1. ᠬᠠᠭᠤᠷᠠᠢ ᠲᠠᠷᠢᠶᠠᠯᠠᠭ᠎ᠠ ᠶᠢᠨ ᠤᠷᠤᠨ ᠤ ᠡᠷᠳᠡᠨᠢ ᠰᠢᠰᠢ ᠶᠢᠨ ᠬᠤᠷᠢᠶᠠᠯᠳᠠ ᠶᠢ ᠭᠡᠷᠭᠢᠨ ᠲᠡᠭᠡᠭᠰᠢᠯᠡᠭᠦᠯᠵᠤ᠂ ᠠᠷᠠᠳ ᠤᠨ ᠤᠷᠤᠯᠭ᠎ᠠ ᠶᠢ ᠶᠠᠭᠠᠭᠢᠵᠤ ᠨᠡᠮᠡᠭᠳᠡᠭᠦᠯᠭᠦ ᠪᠤᠢ︖
ᠬᠠᠭᠤᠷᠠᠢ ᠲᠠᠷᠢᠶᠠᠯᠠᠭ᠎ᠠ ᠶᠢᠨ ᠤᠷᠤᠨ ᠤ ᠲᠠᠷᠢᠶᠠᠨ ᠭᠠᠵᠠᠷ ᠲᠠᠯᠠᠪᠠᠢ ᠨᠢ ᠠᠭᠤᠳᠠᠮ᠂ ᠠᠮᠤ ᠪᠤᠳᠠᠭᠠᠨ ᠤ ᠦᠢᠯᠡᠳᠪᠤᠷᠢᠯᠡᠯ ᠤᠨ ᠲᠠᠯᠳᠠ ᠭᠦᠴᠤᠨ ᠨᠢ ᠶᠡᠭᠡ ᠪᠠᠶᠢᠬᠤ ᠲᠤᠯᠠ ᠬᠠᠭᠤᠷᠠᠢ ᠲᠠᠷᠢᠶᠠᠯᠠᠭ᠎ᠠ ᠶᠢᠨ ᠠᠮᠤ ᠪᠤᠳᠠᠭᠠᠨ ᠤ ᠦᠢᠯᠡᠳᠪᠤᠷᠢᠯᠡᠯ ᠤᠨ ᠲᠠᠯᠳᠠ ᠭᠦᠴᠤᠨ ᠢ ᠠᠭᠤᠳᠠᠯᠬᠤ ᠨᠢ ᠲᠤᠩ ᠶᠡᠭᠡ ᠠᠴᠢ ᠬᠤᠯᠪᠤᠠᠠᠳᠠᠯ ᠲᠠᠢ ᠶᠤᠮ᠃ ᠤᠳᠤᠬᠠᠨ ᠤ ᠪᠠᠶᠢᠳᠠᠯ ᠠᠴᠠ ᠠᠪᠴᠤ ᠦᠵᠡᠪᠡᠯ ᠬᠠᠭᠤᠷᠠᠢ ᠲᠠᠷᠢᠶᠠᠯᠠᠭ᠎ᠠ ᠶᠢᠨ ᠤᠷᠤᠨ ᠤ ᠲᠠᠷᠢᠮᠠᠯ ᠤᠨ ᠦᠢᠯᠡᠰ ᠨᠢ ᠪᠦᠳᠦᠭᠦᠯᠢᠭ ᠠᠴᠠ ᠪᠤᠯᠤᠭᠠᠳ ᠠᠮᠤ ᠪᠤᠳᠠᠭᠠᠨ ᠤ ᠲᠠᠯᠠᠪᠠᠢ ᠨᠢᠭᠡᠴᠢ ᠶᠢᠨ ᠤᠨᠠᠯᠳᠠ ᠲᠤᠤᠷ᠎ᠠ᠂ ᠡᠯᠪᠡᠭ ᠬᠤᠷᠢᠶᠠᠯᠳᠠ ᠶᠢᠨ ᠵᠢᠯ ᠪᠠ ᠬᠤᠷᠢᠶᠠᠯᠳᠠ ᠬᠠᠰᠤᠠᠠᠳ᠋ᠬᠠᠰᠠᠨ ᠵᠢᠯ ᠤᠨ ᠵᠦᠷᠢᠶ᠎ᠠ ᠨᠢ ᠶᠡᠭᠡ᠂ ᠶᠠᠷᠦᠩᠭᠡᠢ ᠬᠤᠷᠢᠶᠠᠯᠳᠠ ᠨᠢ ᠲᠤᠠᠠᠳᠠᠭᠤᠨ ᠪᠢᠰᠢ᠂ ᠲᠠᠷᠢᠶᠠᠴᠢᠳ ᠤᠨ ᠦᠢᠯᠡᠳᠪᠤᠷᠢᠯᠡᠯ ᠠᠮᠢᠳᠤᠷᠠᠯ ᠤᠨ ᠨᠦᠭᠦᠴᠡᠯ ᠲᠤᠩ ᠮᠠᠭᠤ ᠪᠠᠶᠢᠬᠤ ᠨᠢ ᠮᠠᠨ ᠤ ᠤᠯᠤᠰ ᠤᠨ ᠠᠮᠤ ᠪᠤᠳᠠᠭᠠᠨ ᠤ ᠦᠢᠯᠡᠳᠪᠤᠷᠢᠯᠡᠯ ᠢ ᠭᠢᠵᠠᠭᠠᠷᠯᠠᠵᠤ ᠪᠠᠶᠢᠬᠤ ᠭᠤᠤᠯ ᠠᠰᠠᠭᠤᠳᠠᠯ ᠪᠤᠯᠤᠭᠠᠳ ᠪᠠᠶᠢᠨ᠎ᠠ᠃ ᠬᠠᠭᠤᠷᠠᠢ ᠲᠠᠷᠢᠶᠠᠯᠠᠭ᠎ᠠ ᠶᠢᠨ ᠤᠷᠤᠨ ᠤ ᠠᠮᠤ ᠪᠤᠳᠠᠭᠠᠨ ᠤ ᠦᠢᠯᠡᠳᠪᠤᠷᠢᠯᠡᠯ ᠤᠨ ᠶᠠᠷᠦᠩᠭᠡᠶᠢᠯᠡᠭᠰᠡᠨ ᠴᠢᠳᠠᠯ ᠢ ᠲᠡᠭᠡᠭᠰᠢᠯᠡᠭᠦᠯᠭᠦ ᠲᠠᠯ᠎ᠠ ᠪᠠᠷ ᠮᠠᠨ ᠤ ᠤᠯᠤᠰ ᠤᠨ ᠮᠠᠰᠢ ᠤᠯᠠᠨ ᠡᠷᠳᠡᠮᠳᠡᠨ ᠮᠡᠷᠭᠡᠳ ᠴᠦᠮ ᠤᠷᠳᠤ ᠬᠤᠭᠤᠴᠠᠭ᠎ᠠ ᠪᠠᠷ ᠰᠦᠪᠡᠭᠴᠢᠯᠡᠯᠳᠡ ᠪᠠ ᠰᠤᠳᠤᠯᠤᠯ ᠭᠢᠵᠤ᠂ ᠵᠤᠭᠢᠬᠤ ᠦᠷ᠎ᠠ ᠪᠦᠳᠦᠭᠡᠯ ᠤᠯᠪᠠ᠃
2. ᠤᠮᠠᠷᠠᠳᠤ ᠶᠢᠨ ᠬᠠᠭᠤᠷᠠᠢ ᠲᠠᠷᠢᠶᠠᠯᠠᠭ᠎ᠠ ᠶᠢᠨ ᠤᠷᠤᠨ ᠳᠤ ᠲᠤᠭᠢᠷᠠᠬᠤ ᠡᠷᠳᠡᠨᠢ ᠰᠢᠰᠢ ᠶᠢ ᠦᠨᠢᠷ ᠬᠤᠷᠢᠶᠠᠯᠳᠠ ᠲᠠᠢ ᠲᠠᠷᠢᠬᠤ ᠳᠤ ᠭᠡᠳᠦᠨ ᠵᠦᠢᠯ ᠤᠨ ᠮᠡᠷᠭᠡᠵᠢᠯ ᠪᠠᠶᠢᠬᠤ ᠪᠤᠢ︖
ᠡᠭᠦᠨ ᠳᠤ ᠭᠤᠤᠯ ᠨᠢ ᠬᠠᠭᠤᠷᠠᠢ ᠲᠠᠷᠢᠶᠠᠯᠠᠭ᠎ᠠ ᠶᠢᠨ ᠤᠷᠤᠨ ᠤ ᠡᠷᠳᠡᠨᠢ ᠰᠢᠰᠢ ᠶᠢ ᠪᠦᠷᠭᠦᠭᠦᠯ ᠳᠤ ᠲᠠᠷᠢᠬᠤ ᠮᠡᠷᠭᠡᠵᠢᠯ᠂ ᠪᠦᠷᠭᠦᠭᠦᠯ ᠲᠤᠳᠤᠷ᠎ᠡ ᠲᠤᠰᠤᠯᠠᠭᠤᠯᠤᠨ ᠤᠰᠤᠯᠠᠬᠤ ᠰᠢᠨ᠎ᠠ ᠮᠡᠷᠭᠡᠵᠢᠯ᠂ ᠬᠠᠭᠤᠷᠠᠢ ᠲᠠᠷᠢᠶᠠᠯᠠᠭ᠎ᠠ ᠶᠢᠨ ᠡᠷᠳᠡᠨᠢ ᠰᠢᠰᠢ ᠶᠢᠨ ᠤᠰᠤ ᠬᠠᠳᠠᠭᠠᠯᠠᠬᠤ ᠡᠮ ᠤᠨ ᠭᠡᠷᠡᠭᠯᠡᠯᠳᠡ ᠶᠢᠨ ᠮᠡᠷᠭᠡᠵᠢᠯ ᠪᠤᠯᠤᠨ ᠬᠠᠮᠠᠭᠠᠯᠠᠯᠳᠠ ᠶᠢᠨ ᠴᠢᠨᠠᠷ ᠲᠠᠢ ᠲᠠᠷᠢᠶᠠᠯᠠᠭ᠎ᠠ ᠶᠢᠨ ᠮᠡᠷᠭᠡᠵᠢᠯ ᠪᠠᠶᠢᠨ᠎ᠠ᠃
3. ᠡᠷᠳᠡᠨᠢ ᠰᠢᠰᠢ ᠶᠢ ᠪᠦᠷᠭᠦᠭᠦᠯ ᠳᠤ ᠲᠠᠷᠢᠬᠤ ᠮᠡᠷᠭᠡᠵᠢᠯ ᠨᠢ ᠭᠢᠷᠢ ᠵᠡᠷᠭᠡ ᠦᠷ᠎ᠡ ᠪᠦᠳᠦᠭᠡᠯ ᠲᠠᠢ ᠪᠠᠶᠢᠨ᠎ᠠ ᠪᠤᠢ︖
2003 ᠤᠨ ᠳᠤ ᠬᠠᠭᠤᠷᠠᠢ ᠲᠠᠷᠢᠶᠠᠯᠠᠭ᠎ᠠ ᠶᠢᠨ ᠪᠦᠷᠭᠦᠭᠦᠯᠳᠤ ᠡᠷᠳᠡᠨᠢ ᠰᠢᠰᠢ ᠨᠢ ᠲᠤᠮᠳᠠᠴᠢ ᠪᠠᠷ ᠮᠤ᠋ ᠪᠦᠷᠢ 565kg ᠬᠤᠷᠢᠶᠠᠵᠤ᠂ ᠠᠳᠠᠯᠢ ᠨᠦᠭᠦᠴᠡᠯ ᠲᠤᠤᠷᠠᠭᠢ ᠵᠠᠳᠠᠭᠠᠢ ᠲᠠᠷᠢᠶᠠᠯᠠᠭ᠎ᠠ ᠶᠢᠨ ᠡᠷᠳᠡᠨᠢ ᠰᠢᠰᠢ ᠨᠢ ᠮᠤ᠋ ᠪᠦᠷᠢ ᠵᠦᠪᠭᠡᠨ 320kg ᠯᠡ ᠬᠤᠷᠢᠶᠠᠵᠤ᠂ ᠮᠤ᠋ ᠪᠦᠷᠢ 245kg ᠨᠡᠮᠡᠭᠳᠡᠵᠡᠢ᠃ ᠪᠦᠷᠭᠦᠭᠦᠯᠳᠤ ᠡᠷᠳᠡᠨᠢ ᠰᠢᠰᠢ ᠶᠢᠨ ᠮᠤ᠋ ᠪᠦᠷᠢ ᠶᠢᠨ ᠦᠢᠯᠡᠳᠪᠤᠷᠢᠯᠡᠯ ᠤᠨ ᠦᠪᠡᠷ ᠤᠨ ᠦᠷᠳᠡᠭ ᠨᠢ 168.10 ᠲᠦᠭᠦᠷᠢᠭ ᠪᠠᠶᠢᠵᠤ᠂ ᠵᠠᠳᠠᠭᠠᠢ ᠲᠠᠷᠢᠶᠠᠯᠠᠭ᠎ᠠ ᠶᠢᠨ ᠡᠷᠳᠡᠨᠢ ᠰᠢᠰᠢ ᠶᠢᠨ ᠮᠤ᠋ ᠪᠦᠷᠢ ᠶᠢᠨ ᠦᠪᠡᠷ ᠤᠨ ᠦᠷᠳᠡᠭ ᠨᠢ 100.10 ᠲᠦᠭᠦᠷᠢᠭ ᠪᠠᠶᠢᠵᠤ᠂ 1kg ᠡᠷᠳᠡᠨᠢ ᠰᠢᠰᠢ ᠶᠢ 1 ᠲᠦᠭᠦᠷᠢᠭ ᠢᠶᠠᠷ ᠪᠤᠳᠤᠪᠠᠯ ᠪᠦᠷᠭᠦᠭᠦᠯᠳᠤ ᠡᠷᠳᠡᠨᠢ ᠰᠢᠰᠢ ᠶᠢᠨ ᠮᠤ᠋ ᠪᠦᠷᠢ ᠶᠢᠨ ᠤᠷᠤᠯᠭ᠎ᠠ ᠨᠢ 565 ᠲᠦᠭᠦᠷᠢᠭ᠂ ᠵᠠᠳᠠᠭᠠᠢ ᠲᠠᠷᠢᠶᠠᠯᠠᠭ᠎ᠠ ᠶᠢᠨ ᠡᠷᠳᠡᠨᠢ ᠰᠢᠰᠢ ᠶᠢᠨ ᠮᠤ᠋ ᠪᠦᠷᠢ ᠶᠢᠨ ᠤᠷᠤᠯᠭ᠎ᠠ ᠨᠢ 320 ᠲᠦᠭᠦᠷᠢᠭ ᠪᠠᠶᠢᠵᠤ᠂ ᠪᠦᠷᠭᠦᠭᠦᠯᠳᠤ ᠡᠷᠳᠡᠨᠢ ᠰᠢᠰᠢ ᠨᠢ ᠵᠠᠳᠠᠭᠠᠢ ᠲᠠᠷᠢᠶᠠᠯᠠᠩ ᠤᠨ ᠡᠷᠳᠡᠨᠢ ᠰᠢᠰᠢ ᠶᠢ ᠪᠤᠳᠤᠪᠠᠯ ᠮᠤ᠋ ᠪᠦᠷᠢ ᠢᠯᠡᠭᠦᠤ 177 ᠲᠦᠭᠦᠷᠢᠭ ᠤᠨ ᠴᠠᠪᠡᠷ ᠤᠷᠤᠯᠭ᠎ᠠ ᠤᠯᠵᠠᠢ᠃ ᠬᠤᠷ᠎ᠠ ᠲᠤᠨᠤᠳᠠᠰᠤ ᠶᠢ ᠠᠰᠢᠠᠠᠯᠠᠬᠤ ᠦᠷ᠎ᠠ ᠪᠦᠳᠦᠮᠵᠢ ᠶᠢᠨ ᠲᠠᠯ᠎ᠠ ᠪᠠᠷ ᠠᠪᠴᠤ ᠦᠵᠡᠪᠡᠯ᠂ ᠠᠳᠠᠯᠢ ᠬᠤᠷ᠎ᠠ ᠲᠤᠨᠤᠳᠠᠰᠤ ᠶᠢᠨ ᠭᠡᠮᠵᠢᠶ᠎ᠠ ᠪᠠ ᠲᠠᠷᠢᠵᠤ ᠠᠷᠠᠴᠢᠯᠠᠬᠤ ᠨᠦᠭᠦᠴᠡᠯ ᠲᠤᠤᠷ᠎ᠠ᠂ ᠪᠦᠷᠭᠦᠭᠦᠯᠳᠤ ᠡᠷᠳᠡᠨᠢ ᠰᠢᠰᠢ ᠨᠢ ᠵᠠᠳᠠᠭᠠᠢ ᠲᠠᠷᠢᠶᠠᠯᠠᠭ᠎ᠠ ᠶᠢᠨ ᠡᠷᠳᠡᠨᠢ ᠰᠢᠰᠢ ᠶᠢ ᠪᠤᠳᠤᠪᠠᠯ ᠬᠤᠷ᠎ᠠ ᠲᠤᠨᠤᠳᠠᠰᠤ ᠶᠢ ᠠᠰᠢᠠᠠᠯᠠᠬᠤ ᠦᠷ᠎ᠡ ᠪᠦᠳᠦᠮᠵᠢ ᠶᠢᠨ ᠨᠤᠷᠮ᠎ᠠ ᠨᠢ ᠪᠤᠰᠤᠭ᠎ᠠ ᠲᠦᠷᠪᠡᠯᠵᠢᠨ ᠮᠧᠲᠷ ᠪᠦᠷᠢ 1.2kg ᠨᠡᠮᠡᠭᠳᠡᠵᠡᠢ᠃ ᠠᠮᠢ ᠠᠬᠤᠢ ᠶᠢᠨ ᠦᠷ᠎ᠠ ᠠᠰᠢᠭ ᠤᠨ ᠲᠠᠯ᠎ᠠ ᠠᠴᠠ ᠠᠪᠴᠤ ᠦᠵᠡᠪᠡᠯ᠂ ᠭᠦᠷᠤᠰᠤ ᠰᠢᠷᠤᠢ ᠶᠢᠨ ᠤᠰᠤᠨ ᠤ ᠢᠳᠡᠭᠳᠡᠯ᠂ ᠰᠠᠯᠭᠢᠨ ᠤ ᠢᠳᠡᠭᠳᠡᠯ ᠢ ᠰᠡᠷᠭᠡᠶᠢᠯᠡᠵᠤ᠂ ᠰᠠᠯᠭᠢᠨ ᠤ ᠢᠳᠡᠭᠳᠡᠯ ᠡᠯᠡᠰᠦᠷᠭᠡᠭᠵᠢᠯ ᠢᠶᠠᠷ ᠭᠦᠨᠳᠤ ᠨᠤᠴᠢᠳᠠᠢ ᠤᠷᠤᠨ ᠳᠤ ᠦᠷ᠎ᠡ ᠳ᠋ᠦᠩ ᠨᠢ ᠨᠡᠩ ᠢᠯᠡᠭᠦᠤ ᠮᠡᠳᠡᠭᠳᠡᠮ᠎ᠠ ᠪᠠᠶᠢᠨ᠎ᠠ᠃ ᠬᠤᠵᠢᠷᠳᠤᠮᠠᠯ ᠭᠦᠷᠦᠰᠤᠨ ᠳᠤ ᠡᠷᠳᠡᠨᠢ ᠰᠢᠰᠢ ᠶᠢ ᠪᠦᠷᠭᠦᠭᠦᠯ ᠳᠤ ᠲᠠᠷᠢᠪᠠᠯ ᠲᠠᠪᠤᠰᠤ ᠬᠤᠵᠢᠷ ᠨᠢ ᠭᠦᠷᠦᠰᠤᠨ ᠤ ᠭᠠᠳᠠᠷᠭᠤ ᠳᠤ ᠬᠤᠷᠠᠮᠳᠤᠬᠤ ᠶᠢ ᠪᠦᠳᠦᠮᠵᠢᠳᠡᠢ ᠪᠠᠷ ᠰᠠᠷᠭᠡᠶᠢᠯᠡᠵᠤ ᠴᠢᠳᠠᠨ᠎ᠠ᠃ ᠡᠶᠢᠮᠤ ᠠᠴᠠ ᠡᠷᠳᠡᠨᠢ ᠰᠢᠰᠢ ᠶᠢ ᠪᠦᠷᠭᠦᠭᠦᠯ ᠳᠤ ᠲᠠᠷᠢᠬᠤ ᠨᠢ ᠠᠮᠢ ᠠᠬᠤᠢ ᠶᠢᠨ ᠤᠷᠴᠢᠨ ᠢ ᠪᠦᠳᠦᠮᠵᠢᠳᠡᠢ ᠪᠠᠷ ᠰᠠᠶᠢᠵᠢᠷᠠᠭᠤᠯᠵᠤ ᠴᠢᠳᠠᠨ᠎ᠠ᠃
