1. ᠤᠯᠠᠭᠠᠨ ᠯᠠᠵᠤᠤ ᠶᠢ ᠦᠨᠢᠷ ᠬᠤᠷᠢᠶᠠᠯᠳᠠ ᠲᠠᠢ ᠲᠠᠷᠢᠬᠤ ᠳᠤ ᠶᠠᠮᠠᠷ ᠮᠡᠷᠭᠡᠵᠢᠯ ᠤᠨ ᠠᠷᠭ᠎ᠠ ᠪᠠᠶᠢᠬᠤ ᠪᠤᠢ︖
ᠤᠯᠠᠭᠠᠨ ᠯᠠᠵᠤᠤ ᠶᠢ ᠦᠨᠢᠷ ᠬᠤᠷᠢᠶᠠᠯᠳᠠ ᠲᠠᠢ ᠲᠠᠷᠢᠬᠤ ᠠᠰᠠᠭᠤᠳᠠᠯ ᠢ ᠰᠢᠢᠳᠪᠤᠷᠢᠯᠡᠭᠦ ᠳᠤ᠂ ᠡᠩ ᠲᠡᠷᠢᠭᠦᠨ ᠳᠤ ᠤᠯᠠᠭᠠᠨ ᠯᠠᠵᠤᠤ ᠶᠢᠨ ᠤᠷᠭᠤᠮᠠᠯ ᠤᠨ ᠤᠬᠠᠭᠠᠨ ᠤ ᠤᠠᠴᠠᠯᠢᠭ ᠵᠢᠴᠢ ᠠᠳᠠᠯᠢ ᠪᠤᠰᠤ ᠤᠷᠭᠤᠯᠳᠠ ᠶᠢᠨ ᠬᠤᠭᠤᠴᠠᠭᠠᠨ ᠳᠠᠬᠢ ᠤᠰᠤ ᠪᠤᠷᠳᠤᠭᠤᠷ ᠤᠨ ᠭᠡᠷᠡᠭᠴᠡᠭᠡᠨ ᠤ ᠵᠢᠮ᠎ᠠ ᠶᠤᠰᠤ ᠶᠢ ᠤᠶᠢᠯᠠᠭᠠᠵᠤ᠂ ᠡᠪᠡᠳᠴᠢᠨ ᠳᠤᠨᠢ ᠲᠠᠭᠠᠷᠠᠭᠤᠯᠤᠨ ᠡᠮ ᠦᠭᠪᠡᠯ᠂ ᠤᠯᠠᠭᠠᠨ ᠯᠠᠵᠤᠤ ᠶᠢ ᠦᠨᠢᠷ ᠬᠤᠷᠢᠶᠠᠯᠳᠠ ᠲᠠᠢ ᠲᠠᠷᠢᠬᠤ ᠮᠡᠷᠭᠡᠵᠢᠯ ᠤᠨ ᠠᠷᠭ᠎ᠠ ᠭᠡᠮᠵᠢᠶ᠎ᠠ ᠶᠢ ᠲᠤᠠᠠᠳᠠᠭᠠᠵᠤ ᠴᠢᠳᠠᠨ᠎ᠠ᠃
ᠤᠯᠠᠭᠠᠨ ᠯᠠᠵᠤᠤ ᠪᠤᠯ ᠤᠤᠯ ᠨᠢ ᠬᠠᠯᠠᠭᠤᠨ ᠪᠦᠰᠡ ᠶᠢᠨ ᠤᠷᠤᠨ ᠠᠮᠧᠷᠢᠺᠠ ᠲᠢᠪ ᠲᠤ ᠲᠠᠷᠢᠵᠤ ᠪᠠᠶᠢᠠᠠᠰᠠᠨ ᠪᠦᠭᠡᠳ ᠲᠤᠯᠠᠭᠠᠮᠠᠳᠠᠭᠠᠢ᠂ ᠨᠡᠷᠨᠨ ᠤ ᠭᠡᠷᠡᠯ ᠤᠨ ᠲᠤᠰᠤᠯᠳᠠ ᠤᠬᠤᠷ ᠪᠠᠶᠢᠳᠠᠭ ᠤᠷᠭᠤᠮᠠᠯ ᠪᠤᠯᠤᠨ᠎ᠠ᠃ ᠵᠠᠳᠠᠭᠠᠢ ᠭᠠᠵᠠᠷ ᠲᠠᠷᠢᠪᠠᠯ ᠤᠷᠭᠤᠯᠳᠠ ᠶᠢᠨ ᠬᠤᠭᠤᠴᠠᠭ᠎ᠠ ᠨᠢ 120~130 ᠬᠤᠨᠤᠭ ᠤᠷᠴᠢᠮ ᠪᠠᠶᠢᠵᠤ᠂ ᠬᠠᠮᠠᠭᠠᠯᠠᠯᠳᠠ ᠶᠢᠨ ᠭᠠᠵᠠᠷ ᠲᠠᠷᠢᠪᠡᠯ ᠪᠠᠷᠤᠭ 160~180 ᠬᠤᠨᠤᠭ ᠪᠤᠯᠤᠨ᠎ᠠ᠃ ᠲᠤᠰ ᠤᠷᠭᠤᠮᠠᠯ ᠤᠨ ᠡᠰᠢ ᠶᠢᠨ ᠤᠷᠭᠤᠯᠳᠠ ᠨᠢ ᠢᠳᠡᠷᠡᠭᠦᠨ᠂ ᠡᠰᠢ ᠶᠢᠨ ᠦᠨᠳᠤᠷ ᠨᠢ 90cm ᠲᠤ ᠭᠦᠷᠴᠤ᠂ 4~8 ᠰᠠᠯᠠᠭᠠᠯᠠᠨ ᠤᠷᠭᠤᠵᠤ᠂ ᠵᠢᠮᠢᠰ ᠨᠢ ᠱᠤᠷᠤᠯᠵᠢᠨ ᠭᠡᠯᠪᠡᠷᠢ ᠲᠠᠢ ᠪᠦᠭᠡᠳ ᠱᠤᠪᠤᠭᠤᠷ ᠭᠡᠰᠡᠭ ᠨᠢ ᠡᠷᠳᠡᠶᠢᠵᠤ᠂ ᠠᠳᠤᠷᠢᠶ᠎ᠠ ᠠᠷᠪᠢᠨ ᠲᠠᠢ᠂ ᠵᠢᠮᠢᠰ ᠤᠨ ᠮᠦᠷᠤ ᠶᠢᠨ ᠦᠷᠭᠡᠨ ᠨᠢ 1.5~2.5cm᠂ ᠤᠷᠳᠤ ᠨᠢ 10~16cm᠂ ᠲᠠᠩ ᠵᠢᠮᠢᠰ ᠤᠨ ᠭᠦᠨᠳᠤ ᠨᠢ 2.75g ᠳᠤ ᠭᠦᠷᠴᠤ᠂ ᠪᠤᠯᠪᠠᠰᠤᠷᠬᠠᠰᠠᠨ ᠵᠢᠮᠢᠰ ᠨᠢ ᠤᠯᠠᠭᠠᠨ ᠪᠤᠶᠤ ᠤᠯᠠᠪᠢᠷ ᠦᠡᠭᠭᠡ ᠲᠠᠢ᠂ ᠭᠤᠱᠤᠭᠤᠨ ᠠᠮᠳᠠ ᠨᠢ ᠲᠡᠩᠴᠡᠭᠦᠭᠡᠨ ᠪᠠᠶᠢᠵᠤ᠂ ᠦᠨᠳᠤᠷ ᠬᠤᠷᠢᠶᠠᠯᠳᠠ ᠶᠢᠨ ᠶᠠᠷᠦᠩᠭᠡᠶᠢᠯᠡᠭᠰᠡᠨ ᠮᠡᠷᠭᠡᠵᠢᠯ ᠤᠨ ᠠᠷᠠᠴᠢᠯᠡᠯᠳᠡ ᠬᠠᠮᠢᠶᠠᠷᠤᠯᠳᠠ ᠶᠢᠨ ᠨᠦᠭᠦᠴᠡᠯ ᠲᠤᠤᠷ᠎ᠡ ᠶᠠᠷᠦᠩᠭᠡᠢ ᠳᠡᠭᠡᠨ ᠮᠤ᠋ ᠪᠦᠷᠢ 300~500kg ᠬᠤᠷᠢᠶᠠᠳᠠᠭ᠃
2. ᠤᠯᠠᠭᠠᠨ ᠯᠠᠵᠤᠤ ᠶᠢᠨ ᠤᠷᠭᠤᠯᠳᠠ ᠶᠢᠨ ᠬᠤᠭᠤᠴᠠᠭ᠎ᠠ ᠶᠢ ᠶᠠᠭᠠᠭᠢᠵᠤ ᠬᠤᠪᠢᠶᠠᠬᠤ ᠪᠤᠢ︖ ᠠᠳᠠᠯᠢ ᠪᠤᠰᠤ ᠤᠷᠭᠤᠯᠳᠠ ᠶᠢᠨ ᠬᠤᠭᠤᠴᠠᠭᠠᠨ ᠳᠤ ᠤᠰᠤ ᠪᠤᠷᠳᠤᠭᠤᠷ ᠤᠨ ᠲᠠᠯ᠎ᠠ ᠪᠠᠷ ᠶᠠᠮᠠᠷ ᠭᠡᠷᠡᠭᠴᠡᠭᠡ ᠲᠠᠢ ᠪᠠᠶᠢᠳᠠᠭ ᠪᠤᠢ︖
ᠤᠯᠠᠭᠠᠨ ᠯᠠᠵᠤᠤ ