬᠡᠪᠡᠯ ᠲᠤᠰ ᠡᠭᠦᠯᠳᠡᠷ ᠤᠨ ᠪᠤᠯᠪᠠᠰᠤᠷᠠᠯᠳᠠ ᠨᠢ 130 ᠡᠳᠦᠷ ᠪᠠᠶᠢᠳᠠᠭ᠃ ᠡᠰᠢ ᠨᠢ 260cm ᠦᠨᠳᠦᠷ᠂ ᠪᠦᠳᠦᠭᠦᠨ ᠨᠢ 2.2cm᠂ ᠲᠦᠷᠦᠭᠦᠦ ᠶᠢᠨ ᠬᠡᠰᠡᠭ ᠨᠢ 95cm ᠤᠷᠴᠢᠮ᠂ ᠪᠦᠬᠦ ᠰᠠᠭᠤᠷᠢ ᠨᠢ 19~20 ᠨᠠᠪᠴᠢ ᠲᠠᠢ᠂ ᠠᠪᠴᠠᠯᠳᠤᠩᠭᠤᠢ ᠬᠡᠯᠪᠡᠷᠢ ᠲᠠᠢ᠃ ᠲᠦᠷᠦᠬᠦᠦ ᠶᠢᠨ ᠤᠷᠳᠤ ᠨᠢ 21.8cm᠂ ᠪᠦᠳᠦᠭᠦᠨ ᠨᠢ 5.6cm᠂ ᠲᠦᠷᠦᠬᠦᠦ ᠨᠢ 16~20 ᠮᠦᠷ ᠲᠠᠢ᠂ ᠲᠤᠮᠳᠠᠴᠢ ᠪᠠᠷ 19.5 ᠮᠦᠷ ᠲᠠᠢ᠂ ᠮᠦᠷ ᠪᠦᠷᠢ ᠨᠢ 41.6 ᠮᠦᠬᠦᠯᠢᠭ ᠲᠠᠢ᠂ ᠵᠠᠭᠤᠨ ᠦᠷ᠎ᠡ ᠶᠢᠨ ᠬᠦᠨᠳᠤ ᠨᠢ  37g᠂ ᠮᠦᠬᠦᠯᠢᠭ ᠨᠢ ᠮᠤᠷᠢᠨ ᠤ ᠬᠠᠭᠠᠰ ᠰᠢᠳᠤ ᠶᠢᠨ ᠬᠡᠯᠪᠡᠷᠢ ᠲᠠᠢ᠂ ᠰᠢᠷ᠎ᠠ ᠦᠨᠴᠦᠭ ᠲᠠᠢ᠂ ᠲᠦᠷᠦᠭᠦᠦ ᠶᠢᠨ ᠲᠡᠩᠭᠡᠯᠢᠭ ᠨᠢ ᠴᠠᠭᠠᠨ ᠪᠠᠶᠢᠳᠠᠭ᠃ ᠮᠦᠬᠦᠯᠢᠭ ᠪᠦᠷᠢ ᠳᠤᠨᠢ ᠪᠦᠳᠦᠭᠦᠯᠢᠭ ᠤᠭᠤᠷᠠᠭ 8.16%᠂ ᠪᠦᠳᠦᠭᠦᠯᠢᠭ ᠦᠬᠡᠬᠦ 4.5%᠂ ᠴᠠᠷᠳᠠᠭᠤᠯ 74.57%᠂ ᠰᠢᠪᠳᠤᠷ ᠬᠦᠴᠢᠯ 0.33% ᠠᠭᠤᠯᠤᠭᠳᠠᠵᠦ ᠪᠠᠶᠢᠳᠠᠭ᠃ ᠲᠤᠮᠤ ᠵᠢᠵᠢᠭ ᠲᠤᠯᠪᠤᠳᠤ ᠭᠡᠮ ᠢ ᠡᠰᠡᠷᠭᠦᠴᠡᠬᠦ ᠴᠢᠳᠡᠯ ᠲᠠᠢ ᠬᠠᠷᠠᠤ ᠭᠡᠮ ᠳᠤ ᠠᠮᠠᠷᠬᠠᠨ ᠨᠡᠷᠪᠡᠭᠳᠡᠳᠡᠭ᠃ ᠮᠤ᠋ ᠪᠦᠷᠢ ᠶᠢᠨ ᠲᠤᠮᠳᠠᠴᠢ ᠤᠨᠠᠯᠳᠠ ᠨᠢ  700kg ᠪᠠᠶᠢᠳᠠᠭ᠃
       ᠲᠦᠩ ᠺᠧ 4 ᠨᠤᠮᠧᠷᠲᠤ᠄ ᠲᠦᠩᠯᠢᠶᠤᠤ ᠬᠤᠳᠠ ᠶᠢᠨ ᠲᠠᠷᠢᠶᠠᠯᠠᠩ ᠤᠨ ᠰᠢᠨᠵᠢᠯᠡᠬᠦ ᠤᠬᠠᠭᠠᠨ ᠤ ᠬᠦᠷᠢᠶᠠᠯᠠᠩ 1998 ᠤᠨ ᠳᠤ ᠪᠤᠶᠢᠵᠢᠭᠤᠯᠵᠤ᠂ 2004 ᠤᠨ ᠳᠤ ᠦᠪᠦᠷ ᠮᠤᠩᠭᠤᠯ ᠳᠤ ᠬᠢᠨᠡᠨ ᠲᠤᠭᠳᠠᠭᠠᠵᠡᠢ᠃ ᠲᠤᠰ ᠰᠤᠷᠲ ᠨᠢ ᠰᠤᠶᠤᠭᠠᠯᠠᠬᠤ ᠠᠴᠠ ᠪᠠᠨ ᠠᠪᠤᠭᠠᠳ ᠪᠤᠯᠪᠠᠰᠤᠷᠠᠬᠤ ᠬᠦᠷᠳᠡᠯ᠎ᠡ 124 ᠬᠤᠨᠤᠭ ᠪᠠᠶᠢᠵᠤ᠂ ᠦᠨᠳᠦᠷ ᠢᠶᠠᠷ ᠢᠶᠠᠨ 297~300cm᠂ ᠲᠦᠷᠦᠬᠦᠦ ᠶᠢᠨ ᠬᠡᠰᠡᠭ ᠨᠢ 120~127cm᠂ ᠲᠦᠷᠦᠭᠦᠦ ᠨᠢ 16~20 ᠮᠦᠷ ᠲᠠᠢ᠂ ᠲᠦᠷᠦᠭᠦᠦ ᠶᠢᠨ ᠤᠷᠳᠤ ᠨᠢ 19~20cm᠂ ᠲᠦᠷᠦᠭᠦᠦ ᠶᠢᠨ ᠪᠦᠳᠦᠭᠦᠨ ᠨᠢ 4.9~5.2cm᠂ ᠤᠷᠳᠤᠯᠵᠢᠨ ᠱᠤᠪᠤᠭᠤᠷ ᠬᠡᠯᠪᠡᠷᠢ ᠲᠠᠢ᠂ ᠲᠡᠩᠭᠡᠯᠢᠭ ᠨᠢ ᠴᠠᠭᠠᠨ᠂ ᠮᠦᠬᠦᠯᠢᠭ ᠨᠢ ᠰᠢᠷ᠎ᠠ᠂ ᠮᠤᠷᠢᠨ ᠤ ᠬᠠᠭᠠᠰ ᠰᠢᠳᠤ ᠶᠢᠨ ᠬᠡᠯᠪᠡᠷᠢ ᠲᠠᠢ᠂ ᠵᠠᠭᠤᠨ ᠮᠦᠬᠦᠯᠢᠭ ᠤᠨ ᠬᠦᠨᠳᠤ ᠨᠢ 37.2g ᠪᠠᠶᠢᠳᠠᠭ᠃ ᠨᠤᠭᠤᠷᠠᠵᠤ ᠤᠨᠠᠳᠠᠭ ᠦᠭᠡᠢ᠂ ᠬᠠᠷ᠎ᠠ ᠲᠤᠭᠤᠰᠤᠳᠤ ᠬᠡᠮ ᠪᠤᠯᠤᠨ ᠡᠰᠢ ᠢᠯᠵᠠᠷᠡᠬᠤ ᠭᠡᠮ ᠢ ᠡᠰᠡᠷᠭᠦᠴᠡᠬᠦ ᠴᠢᠳᠡᠯ ᠲᠠᠢ᠃ ᠲᠤᠮᠤ ᠲᠤᠯᠪᠤᠳᠤ ᠭᠡᠮ ᠪᠤᠯᠤᠨ ᠡᠷᠳᠡᠨᠢ ᠰᠢᠰᠢ ᠶᠢᠨ ᠮᠢᠩ ᠬᠤᠷᠤᠬᠠᠢ ᠶᠢ ᠡᠰᠡᠷᠭᠦᠴᠡᠬᠦ ᠴᠢᠳᠡᠯ ᠲᠠᠢ᠂ ᠬᠠᠷᠠᠤ ᠭᠡᠮ ᠢ ᠡᠰᠡᠷᠭᠦᠴᠡᠵᠤ ᠲᠡᠶᠢᠯᠳᠡᠭ᠃ ᠮᠦᠬᠦᠯᠢᠭ ᠪᠦᠷᠢ ᠳᠤ ᠤᠭᠤᠷᠠᠭ 9%᠂ ᠦᠬᠡᠬᠦ 4.41%᠂ ᠰᠢᠪᠳᠤᠷ ᠬᠦᠴᠢᠯ 0.28%᠂ ᠪᠦᠳᠦᠬᠦᠯᠢᠭ ᠴᠠᠷᠳᠠᠭᠤᠯ 74.73% ᠠᠭᠤᠯᠤᠭᠳᠠᠵᠦ ᠪᠠᠶᠢᠳᠠᠭ᠃ ᠮᠤ᠋ ᠪᠦᠷᠢ ᠶᠢᠨ ᠤᠨᠠᠯᠳᠠ ᠨᠢ
770~816kg ᠪᠠᠶᠢᠳᠠᠭ᠃
