︵ᠠᠷᠪᠠᠨ ᠨᠢᠭᠡ︶ A ᠲᠠᠰ ᠤᠨ ᠪᠤᠭᠢᠷᠳᠤᠯ ᠦᠭᠡᠢ ᠲᠤᠳᠤᠷᠭ᠎ᠠ ᠶᠢ ᠦᠨᠳᠤᠷ ᠤᠨᠠᠯᠳᠠ ᠲᠠᠢ ᠲᠠᠷᠢᠵᠤ ᠤᠷᠭᠤᠭᠤᠯᠬᠤ ᠮᠡᠷᠭᠡᠵᠢᠯ
ᠨᠡᠶᠢᠲᠡᠯᠡᠭᠰᠡᠨ ᠴᠠᠭ᠄
2015/11/25

        1. ᠪᠤᠭᠢᠷᠳᠤᠯ ᠦᠭᠡᠢ ᠲᠤᠳᠤᠷᠭ᠎ᠠ ᠲᠠᠷᠢᠬᠤ ᠳᠤ ᠶᠠᠮᠠᠷ ᠶᠠᠮᠠᠷ ᠴᠢᠬᠤᠯᠠ ᠨᠦᠭᠦᠴᠡᠯ ᠢ ᠪᠦᠷᠢᠯᠳᠦᠭᠦᠯᠭᠦ ᠪᠤᠢ︖

      ᠪᠤᠭᠢᠷᠳᠤᠯ ᠦᠭᠡᠢ ᠲᠤᠳᠤᠷᠭ᠎ᠠ ᠶᠢ ᠲᠠᠷᠢᠬᠤ ᠳᠤ ᠭᠤᠤᠯ ᠨᠢ ᠠᠭᠤᠷ ᠠᠮᠢᠰᠬᠤᠯ᠂ ᠤᠰᠤᠨ ᠤ ᠰᠤᠷᠪᠤᠯᠵᠢ᠂ ᠭᠦᠷᠦᠰᠤ ᠰᠢᠷᠤᠢ ᠵᠡᠷᠭᠡ ᠦᠢᠯᠡᠳᠪᠤᠷᠢᠯᠡᠯ ᠤᠨ ᠤᠷᠴᠢᠨ ᠲᠤᠭᠤᠷᠢᠨ ᠲᠠᠢ ᠪᠠᠶᠢᠵᠤ᠂ ᠲᠠᠷᠢᠶᠠᠨ ᠡᠮ᠂ ᠭᠢᠮᠢ ᠶᠢᠨ ᠪᠤᠷᠳᠤᠭᠤᠷ ᠪᠠᠭ᠎ᠠ ᠭᠡᠷᠡᠭᠯᠡᠨ᠂ ᠤᠰᠤ ᠶᠢ ᠴᠡᠪᠡᠷ ᠲᠤᠩᠭᠠᠯᠠᠭ ᠪᠠᠶᠢᠯᠭᠠᠬᠤ ᠡᠨᠡ ᠭᠤᠷᠪᠡᠨ ᠦᠨᠳᠤᠰᠤᠨ ᠨᠦᠭᠦᠴᠡᠯ ᠤᠨ ᠤᠯᠠᠩᠭᠢ ᠭᠦᠢᠴᠡᠳᠭᠡᠯ ᠲᠤᠭ᠎ᠠ ᠨᠢ ᠴᠦᠮ ᠤᠯᠤᠰ ᠤᠨ ᠱᠠᠭᠠᠷᠳᠠᠯᠭ᠎ᠠ ᠶᠢᠨ ᠪᠠᠷᠢᠮᠵᠢᠶ᠎ᠠ ᠳᠤ ᠭᠦᠷᠦᠭᠰᠡᠨ ᠪᠠᠶᠢᠬᠤ ᠭᠡᠷᠡᠭᠳᠡᠢ᠃ ᠡᠶᠢᠮᠤ ᠠᠴᠠ ᠪᠤᠭᠢᠷᠳᠤᠯ ᠦᠭᠡᠢ ᠲᠤᠳᠤᠷᠭ᠎ᠠ ᠶᠢᠨ ᠦᠢᠯᠡᠳᠪᠤᠷᠢᠯᠡᠯ ᠤᠨ ᠰᠠᠭᠤᠷᠢᠨ ᠭᠠᠵᠠᠷ ᠢ ᠪᠠᠶᠢᠭᠤᠯᠵᠤ᠂ ᠪᠤᠭᠢᠷᠳᠤᠯ ᠦᠭᠡᠢ ᠢᠳᠡᠭᠡᠨ ᠤ ᠦᠢᠯᠡᠳᠪᠤᠷᠢᠯᠡᠯ ᠤᠨ ᠮᠡᠷᠭᠡᠵᠢᠯ ᠤᠨ ᠲᠦᠷᠢᠮ ᠲᠤᠠᠠᠳᠠᠭᠠᠯ ᠢ ᠭᠡᠷᠡᠭᠵᠢᠭᠦᠯᠪᠡᠯ ᠲᠠᠷᠤᠢ ᠪᠠᠷᠢᠮᠵᠢᠶ᠎ᠠ ᠳᠤ ᠨᠡᠶᠢᠴᠡᠭᠰᠡᠨ ᠪᠤᠭᠢᠷᠳᠤᠯ ᠦᠭᠡᠢ ᠲᠤᠳᠤᠷᠭ᠎ᠠ ᠶᠢ ᠦᠢᠯᠡᠳᠪᠤᠷᠢᠯᠡᠵᠤ ᠴᠢᠳᠠᠨ᠎ᠠ᠃

         2. ᠴᠢᠭᠢ ᠪᠤᠶᠢᠵᠢᠭᠤᠯᠬᠤ ᠳᠤ ᠶᠠᠮᠠᠷ ᠶᠠᠮᠠᠷ ᠮᠡᠷᠭᠡᠵᠢᠯ ᠪᠠᠶᠢᠬᠤ ᠪᠤᠢ︖

       ᠭᠠᠵᠠᠷ ᠰᠤᠩᠭᠤᠨ ᠬᠠᠰᠢᠯᠭ᠎ᠠ ᠲᠡᠭᠰᠢᠯᠡᠭᠦ ᠭᠡᠷᠡᠭᠳᠡᠢ᠃ ᠭᠠᠵᠠᠷ ᠰᠤᠩᠭᠤᠬᠤ ᠳᠠᠭᠠᠨ ᠪᠤᠭᠢᠷᠳᠤᠯ ᠦᠭᠡᠢ ᠲᠡᠭᠰᠢᠭᠡᠨ᠂ ᠭᠦᠷᠦᠰᠤ ᠨᠢ ᠦᠩ ᠰᠢᠮᠡᠯᠢᠭ ᠪᠦᠭᠡᠳ ᠰᠤᠯᠠᠪᠳᠤᠷ᠂ ᠤᠰᠤᠯᠠᠬᠤ ᠳᠤ ᠲᠦᠭᠦᠮ᠂ ᠭᠦᠷᠦᠰᠤᠨ ᠲᠤᠤᠷᠠᠭᠢ ᠤᠰᠤᠨ ᠲᠦᠪᠰᠢᠨ ᠲᠤᠤᠷ᠎ᠡ᠂ ᠵᠢᠭᠠᠬᠠᠨ ᠭᠦᠴᠢᠯᠯᠢᠭ ᠪᠤᠶᠤ ᠲᠤᠮᠳᠠ ᠵᠡᠷᠭᠡ ᠶᠢᠨ ᠭᠦᠴᠢᠯᠯᠢᠭ ᠭᠦᠷᠦᠰᠤ ᠰᠢᠷᠤᠢ ᠶᠢ ᠰᠤᠩᠭᠤᠬᠤ ᠭᠡᠷᠡᠭᠳᠡᠢ᠃ ᠴᠠᠭᠠᠨ ᠨᠤᠭᠤᠭ᠎ᠠ᠂ ᠬᠠᠰᠢ᠂ ᠰᠢᠭᠢᠷ ᠯᠤᠤᠪᠠᠩ ᠤᠨ ᠭᠠᠵᠠᠷ ᠢ ᠰᠤᠩᠭᠤᠵᠤ ᠪᠤᠯᠬᠤ ᠦᠭᠡᠢ᠃

      ᠴᠢᠭᠢ ᠪᠤᠶᠢᠵᠢᠭᠤᠯᠬᠤ ᠬᠠᠰᠢᠯᠭ᠎ᠠ ᠶᠢᠨ ᠭᠡᠮᠵᠢᠶ᠎ᠠ᠄ ᠲᠤᠮᠤ ᠰᠠᠷᠠᠪᠴᠢ᠂ ᠲᠤᠬᠠᠶᠢᠯᠠᠪᠠᠯ ᠬᠤᠶᠠᠷ ᠵᠠᠮ ᠭᠤᠷᠪᠡᠨ ᠬᠠᠰᠢᠯᠭ᠎ᠠ ᠪᠤᠯ ᠶᠠᠷᠦᠩᠭᠡᠢ ᠦᠷᠭᠡᠨ ᠨᠢ 5.7~5.94m᠂ ᠲᠤᠮᠳᠠ ᠬᠠᠰᠢᠯᠭ᠎ᠠ ᠶᠢᠨ ᠦᠷᠭᠡᠨ ᠨᠢ 2.4~2.52m᠂ ᠬᠠᠵᠠᠭᠤ ᠶᠢᠨ ᠬᠠᠰᠢᠯᠭ᠎ᠠ ᠶᠢᠨ ᠦᠷᠭᠡᠨ ᠨᠢ 1.30~1.36m᠂ ᠵᠠᠮ ᠤᠨ ᠦᠷᠭᠡᠨ ᠨᠢ 0.35m ᠪᠠᠶᠢᠬᠤ ᠭᠡᠷᠡᠭᠳᠡᠢ᠃ ᠨᠢᠭᠡ ᠵᠠᠮ ᠬᠤᠶᠠᠷ ᠬᠠᠰᠢᠯᠭ᠎ᠠ ᠪᠤᠯ ᠶᠡᠷᠦᠩᠭᠡᠢ ᠦᠷᠭᠡᠨ ᠨᠢ 5.40~5.64m᠂ ᠰᠠᠭᠤᠷᠢ ᠶᠢᠨ ᠦᠷᠭᠡᠨ ᠨᠢ 2.45~2.57m᠂ ᠵᠠᠮ ᠤᠨ ᠦᠷᠭᠡᠨ ᠨᠢ 0.5m ᠪᠠᠶᠢᠬᠤ ᠭᠡᠷᠡᠭᠳᠡᠢ᠃

       ᠲᠤᠮᠳᠠ ᠵᠡᠷᠭᠡ ᠶᠢᠨ ᠰᠠᠷᠠᠪᠴᠢ ᠪᠤᠯ ᠬᠠᠰᠢᠯᠭ᠎ᠠ ᠶᠢᠨ ᠦᠷᠭᠡᠨ ᠨᠢ 2.5~2.62m ᠪᠠᠶᠢᠬᠤ ᠭᠡᠷᠡᠭᠳᠡᠢ᠃

       ᠪᠠᠭ᠎ᠠ ᠰᠠᠷᠠᠪᠴᠢ ᠪᠤᠯ ᠬᠠᠰᠢᠯᠭ᠎ᠠ ᠶᠢᠨ ᠦᠷᠭᠡᠨ ᠨᠢ 1.35~1.41m ᠪᠠᠶᠢᠬᠤ ᠭᠡᠷᠡᠭᠳᠡᠢ᠃

       ᠬᠠᠰᠢᠯᠭ᠎ᠠ ᠪᠠᠶᠢᠭᠤᠯᠬᠤ᠄ ᠭᠠᠵᠠᠷ ᠢᠶᠠᠨ 10~15cm ᠭᠦᠨ ᠤᠷᠪᠠᠭᠤᠯᠵᠤ᠂ ᠡᠪᠡᠰᠤ ᠶᠢ ᠨᠢ ᠦᠭᠳᠡᠭᠡᠨ ᠬᠠᠶᠠᠵᠤ᠂ ᠪᠦᠭᠡᠮ ᠭᠡᠰᠡᠭ ᠢ ᠭᠡᠮᠭᠡᠴᠢᠨ ᠰᠦᠢᠷᠡᠭᠦᠯᠵᠤ᠂ ᠭᠡᠮᠭᠡᠳᠡᠭ ᠢ ᠨᠢ ᠰᠠᠶᠢᠵᠠᠳᠠᠵᠤ᠂ ᠲᠡᠭᠰᠢᠯᠡᠨ ᠲᠠᠷᠤᠬᠤ ᠭᠡᠷᠡᠭᠳᠡᠢ᠃

        3. ᠬᠠᠰᠢᠯᠭ᠎ᠠ ᠶᠢᠨ ᠲᠠᠯᠠᠪᠠᠢ ᠶᠢᠨ ᠰᠢᠷᠤᠢ ᠶᠢ ᠶᠠᠭᠠᠭᠢᠵᠤ ᠰᠤᠩᠭᠤᠬᠤ ᠪᠤᠢ︖

       ︵1︶ ᠰᠢᠷᠤᠢ ᠰᠤᠩᠭᠤᠬᠤ᠄ ᠰᠢᠷᠤᠢ ᠰᠤᠩᠭᠤᠬᠤ ᠳᠠᠭᠠᠨ ᠨᠡᠪᠳᠡᠷᠡᠭᠦ ᠴᠢᠨᠠᠷ ᠢᠶᠠᠷ ᠰᠠᠶᠢᠨ᠂ ᠨᠠᠮᠤᠭᠤᠷᠬᠠᠭ ᠢᠶᠠᠷ ᠪᠠᠭ᠎ᠠ᠂ ᠪᠠᠭ᠎ᠠ ᠭᠦᠴᠢᠯᠯᠢᠭ᠂ ᠡᠪᠡᠰᠤᠨ ᠦᠷ᠎ᠡ ᠦᠭᠡᠢ᠂ ᠰᠤᠯᠠᠪᠳᠤᠷ ᠪᠦᠭᠡᠳ ᠰᠢᠮᠡᠯᠢᠭ ᠠᠭᠤᠯᠠ ᠶᠢᠨ ᠢᠷᠤᠭᠠᠷ ᠲᠠᠬᠢ ᠰᠢᠷᠤᠢ ᠪᠤᠶᠤ ᠭᠤᠤ ᠰᠤᠪᠠᠭ᠂ ᠤᠢ ᠶᠢᠨ ᠪᠦᠰᠡ ᠶᠢᠨ ᠬᠤᠶᠠᠷ ᠭᠦᠪᠡᠭᠡᠨ ᠤ ᠰᠢᠷᠤᠢ ᠶᠢ ᠰᠤᠩᠭᠤᠬᠤ ᠭᠡᠷᠡᠭᠳᠡᠢ᠃

        ︵2︶ ᠰᠢᠷᠤᠢ ᠶᠢᠨ ᠭᠡᠮᠵᠢᠶ᠎ᠠ᠄ ᠬᠠᠰᠢᠯᠭ᠎ᠠ ᠳᠤ ᠴᠢᠭᠢ ᠪᠤᠶᠢᠵᠢᠭᠤᠯᠬᠤ ᠳᠤ ᠲᠡᠭᠰᠢ ᠲᠦᠷᠪᠡᠯᠵᠢᠨ ᠮᠧᠲᠷ ᠪᠦᠷᠢ 40~80kg ᠭᠡᠷᠡᠭᠯᠡᠵᠤ᠂ ᠮᠤ᠋ ᠪᠦᠷᠢ 600~1200kg ᠴᠢᠭᠢ ᠪᠤᠶᠢᠵᠢᠭᠤᠯᠤᠨ᠎ᠠ᠃ ᠰᠠᠭᠤᠷᠢ ᠲᠠᠯᠠᠪᠤᠷ ᠲᠤ 5~10cm ᠵᠤᠵᠠᠭᠠᠨ ᠲᠠᠪᠢᠰᠦᠨ᠎ᠠ᠃ ᠲᠠᠪᠠᠭ ᠲᠤ ᠴᠢᠭᠢ ᠪᠤᠶᠢᠵᠢᠭᠤᠯᠬᠤ ᠳᠤ ᠲᠠᠪᠠᠭ ᠪᠦᠷᠢ 4kg ᠰᠢᠷᠤᠢ ᠭᠡᠷᠡᠭᠯᠡᠵᠤ᠂ ᠮᠤ᠋ ᠪᠦᠷᠢ 140kg ᠴᠢᠭᠢ ᠪᠤᠶᠢᠵᠢᠭᠤᠯᠤᠨ᠎ᠠ᠃