4. ᠪᠦᠷᠭᠦᠭᠦᠯ ᠳᠤ ᠲᠠᠷᠢᠬᠤ ᠮᠡᠷᠭᠡᠵᠢᠯ ᠤᠨ ᠭᠤᠤᠯ ᠮᠡᠷᠭᠡᠵᠢᠯ ᠨᠢ ᠶᠠᠭᠤ ᠪᠤᠢ︖
ᠬᠠᠭᠤᠷᠠᠢ ᠲᠠᠷᠢᠶᠠᠯᠠᠭ᠎ᠠ ᠶᠢᠨ ᠡᠷᠳᠡᠨᠢ ᠰᠢᠰᠢ ᠶᠢ ᠪᠦᠷᠭᠦᠭᠦᠯ ᠳᠤ ᠲᠠᠷᠢᠬᠤ ᠶᠢᠨ ᠭᠤᠤᠯᠯᠠᠬᠤ ᠮᠡᠷᠭᠡᠵᠢᠯ ᠨᠢ ᠪᠤᠯ ᠲᠠᠷᠤᠢ ᠪᠦᠷᠭᠦᠭᠦᠯ ᠪᠤᠯᠤᠨ᠎ᠠ᠃ ᠪᠦᠷᠭᠦᠭᠦᠯ ᠤᠨ ᠠᠷᠭ᠎ᠠ ᠨᠢ ᠬᠤᠶᠠᠷ ᠵᠦᠢᠯ ᠪᠤᠢ᠃
ᠨᠢᠭᠡ ᠨᠢ ᠤᠷᠢᠳ ᠢᠶᠠᠷ ᠲᠠᠷᠢᠵᠤ ᠰᠡᠭᠦᠯᠡᠷ ᠨᠢ ᠪᠦᠷᠭᠦᠨ᠎ᠠ᠃ ᠨᠦᠭᠦᠭᠡ ᠨᠢ ᠤᠷᠢᠳ ᠢᠶᠠᠷ ᠪᠦᠷᠭᠦᠵᠤ ᠰᠡᠭᠦᠯᠡᠷ ᠨᠢ ᠲᠠᠷᠢᠨ᠎ᠠ᠃ ᠡᠨᠡ ᠬᠤᠶᠠᠷ ᠵᠦᠢᠯ ᠤᠨ ᠠᠷᠭ᠎ᠠ ᠶᠢ ᠭᠠᠵᠠᠷ ᠤᠷᠤᠨ ᠤ ᠪᠠᠨ ᠪᠠᠶᠢᠳᠠᠯ ᠳᠤ ᠲᠤᠭᠢᠷᠠᠭᠤᠯᠤᠨ ᠰᠤᠩᠭᠤᠨ ᠭᠡᠷᠡᠭᠯᠡᠨ᠎ᠡ᠃ ᠤᠷᠢᠳ ᠢᠶᠠᠷ ᠲᠠᠷᠢᠵᠤ ᠰᠡᠭᠦᠯᠡᠷ ᠨᠢ ᠪᠦᠷᠭᠦᠭᠦ ᠨᠢ ᠭᠠᠵᠠᠷ ᠲᠡᠭᠰᠢᠯᠡᠭᠦ᠂ ᠪᠤᠷᠳᠤᠭᠤᠷ ᠤᠷᠤᠭᠤᠯᠬᠤ᠂ ᠲᠠᠷᠢᠬᠤ ᠪᠦᠷᠭᠦᠭᠦ ᠶᠢ ᠨᠢᠬᠡ ᠯᠠ ᠲᠡᠭᠡᠷ᠎ᠡ ᠪᠡᠶᠡᠯᠡᠭᠦᠯᠵᠤ᠂ ᠲᠠᠷᠢᠬᠤ ᠭᠦᠨ ᠭᠦᠢᠭᠡᠨ ᠨᠢ ᠠᠳᠠᠯᠢ᠂ ᠴᠢᠭᠢᠯᠡᠭᠦ ᠨᠢ ᠵᠢᠭᠳᠡ᠂ ᠴᠢᠭᠢᠭ ᠢ ᠬᠠᠮᠠᠭᠠᠯᠠᠬᠤ ᠳᠤ ᠠᠰᠢᠠᠠᠳᠠᠢ ᠪᠠᠶᠢᠳᠠᠭ᠃ ᠭᠡᠪᠡᠴᠤ ᠡᠷᠭᠡᠪᠰᠢ ᠪᠦᠷᠭᠦᠭᠦᠯ ᠢᠶᠠᠨ ᠴᠤᠭᠤᠯᠵᠤ ᠴᠢᠭᠢᠯᠡᠭᠦᠯᠭᠦ ᠭᠡᠷᠡᠭ ᠲᠠᠢ ᠪᠠᠶᠢᠳᠠᠭ᠃ ᠤᠷᠢᠳ ᠢᠶᠠᠷ ᠪᠦᠷᠭᠦᠵᠤ ᠰᠡᠭᠦᠯᠡᠷ ᠨᠢ ᠲᠠᠷᠢᠬᠤ ᠨᠢ ᠲᠠᠷᠢᠬᠤ ᠠᠴᠠ ᠪᠠᠨ ᠭᠡᠳᠦᠨ ᠡᠳᠤᠷ ᠤᠨ ᠡᠮᠦᠨ᠎ᠠ ᠤᠷᠢᠳ ᠢᠶᠠᠷ ᠪᠦᠷᠭᠦᠭᠦᠯ ᠢᠶᠠᠨ ᠬᠤᠴᠢᠵᠤ᠂ ᠭᠦᠷᠦᠰᠤᠨ ᠭᠠᠳᠠᠷᠭᠤ ᠶᠢᠨ ᠲᠤᠯᠠᠭᠠᠨ ᠢ ᠲᠡᠭᠡᠭᠰᠢᠯᠡᠭᠦᠯᠵᠤ᠂ ᠴᠢᠭᠢᠭ ᠢ ᠬᠠᠮᠠᠭᠠᠯᠠᠨ ᠴᠢᠭᠢᠭ ᠢ ᠨᠡᠮᠡᠭᠳᠡᠭᠦᠯᠵᠤ᠂ ᠬᠠᠪᠤᠷ ᠤᠨ ᠲᠠᠷᠢᠶᠠᠯᠠᠭ᠎ᠠ ᠶᠢᠨ ᠦᠶ᠎ᠠ ᠳᠤ ᠪᠦᠷᠭᠦᠭᠦᠯ ᠲᠡᠭᠡᠷ᠎ᠡ ᠪᠠᠨ ᠱᠠᠭᠠᠷᠳ᠋ᠬᠠᠰᠠᠨ ᠰᠠᠭᠤᠷᠢ ᠶᠢᠨ ᠵᠠᠢ ᠶᠢᠨ ᠶᠤᠰᠤᠭᠠᠷ ᠨᠦᠭᠡᠯᠡᠨ ᠲᠠᠷᠢᠨ᠎ᠠ᠃ ᠶᠠᠷᠦᠩᠭᠡᠢ ᠳᠡᠭᠡᠨ 4~5cm ᠭᠦᠨ ᠲᠠᠷᠢᠵᠤ᠂ ᠲᠠᠷᠠᠭ᠎ᠠ ᠪᠠᠷ ᠨᠢ ᠪᠠᠭ᠎ᠠ ᠭᠡᠮᠵᠢᠶ᠎ᠠ ᠪᠠᠷ ᠤᠰᠤᠯᠠᠵᠤ᠂ ᠪᠦᠷᠭᠦᠭᠦᠯ ᠤᠨ ᠨᠦᠭᠡ ᠪᠠᠨ ᠰᠢᠷᠤᠢ ᠪᠠᠷ ᠴᠢᠩᠭ᠎ᠠ ᠲᠠᠷᠤᠵᠤ᠂ ᠴᠢᠭᠢ ᠭᠡᠷᠡᠭᠰᠡᠳᠡᠭ ᠦᠭᠡᠢ᠃
5. ᠦᠭᠡᠷ᠎ᠡ ᠪᠠᠰᠠ ᠶᠠᠮᠠᠷ ᠲᠦᠭᠦᠷᠴᠢᠯᠡᠭᠰᠡᠨ ᠮᠠᠷᠭᠡᠵᠢᠯ ᠪᠠᠶᠢᠬᠤ ᠪᠤᠢ︖
ᠲᠦᠭᠦᠷᠴᠢᠯᠡᠭᠰᠡᠨ ᠮᠡᠷᠭᠡᠵᠢᠯ ᠭᠡᠪᠡᠯ ᠭᠤᠤᠯ ᠨᠢ ᠲᠤᠤᠷᠠᠭᠢ ᠭᠡᠳᠦᠨ ᠲᠠᠯ᠎ᠠ ᠪᠠᠶᠢᠨ᠎ᠠ᠃
︵1︶ ᠭᠠᠵᠠᠷ ᠰᠤᠩᠭᠤᠬᠤ᠄ ᠲᠡᠷᠢ ᠲᠡᠭᠰᠢᠭᠡᠨ᠂ ᠭᠦᠷᠦᠰᠤᠨ ᠲᠠᠪᠬᠤᠷᠭ᠎ᠠ ᠨᠢ 80cm ᠠᠴᠠ ᠲᠡᠭᠡᠭᠰᠢ ᠵᠤᠵᠠᠭᠠᠨ᠂ ᠪᠤᠷᠳᠤᠭᠤᠷ ᠤᠨ ᠭᠦᠴᠤᠨ ᠲᠤᠮᠳᠠ ᠠᠴᠠ ᠲᠡᠭᠡᠭᠦᠷ᠂ ᠤᠰᠤ ᠪᠤᠷᠳᠤᠭᠤᠷ ᠬᠠᠳᠠᠭᠠᠯᠠᠬᠤ ᠴᠢᠳᠠᠯ ᠢᠶᠠᠷ ᠨᠡᠯᠢᠶᠡᠳ ᠰᠠᠶᠢᠨ ᠭᠠᠵᠠᠷ ᠢ ᠰᠤᠩᠭᠤᠨ᠎ᠠ᠃
︵2︶ ᠭᠠᠵᠠᠷ ᠲᠡᠭᠰᠢᠯᠡᠭᠦ᠄ ᠭᠠᠵᠠᠷ ᠲᠠᠯᠠᠪᠠᠢ ᠶᠢ ᠨᠠᠮᠤᠷ ᠪᠤᠶᠤ ᠬᠠᠪᠤᠷ ᠲᠡᠭᠰᠢᠯᠡᠨ᠎ᠡ᠃ ᠬᠠᠮᠤᠭ ᠰᠠᠶᠢᠨ ᠨᠢ ᠨᠠᠮᠤᠷ ᠲᠡᠭᠰᠢᠯᠡᠨ᠎ᠡ᠃ ᠲᠡᠭᠰᠢᠯᠡᠭᠦ ᠭᠠᠵᠠᠷ ᠢᠶᠠᠨ ᠲᠤᠭᠢᠳᠠᠢ ᠬᠠᠭᠠᠯᠪᠤᠷᠢᠯᠠᠵᠤ᠂ ᠭᠦᠷᠦᠰᠤ ᠶᠢ ᠨᠢ ᠰᠤᠯᠠᠷᠠᠭᠤᠯᠵᠤ᠂ ᠨᠠᠷᠢᠯᠢᠬ ᠲᠡᠭᠰᠢᠯᠡᠨ᠂ ᠦᠨᠳᠤᠰᠤ ᠬᠤᠵᠤᠤᠯ᠎ᠠ᠂ ᠰᠤᠯᠠ ᠡᠪᠡᠰᠤ᠂ ᠬᠠᠶᠢᠷ ᠴᠢᠯᠠᠭᠤ ᠶᠢ ᠨᠢ ᠠᠷᠢᠯᠭᠠᠨ᠂ ᠴᠠᠭ ᠲᠠᠷᠤᠢ ᠳᠤᠨᠢ ᠨᠠᠷᠬᠠᠳᠠᠨ ᠴᠢᠭᠢᠭ ᠢ ᠬᠠᠮᠠᠭᠠᠯᠠᠵᠤ᠂ ᠭᠦᠨ᠂ ᠰᠤᠯᠠ᠂ ᠨᠠᠷᠢᠨ᠂ ᠵᠦᠭᠡᠯᠡᠨ᠂ ᠲᠡᠭᠰᠢ᠂ ᠴᠡᠪᠡᠷᠭᠡᠨ᠂ ᠴᠢᠭᠢᠭ ᠲᠠᠢ ᠪᠠᠶᠢᠬᠤ ᠪᠠᠷᠢᠮᠵᠢᠶ᠎ᠠ ᠳᠤ ᠭᠦᠷᠦᠭᠦᠯᠦᠨ᠎ᠠ᠃ ᠬᠠᠪᠤᠷ ᠭᠠᠵᠠᠷ ᠲᠡᠭᠰᠢᠯᠡᠭᠦ ᠳᠤ ᠭᠦᠢᠭᠡᠨ ᠤᠷᠪᠠᠭᠤᠯᠬᠤ ᠶᠢᠨ ᠬᠠᠮᠳᠤ ᠲᠠᠷᠦ᠋ᠢᠬᠠᠨ ᠴᠢᠭᠢᠭ ᠬᠠᠮᠠᠭᠠᠯᠠᠬᠤ ᠠᠷᠭ᠎ᠠ ᠭᠡᠮᠵᠢᠶ᠎ᠠ ᠠᠪᠤᠨ᠎ᠠ᠃
︵3︶ ᠲᠠᠯᠠᠩ ᠪᠤᠰᠬᠠᠵᠤ ᠪᠤᠷᠳᠤᠭᠤᠷ ᠤᠷᠤᠭᠤᠯᠬᠤ᠄ ᠮᠤ᠋ ᠪᠦᠷᠢ 2500~3000kg ᠰᠢᠭᠡᠭ ᠪᠤᠷᠳᠤᠭᠤᠷ᠂ 10~12.5kg ᠬᠤᠶᠠᠷᠴᠢ ᠠᠮᠮᠤᠨᠢ᠂ 20~25kg ᠰᠢᠭᠡᠰᠦᠯᠢᠭ ᠡᠳ᠋᠂ 7.5kg ᠭᠦᠭᠦᠷ ᠭᠦᠴᠢᠯ ᠤᠨ ᠺᠠᠯᠢ᠂ 1~1.5kg ᠭᠦᠭᠦᠷ ᠭᠦᠴᠢᠯ ᠤᠨ ᠴᠠᠶᠢᠷ ᠤᠷᠤᠭᠤᠯᠤᠨ᠎ᠠ᠃ ᠡᠭᠦᠨ ᠳᠤ 5kg ᠬᠤᠶᠠᠷᠴᠢ ᠠᠮᠮᠤᠨᠢ᠂ 2kg ᠰᠢᠭᠡᠰᠦᠯᠢᠭ ᠡᠳ᠋᠂ 2kg ᠭᠦᠭᠦᠷ ᠭᠦᠴᠢᠯ ᠤᠨ ᠺᠠᠯᠢ᠂ 1~1.5kg ᠭᠦᠭᠦᠷ ᠭᠦᠴᠢᠯ ᠤᠨ ᠴᠠᠶᠢᠷ ᠢᠶᠠᠷ ᠦᠷ᠎ᠠ ᠶᠢᠨ ᠪᠤᠷᠳᠤᠭᠤᠷ ᠪᠤᠯᠭᠠᠨ᠎ᠠ᠃ ᠲᠠᠯᠠᠩ ᠪᠤᠰᠬᠠᠬᠤ ᠪᠠ ᠰᠠᠭᠤᠷᠢ ᠪᠤᠷᠳᠤᠭᠤᠷ ᠤᠷᠤᠭᠤᠯᠬᠤ ᠠᠷᠭ᠎ᠠ ᠭᠡᠪᠡᠯ ᠵᠢᠵᠢᠭ ᠵᠤᠷᠠᠭ᠎ᠠ ᠶᠢᠨ ᠲᠤᠮᠳᠠᠭᠤᠷ ᠭᠤᠤ ᠭᠠᠷᠭᠠᠵᠤ᠂ ᠦᠷ᠎ᠡ ᠶᠢᠨ ᠪᠤᠷᠳᠤᠭᠤᠷ ᠠᠴᠠ ᠪᠤᠰᠤᠳ ᠰᠢᠭᠡᠭ ᠪᠤᠷᠳᠤᠭᠤᠷ ᠪᠤᠯᠤᠨ ᠭᠢᠮᠢ ᠶᠢᠨ ᠪᠤᠷᠳᠤᠭᠤᠷ ᠢ ᠭᠤᠤ ᠲᠤᠳᠤᠷ᠎ᠡ ᠪᠠᠨ ᠨᠢᠬᠡ ᠯᠠ ᠲᠡᠭᠡᠷ᠎ᠡ ᠰᠠᠭᠤᠷᠢ ᠪᠤᠷᠳᠤᠭᠤᠷ ᠪᠤᠯᠭᠠᠨ ᠤᠷᠤᠭᠤᠯᠤᠨ᠎ᠠ᠃ ᠲᠠᠷᠠᠭ᠎ᠠ ᠨᠢ ᠪᠤᠷᠳᠤᠭᠤᠷ ᠤᠨ ᠭᠤᠤ ᠶᠢᠨ ᠬᠤᠶᠠᠷ ᠲᠠᠯ᠎ᠠ ᠪᠠᠷ ᠨᠢ ᠠᠠᠵᠢᠰᠤ ᠪᠠᠷ ᠲᠡᠯᠡᠩ ᠤᠨ ᠲᠦᠪ ᠵᠦᠭ ᠢᠶᠠᠨ ᠤᠷᠪᠠᠭᠤᠯᠤᠨ᠎ᠠ᠃ ᠢᠡᠭᠭᠢᠪᠡᠯ ᠲᠠᠷᠤᠢ ᠲᠠᠯᠠᠩ ᠪᠦᠳᠦᠴᠢᠭᠡᠨᠡ᠃ ᠲᠠᠯᠠᠩ ᠪᠤᠰᠬᠠᠬᠤ ᠶᠢᠨ ᠭᠡᠮᠵᠢᠶ᠎ᠠ ᠨᠢ ᠭᠡᠪᠡᠯ ᠢᠷᠤᠭᠠᠷ ᠤᠨ ᠦᠷᠭᠡᠨ ᠨᠢ 40~50cm᠂ ᠭᠠᠳᠠᠷᠭᠤ ᠶᠢᠨ ᠦᠷᠭᠡᠨ ᠨᠢ 30~40cm᠂ ᠦᠨᠳᠤᠷ ᠨᠢ 8~10cm᠂ ᠬᠤᠭᠤᠷᠤᠨᠳᠤᠭᠢ ᠵᠠᠢ ᠨᠢ 70~80cm ᠪᠠᠶᠢᠬᠤ ᠶᠢ ᠱᠠᠭᠠᠷᠳᠠᠨ᠎ᠠ᠃