       ᠴᠢᠩ ᠹᠧᠩ 969 ᠨᠤᠮᠧᠷᠳᠦ᠄ ᠲᠦᠩᠯᠢᠶᠤᠤ ᠬᠤᠳᠠ ᠶᠢᠨ ᠦᠷ᠎ᠡ ᠶᠢᠨ ᠬᠠᠮᠢᠶᠠᠷᠤᠯᠳᠠ ᠶᠢᠨ ᠦᠷᠳᠡᠭᠡ 1996 ᠤᠨ ᠳᠤ ᠪᠤᠶᠢᠵᠢᠭᠤᠯᠵᠤ᠂ 2004 ᠤᠨ ᠳᠤ ᠦᠪᠦᠷ ᠮᠤᠩᠭᠤᠯ ᠬᠢᠨᠡᠨ ᠲᠤᠭᠳᠠᠭᠠᠵᠡᠢ᠃ ᠲᠤᠰ ᠰᠤᠷᠲ ᠨᠢ ᠰᠤᠶᠤᠭᠠᠯᠠᠬᠤ ᠠᠴᠠ ᠪᠠᠨ ᠠᠪᠤᠭᠠᠳ ᠪᠤᠯᠪᠠᠰᠤᠷᠠᠬᠤ ᠬᠦᠷᠳᠡᠯ᠎ᠡ 126~128 ᠬᠤᠨᠤᠭ ᠪᠤᠯᠳᠠᠭ᠃ ᠨᠠᠪᠴᠢ ᠨᠢ ᠲᠡᠭᠡᠭᠰᠢ ᠪᠠᠨ ᠠᠪᠴᠠᠯᠳᠤᠩᠭᠤᠢ ᠬᠡᠯᠪᠡᠷᠢ ᠲᠠᠢ᠃ ᠦᠷ᠎ᠡ ᠨᠢ ᠨᠡᠯᠢᠶᠠᠳ ᠲᠤᠮᠤ᠂ ᠦᠷ᠎ᠡ ᠶᠢᠨ ᠰᠢᠷᠤᠢ ᠲᠦᠯᠬᠢᠬᠦ ᠴᠢᠳᠡᠯ ᠨᠢ ᠴᠢᠩᠭ᠎ᠠ᠂ ᠨᠢᠯᠬ᠎ᠠ ᠴᠢᠬᠢ ᠨᠢ ᠢᠳᠡᠷᠡᠭᠦᠨ ᠪᠤᠶᠢᠵᠢᠯᠳᠡ ᠲᠠᠢ . ᠡᠰᠢ ᠶᠢᠨ ᠦᠨᠳᠦᠷ ᠨᠢ 290~310cm᠂ ᠲᠦᠷᠦᠭᠦᠦ ᠶᠢᠨ ᠬᠡᠰᠡᠭ ᠨᠢ 120cm᠂ 20~21 ᠨᠠᠪᠴᠢ ᠲᠠᠢ᠂ ᠬᠤᠤᠰ ᠲᠦᠷᠦᠭᠦᠦ ᠶᠢᠨ ᠨᠤᠷᠮ᠎ᠠ ᠨᠢ ᠦᠨᠳᠦᠷ᠂ ᠦᠨᠳᠦᠰᠦ ᠨᠢ ᠬᠦᠭᠵᠢᠩᠭᠦᠢ ᠪᠦᠭᠡᠳ ᠡᠰᠢ ᠨᠢ ᠬᠠᠳᠠᠭᠤᠯᠢᠭ᠂ ᠨᠤᠭᠤᠷᠠᠵᠤ ᠤᠨᠠᠬᠤ ᠦᠭᠡᠢ᠂ ᠦᠷᠡᠳᠤ ᠲᠦᠷᠦᠭᠦᠦ ᠨᠢ ᠲᠦᠩᠰᠡᠨ ᠬᠡᠯᠪᠡᠷᠢ ᠲᠠᠢ᠂ 14~16 ᠮᠦᠷ ᠲᠠᠢ᠃ ᠲᠦᠷᠦᠭᠦᠦ ᠶᠢᠨ ᠤᠷᠲᠤ ᠨᠢ 20cm᠂ ᠲᠡᠩᠭᠡᠯᠢᠭ ᠨᠢ ᠴᠠᠭᠠᠨ᠂ ᠦᠷ᠎ᠡ ᠨᠢ ᠰᠢᠷ᠎ᠠ᠂ ᠮᠤᠷᠢᠨ ᠰᠢᠳᠤᠨ ᠬᠡᠯᠪᠡᠷᠢ ᠲᠠᠢ᠂ ᠵᠠᠭᠤᠨ ᠮᠦᠬᠦᠯᠢᠭ ᠦᠷ᠎ᠡ ᠶᠢᠨ ᠬᠦᠨᠳᠤ ᠨᠢ  36.1g᠂  ᠮᠦᠬᠦᠯᠢᠭᠵᠢᠬᠦ ᠨᠤᠷᠮ᠎ᠠ ᠨᠢ 86.5% ᠪᠠᠶᠢᠵᠤ᠂ ᠪᠤᠯᠪᠠᠰᠤᠷᠠᠭᠰᠠᠨ ᠤ ᠰᠡᠭᠦᠯᠡᠷ ᠤᠰᠤ ᠠᠯᠳᠠᠬᠤ ᠨᠢ ᠲᠦᠷᠭᠡᠨ ᠪᠠᠶᠢᠳᠠᠭ᠃ ᠮᠦᠬᠦᠯᠢᠭ ᠪᠦᠷᠢ ᠳᠤ ᠪᠦᠳᠦᠭᠦᠯᠢᠭ ᠤᠭᠤᠷᠠᠭ 9.26%᠂ ᠪᠦᠳᠦᠭᠦᠯᠢᠭ ᠦᠬᠡᠬᠦ 4.31%᠂ ᠪᠦᠳᠦᠭᠦᠯᠢᠭ ᠴᠠᠷᠳᠠᠭᠤᠯ 74% ᠠᠭᠤᠯᠤᠭᠳᠠᠵᠦ ᠪᠤᠢ᠃ ᠲᠤᠰ ᠰᠤᠷᠲ ᠨᠢ ᠲᠤᠮᠤ ᠲᠤᠯᠪᠤᠳᠤ ᠭᠡᠮ᠂ ᠰᠫᠤᠷ ᠤᠨ ᠭᠡᠮ᠂ ᠬᠠᠷ᠎ᠠ ᠲᠤᠭᠤᠰᠤᠳᠤ ᠭᠡᠮ ᠢ ᠡᠰᠡᠷᠭᠦᠴᠡᠬᠦ ᠴᠢᠳᠡᠯ ᠰᠠᠶᠢᠳᠠᠢ ᠪᠠᠶᠢᠵᠤ᠂ ᠬᠢᠯᠭᠠᠰᠤᠨ ᠬᠠᠷᠠᠤ ᠭᠡᠮ ᠳᠤ ᠨᠡᠷᠪᠡᠭᠳᠡᠳᠡᠭ᠃
ᠵᠢᠷᠢᠮ ᠲᠠᠩ 21᠄  ᠲᠦᠩᠯᠢᠶᠤᠤ ᠬᠤᠳᠠ ᠶᠢᠨ ᠲᠠᠷᠢᠶᠠᠯᠠᠩ ᠤᠨ ᠰᠢᠨᠵᠢᠯᠡᠬᠦ ᠤᠬᠠᠭᠠᠨ ᠤ ᠬᠦᠷᠢᠶᠠᠯᠠᠩ 1991 ᠤᠨ ᠳᠤ ᠪᠤᠶᠢᠵᠢᠭᠤᠯᠵᠤ᠂ 2001 ᠤᠨ ᠳᠤ ᠦᠪᠦᠷ ᠮᠤᠩᠭᠤᠯ ᠤᠨ ᠬᠢᠨ ᠬᠢᠨᠡᠨ ᠲᠤᠭᠳᠠᠭᠠᠵᠡᠢ᠃ ᠰᠤᠶᠤᠭᠠᠯᠠᠬᠤ ᠠᠴᠠ ᠪᠠᠨ ᠠᠪᠤᠭᠠᠳ ᠪᠤᠯᠪᠠᠰᠤᠷᠠᠬᠤ ᠬᠦᠷᠳᠡᠯ᠎ᠡ ᠪᠠᠨ 125 ᠬᠤᠨᠤᠭ ᠪᠤᠯᠳᠠᠭ᠃ ᠡᠰᠢ ᠶᠢᠨ ᠦᠨᠳᠦᠷ ᠨᠢ 302cm᠂ ᠲᠦᠷᠦᠭᠦᠦ ᠶᠢᠨ ᠬᠡᠰᠡᠭ ᠨᠢ 136cm᠂ ᠲᠦᠷᠦᠭᠦᠦ ᠨᠢ 16 ᠮᠦᠷ ᠲᠠᠢ᠂ ᠪᠦᠳᠦᠭᠦᠨ ᠨᠢ 4.9cm᠂
      ᠴᠠᠭᠠᠨ ᠲᠡᠩᠭᠡᠯᠢᠭ ᠲᠠᠢ᠂ ᠦᠷ᠎ᠡ ᠨᠢ ᠰᠢᠷ᠎ᠠ᠂ ᠮᠤᠷᠢᠨ ᠰᠢᠳᠤᠨ ᠬᠡᠯᠪᠡᠷᠢ ᠲᠠᠢ᠂ ᠵᠠᠭᠤᠨ ᠮᠦᠬᠦᠯᠢᠭ ᠤᠨ ᠬᠦᠨᠳᠤ ᠨᠢ 31g ᠪᠠᠶᠢᠳᠠᠭ᠃ ᠢᠳᠡᠷᠡᠭᠦᠨ ᠢᠶᠠᠷ ᠤᠷᠭᠤᠵᠤ᠂ ᠲᠤᠮᠤ ᠲᠤᠯᠪᠤᠲᠤ ᠭᠡᠮ᠂ ᠬᠢᠯᠭᠠᠰᠤᠨ ᠬᠠᠷᠠᠤ ᠭᠡᠮ ᠢ ᠡᠰᠡᠷᠭᠦᠴᠡᠬᠦ ᠴᠢᠳᠡᠯ ᠲᠠᠢ᠃ ᠮᠦᠬᠦᠯᠢᠭ ᠪᠦᠷᠢ ᠳᠤ ᠪᠦᠳᠦᠭᠦᠯᠢᠭ ᠤᠭᠤᠷᠠᠭ 8.22%᠂ ᠪᠦᠳᠦᠭᠦᠯᠢᠭ ᠦᠬᠡᠬᠦ 74.60%᠂ ᠪᠦᠳᠦᠭᠦᠯᠢᠭ ᠴᠠᠷᠳᠠᠭᠤᠯ 74.16%᠂ ᠰᠢᠪᠳᠤᠷ ᠬᠦᠴᠢᠯ 0.28% ᠠᠭᠤᠯᠤᠭᠳᠠᠵᠦ ᠪᠠᠶᠢᠳᠠᠭ᠃
      5. ᠴᠠᠷᠳᠠᠭᠤᠯ ᠡᠯᠪᠡᠭ ᠡᠷᠳᠡᠨᠢ ᠰᠢᠰᠢ ᠶᠢ ᠲᠠᠷᠢᠬᠤ ᠳᠤ ᠶᠠᠮᠠᠷ ᠵᠠᠩᠭᠢᠯᠠᠭ᠎ᠠ ᠶᠢᠨ ᠴᠢᠨᠠᠷᠳᠠᠢ ᠮᠡᠷᠭᠡᠵᠢᠯ ᠤᠨ ᠠᠷᠭ᠎ᠠ ᠬᠡᠮᠵᠢᠶ᠎ᠠ ᠪᠠᠶᠢᠬᠤ ᠪᠤᠢ︖
     ᠲᠤᠬᠢᠷᠠᠮᠵᠢᠳᠠᠢ ᠬᠦᠷᠦᠰᠤ ᠰᠢᠷᠤᠢ ᠶᠢ ᠰᠤᠩᠭᠤᠬᠤ ᠪᠠ ᠭᠠᠵᠠᠷ ᠢᠶᠠᠨ ᠬᠢᠨᠠᠮᠠᠭᠠᠢ ᠲᠡᠭᠰᠢᠯᠡᠬᠦ ᠪᠤᠯ ᠴᠢᠨᠠᠷᠯᠢᠭ ᠦᠨᠳᠦᠷ ᠬᠤᠷᠢᠶᠠᠯᠳᠠ ᠤᠯᠬᠤ ᠶᠢᠨ ᠤᠷᠢᠳᠠᠯ ᠨᠦᠬᠦᠴᠡᠯ ᠪᠤᠯᠤᠨ᠎ᠠ᠃