       ︵3︶ ᠪᠤᠷᠳᠤᠭᠤᠷ ᠤᠷᠤᠭᠤᠯᠬᠤ᠄ ᠢᠯᠵᠡᠷᠡᠭᠤᠯᠵᠦ ᠰᠠᠶᠢᠵᠠᠳ᠋ᠬᠠᠰᠠᠨ ᠰᠢᠭᠡᠭ ᠪᠤᠷᠳᠤᠭᠤᠷ ᠢ 10%~20% ᠪᠠᠷ ᠨᠡᠮᠡᠵᠤ ᠤᠷᠤᠭᠤᠯᠤᠨ᠎ᠠ᠃ ᠬᠠᠰᠢᠯᠭ᠎ᠠ ᠳᠤ ᠴᠢᠭᠢ ᠪᠤᠶᠢᠵᠢᠭᠤᠯᠬᠤ ᠪᠤᠯ  10  ㎡ ᠪᠦᠷᠢ ᠹᠤᠰᠹᠤᠷ ᠭᠦᠴᠢᠯ ᠤᠨ ᠬᠤᠶᠠᠷᠴᠢ ᠠᠮᠮᠤᠨᠢ᠂ ᠭᠦᠭᠦᠷ ᠭᠦᠴᠢᠯ ᠤᠨ ᠠᠮᠮᠤᠨᠢ ᠲᠤᠰᠪᠤᠷᠢ 750g᠂ ᠭᠦᠭᠦᠷ ᠭᠦᠴᠢᠯ ᠤᠨ ᠺᠠᠯᠢ 500g ᠨᠡᠮᠡᠵᠤ᠂ ᠰᠠᠭᠤᠷᠢᠨ ᠲᠠᠯᠠᠪᠤᠷ ᠲᠠᠭᠠᠨ ᠵᠢᠭᠳᠡ ᠰᠠᠴᠤᠵᠤ᠂ ᠠᠷᠠᠭᠠᠳᠤ ᠨᠠᠷᠬ᠎ᠠ ᠪᠠᠷ ᠦᠭᠡᠳᠡ ᠤᠷᠤᠭᠤ 2~3 ᠤᠳᠠᠭ᠎ᠠ ᠨᠠᠷᠬᠠᠳᠠᠵᠤ᠂ ᠲᠠᠷᠠᠭ᠎ᠠ ᠪᠠᠷ ᠨᠢ ᠬᠠᠮᠤᠵᠤ ᠲᠡᠭᠰᠢᠯᠡᠵᠤ᠂ ᠬᠠᠮᠤᠭ ᠤᠨ ᠰᠡᠭᠦᠯ ᠳᠤᠨᠢ ᠰᠢᠯᠤᠭᠤᠨ ᠬᠠᠪᠳᠠᠰᠤ ᠪᠠᠷ ᠲᠠᠷᠤᠨ ᠲᠡᠭᠰᠢᠯᠡᠵᠤ᠂ ᠲᠦᠷᠪᠡᠨ ᠲᠠᠯ᠎ᠠ ᠪᠠᠷ ᠨᠢ 5cm ᠦᠷᠭᠡᠨ ᠵᠢᠵᠢᠭ ᠲᠠᠯᠠᠩ ᠭᠠᠷᠭᠠᠨ᠎ᠠ᠃ ᠲᠠᠪᠠᠭ ᠲᠤ ᠴᠢᠭᠢ ᠪᠤᠶᠢᠵᠢᠭᠤᠯᠬᠤ ᠪᠤᠯ 100kg ᠪᠦᠷᠢ ᠲᠠᠪᠠᠭᠳᠤ ᠰᠢᠷᠤᠢ ᠳᠤ ᠲᠠᠯᠬᠠᠳᠦ ᠹᠤᠰᠹᠤᠷ ᠭᠦᠴᠢᠯ ᠤᠨ ᠬᠤᠶᠠᠷᠴᠢ ᠠᠮᠮᠤᠨᠢ᠂ ᠭᠦᠭᠦᠷ ᠭᠦᠴᠢᠯ ᠤᠨ ᠠᠮᠮᠤᠨᠢ
ᠲᠤᠰᠪᠤᠷᠢ 100g᠂ ᠭᠦᠭᠦᠷ ᠭᠦᠴᠢᠯ ᠤᠨ ᠺᠠᠯᠢ 75g ᠨᠡᠮᠡᠨ ᠤᠷᠤᠭᠤᠯᠵᠤ᠂ ᠰᠢᠷᠤᠢ ᠪᠤᠯᠤᠨ ᠪᠤᠷᠳᠤᠭᠤᠷ ᠢ ᠰᠠᠶᠢᠳᠤᠷ ᠰᠠᠶᠢᠵᠠᠳᠠᠨ ᠭᠦᠢᠴᠡᠳ ᠬᠤᠯᠢᠬᠤ ᠭᠡᠷᠡᠭᠳᠡᠢ᠃

        4. ᠰᠢᠷᠤᠢ ᠲᠠᠪᠢᠰᠴᠤ ᠪᠤᠷᠳᠤᠭᠤᠷ ᠤᠷᠤᠭᠤᠯᠤᠠᠠᠰᠠᠨ ᠤ ᠰᠡᠭᠦᠯᠡᠷ ᠪᠠᠰᠠ ᠶᠠᠭᠤ ᠭᠢᠭᠦ ᠴᠢᠬᠤᠯᠠ ᠲᠠᠢ ᠪᠤᠢ︖

      ᠠᠷᠢᠭᠤᠳᠬᠠᠯ ᠭᠢᠵᠤ᠂ ᠭᠦᠴᠢᠯ ᠢ ᠲᠤᠭᠢᠷᠠᠭᠤᠯᠬᠤ ᠪᠠ ᠤᠰᠤᠯᠠᠨ᠎ᠠ᠃

       ︵1︶ ᠠᠷᠢᠭᠤᠳᠬᠠᠬᠤ ᠭᠦᠴᠢᠯ ᠲᠤᠭᠢᠷᠠᠭᠤᠯᠬᠤ᠄ ᠬᠠᠰᠢᠯᠭ᠎ᠠ ᠳᠤ ᠴᠢᠭᠢ ᠪᠤᠶᠢᠵᠢᠭᠤᠯᠬᠤ ᠪᠤᠯ 10 ᠪᠦᠷᠢ 75~100kg ᠤᠰᠤᠨ ᠳᠤ 70% ᠶᠢᠨ ᠳ᠋ᠢ ᠺᠧ ᠰᠦᠩ ︵敌克松︶ ᠢ 37.5g ᠬᠤᠯᠢᠬᠤ ᠪᠠ ᠦᠳᠭᠡᠨ ᠭᠦᠭᠦᠷ ᠭᠦᠴᠢᠯ ᠢ 0.75~1kg ᠬᠤᠯᠢᠵᠤ᠂ ᠰᠠᠭᠤᠷᠢ ᠶᠢᠨ ᠲᠠᠯᠠᠪᠤᠷ ᠢᠶᠠᠨ ᠤᠰᠤᠯᠠᠵᠤ᠂ pH ᠤᠨ ᠭᠡᠮᠵᠢᠶ᠎ᠠ ᠶᠢ 4~4.5 ᠪᠤᠯᠳᠠᠯ᠎ᠠ ᠪᠠᠭᠤᠷᠠᠭᠤᠯᠤᠨ᠎ᠠ᠃ ᠭᠢᠮᠢ ᠶᠢᠨ ᠪᠤᠷᠳᠤᠭᠤᠷ ᠢ ᠪᠤᠯ ᠤᠰᠤᠨ ᠳᠤ ᠭᠦᠢᠴᠡᠳ ᠬᠠᠶᠢᠯᠤᠭᠤᠯᠤᠠᠠᠰᠠᠨ ᠤ ᠰᠡᠭᠦᠯᠡᠷ ᠰᠦᠷᠴᠢᠭᠦ ᠭᠡᠷᠡᠭᠳᠡᠢ᠃ ᠲᠠᠪᠠᠭ ᠲᠤ ᠴᠢᠭᠢ ᠪᠤᠶᠢᠵᠢᠭᠤᠯᠬᠤ ᠪᠤᠯ 100kg ᠲᠠᠪᠠᠭᠳᠤ ᠰᠢᠷᠤᠢ ᠪᠦᠷᠢ 1.8~2.4kg ᠤᠰᠤᠨ ᠳᠤ 70% ᠶᠢᠨ ᠳ᠋ᠢ ᠺᠧ ᠰᠦᠩ ᠢ 12.5g ᠬᠤᠯᠢᠬᠤ ᠪᠠ ᠦᠳᠭᠡᠨ ᠭᠦᠭᠦᠷ ᠭᠦᠴᠢᠯ ᠢ 200~300g ᠬᠤᠯᠢᠵᠤ᠂ ᠰᠢᠷᠤᠢ ᠪᠠᠨ ᠵᠢᠭᠳᠡ ᠳᠤᠨᠢ ᠤᠰᠤᠯᠠᠨ᠎ᠠ᠃ ᠪᠠᠰᠠ ᠠᠳᠠᠯᠢ ᠭᠡᠮᠵᠢᠶᠠᠨ ᠤ ᠦᠳᠭᠡᠨ ᠭᠦᠭᠦᠷ ᠭᠦᠴᠢᠯ ᠢ 400~600g ᠮᠤᠳᠤᠨ ᠤ ᠦᠷᠦᠳᠡᠰᠤ ᠲᠠᠢ ᠬᠤᠯᠢᠨ ᠭᠦᠢᠴᠡᠳ ᠰᠢᠳᠠᠭᠠᠭᠠᠳ ᠰᠢᠷᠤᠢ ᠳᠠᠭᠠᠨ ᠬᠤᠯᠢᠵᠤ ᠪᠤᠯᠤᠨ᠎ᠠ᠃ ᠭᠦᠴᠢᠯ ᠲᠤᠭᠢᠷᠠᠭᠤᠯᠬᠤ ᠳᠠᠭᠠᠨ ᠭᠢᠷᠢᠨ ᠮᠤᠵᠢ ᠶᠢᠨ ᠲᠠᠷᠢᠶᠠᠯᠠᠩ ᠤᠨ ᠰᠢᠨᠵᠢᠯᠡᠭᠦ ᠤᠬᠠᠭᠠᠨ ᠤ ᠭᠦᠷᠢᠶᠡᠯᠡᠩ ᠤᠨ ᠦᠢᠯᠡᠳᠪᠤᠷᠢᠯᠡᠭᠰᠡᠨ ᠭᠦᠴᠢᠯ ᠲᠤᠭᠢᠷᠠᠭᠤᠯᠬᠤ ᠡᠳ᠋ ᠢ ᠭᠡᠷᠡᠭᠯᠡᠪᠡᠯ ᠬᠠᠮᠤᠭ ᠤᠨ ᠰᠠᠶᠢᠨ᠃ ᠭᠡᠷᠡᠭᠯᠡᠭᠦ ᠳᠡᠭᠡᠨ ᠤᠭᠤᠳᠠ ᠪᠦᠷᠢ ︵2.5kg︶ 200~250kg ᠲᠠᠪᠠᠭᠳᠤ ᠰᠢᠷᠤᠢ ᠬᠤᠯᠢᠵᠤ᠂ ᠭᠦᠢᠴᠡᠳ ᠰᠠᠶᠢᠨ ᠬᠤᠯᠢᠵᠤ ᠪᠠᠭᠰᠤᠷᠤᠠᠠᠰᠠᠨ ᠤ ᠰᠡᠭᠦᠯᠡᠷ 2 ᠬᠤᠨᠤᠭ ᠤᠪᠤᠭᠠᠯᠠᠨ ᠪᠢᠳᠡᠭᠦᠯᠡᠨ᠎ᠡ᠃ ᠬᠠᠰᠢᠯᠭ᠎ᠠ ᠳᠤ ᠴᠢᠭᠢ ᠪᠤᠶᠢᠵᠢᠭᠤᠯᠬᠤ ᠪᠤᠯ ᠤᠭᠤᠳᠠ ᠪᠦᠷᠢ ᠶᠢ 13~16 ᠲᠠᠯᠠᠪᠠᠢ ᠳᠤ ᠭᠡᠷᠡᠭᠯᠡᠨ᠂ ᠤᠷᠢᠳ ᠢᠶᠠᠷ ᠨᠢᠭᠡᠨ ᠤᠭᠤᠳᠠ ᠭᠦᠴᠢᠯ ᠲᠤᠭᠢᠷᠠᠭᠤᠯᠬᠤ ᠡᠳ᠋ ᠢ 5kg ᠬᠠᠭᠤᠷᠠᠢ ᠰᠢᠷᠤᠢ ᠲᠠᠢ ᠬᠤᠯᠢᠵᠤ᠂ ᠲᠠᠯᠠᠪᠤᠷ ᠲᠠᠭᠠᠨ ᠰᠠᠴᠤᠠᠠᠰᠠᠨ ᠤ ᠰᠡᠭᠦᠯᠡᠷ 3~5cm ᠲᠠᠯᠠᠪᠤᠷ ᠤᠨ ᠰᠢᠷᠤᠢ ᠲᠠᠢ ᠭᠦᠢᠴᠡᠳ ᠬᠤᠯᠢᠨ ᠲᠡᠭᠰᠢᠯᠡᠨ᠎ᠡ᠃

        ︵2︶ ᠤᠰᠤᠯᠠᠬᠤ᠄ ᠬᠠᠰᠢᠯᠭᠠᠨ ᠳᠤ ᠴᠢᠭᠢ ᠪᠤᠶᠢᠵᠢᠭᠤᠯᠬᠤ ᠳᠤ ᠭᠦᠴᠢᠯ ᠲᠤᠭᠢᠷᠠᠭᠤᠯᠬᠤ ᠠᠴᠠ ᠪᠠᠨ ᠡᠮᠦᠨ᠎ᠠ 90% ᠪᠠᠷ ᠤᠰᠤᠯᠠᠵᠤ᠂ ᠭᠦᠴᠢᠯ ᠲᠤᠭᠢᠷᠠᠭᠤᠯᠤᠠᠠᠰᠠᠨ ᠤ ᠰᠡᠭᠦᠯᠡᠷ ᠦᠯᠡᠳᠡᠭᠰᠡᠨ ᠢ ᠨᠢ ᠴᠠᠪᠠᠷ ᠤᠰᠤ ᠪᠠᠷ ᠬᠤᠶᠠᠷ ᠤᠳᠠᠭ᠎ᠠ ᠨᠠᠪᠳᠡᠷᠡᠳᠡᠯ᠎ᠠ ᠤᠰᠤᠯᠠᠵᠤ᠂ 10 ᠲᠠᠯᠠᠪᠤᠷ ᠪᠦᠷᠢ ᠶᠢ 600~800kg ᠤᠰᠤ ᠪᠠᠷ ᠤᠰᠤᠯᠠᠨ᠎ᠠ᠃ ᠲᠠᠪᠠᠭ ᠲᠤ ᠴᠢᠭᠢ ᠪᠤᠶᠢᠵᠢᠭᠤᠯᠬᠤ ᠪᠤᠯ ᠤᠷᠢᠳ ᠢᠶᠠᠷ ᠲᠠᠪᠠᠭᠳᠤ ᠰᠢᠷᠤᠢ ᠪᠠᠨ ᠨᠡᠪᠳᠡᠷᠡᠳᠡᠯ᠎ᠡ ᠤᠰᠤᠯᠠᠵᠤ᠂ ᠲᠠᠷᠠᠭ᠎ᠠ ᠪᠠᠷ ᠨᠢ ᠡᠮ ᠲᠠᠢ ᠭᠦᠴᠢᠯᠳᠤ ᠤᠰᠤ ᠪᠠᠷ ᠢᠶᠠᠨ ᠤᠰᠤᠯᠠᠨ᠎ᠠ᠃ ᠲᠠᠪᠠᠭ ᠪᠦᠷᠢ ᠶᠢᠨ ᠰᠢᠷᠤᠢ ᠪᠠᠨ ᠬᠤᠰᠤᠭᠤᠷ ᠢᠶᠠᠷ ᠬᠤᠰᠤᠨ ᠲᠡᠭᠰᠢᠯᠡᠵᠤ᠂ 2.5cm ᠵᠤᠵᠠᠭᠠᠨ ᠪᠠᠶᠢᠯᠭᠠᠵᠤ᠂ ᠲᠠᠪᠠᠭ ᠤᠳ ᠢᠶᠠᠨ ᠨᠠᠭᠠᠯᠳᠤᠭᠤᠯᠤᠨ ᠲᠠᠯᠪᠢᠨ᠎ᠠ᠃ 25 ᠲᠠᠪᠠᠭ ᠪᠦᠷᠢ ᠲᠠᠯᠬᠠᠳᠦ ᠹᠤᠰᠹᠤᠷ ᠭᠦᠴᠢᠯ ᠤᠨ ᠬᠤᠶᠠᠷᠴᠢ ᠠᠮᠮᠤᠨᠢ᠂ ᠭᠦᠭᠦᠷ ᠭᠦᠴᠢᠯ ᠤᠨ ᠠᠮᠮᠤᠨᠢ ᠶᠢ ᠲᠤᠰᠪᠤᠷᠢ 100g᠂ ᠭᠦᠭᠦᠷ ᠭᠦᠴᠢᠯ ᠤᠨ ᠺᠠᠯᠢ 75g᠂ ᠳ᠋ᠢ ᠺᠧ ᠰᠦᠩ ᠢ 12.5g ᠪᠡ ᠦᠳᠭᠡᠨ ᠭᠦᠭᠦᠷ ᠭᠦᠴᠢᠯ ᠢ 200~300g ᠢ 20~30kg ᠤᠰᠤ ᠲᠠᠢ ᠬᠤᠯᠢᠵᠤ᠂ ᠲᠠᠪᠠᠭᠳᠤ ᠰᠢᠷᠤᠢ ᠪᠠᠨ ᠤᠰᠤᠯᠠᠨ᠎ᠠ᠃
        ᠶᠠᠷᠦᠩᠭᠡᠢ ᠳᠡᠭᠡᠨ 100 ᠲᠠᠪᠠᠭ ᠪᠦᠷᠢ ᠶᠢ 300~600kg ᠤᠰᠤ ᠪᠠᠷ ᠤᠰᠤᠯᠠᠨ᠎ᠠ᠃

       5. ᠪᠤᠭᠢᠷᠳᠤᠯ ᠦᠭᠡᠢ ᠲᠤᠳᠤᠷᠭ᠎ᠠ ᠲᠠᠷᠢᠬᠤ ᠳᠤ ᠶᠠᠮᠠᠷ ᠮᠡᠷᠭᠡᠵᠢᠯ ᠢ ᠭᠡᠷᠡᠭᠯᠡᠭᠦ ᠪᠤᠢ︖

        ︵1︶ ᠬᠤᠷᠢᠶᠠᠯᠳᠠ ᠦᠨᠳᠤᠷ ᠴᠢᠨᠠᠷ ᠰᠠᠶᠢᠳᠠᠢ ᠦᠷ᠎ᠠ ᠶᠢᠨ ᠰᠤᠷᠲ ᠢ ᠰᠤᠩᠭᠤᠵᠤ᠂ ᠲᠤᠳᠤᠷᠭ᠎ᠠ ᠶᠢᠨ ᠲᠤᠳᠤᠭᠠᠳᠤ ᠴᠢᠨᠠᠷ ᠢ ᠨᠢ ᠰᠠᠶᠢᠵᠢᠷᠠᠭᠤᠯᠬᠤ ᠭᠡᠷᠡᠭᠳᠡᠢ᠃ ᠰᠠᠶᠢᠨ ᠰᠤᠷᠲ ᠪᠤᠯ ᠬᠤᠷᠢᠶᠠᠯᠳᠠ ᠶᠢ ᠨᠡᠮᠡᠭᠳᠡᠭᠦᠯᠭᠦ ᠶᠢᠨ ᠲᠤᠳᠤᠭᠠᠳᠤ ᠰᠢᠯᠳᠠᠭᠠᠨ ᠮᠦᠨ᠃ ᠲᠤᠳᠤᠷᠭ᠎ᠠ ᠶᠢᠨ ᠴᠢᠨᠠᠷ ᠪᠤᠯ ᠭᠤᠤᠯ ᠨᠢ ᠦᠷ᠎ᠠ ᠶᠢᠨ ᠤᠳᠤᠮᠯᠠᠯ ᠡᠯᠧᠮᠧᠨ᠋ᠲ ᠠᠴᠠ ᠢᠷᠡᠯᠳᠡ ᠲᠠᠢ ᠶᠤᠮ᠃ ᠡᠶᠢᠮᠤ ᠠᠴᠠ ᠡᠯ᠎ᠡ ᠭᠠᠵᠠᠷ ᠤᠨ ᠬᠢᠨ ᠦᠷ᠎ᠠ ᠰᠤᠩᠭᠤᠬᠤ ᠳᠠᠭᠠᠨ ᠲᠤᠰ ᠭᠠᠵᠠᠷ ᠤᠨ ᠢᠶᠠᠨ ᠬᠤᠷᠠᠮᠳᠤᠭᠤᠯᠭ᠎ᠠ ᠲᠤᠯᠠᠭᠠᠨ ᠤ ᠪᠦᠰᠡ ᠭᠢᠭᠡᠳ ᠲᠤᠳᠤᠷᠭ᠎ᠠ ᠲᠠᠷᠢᠬᠤ ᠭᠢᠷᠢ ᠭᠡᠮᠵᠢᠶ᠎ᠠ ᠪᠠᠨ ᠦᠨᠳᠤᠰᠦᠯᠡᠨ᠂ ᠲᠤᠰ ᠭᠠᠵᠠᠷ ᠲᠤ ᠲᠠᠷᠢᠬᠤ ᠳᠤ ᠲᠤᠭᠢᠷᠠᠬᠤ ᠴᠢᠨᠠᠷ ᠰᠠᠶᠢᠳᠠᠢ ᠰᠤᠷᠲ ᠢ ᠰᠤᠩᠭᠤᠬᠤ ᠭᠡᠷᠡᠭᠳᠡᠢ᠃ ᠵᠡᠭᠦᠨ ᠬᠤᠶᠢᠳᠤ ᠶᠢᠨ ᠭᠤᠤᠯ ᠪᠤᠯᠬᠤ ᠲᠤᠳᠤᠷᠭ᠎ᠠ ᠶᠢᠨ ᠤᠷᠤᠨ ᠳᠤ ᠲᠠᠷᠢᠬᠤ ᠳᠤ ᠲᠤᠭᠢᠷᠠᠬᠤ ᠰᠤᠷᠲ ᠪᠤᠯ ᠯᠦᠩ ᠭᠧᠩ ︵龙粳︶ 8᠂ ᠿᠢ ᠭᠤᠸᠠᠩ ︵日光︶᠂ ᠡᠤ ᠶᠢᠤ ᠲᠤᠳᠤᠷᠭ᠎ᠠ ︵五优稻︶᠂ ᠳ᠋ᠦᠩ ᠨᠦᠩ ︵东农︶ V 7᠂ ᠳ᠋ᠦᠩ ᠨᠦᠩ ︵东农︶ V10᠂ ᠯᠦᠩ ᠭᠧᠩ ︵龙粳︶ 10᠂ ᠱᠠ ᠱᠠ ᠨᠢ ︵沙沙尼︶᠂ ᠴᠠᠩ ᠪᠠᠢ ︵长白︶ 9᠂ ᠮᠤ᠋ ᠳ᠋ᠠᠨ ᠵᠢᠶᠠᠩ ︵牡丹江︶ 19᠂ ᠹᠦ᠋ ᠱᠢ ᠭᠤᠸᠠᠩ ︵富士光︶ ᠵᠡᠷᠭᠡ ᠪᠤᠢ᠃

       ︵2︶ ᠦᠷ᠎ᠡ ᠶᠢ ᠰᠢᠢᠳᠪᠤᠷᠢᠯᠡᠭᠦ᠂ ᠡᠭᠦᠨ ᠳᠤ᠄

      ① ᠭᠡᠷᠡᠭᠯᠡᠭᠦ ᠭᠡᠮᠵᠢᠶ᠎ᠠ᠄ ᠬᠠᠰᠢᠯᠭᠠᠨ ᠳᠤ ᠴᠢᠭᠢ ᠪᠤᠶᠢᠵᠢᠭᠤᠯᠬᠤ ᠳᠤ ᠮᠤ᠋ ᠪᠦᠷᠢ 5~6kg︔ ᠲᠠᠪᠠᠭ ᠲᠤ ᠴᠢᠭᠢ ᠪᠤᠶᠢᠵᠢᠭᠤᠯᠬᠤ ᠳᠤ 4.5~5.5kg ᠭᠡᠷᠡᠭᠯᠡᠨ᠎ᠡ᠃

       ② ᠦᠷ᠎ᠠ ᠪᠠᠨ ᠬᠠᠳᠠᠭᠠᠬᠤ᠄ ᠲᠠᠷᠢᠬᠤ ᠠᠴᠠ ᠪᠠᠨ 10~15 ᠡᠳᠤᠷ ᠤᠨ ᠡᠮᠦᠨ᠎ᠠ ᠦᠷ᠎ᠡ ᠪᠠᠨ ᠲᠤᠩᠭᠠᠯᠠᠭ ᠦᠳᠡ ᠶᠢᠨ ᠨᠠᠷᠠᠨ ᠳᠤ 2~3 ᠡᠳᠤᠷ ᠡᠭᠡᠭᠡᠨ ᠬᠠᠳᠠᠭᠠᠨ᠎ᠠ᠃

       ③ ᠦᠷ᠎ᠠ ᠰᠤᠩᠭᠤᠬᠤ᠄ ᠬᠤᠪᠢ ᠶᠢᠨ ᠵᠢᠩ ᠨᠢ 1.07~1.13 ︵12%~23%︶ ᠶᠢᠨ ᠭᠦᠭᠦᠷ ᠬᠦᠴᠢᠯ ᠤᠨ ᠠᠮᠮᠤᠨᠢ ᠪᠤᠶᠤ ᠰᠢᠷ᠎ᠠ ᠰᠢᠪᠠᠷ ᠲᠠᠢ ᠤᠰᠤᠨ ᠳᠤ ᠦᠷ᠎ᠠ ᠪᠠᠨ ᠤᠭᠢᠶᠠᠵᠤ᠂ ᠴᠤᠤᠬᠠᠯ ᠢ ᠨᠢ ᠠᠷᠢᠯᠭᠠᠵᠤ᠂ ᠰᠠᠶᠢᠨ ᠦᠷ᠎ᠡ ᠶᠢ ᠨᠢ ᠱᠦᠭᠦᠵᠤ ᠭᠠᠷᠭᠠᠭᠠᠳ ᠲᠠᠭᠢᠨ ᠨᠢᠭᠡ ᠤᠳᠠᠭ᠎ᠠ ᠴᠡᠪᠡᠷᠯᠡᠨ ᠤᠭᠢᠶᠠᠨ᠎ᠠ᠃

       ④ ᠦᠷ᠎ᠡ ᠪᠠᠨ ᠲᠡᠪᠳᠦᠭᠡᠵᠤ ᠠᠷᠢᠭᠤᠳᠬᠠᠨ᠎ᠠ᠃ 500 ᠲᠠᠭᠢᠨ ᠤ 45% ᠶᠢᠨ 901 ᠪᠠᠺᠲ᠋ᠧᠷᠢ ᠤᠰᠠᠳᠬᠠᠬᠤ ᠡᠮ ᠳᠤ ᠦᠷ᠎ᠡ ᠪᠠᠨ ᠲᠡᠪᠳᠦᠭᠡᠵᠤ᠂ ᠡᠳᠤᠷ ᠲᠤ 2~4 ᠤᠳᠠᠭ᠎ᠠ ᠬᠤᠳᠬᠤᠨ ᠬᠤᠯᠢᠨ᠎ᠠ᠃ ᠰᠠᠶᠢᠳᠤᠷ ᠲᠡᠪᠳᠦᠭᠡᠭᠰᠡᠨ ᠤ ᠰᠡᠭᠦᠯᠡᠷ ᠱᠦᠭᠦᠵᠤ ᠭᠠᠷᠭᠠᠨ᠎ᠠ᠃

       6. ᠪᠤᠳᠠᠳᠠᠢ ᠪᠠᠷ ᠶᠠᠭᠠᠭᠢᠵᠤ ᠲᠠᠷᠢᠬᠤ ᠪᠤᠢ︖

       ︵1︶ ᠤᠮᠠᠷᠠᠳᠤ ᠤᠷᠤᠨ ᠪᠤᠯ ᠶᠠᠷᠦᠩᠭᠡᠢ ᠳᠡᠭᠡᠨ 4 ᠳ᠋ᠤᠬᠡᠷ ᠰᠠᠷ᠎ᠠ ᠶᠢᠨ ᠡᠭᠢ ᠪᠠᠷ ᠲᠠᠷᠢᠪᠠᠯ ᠲᠤᠭᠢᠷᠠᠮᠵᠢᠳᠡᠢ᠃

        ︵2︶ ᠬᠠᠰᠢᠯᠭᠠᠨ ᠳᠤ ᠴᠢᠭᠢ ᠪᠤᠶᠢᠵᠢᠭᠤᠯᠬᠤ ᠳᠤ ᠲᠡᠭᠰᠢ ᠲᠦᠷᠪᠡᠯᠵᠢᠨ ᠮᠧᠲᠷ ᠪᠦᠷᠢ 300~450g ᠨᠠᠭᠢᠶ᠎ᠠ ᠰᠠᠭᠤᠯᠭᠠᠵᠤ᠂ ᠲᠠᠪᠠᠭ ᠲᠤ ᠴᠢᠭᠢ ᠪᠤᠶᠢᠵᠢᠭᠤᠯᠬᠤ ᠳᠤ ᠲᠠᠪᠠᠭ ᠪᠦᠷᠢ 100~150g ᠨᠠᠭᠢᠶ᠎ᠠ ᠰᠠᠭᠤᠯᠭᠠᠨ᠎ᠠ᠃

       ︵3︶ ᠬᠠᠰᠢᠯᠭᠠᠨ ᠳᠤ ᠴᠢᠭᠢ ᠪᠤᠶᠢᠵᠢᠭᠤᠯᠬᠤ ᠳᠤ 2~3 ᠤᠳᠠᠭ᠎ᠠ ᠬᠤᠪᠢᠶᠠᠨ ᠵᠢᠭᠳᠡ ᠰᠠᠴᠤᠨ ᠲᠠᠷᠢᠵᠤ᠂ ᠲᠠᠷᠢᠶᠠᠨ ᠭᠠᠵᠠᠷ ᠤᠨ ᠰᠦᠯᠢᠶᠤᠤ ᠪᠦᠷᠭᠦᠭᠦᠯ ᠢᠶᠠᠷ ᠪᠦᠳᠡᠭᠡᠵᠤ᠂ ᠰᠢᠳᠡᠮ᠂ ᠢᠯᠢᠭᠦᠷ ᠵᠡᠷᠭᠡ ᠪᠠᠷ ᠦᠷ᠎ᠠ ᠪᠠᠨ ᠭᠦᠡᠭᠭᠡᠨ ᠲᠠᠷᠤᠵᠤ ᠤᠷᠤᠭᠤᠯᠤᠨ᠎ᠠ᠃ ᠲᠠᠪᠠᠭ ᠲᠤ ᠲᠠᠷᠢᠬᠤ ᠳᠤ ᠦᠷ᠎ᠠ ᠪᠠᠨ ᠲᠠᠷᠤᠬᠤ ᠭᠡᠷᠡᠭ ᠦᠭᠡᠢ᠃

        ︵4︶ ᠰᠢᠷᠤᠢ ᠪᠠᠷ ᠬᠤᠴᠢᠬᠤ᠄ ᠬᠠᠰᠢᠯᠭᠠᠨ ᠳᠤ ᠴᠢᠭᠢ ᠪᠤᠶᠢᠵᠢᠭᠤᠯᠬᠤ ᠳᠤ ᠰᠠᠭᠤᠷᠢ ᠶᠢᠨ ᠴᠢᠭᠢᠭ ᠲᠠᠢ ᠰᠢᠷᠤᠢ ᠪᠠᠨ ᠰᠠᠶᠢᠵᠠᠳᠠᠨ 0.5~1.0cm ᠵᠤᠵᠠᠭᠠᠨ ᠵᠢᠭᠳᠡ ᠲᠠᠷᠤᠨ ᠬᠤᠴᠢᠨ᠎ᠠ᠃ ᠲᠠᠪᠠᠭ ᠲᠤ ᠴᠢᠭᠢ ᠪᠤᠶᠢᠵᠢᠭᠤᠯᠬᠤ ᠳᠤ ᠴᠢᠭᠢᠭ ᠲᠠᠢ ᠰᠢᠷᠤᠢ ᠪᠠᠨ ᠰᠠᠶᠢᠵᠠᠳᠠᠨ 0.5cm ᠵᠤᠵᠠᠭᠠᠨ ᠲᠠᠷᠤᠵᠤ ᠬᠤᠴᠢᠨ᠎ᠠ᠃ ᠬᠠᠮᠤᠭ ᠵᠤᠵᠠᠭᠠᠨ ᠳᠠᠭᠠᠨ 1cm ᠠᠴᠠ ᠭᠡᠳᠦᠷᠡᠭᠦᠯᠵᠤ ᠪᠤᠯᠬᠤ ᠦᠭᠡᠢ᠂ ᠵᠤᠵᠠᠭᠠᠨ ᠨᠢᠮᠭᠡᠨ ᠨᠢ ᠲᠡᠭᠰᠢ ᠦᠭᠡᠢ ᠪᠤᠯ ᠮᠤᠳᠤᠨ ᠬᠠᠪᠳᠠᠰᠤ ᠪᠠᠷ ᠬᠤᠰᠤᠨ ᠲᠡᠭᠰᠢᠯᠡᠨ᠎ᠡ᠃

        ︵5︶ ᠪᠢᠳᠡᠭᠦᠮᠵᠢᠯᠡᠨ᠎ᠡ᠄ 6~9mL 9% ᠶᠢᠨ ᠳ᠋ᠢᠩ ᠫᠦ᠋ ︵丁扑︶ ᠨᠠᠶᠢᠯᠡᠮᠡᠯ ᠡᠳ᠋ ᠢ 2.5kg ᠴᠢᠭᠢᠭ ᠲᠠᠢ ᠨᠠᠷᠢᠯᠢᠬ ᠰᠢᠷ᠎ᠠ ᠰᠢᠷᠤᠢ ᠲᠠᠢ ᠬᠤᠯᠢᠵᠤ᠂ ᠵᠢᠭᠳᠡ ᠰᠠᠶᠢᠬᠠᠨ ᠰᠠᠴᠤᠵᠤ ᠲᠠᠷᠤᠨ᠎ᠠ᠃

       ︵6︶ ᠪᠦᠷᠭᠦᠭᠦᠯ ᠢᠶᠠᠷ ᠪᠦᠳᠡᠭᠡᠭᠦ᠄ ᠨᠢᠭᠡᠨ ᠲᠠᠪᠬᠤᠷ ᠪᠦᠷᠭᠦᠭᠦᠯ ᠢᠶᠠᠷ ᠪᠦᠳᠡᠭᠡᠵᠤ᠂ ᠲᠡᠭᠡᠷ᠎ᠡ ᠨᠢ ᠤᠰᠤᠨ ᠰᠦᠷᠴᠢᠭᠦᠷ ᠢᠶᠠᠷ ᠤᠰᠤ ᠰᠦᠷᠴᠢᠨ ᠨᠢᠠᠠᠳᠠ ᠲᠠᠷᠤᠵᠤ᠂ ᠬᠤᠶᠠᠷ ᠭᠦᠪᠡᠭᠡ ᠶᠢ ᠨᠢ ᠰᠢᠷᠤᠢ ᠪᠠᠷ ᠴᠢᠩᠭ᠎ᠠ ᠲᠠᠷᠤᠨ᠎ᠠ᠃

       7. ᠴᠢᠭᠢᠯᠡᠭᠦ ᠬᠤᠭᠤᠴᠠᠭᠠᠨ ᠳᠤᠨᠢ ᠶᠠᠭᠠᠭᠢᠵᠤ ᠠᠷᠠᠴᠢᠯᠠᠵᠤ ᠬᠠᠮᠢᠶᠠᠷᠬᠤ ᠪᠤᠢ︖

       ︵1︶ ᠪᠦᠷᠭᠦᠭᠦᠯ ᠢᠶᠠᠨ ᠠᠪᠤᠨ᠎ᠠ᠃ ᠵᠢᠭᠳᠡ ᠴᠢᠭᠢᠯᠡᠵᠤ ᠪᠦᠷᠭᠦᠭᠦᠯ ᠢ ᠲᠤᠯᠬᠤ ᠦᠶᠡᠰ᠂ ᠲᠠᠷᠠ ᠲᠠᠷᠦ᠋ᠢᠬᠠᠨ ᠪᠦᠷᠭᠦᠭᠦᠯ ᠢᠶᠠᠨ ᠰᠠᠯᠭᠠᠵᠤ ᠠᠪᠤᠨ᠎ᠠ᠃ ᠠᠭᠠᠷ ᠲᠤᠩᠭᠠᠯᠠᠭ ᠲᠤᠯᠠᠭᠠᠨ ᠤ ᠭᠡᠮᠵᠢᠶ᠎ᠠ ᠦᠨᠳᠤᠷ ᠪᠤᠯ 5~6 ᠬᠤᠨᠤᠭ ᠭᠡᠷᠡᠭᠰᠡᠨ᠂ ᠠᠭᠠᠷ ᠪᠦᠷᠭᠦᠭ᠂ ᠲᠤᠯᠠᠭᠠᠨ ᠤ ᠭᠡᠮᠵᠢᠶ᠎ᠠ ᠲᠤᠤᠷ᠎ᠠ ᠪᠤᠯ 8~9 ᠬᠤᠨᠤᠭ ᠭᠡᠷᠡᠭᠰᠡᠨ᠎ᠠ᠃