︵4︶ ᠲᠠᠷᠢᠬᠤ ᠵᠢᠴᠢ ᠨᠢᠠᠠᠳᠠᠴᠠ᠄ ᠬᠠᠭᠤᠷᠠᠢ ᠲᠠᠷᠢᠶᠠᠯᠠᠭ᠎ᠠ ᠶᠢᠨ ᠪᠦᠷᠭᠦᠭᠦᠯᠳᠤ ᠡᠷᠳᠡᠨᠢ ᠰᠢᠰᠢ ᠶᠢ ᠪᠤᠯ ᠡᠷᠳᠡᠭᠡᠨ ᠪᠦᠷᠭᠦᠭᠦᠯ ᠢᠶᠠᠨ ᠬᠤᠴᠢᠵᠤ᠂ ᠴᠢᠭᠢᠭ ᠢ ᠵᠠᠪᠳᠤᠨ ᠲᠠᠷᠢᠨ᠎ᠠ᠃ ᠶᠠᠷᠦᠩᠭᠡᠢ ᠳᠡᠭᠡᠨ ᠵᠠᠳᠠᠭᠠᠢ ᠭᠠᠵᠠᠷ ᠤᠨ ᠡᠷᠳᠡᠨᠢ ᠰᠢᠰᠢ ᠠᠴᠠ 10~15 ᠡᠳᠤᠷ ᠤᠷᠢᠳᠴᠢᠯᠠᠨ ᠲᠠᠷᠢᠨ᠎ᠠ᠃ ᠭᠡᠪᠡᠴᠤ ᠬᠤᠵᠢᠷᠯᠢᠬ ᠭᠠᠵᠠᠷ ᠪᠡ ᠤᠰᠤᠳᠤᠮᠠᠯ ᠭᠠᠵᠠᠷ ᠡᠷᠳᠡ ᠲᠠᠷᠢᠵᠤ ᠪᠤᠯᠬᠤ ᠦᠭᠡᠢ᠃ ᠲᠠᠷᠢᠬᠤ ᠭᠡᠯᠪᠡᠷᠢ ᠶᠢᠨ ᠲᠠᠯ᠎ᠠ ᠪᠠᠷ ᠪᠤᠯ ᠲᠤᠮᠤ ᠨᠠᠷᠢᠨ ᠵᠤᠷᠠᠭᠠᠯᠠᠨ ᠲᠠᠷᠢᠵᠤ᠂ ᠨᠢᠠᠠᠳᠠᠴᠠ ᠶᠢ ᠨᠢ ᠰᠤᠷᠲ ᠤᠨ ᠤᠨᠴᠠᠯᠢᠭ᠂ ᠭᠦᠷᠦᠰᠤᠨ ᠤ ᠦᠩ ᠰᠢᠮ᠎ᠠ᠂ ᠲᠠᠳᠠᠭᠠᠯ ᠤᠨ ᠲᠤᠮᠤ ᠪᠠᠭ᠎ᠠ ᠵᠠᠢ ᠶᠢ ᠦᠨᠳᠦᠰᠦᠯᠡᠨ ᠲᠤᠠᠠᠳᠠᠭᠠᠨ᠎ᠠ᠃ ᠠᠳᠠᠯᠢ ᠵᠠᠢ ᠪᠠᠷ ᠲᠠᠷᠢᠬᠤ ᠳᠤ ᠶᠠᠷᠦᠩᠭᠡᠢ ᠳᠡᠭᠡᠨ ᠰᠠᠭᠤᠷᠢ ᠶᠢᠨ ᠵᠠᠢ ᠶᠢ 24~33cm ᠪᠠᠶᠢᠯᠭᠠᠵᠤ᠂ ᠮᠤ᠋ ᠪᠦᠷᠢ 3700~4400 ᠴᠢᠭᠢ ᠰᠠᠭᠤᠯᠭᠠᠨ᠎ᠠ᠃
︵5︶ ᠪᠦᠷᠭᠦᠭᠦᠯ ᠬᠤᠴᠢᠬᠤ᠄ ᠪᠤᠷᠳᠤᠭᠤᠷ ᠤᠷᠤᠭᠤᠯᠵᠤ ᠲᠠᠷᠢᠵᠤ᠂ ᠰᠢᠷᠤᠢ ᠪᠠᠷ ᠬᠤᠴᠢᠵᠤ᠂ ᠦᠷ᠎ᠠ ᠶᠢ ᠲᠠᠷᠤᠵᠤ᠂ ᠡᠪᠡᠰᠤ ᠠᠷᠢᠯᠭᠠᠬᠤ ᠡᠮ ᠰᠦᠷᠴᠢᠭᠰᠡᠨ ᠤ ᠪᠠᠨ ᠰᠡᠭᠦᠯᠡᠷ ᠲᠠᠷᠦ᠋ᠢᠬᠠᠨ ᠪᠦᠷᠭᠦᠭᠦᠯ ᠢᠶᠠᠨ ᠲᠠᠷᠤᠵᠤ᠂ ᠭᠦᠷᠤᠰᠤ ᠰᠢᠷᠤᠢ ᠶᠢ ᠴᠢᠭᠢᠭ ᠰᠠᠶᠢᠳᠠᠢ ᠪᠠᠶᠢᠯᠭᠠᠬᠤ ᠶᠢ ᠪᠠᠳᠤᠯᠠᠨ᠎ᠠ᠃
︵6︶ ᠴᠢᠭᠢ ᠰᠤᠯᠠᠯᠠᠬᠤ᠄ ᠶᠠᠷᠦᠩᠭᠡᠢ ᠳᠡᠭᠡᠨ ᠡᠷᠳᠡᠨᠢ ᠰᠢᠰᠢ ᠨᠢ 3~4 ᠭᠡᠯᠳᠡᠰ ᠵᠢᠩᠭᠢᠨᠢ ᠨᠠᠪᠴᠢᠯᠠᠬᠤ ᠦᠶᠡᠰ ᠴᠢᠭᠢ ᠰᠤᠯᠠᠯᠠᠨ ᠭᠠᠷᠭᠠᠨ᠎ᠠ᠃ ᠪᠠᠰᠠ ᠴᠤ 5~6 ᠭᠡᠯᠳᠡᠰ ᠵᠢᠩᠭᠢᠨᠢ ᠨᠠᠪᠴᠢ ᠭᠠᠷᠳᠠᠯ᠎ᠠ ᠬᠤᠶᠢᠰᠢᠯᠠᠭᠤᠯᠵᠤ ᠪᠤᠯᠤᠨ᠎ᠠ᠃ ᠤᠷᠢᠳ ᠢᠶᠠᠷ ᠪᠦᠷᠭᠦᠭᠦᠯ ᠢᠶᠠᠨ ᠲᠠᠷᠤᠵᠤ ᠨᠦᠭᠡ ᠭᠠᠷᠭᠠᠨ ᠲᠠᠷᠢᠭᠠᠳ᠂ ᠨᠢᠯᠬ᠎ᠠ ᠴᠢᠭᠢ ᠪᠤᠯᠤᠨ ᠲᠠᠷᠢᠠᠠᠰᠠᠨ ᠨᠦᠭᠡ ᠶᠢᠨ ᠤᠷᠤᠨ ᠪᠠᠶᠢᠷᠢ ᠭᠤᠤᠯᠯᠬᠠᠰᠠᠨ ᠦᠭᠡᠢ ᠪᠤᠯ ᠲᠠᠷᠦ᠋ᠢᠬᠠᠨ ᠴᠢᠭᠢ ᠶᠢ ᠲᠡᠳᠭᠦᠵᠤ ᠪᠠᠶᠢᠭᠠᠳ ᠭᠠᠷᠭᠠᠨ᠎ᠠ᠃ ᠴᠢᠭᠢ ᠶᠢ ᠭᠠᠷᠭᠠᠬᠤ ᠳᠠᠭᠠᠨ ᠲᠤᠮᠤ ᠶᠢ ᠨᠢ ᠭᠠᠷᠭᠠᠬᠤ ᠠᠴᠠ ᠪᠢᠰᠢ ᠪᠠᠭ᠎ᠠ ᠶᠢ ᠨᠢ ᠭᠠᠷᠭᠠᠬᠤ ᠦᠭᠡᠢ᠂ ᠨᠤᠭᠤᠭᠠᠨ ᠢ ᠨᠢ ᠭᠠᠷᠭᠠᠬᠤ ᠠᠴᠠ ᠪᠢᠰᠢ᠂ ᠰᠢᠷ᠎ᠠ ᠶᠢ ᠨᠢ ᠭᠠᠷᠭᠠᠬᠤ ᠦᠭᠡᠢ ᠪᠠᠶᠢᠵᠤ᠂ ᠪᠦᠷᠭᠦᠭ ᠡᠳᠤᠷ ᠱᠠᠯᠠᠪᠳᠠᠨ ᠭᠠᠷᠭᠠᠵᠤ᠂ ᠲᠤᠩᠭᠠᠯᠠᠭ ᠡᠳᠤᠷ ᠤᠨ ᠦᠳᠡ ᠠᠴᠠ ᠵᠠᠶᠢᠯᠠᠰᠭᠢᠵᠤ᠂ ᠶᠡᠭᠡ ᠰᠠᠯᠭᠢ ᠲᠠᠢ ᠡᠳᠤᠷ ᠭᠠᠷᠭᠠᠬᠤ ᠦᠭᠡᠢ ᠪᠠᠶᠢᠬᠤ ᠵᠠᠷᠴᠢᠮ ᠢ ᠪᠠᠷᠢᠮᠳᠠᠯᠠᠨ᠎ᠠ᠃
︵7︶ ᠲᠠᠷᠢᠶ᠎ᠠ ᠪᠠᠨ ᠪᠠᠶᠢᠴᠠᠭᠠᠵᠤ ᠴᠢᠭᠢ ᠨᠦᠭᠦᠨ᠎ᠠ᠂ ᠴᠢᠭᠢ ᠲᠤᠳ᠋ᠬᠠᠳᠠᠵᠤ ᠪᠠᠶᠢᠪᠠᠯ ᠲᠠᠷᠦ᠋ᠢᠬᠠᠨ ᠴᠢᠭᠢ ᠨᠦᠭᠦᠨ᠎ᠠ᠃
︵8︶ ᠴᠢᠭᠢ ᠵᠠᠶᠢᠴᠢᠯᠠᠵᠤ ᠴᠢᠭᠢ ᠲᠤᠠᠠᠳᠠᠭᠠᠨ᠎ᠠ᠂ ᠡᠷᠳᠡᠨᠢ ᠰᠢᠰᠢ 5~6 ᠨᠠᠪᠴᠢᠯᠠᠬᠤ ᠦᠶᠡᠰ ᠲᠠᠷᠦ᠋ᠢᠬᠠᠨ ᠴᠢᠭᠢ ᠶᠢ ᠰᠠᠭᠤᠷᠢᠰᠢᠭᠤᠯᠤᠨ᠎ᠠ᠃
︵9︶ ᠤᠰᠤᠯᠠᠬᠤ᠄ ᠨᠦᠭᠦᠴᠡᠯ ᠲᠠᠢ ᠭᠠᠵᠷ ᠤᠷᠤᠨ ᠪᠤᠯ ᠨᠢᠯᠬ᠎ᠠ ᠴᠢᠭᠢ ᠨᠢ 10 ᠨᠠᠪᠴᠢᠯᠠᠬᠤ ᠦᠶᠡᠰ ᠨᠢᠭᠡ ᠤᠳᠠᠭ᠎ᠠ ᠤᠰᠤᠯᠠᠵᠤ᠂ ᠡᠷ᠎ᠡ ᠲᠦᠷᠦᠭᠦᠤ ᠡᠭᠢᠯᠡᠨ ᠢᠯᠡᠷᠡᠭᠦ ᠦᠶᠡᠰ ᠲᠠᠭᠢᠨ ᠨᠢᠭᠡ ᠤᠳᠠᠭ᠎ᠠ ᠤᠰᠤᠯᠠᠨ᠎ᠠ᠃
︵10︶ ᠬᠤᠷᠤᠬᠠᠢ ᠶᠢᠨ ᠭᠦᠨᠦᠭᠡᠯ ᠢ ᠰᠡᠷᠭᠡᠶᠢᠯᠡᠭᠦ᠄ ᠡᠷᠳᠡᠨᠢ ᠰᠢᠰᠢ ᠵᠢᠵᠢᠭ ᠯᠠᠪᠠ ᠶᠢᠨ ᠠᠮᠠ ᠲᠠᠢ ᠪᠤᠯᠤᠠᠠᠰᠠᠨ ᠤ ᠰᠡᠭᠦᠯ ᠤᠨ ᠬᠤᠭᠤᠴᠠᠭᠠᠨ ᠳᠤ ᠲᠠᠷᠦ᠋ᠢᠬᠠᠨ ᠡᠷᠳᠡᠨᠢ ᠰᠢᠰᠢ ᠶᠢᠨ ᠮᠢᠩ ᠬᠤᠷᠤᠬᠠᠢ ᠶᠢ ᠰᠡᠷᠭᠡᠶᠢᠯᠡᠨ᠎ᠡ᠃ 30% ᠶᠢᠨ ᠠᠭᠤᠯᠤᠠᠠᠳᠠᠴᠠ ᠲᠠᠢ ᠱᠠ ᠮᠢᠩ ᠯᠢᠩ ︵杀螟灵︶ ᠮᠦᠭᠦᠯᠢᠭ ᠡᠮ ᠢ ᠰᠠᠭᠤᠷᠢ ᠪᠦᠷᠢ 0.2g ᠬᠠᠶᠠᠨ᠎ᠠ᠃
︵11︶ ᠪᠦᠷᠭᠦᠭᠦᠯ ᠢᠶᠠᠨ ᠠᠪᠬᠤ᠄ 7 ᠳ᠋ᠤᠭᠠᠷ ᠰᠠᠷ᠎ᠠ ᠶᠢᠨ ᠲᠤᠮᠳᠠᠴᠢ ᠪᠠᠷ ᠪᠦᠷᠭᠦᠭᠦᠯ ᠢᠶᠠᠨ ᠬᠤᠷᠢᠶᠠᠵᠤ᠂ ᠬᠤᠷ᠎ᠠ ᠲᠤᠨᠤᠳᠠᠰᠤ ᠰᠢᠮᠡᠳᠭᠦ ᠳᠤ ᠠᠰᠢᠠᠠᠳᠠᠢ ᠪᠤᠯᠭᠠᠨ᠎ᠠ᠃ ᠭᠡᠷᠪᠡ ᠬᠠᠶᠢᠷᠯᠢᠬ ᠭᠦᠷᠦᠰᠤ ᠰᠢᠷᠤᠢ ᠪᠤᠯ ᠪᠦᠷᠭᠦᠭᠦᠯ ᠢᠶᠠᠨ ᠬᠤᠷᠢᠶᠠᠬᠤ ᠦᠭᠡᠢ᠃
ᠡᠭᠦᠨ ᠠᠴᠠ ᠭᠠᠳᠠᠨ᠎ᠠ ᠪᠠᠰᠠ ᠲᠤᠯᠤᠭᠠᠨ ᠵᠦᠢᠯ ᠤᠨ ᠶᠠᠪᠤᠳᠠᠯ ᠢ ᠡᠷᠭᠡᠪᠰᠢ ᠴᠢᠩᠭ᠎ᠠ ᠠᠳᠬᠤᠬᠤ ᠭᠡᠷᠡᠭᠳᠡᠢ᠃
︵1︶ ᠪᠦᠷᠭᠦᠭᠦᠯ ᠢᠶᠠᠨ ᠬᠤᠴᠢᠬᠤ ᠳᠤ ᠵᠠᠪᠠᠯ ᠶᠠᠰᠤ ᠴᠢᠨᠠᠷ ᠤᠨ ᠪᠤᠭᠤᠮᠳᠠ ᠶᠢ ᠠᠳᠬᠤᠬᠤ ᠭᠡᠷᠡᠭᠳᠡᠢ᠃
① ᠪᠦᠷᠭᠦᠭᠦᠯ ᠪᠦᠷᠭᠦᠭᠦ ᠳᠡᠭᠡᠨ ᠠᠳᠤᠷᠢᠶ᠎ᠠ ᠬᠤᠨᠢᠶᠠᠰᠤ ᠭᠠᠷᠭᠠᠵᠤ ᠪᠤᠯᠬᠤ ᠦᠭᠡᠢ᠂ ᠪᠦᠷᠭᠦᠭᠦᠯ ᠢᠶᠠᠨ ᠭᠠᠵᠠᠷ ᠲᠠᠢ ᠨᠠᠭᠠᠯᠳᠤᠭᠤᠯᠵᠤ ᠪᠤᠯᠬᠤ ᠦᠭᠡᠢ᠃ ᠲᠦᠷᠪᠡᠨ ᠵᠠᠬ᠎ᠠ ᠪᠠᠷ ᠨᠢ ᠰᠢᠷᠤᠢ ᠪᠠᠷ ᠴᠢᠩᠭ᠎ᠠ ᠲᠠᠷᠤᠵᠤ᠂
3~5m ᠠᠯᠤᠰᠯᠠᠬᠤ ᠪᠦᠷᠢ ᠨᠢᠭᠡᠨ ᠵᠤᠷᠪᠤᠰ ᠰᠢᠷᠤᠢ ᠶᠢᠨ ᠪᠦᠰᠡ ᠲᠠᠷᠤᠨ᠎ᠠ᠃
② ᠪᠦᠷᠭᠦᠭᠦᠯ ᠤᠨ ᠢᠯᠡ ᠭᠠᠷᠬᠤ ᠲᠠᠯᠠᠪᠠᠢ ᠶᠢ ᠶᠠᠷᠦᠩᠭᠡᠢ ᠲᠠᠯᠠᠪᠠᠢ ᠶᠢᠨ 60% ᠠᠴᠠ
ᠲᠡᠭᠡᠭᠰᠢ ᠡᠵᠡᠯᠡᠭᠦᠯᠭᠦ ᠶᠢ ᠪᠠᠳᠤᠯᠠᠨ᠎ᠠ᠃
③ ᠪᠦᠷᠭᠦᠭᠦᠯ ᠲᠤᠳᠤᠷᠠᠭᠢ ᠦᠨᠳᠤᠰᠤ ᠬᠤᠵᠤᠤᠯ᠎ᠠ ᠰᠤᠯᠠ ᠡᠪᠡᠰᠤ ᠵᠡᠷᠭᠡ ᠬᠠᠳᠠᠭᠤᠯᠢᠭ ᠪᠤᠳᠠᠰ ᠢ ᠴᠠᠪᠡᠷᠯᠡᠨ ᠠᠷᠢᠯᠭᠠᠨ᠎ᠠ᠃
④ ᠭᠦᠮᠦᠨ ᠮᠠᠯ ᠤᠷᠤᠵᠤ ᠪᠦᠷᠭᠦᠭᠦᠯ ᠢ ᠡᠪᠳᠡᠯᠡᠭᠦ ᠠᠴᠠ ᠰᠡᠷᠭᠡᠶᠢᠯᠡᠨ᠎ᠡ᠃
︵2︶ ᠰᠠᠭᠤᠷᠢ ᠲᠠᠯᠠᠪᠠᠢ ᠭᠠᠷᠭᠠᠠᠠᠰᠠᠨ ᠤ ᠰᠡᠭᠦᠯᠡᠷ ᠰᠠᠭᠤᠷᠢ ᠶᠢᠨ ᠢᠶᠠᠨ ᠨᠢᠭᠤᠷ ᠢ ᠲᠡᠭᠰᠢᠯᠡᠨ᠂ ᠴᠢᠩᠭ᠎ᠠ ᠲᠠᠷᠤᠵᠤ᠂ ᠲᠠᠷᠢᠬᠤ ᠳᠤ ᠪᠡᠯᠡᠳᠭᠡᠨ᠎ᠡ᠃
︵3︶ ᠲᠠᠷᠢᠬᠤ ᠦᠶ᠎ᠠ ᠳᠤ ᠭᠦᠷᠦᠰᠤ ᠰᠢᠷᠤᠢ ᠶᠢᠨ ᠬᠠᠭᠠᠯᠪᠤᠷᠢᠯᠬᠠᠰᠠᠨ ᠲᠠᠪᠬᠤᠷᠭ᠎ᠠ ᠶᠢᠨ ᠤᠰᠤᠨ ᠤ ᠠᠭᠤᠯᠤᠭᠳᠠᠴᠨ ᠨᠢ 20% ᠠᠴᠠ ᠲᠡᠭᠡᠭᠰᠢ ᠪᠠᠶᠢᠬᠤ ᠶᠢ ᠪᠠᠳᠤᠯᠠᠨ᠎ᠠ᠃ ᠡᠰᠡ ᠲᠡᠶᠢᠮᠤ ᠪᠤᠯ ᠤᠰᠤᠯᠠᠬᠤ ᠶᠢᠨ ᠲᠠᠭᠠᠤ ᠲᠠᠷᠢᠬᠤ ᠶᠢᠨ ᠬᠠᠮᠳᠤ ᠦᠷ᠎ᠠ ᠪᠤᠷᠳᠤᠭᠤᠷ ᠢ ᠵᠠᠶᠢᠳᠠᠢ ᠪᠠᠶᠢᠯᠭᠠᠨ᠎ᠠ᠃
︵4︶ ᠡᠷᠳᠡᠨᠢ ᠰᠢᠰᠢ ᠶᠢᠨ ᠦᠷ᠎ᠠ ᠶᠢ ᠰᠤᠩᠭᠤᠬᠤ ᠳᠠᠭᠠᠨ ᠠᠮᠢᠵᠢᠷᠠᠯ ᠤᠨ ᠬᠤᠭᠤᠴᠠᠭ᠎ᠠ ᠨᠢ ᠨᠡᠯᠢᠶᠡᠳ ᠤᠷᠳᠤ᠂ ᠤᠨᠠᠯᠳᠠ ᠨᠢ ᠦᠨᠳᠤᠷ᠂ ᠴᠢᠨᠠᠷ ᠰᠠᠶᠢᠳᠠᠢ ᠦᠷ᠎ᠡ ᠶᠢ ᠰᠤᠩᠭᠤᠨ᠎ᠠ᠃ ᠦᠨᠳᠤᠰᠤᠨ ᠵᠠᠷᠴᠢᠮ ᠨᠢ ᠭᠡᠪᠡᠯ ᠵᠠᠳᠠᠭᠠᠢ ᠲᠠᠷᠢᠬᠤ ᠰᠤᠷᠲ ᠤᠨ ᠠᠮᠢᠯᠠᠯ ᠤᠨ ᠬᠤᠭᠤᠴᠠᠭ᠎ᠠ ᠠᠴᠠ 7~15 ᠡᠳᠤᠷ ᠤᠷᠳᠤ ᠪᠤᠶᠤ ᠭᠡᠷᠡᠭᠴᠡᠭᠡ ᠪᠦᠭᠦᠢ ᠬᠤᠷᠠᠮᠳᠤᠭᠤᠯᠭ᠎ᠠ ᠲᠤᠯᠠᠭᠠᠨ ᠨᠢ 15℃~30℃ ᠠᠴᠠ ᠢᠯᠡᠭᠦᠤ᠂ ᠨᠠᠪᠴᠢ ᠶᠢᠨ ᠭᠡᠯᠳᠡᠰ ᠨᠢ 1~2 ᠨᠠᠪᠴᠢ ᠢᠯᠡᠭᠦᠤ ᠪᠠᠶᠢᠯᠭᠠᠵᠤ᠂ ᠵᠤᠭᠢᠰᠳᠡᠢ ᠨᠢᠠᠠᠳᠠ ᠲᠠᠷᠢᠵᠤ᠂ ᠡᠷᠳᠡ ᠦᠳᠡᠯᠭᠦ ᠦᠭᠡᠢ᠂ ᠰᠦᠷᠭᠦ ᠴᠢᠨᠠᠷ ᠢᠶᠠᠷ ᠴᠢᠩᠭ᠎ᠠ ᠪᠦᠭᠦᠢ ᠦᠨᠢᠷ ᠤᠨᠠᠯᠳᠠ ᠲᠠᠢ ᠴᠢᠨᠠᠷ ᠰᠠᠶᠢᠳᠠᠢ ᠡᠷᠯᠢᠰᠨ ᠦᠷ᠎ᠡ ᠶᠢ ᠰᠤᠩᠭᠤᠵᠤ᠂ ᠴᠢᠭᠢᠯᠡᠭᠦ ᠨᠤᠷᠮ᠎ᠠ ᠶᠢ 95% ᠠᠴᠠ ᠲᠡᠭᠡᠭᠰᠢ ᠪᠠᠶᠢᠯᠭᠠᠬᠤ ᠶᠢᠨ ᠬᠠᠮᠳᠤ ᠡᠮ ᠳᠤ ᠦᠷ᠎ᠡ ᠪᠠᠨ ᠪᠠᠭᠰᠤᠷᠬᠤ ᠪᠠ ᠦᠷ᠎ᠡ ᠪᠠᠨ ᠪᠤᠭᠤᠨ᠎ᠠ᠃
︵5︶ ᠰᠠᠭᠤᠷᠢ ᠪᠤᠷᠳᠤᠭᠤᠷ ᠲᠤᠳ᠋ᠬᠠᠳᠠᠪᠠᠯ᠂ ᠡᠷᠳᠡᠨᠢ ᠰᠢᠰᠢ ᠶᠢ 8 ᠨᠠᠪᠴᠢᠯᠠᠬᠤ ᠦᠶᠡᠰ ᠲᠠᠷᠦ᠋ᠢᠬᠠᠨ ᠪᠤᠷᠳᠤᠭᠤᠷ ᠨᠦᠭᠦᠨ ᠤᠷᠤᠭᠤᠯᠤᠨ᠎ᠠ᠃
︵6︶ ᠡᠷᠳᠡᠨᠢ ᠰᠢᠰᠢ ᠶᠢᠨ ᠡᠰᠢ ᠨᠠᠪᠴᠢ ᠨᠢ ᠰᠢᠷᠠᠯᠠᠵᠤ᠂ ᠮᠦᠭᠦᠯᠢᠭ ᠨᠢ ᠬᠠᠳᠠᠭᠤᠷᠬᠠᠰᠠᠨ ᠦᠶᠡᠰ ᠲᠡᠭᠦᠵᠤ ᠬᠤᠷᠢᠶᠠᠵᠤ ᠪᠤᠯᠤᠨ᠎ᠠ᠃
︵7︶ ᠡᠷᠳᠡᠨᠢ ᠰᠢᠰᠢ ᠶᠢ ᠪᠦᠷᠭᠦᠭᠦᠯ ᠳᠤ ᠲᠠᠷᠢᠬᠤ ᠭᠠᠵᠠᠷ ᠲᠠᠯᠠᠪᠠᠢ ᠪᠠᠨ ᠨᠠᠮᠤᠷ ᠤᠨ ᠬᠤᠷᠢᠶᠠᠯᠳᠠ ᠠᠪᠤᠠᠠᠰᠠᠨ ᠤ ᠲᠠᠷᠠᠭ᠎ᠠ ᠲᠠᠷᠦ᠋ᠢᠬᠠᠨ ᠬᠠᠶ᠋ᠬᠠᠳᠠᠮᠠᠯ ᠪᠦᠷᠭᠦᠭᠦᠯ ᠢ ᠴᠡᠪᠡᠷᠯᠡᠨ ᠠᠷᠢᠯᠭᠠᠵᠤ᠂ ᠲᠠᠷᠠᠭ᠎ᠠ ᠵᠢᠯ ᠤᠨ ᠲᠠᠷᠢᠶᠠᠯᠠᠭ᠎ᠠ ᠳᠤ ᠨᠦᠯᠦᠭᠡ ᠪᠤᠯᠬᠤ ᠠᠴᠠ ᠰᠡᠷᠭᠡᠶᠢᠯᠡᠨ᠎ᠡ᠃
6. ᠪᠦᠷᠭᠦᠭᠦᠯ ᠲᠤᠤᠷ᠎ᠠ ᠶᠠᠭᠠᠭᠢᠵᠤ ᠲᠤᠰᠤᠯᠠᠭᠤᠯᠤᠨ ᠤᠰᠤᠯᠠᠬᠤ ᠪᠤᠢ︖
ᠪᠦᠷᠭᠦᠭᠦᠯ ᠤᠨ ᠲᠤᠤᠷ᠎ᠠ ᠤᠰᠤᠯᠠᠬᠤ ᠪᠤᠯ ᠪᠦᠷᠭᠦᠭᠦᠯ ᠳᠤ ᠲᠠᠷᠢᠬᠤ ᠪᠠ ᠲᠤᠰᠤᠯᠠᠭᠤᠯᠤᠨ ᠤᠰᠤᠯᠠᠬᠤ ᠮᠡᠷᠭᠡᠵᠢᠯ ᠢ ᠬᠤᠤᠰᠯᠠᠭᠤᠯᠤᠠᠠᠰᠠᠨ ᠬᠠᠭᠤᠷᠠᠢ ᠲᠠᠷᠢᠶᠠᠯᠠᠭ᠎ᠠ ᠶᠢᠨ ᠨᠢᠭᠡᠨ ᠰᠢᠨ᠎ᠠ ᠮᠡᠷᠭᠡᠵᠢᠯ ᠪᠤᠯᠤᠨ᠎ᠠ᠃ ᠮᠦᠨ ᠴᠤ ᠪᠦᠷᠭᠦᠭᠦᠯ ᠳᠤ ᠲᠠᠷᠢᠵᠤ ᠭᠠᠩ ᠳᠤ ᠲᠠᠰᠪᠤᠷᠢᠳᠡᠢ ᠪᠠᠶᠢᠯᠭᠠᠬᠤ ᠮᠡᠷᠭᠡᠵᠢᠯ ᠤᠨ ᠤᠷᠳᠤᠳᠬᠠᠯ ᠪᠠ ᠭᠦᠨᠵᠡᠭᠡᠶᠢᠷᠡᠯ ᠮᠦᠨ᠃ ᠲᠠᠷᠠ ᠨᠢ ᠲᠠᠷᠢᠮᠠᠯ ᠤᠨ ᠤᠨᠠᠯᠳᠠ ᠶᠢᠨ ᠭᠡᠷᠡᠭᠴᠡᠭᠡ ᠶᠢ ᠦᠨᠳᠦᠰᠦᠯᠡᠨ᠂ ᠲᠤᠰᠤᠯᠠᠭᠤᠯᠤᠨ ᠤᠰᠤᠯᠠᠬᠤ ᠰᠢᠰᠲ᠋ᠧᠮ ᠢᠶᠠᠷ ᠲᠠᠮᠵᠢᠭᠤᠯᠤᠨ ᠬᠠᠨᠭ᠍ᠭᠠᠯᠭ᠎ᠠ ᠨᠢ ᠭᠢᠵᠠᠭᠠᠷ ᠲᠠᠢ ᠤᠰᠤ ᠪᠠᠨ ᠭᠦᠷᠦᠰᠤ ᠰᠢᠷᠤᠢ ᠳᠤ ᠲᠤᠰᠤᠯ ᠲᠤᠰᠤᠯ ᠢᠶᠠᠷ ᠬᠠᠨᠭ᠍ᠭᠠᠵᠤ᠂ ᠲᠠᠷᠢᠮᠡᠯ ᠤᠨ ᠦᠨᠳᠤᠰᠤᠨ ᠰᠢᠰᠲ᠋ᠧᠮ ᠤᠨ ᠭᠦᠷᠢᠶᠡᠨ ᠳᠤ ᠯᠡ ᠭᠡᠰᠡᠭ ᠲᠠᠯ᠎ᠠ ᠪᠠᠷ ᠤᠰᠤᠯᠠᠯᠳᠠ ᠭᠢᠵᠤ᠂ ᠭᠡᠷᠡᠭᠴᠡᠭᠡ ᠪᠠᠨ ᠦᠨᠳᠦᠰᠦᠯᠡᠨ ᠭᠢᠮᠢ ᠶᠢᠨ ᠪᠤᠷᠳᠤᠭᠤᠷ᠂ ᠲᠠᠷᠢᠶᠠᠨ ᠡᠮ ᠵᠡᠷᠭᠡ ᠪᠠᠨ ᠤᠰᠤ ᠲᠠᠢ ᠪᠠᠨ ᠬᠠᠮᠳᠤ ᠲᠠᠷᠢᠮᠠᠯ ᠤᠨ ᠦᠨᠳᠤᠰᠤᠨ ᠳᠤᠨᠢ ᠭᠦᠷᠦᠭᠦᠯᠳᠡᠭ ᠪᠠᠶᠢᠨ᠎ᠠ᠃ ᠨᠢᠭᠡᠨ ᠵᠦᠢᠯ ᠤᠨ ᠰᠢᠨ᠎ᠠ ᠭᠡᠯᠪᠡᠷᠢ ᠶᠢᠨ ᠤᠰᠤ ᠠᠷᠪᠢᠯᠠᠬᠤ ᠤᠰᠤᠯᠠᠯᠳᠠ ᠶᠢᠨ ᠮᠡᠷᠭᠡᠵᠢᠯ ᠪᠤᠯᠤᠠᠠᠰᠠᠨ ᠤ ᠬᠤᠪᠢ ᠳᠤ᠂ ᠭᠠᠳᠠᠷᠭᠤ ᠤᠰᠤᠯᠠᠯᠳᠠ᠂ ᠰᠦᠷᠴᠢᠯᠳᠡ ᠤᠰᠤᠯᠠᠯᠳᠠ ᠵᠡᠷᠭᠡ ᠮᠡᠷᠭᠡᠵᠢᠯ ᠤᠨ ᠠᠳᠠᠯᠢᠳᠬᠠᠵᠤ ᠪᠤᠯᠤᠰᠢ ᠦᠭᠡᠢ ᠲᠠᠪᠠᠭᠤᠯᠢᠭ ᠲᠠᠯ᠎ᠠ ᠲᠠᠢ ᠪᠠᠶᠢᠵᠤ᠂ ᠤᠳᠤᠬᠠᠨ ᠳᠤ ᠤᠰᠤ ᠡᠨᠧᠷᠭᠢ ᠳᠤ ᠬᠠᠮᠤᠭ ᠤᠨ ᠠᠷᠪᠢᠳᠡᠢ ᠤᠰᠤᠯᠠᠯᠳᠠ ᠶᠢᠨ ᠭᠡᠯᠪᠡᠷᠢ ᠪᠤᠯᠤᠨ᠎ᠠ᠃ ᠪᠦᠷᠭᠦᠭᠦᠯ ᠤᠨ ᠲᠤᠤᠷ᠎ᠠ ᠲᠤᠰᠤᠯᠠᠭᠤᠯᠤᠨ ᠤᠰᠤᠯᠠᠬᠤ ᠤᠰᠤᠨ ᠤ ᠲᠦᠭᠦᠭᠡᠷᠤᠮᠵᠢ ᠶᠢ ᠭᠠᠵᠠᠷ ᠲᠤᠤᠷ᠎ᠠ ᠪᠤᠯᠠᠵᠤ ᠪᠠᠶᠢᠬᠤ ᠪᠤᠯᠬᠤᠷ ᠭᠤᠤᠷᠰᠤ ᠶᠢᠨ ᠮᠠᠲ᠋ᠧᠷᠢᠶᠡᠯ ᠨᠢ ᠠᠮᠠᠷᠬᠠᠨ ᠬᠠᠭᠤᠴᠢᠷᠠᠬᠤ ᠦᠭᠡᠢ᠂ ᠤᠰᠤᠯᠠᠬᠤ ᠦᠶᠡᠰ ᠭᠦᠷᠦᠰᠤᠨ ᠭᠠᠳᠠᠷᠭᠤ ᠳᠤ ᠠᠭᠤᠷᠰᠢᠬᠤ ᠪᠠ ᠭᠦᠨ ᠲᠠᠪᠬᠤᠷᠭ᠎ᠠ ᠪᠠᠷ ᠨᠡᠪᠴᠢᠭᠦ ᠶᠠᠪᠤᠳᠠᠯ ᠪᠠᠷᠤᠭ ᠦᠭᠡᠢ ᠪᠦᠭᠡᠳ ᠨᠡᠩ ᠴᠤ ᠭᠠᠵᠠᠷ ᠤᠨ ᠭᠠᠳᠠᠷᠭᠤ ᠪᠠᠷ ᠤᠷᠤᠰᠬᠤ ᠵᠦᠢᠯ ᠦᠭᠡᠢ ᠪᠠᠶᠢᠵᠤ᠂ ᠲᠠᠷᠢᠮᠠᠯ ᠤᠨ ᠤᠰᠤ ᠪᠤᠷᠳᠤᠭᠤᠷ ᠭᠦᠷᠳᠡᠭᠦ ᠨᠢ ᠨᠡᠩ ᠰᠢᠭᠤᠳ ᠪᠦᠳᠦᠮᠵᠢᠳᠡᠢ ᠪᠤᠯᠵᠤ᠂ ᠡᠭᠦᠨ ᠤ ᠤᠯᠠᠮ ᠢᠶᠠᠷ ᠤᠰᠤᠯᠠᠯᠳᠠ ᠶᠢᠨ ᠤᠰᠤᠨ ᠤ ᠠᠰᠢᠠᠠᠯᠠᠯᠳᠠ ᠶᠢᠨ ᠨᠤᠷᠮ᠎ᠡ ᠪᠡ ᠠᠰᠢᠠᠠᠯᠠᠯᠳᠠ ᠶᠢᠨ ᠦᠷ᠎ᠡ ᠪᠦᠳᠦᠭᠡᠯ ᠢ ᠨᠡᠩ ᠶᠡᠭᠡ ᠪᠠᠷ ᠲᠡᠭᠡᠭᠰᠢᠯᠡᠭᠦᠯᠦᠭᠰᠡᠨ ᠪᠠᠶᠢᠨ᠎ᠠ᠃