      ᠡᠩ ᠲᠡᠷᠢᠬᠦᠨ ᠳᠤ ᠲᠤᠬᠠᠢ ᠶᠢᠨ ᠭᠠᠵᠠᠷ ᠤᠨ ᠪᠤᠷᠳᠤᠭᠤᠷ ᠰᠠᠶᠢᠳᠡᠢ᠂ ᠪᠦᠳᠦᠮᠵᠢᠳᠡᠢ ᠬᠦᠷᠦᠰᠦ ᠨᠢ 40cm ᠠᠴᠠ ᠲᠡᠭᠡᠭᠰᠢ ᠪᠠᠶᠢᠬᠤ ᠬᠠᠷ᠎ᠠ ᠠᠯᠠᠭ ᠬᠦᠷᠦᠰᠦ ᠪᠠ ᠴᠠᠭᠠᠨ ᠠᠯᠠᠭ ᠬᠦᠷᠦᠰᠦ ᠶᠢ ᠰᠤᠩᠭᠤᠬᠤ ᠪᠠ ᠤᠷᠭᠠᠨᠢᠭ ᠪᠤᠳᠠᠰ ᠤᠨ ᠠᠭᠤᠯᠤᠭᠳᠠᠴᠠ ᠨᠢ 1% ᠠᠴᠠ ᠲᠡᠭᠡᠭᠰᠢ᠂ ᠲᠠᠪᠤᠰᠤᠯᠢᠭ ᠬᠡᠮᠵᠢᠶ᠎ᠠ ᠨᠢ 0.25% ᠠᠴᠠ ᠲᠤᠷᠤᠭᠰᠢ ᠪᠠᠶᠢᠬᠤ ᠪᠠ ᠤᠰᠤᠯᠠᠯᠳᠠ ᠶᠢᠨ ᠨᠦᠬᠦᠴᠡᠯ ᠲᠠᠢ ᠪᠦᠭᠡᠳ ᠲᠠᠪᠤᠰᠤᠨ ᠤ ᠬᠦᠨᠦᠭᠡᠯ ᠦᠭᠡᠢ ᠲᠤᠮᠳᠠ ᠠᠴᠠ ᠳᠡᠭᠡᠭᠦᠷ ᠳᠡᠰ ᠤᠨ ᠭᠠᠵᠠᠷ ᠢ ᠰᠣᠩᠭᠤᠨ ᠲᠠᠷᠢᠬᠤ ᠭᠡᠷᠡᠭᠳᠡᠢ᠃ ᠲᠠᠷᠠᠭ᠎ᠠ ᠳᠤᠨᠢ ᠭᠠᠵᠠᠷ ᠢᠶᠠᠨ ᠨᠠᠷᠢᠯᠢᠬ ᠰᠠᠶᠢᠨ ᠲᠡᠭᠰᠢᠯᠡᠬᠦ ᠬᠡᠷᠡᠭᠳᠡᠢ᠃ ᠲᠦᠷᠦᠬᠦᠦ ᠲᠡᠷᠢᠮᠡᠯ ᠢᠶᠠᠨ ᠬᠤᠷᠢᠶᠠᠭᠰᠠᠨ ᠤ ᠰᠡᠭᠦᠯᠡᠷ᠂ ᠰᠠᠭᠤᠷᠢ ᠪᠤᠷᠳᠤᠭᠤᠷ ᠬᠦᠢᠴᠡᠳ ᠤᠷᠤᠭᠤᠯᠵᠤ᠂ ᠶᠡᠷᠦᠩᠬᠡᠢ ᠳᠡᠭᠡᠨ ᠮᠤ᠋ ᠪᠦᠷᠢ ᠴᠢᠨᠠᠷᠯᠢᠭ ᠰᠢᠬᠡᠭ ᠪᠤᠷᠳᠤᠭᠤᠷ ᠢ 2000~3000kg ᠤᠷᠤᠭᠤᠯᠵᠤ᠂  20~25cm ᠬᠦᠨ ᠬᠠᠭᠠᠯᠪᠤᠷᠢᠯᠠᠵᠤ᠂ ᠲᠡᠷᠡ ᠲᠠᠷᠤᠢ ᠳᠤᠨᠢ ᠰᠠᠶᠢᠳᠤᠷ ᠲᠡᠭᠰᠢᠯᠡᠨ ᠳᠠᠯᠠᠩᠴᠢᠯᠠᠵᠦ᠂ ᠡᠪᠤᠯ ᠬᠦᠯᠳᠡᠬᠦ ᠠᠴᠠ ᠡᠮᠤᠨ᠎ᠠ ᠮᠤ᠋ ᠪᠦᠷᠢ ᠶᠢ
60~100 ᠪᠤᠰᠤᠭ᠎ᠠ ᠲᠦᠷᠪᠡᠯᠵᠢᠨ m ᠤᠰᠤᠯᠠᠬᠤ ᠬᠡᠷᠡᠭᠳᠡᠢ᠃ 0~19cm ᠬᠦᠷᠦᠰᠦᠨ ᠤ ᠤᠰᠤᠨ ᠤ ᠠᠭᠤᠯᠤᠭᠳᠠᠴᠨ ᠶᠢ ᠲᠠᠷᠢᠶᠠᠨ ᠭᠠᠵᠠᠷ ᠲᠠᠬᠢ ᠤᠰᠤᠨ ᠤ ᠬᠡᠮᠵᠢᠶᠠᠨ ᠤ 60% ᠠᠴᠠ ᠲᠡᠭᠡᠭᠰᠢᠬᠢ ᠳᠤ ᠬᠦᠷᠦᠭᠦᠯᠵᠤ᠂ ᠬᠦᠷᠦᠰᠦ ᠶᠢ ᠲᠡᠭᠡᠷ᠎ᠡ ᠪᠠᠨ ᠰᠡᠪᠰᠡᠭᠡᠷ᠂ ᠲᠤᠤᠷ᠎ᠠ ᠪᠠᠨ ᠪᠠᠭᠢᠯᠢᠭ᠌᠂ ᠪᠦᠬᠡᠮ ᠬᠡᠰᠡᠭ ᠦᠬᠡᠢ ᠪᠠᠶᠢᠯᠭᠠᠵᠤ᠂ ᠶᠡᠷᠤᠩᠬᠡᠢ ᠵᠠᠪᠰᠠᠷ ᠵᠠᠢ ᠶᠢᠨ ᠬᠡᠮᠵᠢᠶ᠎ᠠ ᠶᠢ 52%~53% ᠪᠠᠶᠢᠯᠭᠠᠵᠤ᠂ ᠲᠤᠮᠤ ᠵᠠᠪᠰᠠᠷ ᠵᠠᠢ ᠶᠢ 14%~17% ᠪᠠᠶᠢᠯᠭᠠᠬᠤ ᠬᠡᠷᠡᠭᠳᠡᠢ᠃
      ᠰᠤᠷᠲ ᠰᠤᠩᠭᠤᠬᠤ ᠪᠠ ᠰᠤᠷᠲ ᠢ ᠰᠢᠢᠳᠪᠤᠷᠢᠯᠡᠬᠦ ᠪᠤᠯ ᠮᠠᠰᠢ ᠰᠠᠶᠢᠨ ᠬᠤᠷᠢᠶᠠᠯᠳᠠ ᠤᠯᠬᠤ ᠶᠢᠨ ᠵᠠᠩᠭᠢᠯᠠᠭ᠎ᠠ ᠪᠤᠯᠤᠨ᠎ᠠ᠃ ᠰᠤᠷᠲ ᠤᠨ ᠬᠤᠯᠢᠴᠠ ᠦᠭᠡᠢ ᠬᠡᠮᠵᠢᠶ᠎ᠠ ᠨᠢ 96% ᠠᠴᠠ ᠲᠡᠭᠡᠭᠰᠢ᠂ ᠴᠡᠪᠡᠷᠴᠡ ᠨᠢ 98% ᠠᠴᠠ ᠳᠡᠬᠡᠭᠰᠢ᠂ ᠰᠤᠶᠤᠭᠠᠯᠠᠬᠤ ᠨᠤᠷᠮ᠎ᠠ ᠨᠢ 95% ᠠᠴᠠ ᠲᠡᠭᠡᠭᠰᠢᠬᠢ ᠰᠠᠶᠢᠨ ᠰᠤᠷᠲ ᠢ ᠰᠤᠩᠭᠤᠬᠤ ᠶᠢᠨ ᠬᠠᠮᠳᠤ ᠦᠷ᠎ᠡ ᠪᠠᠨ ᠰᠠᠶᠢᠳᠤᠷ ᠤᠬᠢᠶᠠᠵᠤ ᠪᠤᠭᠤᠬᠤ ᠭᠡᠷᠡᠭᠳᠡᠢ᠃ ᠬᠡᠷᠪᠡ ᠦᠷ᠎ᠡ ᠶᠢ ᠪᠤᠭᠤᠬᠤ ᠨᠦᠬᠦᠴᠡᠯ ᠦᠭᠡᠢ ᠪᠤᠯ ᠲᠠᠷᠢᠬᠤ ᠠᠴᠠ ᠪᠠᠨ ᠡᠮᠤᠨ᠎ᠠ ᠭᠤᠷᠪᠠᠨ ᠡᠳᠦᠷ ᠬᠠᠳᠠᠭᠠᠵᠤ᠂ 0.5kg 40% ᠶᠢᠨ ᠮᠧᠲ᠋ᠢᠯᠳᠤ ᠢ ᠯᠢᠤ ᠯᠢᠨ ︵甲基异硫磷︶ ᠲᠤᠰᠤᠨ ᠳᠤ 30kg ᠤᠰᠤ ᠨᠡᠮᠡᠵᠤ᠂ 400kg ᠦᠷ᠎ᠡ ᠪᠠᠭᠰᠤᠷᠬᠤ ᠪᠤᠶᠤ 0.5kg 50% ᠶᠢᠨ ᠵᠢᠶᠠ ᠠᠨ ᠯᠢᠨ ︵甲胺磷︶ ᠲᠤᠰᠤᠨ ᠡᠮ ᠳᠤ 25kg ᠤᠰᠤ ᠨᠡᠮᠡᠵᠤ᠂ 250~300kg ᠦᠷ᠎ᠡ ᠪᠠᠭᠰᠤᠷᠵᠤ᠂ ᠦᠷ᠎ᠡ ᠪᠠᠨ ᠪᠠᠭᠰᠤᠷᠤᠭᠠᠳ 4~6 ᠴᠠᠭ ᠪᠦᠷᠢᠵᠤ᠂ ᠲᠡᠬᠢᠨ ᠪᠠᠨ ᠵᠦᠩ ᠱᠤᠸᠠᠩ ︵拌种霜︶ ᠢ ᠰᠤᠷᠲ ᠤᠨ ᠬᠦᠨᠳᠤ ᠶᠢᠨ 0.3% ᠪᠠᠷ ᠰᠤᠷᠲ ᠲᠠᠢ ᠪᠠᠨ ᠬᠤᠯᠢᠵᠤ᠂ ᠬᠦᠷᠦᠰᠤᠨ ᠲᠤᠤᠷᠠᠬᠢ ᠬᠤᠷᠤᠬᠠᠢ ᠰᠢᠪᠠᠵᠢ ᠪᠠ ᠬᠠᠷᠠᠤ ᠭᠡᠮ ᠢ ᠰᠡᠷᠭᠡᠶᠢᠯᠡᠬᠦ ᠬᠡᠷᠡᠭᠳᠡᠢ᠃