       ︵2︶ ᠴᠢᠭᠢᠯᠡᠭᠦ ᠠᠴᠠ ᠨᠢ ᠡᠮᠦᠨ᠎ᠠ ᠰᠠᠷᠠᠪᠴᠢᠨ ᠤ ᠲᠤᠯᠠᠭᠠᠨ ᠢ ᠶᠠᠷᠦᠩᠭᠡᠢ ᠳᠡᠭᠡᠨ 20℃~30℃ ᠪᠠᠶᠢᠯᠭᠠᠨ᠎ᠠ᠃

      ︵3︶ ᠤᠰᠤᠯᠠᠯᠳᠠ᠄ ᠲᠤᠯᠠᠭᠠᠨ ᠤ ᠭᠡᠮᠵᠢᠶ᠎ᠠ ᠦᠨᠳᠤᠷᠵᠢᠭᠦ ᠪᠠ ᠰᠠᠯᠭᠢ ᠨᠡᠪᠳᠡᠷᠡᠭᠦ ᠶᠢ ᠲᠠᠭᠠᠯᠳᠤᠭᠤᠯᠤᠨ᠂ ᠶᠠᠷᠦᠩᠭᠡᠢ ᠳᠡᠭᠡᠨ ᠡᠳᠤᠷ ᠪᠦᠷᠢ ᠨᠢᠭᠡ ᠤᠳᠠᠭ᠎ᠠ ᠲᠠᠪᠳᠦᠳᠡᠯ᠎ᠡ ᠤᠰᠤᠯᠠᠵᠤ᠂ ᠰᠠᠷᠠᠪᠴᠢᠨ ᠤ ᠴᠢᠭᠢᠭ ᠤᠨ ᠭᠡᠮᠵᠢᠶ᠎ᠠ ᠶᠢ 60% ᠠᠴᠠ ᠲᠡᠭᠡᠭᠰᠢ ᠪᠠᠶᠢᠯᠭᠠᠨ᠎ᠠ᠃

       ︵4︶ ᠰᠠᠯᠭᠢ ᠨᠡᠪᠳᠡᠷᠡᠭᠦᠯᠭᠦ᠄ ᠴᠢᠭᠢ ᠭᠠᠷᠴᠤ ᠪᠦᠷᠭᠦᠭᠦᠯ ᠢᠶᠠᠨ ᠠᠪᠤᠠᠠᠰᠠᠨ ᠤ ᠰᠡᠭᠦᠯᠡᠷ ᠡᠳᠤᠷ ᠤᠨ ᠲᠤᠯᠠᠭᠠᠨ ᠤ ᠭᠡᠮᠵᠢᠶ᠎ᠠ ᠲᠡᠭᠡᠭᠰᠢᠯᠡᠭᠦ ᠦᠶᠡᠰ ᠰᠠᠯᠭᠢ ᠨᠠᠪᠳᠡᠷᠡᠭᠦᠯᠦᠨ᠎ᠠ᠃ ᠶᠠᠷᠦᠩᠭᠡᠢ ᠳᠡᠭᠡᠨ ᠨᠢᠭᠡ ᠬᠠᠭᠠᠰ ᠨᠠᠪᠴᠢᠯᠠᠬᠤ ᠠᠴᠠ ᠡᠮᠦᠨ᠎ᠠ ᠨᠢ ᠵᠢᠭᠠᠬᠠᠨ ᠰᠠᠯᠭᠢ ᠨᠡᠪᠳᠡᠷᠡᠭᠦᠯᠵᠤ᠂ ᠬᠤᠶᠠᠷ ᠦᠵᠦᠭᠦᠷ ᠪᠤᠶᠤ ᠠᠷᠤ ᠲᠠᠯ᠎ᠠ ᠠᠴᠠ ᠨᠢ ᠰᠠᠯᠭᠢ ᠨᠡᠪᠳᠡᠷᠡᠭᠦᠯᠦᠨ᠎ᠠ᠃ ᠨᠢᠭᠡ ᠬᠠᠭᠠᠰ ᠠᠴᠠ ᠬᠤᠶᠠᠷ ᠬᠠᠭᠠᠰ ᠨᠠᠪᠴᠢᠯᠠᠬᠤ ᠦᠶᠡᠰ᠂ ᠬᠤᠶᠠᠷ ᠲᠠᠯ᠎ᠠ ᠠᠴᠠ ᠨᠢ ᠲᠤᠭᠢᠳᠠᠶᠢᠬᠠᠨ ᠰᠠᠯᠭᠢ ᠨᠡᠪᠳᠡᠷᠡᠭᠦᠯᠦᠨ᠎ᠠ᠃ ᠬᠤᠶᠠᠷ ᠬᠠᠭᠠᠰ ᠨᠠᠪᠴᠢᠯᠬᠠᠰᠠᠨ ᠤ ᠰᠡᠭᠦᠯᠡᠷ ᠲᠦᠷᠪᠡᠨ ᠲᠠᠯ᠎ᠠ ᠠᠴᠠ ᠨᠢ ᠭᠦᠢᠴᠡᠳ ᠰᠠᠯᠭᠢ ᠨᠡᠪᠳᠡᠷᠡᠭᠦᠯᠦᠨ᠎ᠠ᠃

      ︵5︶ ᠭᠦᠴᠢᠯ ᠢ ᠲᠤᠭᠢᠷᠠᠭᠤᠯᠬᠤ᠄ pH ᠤᠨ ᠭᠡᠮᠵᠢᠶ᠎ᠠ ᠨᠢ 6 ᠪᠤᠯᠬᠤ ᠦᠶᠡᠰ 500 ᠲᠠᠭᠢᠨ ᠤ ᠭᠦᠴᠢᠯᠯᠢᠭ ᠤᠰᠤ ᠰᠦᠷᠴᠢᠵᠤ  pH ᠤᠨ ᠭᠡᠮᠵᠢᠶ᠎ᠠ ᠨᠢ 4~4.5 ᠪᠤᠯᠬᠤ ᠦᠶᠡᠰ᠂ ᠨᠢᠭᠡ ᠤᠳᠠᠭ᠎ᠠ ᠴᠡᠪᠡᠷ ᠤᠰᠤ ᠪᠠᠷ ᠰᠦᠷᠴᠢᠨ ᠤᠭᠢᠶᠠᠨ᠎ᠠ᠃ ᠶᠠᠷᠦᠩᠭᠡᠢ ᠳᠡᠭᠡᠨ ᠨᠢᠭᠡ ᠬᠠᠭᠠᠰ ᠪᠠ ᠬᠤᠶᠠᠷ ᠬᠠᠭᠠᠰ ᠨᠠᠪᠴᠢᠯᠠᠬᠤ ᠬᠤᠭᠤᠴᠠᠭᠠᠨ ᠳᠤᠨᠢ ᠬᠤᠶᠠᠷ ᠤᠳᠠᠭ᠎ᠠ ᠭᠦᠴᠢᠯᠯᠢᠭ ᠤᠰᠤ ᠪᠠᠷ ᠤᠰᠤᠯᠠᠨ᠎ᠠ᠃

       ︵6︶ ᠪᠤᠷᠳᠤᠭᠤᠷ ᠤᠷᠤᠭᠤᠯᠬᠤ᠄ ᠬᠤᠶᠠᠷ ᠨᠠᠪᠴᠢᠯᠠᠬᠤ ᠦᠶᠡᠰ 1% ᠶᠢᠨ ᠭᠦᠭᠦᠷ ᠬᠦᠴᠢᠯ ᠤᠨ ᠠᠮᠮᠤᠨᠢ ᠶᠢᠨ ᠤᠰᠤ ᠶᠢ ᠰᠦᠷᠴᠢᠨ ᠤᠷᠤᠭᠤᠯᠤᠨ᠎ᠠ᠃ ᠬᠠᠰᠢᠯᠭᠠᠨ ᠤ ᠴᠢᠭᠢ ᠪᠤᠶᠢᠵᠢᠭᠤᠯᠬᠤ ᠪᠤᠯ 10 ᠲᠡᠭᠰᠢ ᠲᠦᠷᠪᠡᠯᠵᠢᠨ ᠮᠧᠲᠷ ᠪᠦᠷᠢ 25kg᠂ ᠲᠠᠪᠠᠭ ᠲᠤ ᠴᠢᠭᠢ ᠪᠤᠶᠢᠵᠢᠭᠤᠯᠬᠤ ᠪᠤᠯ 100 ᠲᠠᠪᠠᠭ ᠪᠦᠷᠢ 45kg ᠰᠦᠷᠴᠢᠵᠤ᠂ ᠪᠤᠷᠳᠤᠭᠤᠷ ᠤᠷᠤᠭᠤᠯᠤᠠᠠᠰᠠᠨ ᠤ ᠲᠠᠷᠠᠭ᠎ᠠ ᠴᠢᠭᠢ ᠪᠠᠨ ᠨᠢᠭᠡ ᠤᠳᠠᠭ᠎ᠠ ᠴᠡᠪᠡᠷ ᠤᠰᠤ ᠪᠠᠷ ᠤᠭᠢᠶᠠᠨ᠎ᠠ᠃

       ︵7︶ ᠭᠡᠮ ᠬᠤᠷᠤᠬᠠᠶᠢᠳᠤᠯ ᠢ ᠰᠡᠷᠭᠡᠶᠢᠯᠡᠭᠦ᠄ ᠰᠢᠷ᠎ᠠ ᠴᠤᠬᠤᠷᠳᠤ ᠭᠡᠮ ᠢ ᠰᠡᠷᠭᠡᠶᠢᠯᠡᠭᠦ ᠳᠤ ᠲᠤᠯᠠᠭᠠᠨ ᠤ ᠭᠡᠮᠵᠢᠶ᠎ᠠ ᠲᠤᠷᠤᠠᠠᠰᠢᠯᠠᠬᠤ ᠠᠴᠠ ᠰᠡᠷᠭᠡᠶᠢᠯᠡᠵᠤ᠂ ᠬᠠᠮᠢᠶᠠᠷᠤᠯᠳᠠ ᠪᠠᠨ ᠴᠢᠩᠭᠠᠳᠬᠠᠵᠤ᠂ ᠭᠦᠷᠦᠰᠤᠨ ᠤ pH ᠤᠨ ᠭᠡᠮᠵᠢᠶ᠎ᠠ ᠶᠢ ᠪᠠᠭᠤᠷᠠᠭᠤᠯᠤᠨ᠎ᠠ᠃ ᠭᠦᠭᠡ ᠴᠤᠬᠤᠷᠳᠤ ᠭᠡᠮ ᠢ ᠰᠡᠷᠭᠡᠶᠢᠯᠡᠭᠦ ᠳᠤ ᠴᠢᠭᠢᠭ ᠢ ᠨᠡᠮᠡᠭᠳᠡᠭᠦᠯᠵᠤ᠂ ᠭᠦᠷᠦᠰᠤᠨ ᠤ pH ᠤᠨ ᠭᠡᠮᠵᠢᠶ᠎ᠠ ᠶᠢ ᠪᠠᠭᠤᠷᠠᠭᠤᠯᠤᠨ᠎ᠠ᠃ ᠴᠤᠬᠤᠷᠳᠤ ᠭᠡᠮ ᠢ ᠰᠡᠷᠭᠡᠶᠢᠯᠡᠭᠦ ᠳᠤ 2500~3000 ᠲᠠᠭᠢᠨ ᠤ 35% ᠶᠢᠨ ᠯᠢ ᠺᠦ᠋ ᠵᠢᠩ ︵立枯净︶ ᠡᠮ ᠢ 100~120kg ᠤᠰᠤ ᠲᠠᠢ ᠬᠤᠯᠢᠵᠤ᠂ 40 ᠲᠠᠯᠠᠪᠠᠢ ᠶᠢ ᠤᠰᠤᠯᠠᠨ᠎ᠠ᠃ ᠬᠤᠵᠢᠷᠯᠢᠬ ᠲᠠᠷᠢᠶᠠᠨ ᠡᠮ ᠲᠠᠢ ᠬᠤᠯᠢᠨ ᠭᠡᠷᠡᠭᠯᠡᠵᠤ ᠪᠤᠯᠬᠤ ᠦᠭᠡᠢ᠃

       8. ᠴᠢᠭᠢ ᠰᠠᠭᠤᠯᠭᠠᠬᠤ ᠳᠤ ᠶᠠᠮᠠᠷ ᠶᠠᠮᠠᠷ ᠱᠠᠭᠠᠷᠳᠠᠯᠭ᠎ᠠ ᠪᠠᠶᠢᠬᠤ ᠪᠤᠢ︖

       ︵1︶ ᠭᠠᠵᠠᠷ ᠢᠶᠠᠨ ᠮᠠᠰᠢᠨ ᠢᠶᠠᠷ ᠪᠤᠶᠤ ᠭᠦᠮᠦᠨ ᠤ ᠭᠦᠴᠤ ᠪᠠᠷ ᠰᠠᠶᠢᠬᠠᠨ ᠲᠡᠭᠰᠢᠯᠡᠭᠦ ᠭᠡᠷᠡᠭᠳᠡᠢ᠃ ᠨᠠᠮᠤᠷ ᠤᠷᠪᠠᠭᠤᠯᠬᠤ ᠳᠠᠭᠠᠨ ᠡᠰᠢ ᠭᠤᠤᠷᠰᠤ ᠲᠠᠢ ᠨᠢ ᠴᠤᠭ 15cm ᠭᠦᠨ ᠤᠷᠪᠠᠭᠤᠯᠵᠤ᠂ ᠬᠠᠪᠤᠷ ᠡᠷᠳᠡ ᠭᠠᠵᠠᠷ ᠭᠡᠰᠦᠮᠡᠭᠴᠡ ᠬᠠᠭᠤᠷᠠᠢ ᠪᠠᠷ ᠨᠡᠷᠬᠠᠳᠠᠵᠤ᠂ 4 ᠳ᠋ᠤᠭᠡᠷ ᠰᠠᠷ᠎ᠠ ᠶᠢᠨ ᠲᠤᠮᠳᠠᠴᠢ ᠠᠴᠠ 5 ᠳ᠋ᠤᠭᠠᠷ ᠰᠠᠷ᠎ᠠ ᠶᠢᠨ ᠡᠭᠢ ᠪᠠᠷ ᠲᠠᠷᠢᠶᠠᠨ ᠳᠠᠭᠠᠨ ᠤᠰᠤ ᠤᠷᠤᠭᠤᠯᠤᠨ᠂ ᠤᠰᠤᠨ ᠤ ᠭᠦᠨ ᠢ 15cm ᠠᠴᠠ ᠲᠡᠭᠡᠭᠰᠢ ᠪᠠᠶᠢᠯᠭᠠᠵᠤ᠂ ᠴᠢᠭᠢ ᠰᠠᠭᠤᠯᠭᠠᠬᠤ ᠠᠴᠠ ᠪᠠᠨ ᠡᠮᠦᠨ᠎ᠠ ᠤᠰᠤᠨ ᠨᠠᠷᠬ᠎ᠠ ᠪᠠᠷ ᠨᠠᠷᠬᠠᠳᠠᠵᠤ᠂ ᠤᠰᠤᠨ ᠲᠡᠭᠡᠷᠡᠭᠢ ᠭᠦᠪᠤᠮᠡᠯ ᠨᠤᠪᠰᠢ ᠶᠢ ᠠᠷᠢᠯᠭᠠᠬᠤ ᠭᠡᠷᠡᠭᠳᠡᠢ᠃

       ︵2︶ ᠰᠠᠭᠤᠷᠢ ᠪᠤᠷᠳᠤᠭᠤᠷ ᠤᠷᠤᠭᠤᠯᠬᠤ ᠳᠠᠭᠠᠨ ᠰᠢᠭᠡᠭ ᠪᠤᠷᠳᠤᠭᠤᠷ ᠢᠯᠡᠭᠦᠭᠡᠨ ᠤᠷᠤᠭᠤᠯᠵᠤ᠂ ᠭᠢᠮᠢ ᠶᠢᠨ ᠪᠤᠷᠳᠤᠭᠤᠷ ᠪᠠᠭ᠎ᠠ ᠤᠷᠤᠭᠤᠯᠬᠤ ᠭᠡᠷᠡᠭᠳᠡᠢ᠃ ᠬᠠᠭᠤᠷᠠᠢ ᠪᠠᠷ ᠨᠠᠷᠬᠠᠳᠠᠬᠤ ᠠᠴᠠ ᠪᠠᠨ ᠡᠮᠦᠨ᠎ᠠ ᠮᠤ᠋ ᠪᠦᠷᠢ ᠴᠢᠨᠠᠷ ᠰᠠᠶᠢᠳᠠᠢ ᠰᠢᠭᠡᠭ ᠪᠤᠷᠳᠤᠭᠤᠷ  2~3t᠂ ᠲᠤᠳᠤᠷᠭ᠎ᠠ ᠡᠪᠡᠰᠤᠨ ᠤ ᠦᠨᠡᠰᠤ 150kg ᠤᠷᠤᠭᠤᠯᠬᠤ ᠭᠡᠷᠡᠭᠳᠡᠢ᠃ ᠤᠰᠤᠨ ᠨᠠᠷᠬᠠᠳᠠᠯ ᠠᠴᠠ ᠡᠮᠦᠨ᠎ᠠ ᠹᠤᠰᠹᠤᠷ ᠭᠦᠴᠢᠯ ᠤᠨ ᠬᠤᠶᠠᠷᠴᠢ ᠠᠮᠮᠤᠨᠢ 5kg᠂ ᠰᠢᠭᠡᠰᠦᠯᠢᠭ ᠡᠳ᠋ 2.5kg᠂ ᠭᠦᠭᠦᠷ ᠭᠦᠴᠢᠯ ᠤᠨ ᠺᠠᠯᠢ 2.5kg ᠤᠷᠤᠭᠤᠯᠤᠨ᠎ᠠ᠃