7. ᠲᠤᠰᠤᠯᠠᠭᠤᠯᠤᠨ ᠤᠰᠤᠯᠠᠬᠤ ᠨᠢ ᠭᠢᠷᠢ ᠵᠡᠷᠭᠡ ᠶᠢᠨ ᠦᠷ᠎ᠡ ᠪᠦᠳᠦᠭᠡᠯ ᠲᠠᠢ ᠪᠠᠶᠢᠭ᠎ᠠ ᠪᠤᠢ︖
ᠲᠤᠰ ᠮᠡᠷᠭᠡᠵᠢᠯ ᠤᠨ ᠤᠰᠤ ᠠᠷᠪᠢᠯᠠᠬᠤ ᠮᠡᠷᠭᠡᠵᠢᠯ ᠨᠢ ᠲᠠᠷᠢᠭᠦᠨ ᠤ᠂ ᠦᠪᠠᠷ ᠤᠨ ᠦᠷᠳᠡᠭ ᠨᠢ ᠲᠤᠤᠷ᠎ᠠ᠂ ᠪᠡᠯᠡ ᠤᠷᠤᠭᠤᠯᠤᠯᠳᠠ ᠶᠢᠨ ᠠᠴᠢ ᠬᠠᠷᠢᠭᠤᠯᠠᠯᠳᠠ ᠶᠢᠨ ᠨᠤᠷᠮ᠎ᠠ ᠨᠢ ᠦᠨᠳᠤᠷ ᠪᠠᠶᠢᠳᠠᠭ ᠢᠶᠠᠷ ᠢᠶᠠᠨ ᠤᠯᠤᠰ ᠤᠨ ᠲᠤᠳᠤᠭᠠᠳᠤ ᠭᠠᠳᠠᠭᠠᠳᠤ ᠶᠢᠨ ᠲᠤᠰᠬᠠᠢ ᠮᠡᠷᠭᠡᠵᠢᠯᠳᠡᠳ ᠤᠨ ᠰᠠᠶᠢᠨ ᠦᠨᠡᠯᠡᠯᠳᠡ ᠶᠢ ᠤᠯᠵᠤ ᠪᠠᠶᠢᠨ᠎ᠠ᠃ ① ᠪᠦᠷᠭᠦᠭᠦᠯ ᠳᠤ ᠲᠠᠷᠢᠬᠤ ᠮᠡᠷᠭᠡᠵᠢᠯ ᠪᠡ ᠲᠤᠰᠤᠯᠠᠭᠤᠯᠤᠨ ᠤᠰᠤᠯᠠᠬᠤ ᠮᠡᠷᠭᠡᠵᠢᠯ ᠢ ᠤᠶᠠᠯᠳᠤᠭᠤᠯᠵᠤ᠂ ᠡᠵᠡᠮᠰᠢᠵᠤ ᠪᠤᠯᠬᠤ ᠭᠤᠤᠷᠰᠤᠨ ᠵᠠᠮ ᠤᠨ ᠰᠢᠰᠲ᠋ᠧᠮ ᠢᠶᠠᠷ ᠤᠰᠤ ᠬᠠᠨᠭ᠍ᠭᠠᠬᠤ ᠪᠠᠷ ᠲᠠᠮᠵᠢᠭᠤᠯᠤᠨ᠂ ᠤᠰᠤ ᠪᠤᠷᠳᠤᠭᠤᠷ ᠡᠮ ᠢ ᠬᠤᠯᠢᠠᠠᠰᠠᠨ ᠤ ᠰᠡᠭᠦᠯᠡᠷᠭᠢ ᠤᠰᠤᠯᠠᠯᠳᠠ ᠶᠢᠨ ᠤᠰᠤ ᠶᠢ ᠲᠤᠰᠤᠯ ᠪᠤᠯᠭᠠᠵᠤ᠂ ᠲᠤᠰᠤᠯ ᠲᠤᠰᠤᠯ ᠢᠶᠠᠷ ᠵᠢᠭᠳᠡᠭᠡᠨ᠂ ᠲᠤᠠᠠᠳᠠᠮᠠᠯ ᠴᠠᠭ᠂ ᠲᠤᠠᠠᠳᠠᠮᠠᠯ ᠭᠡᠮᠵᠢᠶ᠎ᠠ ᠪᠠᠷ ᠲᠠᠷᠢᠮᠠᠯ ᠤᠨ ᠦᠨᠳᠤᠰᠤᠨ ᠰᠢᠰᠲ᠋ᠧᠮ ᠤᠨ ᠪᠤᠶᠢᠵᠢᠯᠳᠡ ᠶᠢᠨ ᠤᠷᠤᠨ ᠢ ᠲᠠᠪᠳᠦᠭᠡᠵᠤ᠂ ᠲᠠᠷᠢᠮᠠᠯ ᠤᠨ ᠭᠤᠤᠯ ᠦᠨᠳᠤᠰᠤᠨ ᠰᠢᠰᠲ᠋ᠧᠮ ᠤᠨ ᠰᠢᠷᠤᠢ ᠨᠢ ᠢᠮᠬᠠᠳᠠ ᠰᠤᠯᠠᠷᠬᠠᠭ ᠪᠠᠶᠢᠬᠤ ᠪᠠ ᠬᠠᠮᠤᠭ ᠤᠨ ᠰᠠᠶᠢᠨ ᠤᠰᠤᠨ ᠤ ᠠᠭᠤᠯᠤᠠᠠᠳᠠᠴᠠ ᠲᠠᠢ ᠪᠠᠶᠢᠬᠤ ᠶᠢᠨ ᠲᠡᠭᠡᠷ᠎ᠡ ᠪᠦᠷᠭᠦᠭᠦᠯ ᠢᠶᠠᠷ ᠬᠤᠴᠢᠠᠠᠰᠠᠨ ᠠᠴᠠ ᠲᠠᠷᠢᠮᠠᠯ ᠤᠨ ᠰᠠᠭᠤᠷᠢ ᠡᠰᠢ ᠶᠢᠨ ᠬᠤᠭᠤᠷᠤᠨᠳᠤᠭᠢ ᠠᠭᠤᠷᠰᠢᠯᠳᠡ ᠶᠢ ᠶᠡᠭᠡ ᠪᠠᠷ ᠪᠠᠭᠠᠰᠬᠠᠵᠤ᠂ ᠲᠤᠮᠳᠠᠴᠢ ᠤᠰᠤ ᠭᠡᠷᠡᠭᠯᠡᠭᠦ ᠭᠡᠮᠵᠢᠶ᠎ᠠ ᠨᠢ ᠤᠯᠠᠮᠵᠢᠯᠡᠯᠳᠤ ᠭᠡᠯᠪᠡᠷᠢ ᠶᠢᠨ 1/8᠂ ᠰᠦᠷᠴᠢᠨ ᠤᠰᠤᠯᠠᠯᠳᠠ ᠶᠢᠨ 1/2᠂ ᠶᠠᠷᠦᠳᠡ ᠶᠢᠨ ᠤᠰᠤᠯᠠᠯᠳᠠ ᠶᠢᠨ 70% ᠪᠤᠯᠵᠠᠢ᠃ ᠡᠶᠢᠮᠤ ᠠᠴᠠ ᠤᠰᠤ ᠠᠷᠪᠢᠯᠠᠬᠤ ᠦᠷ᠎ᠠ ᠪᠦᠳᠦᠮᠵᠢ ᠨᠢ ᠲᠦᠢᠯ ᠤᠨ ᠮᠡᠳᠡᠭᠳᠡᠮ᠎ᠠ ᠪᠠᠶᠢᠳᠠᠭ᠃ ② ᠪᠦᠷᠭᠦᠭᠦᠯ ᠲᠤᠤᠷ᠎ᠠ ᠲᠤᠰᠤᠯᠠᠭᠤᠯᠤᠨ ᠤᠰᠤᠯᠠᠬᠤ ᠮᠡᠷᠭᠡᠵᠢᠯ ᠨᠢ ᠭᠤᠤᠷᠰᠤᠨ ᠵᠠᠮ ᠢᠶᠠᠷ ᠤᠰᠤ ᠲᠠᠮᠵᠢᠭᠤᠯᠬᠤ ᠪᠤᠯᠬᠤᠷ ᠲᠠᠷᠢᠶᠠᠨ ᠭᠠᠵᠠᠷ ᠲᠤ ᠰᠤᠪᠠᠭ ᠮᠠᠯᠳᠠᠬᠤ ᠦᠭᠡᠢ᠂ ᠲᠠᠯᠠᠩ ᠪᠤᠰᠬᠠᠬᠤ ᠦᠭᠡᠢ ᠪᠤᠯᠵᠤ᠂ ᠭᠠᠵᠠᠷ ᠰᠢᠷᠤᠢ ᠶᠢᠨ ᠠᠰᠢᠠᠠᠯᠠᠯᠳᠠ ᠶᠢᠨ ᠨᠤᠷᠮ᠎ᠠ ᠶᠢ 5%~7% ᠪᠠᠷ ᠲᠡᠭᠡᠭᠰᠢᠯᠡᠭᠦᠯᠦᠨ᠎ᠠ᠃ ③ ᠤᠰᠤᠨ ᠳᠤ ᠠᠭᠤᠰᠤᠮᠠᠬᠠᠢ ᠲᠠᠷᠢᠶᠠᠨ ᠡᠮ ᠪᠤᠷᠳᠤᠭᠤᠷ ᠢ ᠤᠰᠤ ᠲᠠᠭᠠᠭᠤᠯᠤᠨ ᠲᠠᠷᠢᠮᠠᠯ ᠤᠨ ᠦᠨᠳᠤᠰᠤᠨ ᠰᠢᠰᠲ᠋ᠧᠮ ᠳᠤ ᠰᠢᠭᠤᠳ ᠭᠦᠷᠭᠡᠴᠢᠭᠡᠭᠦ ᠪᠤᠯᠬᠤᠷ ᠪᠤᠷᠳᠤᠭᠤᠷ ᠤᠨ ᠠᠰᠢᠠᠠᠯᠠᠯᠳᠠ ᠶᠢᠨ ᠨᠤᠷᠮ᠎ᠠ ᠶᠢ 30%~40% ᠪᠠᠶᠢᠠᠠᠰᠠᠨ ᠠᠴᠠ ᠨᠢ 50%~60% ᠳᠤ ᠭᠦᠷᠳᠡᠯ᠎ᠠ ᠲᠡᠭᠡᠭᠰᠢᠯᠡᠭᠦᠯᠵᠤ᠂ ᠭᠦᠳᠡᠯᠮᠤᠷᠢ ᠦᠢᠯᠡᠳᠪᠤᠷᠢᠯᠡᠯ ᠤᠨ ᠨᠤᠷᠮ᠎ᠠ ᠶᠢ ᠶᠠᠷᠤ ᠶᠢᠨ ᠤᠰᠤᠯᠠᠯᠳᠠ ᠬᠠᠮᠢᠶᠠᠷᠤᠯᠳᠠ ᠶᠢᠨ ᠬᠢ ᠠᠴᠠ 400%~500% ᠪᠠᠷ ᠲᠡᠭᠡᠭᠰᠢᠯᠡᠭᠦᠯᠵᠤ᠂ ᠲᠠᠷᠢᠶᠠᠨ ᠡᠮ ᠤᠨ ᠭᠡᠷᠡᠭᠯᠡᠯᠳᠡ ᠶᠢᠨ ᠦᠢᠯᠡᠳᠦᠯ ᠢ ᠶᠡᠭᠡ ᠪᠠᠷ ᠲᠡᠭᠡᠭᠰᠢᠯᠡᠭᠦᠯᠦᠨ᠎ᠠ᠃ ④ ᠲᠤᠰᠤᠯᠠᠭᠤᠯᠤᠨ ᠤᠰᠤᠯᠠᠬᠤ ᠨᠢ ᠭᠦᠷᠦᠰᠤᠨ ᠤ ᠪᠦᠭᠡᠮ ᠪᠦᠳᠦᠴᠡ ᠶᠢ ᠡᠪᠳᠡᠭᠦ ᠦᠭᠡᠢ᠂ ᠲᠠᠯᠠᠩ ᠤᠨ ᠬᠤᠭᠤᠷᠤᠨᠳᠤ ᠤᠰᠤ ᠦᠭᠡᠢ ᠪᠠᠶᠢᠳᠠᠭ ᠪᠤᠯᠬᠤᠷ ᠬᠠᠭᠠᠯᠪᠤᠷᠢᠯᠠᠨ ᠲᠠᠷᠢᠬᠤ ᠤᠳᠠᠭ᠎ᠠ ᠲᠤᠭ᠎ᠠ ᠪᠤᠶᠤ ᠦᠯᠤ ᠲᠠᠷᠢᠬᠤ ᠶᠢ ᠪᠠᠭᠠᠰᠬᠠᠬᠤ ᠪᠤᠯᠤᠨ᠎ᠠ᠃ ⑤ ᠭᠠᠵᠠᠷ ᠤᠨ ᠲᠤᠯᠠᠭᠠᠨ ᠤ ᠭᠡᠮᠵᠢᠶ᠎ᠠ ᠶᠢ 2℃~3℃ ᠲᠡᠭᠡᠭᠰᠢᠯᠡᠭᠦᠯᠵᠤ᠂ ᠦᠷᠡᠵᠢᠯ ᠤᠨ ᠬᠤᠭᠤᠴᠠᠭᠠᠨ ᠳᠤ ᠤᠰᠤ ᠶᠢ ᠵᠢᠭᠳᠡ ᠳᠤᠨᠢ ᠬᠠᠨᠭ᠍ᠭᠠᠵᠤ᠂ ᠪᠤᠯᠪᠠᠰᠤᠷᠠᠯᠳᠠ ᠶᠢᠨ ᠬᠤᠭᠤᠴᠠᠭᠠᠨ ᠳᠤ ᠲᠤᠭᠢᠳᠡᠢ ᠤᠷᠢᠳᠴᠢᠯᠠᠵᠤ ᠪᠤᠯᠳᠠᠭ᠃ ⑥ ᠲᠤᠰᠤᠯᠠᠭᠤᠯᠤᠨ ᠤᠰᠤᠯᠠᠬᠤ ᠨᠢ ᠤᠰᠤ ᠶᠢ ᠵᠢᠭᠳᠡ ᠪᠠᠶᠢᠯᠭᠠᠵᠤ᠂ ᠭᠦᠷᠦᠰᠤᠨ ᠤ ᠪᠦᠭᠡᠮ ᠪᠦᠳᠦᠴᠡ ᠶᠢ ᠡᠪᠳᠡᠭᠦ ᠦᠭᠡᠢ᠂ ᠭᠦᠷᠦᠰᠤᠨ ᠤ ᠤᠰᠤ ᠪᠤᠷᠳᠤᠭᠤᠷ ᠭᠡᠢ ᠲᠤᠯᠠᠭᠠᠨ ᠢ ᠨᠡᠯᠢᠶᠡᠳ ᠲᠤᠭᠢᠷᠠᠮᠵᠢᠳᠡᠢ ᠪᠠᠶᠢᠯᠭᠠᠵᠤ᠂ ᠲᠠᠷᠢᠮᠠᠯ ᠤᠨ ᠤᠷᠭᠤᠯᠳᠠ ᠶᠢ ᠠᠭᠢᠭᠤᠯᠵᠤ᠂ ᠲᠠᠷᠢᠮᠠᠯ ᠤᠨ ᠶᠠᠰᠤ ᠴᠢᠨᠠᠷ ᠪᠡ ᠲᠠᠸᠠᠷᠵᠢᠯ ᠢ ᠲᠡᠭᠡᠭᠰᠢᠯᠡᠭᠦᠯᠵᠤ ᠪᠤᠯᠤᠨ᠎ᠠ᠃ ⑦ ᠪᠦᠷᠭᠦᠭᠦᠯ ᠲᠤᠤᠷ᠎ᠡ ᠲᠤᠰᠤᠯᠠᠭᠤᠯᠤᠨ ᠤᠰᠤᠯᠠᠬᠤ ᠨᠢ ᠲᠠᠷᠢᠶᠠᠨ ᠳᠠᠬᠢ ᠤᠰᠤᠯᠠᠯᠳᠠ ᠶᠢᠨ ᠠᠭᠤᠷᠰᠢᠯᠳᠡ ᠶᠢᠨ ᠠᠷᠭ᠎ᠠ ᠵᠠᠮ ᠢ ᠲᠦᠢᠯᠪᠤᠷᠢᠳᠡᠢ ᠦᠭᠡᠷᠡᠴᠢᠯᠡᠵᠤ᠂ ᠲᠠᠷᠢᠮᠠᠯ ᠤᠨ ᠦᠨᠳᠤᠰᠤᠨ ᠰᠢᠰᠲ᠋ᠧᠮ ᠤᠨ ᠭᠡᠰᠡᠭ ᠲᠤ ᠲᠠᠪᠤᠰᠤ ᠬᠤᠵᠢᠷᠰᠢᠯ ᠢ ᠲᠠᠷᠤᠬᠤ ᠮᠠᠰᠢ ᠰᠠᠶᠢᠨ ᠦᠷ᠎ᠡ ᠪᠦᠳᠦᠮᠵᠢ ᠦᠵᠡᠭᠦᠯᠵᠡᠢ᠃
8. ᠬᠠᠭᠤᠷᠠᠢ ᠲᠠᠷᠢᠶᠠᠯᠠᠭ᠎ᠠ ᠶᠢᠨ ᠡᠷᠳᠡᠨᠢ ᠰᠢᠰᠢ ᠶᠢᠨ ᠤᠰᠤ ᠬᠠᠮᠠᠭᠠᠯᠠᠬᠤ ᠡᠮ ᠢ ᠭᠡᠷᠡᠭᠯᠡᠭᠦ ᠮᠡᠷᠭᠡᠵᠢᠯ ᠨᠢ ᠶᠠᠮᠠᠷ ᠦᠷ᠎ᠡ ᠪᠦᠳᠦᠭᠡᠯ ᠲᠠᠢ ᠪᠤᠢ︖