      ᠴᠠᠭ ᠬᠤᠭᠤᠴᠠᠭ᠎ᠠ ᠳᠤᠨᠢ ᠲᠤᠬᠢᠷᠠᠭᠤᠯᠤᠨ ᠡᠷᠳᠡ ᠲᠠᠷᠢᠬᠤ ᠪᠠ ᠨᠠᠷᠢᠯᠢᠬ ᠬᠡᠮᠵᠢᠶ᠎ᠠ ᠪᠠᠷ ᠴᠤᠨᠤᠭᠯᠠᠨ ᠲᠠᠷᠢᠬᠤ ᠪᠤᠯ ᠡᠯᠪᠡᠭ ᠬᠤᠷᠢᠶᠠᠯᠳᠠ ᠤᠯᠬᠤ ᠶᠢᠨ ᠪᠠᠰᠠ ᠨᠢᠭᠡ ᠵᠠᠩᠭᠢᠯᠠᠭ᠎ᠠ ᠪᠤᠯᠤᠨ᠎ᠠ᠃ 5~10cm ᠬᠦᠷᠦᠰᠦᠨ ᠤ ᠲᠤᠯᠠᠭᠠᠨ ᠨᠢ 8℃~10℃ ᠲᠤ ᠲᠤᠭᠳᠠᠪᠤᠷᠢᠵᠢᠭᠰᠠᠨ ᠦᠶᠡᠰ᠂ ᠲᠠᠷᠦ᠋ᠢᠬᠠᠨ ᠲᠠᠷᠢᠵᠤ ᠪᠤᠯᠤᠨ᠎ᠠ᠃ ᠲᠡᠷᠢᠬᠤ ᠳᠠᠭᠠᠨ ᠲᠠᠷᠢᠶᠠᠨ ᠳᠠᠬᠢ ᠤᠰᠤᠨ ᠤ ᠬᠠᠳᠠᠭᠠᠯᠠᠭᠳᠠᠴᠠ ᠨᠢ 60%~70% ᠪᠠᠶᠢᠵᠤ᠂ ᠬᠠᠭᠠᠯᠪᠤᠷᠢᠯᠠᠭᠰᠠᠨ ᠲᠠᠪᠬᠤᠷᠭ᠎ᠠ ᠶᠢᠨ ᠰᠢᠷᠤᠢ ᠨᠢ ᠭᠠᠷ ᠢᠶᠠᠷ ᠠᠳᠬᠤᠬᠤ ᠳᠤ ᠪᠦᠭᠡᠮᠨᠡᠷᠡᠵᠤ᠂ ᠬᠠᠶᠠᠬᠤ ᠳᠤ ᠪᠤᠳᠠᠷᠠᠵᠤ ᠪᠠᠶᠢᠬᠤ ᠴᠢᠬᠢᠭ ᠲᠠᠢ ᠦᠶᠡᠰ ᠲᠠᠷᠦ᠋ᠢᠬᠠᠨ ᠲᠠᠷᠢᠵᠤ ᠪᠤᠯᠤᠨ᠎ᠠ᠃ ᠲᠠᠷᠢᠬᠤ ᠳᠠᠭᠠᠨ ᠮᠠᠰᠢᠨ ᠢᠶᠠᠷ ᠴᠤᠨᠤᠭᠯᠠᠨ ᠲᠠᠷᠢᠪᠠᠯ ᠬᠠᠮᠤᠭ ᠤᠨ ᠰᠠᠶᠢᠨ᠂ ᠲᠠᠷᠢᠬᠤ ᠬᠦᠨᠴᠡ ᠨᠢ 5~6cm ᠪᠤᠯ ᠲᠤᠬᠢᠷᠠᠮᠵᠢᠳᠡᠢ᠃ ᠲᠠᠷᠢᠭᠰᠠᠨ ᠤ ᠪᠠᠨ ᠰᠡᠭᠦᠯᠡᠷ ᠰᠢᠷᠤᠢ ᠪᠠᠷ ᠬᠤᠴᠢᠨ ᠲᠠᠷᠤᠵᠤ᠂ ᠰᠢᠷᠤᠢ ᠪᠤᠯᠤᠨ ᠦᠷ᠎ᠡ ᠶᠢ ᠨᠢᠭ᠌ᠳᠡ ᠵᠤᠯᠭᠠᠭᠤᠯᠵᠤ᠂ ᠲᠠᠷᠢᠯᠳᠡ ᠶᠢᠨ ᠶᠠᠰᠤ ᠴᠢᠨᠠᠷ ᠢ ᠪᠠᠳᠤᠯᠠᠵᠤ᠂ ᠨᠢᠬᠡ ᠯᠠ ᠤᠳᠠᠭ᠎ᠠ ᠳᠤ ᠪᠦᠷᠢᠨ ᠴᠢᠬᠢ ᠪᠠᠷᠢᠬᠤ ᠪᠠᠷ ᠴᠢᠷᠮᠠᠶᠢᠬᠤ ᠬᠡᠷᠡᠭᠳᠡᠢ᠃
      6. ᠪᠤᠷᠳᠤᠭᠤᠷ ᠤᠷᠤᠭᠤᠯᠬᠤ ᠲᠠᠯ᠎ᠠ ᠪᠠᠷ ᠶᠠᠭᠤ ᠶᠢ ᠠᠩᠬᠠᠷᠠᠬᠤ ᠴᠢᠬᠤᠯᠠ ᠲᠠᠢ ᠪᠤᠢ︖
      ᠴᠢᠨᠠᠷ ᠰᠠᠶᠢᠳᠠᠢ᠂ ᠦᠨᠳᠤᠷ ᠬᠤᠷᠢᠶᠠᠯᠳᠠ ᠲᠠᠢ᠂ ᠴᠠᠷᠳᠠᠭᠤᠯ ᠡᠯᠪᠡᠭ ᠲᠠᠢ ᠡᠷᠳᠡᠨᠢ ᠰᠢᠰᠢ ᠶᠢ ᠲᠠᠷᠢᠬᠤ ᠳᠤ ᠰᠠᠭᠤᠷᠢ ᠪᠤᠷᠳᠤᠭᠤᠷ ᠤᠷᠤᠭᠤᠯᠬᠤ᠂ ᠮᠢᠺᠷᠤᠪ ᠪᠤᠷᠳᠤᠭᠤᠷ ᠨᠠᠶᠢᠷᠠᠭᠤᠯᠬᠤ ᠶᠢ ᠵᠠᠪᠠᠯ ᠴᠢᠩᠭ᠎ᠠ ᠡᠵᠡᠮᠰᠢᠬᠦ ᠪᠤᠯ ᠮᠡᠷᠭᠡᠵᠢᠯ ᠤᠨ ᠭᠤᠤᠯᠳᠠᠯᠭ᠎ᠠ ᠪᠤᠯᠤᠨ᠎ᠠ᠃ ᠡᠷᠳᠡᠨᠢ ᠰᠢᠰᠢ ᠶᠢᠨ ᠮᠤ᠋ ᠪᠦᠷᠢ ᠶᠢᠨ ᠤᠨᠠᠯᠳᠠ ᠶᠢ 750~900kg ᠳᠤ ᠬᠦᠷᠦᠭᠦᠯᠬᠦ ᠬᠠᠷᠠᠯᠳᠠ ᠶᠢ ᠪᠠᠳᠤᠯᠠᠬᠤ ᠳᠤ ᠮᠤ᠋ ᠪᠦᠷᠢ ᠳᠤ ᠴᠢᠨᠡᠷ ᠰᠠᠶᠢᠳᠡᠢ ᠰᠢᠬᠡᠭ ᠪᠤᠷᠳᠤᠭᠤᠷ ᠬᠠᠨᠤᠮᠵᠢᠳᠡᠢ ᠤᠷᠤᠭᠤᠯᠬᠤ ᠠᠴᠠ ᠭᠠᠳᠠᠨ᠎ᠠ ᠪᠠᠰᠠ ᠡᠷᠳᠡᠨᠢ ᠰᠢᠰᠢ ᠶᠢᠨ ᠦᠷ᠎ᠡ ᠶᠢᠨ ᠬᠡᠷᠡᠭᠴᠡᠭᠡ ᠪᠦᠬᠦᠢ ᠡᠯ᠎ᠡ ᠵᠦᠢᠯ ᠤᠨ ᠰᠢᠮ᠎ᠠ ᠲᠡᠵᠢᠭᠡᠯ ᠤᠨ ᠵᠦᠢᠯ ᠢ ᠤᠷᠤᠭᠤᠯᠬᠤ ᠶᠢ ᠪᠠᠳᠤᠯᠠᠬᠤ ᠬᠡᠷᠡᠭᠳᠡᠢ᠃ ᠡᠶᠢᠮᠤ ᠠᠴᠠ ᠬᠦᠷᠦᠰᠦ ᠰᠢᠷᠤᠢ ᠶᠢᠨ ᠪᠤᠷᠳᠤᠭᠤᠷ ᠬᠠᠩᠭᠠᠬᠤ ᠴᠢᠳᠡᠯ᠂ ᠤᠨᠠᠯᠳᠠ ᠶᠢᠨ ᠬᠦᠢᠴᠡᠳᠬᠡᠯ ᠲᠤᠭ᠎ᠠ᠂ ᠪᠤᠷᠳᠤᠭᠤᠷ ᠤᠨ ᠬᠡᠷᠡᠭᠯᠡᠯᠳᠡ ᠶᠢᠨ ᠨᠤᠷᠮ᠎ᠠ ᠶᠢ ᠦᠨᠳᠦᠰᠦᠯᠡᠨ ᠬᠠᠷᠢᠴᠠᠯ ᠲᠠᠢ ᠪᠠᠷ ᠪᠤᠷᠳᠤᠭᠤᠷ ᠤᠷᠤᠭᠤᠯᠬᠤ ᠬᠡᠷᠡᠭᠳᠡᠢ᠃ ᠡᠩ ᠤᠨ ᠪᠠᠶᠢᠳᠠᠯ ᠲᠤᠤᠷ᠎ᠠ ᠮᠤ᠋ ᠪᠦᠷᠢ ᠳᠤ ᠹᠤᠰᠹᠤᠷ ᠬᠦᠴᠢᠯ ᠤᠨ ᠬᠤᠶᠠᠷᠴᠢ ᠠᠮᠮᠤᠨᠢ 16~20kg᠂ ᠰᠢᠭᠡᠰᠦᠯᠢᠭ ᠡᠳ᠋ 4~9kg ᠬᠡᠷᠡᠭᠰᠡᠵᠤ᠂ ᠬᠠᠷ᠎ᠠ ᠬᠦᠷᠦᠰᠦ᠂ ᠬᠠᠷ᠎ᠠ ᠠᠯᠠᠭ ᠬᠦᠷᠦᠰᠦᠨ ᠳᠤ ᠮᠤ᠋ ᠪᠦᠷᠢ ᠮᠢᠺᠷᠤᠪ ᠺᠠᠯᠢ ᠪᠤᠷᠳᠤᠭᠤᠷ 1~1.5kg᠂ ᠴᠠᠭᠠᠨ ᠬᠦᠷᠦᠰᠦ ᠪᠠ ᠴᠠᠭᠠᠨ ᠠᠯᠠᠭ ᠬᠦᠷᠦᠰᠦᠨ ᠳᠤ ᠮᠤ᠋ ᠪᠦᠷᠢ ᠬᠦᠬᠦᠷ ᠬᠦᠴᠢᠯ ᠤᠨ ᠺᠠᠯᠢ 5~7.5kg ᠤᠷᠤᠭᠤᠯᠬᠤ ᠶᠢᠨ ᠲᠠᠭᠠᠤ ᠮᠤ᠋ ᠪᠦᠷᠢ ᠳᠤ ᠬᠦᠬᠦᠷ ᠬᠦᠴᠢᠯ ᠤᠨ ᠴᠠᠶᠢᠷ ᠢ 0.1kg ᠨᠠᠶᠢᠷᠠᠭᠤᠯᠤᠨ ᠤᠷᠤᠭᠤᠯᠬᠤ ᠭᠡᠷᠡᠭᠳᠡᠢ᠃ ᠬᠡᠬᠦ ᠳᠡᠭᠡᠨ ᠰᠤᠷᠲ ᠪᠤᠷᠳᠤᠭᠤᠷ ᠤᠨ ᠬᠤᠭᠤᠷᠤᠨᠳᠤᠬᠢ ᠵᠠᠢ ᠶᠢ 3~5cm ᠪᠠᠶᠢᠯᠭᠠᠵᠤ᠂ ᠰᠤᠷᠲ ᠰᠢᠳᠠᠭᠳᠠᠬᠤ ᠠᠴᠠ ᠰᠡᠷᠭᠡᠶᠢᠯᠡᠬᠦ ᠬᠡᠷᠡᠭᠳᠡᠢ᠃
     7. ᠲᠠᠷᠢᠶᠠᠨ ᠳᠠᠬᠢ ᠠᠷᠠᠴᠢᠯᠠᠯᠳᠠ ᠶᠢᠨ ᠲᠠᠯ᠎ᠠ ᠪᠠᠷ ᠶᠠᠮᠠᠷ ᠮᠡᠷᠭᠡᠵᠢᠯ ᠤᠨ ᠠᠷᠭ᠎ᠠ ᠬᠡᠮᠵᠢᠶ᠎ᠠ ᠪᠠᠶᠢᠬᠤ ᠪᠤᠢ︖