      ︵3︶ ᠴᠢᠭᠢ ᠰᠠᠭᠤᠯᠭᠠᠬᠤ᠄ ᠵᠡᠭᠦᠨ ᠬᠤᠶᠢᠳᠤ ᠤᠷᠤᠨ ᠳᠤ ᠪᠤᠯ 5 ᠳ᠋ᠤᠭᠠᠷ ᠰᠠᠷ᠎ᠠ ᠶᠢᠨ ᠲᠤᠮᠳᠠᠴᠢ ᠪᠠᠷ ᠴᠢᠭᠢ ᠰᠠᠭᠤᠯᠭᠠᠵᠤ᠂ ᠬᠠᠮᠤᠭ ᠤᠷᠤᠢ ᠳᠠᠭᠠᠨ 6 ᠳ᠋ᠤᠭᠠᠷ ᠰᠠᠷ᠎ᠠ ᠶᠢᠨ 5 ᠳᠤ ᠲᠠᠭᠤᠰᠬᠠᠨ᠎ᠠ᠃

       ᠮᠠᠰᠢᠨ ᠢᠶᠠᠷ ᠰᠠᠭᠤᠯᠭᠠᠬᠤ ᠳᠤ ᠮᠦᠷ ᠤᠨ ᠵᠠᠢ ᠶᠢ 30cm᠂ ᠴᠤᠨᠤᠭ ᠤᠨ ᠵᠠᠢ ᠶᠢ 10cm ᠪᠠᠶᠢᠯᠭᠠᠵᠤ᠂ ᠴᠤᠨᠤᠭ ᠪᠦᠷᠢ 4~6 ᠴᠢᠭᠢ ᠰᠠᠭᠤᠯᠭᠠᠵᠤ᠂ ᠲᠡᠭᠰᠢ ᠲᠦᠷᠪᠡᠯᠵᠢᠨ ᠮᠧᠲᠷ ᠪᠦᠷᠢ 33 ᠴᠤᠨᠤᠭ ᠭᠠᠷᠭᠠᠵᠤ᠂ 130~200 ᠴᠢᠭᠢ ᠰᠠᠭᠤᠯᠭᠠᠵᠤ᠂ ᠮᠤ᠋ ᠪᠦᠷᠢ 2.2 ᠲᠦᠮᠡᠨ ᠴᠤᠨᠤᠭ ᠭᠠᠷᠭᠠᠵᠤ᠂ 9~13.3 ᠲᠦᠮᠡᠨ ᠴᠢᠭᠢ ᠰᠠᠭᠤᠯᠭᠠᠨ᠎ᠠ᠂ ᠮᠤ᠋ ᠪᠦᠷᠢ 35 ᠲᠠᠪᠠᠭ ᠴᠢᠭᠢ ᠰᠠᠭᠤᠯᠭᠠᠨ᠎ᠠ᠃

       ᠭᠠᠷ ᠢᠶᠠᠷ ᠰᠠᠭᠤᠯᠭᠠᠬᠤ ᠳᠤ ᠮᠦᠷ ᠤᠨ ᠵᠠᠢ ᠶᠢ 27cm᠂ ᠴᠤᠨᠤᠭ ᠤᠨ ᠵᠠᠢ ᠶᠢ 10cm ᠪᠠᠶᠢᠯᠭᠠᠵᠤ᠂ ᠴᠤᠨᠤᠭ ᠪᠦᠷᠢ 5~7 ᠴᠢᠭᠢ ᠰᠭᠤᠯᠭᠠᠵᠤ᠂ ᠲᠡᠭᠰᠢ ᠲᠦᠷᠪᠡᠯᠵᠢᠨ ᠮᠧᠲᠷ ᠪᠦᠷᠢ 37 ᠴᠤᠨᠤᠭ ᠭᠠᠷᠭᠠᠵᠤ᠂ 180~260 ᠴᠢᠭᠢ ᠰᠠᠭᠤᠯᠭᠠᠵᠤ᠂ ᠮᠤ᠋ ᠪᠦᠷᠢ 2.5 ᠲᠦᠮᠡᠨ ᠴᠤᠨᠤᠭ ᠭᠠᠷᠭᠠᠵᠤ᠂ 12~17 ᠲᠦᠮᠡᠨ ᠴᠢᠭᠢ ᠰᠠᠭᠤᠯᠭᠠᠨ᠎ᠠ᠂ ᠲᠠᠪᠠᠭ ᠲᠤ ᠪᠤᠶᠢᠵᠢᠭᠤᠯᠬᠤ ᠳᠤ ᠮᠤ᠋ ᠪᠦᠷᠢ 40 ᠲᠠᠪᠠᠭ ᠴᠢᠭᠢ ᠰᠠᠭᠤᠯᠭᠠᠨ᠎ᠠ᠃

      9. ᠲᠠᠷᠢᠶᠠᠨ ᠳᠠᠬᠢ ᠠᠷᠠᠴᠢᠯᠠᠯᠳᠠ ᠶᠢᠨ ᠲᠠᠯ᠎ᠠ ᠪᠠᠷ ᠶᠠᠮᠠᠷ ᠮᠡᠷᠭᠡᠵᠢᠯ ᠢ ᠭᠡᠷᠡᠭᠯᠡᠭᠦ ᠪᠤᠢ︖

      ︵1︶ ᠤᠰᠤᠯᠠᠬᠤ᠄ ᠡᠭᠦᠨ ᠳᠤ ᠴᠢᠭᠢ ᠰᠠᠭᠤᠯᠭᠠᠠᠠᠰᠠᠨ ᠤ ᠪᠠᠨ ᠰᠡᠭᠦᠯᠡᠷ ᠨᠤᠭᠤᠭᠠᠷᠠᠳᠠᠯ᠎ᠠ ᠨᠢ ᠶᠠᠷᠦᠩᠭᠡᠢ ᠳᠡᠭᠡᠨ 3~5cm ᠬᠦᠢᠬᠡᠨ ᠤᠰᠤᠯᠠᠨ᠎ᠠ᠃ ᠰᠠᠯᠠᠭᠠᠯᠠᠬᠤ ᠦᠶ᠎ᠠ ᠳᠤᠨᠢ ᠶᠠᠷᠦᠩᠭᠡᠢ ᠳᠡᠭᠡᠨ 3~5cm ᠭᠦᠢᠭᠡᠨ ᠤᠰᠤᠯᠠᠨ᠎ᠠ᠃ ᠰᠠᠯᠠᠭᠠᠯᠠᠯᠳᠠ ᠶᠢᠨ ᠰᠡᠭᠦᠯ ᠤᠨ ᠦᠶ᠎ᠠ ᠳᠤ ᠤᠰᠤ ᠪᠠᠨ ᠵᠠᠯᠠᠵᠤ ᠭᠠᠷᠭᠠᠨ 5~10 ᠡᠳᠤᠷ ᠬᠠᠳᠠᠭᠠᠨ᠎ᠠ᠃ ᠭᠡᠭᠦ ᠳᠡᠭᠡᠨ ᠭᠡᠳᠦᠷᠭᠡᠢ ᠲᠡᠪᠳᠦᠭᠡᠭᠰᠡᠨ ᠰᠢᠨ᠎ᠠ ᠲᠠᠷᠢᠶ᠎ᠠ᠂ ᠲᠠᠴᠢᠷ ᠲᠠᠷᠢᠶ᠎ᠠ ᠪᠤᠶᠤ ᠴᠢᠭᠢ ᠪᠠᠭᠤᠷᠠᠢ ᠦᠶ᠎ᠠ ᠳᠤ ᠬᠠᠳᠠᠭᠠᠵᠤ ᠪᠤᠯᠬᠤ ᠦᠭᠡᠢ᠃ ᠦᠶᠡᠳᠤᠵᠤ ᠲᠦᠷᠤᠬᠦᠳᠤᠬᠦ ᠦᠶ᠎ᠠ ᠳᠤ ᠶᠠᠷᠦᠩᠭᠡᠢ ᠳᠡᠭᠡᠨ 5~10cm ᠭᠦᠨ ᠤᠰᠤᠯᠠᠨ᠎ᠠ᠃ ᠲᠦᠷᠦᠭᠦᠤ ᠪᠦᠭᠡᠯᠵᠢᠵᠤ ᠴᠡᠴᠡᠭᠯᠡᠭᠦ ᠦᠶ᠎ᠠ ᠳᠤᠨᠢ ᠶᠠᠷᠦᠩᠭᠡᠢ ᠳᠡᠭᠡᠨ 5~10cm ᠭᠦᠨ ᠤᠰᠤᠯᠠᠵᠤ᠂ ᠭᠦᠨ ᠤᠰᠤ ᠪᠠᠷ ᠲᠤᠭᠤᠰᠤᠳᠤᠭᠤᠯᠤᠨ᠎ᠠ᠃ ᠴᠦᠮᠡᠳᠤᠭᠦ ᠠᠴᠠ ᠠᠪᠤᠭᠠᠳ ᠪᠤᠯᠪᠠᠰᠤᠷᠠᠬᠤ ᠦᠶ᠎ᠠ ᠳᠤᠨᠢ ᠶᠠᠷᠦᠩᠭᠡᠢ ᠳᠡᠭᠡᠨ ᠡᠳᠤᠷ ᠠᠯᠤᠰᠯᠠᠨ 5cm ᠤᠰᠤᠯᠠᠵᠤ ᠴᠦᠮᠡᠳᠤᠭᠦ ᠶᠢ ᠨᠢ ᠠᠭᠢᠭᠤᠯᠤᠨ᠎ᠠ᠃ ᠪᠤᠯᠪᠠᠰᠤᠷᠬᠠᠰᠠᠨ ᠦᠶ᠎ᠠ ᠳᠤ ᠶᠠᠷᠦᠩᠭᠡᠢ ᠳᠡᠭᠡᠨ 9 ᠳ᠋ᠤᠭᠡᠷ ᠰᠠᠷ᠎ᠠ ᠶᠢᠨ ᠡᠭᠢ ᠪᠠᠷ ᠪᠤᠶᠤ ᠲᠤᠮᠳᠠᠴᠢ ᠪᠠᠷ ᠤᠰᠤ ᠪᠠᠨ ᠲᠠᠳᠠᠭᠤᠷᠠᠭᠤᠯᠤᠨ᠎ᠠ᠃

        ︵2︶ ᠪᠤᠷᠳᠤᠭᠤᠷ ᠤᠷᠤᠭᠤᠯᠬᠤ᠄ ① ᠬᠠᠭᠤᠴᠢᠨ ᠲᠤᠳᠤᠷᠭ᠎ᠠ ᠶᠢᠨ ᠲᠠᠷᠢᠶᠠᠨ ᠳᠤ ᠪᠤᠯ ᠨᠤᠭᠤᠭᠠᠷᠬᠠᠰᠠᠨ ᠤ ᠭᠢᠨᠢ ᠰᠡᠭᠦᠯᠡᠷ ᠮᠤ᠋ ᠪᠦᠷᠢ 7.5~10kg ᠰᠢᠭᠡᠰᠦᠯᠢᠭ ᠡᠳ᠋ ᠤᠷᠤᠭᠤᠯᠤᠨ᠎ᠠ᠃ 6 ᠳ᠋ᠤᠭᠠᠷ ᠰᠠᠷ᠎ᠠ ᠶᠢᠨ ᠲᠤᠮᠳᠡᠴᠢ ᠪᠠᠷ ᠮᠤ᠋ ᠪᠦᠷᠢ 200 ᠲᠠᠭᠢᠨ ᠤ ᠭᠦᠭᠦᠷ ᠭᠦᠴᠢᠯ ᠤᠨ ᠴᠠᠶᠢᠷ ᠤᠨ ᠰᠢᠩᠭᠡᠨ ᠢ 35kg ᠰᠦᠷᠴᠢᠨ᠎ᠠ᠃ ᠲᠦᠷᠦᠭᠦᠤ ᠪᠦᠭᠡᠯᠵᠢᠭᠦ ᠠᠴᠠ ᠨᠢ 15~25 ᠡᠳᠤᠷ ᠤᠨ ᠡᠮᠦᠨ᠎ᠠ ᠮᠤ᠋ ᠪᠦᠷᠢ ᠳᠤ ᠹᠤᠰᠹᠤᠷ ᠭᠦᠴᠢᠯ ᠤᠨ ᠠᠮᠮᠤᠨᠢ 7.5~10kg ᠨᠦᠭᠦᠵᠤ ᠤᠷᠤᠭᠤᠯᠤᠨ᠎ᠠ᠃ ② ᠰᠢᠨ᠎ᠠ ᠲᠠᠷᠢᠶᠠᠨ ᠭᠠᠵᠠᠷ ᠲᠤ ᠪᠤᠯ ᠴᠢᠭᠢ ᠰᠠᠭᠤᠯᠭᠠᠠᠠᠰᠠᠨ ᠤ ᠪᠠᠨ ᠰᠡᠭᠦᠯᠡᠷ ᠮᠤ᠋ ᠪᠦᠷᠢ ᠹᠤᠰᠹᠤᠷ ᠭᠦᠴᠢᠯ ᠤᠨ ᠬᠤᠶᠠᠷᠴᠢ ᠠᠮᠮᠤᠨᠢ᠂ ᠭᠦᠭᠦᠷ ᠭᠦᠴᠢᠯ ᠤᠨ ᠠᠮᠮᠤᠨᠢ ᠪᠤᠯᠤᠨ ᠭᠦᠭᠦᠷ ᠭᠦᠴᠢᠯ ᠤᠨ ᠺᠠᠯᠢ ᠶᠢ ᠲᠤᠰᠪᠤᠷᠢ 5kg ᠤᠷᠤᠭᠤᠯᠤᠨ᠎ᠠ᠃ ᠨᠤᠭᠤᠭᠠᠷᠬᠠᠰᠠᠨ ᠤ ᠭᠢᠨᠢ ᠲᠠᠷᠠᠭ᠎ᠠ 10 ᠬᠤᠨᠤᠭ ᠲᠤ ᠮᠤ᠋ ᠪᠦᠷᠢ ᠹᠤᠰᠹᠤᠷ ᠭᠦᠴᠢᠯ ᠤᠨ ᠬᠤᠶᠠᠷᠴᠢ ᠠᠮᠮᠤᠨᠢ 2.5kg᠂ ᠭᠦᠭᠦᠷ ᠭᠦᠴᠢᠯ ᠤᠨ ᠠᠮᠮᠤᠨᠢ 7.5~10kg ᠤᠷᠤᠭᠤᠯᠵᠤ᠂ ᠨᠤᠭᠤᠭᠠᠷᠬᠠᠰᠠᠨ ᠤ ᠭᠢᠨᠢ ᠬᠤᠶᠢᠨ᠎ᠠ 20 ᠬᠤᠨᠤᠭ ᠲᠤ ᠭᠦᠭᠦᠷ ᠭᠦᠴᠢᠯ ᠤᠨ ᠠᠮᠮᠤᠨᠢ 7.5kg ᠨᠦᠭᠦᠵᠤ ᠤᠷᠤᠭᠤᠯᠤᠨ᠎ᠠ᠃ ᠦᠶᠡᠳᠤᠵᠤ ᠲᠦᠷᠤᠬᠦᠳᠤᠬᠦ ᠡᠭᠢᠨ ᠤ ᠬᠤᠭᠤᠴᠠᠭᠠᠨ ᠳᠤᠨᠢ ᠭᠦᠭᠦᠷ ᠭᠦᠴᠢᠯ ᠤᠨ ᠠᠮᠮᠤᠨᠢ 5kg ᠨᠦᠭᠦᠨ ᠤᠷᠤᠭᠤᠯᠵᠤ᠂ ᠲᠦᠷᠦᠬᠦᠳᠤᠬᠦ ᠠᠴᠠ ᠨᠢ 10~15 ᠬᠤᠨᠤᠭ ᠤᠨ ᠡᠮᠦᠨ᠎ᠠ ᠭᠦᠭᠦᠷ ᠭᠦᠴᠢᠯ ᠤᠨ ᠠᠮᠮᠤᠨᠢ 5kg ᠨᠦᠭᠦᠨ᠎ᠠ᠃

      ︵3︶ ᠡᠪᠡᠰᠤ ᠶᠢ ᠠᠷᠢᠯᠭᠠᠬᠤ᠄ ᠴᠢᠭᠢ ᠰᠠᠭᠤᠯᠭᠠᠠᠠᠰᠠᠨ ᠤ ᠪᠠᠨ ᠲᠠᠷᠠᠭ᠎ᠠ ᠠᠩᠬ᠎ᠠ ᠤᠳᠠᠭ᠎ᠠ ᠠᠷᠴᠢᠵᠤ᠂ ᠴᠢᠭᠢ ᠰᠠᠭᠤᠯᠭᠠᠠᠠᠰᠠᠨ ᠤ ᠪᠠᠨ ᠰᠡᠭᠦᠯᠡᠷ 25~30 ᠬᠤᠨᠤᠭ ᠲᠤ ᠬᠤᠶᠠᠷᠳᠡᠭᠢ ᠤᠳᠠᠭ᠎ᠠ ᠠᠷᠴᠢᠵᠤ᠂ ᠦᠶᠡᠳᠤᠵᠤ ᠦᠷᠡᠯᠡᠭᠦ ᠦᠶ᠎ᠠ ᠳᠤᠨᠢ ᠲᠠᠭᠢᠨ ᠨᠢᠭᠡ ᠤᠳᠠᠭ᠎ᠠ ᠪᠦᠳᠦᠭᠦᠨ ᠡᠪᠡᠰᠤ ᠶᠢ ᠨᠢ ᠦᠭᠳᠡᠭᠡᠨ᠎ᠡ᠃ ᠡᠪᠡᠰᠤ ᠪᠠᠭ᠎ᠠ ᠲᠠᠢ ᠪᠤᠯ ᠭᠢᠮᠢ ᠶᠢᠨ ᠠᠷᠭ᠎ᠠ ᠪᠠᠷ ᠡᠪᠡᠰᠤ ᠶᠢ ᠠᠷᠢᠯᠭᠠᠵᠤ ᠪᠤᠯᠤᠨ᠎ᠠ᠃ ᠲᠤᠬᠠᠶᠢᠯᠠᠪᠠᠯ ᠲᠤᠳᠤᠷᠭ᠎ᠠ ᠶᠢᠨ ᠴᠢᠭᠢ ᠪᠠᠨ ᠰᠠᠭᠤᠯᠭᠠᠠᠠᠰᠠᠨ ᠠᠴᠠ ᠬᠤᠶᠢᠰᠢ 4~7 ᠬᠤᠨᠤᠭ ᠲᠤ 60% ᠶᠢᠨ ᠳ᠋ᠢᠩ ᠼᠤᠤ ᠠᠨ ︵丁草胺︶ 100~125mL ᠲᠡᠭᠡᠷ᠎ᠡ 10% ᠶᠢᠨ ᠼᠤᠤ ᠺᠧ ᠰᠢᠩ ︵草克星︶ 10g ᠢ 3~5cm ᠭᠦᠢᠭᠡᠨ ᠤᠷᠤᠭᠤᠯᠤᠨ᠎ᠠ᠃

      ︵4︶ ᠭᠡᠮ ᠬᠤᠷᠤᠬᠠᠢ ᠶᠢ ᠰᠡᠷᠭᠡᠶᠢᠯᠡᠭᠦ᠄ ᠲᠤᠳᠤᠷᠭᠠᠨ ᠬᠠᠯᠠᠭᠤᠨ ᠭᠡᠮ ᠢ ᠰᠡᠷᠭᠡᠶᠢᠯᠡᠭᠦ ᠳᠤ ᠪᠢᠤᠯᠤᠭᠢ ᠶᠢᠨ ᠰᠡᠷᠭᠡᠶᠢᠯᠡᠯᠳᠡ ᠶᠢᠨ ᠠᠷᠭ᠎ᠠ ᠶᠢ ᠠᠪᠴᠤ᠂ ᠪᠢᠤᠯᠤᠭᠢ ᠶᠢᠨ ᠴᠢᠨᠠᠷ ᠲᠠᠢ ᠲᠠᠷᠢᠶᠠᠨ ᠡᠮ ᠴᠦᠨ ᠯᠸᠢ ᠮᠸᠢ ᠰᠦ᠋ ︵春雷霉素︶ ᠪᠤᠶᠤ ᠵᠢᠩ ᠭᠠᠩ ᠮᠸᠢ ᠰᠦ᠋
︵井冈霉素︶ ᠶᠢ ᠮᠤ᠋ ᠪᠦᠷᠢ 30~50g ᠢ 1000 ᠲᠠᠭᠢᠨ ᠢᠶᠠᠷ ᠰᠢᠩᠭᠡᠯᠡᠭᠡᠳ ᠰᠦᠷᠴᠢᠵᠤ ᠪᠤᠯᠤᠨ᠎ᠠ᠃ ᠪᠠᠰᠠ ᠰᠠᠨ ᠬᠤᠸᠠᠨ ᠽᠦᠸᠧ ︵三环唑︶ ᠡᠮ ᠢ ᠭᠡᠷᠡᠭᠯᠡᠵᠤ ᠪᠤᠯᠤᠨ᠎ᠠ᠃ ᠲᠤᠳᠤᠷᠭᠠᠨ ᠰᠢᠮᠡᠭᠤᠯ᠂ ᠲᠤᠳᠤᠷᠭᠠᠨ ᠢᠯᠠᠭ᠎ᠠ᠂ ᠲᠤᠳᠤᠷᠭᠠᠨ ᠨᠠᠪᠴᠢᠨ ᠴᠤᠬᠤ ᠶᠢ ᠰᠡᠷᠭᠡᠶᠢᠯᠡᠭᠦ ᠳᠤ ᠮᠤ᠋ ᠪᠦᠷᠢ 50~100g 90% ᠶᠢᠨ ᠳ᠋ᠢ ᠪᠠᠢ ᠴᠦᠩ ︵敌百虫︶ ᠢ 40~60kg ᠤᠰᠤᠨ ᠳᠤ ᠰᠢᠩᠭᠡᠯᠡᠵᠤ ᠰᠦᠷᠴᠢᠭᠦ ᠪᠤᠶᠤ ᠪᠠᠰᠠ ᠪᠢᠤᠯᠤᠭᠢ ᠶᠢᠨ ᠲᠠᠷᠢᠶᠠᠨ ᠡᠮ ᠪᠢ ᠴᠦᠩ ᠯᠢᠨ ︵避虫啉︶᠂ ᠰᠦ ᠲᠧ ᠯᠢᠩ ︵苏特灵︶ ᠢᠶᠠᠷ ᠰᠡᠷᠭᠡᠶᠢᠯᠡᠵᠤ ᠪᠤᠯᠤᠨ᠎ᠠ᠃

      ︵5︶ ᠬᠠᠳᠤᠵᠤ ᠬᠤᠷᠢᠶᠠᠬᠤ᠄ ᠲᠤᠳᠤᠷᠭ᠎ᠠ ᠪᠠᠨ 90% ᠨᠢ ᠪᠤᠯᠪᠠᠰᠤᠷᠬᠠᠰᠠᠨ ᠦᠶ᠎ᠠ ᠳᠤ ᠬᠠᠳᠤᠵᠤ ᠬᠤᠷᠢᠶᠠᠵᠤ ᠦᠳᠦᠷᠮ᠎ᠠ ᠪᠠ ᠬᠠᠰᠢᠶᠠᠨ ᠳᠠᠭᠠᠨ ᠬᠠᠳᠠᠭᠠᠵᠤ᠂ ᠤᠰᠤᠨ ᠤ ᠭᠡᠮᠵᠢᠶ᠎ᠠ ᠶᠢ ᠨᠢ ᠪᠠᠷᠢᠮᠵᠢᠶᠠᠳᠤ ᠤᠰᠤᠨ ᠤ ᠭᠡᠮᠵᠢᠶᠠᠨ ᠳᠤ ᠭᠦᠷᠳᠡᠯ᠎ᠠ ᠪᠠᠭᠤᠷᠠᠭᠤᠯᠤᠨ᠎ᠠ᠃ ᠲᠠᠷᠠᠴᠢᠯᠠᠨ ᠡᠯ᠎ᠡ ᠲᠦᠷᠦᠯ ᠤᠨ ᠰᠤᠷᠲ ᠤᠨ ᠲᠤᠳᠤᠷᠭ᠎ᠠ ᠶᠢ ᠲᠤᠰᠠᠭᠠᠷ ᠨᠢ ᠬᠠᠳᠤᠵᠤ᠂ ᠲᠡᠭᠡᠭᠡᠪᠤᠷᠢᠯᠡᠵᠤ ᠤᠪᠤᠭᠠᠯᠠᠵᠤ᠂ ᠴᠠᠶᠢᠯᠭᠠᠵᠤ᠂ ᠬᠠᠳᠠᠭᠠᠯᠠᠵᠤ᠂ ᠬᠤᠳᠠᠯᠳᠤᠵᠤ᠂ A ᠲᠡᠰ ᠤᠨ ᠪᠤᠭᠢᠷᠳᠤᠯ ᠦᠭᠡᠢ ᠲᠤᠳᠤᠷᠭ᠎ᠠ ᠶᠢ ᠪᠤᠯᠪᠠᠰᠤᠷᠠᠭᠤᠯᠬᠤ ᠲᠦᠭᠦᠭᠡᠢ ᠮᠠᠲ᠋ᠧᠷᠢᠶᠠᠯ ᠤᠨ ᠲᠦᠷᠦᠯ ᠵᠦᠢᠯ ᠪᠤᠯᠭᠠᠬᠤ ᠪᠠ ᠶᠠᠰᠤ ᠴᠢᠨᠠᠷ ᠢ ᠨᠢ ᠪᠠᠳᠤᠯᠠᠬᠤ ᠭᠡᠷᠡᠭᠳᠡᠢ᠃

       10. ᠪᠤᠭᠢᠷᠳᠤᠯ ᠦᠭᠡᠢ ᠲᠤᠳᠤᠷᠭ᠎ᠠ ᠶᠢ ᠶᠠᠭᠠᠭᠢᠨ ᠨᠠᠷᠢᠯᠢᠬ ᠭᠦᠨ ᠪᠤᠯᠪᠠᠰᠤᠷᠠᠭᠤᠯᠬᠤ ᠪᠤᠢ︖

      ᠡᠭᠦᠨ ᠳᠤ ᠪᠤᠭᠢᠷᠳᠤᠯ ᠦᠭᠡᠢ ᠲᠤᠳᠤᠷᠭ᠎ᠠ ᠶᠢ ᠪᠤᠯᠪᠠᠰᠤᠷᠠᠭᠤᠯᠬᠤ ᠠᠵᠤ ᠠᠬᠤᠶᠢᠯᠠᠯ ᠤᠨ ᠤᠷᠴᠢᠨ ᠲᠤᠭᠤᠷᠢᠨ᠂ ᠦᠢᠯᠡᠳᠪᠤᠷᠢ ᠶᠢᠨ ᠭᠡᠷ᠂ ᠰᠠᠩ ᠭᠦᠮᠦᠷᠭᠡ᠂ ᠪᠤᠯᠪᠠᠰᠤᠷᠠᠭᠤᠯᠬᠤ ᠲᠠᠰᠤᠭ᠂ ᠲᠦᠭᠦᠭᠡᠷᠤᠮᠵᠢ ᠨᠢ ᠴᠦᠮ ᠪᠤᠭᠢᠷᠳᠤᠯ ᠦᠭᠡᠢ ᠲᠤᠳᠤᠷᠭ᠎ᠠ ᠪᠤᠯᠪᠠᠰᠤᠷᠠᠭᠤᠯᠬᠤ ᠨᠦᠭᠦᠴᠡᠯ ᠳᠤ ᠨᠡᠶᠢᠴᠡᠭᠰᠡᠨ ᠪᠠᠶᠢᠬᠤ ᠭᠡᠷᠡᠭᠳᠡᠢ᠃ ᠪᠤᠯᠪᠠᠰᠤᠷᠠᠭᠤᠯᠬᠤ ᠲᠦᠭᠦᠭᠡᠢ ᠮᠠᠲ᠋ᠧᠷᠢᠶᠠᠯ ᠨᠢ ᠡᠷᠭᠡᠪᠰᠢ ᠪᠤᠭᠢᠷᠳᠤᠯ ᠦᠭᠡᠢ ᠲᠤᠳᠤᠷᠭ᠎ᠠ ᠶᠢᠨ ᠦᠢᠯᠡᠳᠪᠤᠷᠢᠯᠡᠯ ᠤᠨ ᠰᠠᠭᠤᠷᠢᠨ ᠭᠠᠵᠠᠷ ᠠᠴᠠ ᠢᠷᠡᠯᠳᠡ ᠲᠠᠢ ᠪᠠᠶᠢᠵᠤ᠂ ᠪᠤᠯᠪᠠᠰᠤᠷᠠᠭᠤᠯᠬᠤ ᠮᠠᠰᠢᠨ ᠨᠢ ᠪᠠᠷᠢᠮᠵᠢᠶ᠎ᠠ ᠳᠤ ᠨᠡᠶᠢᠴᠡᠭᠰᠡᠨ ᠪᠠᠶᠢᠬᠤ ᠭᠡᠷᠡᠭᠳᠡᠢ᠃

       11. ᠲᠤᠳᠤᠷᠭ᠎ᠠ ᠶᠢᠨ ᠰᠢᠨ᠎ᠠ ᠭᠦᠷᠦᠰᠤᠨ ᠳᠤ ᠶᠠᠮᠠᠷ ᠭᠡᠮ ᠬᠤᠷᠤᠬᠠᠢ ᠶᠢᠨ ᠭᠦᠨᠦᠭᠡᠯ ᠪᠠᠶᠢᠬᠤ ᠪᠤᠢ︖

       ᠲᠤᠳᠤᠷᠭ᠎ᠠ ᠶᠢᠨ ᠭᠠᠷᠤᠯᠳᠠ ᠶᠢᠨ ᠤᠷᠤᠨ ᠳᠤ ᠭᠤᠤᠯ ᠨᠢ ᠭᠤᠷᠪᠡᠨ ᠭᠡᠮ ᠬᠤᠶᠠᠷ ᠬᠤᠷᠤᠬᠠᠢ ᠲᠤᠬᠠᠶᠢᠯᠠᠪᠠᠯ ᠴᠤᠬᠤᠷᠳᠤ ᠭᠡᠮ᠂ ᠴᠢᠭᠢ ᠬᠤᠤᠷᠳ᠋ᠬᠠᠳᠠᠬᠤ ᠭᠡᠮ᠂ ᠲᠤᠳᠤᠷᠭ᠎ᠠ ᠶᠢᠨ ᠬᠠᠯᠠᠭᠤᠨ ᠭᠡᠮ᠂ ᠨᠠᠪᠴᠢᠨ ᠦᠳᠤ ᠪᠠᠶᠢᠬᠤ ᠠᠴᠠ ᠭᠠᠳᠠᠨ᠎ᠠ ᠪᠠᠰᠠ ᠬᠤᠶᠠᠷ ᠵᠦᠢᠯ ᠤᠨ ᠰᠢᠷᠤᠢ ᠪᠠᠷ ᠬᠠᠯᠳᠠᠪᠤᠷᠢᠯᠠᠬᠤ ᠭᠡᠮ ᠲᠤᠬᠠᠶᠢᠯᠠᠪᠠᠯ ᠠᠷ ᠴᠤᠬᠤᠷᠳᠤ ᠭᠡᠮ᠂ ᠡᠰᠢ ᠢᠯᠵᠠᠷᠠᠬᠤ ᠭᠡᠮ ᠪᠠᠶᠢᠨ᠎ᠠ᠃

        12. ᠲᠤᠳᠤᠷᠭ᠎ᠠ ᠶᠢᠨ ᠭᠡᠮ ᠬᠤᠷᠤᠬᠠᠢ ᠨᠢ ᠭᠤᠤᠯᠳᠠᠭᠤ ᠶᠠᠭᠤ ᠪᠠᠷ ᠲᠠᠮᠵᠢᠨ ᠬᠠᠯᠳᠠᠪᠤᠷᠢᠯᠠᠳᠠᠭ ᠪᠤᠢ︖

        ︵1︶ ᠤᠰᠤᠨ ᠲᠠᠷᠢᠶᠠᠨ ᠤ ᠮᠧᠬᠠᠨᠢᠭ ᠢᠶᠠᠷ ᠲᠠᠮᠵᠢᠨ ᠬᠠᠯᠳᠠᠪᠤᠷᠢᠯᠠᠳᠠᠭ᠃ ︵2︶ ᠭᠦᠮᠦᠰ ᠤᠨ ᠠᠵᠢᠯᠯᠠᠭ᠎ᠠ ᠪᠠᠷ ᠲᠠᠮᠵᠢᠨ ᠬᠠᠯᠳᠠᠪᠤᠷᠢᠯᠠᠳᠠᠭ᠃ ︵3︶ ᠤᠰᠤᠯᠠᠯᠳᠠ ᠪᠠᠷ ᠲᠠᠮᠵᠢᠨ ᠬᠠᠯᠳᠠᠪᠤᠷᠢᠯᠠᠳᠠᠭ᠃

       13. ᠲᠤᠳᠤᠷᠭ᠎ᠠ ᠶᠢᠨ ᠭᠡᠮ ᠬᠤᠷᠤᠬᠠᠢ ᠶᠢᠨ ᠬᠠᠯᠳᠠᠪᠤᠷᠢᠯᠡᠯ ᠢ ᠶᠠᠭᠠᠭᠢᠵᠤ ᠰᠡᠷᠭᠡᠶᠢᠯᠡᠨ ᠵᠠᠰᠠᠬᠤ ᠪᠤᠢ︖

        ︵1︶ ᠭᠡᠮᠳᠤᠯ ᠦᠭᠡᠢ ᠲᠠᠷᠢᠶᠠᠨ ᠳᠤ ᠨᠢᠭᠡᠨ ᠲᠦᠭᠦᠷ ᠮᠧᠬᠠᠨᠢᠭ ᠢ ᠲᠤᠰᠬᠠᠶᠢᠯᠠᠨ ᠭᠡᠷᠡᠭᠯᠡᠭᠦ ᠭᠡᠷᠡᠭᠳᠡᠢ᠃

        ︵2︶ ᠭᠦᠮᠦᠰ ᠲᠠᠷᠢᠶᠠᠨ ᠳᠤ ᠠᠵᠢᠯᠯᠠᠬᠤ ᠳᠠᠭᠠᠨ ᠤᠷᠢᠳ ᠢᠶᠠᠷ ᠭᠡᠮ ᠦᠭᠡᠢ ᠲᠠᠷᠢᠶᠠᠨ ᠳᠤ ᠠᠵᠢᠯᠯᠠᠵᠤ᠂ ᠲᠠᠷᠠᠭ᠎ᠠ ᠨᠢ ᠭᠡᠮ ᠲᠠᠢ ᠲᠠᠷᠢᠶᠠᠨ ᠳᠤ ᠠᠵᠢᠯᠯᠠᠬᠤ ᠭᠡᠷᠡᠭᠳᠡᠢ᠃

        ︵3︶ ᠭᠡᠮᠳᠤᠯ ᠦᠭᠡᠢ ᠲᠠᠷᠢᠶᠠᠨ ᠤ ᠤᠰᠤ ᠪᠠᠷ ᠤᠰᠤᠯᠠᠬᠤ ᠭᠡᠷᠡᠭᠳᠡᠢ᠃ ᠭᠡᠮᠳᠤᠯ ᠲᠠᠢ ᠲᠠᠷᠢᠶᠠᠨ ᠤ ᠤᠰᠤ ᠪᠠᠷ ᠤᠠᠠᠳᠤ ᠤᠰᠤᠯᠠᠵᠤ ᠪᠤᠯᠬᠤ ᠦᠭᠡᠢ᠃ ᠲᠤᠰᠬᠠᠢ ᠰᠤᠪᠠᠭ ᠢᠶᠠᠷ ᠲᠤᠰᠬᠠᠢ ᠤᠰᠤᠯᠠᠬᠤ ᠭᠡᠷᠡᠭᠳᠡᠢ᠃ ᠬᠤᠯᠢᠯᠳᠤᠭᠤᠯᠤᠨ ᠤᠰᠤᠯᠠᠵᠤ ᠪᠤᠯᠬᠤ ᠦᠭᠡᠢ᠃

       14. ᠲᠤᠳᠤᠷᠭ᠎ᠠ ᠶᠢᠨ ᠭᠡᠮ ᠬᠤᠷᠤᠬᠠᠢ ᠶᠢ ᠭᠡᠷᠭᠢᠨ ᠶᠠᠷᠦᠩᠭᠡᠶᠢᠯᠡᠨ ᠵᠠᠰᠠᠬᠤ ᠪᠤᠢ︖

       ︵1︶ ᠲᠠᠷᠢᠶᠠᠯᠠᠩ ᠤᠨ ᠠᠷᠭ᠎ᠠ ᠪᠠᠷ ᠵᠠᠰᠠᠨ᠎ᠠ᠃ ᠲᠤᠬᠠᠶᠢᠯᠠᠪᠠᠯ ᠤᠰᠤᠨ ᠲᠡᠭᠡᠷ᠎ᠠ ᠭᠦᠪᠴᠦ ᠪᠦᠭᠦᠢ ᠮᠦᠭᠦ ᠶᠢᠨ ᠪᠦᠭᠡᠮ ᠢ ᠲᠠᠷᠢᠶᠠᠨ ᠠᠴᠠ ᠵᠠᠶᠢᠳᠡᠢ ᠭᠠᠵᠠᠷ ᠠᠪᠠᠴᠢᠵᠤ ᠭᠦᠨ ᠪᠤᠯᠠᠨ᠎ᠠ᠃ ᠲᠠᠭᠢᠪᠡᠯ ᠤᠰᠤ ᠪᠤᠷᠳᠤᠭᠤᠷ ᠤᠨ ᠬᠠᠮᠢᠶᠠᠷᠤᠯᠳᠠ ᠶᠢ ᠰᠢᠨᠵᠢᠯᠡᠭᠦ ᠤᠬᠠᠭᠠᠠᠴᠢᠯᠡᠵᠤ᠂ ᠲᠤᠳᠤᠷᠭ᠎ᠠ ᠶᠢᠨ ᠭᠡᠮᠳᠤᠯ ᠡᠰᠡᠷᠭᠦᠴᠡᠭᠦ ᠴᠢᠳᠠᠯ ᠢ ᠨᠢ ᠨᠡᠮᠡᠭᠳᠡᠭᠦᠯᠵᠤ᠂ ᠢᠯᠠᠩᠭᠤᠶ᠎ᠠ ᠡᠰᠢ ᠭᠤᠤᠷᠰᠤ ᠶᠢᠨ ᠬᠠᠳᠠᠭᠤ ᠭᠡᠮᠵᠢᠶ᠎ᠠ ᠶᠢ ᠨᠡᠮᠡᠭᠳᠡᠭᠦᠯᠦᠨ᠎ᠠ᠃

       ︵2︶ ᠠᠮᠢᠳᠤ ᠪᠤᠳᠠᠰ ᠤᠨ ᠠᠷᠭ᠎ᠠ ᠪᠠᠷ ᠵᠠᠰᠠᠨ᠎ᠠ᠃ ᠲᠤᠬᠠᠶᠢᠯᠠᠪᠠᠯ ᠵᠢᠩ ᠭᠠᠩ ᠮᠸᠢ ᠰᠦ᠋ ︵井冈雾素︶ ᠪᠤᠶᠤ ᠴᠢᠩ ᠵᠦ᠋ ᠵᠢᠶᠦ᠋ᠨ ︵青竹菌︶ ᠡᠮ ᠢ ᠤᠰᠤ ᠲᠠᠢ ᠬᠤᠯᠢᠨ ᠰᠦᠷᠴᠢᠨ᠎ᠠ᠃

       ︵3︶ ᠭᠢᠮᠢ ᠶᠢᠨ ᠠᠷᠭ᠎ᠠ ᠪᠠᠷ ᠵᠠᠰᠠᠨ᠎ᠠ᠃ ᠲᠤᠬᠠᠶᠢᠯᠠᠪᠠᠯ ᠱᠢ ᠳ᠋ᠧ ᠺᠧ ︵施得克︶᠂ ᠳ᠋ᠦᠸᠧ ᠵᠢᠶᠦ᠋ᠨ ᠯᠢᠩ ︵多菌灵︶ ᠪᠤᠶᠤ ᠮᠧᠲ᠋ᠢᠯ ᠭᠦᠭᠦᠷᠳᠤ ᠯᠢᠦ ᠯᠢᠩ ︵甲基硫灵︶ ᠡᠮ ᠢ ᠤᠰᠤ ᠲᠠᠢ ᠬᠤᠯᠢᠨ ᠰᠦᠷᠴᠢᠨ᠎ᠠ᠃ ᠲᠡᠭᠡᠭᠦ ᠳᠡᠭᠡᠨ ᠲᠤᠳᠤᠷᠭ᠎ᠠ ᠶᠢᠨ ᠡᠰᠢ᠂ ᠨᠠᠪᠴᠢᠨ ᠲᠡᠭᠡᠷ᠎ᠡ ᠵᠢᠭᠳᠡᠭᠡᠨ ᠰᠦᠷᠴᠢᠨ᠎ᠠ᠃

       15. ᠲᠤᠳᠤᠷᠭ᠎ᠠ ᠶᠢᠨ ᠨᠠᠯᠡᠵᠤ ᠤᠨᠠᠬᠤ ᠰᠢᠯᠳᠠᠭᠠᠨ ᠪᠠ ᠲᠡᠭᠦᠨ ᠢ ᠶᠠᠭᠠᠭᠢᠵᠤ ᠵᠠᠰᠠᠬᠤ ᠪᠤᠢ︖

      ᠲᠤᠳᠤᠷᠭ᠎ᠠ ᠶᠢᠨ ᠨᠠᠯᠡᠵᠤ ᠤᠨᠠᠬᠤ ᠶᠢᠨ ᠰᠢᠯᠳᠠᠭᠠᠨ ᠨᠢ ᠭᠡᠪᠡᠯ ᠰᠤᠷᠲ ᠤᠨ ᠰᠢᠯᠳᠠᠭᠠᠨ ᠠᠴᠠ ᠭᠠᠳᠠᠨ᠎ᠠ ᠭᠤᠤᠯ ᠨᠢ ᠨᠢᠠᠠᠳᠠᠴᠠ ᠨᠢ ᠵᠤᠭᠢᠰ ᠦᠭᠡᠢ᠂ ᠮᠤ᠋ ᠪᠦᠷᠢ ᠶᠢᠨ ᠴᠤᠨᠤᠭ ᠤᠨ ᠲᠤᠭ᠎ᠠ ᠭᠡᠳᠦᠷᠭᠡᠢ ᠤᠯᠠᠳ᠋ᠬᠠᠰᠠᠨ ᠪᠤᠶᠤ ᠴᠤᠨᠤᠭ ᠪᠦᠷᠢ ᠴᠢᠭᠢ ᠶᠢᠨ ᠲᠤᠭ᠎ᠠ ᠨᠢ ᠤᠯᠠᠳ᠋ᠬᠠᠰᠠᠨ ᠠᠴᠠ ᠪᠤᠯᠳᠠᠭ᠃ ᠲᠠᠷᠠᠭ᠎ᠠ ᠨᠢ ᠠᠽᠤᠲ ᠪᠤᠷᠳᠤᠭᠤᠷ ᠭᠡᠳᠦᠷᠭᠡᠢ ᠠᠷᠪᠢᠨ ᠤᠷᠤᠭᠤᠯᠵᠤ᠂ ᠭᠡᠳᠦᠷᠭᠡᠢ ᠰᠠᠬᠤᠯᠢᠭ ᠤᠷᠭᠤᠵᠤ᠂ ᠡᠰᠢ ᠨᠢ ᠦᠨᠳᠤᠷᠵᠢᠭ᠍ᠰᠡᠨ ᠠᠴᠠ ᠪᠤᠯᠳᠠᠭ᠃ ᠲᠠᠭᠢᠪᠠᠯ ᠤᠷᠳᠤ ᠬᠤᠭᠤᠴᠠᠭ᠎ᠠ ᠪᠠᠷ ᠭᠦᠨ ᠤᠰᠤᠯᠠᠵᠤ᠂ ᠲᠤᠳᠤᠷᠭ᠎ᠠ ᠶᠢᠨ ᠡᠰᠢ ᠨᠢ ᠤᠰᠤᠨ ᠤ ᠭᠦᠨ ᠢ ᠲᠠᠭᠠᠯᠳᠤᠨ᠂ ᠡᠰᠢᠨ ᠳᠠᠬᠢ ᠭᠡᠢ ᠨᠠᠪᠳᠡᠷᠡᠭᠦ ᠨᠡᠭᠡᠳᠡᠰᠤ ᠨᠢ ᠲᠠᠯᠠᠵᠤ᠂ ᠡᠰ ᠤᠨ ᠬᠠᠨ᠎ᠠ ᠨᠢ ᠨᠢᠮᠭᠡᠷᠡᠵᠤ᠂ ᠨᠡᠭᠡᠳᠡᠰᠤ ᠨᠢ ᠵᠦᠭᠡᠯᠡᠨ ᠰᠠᠶᠢᠷᠡᠭ ᠪᠤᠯᠤᠠᠠᠰᠠᠨ ᠠᠴᠠ ᠪᠤᠯᠳᠠᠭ ᠪᠠᠶᠢᠨ᠎ᠠ᠃

        ᠲᠤᠳᠤᠷᠭ᠎ᠠ ᠶᠢᠨ ᠨᠠᠯᠡᠵᠤ ᠤᠨᠠᠬᠤ ᠶᠢ ᠰᠡᠷᠭᠡᠶᠢᠯᠡᠭᠦ ᠳᠤ ᠲᠤᠤᠷᠠᠭᠢ ᠭᠡᠳᠦᠨ ᠠᠷᠭ᠎ᠠ ᠶᠢ ᠠᠪᠬᠤ ᠭᠡᠷᠡᠭᠳᠡᠢ᠃

       ︵1︶ ᠠᠽᠤᠲ ᠪᠤᠷᠳᠤᠭᠤᠷ ᠢ ᠪᠠᠭ᠎ᠠ ᠭᠡᠷᠡᠭᠯᠡᠵᠤ᠂ ᠹᠤᠰᠹᠤᠷ ᠺᠠᠯᠢ ᠶᠢᠨ ᠪᠤᠷᠳᠤᠭᠤᠷ ᠪᠤᠯᠤᠨ ᠤᠷᠭᠠᠨᠢᠭ ᠪᠤᠷᠳᠤᠭᠤᠷ ᠢ ᠢᠯᠡᠭᠦᠭᠡᠨ ᠤᠷᠤᠭᠤᠯᠬᠤ ᠭᠡᠷᠡᠭᠳᠡᠢ᠃ ︵2︶ ᠭᠦᠢᠭᠡᠨ ᠤᠰᠤᠯᠠᠵᠤ᠂ ᠤᠰᠤᠯᠠᠬᠤ ᠲᠤᠭ᠎ᠠ ᠪᠠᠨ ᠤᠯᠠᠰᠢᠷᠠᠭᠤᠯᠬᠤ ᠭᠡᠷᠡᠭᠳᠡᠢ᠃ ᠶᠠᠷᠦᠩᠭᠡᠢ ᠳᠡᠭᠡᠨ ᠤᠰᠤᠨ ᠤ ᠭᠦᠨᠴᠡ ᠶᠢ 3cm ᠪᠠᠶᠢᠯᠭᠠᠪᠠᠯ ᠲᠤᠭᠢᠷᠠᠮᠵᠢᠳᠡᠢ᠃ ︵3︶ ᠲᠠᠷᠢᠶ᠎ᠠ ᠪᠠᠨ ᠵᠤᠭᠢᠰᠳᠡᠢ ᠬᠠᠳᠠᠭᠠᠬᠤ ᠭᠡᠷᠡᠭᠳᠡᠢ᠂ ᠶᠠᠷᠦᠩᠭᠡᠢ ᠳᠡᠭᠡᠨ ᠶᠠᠷᠦᠩᠭᠡᠢ ᠴᠢᠭᠢ ᠶᠢᠨ 70%~80% ᠨᠢ ᠰᠠᠯᠠᠭᠠᠯᠠᠬᠤ ᠦᠶ᠎ᠠ ᠳᠤ ᠲᠠᠷᠢᠶ᠎ᠠ ᠪᠠᠨ ᠬᠠᠳᠠᠭᠠᠬᠤ ᠪᠠ ᠲᠤᠳᠤᠷᠭ᠎ᠠ ᠶᠢᠨ ᠤᠷᠭᠤᠯᠳᠠ ᠶᠢ ᠦᠨᠳᠦᠰᠦᠯᠡᠵᠤ᠂ ᠤᠷᠭᠤᠯᠳᠠ ᠨᠢ ᠭᠡᠳᠦᠷᠭᠡᠢ ᠭᠦᠭᠵᠢᠵᠤ᠂ ᠨᠠᠪᠴᠢ ᠨᠢ ᠭᠦᠨ ᠨᠤᠭᠤᠭᠠᠨ ᠦᠡᠭᠭᠡ ᠲᠠᠢ ᠪᠤᠯᠪᠠᠯ ᠡᠷᠳᠡᠭᠡᠨ ᠬᠠᠳᠠᠭᠠᠬᠤ ᠭᠡᠷᠡᠭᠳᠡᠢ᠃ ᠡᠭᠦᠨ ᠠᠴᠠ ᠭᠠᠳᠠᠨ᠎ᠠ ᠨᠦᠭᠦᠴᠡᠯ ᠲᠠᠢ ᠭᠠᠵᠠᠷ ᠤᠷᠤᠨ ᠪᠤᠯ ᠲᠠᠷᠢᠶᠠᠨ ᠳᠠᠭᠠᠨ ᠢᠳᠡᠷᠡᠵᠢᠭᠦᠯᠭᠦ ᠡᠮ ᠵᠢᠴᠢ ᠪᠢᠴᠢᠯ ᠡᠯᠧᠮᠧᠨ᠋ᠲ ᠰᠦᠷᠴᠢᠵᠤ ᠪᠤᠯᠤᠨ᠎ᠠ᠃

       16. ᠪᠤᠭᠢᠷᠳᠤᠯ ᠦᠭᠡᠢ ᠲᠤᠳᠤᠷᠭ᠎ᠠ ᠶᠢᠨ ᠦᠢᠯᠡᠳᠪᠤᠷᠢᠯᠡᠯ ᠤᠨ ᠰᠠᠭᠤᠷᠢᠨ ᠭᠠᠵᠠᠷ ᠲᠤ ᠲᠠᠷᠢᠶᠠᠨ ᠡᠮ ᠭᠡᠷᠡᠭᠯᠡᠭᠦ ᠳᠤ ᠶᠠᠮᠠᠷ ᠪᠠᠷᠢᠮᠵᠢᠶ᠎ᠠ ᠪᠠᠶᠢᠬᠤ ᠪᠤᠢ︖

       ︵1︶ ᠤᠷᠭᠤᠮᠠᠯ ᠤᠨ ᠬᠠᠮᠠᠭᠠᠯᠠᠯᠳᠠ ᠶᠢᠨ ᠪᠠᠷᠢᠮᠵᠢᠶ᠎ᠠ ᠶᠢ ᠵᠢᠷᠤᠮᠯᠠᠵᠤ᠂ ᠪᠠᠷᠢᠮᠵᠢᠶ᠎ᠠ ᠳᠤ ᠭᠦᠷᠦᠭᠰᠡᠨ ᠦᠭᠡᠢ ᠪᠤᠯ ᠲᠠᠷᠢᠶᠠᠨ ᠡᠮ ᠢ ᠭᠡᠷᠡᠭᠯᠡᠵᠤ ᠪᠤᠯᠬᠤ ᠦᠭᠡᠢ᠃