ᠬᠠᠭᠤᠷᠠᠢ ᠲᠠᠷᠢᠶᠠᠯᠠᠭ᠎ᠠ ᠶᠢᠨ ᠡᠷᠳᠡᠨᠢ ᠰᠢᠰᠢ ᠶᠢᠨ ᠤᠰᠤ ᠬᠠᠮᠠᠭᠠᠯᠠᠬᠤ ᠡᠮ ᠢ ᠭᠡᠷᠡᠭᠯᠡᠭᠦ ᠮᠡᠷᠭᠡᠵᠢᠯ ᠪᠤᠯ ᠬᠠᠭᠤᠷᠠᠢ ᠭᠠᠵᠠᠷ ᠤᠨ ᠡᠷᠳᠡᠨᠢ ᠰᠢᠰᠢ ᠳᠤ ᠴᠢᠭᠯᠡᠭᠦᠯᠦᠭᠰᠡᠨ ᠡᠷᠳᠡᠨᠢ ᠰᠢᠰᠢ ᠶᠢᠨ ᠤᠰᠤ ᠬᠠᠮᠠᠭᠠᠯᠠᠬᠤ ᠡᠳ᠋ ᠢ ᠭᠡᠷᠡᠭᠯᠡᠭᠦ ᠨᠢᠭᠡᠨ ᠵᠦᠢᠯ ᠤᠨ ᠮᠡᠷᠭᠡᠵᠢᠯ ᠪᠤᠯᠤᠨ᠎ᠠ᠃ ᠡᠷᠳᠡᠨᠢ ᠰᠢᠰᠢ ᠶᠢ ᠲᠠᠷᠢᠬᠤ ᠦᠶ᠎ᠠ ᠳᠤ ᠭᠡᠷᠡᠭᠯᠡᠭᠦ ᠳᠤ ᠲᠤᠭᠢᠷᠠᠨ᠎ᠠ᠃ ᠭᠦᠷᠤᠰᠤ ᠰᠢᠷᠤᠢ ᠨᠢ ᠭᠠᠩ ᠬᠠᠭᠤᠷᠠᠢ ᠨᠦᠭᠦᠴᠡᠯ ᠲᠤᠤᠷ᠎ᠡ᠂ ᠭᠠᠩ ᠢ ᠡᠰᠡᠷᠭᠦᠴᠡᠭᠦ ᠤᠰᠤ ᠬᠠᠮᠠᠭᠠᠯᠠᠬᠤ ᠡᠮ ᠢ ᠭᠡᠷᠡᠭᠯᠡᠭᠦ ᠨᠢ ᠤᠰᠤᠨ ᠤ ᠡᠭᠢ ᠰᠤᠷᠪᠤᠯᠵᠢ ᠶᠢᠨ ᠠᠰᠢᠠᠠᠯᠠᠯᠳᠠ ᠶᠢᠨ ᠨᠤᠷᠮ᠎ᠠ ᠶᠢ ᠲᠡᠭᠡᠭᠰᠢᠯᠡᠭᠦᠯᠭᠦ᠂ ᠭᠠᠩ ᠲᠠᠢ ᠲᠡᠮᠡᠴᠡᠭᠦ᠂ ᠴᠢᠭᠢ ᠬᠠᠮᠠᠭᠠᠯᠠᠬᠤ᠂ ᠬᠤᠷᠢᠶᠠᠯᠳᠠ ᠶᠢ ᠨᠡᠮᠡᠭᠳᠡᠭᠦᠯᠭᠦ ᠦᠷ᠎ᠡ ᠪᠦᠳᠦᠮᠵᠢ ᠪᠠᠷ ᠮᠠᠰᠢᠳᠡ ᠢᠯᠡᠷᠭᠡᠢ ᠪᠠᠶᠢᠳᠠᠭ᠃ ᠭᠠᠩ ᠲᠠᠢ ᠲᠠᠮᠡᠴᠡᠵᠤ ᠤᠰᠤ ᠬᠠᠮᠠᠭᠠᠯᠠᠬᠤ ᠡᠮ ᠢ ᠭᠡᠷᠡᠭᠯᠡᠪᠡᠯ ᠬᠤᠷᠢᠶᠠᠯᠳᠠ ᠨᠡᠮᠡᠭᠳᠡᠭᠦ ᠨᠤᠷᠮ᠎ᠠ ᠶᠢ 20% ᠠᠴᠠ ᠲᠡᠭᠡᠭᠰᠢ ᠳᠤ ᠭᠦᠷᠦᠭᠦᠯᠵᠤ᠂ ᠮᠤ᠋ ᠪᠦᠷᠢ ᠶᠢᠨ ᠤᠨᠠᠯᠳᠠ ᠶᠢ 70kg ᠨᠡᠮᠡᠭᠳᠡᠭᠦᠯᠵᠤ᠂ 1kg ᠡᠷᠳᠡᠨᠢ ᠰᠢᠰᠢ ᠶᠢ ᠨᠢᠭᠡ ᠲᠦᠭᠦᠷᠢᠭ ᠤᠨ ᠦᠨ᠎ᠠ ᠪᠠᠷ ᠪᠤᠳᠤᠪᠠᠯ᠂ ᠭᠠᠩ ᠲᠠᠢ ᠲᠠᠮᠡᠴᠡᠭᠦ ᠡᠮ ᠤᠨ ᠦᠪᠡᠷ ᠤᠨ ᠦᠷᠳᠡᠭ ᠤᠨ 20 ᠲᠦᠭᠦᠷᠢᠭ ᠢ ᠰᠠᠭᠤᠯᠭᠠᠨ ᠬᠠᠰᠤᠭᠠᠳ᠂ ᠮᠤ᠋ ᠪᠦᠷᠢ ᠠᠴᠠ 50 ᠲᠦᠭᠦᠷᠢᠭ ᠤᠨ ᠴᠡᠪᠡᠷ ᠤᠷᠤᠯᠭ᠎ᠠ ᠤᠯᠬᠤ ᠪᠤᠯᠤᠨ᠎ᠠ᠃
9. ᠤᠰᠤ ᠬᠠᠮᠠᠭᠠᠯᠠᠬᠤ ᠡᠮ ᠭᠡᠷᠡᠭᠯᠡᠭᠦ ᠮᠡᠷᠭᠡᠵᠢᠯ ᠢ ᠶᠠᠮᠠᠷ ᠭᠠᠵᠠᠷ ᠭᠡᠷᠡᠭᠯᠡᠭᠦ ᠳᠤ ᠲᠤᠭᠢᠷᠠᠬᠤ ᠪᠤᠢ︖
ᠭᠤᠤᠯ ᠨᠢ ᠬᠠᠪᠤᠷ ᠲᠠᠭᠠᠨ ᠬᠤᠷ᠎ᠠ ᠲᠤᠨᠤᠳᠠᠰᠤ ᠭᠦᠷᠦᠯᠴᠡᠭᠡ ᠦᠭᠡᠢ᠂ ᠲᠠᠷᠢᠮᠠᠯ ᠢᠶᠠᠨ ᠭᠡᠪ ᠤᠨ ᠶᠤᠰᠤ ᠪᠠᠷ ᠲᠠᠷᠢᠬᠤ ᠶᠢᠨ ᠠᠷᠭ᠎ᠠ ᠦᠭᠡᠢ᠂ ᠲᠠᠷᠢᠠᠠᠰᠠᠨ ᠤ ᠰᠡᠭᠦᠯᠡᠷ ᠪᠦᠷᠢᠨ ᠴᠢᠭᠢ ᠪᠠᠷᠢᠵᠤ ᠲᠠᠶᠢᠯᠭᠦ ᠦᠭᠡᠢ᠂ ᠴᠢᠭᠢ ᠲᠤᠳ᠋ᠬᠠᠳᠠᠬᠤ ᠲᠠᠯᠠᠩ ᠲᠠᠰᠤᠷᠠᠬᠤ ᠪᠤᠶᠤ ᠦᠷᠡᠵᠢᠯ ᠤᠨ ᠬᠤᠭᠤᠴᠠᠭᠠᠨ ᠳᠤᠨᠢ ᠪᠠᠶᠢᠡᠭᠭᠤ ᠤᠷᠳᠤ ᠬᠤᠭᠤᠴᠠᠭ᠎ᠠ ᠶᠢᠨ ᠭᠠᠨᠭ᠍ᠳᠠᠯ ᠲᠤᠭᠢᠶᠠᠯᠳᠤᠵᠤ᠂ ᠲᠠᠷᠢᠮᠠᠯ ᠤᠨ ᠬᠤᠷᠢᠶᠠᠯᠳᠠ ᠶᠢ ᠬᠠᠰᠤᠠᠠᠳᠠᠭᠤᠯᠳᠠᠭ ᠬᠠᠭᠤᠷᠠᠢ ᠲᠠᠷᠢᠶᠠᠯᠠᠭ᠎ᠠ ᠶᠢᠨ ᠤᠷᠤᠨ ᠳᠤ ᠭᠡᠷᠡᠭᠯᠡᠭᠦ ᠳᠤ ᠲᠤᠭᠢᠷᠠᠨ᠎ᠠ᠃
10. ᠤᠰᠤ ᠬᠠᠮᠠᠭᠠᠯᠠᠬᠤ ᠡᠮ ᠳᠤ ᠶᠠᠮᠠᠷ ᠭᠡᠳᠦᠨ ᠲᠦᠷᠦᠯ ᠪᠠᠶᠢᠬᠤ ᠪᠤᠢ︖
ᠭᠤᠤᠯ ᠨᠢ ᠪᠦᠸᠧ ᠶᠠ ︵博亚︶ ᠦᠨᠳᠤᠷ ᠡᠨᠧᠷᠭᠢᠳᠤ ᠭᠠᠩ ᠲᠠᠢ ᠲᠡᠮᠡᠴᠡᠵᠤ ᠤᠰᠤ ᠬᠠᠮᠠᠭᠠᠯᠠᠬᠤ ᠡᠮ᠂ FA ᠬᠠᠨ ᠳ᠋ᠢ ᠯᠦᠩ ︵旱地龙︶ ᠪᠠ ᠭᠡᠳᠤ ᠤᠰᠤ ᠰᠤᠷᠤᠠᠠᠴᠢ ᠨᠡᠶᠢᠯᠡᠮᠡᠯ — — ᠤᠰᠤ ᠬᠠᠮᠠᠭᠠᠯᠠᠬᠤ ᠡᠮ Aicosorb400 ᠵᠡᠷᠭᠡ ᠪᠠᠶᠢᠨ᠎ᠠ᠃
11. ᠤᠰᠤ ᠬᠠᠮᠠᠭᠠᠯᠠᠬᠤ ᠡᠮ ᠢ ᠭᠡᠷᠡᠭᠯᠡᠭᠦ ᠮᠡᠷᠭᠡᠵᠢᠯ ᠳᠤ ᠶᠠᠭᠤ ᠶᠢ ᠠᠩᠬᠠᠷᠬᠤ ᠴᠢᠬᠤᠯᠠ ᠲᠠᠢ ᠪᠤᠢ︖
︵1︶ ᠤᠰᠤ ᠬᠠᠮᠠᠭᠠᠯᠠᠬᠤ ᠡᠮ ᠢ ᠴᠢᠭᠢᠭᠳᠦᠭᠦ ᠠᠴᠠ ᠰᠡᠷᠭᠡᠶᠢᠯᠡᠵᠤ᠂ ᠨᠢᠠᠠᠳᠠ ᠪᠢᠳᠡᠭᠦᠮᠵᠢᠯᠡᠵᠤ᠂ ᠬᠠᠭᠤᠷᠠᠢ ᠭᠠᠵᠠᠷ ᠲᠤ ᠭᠡᠷᠡᠯ ᠠᠴᠠ ᠵᠠᠶᠢᠯᠠᠭᠤᠯᠵᠤ ᠬᠠᠳᠠᠭᠠᠯᠠᠬᠤ ᠭᠡᠷᠡᠭᠳᠡᠢ᠃
︵2︶ ᠤᠰᠤ ᠬᠠᠮᠠᠭᠠᠯᠠᠬᠤ ᠡᠮ ᠨᠢ ᠤᠰᠤ ᠪᠤᠢ ᠪᠤᠯᠭᠠᠬᠤ ᠴᠢᠳᠠᠪᠤᠷᠢ ᠦᠭᠡᠢ᠃ ᠭᠡᠷᠡᠭᠯᠡᠭᠰᠡᠨ ᠤ ᠰᠡᠭᠦᠯᠡᠷ ᠭᠦᠢᠴᠡᠳ ᠤᠰᠤᠯᠠᠪᠠᠯ ᠦᠷ᠎ᠠ ᠪᠦᠳᠦᠮᠵᠢ ᠤᠯᠵᠤ ᠴᠢᠳᠠᠨ᠎ᠠ᠃ ᠡᠷᠳᠡᠨᠢ ᠰᠢᠰᠢ ᠶᠢᠨ ᠤᠷᠭᠤᠯᠳᠠ ᠶᠢᠨ ᠬᠤᠭᠤᠴᠠᠭᠠᠨ ᠳᠤ ᠭᠡᠷᠪᠡ 20 ᠬᠤᠨᠤᠭ ᠠᠴᠠ ᠲᠡᠭᠡᠭᠰᠢ ᠦᠷᠭᠦᠯᠵᠢᠯᠡᠨ ᠭᠠᠨᠭ᠍ᠳᠠᠪᠠᠯ᠂ ᠤᠰᠤ ᠨᠦᠭᠦᠵᠤ ᠤᠰᠤᠯᠠᠬᠤ ᠭᠡᠷᠡᠭᠳᠡᠢ᠃
︵3︶ ᠤᠰᠤ ᠬᠠᠮᠠᠭᠠᠯᠠᠬᠤ ᠡᠮ ᠢ ᠭᠠᠵᠠᠷ ᠤᠨ ᠭᠠᠳᠠᠷᠭᠤ ᠳᠤ ᠭᠡᠷᠡᠭᠯᠡᠵᠤ ᠪᠤᠯᠬᠤ ᠦᠭᠡᠢ᠃ ᠲᠠᠷᠢᠮᠠᠯ ᠤᠨ ᠦᠨᠳᠤᠰᠤᠨ ᠭᠡᠰᠡᠭ ᠳᠤ ᠭᠡᠷᠡᠭᠯᠡᠪᠡᠯ ᠮᠠᠰᠢ ᠰᠠᠶᠢᠨ ᠦᠷ᠎ᠠ ᠪᠦᠳᠦᠮᠵᠢ ᠤᠯᠤᠨ᠎ᠠ᠃
12. ᠬᠠᠮᠠᠭᠠᠯᠠᠯᠳᠠ ᠶᠢᠨ ᠴᠢᠨᠠᠷ ᠲᠠᠢ ᠬᠠᠭᠠᠯᠪᠤᠷᠢᠯᠠᠬᠤ ᠮᠡᠷᠭᠡᠵᠢᠯ ᠤᠨ ᠭᠤᠤᠯᠳᠠᠯᠭ᠎ᠠ ᠨᠢ ᠶᠠᠭᠤ ᠪᠤᠢ︖
ᠮᠧᠬᠠᠨᠢᠭ ᠢᠶᠠᠷ ᠬᠠᠭᠠᠯᠪᠤᠷᠢᠯᠠᠬᠤ ᠦᠭᠡᠢ ᠪᠠᠷ ᠲᠠᠷᠢᠬᠤ ᠮᠡᠷᠭᠡᠵᠢᠯ ᠪᠤᠯ ᠬᠠᠮᠠᠭᠠᠯᠠᠯᠳᠠ ᠶᠢᠨ ᠴᠢᠨᠠᠷ ᠲᠠᠢ ᠲᠠᠷᠢᠬᠤ ᠮᠡᠷᠭᠡᠵᠢᠯ ᠤᠨ ᠵᠠᠩᠭᠢᠯᠠᠭ᠎ᠠ ᠪᠤᠯᠤᠨ᠎ᠠ᠃ ᠲᠡᠭᠦᠨ ᠤ ᠭᠤᠤᠯ ᠠᠭᠤᠯᠭ᠎ᠠ ᠨᠢ ᠭᠡᠪᠡᠯ᠄ ᠭᠦᠷᠤᠰᠤ ᠰᠢᠷᠤᠢ ᠶᠢ ᠠᠯᠢ ᠴᠢᠳᠠᠬᠤ ᠪᠠᠷ ᠴᠦᠭᠡᠨ ᠤᠷᠪᠠᠭᠤᠯᠬᠤ ᠤᠷᠢᠳᠠᠯ ᠲᠤᠤᠷ᠎ᠠ ᠮᠠᠰᠢᠨ ᠢᠶᠠᠷ ᠬᠠᠭᠠᠯᠪᠤᠷᠢᠯᠠᠬᠤ ᠦᠭᠡᠢ ᠪᠠᠷ ᠲᠠᠷᠢᠬᠤ ᠪᠤᠶᠤ ᠭᠤᠤᠷᠰᠤ ᠶᠢ ᠡᠪᠳᠡᠨ ᠲᠠᠷᠢᠵᠤ᠂ ᠪᠤᠷᠳᠤᠭᠤᠷ ᠤᠷᠤᠭᠤᠯᠪᠠᠯ᠂ ᠠᠯᠢ ᠴᠢᠳᠠᠬᠤ ᠪᠠᠷ ᠤᠯᠠᠨ ᠡᠰᠢ ᠨᠠᠪᠴᠢ᠂ ᠦᠯᠡᠳᠡᠭᠳᠡᠯ ᠭᠤᠤᠷᠰᠤ ᠪᠠᠷ ᠭᠠᠵᠠᠷ ᠢ ᠬᠤᠴᠢᠵᠤ᠂ ᠭᠢᠮᠢ ᠶᠢᠨ ᠡᠮ ᠢᠶᠠᠷ ᠰᠤᠯᠠ ᠡᠪᠡᠰᠤ ᠶᠢ ᠠᠷᠢᠯᠭᠠᠨ ᠭᠡᠮ ᠬᠤᠷᠤᠬᠠᠢ ᠶᠢᠨ ᠭᠦᠨᠦᠭᠡᠯ ᠢ ᠰᠡᠷᠭᠡᠶᠢᠯᠡᠨ᠎ᠡ᠃ ᠲᠡᠭᠦᠨ ᠤ ᠮᠡᠷᠭᠡᠵᠢᠯ ᠤᠨ ᠤᠷ᠎ᠡ ᠮᠡᠷᠭᠡᠰᠢᠯ ᠤᠨ ᠱᠤᠭᠤᠮ ᠨᠢ ᠪᠤᠯ ᠬᠠᠳᠤᠵᠤ ᠬᠤᠷᠢᠶᠠᠬᠤ ᠳᠠᠭᠠᠨ ᠦᠨᠳᠤᠷ ᠭᠤᠤᠷᠰᠤ ᠦᠯᠡᠳᠡᠭᠡᠭᠦ → ᠪᠦᠭᠦ ᠭᠡᠪᠴᠢᠶᠠᠨ ᠳᠤ ᠭᠦᠨ ᠰᠤᠯᠠᠷᠠᠭᠤᠯᠬᠤ → ᠬᠠᠭᠠᠯᠪᠤᠷᠢᠯᠠᠬᠤ ᠦᠭᠡᠢ ᠪᠠᠷ ᠮᠠᠰᠢᠨ ᠢᠶᠠᠷ ᠲᠠᠷᠢᠬᠤ ᠪᠤᠶᠤ ᠭᠤᠤᠷᠰᠤ ᠶᠢ ᠡᠪᠳᠡᠨ ᠲᠠᠷᠢᠬᠤ → ᠭᠢᠮᠢ ᠶᠢᠨ ᠡᠮ ᠢᠶᠠᠷ ᠰᠤᠯᠠ ᠡᠪᠡᠰᠤ ᠶᠢ ᠠᠷᠢᠯᠭᠠᠬᠤ ᠪᠤᠶᠤ ᠭᠦᠢᠭᠡᠨ ᠬᠠᠭᠠᠯᠪᠤᠷᠢᠯᠡᠨ ᠡᠪᠡᠰᠤ ᠶᠢ ᠠᠷᠢᠯᠭᠠᠬᠤ → ᠭᠡᠮ ᠬᠤᠷᠤᠬᠠᠢ ᠶᠢᠨ ᠭᠦᠨᠦᠭᠡᠯ ᠢ ᠰᠡᠷᠭᠡᠶᠢᠯᠡᠨ ᠵᠠᠰᠠᠬᠤ ᠵᠢᠴᠢ ᠲᠠᠷᠢᠶᠠᠨ ᠳᠠᠬᠢ ᠪᠤᠰᠤᠳ ᠬᠠᠮᠢᠶᠠᠷᠤᠯᠳᠠ ᠶᠢᠨ ᠠᠷᠭ᠎ᠠ ᠭᠡᠮᠵᠢᠶ᠎ᠠ ᠮᠡᠳᠤ ᠪᠠᠷ ᠶᠠᠪᠤᠠᠠᠳᠠᠭᠤᠯᠤᠨ᠎ᠠ᠃
13. ᠬᠠᠮᠠᠭᠠᠯᠠᠯᠳᠠ ᠶᠢᠨ ᠴᠢᠨᠠᠷ ᠲᠠᠢ ᠲᠠᠷᠢᠬᠤ ᠨᠢ ᠶᠠᠭᠠᠭᠢᠬᠤ ᠳᠠᠭᠠᠨ ᠡᠶᠢᠮᠤ ᠰᠠᠶᠢᠨ ᠦᠷ᠎ᠡ ᠳ᠋ᠦᠩ ᠳᠤ ᠭᠦᠷᠳᠡᠭ ᠪᠤᠢ︖
ᠬᠠᠮᠠᠭᠠᠯᠠᠯᠳᠠ ᠶᠢᠨ ᠴᠢᠨᠠᠷ ᠲᠠᠢ ᠲᠠᠷᠢᠬᠤ ᠶᠢᠨ ᠭᠤᠤᠯ ᠦᠢᠯᠡᠳᠦᠯ ᠨᠢ ᠪᠤᠯ ᠭᠦᠷᠦᠰᠤ ᠰᠢᠷᠤᠢ ᠶᠢ ᠰᠤᠯᠠᠷᠠᠭᠤᠯᠬᠤ ᠶᠠᠪᠤᠳᠠᠯ ᠪᠤᠯᠤᠨ᠎ᠠ᠃ ᠲᠡᠭᠦᠨ ᠤ ᠦᠨᠳᠦᠰᠦᠯᠡᠯ ᠢ ᠪᠠᠭᠴᠠᠯᠠᠭᠠᠳ ᠭᠡᠯᠡᠪᠡᠯ ᠲᠦᠷᠪᠡᠨ ᠵᠦᠢᠯ ᠪᠠᠶᠢᠨ᠎ᠠ᠃
︵1︶ ᠦᠨᠳᠤᠰᠤᠨ ᠰᠢᠰᠲ᠋ᠧᠮ ᠤᠨ ᠰᠢᠷᠤᠢ ᠶᠢ ᠰᠤᠯᠠᠷᠠᠭᠤᠯᠤᠨ᠎ᠠ᠃ ᠲᠠᠷᠢᠮᠠᠯ ᠤᠨ ᠦᠨᠳᠤᠰᠤ ᠨᠢ ᠦᠭᠦᠭᠡᠳ ᠢᠯᠵᠠᠷᠬᠠᠰᠠᠨ ᠤ ᠰᠡᠭᠦᠯᠡᠷ ᠶᠡᠭᠡ ᠭᠡᠮᠵᠢᠶᠠᠨ ᠤ ᠨᠦᠭᠡ ᠰᠦᠪᠠ ᠦᠯᠡᠳᠡᠭᠡᠵᠤ᠂ ᠤᠰᠤ ᠰᠢᠮᠡᠳᠭᠡᠵᠤ᠂ ᠰᠢᠯᠵᠢᠭᠦᠯᠵᠤ᠂ ᠭᠡᠢ ᠪᠡᠶᠡᠳᠤ ᠶᠢ ᠰᠤᠯᠢᠯᠴᠠᠭᠤᠯᠵᠤ ᠪᠤᠯᠤᠨ᠎ᠠ᠃ ᠬᠠᠭᠠᠯᠪᠤᠷᠢᠯᠠᠬᠤ ᠦᠭᠡᠢ ᠪᠠᠷ ᠲᠠᠷᠢᠬᠤ ᠨᠢ ᠡᠳᠡᠭᠡᠷ ᠨᠦᠭᠡ ᠰᠦᠪᠠ ᠶᠢ ᠤᠯᠠᠰᠢᠷᠠᠭᠤᠯᠵᠤ᠂ ᠲᠠᠷᠢᠮᠠᠯ ᠤᠨ ᠤᠷᠭᠤᠯᠳᠠ ᠳᠤ ᠨᠡᠩ ᠠᠰᠢᠠᠠᠳᠠᠢ ᠪᠤᠯᠭᠠᠳᠠᠭ᠃
︵2︶ ᠴᠢᠭᠢᠭ ᠤᠨ ᠤᠯᠠᠭᠠᠨ ᠬᠤᠷᠤᠬᠠᠢ ᠪᠠᠷ ᠭᠦᠷᠤᠰᠤ ᠶᠢ ᠰᠤᠯᠠᠷᠠᠭᠤᠯᠤᠨ᠎ᠠ᠃ ᠭᠦᠷᠦᠰᠤ ᠰᠢᠷᠤᠢ ᠶᠢ ᠤᠷᠳᠤ ᠬᠤᠭᠤᠴᠠᠭ᠎ᠠ ᠪᠠᠷ ᠤᠷᠪᠠᠭᠤᠯᠬᠤ ᠦᠭᠡᠢ ᠪᠠ ᠤᠷᠭᠤᠮᠠᠯ ᠤᠨ ᠮᠠᠰᠢ ᠤᠯᠠᠨ ᠦᠨᠳᠤᠰᠤ ᠶᠢ ᠦᠯᠡᠳᠡᠭᠡᠭᠦ ᠠᠴᠠ ᠪᠤᠯᠤᠭᠠᠳ ᠭᠦᠷᠦᠰᠤᠨ ᠳᠠᠬᠢ ᠤᠤᠯ ᠠᠴᠠ ᠪᠠᠶᠢᠠᠠᠰᠠᠨ ᠠᠮᠢᠳᠤ ᠪᠤᠳᠠᠰ ᠤᠨ ᠠᠮᠢᠳᠤ ᠴᠤᠠᠠᠴᠠ ᠶᠢᠨ ᠦᠷᠡᠵᠢᠨ ᠲᠦᠯᠵᠢᠭᠦ ᠳᠤ ᠲᠤᠭᠢᠷᠠᠮᠵᠢᠳᠡᠢ ᠪᠤᠰᠤᠳᠴᠢ ᠤᠷᠴᠢᠨ ᠲᠤᠭᠤᠷᠢᠨ ᠤ ᠨᠦᠭᠦᠴᠡᠯ ᠢ ᠬᠠᠨᠭ᠍ᠭᠠᠨ ᠦᠭᠳᠡᠭ᠃ ᠡᠳᠡᠭᠡᠷ ᠴᠢᠭᠢᠭ ᠤᠨ ᠤᠯᠠᠭᠠᠨ ᠬᠤᠷᠤᠬᠠᠢ᠂ ᠬᠤᠮᠠᠭᠢ ᠪᠤᠳᠠᠰ ᠵᠡᠷᠭᠡ ᠶᠢᠨ ᠪᠤᠢ ᠪᠤᠯᠭᠠᠠᠠᠰᠠᠨ ᠨᠦᠭᠡ ᠨᠢ ᠤᠰᠤ᠂ ᠭᠡᠢ᠂ ᠪᠤᠷᠳᠤᠭᠤᠷ ᠤᠨ ᠮᠠᠰᠢ ᠰᠠᠶᠢᠨ ᠨᠡᠪᠳᠡᠷᠡᠭᠦ ᠵᠠᠮ ᠪᠤᠯᠵᠤ᠂ ᠮᠠᠰᠢ ᠰᠠᠶᠢᠨ ᠭᠦᠷᠦᠰᠤᠨ ᠲᠠᠪᠬᠤᠷᠭ᠎ᠠ ᠶᠢ ᠪᠤᠢ ᠪᠤᠯᠭᠠᠬᠤ ᠳᠤ ᠠᠰᠢᠠᠠᠳᠠᠢ ᠪᠠᠶᠢᠳᠠᠭ᠃
︵3︶ ᠲᠡᠨ᠋ᠶᠢᠵᠤ ᠠᠪᠴᠢᠭᠤᠯᠤᠨ ᠭᠦᠷᠦᠰᠤ ᠶᠢ ᠰᠤᠯᠠᠷᠠᠭᠤᠯᠤᠨ᠎ᠠ᠃ ᠭᠦᠷᠤᠰᠤ ᠰᠢᠷᠤᠢ ᠨᠢ ᠡᠪᠤᠯ ᠭᠦᠯᠳᠡᠨ ᠬᠠᠪᠤᠷ ᠭᠡᠰᠴᠦ᠂ ᠬᠠᠭᠤᠷᠠᠢ ᠨᠦᠢᠳᠡᠨ ᠨᠢ ᠰᠤᠯᠢᠯᠴᠠᠭᠠᠳ᠂ ᠭᠦᠷᠦᠰᠤ ᠰᠢᠷᠤᠢ ᠶᠢᠨ ᠲᠡᠨ᠋ᠶᠢᠭᠦ ᠪᠠ ᠠᠪᠴᠢᠬᠤ ᠪᠠᠶᠢᠭᠠᠯᠢᠯᠢᠬ ᠶᠠᠪᠤᠴᠠ ᠳᠤ ᠭᠦᠷᠦᠰᠤ ᠰᠢᠷᠤᠢ ᠶᠢ ᠰᠤᠯᠠᠷᠠᠭᠤᠯᠬᠤ ᠪᠠ ᠵᠠᠢ ᠵᠠᠪᠰᠠᠷ ᠢ ᠤᠯᠠᠰᠢᠷᠠᠭᠤᠯᠳᠠᠭ᠃
︵4︶ ᠪᠦᠳᠦᠴᠡ ᠪᠠᠷ ᠭᠦᠷᠦᠰᠤ ᠶᠢ ᠰᠤᠯᠠᠷᠠᠭᠤᠯᠤᠨ᠎ᠠ᠃ ᠠᠮᠢᠳᠤ ᠪᠤᠳᠠᠰ ᠤᠨ ᠦᠯᠡᠳᠡᠭᠳᠡᠯ ᠭᠤᠤᠷᠰᠤ ᠶᠢ ᠭᠡᠮᠭᠡᠯᠦᠨ ᠬᠤᠯᠢᠬᠤ ᠪᠠᠷ ᠲᠠᠮᠵᠢᠭᠤᠯᠤᠨ ᠭᠦᠷᠤᠰᠤ ᠰᠢᠷᠤᠢ ᠶᠢᠨ ᠪᠦᠭᠡᠮ ᠮᠦᠭᠦᠯᠢᠭ ᠪᠦᠳᠦᠴᠡ ᠶᠢ ᠨᠡᠮᠡᠭᠳᠡᠭᠦᠯᠵᠤ᠂ ᠬᠤᠮᠠᠭᠢ ᠪᠤᠳᠠᠰ ᠢ ᠭᠦᠭᠵᠢᠶᠠᠨ ᠲᠠᠢ ᠪᠤᠯᠭᠠᠵᠤ᠂ ᠭᠦᠷᠦᠰᠤᠨ ᠲᠠᠪᠬᠤᠷᠭ᠎ᠠ ᠶᠢ ᠰᠤᠯᠠᠷᠠᠭᠤᠯᠤᠨ ᠲᠤᠠᠠᠳᠠᠪᠤᠷᠢᠵᠢᠭᠤᠯᠬᠤ ᠳᠤ ᠠᠰᠢᠠᠠᠳᠠᠢ ᠪᠠᠶᠢᠵᠤ᠂ ᠬᠤᠷ᠎ᠠ ᠪᠤᠷᠤᠭᠠᠨ᠂ ᠤᠰᠤᠯᠠᠯᠳᠠ ᠵᠡᠷᠭᠡ ᠶᠢᠨ ᠨᠦᠯᠦᠭᠡᠨ ᠲᠤᠤᠷ᠎ᠠ ᠠᠮᠠᠷᠬᠠᠨ ᠬᠠᠳᠠᠭᠤᠷᠠᠬᠤ ᠦᠭᠡᠢ ᠪᠤᠯᠭᠠᠳᠠᠭ᠃ ᠬᠠᠮᠠᠭᠠᠯᠠᠯᠳᠠ ᠶᠢᠨ ᠴᠢᠨᠠᠷ ᠲᠠᠢ ᠲᠠᠷᠢᠬᠤ ᠨᠢ ᠤᠷᠭᠠᠨᠢᠭ ᠪᠤᠳᠠᠰ ᠢ ᠨᠡᠮᠡᠭᠳᠡᠭᠦᠯᠵᠤ᠂ ᠲᠠᠷᠢᠮᠠᠯ ᠢ ᠪᠠᠭᠠᠰᠬᠠᠳᠠᠭ ᠪᠤᠯᠬᠤᠷ ᠪᠦᠭᠡᠮ ᠮᠦᠭᠦᠯᠢᠭ ᠤᠨ ᠪᠦᠳᠦᠴᠡ ᠶᠢ ᠪᠤᠢ ᠪᠤᠯᠭᠠᠬᠤ ᠳᠤ ᠠᠰᠢᠠᠠᠳᠠᠢ ᠪᠠᠶᠢᠳᠠᠭ᠃
14. ᠬᠠᠮᠠᠭᠠᠯᠠᠯᠳᠠ ᠶᠢᠨ ᠴᠢᠨᠠᠷ ᠲᠠᠢ ᠲᠠᠷᠢᠬᠤ ᠳᠤ ᠦᠭᠡᠷ᠎ᠡ ᠪᠠᠰᠠ ᠶᠠᠮᠠᠷ ᠲᠦᠭᠦᠷᠵᠢᠭᠰᠡᠨ ᠮᠠᠷᠭᠡᠵᠢᠯ ᠪᠠᠶᠢᠬᠤ ᠪᠤᠢ︖
ᠡᠭᠦᠨ ᠳᠤ ᠲᠦᠷᠪᠡᠨ ᠵᠦᠢᠯ ᠤᠨ ᠲᠦᠭᠦᠷᠵᠢᠭᠰᠡᠨ ᠮᠡᠷᠭᠡᠵᠢᠯ ᠪᠠᠶᠢᠨ᠎ᠠ᠃ ︵1︶ ᠭᠠᠵᠠᠷ ᠲᠠᠯᠠᠪᠠᠢ ᠰᠤᠩᠭᠤᠬᠤ ᠪᠠ ᠲᠠᠷᠢᠮᠠᠯ ᠤᠨ ᠭᠤᠤᠷᠰᠤ ᠶᠢ ᠦᠨᠳᠤᠷ ᠦᠯᠡᠳᠡᠭᠡᠨ᠎ᠡ᠃ ︵2︶ ᠪᠦᠭᠦ ᠲᠠᠯ᠎ᠠ ᠪᠠᠷ ᠭᠦᠷᠦᠰᠤ ᠶᠢ ᠭᠦᠨ ᠰᠤᠯᠠᠷᠠᠭᠤᠯᠤᠨ᠎ᠠ᠃ ︵3︶ ᠡᠮᠦᠨ᠎ᠠ ᠲᠠᠷᠢᠠᠠᠰᠠᠨ ᠲᠠᠷᠢᠮᠠᠯ ᠤᠨ ᠭᠤᠤᠷᠰᠤ ᠶᠢ ᠰᠠᠶᠢᠳᠤᠷ ᠰᠢᠢᠳᠪᠤᠷᠢᠯᠡᠨ᠎ᠡ᠃ ︵4︶ ᠬᠠᠭᠠᠯᠪᠤᠷᠢᠯᠠᠬᠤ ᠦᠭᠡᠢ ᠪᠠᠷ ᠲᠠᠷᠢᠬᠤ ᠮᠠᠰᠢᠨ ᠢᠶᠠᠷ ᠲᠠᠷᠢᠨ᠎ᠠ᠃
15. ᠡᠷᠳᠡᠨᠢ ᠰᠢᠰᠢ ᠶᠢ ᠲᠠᠷᠢᠬᠤ ᠳᠤ ᠦᠭᠡᠷ᠎ᠡ ᠪᠠᠰᠠ ᠤᠨᠴᠠᠭᠠᠢ ᠱᠠᠭᠠᠷᠳᠠᠯᠭ᠎ᠠ ᠪᠠᠶᠢᠨ᠎ᠠ ᠤᠤ︖
︵1︶ ᠴᠢᠭᠢᠭ ᠤᠨ ᠱᠠᠭᠠᠷᠳᠠᠯᠭ᠎ᠠ ᠲᠠᠢ ᠪᠤᠯᠤᠨ᠎ᠠ᠃ ᠡᠯᠡᠰᠦᠷᠭᠡᠭ ᠰᠢᠷᠤᠢ ᠶᠢᠨ ᠤᠰᠤᠨ ᠤ ᠠᠭᠤᠯᠤᠭᠳᠠᠴᠨ ᠨᠢ 16.5% ᠠᠴᠠ ᠲᠡᠭᠡᠭᠰᠢ᠂ ᠨᠠᠩᠭᠢ ᠰᠢᠷᠤᠢ ᠪᠠ ᠰᠦᠪᠡᠷᠭᠡᠭ ᠰᠢᠷᠤᠢ ᠶᠢᠨ ᠬᠢ ᠨᠢ 17% ᠠᠴᠠ ᠲᠡᠭᠡᠭᠰᠢ ᠪᠠᠶᠢᠬᠤ ᠶᠢ ᠱᠠᠭᠠᠷᠳᠠᠨ᠎ᠠ᠃ ︵2︶ ᠭᠦᠨ ᠲᠠᠷᠢᠨ᠎ᠠ᠃ ᠡᠷᠳᠡᠨᠢ ᠰᠢᠰᠢ ᠶᠢᠨ ᠲᠤᠭᠢᠷᠠᠮᠵᠢᠳᠡᠢ ᠲᠠᠷᠢᠬᠤ ᠭᠦᠨᠴᠡ ᠶᠢ 6cm ᠤᠷᠴᠢᠮ᠂ ᠰᠢᠷᠤᠢ ᠶᠢᠨ ᠬᠤᠴᠢᠯᠳᠠ ᠶᠢ 4cm ᠤᠷᠴᠢᠮ ᠪᠠᠶᠢᠯᠭᠠᠵᠤ᠂
ᠵᠤᠷᠠᠭ᠎ᠠ ᠶᠢ ᠲᠡᠭᠰᠢᠭᠡᠨ ᠪᠦᠭᠡᠳ ᠵᠠᠢ ᠶᠢ ᠨᠢ ᠠᠳᠠᠯᠢ ᠪᠠᠶᠢᠯᠭᠠᠬᠤ ᠭᠡᠷᠡᠭᠳᠡᠢ᠃ ︵3︶ ᠲᠠᠷᠢᠬᠤ ᠭᠡᠮᠵᠢᠶ᠎ᠠ ᠪᠤᠯᠤᠨ᠎ᠠ᠃ ᠲᠠᠷᠢᠬᠤ ᠰᠤᠷᠲ ᠤᠨ ᠨᠢᠠᠠᠳᠠᠴᠠ ᠶᠢᠨ ᠱᠠᠭᠠᠷᠳᠠᠯᠭ᠎ᠠ ᠪᠤᠯᠤᠨ ᠦᠷ᠎ᠡ ᠶᠢᠨ ᠮᠢᠩᠭᠠᠨ ᠮᠦᠭᠦᠯᠢᠭ ᠤᠨ ᠭᠦᠨᠳᠤ᠂ ᠰᠤᠶᠤᠭᠠᠯᠠᠯᠳᠠ ᠶᠢᠨ ᠨᠤᠷᠮ᠎ᠠ ᠵᠡᠷᠭᠡ ᠪᠠᠷ ᠲᠠᠷᠢᠬᠤ ᠭᠡᠮᠵᠢᠶ᠎ᠠ ᠶᠢ ᠭᠢᠨᠠᠨ ᠲᠤᠠᠠᠳᠠᠭᠠᠵᠤ᠂ ᠶᠠᠷᠦᠩᠭᠡᠢ ᠳᠡᠭᠡᠨ ᠮᠤ᠋ ᠪᠦᠷᠢ 1.5~2kg ᠲᠠᠷᠢᠵᠤ᠂ ᠮᠤ᠋ ᠪᠦᠷᠢ ᠶᠢᠨ ᠰᠠᠭᠤᠷᠢ ᠶᠢᠨ ᠲᠤᠭ᠎ᠠ ᠶᠢ 3500~4000 ᠪᠠᠶᠢᠯᠭᠠᠨ᠎ᠠ᠃ ︵4︶ ᠪᠤᠷᠳᠤᠭᠤᠷ ᠤᠨ ᠲᠦᠷᠦᠯ ᠵᠦᠢᠯ ᠭᠢᠭᠡᠳ ᠤᠷᠤᠭᠤᠯᠬᠤ ᠲᠤᠭ᠎ᠠ ᠭᠡᠮᠵᠢᠶ᠎ᠠ ᠪᠤᠯᠤᠨ᠎ᠠ᠃ ᠰᠠᠭᠤᠷᠢ ᠪᠤᠷᠳᠤᠭᠤᠷ ᠤᠷᠤᠭᠤᠯᠬᠤ ᠳᠤ ᠮᠠᠰᠢᠨ ᠪᠠᠭᠠᠵᠢ ᠪᠠᠷ ᠲᠠᠷᠢᠬᠤ ᠶᠢᠨ ᠲᠠᠭᠠᠤ ᠬᠠᠮᠳᠤ ᠳᠤᠨᠢ ᠤᠷᠤᠭᠤᠯᠳᠠᠭ᠃ ᠡᠶᠢᠮᠤ ᠠᠴᠠ ᠡᠷᠭᠡᠪᠰᠢ ᠦᠨᠳᠤᠷ ᠦᠳᠭᠡᠴᠡ ᠲᠠᠢ ᠮᠦᠭᠦᠯᠢᠭ ᠭᠡᠯᠪᠡᠷᠢ ᠶᠢᠨ ᠨᠡᠶᠢᠯᠡᠮᠡᠯ ᠪᠤᠷᠳᠤᠭᠤᠷ ᠪᠤᠶᠤ ᠠᠽᠤᠲ᠂ ᠹᠤᠰᠹᠤᠷ᠂ ᠺᠠᠯᠢ ᠶᠢᠨ ᠬᠤᠯᠢᠮᠠᠭ ᠨᠠᠶᠢᠷᠠᠯᠭ᠎ᠠ ᠶᠢᠨ ᠪᠤᠷᠳᠤᠭᠤᠷ ᠪᠠᠶᠢᠬᠤ ᠶᠢ ᠱᠠᠭᠠᠷᠳᠠᠨ᠎ᠠ᠃ ᠶᠠᠷᠦᠩᠭᠡᠢ ᠳᠡᠭᠡᠨ ᠹᠤᠰᠹᠤᠷ ᠭᠦᠴᠢᠯ ᠤᠨ ᠬᠤᠶᠠᠷᠴᠢ ᠠᠮᠮᠤᠨᠢ 10~15kg᠂ ᠰᠢᠭᠡᠰᠦᠯᠢᠭ ᠡᠳ᠋ 5~10kg᠂ ᠭᠦᠭᠦᠷ ᠭᠦᠴᠢᠯ ᠤᠨ ᠺᠠᠯᠢ 5~7kg ᠤᠷᠤᠭᠤᠯᠤᠨ᠎ᠠ᠃ ᠦᠷ᠎ᠡ ᠶᠢ ᠪᠤᠷᠳᠤᠭᠤᠷ ᠠᠴᠠ 3~5cm ᠵᠠᠶᠢᠳᠠᠢ ᠪᠠᠶᠢᠯᠭᠠᠵᠤ᠂ ᠪᠤᠷᠳᠤᠭᠤᠷ ᠢ 10~15cm ᠤᠷᠴᠢᠮ ᠭᠦᠨ ᠤᠷᠤᠭᠤᠯᠤᠨ᠎ᠠ᠃ ᠪᠤᠷᠳᠤᠭᠤᠷ ᠨᠦᠭᠦᠨ ᠤᠷᠤᠭᠤᠯᠬᠤ ᠳᠤ ᠮᠤ᠋ ᠪᠦᠷᠢ 15~20 kg ᠰᠢᠭᠡᠰᠦᠯᠢᠭ ᠡᠳ᠋ ᠨᠦᠭᠦᠨ ᠤᠷᠤᠭᠤᠯᠤᠨ᠎ᠠ᠃
16. ᠠᠩᠬᠠᠷᠬᠤ ᠴᠢᠬᠤᠯᠠ ᠲᠠᠢ ᠶᠠᠮᠠᠷ ᠠᠰᠠᠭᠤᠳᠠᠯ ᠪᠠᠶᠢᠨ᠎ᠠ ᠪᠤᠢ︖
︵1︶ ᠬᠠᠭᠠᠯᠪᠤᠷᠢᠯᠠᠬᠤ ᠦᠭᠡᠢ ᠪᠠᠷ ᠲᠠᠷᠢᠬᠤ ᠮᠠᠰᠢᠨ ᠤ ᠲᠠᠮᠵᠢᠬᠤ ᠴᠢᠨᠠᠷ᠂ ᠨᠠᠶᠢᠳᠠᠪᠤᠷᠢᠳᠤ ᠴᠢᠨᠠᠷ ᠨᠢ ᠪᠠᠷᠤᠠᠠᠳᠠᠢ ᠪᠠᠶᠢᠵᠤ᠂ ᠠᠳᠠᠯᠢ ᠪᠤᠰᠤ ᠭᠡᠮᠵᠢᠶᠠᠨ ᠤ ᠲᠠᠯ᠎ᠠ ᠪᠠᠷ ᠪᠦᠭᠯᠡᠷᠡᠭᠦ᠂ ᠡᠪᠡᠰᠤ ᠤᠷᠢᠶᠠᠯᠳᠤᠬᠤ ᠠᠰᠠᠭᠤᠳᠠᠯ ᠤᠷᠤᠰᠢᠵᠤ᠂ ᠠᠵᠢᠯᠯᠠᠬᠤ ᠦᠶᠡᠰ ᠰᠠᠭᠠᠳ ᠬᠠᠷᠰᠢ ᠤᠯᠠᠨ ᠭᠠᠷᠴᠤ᠂ ᠰᠡᠯᠪᠢᠭ ᠲᠤᠨᠤᠭ ᠨᠢ ᠠᠮᠠᠷᠬᠠᠨ ᠡᠪᠳᠡᠷᠡᠳᠡᠭ᠃
︵2︶ ᠭᠢᠮᠢ ᠶᠢᠨ ᠡᠮ ᠢᠶᠠᠷ ᠰᠤᠯᠠ ᠡᠪᠡᠰᠤ ᠶᠢ ᠠᠷᠢᠯᠭᠠᠬᠤ ᠳᠤ ᠭᠡᠷᠪᠡ ᠭᠠᠩ ᠬᠠᠭᠤᠷᠠᠢ᠂ ᠰᠠᠯᠭᠢ ᠶᠡᠭᠡᠳᠡᠢ ᠪᠠᠶᠢᠳᠠᠯ ᠳᠤ ᠲᠤᠭᠢᠶᠠᠯᠳᠤᠪᠠᠯ᠂ ᠡᠪᠡᠰᠤ ᠠᠷᠢᠯᠭᠠᠬᠤ ᠦᠷ᠎ᠡ ᠪᠦᠳᠦᠮᠵᠢ ᠨᠢ ᠠᠨᠠᠢ ᠪᠠᠶᠢᠳᠠᠭ᠃
︵3︶ ᠪᠤᠷᠳᠤᠭᠤᠷ ᠤᠷᠤᠭᠤᠯᠬᠤ ᠪᠠ ᠲᠠᠷᠢᠬᠤ ᠶᠢ ᠠᠯᠢ ᠴᠢᠳᠠᠬᠤ ᠪᠠᠷ ᠨᠢᠬᠡ ᠯᠠ ᠲᠡᠭᠡᠷ᠎ᠡ ᠭᠦᠢᠴᠡᠳᠭᠡᠵᠤ᠂ ᠲᠠᠷᠢᠶᠠᠨ ᠭᠠᠵᠠᠷ ᠲᠤ ᠤᠯᠠᠠᠳᠠ ᠤᠷᠤᠬᠤ ᠶᠢ ᠴᠦᠭᠡᠳᠭᠡᠵᠤ᠂ ᠴᠢᠭᠢᠭ ᠨᠢ ᠮᠠᠭᠤᠳᠠᠬᠤ ᠶᠢ ᠪᠠᠭᠠᠰᠬᠠᠬᠤ ᠭᠡᠷᠡᠭᠳᠡᠢ᠃
︵4︶ ᠭᠤᠤᠷᠰᠤ ᠶᠢ ᠡᠪᠳᠡᠨ ᠭᠤᠤ ᠭᠠᠷᠭᠠᠬᠤ ᠪᠠ ᠲᠠᠷᠢᠬᠤ ᠭᠤᠤ ᠭᠠᠷᠭᠠᠬᠤ ᠳᠤ 3~5cm ᠤᠨ ᠲᠤᠰᠠᠭᠠᠷᠯᠠᠬᠤ ᠪᠦᠰᠡ ᠲᠠᠢ ᠪᠠᠶᠢᠯᠭᠠᠬᠤ ᠭᠡᠷᠡᠭᠳᠡᠢ᠃
17. ᠬᠠᠭᠠᠯᠪᠤᠷᠢᠯᠠᠬᠤ ᠦᠭᠡᠢ ᠪᠠᠷ ᠲᠠᠷᠢᠬᠤ ᠮᠡᠷᠭᠡᠵᠢᠯ ᠢ ᠭᠤᠤᠯ ᠨᠢ ᠶᠠᠮᠠᠷ ᠭᠠᠵᠠᠷ ᠤᠷᠤᠨ ᠢᠶᠠᠷ ᠭᠡᠷᠡᠭᠯᠡᠭᠦ ᠳᠤ ᠲᠤᠭᠢᠷᠠᠬᠤ ᠪᠤᠢ︖
ᠬᠠᠭᠠᠯᠪᠤᠷᠢᠯᠠᠬᠤ ᠦᠭᠡᠢ ᠪᠠᠷ ᠲᠠᠷᠢᠬᠤ ᠮᠡᠷᠭᠡᠵᠢᠯ ᠢ ᠭᠤᠤᠯ ᠨᠢ ᠭᠠᠩ ᠬᠠᠭᠤᠷᠠᠢ᠂ ᠬᠤᠷ᠎ᠠ ᠪᠤᠷᠤᠭᠠᠨ ᠪᠠᠭ᠎ᠠ ᠲᠠᠢ᠂ ᠰᠠᠯᠭᠢ ᠶᠡᠭᠡᠳᠡᠢ ᠭᠠᠵᠠᠷ ᠤᠷᠤᠨ ᠢᠶᠠᠷ ᠭᠡᠷᠡᠭᠯᠡᠭᠦ ᠳᠤ ᠲᠤᠭᠢᠷᠠᠨ᠎ᠠ᠃ ᠢᠯᠠᠩᠭᠤᠶ᠎ᠠ ᠵᠢᠯ ᠤᠨ ᠬᠤᠷ᠎ᠠ ᠲᠤᠨᠤᠳᠠᠰᠤ ᠶᠢᠨ ᠭᠡᠮᠵᠢᠶ᠎ᠠ ᠨᠢ 500mm ᠭᠦᠷᠳᠡᠭ ᠦᠭᠡᠢ᠂ ᠭᠦᠷᠤᠰᠤ ᠰᠢᠷᠤᠢ ᠨᠢ ᠰᠦᠷᠡᠭᠡᠢ ᠢᠳᠡᠭᠳᠡᠵᠤ ᠡᠯᠡᠰᠦᠷᠭᠡᠭᠵᠢᠭᠰᠡᠨ ᠪᠠ ᠮᠠᠰᠢᠨ ᠢᠶᠠᠷ ᠠᠵᠢᠯᠯᠠᠬᠤ ᠨᠦᠭᠦᠴᠡᠯ ᠲᠠᠢ ᠭᠠᠵᠠᠷ ᠤᠷᠤᠨ ᠢᠶᠠᠷ ᠭᠡᠷᠡᠭᠯᠡᠭᠦ ᠳᠤ ᠲᠤᠭᠢᠷᠠᠨ᠎ᠠ᠃
18. ᠬᠠᠭᠠᠯᠪᠤᠷᠢᠯᠠᠬᠤ ᠦᠭᠡᠢ ᠪᠠᠷ ᠲᠠᠷᠢᠬᠤ ᠮᠡᠷᠭᠡᠵᠢᠯ ᠢ ᠲᠡᠯᠭᠡᠷᠡᠭᠦᠯᠭᠦ ᠳᠤ ᠶᠠᠮᠠᠷ ᠠᠰᠠᠭᠤᠳᠠᠯ ᠢ ᠠᠩᠬᠠᠷᠬᠤ ᠴᠢᠬᠤᠯᠠ ᠲᠠᠢ ᠪᠤᠢ︖
︵1︶ ᠬᠠᠭᠠᠯᠪᠤᠷᠢᠯᠠᠬᠤ ᠦᠭᠡᠢ ᠪᠠᠷ ᠲᠠᠷᠢᠬᠤ ᠮᠡᠷᠭᠡᠵᠢᠯ ᠢ ᠲᠡᠯᠭᠡᠷᠡᠭᠦᠯᠭᠦ ᠳᠤ ᠭᠠᠵᠠᠷ ᠤᠷᠤᠨ ᠤ ᠪᠠᠨ ᠪᠠᠶᠢᠳᠠᠯ ᠳᠤ ᠲᠤᠭᠢᠷᠠᠭᠤᠯᠬᠤ᠂ ᠠᠵᠤ ᠠᠬᠤᠢ ᠶᠢᠨ ᠦᠷ᠎ᠠ ᠠᠰᠢᠭ᠂ ᠨᠡᠶᠢᠭᠡᠮ ᠤᠨ ᠦᠷ᠎ᠡ ᠠᠰᠢᠭ ᠵᠢᠴᠢ ᠠᠮᠢ ᠠᠬᠤᠢ ᠶᠢᠨ ᠦᠷ᠎ᠡ ᠠᠰᠢᠭ ᠢ ᠬᠠᠮᠳᠤ ᠳᠤᠨᠢ ᠴᠢᠬᠤᠯᠠᠴᠢᠯᠠᠬᠤ᠂ ᠮᠠᠰᠢᠠᠴᠢᠯᠠᠬᠤ ᠪᠠ ᠬᠠᠭᠠᠰ ᠮᠠᠰᠢᠠᠴᠢᠯᠠᠬᠤ ᠶᠢ ᠬᠠᠮᠳᠤ ᠳᠤᠨᠢ ᠪᠠᠷᠢᠮᠳᠠᠯᠠᠬᠤ ᠵᠠᠷᠴᠢᠮ ᠢ ᠪᠠᠷᠢᠮᠳᠠᠯᠠᠵᠤ᠂ ᠲᠤᠬᠠᠢ ᠶᠢᠨ ᠭᠠᠵᠠᠷ ᠤᠨ ᠢᠶᠠᠨ ᠪᠤᠳᠠᠳᠠᠢ ᠪᠠᠶᠢᠳᠠᠯ ᠲᠠᠢ ᠤᠶᠠᠯᠳᠤᠭᠤᠯᠵᠤ᠂ ᠮᠡᠷᠭᠡᠵᠢᠯ ᠭᠡᠷᠡᠭᠯᠡᠭᠦ ᠪᠤᠳᠠᠳᠠᠢ ᠵᠢᠷᠤᠮᠵᠢᠭᠤᠯᠤᠯ ᠢ ᠲᠤᠠᠠᠳᠠᠭᠠᠬᠤ ᠭᠡᠷᠡᠭᠳᠡᠢ᠃
︵2︶ ᠰᠢᠨ᠎ᠠ ᠪᠠᠷ ᠬᠠᠭᠠᠯᠪᠤᠷᠢᠯᠠᠬᠤ ᠦᠭᠡᠢ ᠪᠠᠷ ᠲᠠᠷᠢᠬᠤ ᠭᠠᠵᠠᠷ ᠤᠨ ᠭᠡᠰᠡᠭ ᠲᠤ ᠠᠠᠵᠢᠰᠤ ᠶᠢᠨ ᠬᠤᠰᠢᠭᠤᠨ ᠲᠤᠤᠷᠠᠭᠢ ᠲᠠᠪᠬᠤᠷᠭ᠎ᠠ ᠪᠠᠶᠢᠵᠤ ᠮᠡᠳᠡᠨ᠎ᠠ᠃ ᠤᠷᠢᠳ ᠢᠶᠠᠷ ᠨᠢᠭᠡ ᠤᠳᠠᠭ᠎ᠠ ᠭᠦᠨ ᠰᠤᠯᠠᠷᠠᠭᠤᠯᠵᠤ ᠠᠠᠵᠢᠰᠤᠨ ᠬᠤᠰᠢᠭᠤᠨ ᠤ ᠲᠤᠤᠷᠠᠭᠢ ᠲᠠᠪᠬᠤᠷᠭ᠎ᠠ ᠶᠢ ᠡᠪᠳᠡᠭᠦ ᠭᠡᠷᠡᠭᠳᠡᠢ᠃
︵3︶ ᠬᠠᠭᠠᠯᠪᠤᠷᠢᠯᠠᠬᠤ ᠦᠭᠡᠢ ᠪᠠᠷ ᠲᠠᠷᠢᠬᠤ ᠭᠠᠵᠠᠷ ᠨᠢ ᠨᠡᠯᠢᠶᠡᠳ ᠲᠠᠷᠢ ᠲᠡᠭᠰᠢᠭᠡᠨ ᠪᠠᠶᠢᠵᠤ᠂ ᠮᠠᠰᠢᠨ ᠢᠶᠠᠷ ᠠᠵᠢᠯᠯᠠᠬᠤ ᠳᠤ ᠲᠦᠭᠦᠮ ᠦᠵᠡᠭᠦᠯᠭᠦ ᠭᠡᠷᠡᠭᠳᠡᠢ᠃