       ᠲᠠᠷᠢᠶᠠᠨ ᠳᠠᠬᠢ ᠠᠷᠠᠴᠢᠯᠠᠯᠳᠠ ᠶᠢ ᠭᠤᠤᠯ ᠨᠢ ᠭᠤᠷᠪᠠᠨ ᠱᠠᠳᠤ ᠬᠤᠪᠢᠶᠠᠨ᠎ᠠ᠄
       ᠨᠢᠭᠡ ᠳᠤ᠂ ᠴᠢᠬᠢᠯᠡᠬᠦ ᠬᠤᠭᠤᠴᠠᠭᠠᠨ ᠤ ᠠᠷᠠᠴᠢᠯᠠᠯᠳᠠ᠄ ᠴᠢᠬᠢ ᠶᠢ ᠪᠠᠶᠢᠴᠠᠭᠠᠬᠤ᠂ ᠴᠢᠬᠢ ᠶᠢ ᠨᠦᠬᠦᠬᠦ ᠭᠡᠷᠡᠭᠳᠡᠢ᠃ 5 ᠳ᠋ᠤᠭᠠᠷ ᠰᠠᠷ᠎ᠠ ᠶᠢᠨ ᠬᠤᠷᠢᠨ ᠠᠴᠠ ᠬᠤᠶᠢᠭᠤᠷ ᠤᠷᠢᠳᠤᠭᠤᠷ᠂ ᠴᠢᠬᠢᠯᠡᠯᠳᠡ ᠶᠢᠨ ᠪᠠᠶᠢᠳᠠᠯ ᠢ ᠲᠠᠷᠦ᠋ᠢᠬᠠᠨ ᠪᠠᠶᠢᠴᠠᠭᠠᠵᠤ᠂ ᠴᠢᠬᠢ ᠲᠤᠲᠠᠭᠳᠠᠵᠤ ᠪᠠᠶᠢᠪᠠᠯ ᠰᠢᠷᠤᠢ ᠲᠠᠢ ᠨᠢ ᠵᠠᠶᠢᠯᠠᠬᠤ ᠠᠷᠭ᠎ᠠ ᠪᠠᠷ ᠨᠦᠬᠦᠨ ᠲᠠᠷᠢᠵᠤ᠂ ᠪᠦᠬᠦᠳᠡ ᠶᠢ ᠪᠦᠷᠢᠨ ᠵᠢᠭᠳᠡ ᠪᠤᠯᠭᠠᠵᠤ᠂ ᠮᠤ᠋ ᠪᠦᠷᠢ ᠶᠢᠨ ᠰᠠᠭᠤᠷᠢ ᠲᠤᠭ᠎ᠠ ᠶᠢ ᠪᠠᠳᠤᠯᠠᠬᠤ ᠭᠡᠷᠡᠭᠳᠡᠢ᠃ ᠴᠢᠬᠢ ᠨᠦᠬᠦᠵᠤ ᠲᠠᠷᠢᠭᠰᠠᠨ ᠤ ᠪᠠᠨ ᠰᠡᠭᠦᠯᠡᠷ ᠮᠤ᠋ ᠪᠦᠷᠢ ᠳᠤ ᠬᠤᠤᠷᠳᠤ ᠲᠤᠲᠤᠷᠭ᠎ᠠ ᠶᠢ 2.5~5kg ᠰᠠᠴᠤᠵᠤ᠂ ᠯᠠᠭᠤ᠂ ᠰᠢᠷᠤᠢ ᠶᠢᠨ ᠬᠦᠷᠢ ᠵᠡᠷᠭᠡ ᠬᠦᠨᠦᠬᠡᠯᠳᠤ ᠬᠤᠷᠤᠬᠠᠢ ᠶᠢ ᠰᠡᠷᠭᠡᠶᠢᠯᠡᠬᠦ ᠬᠡᠷᠡᠭᠳᠡᠢ᠃ ᠴᠢᠬᠢ ᠢᠯᠭᠠᠵᠤ ᠴᠢᠬᠢ ᠲᠤᠭᠳᠠᠭᠠᠬᠤ ᠭᠡᠷᠡᠭᠳᠡᠢ᠃ ᠡᠭᠦᠨ ᠳᠤ 3~4 ᠨᠠᠪᠴᠢᠯᠠᠬᠤ ᠦᠶᠡᠰ ᠠᠩᠬᠠᠳᠠᠭᠴᠢ ᠠᠷᠠᠴᠢᠯᠠᠯᠳᠠ ᠲᠠᠢ ᠤᠶᠠᠯᠳᠤᠭᠤᠯᠤᠨ ᠴᠢᠬᠢ ᠢᠯᠭᠠᠵᠤ᠂ 5~6 ᠨᠠᠪᠴᠢᠯᠠᠬᠤ ᠦᠶᠠᠰ ᠬᠤᠶᠠᠷᠳᠠᠬᠢ ᠠᠷᠠᠴᠢᠯᠠᠯᠳᠠ ᠲᠠᠢ ᠤᠶᠠᠯᠳᠤᠭᠤᠯᠤᠨ ᠴᠢᠬᠢ ᠲᠤᠭᠳᠠᠭᠠᠬᠤ ᠭᠡᠷᠡᠭᠳᠡᠢ᠃ ᠲᠡᠭᠦᠨ ᠤ ᠱᠠᠭᠠᠷᠳᠠᠯᠭ᠎ᠠ ᠨᠢ ᠭᠡᠪᠡᠯ ᠭᠡᠮ ᠬᠤᠷᠤᠬᠠᠢ ᠲᠠᠢ ᠪᠠᠭᠤᠷᠠᠢ ᠴᠢᠬᠢ ᠶᠢ ᠠᠷᠢᠯᠭᠠᠵᠤ᠂ ᠢᠳᠡᠷᠡᠭᠦᠨ ᠴᠢᠬᠢ ᠶᠢ ᠦᠯᠡᠳᠡᠭᠡᠨ᠎ᠡ᠃ ᠬᠤᠯᠢᠮᠠᠭ ᠮᠠᠭᠤ ᠴᠢᠬᠢ ᠶᠢ ᠠᠷᠢᠯᠭᠠᠵᠤ᠂ ᠰᠠᠶᠢᠨ ᠴᠢᠬᠢ ᠶᠢ ᠦᠯᠡᠳᠡᠭᠡᠨ᠎ᠡ᠃ ᠬᠡᠳᠦᠷᠭᠡᠢ ᠲᠤᠮᠤ ᠪᠤᠶᠤ ᠵᠢᠵᠢᠭ ᠴᠢᠬᠢ ᠶᠢ ᠠᠷᠢᠯᠭᠠᠵᠤ᠂ ᠲᠡᠩᠴᠡᠭᠦᠬᠡᠨ ᠠᠳᠠᠯᠢ ᠴᠢᠬᠢ ᠶᠢ ᠦᠯᠡᠳᠡᠭᠡᠨ᠎ᠡ᠃ ᠴᠢᠬᠢ ᠪᠦᠷᠢᠨ᠂ ᠴᠢᠬᠢ ᠵᠢᠭᠳᠡ ᠪᠠᠶᠢᠬᠤ ᠶᠢ ᠪᠠᠳᠤᠯᠠᠨ᠎ᠠ᠃
      ᠬᠤᠶᠠᠷ ᠲᠤ᠂ ᠦᠶᠡᠳᠤᠭᠦ ᠦᠷᠡᠯᠡᠬᠦ ᠦᠶ᠎ᠠ ᠶᠢᠨ ᠠᠷᠠᠴᠢᠯᠠᠯᠳᠠ᠄ ᠡᠬᠦᠨ ᠳᠤ ᠪᠤᠷᠳᠤᠭᠤᠷ ᠤᠷᠤᠭᠤᠯᠤᠨ ᠪᠠᠶᠢᠳᠠᠯ ᠢ ᠦᠵᠡᠨ ᠤᠰᠤᠯᠠᠨ᠎ᠠ᠃ 6~7 ᠨᠠᠪᠴᠢᠯᠠᠬᠤ ᠦᠶᠠᠰ᠂ ᠡᠷᠳᠡᠨᠢ ᠰᠢᠰᠢ ᠦᠶᠡᠳᠤᠵᠤ ᠡᠬᠢᠯᠡᠭᠰᠡᠨ ᠤ ᠰᠡᠬᠦᠯᠡᠷ᠂ ᠤᠷᠭᠤᠴᠠ ᠨᠢ ᠮᠡᠳᠡᠭᠳᠡᠮ᠎ᠠ ᠲᠦᠷᠭᠡᠳᠴᠤ᠂ ᠡᠷ᠎ᠡ ᠲᠦᠷᠦᠬᠦᠦ ᠨᠢ ᠵᠢᠭᠳᠡᠷᠡᠵᠤ᠂ ᠨᠡᠯᠢᠶᠠᠳ ᠶᠡᠭᠡ ᠤᠰᠤ ᠲᠡᠵᠢᠬᠡᠯ ᠤᠨ ᠭᠡᠷᠡᠭᠴᠡᠭᠡ ᠲᠠᠢ ᠪᠤᠯᠳᠠᠭ ᠲᠤᠯᠠ ᠦᠶᠠᠳᠤᠯ ᠤᠨ ᠪᠤᠷᠳᠤᠭᠤᠷ ᠤᠷᠤᠭᠤᠯᠬᠤ ᠬᠡᠷᠡᠭᠳᠡᠢ᠃ ᠶᠡᠷᠤᠩᠭᠡᠢ ᠳᠡᠭᠡᠨ ᠮᠤ᠋ ᠪᠦᠷᠢ ᠰᠢᠭᠡᠰᠦᠯᠢᠭ ᠡᠳ᠋ 10~14kg ᠤᠷᠤᠭᠤᠯᠬᠤ ᠶᠢᠨ ᠲᠠᠭᠠᠤ ᠪᠠᠶᠢᠳᠠᠯ ᠢ ᠦᠵᠡᠨ ᠤᠰᠤᠯᠠᠬᠤ ᠬᠡᠷᠡᠭᠳᠡᠢ᠃ ᠲᠦᠷᠤᠬᠦᠳᠤᠬᠦ ᠦᠶᠡᠰ ᠪᠤᠷᠳᠤᠭᠤᠷ ᠤᠷᠤᠭᠤᠯᠤᠨ ᠤᠰᠤᠯᠠᠨ᠎ᠠ᠃ 7 ᠳ᠋ᠤᠭᠠᠷ ᠰᠠᠷ᠎ᠠ ᠶᠢᠨ 20 ᠤ ᠤᠷᠴᠢᠮ ᠢᠶᠠᠷ 14~15 ᠨᠠᠪᠴᠢᠯᠠᠬᠤ ᠦᠶᠠᠰ᠂ ᠡᠮ᠎ᠡ ᠲᠦᠷᠦᠭᠦᠦ ᠶᠢᠨ ᠵᠢᠵᠢᠭ ᠴᠡᠴᠡᠭ ᠨᠢ ᠵᠠᠳᠠᠷᠠᠭᠠᠳ ᠪᠢᠤᠯᠤᠬᠢ ᠶᠢᠨ ᠤᠨᠴᠠᠯᠢᠭ ᠪᠦᠬᠦᠢ ᠲᠤᠮᠤ ᠯᠠᠪᠠ ᠶᠢᠨ ᠬᠡᠯᠪᠡᠷᠢ ᠲᠠᠢ ᠬᠤᠭᠤᠴᠠᠭᠠᠨ ᠳᠤ ᠤᠷᠤᠬᠤ ᠲᠤᠯᠠ ᠪᠤᠷᠳᠤᠭᠤᠷ ᠤᠷᠤᠭᠤᠯᠬᠤ ᠬᠡᠷᠡᠭᠳᠡᠢ᠃ ᠶᠡᠷᠤᠩᠭᠡᠢ ᠳᠡᠭᠡᠨ ᠮᠤ᠋ ᠪᠦᠷᠢ 13~18kg ᠰᠢᠭᠡᠰᠦᠯᠢᠭ ᠡᠳ᠋ ᠤᠷᠤᠭᠤᠯᠬᠤ ᠶᠢᠨ ᠲᠠᠭᠠᠤ ᠤᠰᠤᠯᠠᠬᠤ ᠬᠡᠷᠡᠭᠳᠡᠢ᠃
       ᠲᠦᠷᠦᠭᠦᠳᠤᠬᠦ ᠬᠤᠭᠤᠴᠠᠭᠠᠨ ᠤ ᠬᠡᠮ ᠬᠤᠷᠤᠬᠠᠢ ᠶᠢᠨ ᠬᠦᠨᠦᠬᠡᠯ ᠢ ᠰᠡᠷᠭᠡᠶᠢᠯᠡᠨ᠎ᠡ᠃ 6 ᠳ᠋ᠤᠭᠠᠷ ᠰᠠᠷ᠎ᠠ ᠶᠢᠨ ᠬᠤᠷᠢᠳ ᠢᠶᠠᠷ ᠬᠤᠶᠠᠳᠤᠭᠠᠷ ᠦᠶ᠎ᠡ ᠶᠢᠨ ᠬᠤᠷᠤᠬᠠᠢ ᠶᠢᠨ ᠬᠦᠨᠦᠭᠡᠯ ᠡᠭᠦᠰᠬᠦ ᠦᠶᠠᠰ᠂ ᠮᠤ᠋ ᠪᠦᠷᠢ 25g ᠰᠤ᠋ ᠮᠢᠶᠧ ᠱᠠ ᠳ᠋ᠢᠩ ︵速灭杀丁︶ ᠡᠮ ᠳᠤ 30kg ᠤᠰᠤ ᠬᠤᠯᠢᠵᠤ᠂ 40mL 50% ᠶᠢᠨ ᠮᠢᠶᠧ ᠶᠢᠤ ᠨᠢᠶᠤᠤ ︵灭幼脲︶ 3 ᠨᠤᠮᠧᠷᠳᠤ ᠳᠤ 30~50kg ᠤᠰᠤ ᠨᠡᠮᠡᠵᠤ ᠰᠦᠷᠴᠢᠭᠡᠳ ᠠᠪᠠᠭᠠᠯᠳᠠᠢ ᠶᠢ ᠤᠰᠠᠳᠬᠠᠬᠤ ᠬᠡᠷᠡᠭᠳᠡᠢ᠃ 7 ᠰᠠᠷ᠎ᠠ ᠶᠢᠨ ᠲᠤᠮᠳᠠᠴᠢ ᠪᠠᠷ ᠡᠷᠳᠡᠨᠢ ᠰᠢᠰᠢ ᠶᠢᠨ ᠮᠢᠩ ᠬᠤᠷᠤᠬᠠᠢ ᠶᠢᠨ ᠬᠦᠨᠦᠬᠡᠯ ᠡᠭᠦᠰᠭᠦ ᠦᠶᠡᠰ᠂ ᠮᠤ᠋ ᠪᠦᠷᠢ 1kg 3% ᠶᠢᠨ ᠱᠠ ᠮᠢᠩ ᠯᠢᠩ ︵杀螟灵︶ ᠦᠷᠢᠯ ᠢ ᠰᠠᠭᠤᠷᠢ ᠪᠦᠷᠢ 0.2g ᠤᠨ ᠬᠡᠮᠵᠢᠶ᠎ᠠ ᠪᠠᠷ ᠨᠠᠪᠴᠢᠨ ᠳᠤᠨᠢ ᠴᠢᠳᠬᠤᠵᠤ᠂ ᠨᠢᠭᠡᠳᠦᠭᠡᠷ ᠦᠶ᠎ᠡ ᠶᠢᠨ ᠡᠷᠳᠡᠨᠢ ᠰᠢᠰᠢ ᠶᠢᠨ ᠮᠢᠩ ᠬᠤᠷᠤᠬᠠᠢ ᠶᠢ ᠤᠰᠠᠳᠬᠠᠬᠤ ᠬᠡᠷᠡᠭᠳᠡᠢ᠃ ᠡᠷᠳᠡᠨᠢ ᠰᠢᠰᠢ ᠶᠢ ᠢᠳᠡᠷᠡᠵᠢᠬᠦᠯᠬᠦ ᠡᠳ᠋ ᠢ ᠰᠦᠷᠴᠢᠨ ᠨᠤᠭᠤᠷᠠᠵᠤ ᠤᠨᠠᠬᠤ ᠠᠴᠠ ᠰᠡᠷᠬᠡᠶᠢᠯᠡᠬᠦ ᠬᠡᠷᠡᠭᠳᠡᠢ᠃ ᠡᠭᠦᠨ ᠳᠤ ᠮᠤ᠋ ᠪᠦᠷᠢ 30mL ᠢᠳᠡᠷᠡᠵᠢᠬᠦᠯᠬᠦ ᠡᠳ᠋ ᠲᠡᠭᠡᠷ᠎ᠡ 15~20kg ᠤᠰᠤ ᠬᠤᠯᠢᠵᠤ᠂ ᠡᠷᠳᠡᠨᠢ ᠰᠢᠰᠢ ᠶᠢᠨ ᠲᠡᠭᠡᠳᠤ ᠬᠡᠰᠡᠭ ᠤᠨ ᠨᠠᠪᠴᠢᠨ ᠲᠡᠭᠡᠷ᠎ᠡ ᠵᠢᠭᠳᠡ ᠰᠦᠷᠴᠢᠬᠦ ᠭᠡᠷᠡᠭᠳᠡᠢ᠃ ᠰᠦᠷᠴᠢᠬᠦᠷ ᠢᠶᠠᠨ ᠰᠠᠶᠢᠳᠤᠷ ᠤᠭᠢᠶᠠᠨ ᠴᠡᠪᠡᠷᠯᠡᠵᠤ᠂ ᠬᠤᠵᠢᠷᠯᠢᠬ ᠲᠠᠷᠢᠶᠠᠨ ᠡᠮ ᠪᠤᠶᠤ ᠬᠢᠮᠢ ᠶᠢᠨ ᠪᠤᠷᠳᠤᠭᠤᠷ ᠲᠠᠢ ᠬᠤᠯᠢᠨ ᠬᠡᠷᠡᠭᠯᠡᠵᠤ ᠪᠤᠯᠬᠤ ᠦᠭᠡᠢ᠃ ᠰᠦᠷᠴᠢᠭᠡᠳ ᠲᠦᠷᠪᠡᠨ ᠴᠠᠭ ᠪᠤᠯᠤᠭᠰᠠᠨ ᠤ ᠰᠡᠭᠦᠯᠡᠷ ᠪᠤᠷᠤᠭ᠎ᠠ ᠤᠷᠤᠪᠠᠯ ᠡᠮ ᠢᠶᠠᠨ ᠬᠠᠭᠠᠰᠯᠠᠵᠤ ᠰᠦᠷᠴᠢᠬᠦ ᠬᠡᠷᠡᠭᠳᠡᠢ᠃
      ᠭᠤᠷᠪᠠ ᠳᠤ᠂ ᠪᠤᠯᠪᠠᠰᠤᠷᠠᠯᠳᠠ ᠶᠢᠨ ᠰᠡᠭᠦᠯᠴᠢ ᠶᠢᠨ ᠬᠤᠭᠤᠴᠠᠭᠠᠨ ᠤ ᠠᠷᠠᠴᠢᠯᠠᠯᠳᠠ᠄ ᠡᠭᠦᠨ ᠳᠤ 8 ᠰᠠᠷ᠎ᠠ ᠶᠢᠨ ᠡᠬᠢ ᠪᠠᠷ ᠡᠷᠳᠡᠨᠢ ᠰᠢᠰᠢ ᠶᠢᠨ ᠰᠢᠷᠬᠡᠭ ᠪᠦᠭᠡᠯᠵᠢᠬᠦ ᠬᠤᠭᠤᠴᠠᠭᠠᠨ ᠳᠤ ᠰᠢᠭᠡᠰᠦᠯᠢᠭ ᠡᠳ᠋ ᠤᠨ ᠲᠡᠭᠡᠷ᠎ᠡ ᠹᠤᠰᠹᠤᠷ ᠬᠦᠴᠢᠯ ᠤᠨ ᠬᠤᠶᠠᠷᠴᠢ ᠤᠰᠤᠳᠦ᠋ᠷᠦᠭᠴᠢᠳᠦ ᠺᠠᠯᠢ ᠪᠤᠶᠤ ᠬᠤᠷᠢᠶᠠᠯᠳᠠ ᠨᠡᠮᠡᠭᠳᠡᠬᠦᠯᠬᠦ ᠡᠳ᠋ ᠢ ᠨᠡᠮᠡᠵᠤ ᠨᠠᠪᠴᠢᠨ ᠲᠡᠭᠡᠭᠦᠷ ᠨᠢ ᠰᠦᠷᠴᠢᠵᠤ᠂ ᠦᠷᠡᠯᠡᠯᠳᠡ ᠶᠢᠨ ᠨᠤᠷᠮ᠎ᠠ ᠶᠢ ᠨᠢ ᠲᠡᠭᠡᠭᠰᠢᠯᠡᠭᠦᠯᠵᠤ᠂ ᠪᠦᠳᠦᠮᠵᠢᠳᠡᠢ ᠮᠦᠬᠦᠯᠢᠭ ᠤᠨ ᠲᠤᠭ᠎ᠠ ᠪᠠ ᠬᠦᠨᠳᠤ ᠶᠢ ᠨᠢ ᠨᠡᠮᠡᠭᠳᠡᠬᠦᠯᠬᠦ ᠬᠡᠷᠡᠭᠳᠡᠢ᠃ ᠰᠢᠷᠭᠡᠭ ᠪᠦᠭᠡᠯᠵᠢᠬᠦ ᠦᠶ᠎ᠡ ᠪᠤᠯ ᠡᠷᠳᠡᠨᠢ ᠰᠢᠰᠢ ᠶᠢᠨ ᠤᠰᠤ ᠲᠤᠩ ᠶᠡᠭᠡ ᠬᠡᠷᠡᠭᠰᠡᠬᠦ ᠬᠤᠭᠤᠴᠠᠭ᠎ᠠ ᠪᠤᠯᠤᠨ᠎ᠠ᠃ ᠬᠡᠷᠪᠡ ᠭᠠᠩᠳᠠᠪᠠᠯ ᠬᠤᠷᠢᠶᠠᠯᠳᠠ ᠬᠦᠨᠳᠤ ᠨᠤᠴᠢᠳᠡᠢ ᠬᠠᠰᠤᠭᠳᠠᠬᠤ ᠪᠤᠯᠤᠨ᠎ᠠ᠃ ᠡᠨᠡ ᠦᠶᠠᠰ ᠪᠠᠶᠢᠳᠠᠯ ᠢ ᠨᠢ ᠦᠵᠡᠨ ᠮᠤ᠋ ᠪᠦᠷᠢ 40 ᠪᠤᠰᠤᠭ᠎ᠠ ᠲᠦᠷᠪᠡᠯᠵᠢᠨ ᠮᠧᠲᠷ ᠤᠰᠤᠯᠠᠬᠤ ᠭᠡᠷᠡᠭᠳᠡᠢ᠃ 8 ᠰᠠᠷ᠎ᠠ ᠶᠢᠨ ᠬᠤᠷᠢᠨ ᠠᠴᠠ ᠬᠤᠶᠢᠰᠢ᠂ ᠡᠷᠳᠡᠨᠢ ᠰᠢᠰᠢ ᠨᠢ ᠴᠢᠮᠤᠭᠡᠯᠡᠬᠦ ᠦᠶ᠎ᠡ ᠳᠡᠭᠡᠨ ᠤᠷᠤᠳᠠᠭ ᠲᠤᠯᠠ ᠭᠤᠤᠴᠢᠯᠠᠬᠤ ᠠᠷᠭ᠎ᠠ ᠪᠠᠷ ᠦᠨᠳᠦᠰᠦᠨ ᠬᠡᠰᠡᠭ ᠠᠴᠠ 20cm ᠵᠠᠢ ᠲᠠᠢ ᠭᠤᠤᠴᠢᠯᠠᠵᠤ᠂ ᠮᠤ᠋ ᠪᠦᠷᠢ 10kg ᠰᠢᠭᠡᠰᠦᠯᠢᠭ ᠡᠳ᠋ ᠤᠷᠤᠭᠤᠯᠵᠤ᠂ ᠲᠠᠷᠠᠭ᠎ᠠ ᠪᠠᠷ ᠨᠢ 50 ᠪᠤᠰᠤᠭ᠎ᠠ ᠲᠦᠷᠪᠡᠯᠵᠢᠨ ᠮᠧᠲᠷ ᠤᠨ ᠲᠤᠭᠳᠠᠭᠰᠠᠨ ᠬᠡᠮᠵᠢᠶ᠎ᠡ ᠪᠠᠷ ᠤᠰᠤᠯᠠᠵᠤ᠂ ᠮᠦᠬᠦᠯᠢᠭ ᠤᠨ ᠬᠦᠨᠳᠤ ᠶᠢ ᠨᠢ ᠨᠡᠮᠡᠭᠳᠡᠬᠦᠯᠵᠤ᠂ ᠤᠨᠠᠯᠳᠠ ᠶᠢᠨ ᠬᠡᠮᠵᠢᠶ᠎ᠡ ᠶᠢ ᠨᠢ ᠲᠡᠭᠡᠭᠰᠢᠯᠡᠬᠦᠯᠬᠦ ᠬᠡᠷᠡᠭᠳᠡᠢ᠃
      8. ᠲᠠᠷᠢᠶᠠᠯᠠᠬᠤ ᠤᠷᠤᠨ ᠳᠤ ᠰᠠᠯᠬᠢ ᠰᠢᠭᠤᠷᠭ᠎ᠠ᠂ ᠪᠤᠷᠤᠭ᠎ᠠ ᠮᠦᠨᠳᠦᠷ ᠪᠠ ᠭᠠᠩ ᠬᠠᠭᠰᠠᠷᠠᠭᠠᠨ ᠤ ᠭᠠᠮᠰᠢᠭ ᠢ ᠬᠡᠷᠬᠢᠨ ᠰᠡᠷᠬᠡᠶᠢᠯᠡᠬᠦ ᠪᠤᠢ︖
     ᠰᠠᠯᠬᠢ ᠰᠢᠭᠤᠷᠭ᠎ᠠ᠂ ᠪᠤᠷᠤᠭ᠎ᠠ ᠮᠦᠨᠳᠦᠷ ᠪᠠ ᠭᠠᠩ ᠬᠠᠭᠰᠠᠷᠠᠭᠠᠨ ᠤ ᠭᠠᠮᠰᠢᠭ ᠨᠢ ᠴᠠᠷᠳᠠᠭᠤᠯ ᠡᠯᠪᠡᠭ ᠲᠠᠢ ᠡᠷᠳᠡᠨᠢ ᠰᠢᠰᠢ ᠶᠢᠨ ᠤᠨᠠᠯᠳᠠ ᠪᠠ ᠪᠦᠳᠦᠬᠡᠭᠳᠡᠬᠦᠨ ᠤ ᠶᠠᠰᠤ ᠴᠢᠨᠡᠷ ᠢ ᠨᠦᠯᠦᠭᠡᠯᠡᠬᠦ ᠨᠢ ᠲᠠᠮᠵᠢᠭ ᠦᠭᠡᠢ᠃ ᠭᠠᠮᠰᠢᠭ ᠤᠨ ᠬᠤᠭᠢᠷᠠᠯ ᠢ ᠠᠯᠢ ᠴᠢᠳᠡᠬᠤ ᠪᠠᠷ ᠪᠠᠭᠠᠰᠬᠠᠬᠤ ᠶᠢᠨ ᠲᠤᠰᠠᠳᠡ᠂ ᠡᠷᠳᠡᠨᠢ ᠰᠢᠰᠢ ᠶᠢᠨ ᠭᠠᠮᠰᠢᠭᠳᠠᠭᠰᠠᠨ ᠠᠴᠠ ᠬᠤᠶᠢᠰᠢᠬᠢ ᠲᠠᠷᠢᠶᠠᠨ ᠭᠠᠵᠠᠷ ᠲᠠᠬᠢ ᠠᠷᠠᠴᠢᠯᠠᠯᠳᠠ ᠶᠢ ᠴᠢᠩᠭᠠᠳᠬᠠᠬᠤ ᠨᠢ ᠲᠤᠩ ᠴᠢᠬᠤᠯᠠ ᠶᠤᠮ᠃ ᠴᠤᠬᠤᠮ ᠳᠠᠭᠠᠨ ᠲᠤᠤᠷᠠᠬᠢ ᠬᠡᠳᠤᠨ ᠵᠦᠢᠯ ᠤᠨ ᠠᠷᠭ᠎ᠠ ᠬᠡᠮᠵᠢᠶ᠎ᠠ ᠶᠢ ᠠᠪᠴᠤ ᠪᠠᠶᠢᠭᠠᠳ ᠨᠦᠬᠦᠪᠦᠷᠢᠯᠡᠬᠦ ᠭᠡᠷᠡᠭᠳᠡᠢ᠃
      ᠨᠢᠭᠡ ᠳᠤ᠂ ᠬᠡᠮᠳᠦᠵᠤ ᠤᠨᠠᠭᠰᠠᠨ ᠨᠠᠪᠴᠢ ᠨᠠᠮᠠᠭ᠎ᠠ ᠶᠢ ᠨᠢ ᠴᠠᠭ ᠲᠤᠨᠢ ᠴᠡᠪᠡᠷᠯᠡᠨ ᠠᠷᠢᠯᠭᠠᠵᠤ᠂ ᠡᠷᠳᠡᠨᠢ ᠰᠢᠰᠢ ᠶᠢᠨ ᠰᠠᠭᠤᠷᠢᠨ ᠤ ᠰᠢᠮ᠎ᠠ ᠲᠡᠵᠢᠭᠡᠯ ᠤᠨ ᠬᠤᠷᠤᠭᠳᠠᠯ ᠢ ᠪᠠᠭᠠᠰᠬᠠᠬᠤ ᠭᠡᠷᠡᠭᠳᠡᠢ᠃ ᠬᠡᠷᠪᠡ ᠮᠦᠨᠳᠦᠷ ᠤᠨ ᠭᠠᠮᠰᠢᠭ ᠲᠤ ᠳᠠᠭᠠᠷᠢᠭᠳᠠᠭᠰᠠᠨ ᠪᠤᠯ ᠲᠡᠷᠡ ᠲᠡᠷᠤᠢ ᠳᠤᠨᠢ ᠡᠷᠳᠡᠨᠢ ᠰᠢᠰᠢ ᠶᠢᠨ ᠭᠡᠮᠳᠦᠭᠰᠡᠨ ᠨᠠᠪᠴᠢ ᠨᠠᠮᠠᠭ᠎ᠠ ᠶᠢ ᠨᠢ ᠬᠠᠳᠤᠨ ᠠᠷᠢᠯᠭᠠᠵᠤ᠂ ᠨᠠᠪᠴᠢᠨ ᠲᠡᠭᠡᠷᠡᠭᠢ ᠨᠠᠭᠠᠯᠳᠤᠭᠰᠠᠨ ᠪᠤᠵᠠᠷ ᠪᠤᠷᠳᠠᠭ ᠵᠦᠢᠯ ᠢ ᠴᠡᠪᠡᠷᠯᠡᠬᠦ ᠬᠡᠷᠡᠭᠳᠡᠢ᠃ ᠰᠠᠯᠬᠢᠨ ᠤ ᠭᠠᠮᠰᠢᠭ ᠲᠤ ᠤᠴᠠᠷᠠᠭᠰᠠᠨ ᠪᠤᠯ ᠮᠤᠷᠦ᠋ᠢᠵᠤ ᠤᠨᠠᠭᠰᠠᠨ ᠡᠰᠢ ᠶᠢ ᠨᠢ ᠪᠤᠰᠬᠠᠵᠤ᠂ ᠰᠢᠷᠤᠢ ᠪᠠᠷ ᠪᠠᠬᠢᠯᠡᠵᠤ ᠵᠠᠰᠠᠬᠤ ᠬᠡᠷᠡᠭᠳᠡᠢ᠃
      ᠬᠤᠶᠠᠷ ᠲᠤ᠂ ᠭᠤᠤ ᠰᠤᠪᠠᠭ ᠢ ᠴᠡᠪᠡᠷᠯᠡᠨ ᠴᠠᠭ ᠲᠠᠷᠤᠢ ᠳᠤᠨᠢ ᠤᠰᠤ ᠵᠠᠯᠠᠬᠤ ᠬᠡᠷᠡᠭᠳᠡᠢ᠃ ᠬᠡᠷᠪᠡ ᠦᠶᠡᠷ ᠤᠰᠤᠳᠤᠯ ᠤᠨ ᠭᠠᠮᠰᠢᠭ ᠲᠤᠬᠢᠶᠠᠯᠳᠤᠭᠠᠳ ᠰᠠᠭᠤᠷᠢ ᠦᠨᠳᠦᠰᠦ ᠨᠢ ᠤᠷᠳᠤ ᠴᠠᠭ ᠢᠶᠠᠷ ᠤᠰᠤᠨ ᠳᠤ ᠲᠡᠪᠳᠤᠪᠠᠯ ᠦᠨᠳᠦᠰᠦ ᠨᠢ ᠢᠯᠵᠠᠷᠠᠬᠤ᠂ ᠨᠠᠪᠴᠢ ᠨᠢ ᠤᠨᠠᠬᠤ ᠪᠠ ᠪᠠᠰᠠ ᠭᠡᠮ ᠬᠤᠷᠤᠬᠠᠢ ᠡᠬᠦᠰᠭᠡᠬᠦ ᠲᠤᠯᠠ ᠭᠤᠤ ᠰᠤᠪᠠᠭ ᠢᠶᠠᠨ ᠰᠢᠯᠤᠭᠤᠬᠠᠨ ᠴᠡᠪᠡᠷᠯᠡᠵᠤ᠂ ᠲᠤᠨᠤᠮᠠᠯ ᠤᠰᠤ ᠶᠢ ᠲᠠᠷᠦ᠋ᠢᠬᠠᠨ ᠵᠠᠯᠠᠵᠤ ᠭᠠᠷᠭᠠᠬᠤ ᠬᠡᠷᠡᠭᠳᠡᠢ᠃
      ᠭᠤᠷᠪᠠ ᠳᠤ᠂ ᠰᠠᠯᠬᠢᠨ ᠮᠦᠨᠳᠦᠷ ᠤᠨ ᠭᠠᠮᠰᠢᠭ ᠲᠤ ᠲᠤᠬᠢᠶᠠᠯᠳᠤᠪᠠᠯ ᠡᠷᠳᠡᠨᠢ ᠰᠢᠰᠢ ᠶᠢᠨ ᠡᠰᠢ ᠬᠤᠭᠤᠷᠠᠬᠤ ᠪᠠ ᠨᠠᠪᠴᠢ ᠨᠠᠮᠠᠭ᠎ᠠ ᠨᠢ ᠵᠤᠯᠭᠠᠷᠠᠬᠤ ᠲᠤᠯᠠ ᠲᠠᠷᠦ᠋ᠢᠬᠠᠨ ᠲᠡᠭᠰᠢᠯᠡᠵᠤ ᠵᠠᠰᠠᠬᠤ ᠶᠢᠨ ᠲᠠᠭᠠᠤ ᠬᠤᠬᠢᠷᠠᠭᠰᠠᠨ ᠴᠢᠬᠢ ᠶᠢ ᠨᠢ ᠨᠦᠬᠦᠵᠤ ᠲᠠᠷᠢᠬᠤ ᠭᠡᠷᠡᠭᠳᠡᠢ᠃
      ᠳᠦᠷᠪᠡ ᠳᠤ᠂ ᠡᠷᠳᠡᠨᠢ ᠰᠢᠰᠢ ᠴᠢᠬᠢᠯᠡᠬᠦ ᠬᠤᠭᠤᠴᠠᠭᠠᠨ ᠳᠠᠭᠠᠨ ᠮᠦᠨᠳᠦᠷ ᠤᠰᠤᠳᠤᠯ ᠤᠨ ᠭᠠᠮᠰᠢᠭ ᠲᠤ ᠤᠴᠠᠷᠠᠪᠠᠯ ᠡᠯ᠎ᠡ ᠵᠦᠢᠯ ᠤᠨ ᠵᠡᠷᠯᠢᠭ ᠡᠪᠡᠰᠦ ᠤᠷᠭᠤᠬᠤ ᠪᠤᠶᠤ ᠬᠦᠷᠦᠰᠦ ᠰᠢᠷᠤᠢ ᠪᠦᠭᠡᠮᠨᠡᠷᠡᠭᠦ ᠲᠤᠯᠠ ᠭᠠᠮᠰᠢᠭ ᠤᠨ ᠲᠠᠷᠠᠭ᠎ᠠ ᠦᠯᠦᠨ ᠡᠪᠡᠰᠦ ᠶᠢ ᠨᠢ ᠦᠭᠳᠡᠭᠡᠵᠤ᠂ ᠪᠦᠭᠡᠮᠨᠡᠷᠡᠭᠰᠡᠨ ᠰᠢᠷᠤᠢ ᠶᠢ ᠨᠢ ᠰᠡᠶᠢᠷᠡᠭᠦᠯᠬᠦ ᠶᠢ ᠠᠩᠬᠠᠷᠤᠨ᠎ᠠ᠃