       ︵2︶ ᠲᠠᠷᠢᠶᠠᠨ ᠡᠮ ᠢ ᠲᠦᠷᠦᠯ ᠵᠦᠢᠯ᠂ ᠲᠤᠭ᠎ᠠ ᠭᠡᠮᠵᠢᠶ᠎ᠠ᠂ ᠴᠠᠭ ᠬᠤᠭᠤᠴᠠᠭ᠎ᠠ᠂ ᠤᠳᠠᠭ᠎ᠠ ᠲᠤᠭ᠎ᠠ ᠶᠢᠨ ᠲᠠᠯ᠎ᠠ ᠪᠠᠷ ᠪᠠᠷᠢᠮᠵᠢᠶ᠎ᠠ ᠶᠢ ᠴᠢᠩᠭ᠎ᠠ ᠵᠢᠷᠤᠮᠯᠡᠨ ᠤᠷᠤᠭᠤᠯᠬᠤ ᠭᠡᠷᠡᠭᠳᠡᠢ᠃ ᠭᠡᠷᠡᠭᠯᠡᠭᠦ ᠶᠢ ᠵᠦᠪᠰᠢᠶᠡᠷᠡᠭᠰᠡᠨ ᠤᠷᠭᠠᠨᠢᠭ ᠨᠡᠶᠢᠯᠡᠯᠬᠡ ᠶᠢᠨ ᠲᠠᠷᠢᠶᠠᠨ ᠡᠮ ᠢ ᠨᠢᠭᠡ ᠲᠦᠷᠦᠯ ᠤᠨ ᠲᠠᠷᠢᠮᠠᠯ ᠳᠤ ᠨᠢᠬᠡ ᠯᠠ ᠤᠳᠠᠭ᠎ᠠ ᠭᠡᠷᠡᠭᠯᠡᠵᠤ ᠪᠤᠯᠤᠨ᠎ᠠ᠃ ᠲᠠᠷᠠᠴᠢᠯᠠᠨ ᠬᠠᠮᠤᠭ ᠤᠨ ᠰᠡᠭᠦᠯ ᠤᠨ ᠤᠳᠠᠭ᠎ᠠ ᠪᠠᠨ ᠬᠠᠳᠤᠵᠤ ᠬᠤᠷᠢᠶᠠᠬᠤ ᠠᠴᠠ 35 ᠡᠳᠤᠷ ᠤᠨ ᠡᠮᠦᠨ᠎ᠠ ᠤᠷᠤᠭᠤᠯᠬᠤ ᠭᠡᠷᠡᠭᠳᠡᠢ᠃

       ︵3︶ ᠲᠤᠮᠳᠠ ᠲᠠᠰ ᠤᠨ ᠬᠤᠤᠷ ᠠᠴᠠ ᠲᠤᠷᠤᠠᠠᠰᠢᠭᠢ ᠠᠮᠢᠳᠤ ᠪᠤᠳᠠᠰ ᠤᠨ ᠢᠷᠡᠯᠳᠡ ᠪᠤᠶᠤ ᠡᠷᠤᠳᠡᠰᠤᠨ ᠠᠴᠠ ᠢᠷᠡᠯᠳᠡ ᠲᠠᠢ ᠲᠠᠷᠢᠶᠠᠨ ᠡᠮ ᠤᠨ ᠲᠤᠳᠤᠷ᠎ᠡ ᠠᠴᠠ ᠭᠦᠭᠦᠷᠳᠤ ᠡᠮ ᠪᠤᠶᠤ ᠵᠠᠰ ᠤᠨ ᠡᠮ ᠢ ᠭᠡᠷᠡᠭᠯᠡᠵᠤ ᠪᠤᠯᠤᠨ᠎ᠠ᠃

       ︵4︶ ᠬᠤᠷᠤᠬᠠᠢ ᠤᠰᠠᠳᠬᠠᠬᠤ ᠡᠮ ᠤᠨ ᠲᠤᠳᠤᠷ᠎ᠡ ᠠᠴᠠ ᠵᠢᠶᠠ ᠪᠠᠨ ᠯᠢᠨ ︵甲拌磷︶᠂ ᠮᠧᠲ᠋ᠢᠯ ᠠᠮᠢᠨᠳᠦ ᠹᠤᠰᠹᠤᠷ  ︵甲胺磷︶᠂ ᠮᠧᠲ᠋ᠢᠯᠳᠤ ᠳ᠋ᠦᠢ ᠯᠢᠤ ᠯᠢᠨ ︵甲基对硫磷︶᠂ ᠮᠧᠲ᠋ᠢᠯᠳᠤ ᠯᠢᠤ ᠬᠤᠸᠠᠨ ᠯᠢᠨ ︵甲基硫环磷︶᠂ ᠢᠰᠦᠯᠳᠦᠭᠰᠡᠨ ᠯᠧ ᠭᠦᠸᠧ ︵氧化乐果︶ ᠡᠮ ᠢ ᠭᠡᠷᠡᠭᠯᠡᠵᠤ ᠪᠤᠯᠬᠤ ᠦᠭᠡᠢ᠃ ᠬᠤᠷᠤᠬᠠᠢ ᠠᠷᠢᠯᠭᠠᠬᠤ ᠤᠳ᠋ᠪᠠᠯ᠎ᠠ ᠶᠢᠨ ᠡᠰᠲ᠋ᠧᠷ  ︵菊酯︶ ᠡᠮ ᠤᠨ ᠲᠦᠷᠦᠯ᠂ ᠠ ᠸᠧᠢ ᠵᠢᠶᠦ᠋ᠨ ᠰᠤ᠋ ︵阿维菌素︶᠂ ᠺᠧ ᠮᠡᠠ ᠲᠧ ︵克螨特︶ ᠡᠮ ᠢ ᠭᠡᠷᠡᠭᠯᠡᠵᠤ ᠪᠤᠯᠬᠤ ᠦᠭᠡᠢ᠃ ᠪᠠᠺᠲ᠋ᠧᠷᠢ ᠤᠰᠠᠳᠬᠠᠬᠤ ᠡᠮ ᠤᠨ ᠲᠤᠳᠤᠷ᠎ᠠ ᠠᠴᠠ ᠳ᠋ᠤᠤ ᠸᠧᠨ ᠵᠢᠩ ︵稻温净︶᠂ ᠢ ᠳ᠋ᠤᠤ ᠸᠧᠨ ᠵᠢᠩ ︵异稻温净︶ ᠡᠮ ᠢ ᠭᠡᠷᠡᠭᠯᠡᠵᠤ ᠪᠤᠯᠬᠤ ᠦᠭᠡᠢ᠃

       ︵5︶ ᠬᠤᠶᠠᠷ᠂ ᠲᠦᠷᠪᠡᠳᠦᠭᠡᠷ — — D ᠲᠦᠷᠦᠯ ᠤᠨ ᠤᠷᠭᠤᠮᠠᠯ ᠤᠨ ᠤᠷᠭᠤᠯᠳᠠ ᠲᠤᠭᠢᠷᠠᠭᠤᠯᠬᠤ ᠡᠮ ᠢ ᠭᠡᠷᠡᠭᠯᠡᠵᠤ ᠪᠤᠯᠬᠤ ᠦᠭᠡᠢ᠃

       ︵6︶ ᠰᠢᠷᠦᠭᠦᠨ ᠬᠤᠤᠷ᠂ ᠦᠮᠡᠨ ᠤᠯᠭᠤᠬᠤ᠂ ᠵᠡᠷᠡᠮᠳᠡᠭ ᠪᠤᠯᠭᠠᠬᠤ᠂ ᠲᠦᠷᠭᠡᠨ ᠬᠤᠪᠢᠷᠠᠬᠤ ᠲᠠᠷᠢᠶᠠᠨ ᠡᠮ ᠵᠢᠴᠢ ᠭᠧᠨ ᠤ ᠢᠨᠵᠧᠨᠧᠷᠢᠩ ᠤᠨ
ᠲᠦᠷᠦᠯ ᠵᠦᠢᠯ ᠤᠨ ᠡᠮ ᠢ ᠭᠡᠷᠡᠭᠯᠡᠵᠤ ᠤᠠᠠᠳᠤ ᠪᠤᠯᠬᠤ ᠦᠭᠡᠢ᠃

        ︵7︶ ᠬᠤᠷᠤᠬᠠᠢ ᠤᠰᠠᠳᠬᠠᠬᠤ ᠡᠮ ᠤᠨ ᠲᠤᠳᠤᠷ᠎ᠠ ᠠᠴᠠ ᠳ᠋ᠢ ᠪᠠᠢ ᠴᠦᠩ ︵敌百虫︶᠂ ᠰᠢᠨ ᠯᠢᠤ ᠯᠢᠨ ︵辛硫磷︶᠂ ᠯᠧ ᠭᠦᠸᠧ ︵乐果︶ ᠡᠮ ᠢ ᠭᠡᠷᠡᠭᠯᠡᠵᠤ ᠪᠤᠯᠤᠨ᠎ᠠ᠃ ᠪᠠᠺᠲ᠋ᠧᠷᠢ ᠠᠷᠢᠯᠭᠠᠬᠤ ᠡᠮ ᠤᠨ ᠲᠤᠳᠤᠷ᠎ᠡ ᠠᠴᠠ ᠯᠢ ᠺᠦ᠋ ᠢ ᠽᠢ ᠵᠢᠩ ︵立枯一次净︶ 901᠂ ᠪᠢ ᠶᠠᠨ ︵吡艳︶᠂ ᠳ᠋ᠢ ᠺᠧ ᠰᠦᠩ ︵敌克松︶᠂ ᠹᠦ᠋ ᠱᠢ ︵富士︶ 1 ᠨᠤᠮᠧᠷᠳᠤ ᠵᠡᠷᠭᠡ ᠶᠢ ᠭᠡᠷᠡᠭᠯᠡᠵᠤ ᠪᠤᠯᠤᠨ᠎ᠠ᠃ ᠡᠪᠡᠰᠤ ᠠᠷᠢᠯᠭᠠᠬᠤ ᠡᠮ ᠤᠨ ᠲᠤᠳᠤᠷ᠎ᠡ ᠠᠴᠠ ᠳ᠋ᠢᠩ ᠼᠤᠤ ᠠᠨ ︵丁草胺︶᠂ ᠨᠦᠩ ᠳ᠋ᠧ ᠱᠢ ︵农得时︶᠂ ᠼᠤᠤ ᠺᠧ ᠰᠢᠩ ︵草克星︶᠂ ᠳ᠋ᠢ ᠪᠢ  ︵敌俾︶᠂  ᠾᠧ ᠳ᠋ᠠ ᠵᠤᠸᠠᠩ ︵禾大壮︶᠂ ᠳ᠋ᠢᠩ ᠫᠦ᠋ ︵丁扑︶ ᠨᠡᠶᠢᠯᠡᠯ ᠡᠮ ᠵᠡᠷᠭᠡ ᠶᠢ ᠭᠡᠷᠡᠭᠯᠡᠵᠤ ᠪᠤᠯᠤᠨ᠎ᠠ᠃

        17. ᠪᠤᠭᠢᠷᠳᠤᠯ ᠦᠭᠡᠢ ᠲᠤᠳᠤᠷᠭ᠎ᠠ ᠶᠢᠨ ᠦᠢᠯᠡᠳᠪᠤᠷᠢᠯᠡᠯ ᠤᠨ ᠰᠠᠭᠤᠷᠢᠨ ᠭᠠᠵᠠᠷ ᠲᠤ ᠪᠤᠷᠳᠤᠭᠤᠷ ᠤᠷᠤᠭᠤᠯᠬᠤ ᠳᠤ ᠶᠠᠮᠠᠷ ᠪᠠᠷᠢᠮᠵᠢᠶ᠎ᠠ ᠪᠠᠶᠢᠬᠤ ᠪᠤᠢ︖

       ︵1︶ ᠰᠢᠭᠡᠭ ᠪᠤᠷᠳᠤᠭᠤᠷ ᠭᠡᠷᠡᠭᠯᠡᠭᠦ ᠶᠢ ᠰᠠᠨᠠᠭᠠᠴᠢᠯᠠᠨ᠎ᠠ᠃

      ︵2︶ ᠢᠯᠵᠠᠷᠠᠭᠤᠯᠵᠤ ᠭᠦᠴᠢᠯᠯᠢᠭᠵᠢᠭᠦᠯᠦᠭᠰᠡᠨ ᠪᠤᠷᠳᠤᠭᠤᠷ᠂ ᠮᠢᠺᠷᠤᠪ ᠪᠤᠷᠳᠤᠭᠤᠷ᠂ ᠭᠦᠨᠦᠭᠡᠯ ᠦᠭᠡᠢ ᠭᠢᠮᠢ ᠶᠢᠨ ᠤᠷᠭᠠᠨᠢᠭ ᠨᠡᠶᠢᠯᠡᠮᠡᠯ ᠪᠤᠷᠳᠤᠭᠤᠷ ᠵᠢᠴᠢ ᠬᠠᠭᠠᠰ ᠤᠷᠭᠠᠨᠢᠭ ᠪᠤᠷᠳᠤᠭᠤᠷ᠂ ᠡᠪᠡᠰᠤ ᠮᠤᠳᠤᠨ ᠤ ᠦᠨᠡᠰᠤ᠂ ᠨᠤᠭᠤᠭᠠᠨ ᠪᠤᠷᠳᠤᠭᠤᠷ᠂ ᠲᠠᠷᠢᠶᠠᠨ ᠡᠰᠢ ᠭᠤᠤᠷᠰᠤ ᠵᠡᠷᠭᠡ ᠶᠢ ᠭᠡᠷᠡᠭᠯᠡᠵᠤ ᠪᠤᠯᠤᠨ᠎ᠠ᠃

      ︵3︶ ᠹᠤᠰᠹᠤᠷ ᠭᠦᠴᠢᠯ ᠤᠨ ᠬᠤᠶᠠᠷᠴᠢ ᠠᠮᠮᠤᠨᠢ᠂ ᠰᠢᠭᠡᠰᠦᠯᠢᠭ ᠡᠳ᠋᠂ ᠭᠦᠭᠦᠷ ᠭᠦᠴᠢᠯ ᠤᠨ ᠠᠮᠮᠤᠨᠢ᠂ ᠨᠡᠭᠦᠷᠡᠰᠤᠳᠤ ᠠᠮᠮᠤᠨᠢ᠂ ᠭᠡᠳᠤ ᠹᠤᠰᠹᠤᠷ ᠭᠦᠴᠢᠯ ᠤᠨ ᠺᠠᠯᠼ᠂ ᠭᠤᠷᠪᠡᠨ ᠨᠠᠶᠢᠷᠠᠯ ᠤᠨ ᠹᠤᠰᠹᠤᠷ ᠪᠤᠷᠳᠤᠭᠤᠷ᠂ ᠭᠦᠭᠦᠷ ᠭᠦᠴᠢᠯ ᠤᠨ ᠺᠠᠯᠢ᠂ ᠡᠷᠦᠳᠡᠰᠤᠨ ᠴᠠᠭᠢᠭᠤᠷ ᠤᠨ ᠪᠤᠷᠳᠤᠭᠤᠷ ᠵᠢᠴᠢ ᠭᠡᠷᠡᠭᠯᠡᠭᠦ ᠶᠢ ᠵᠦᠪᠰᠢᠶᠡᠷᠡᠭᠰᠡᠨ ᠭᠢᠮᠢ ᠶᠢᠨ ᠨᠠᠶᠢᠯᠡᠯ ᠪᠦᠭᠦᠢ ᠨᠡᠶᠢᠯᠡᠮᠡᠯ ᠪᠤᠷᠳᠤᠭᠤᠷ ᠪᠠ ᠬᠤᠯᠢᠮᠠᠭ ᠪᠤᠷᠳᠤᠭᠤᠷ ᠢ ᠭᠢᠵᠠᠭᠠᠷ ᠲᠠᠢ ᠭᠡᠷᠡᠭᠯᠡᠵᠤ ᠪᠤᠯᠤᠨ᠎ᠠ᠃

      ︵4︶ ᠠᠽᠤᠲ ᠭᠦᠴᠢᠯ ᠤᠨ ᠠᠮᠮᠤᠨᠢ᠂ ᠠᠽᠤᠲ ᠲᠦᠯᠦᠪᠳᠤ ᠪᠤᠷᠳᠤᠭᠤᠷ᠂ ᠾᠯᠤᠷᠳᠤ ᠺᠠᠯᠢ᠂ ᠬᠤᠤᠷᠳᠤ ᠪᠤᠳᠠᠰ ᠲᠠᠢ ᠡᠷᠦᠳᠡᠰᠤᠨ ᠪᠤᠷᠳᠤᠭᠤᠷ᠂ ᠭᠢᠮᠢ ᠶᠢᠨ ᠨᠡᠶᠢᠯᠡᠯᠬᠡ ᠲᠠᠢ ᠤᠷᠭᠤᠴᠠ ᠲᠤᠭᠢᠷᠠᠭᠤᠯᠬᠤ ᠡᠮ ᠵᠡᠷᠭᠡ ᠶᠢ ᠭᠡᠷᠡᠭᠯᠡᠵᠤ ᠪᠤᠯᠬᠤ ᠦᠭᠡᠢ᠃

      ︵5︶ ᠭᠢᠮᠢ ᠶᠢᠨ ᠪᠤᠷᠳᠤᠭᠤᠷ ᠤᠷᠤᠭᠤᠯᠬᠤ ᠳᠠᠭᠠᠨ ᠬᠠᠮᠤᠭ ᠰᠡᠭᠦᠯᠴᠢ ᠶᠢᠨ ᠤᠳᠠᠭ᠎ᠠ ᠶᠢ ᠡᠷᠭᠡᠪᠰᠢ ᠬᠠᠳᠤᠵᠤ ᠬᠤᠷᠢᠶᠠᠬᠤ ᠠᠴᠠ 30 ᠬᠤᠨᠤᠭ ᠤᠨ ᠡᠮᠦᠨ᠎ᠠ ᠤᠷᠤᠭᠤᠯᠬᠤ ᠭᠡᠷᠡᠭᠳᠡᠢ᠃

      ︵6︶ ᠭᠢᠮᠢ ᠶᠢᠨ ᠪᠤᠷᠳᠤᠭᠤᠷ ᠢ ᠡᠷᠭᠡᠪᠰᠢ ᠤᠷᠭᠠᠨᠢᠭ ᠪᠤᠷᠳᠤᠭᠤᠷ ᠲᠠᠢ ᠬᠤᠯᠢᠵᠤ ᠤᠷᠤᠭᠤᠯᠵᠤ᠂ ᠤᠷᠭᠠᠨᠢᠭ ᠠᠽᠤᠲ ᠭᠢᠭᠡᠳ ᠤᠷᠭᠠᠨᠢᠭ ᠪᠤᠰᠤ ᠠᠽᠤᠲ ᠤᠨ ᠬᠠᠷᠢᠴᠠᠯ ᠢ 1᠄ 1 ᠠᠴᠠ ᠭᠡᠳᠦᠷᠡᠭᠦᠯᠵᠤ ᠪᠤᠯᠬᠤ ᠦᠭᠡᠢ᠃  

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
Baidu
map