      ᠲᠠᠪᠤ ᠳᠤ᠂ ᠴᠠᠭ ᠲᠠᠷᠤᠢ ᠳᠤᠨᠢ ᠪᠤᠷᠳᠤᠭᠤᠷ ᠨᠡᠮᠡᠨ ᠤᠷᠤᠭᠤᠯᠵᠤ᠂ ᠡᠷᠳᠡᠨᠢ ᠰᠢᠰᠢ ᠶᠢᠨ ᠰᠢᠮ᠎ᠠ ᠲᠡᠵᠢᠭᠡᠯ ᠤᠨ ᠬᠡᠷᠡᠭᠴᠡᠭᠡ ᠶᠢ ᠨᠢ ᠬᠠᠩᠭᠠᠬᠤ ᠪᠦᠬᠡᠳ ᠡᠷᠳᠡᠨᠢ ᠰᠢᠰᠢ ᠨᠢ ᠦᠶᠡᠷ ᠤᠰᠤᠳᠤᠯ ᠳᠤ ᠠᠪᠳᠠᠪᠠᠯ ᠬᠦᠷᠦᠰᠦᠨ ᠤ ᠰᠢᠮ᠎ᠠ ᠲᠡᠵᠢᠬᠡᠯ ᠨᠢ ᠰᠦᠷᠡᠬᠡᠢ ᠬᠤᠷᠤᠭᠳᠠᠬᠤ ᠲᠤᠯᠠ ᠲᠡᠷᠡ ᠲᠠᠷᠤᠢ ᠳᠤᠨᠢ ᠪᠠᠶᠢᠳᠠᠯ ᠢ ᠦᠨᠳᠦᠰᠦᠯᠡᠨ ᠲᠤᠭᠢᠳᠡᠢ ᠪᠤᠷᠳᠤᠭᠤᠷ ᠨᠡᠮᠡᠨ ᠤᠷᠤᠭᠤᠯᠪᠠᠯ ᠵᠤᠬᠢᠨ᠎ᠠ᠃
       ᠵᠢᠷᠭᠤᠭ᠎ᠠ ᠳᠤ᠂ ᠡᠪᠡᠳᠴᠢᠨ ᠬᠤᠷᠤᠬᠠᠢ ᠶᠢ ᠬᠢᠨᠠᠮᠠᠭᠠᠢ ᠰᠡᠷᠭᠡᠶᠢᠯᠡᠨ ᠬᠤᠷᠢᠶᠠᠯᠳᠠ ᠬᠠᠰᠤᠭᠳᠠᠬᠤ ᠶᠢ ᠰᠡᠷᠭᠡᠶᠢᠯᠡᠬᠦ ᠬᠡᠷᠡᠭᠳᠡᠢ᠃ ᠲᠠᠷᠢᠶᠠᠨ ᠭᠠᠵᠠᠷ ᠤᠰᠤ ᠲᠤᠨᠵᠦ᠂ ᠡᠰᠢ ᠭᠤᠤᠷᠰᠤ ᠨᠢ ᠭᠡᠮᠳᠦᠵᠤ ᠰᠢᠷᠬᠠᠳᠤᠵᠤ᠂ ᠬᠦᠷᠦᠰᠤ ᠰᠢᠷᠤᠢ ᠨᠢ ᠤᠰᠤᠨ ᠳᠤ ᠬᠠᠨᠵᠤ᠂ ᠠᠭᠤᠷ ᠠᠮᠢᠰᠬᠤᠯ ᠤᠨ ᠴᠢᠬᠢᠭ ᠶᠡᠭᠡᠳᠬᠦ ᠲᠤᠯᠠ ᠡᠯ᠎ᠡ ᠵᠦᠢᠯ ᠤᠨ ᠬᠡᠮ ᠬᠤᠷᠤᠬᠠᠢ ᠶᠢᠨ ᠬᠦᠨᠦᠭᠡᠯ ᠠᠮᠠᠷᠬᠠᠨ ᠲᠡᠯᠭᠡᠷᠡᠳᠡᠭ᠃ ᠡᠶᠢᠮᠤ ᠠᠴᠠ ᠱᠠᠯᠠᠪᠠᠭ᠋ᠠᠨ ᠡᠯ᠎ᠡ ᠵᠦᠢᠯ ᠤᠨ ᠠᠷᠭ᠎ᠠ ᠬᠡᠮᠵᠢᠶ᠎ᠠ ᠠᠪᠴᠤ ᠭᠡᠮ ᠬᠤᠷᠤᠬᠠᠢ ᠶᠢᠨ ᠬᠦᠨᠦᠭᠡᠯ ᠢ ᠰᠠᠶᠢᠳᠦᠷ ᠰᠡᠷᠭᠡᠶᠢᠯᠡᠨ ᠵᠠᠰᠠᠪᠠᠯ ᠰᠠᠶᠢᠨ᠃
      ᠲᠤᠯᠤᠭ᠎ᠠ ᠳᠤ᠂ ᠴᠠᠷᠳᠠᠭᠤᠯ ᠡᠯᠪᠡᠭ ᠲᠠᠢ ᠡᠷᠳᠡᠨᠢ ᠰᠢᠰᠢ ᠶᠢᠨ ᠴᠡᠴᠡᠭ ᠲᠡᠯᠬᠡᠷᠡᠵᠤ ᠲᠤᠭᠤᠰᠤ ᠬᠦᠷᠳᠡᠬᠦ ᠬᠤᠭᠤᠴᠠᠭᠠᠨ ᠳᠤ ᠴᠠᠭ ᠲᠤᠬᠢᠶᠠᠯ ᠢ ᠵᠠᠪᠳᠤᠨ ᠡᠷ᠎ᠡ ᠲᠦᠷᠦᠬᠦᠦ ᠶᠢ ᠨᠢ ᠲᠡᠭᠦᠨ ᠠᠪᠴᠤ᠂ ᠬᠦᠮᠦᠨ ᠤ ᠬᠦᠴᠦ ᠪᠠᠷ ᠲᠤᠭᠤᠰᠤ ᠬᠦᠷᠳᠡᠬᠦᠯᠤᠨ᠎ᠠ᠃
      9 . ᠬᠤᠷᠢᠶᠠᠯᠳᠠ ᠠᠪᠬᠤ ᠲᠤᠬᠢᠳᠡᠢ ᠴᠠᠭ ᠢ ᠬᠢᠷᠭᠢᠨ ᠡᠵᠡᠮᠰᠢᠬᠦ ᠪᠤᠢ︖
      ᠶᠡᠷᠤᠩᠭᠡᠢ ᠳᠡᠭᠡᠨ ᠠᠪᠴᠠᠯᠳᠤᠩᠭᠤᠢ ᠬᠡᠯᠪᠡᠷᠢ ᠶᠢᠨ ᠡᠷᠳᠡᠨᠢ ᠰᠢᠰᠢ ᠪᠤᠯ ᠬᠠᠭᠤᠷᠮᠠᠭ ᠪᠤᠯᠪᠠᠰᠤᠷᠠᠯᠳᠠ ᠶᠢᠨ ᠴᠢᠨᠡᠷ ᠲᠠᠢ ᠪᠠᠶᠢᠳᠠᠭ᠃ ᠲᠤᠬᠠᠶᠢᠯᠠᠪᠠᠯ ᠦᠷ᠎ᠡ ᠨᠢ ᠪᠦᠷᠢᠨ ᠪᠤᠯᠪᠠᠰᠤᠷᠠᠬᠤ ᠠᠴᠠ ᠡᠮᠤᠨ᠎ᠠ ᠦᠷᠡᠳᠤ ᠲᠦᠷᠦᠬᠦᠦ ᠶᠢᠨ ᠪᠤᠭᠤᠯᠳᠠ ᠨᠠᠪᠴᠢ ᠨᠢ ᠴᠠᠶᠢᠷᠠᠨ᠎ᠠ᠃ ᠬᠡᠳᠡᠯ᠎ᠡ ᠡᠰᠢ ᠨᠠᠪᠴᠢ ᠨᠢ ᠮᠦᠨ ᠬᠦ ᠨᠤᠭᠤᠭᠠᠨ ᠢᠶᠠᠷ ᠢᠶᠠᠨ ᠪᠠᠶᠢᠵᠤ᠂ ᠦᠵᠡᠬᠦ ᠳᠤ ᠪᠤᠯᠪᠠᠰᠤᠷᠠᠭᠰᠠᠨ ᠰᠢᠬ ᠪᠠᠶᠢᠵᠤ᠂ ᠦᠨᠡᠨ ᠳᠡᠭᠡᠨ ᠪᠤᠯᠪᠠᠰᠤᠷᠠᠭᠠᠳᠤᠢ ᠪᠠᠶᠢᠳᠠᠭ᠃ ᠡᠷᠳᠡᠨᠢ ᠰᠢᠰᠢ ᠶᠢᠨ ᠪᠦᠷᠢᠨ ᠪᠤᠯᠪᠠᠰᠤᠷᠠᠭᠰᠠᠨ ᠤᠨᠴᠠᠯᠢᠭ ᠨᠢ ᠬᠡᠪᠡᠯ ᠦᠷᠡᠳᠦ ᠲᠦᠷᠦᠭᠦᠦ ᠶᠢ ᠪᠤᠭᠤᠭᠰᠠᠨ ᠨᠠᠪᠴᠢ ᠨᠢ ᠴᠠᠶᠢᠷᠠᠨ ᠰᠤᠯᠠᠷᠠᠵᠤ᠂ ᠮᠦᠬᠦᠯᠢᠭ ᠨᠢ ᠬᠠᠳᠠᠭᠤᠷᠠᠵᠤ᠂ ᠬᠢᠮᠤᠰᠤ ᠪᠠᠷ ᠰᠢᠬᠢᠳᠬᠦ ᠳᠤ ᠤᠷᠤ ᠤᠷᠤᠬᠤ ᠦᠭᠡᠢ᠂ ᠦᠩᠭᠡ ᠨᠢ ᠬᠢᠯᠳᠠᠭᠠᠨᠠᠵᠤ᠂ ᠬᠦᠪᠦᠷᠠᠯ ᠲᠠᠢ ᠦᠢᠷᠠᠬᠠᠨ ᠪᠠᠶᠢᠭ᠎ᠠ ᠡᠰ ᠤᠨ ᠬᠡᠰᠡᠭ ᠨᠢ ᠬᠠᠷᠠᠯᠠᠵᠤ᠂ ᠪᠢᠤᠯᠤᠬᠢ ᠶᠢᠨ ᠪᠤᠯᠪᠠᠰᠤᠷᠠᠯᠳᠠ ᠳᠤ ᠬᠦᠷᠦᠭᠰᠡᠨ ᠪᠠᠶᠢᠳᠠᠭ᠃
       ᠡᠶᠢᠮᠤ ᠠᠴᠠ 9 ᠳ᠋ᠤᠬᠡᠷ ᠰᠠᠷ᠎ᠠ ᠶᠢᠨ ᠰᠡᠭᠦᠯᠴᠢ 10 ᠳ᠋ᠤᠭᠠᠷ ᠰᠠᠷ᠎ᠠ ᠶᠢᠨ ᠡᠬᠢ ᠪᠠᠷ ᠶᠠᠭ ᠡᠶᠢᠮᠤ ᠪᠠᠶᠢᠳᠠᠯ ᠳᠤ ᠬᠠᠳᠤᠵᠦ ᠬᠤᠷᠢᠶᠠᠪᠠᠯ ᠬᠠᠮᠤᠭ ᠤᠨ ᠲᠤᠬᠢᠷᠠᠮᠵᠢᠳᠡᠢ ᠶᠤᠮ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
Baidu
map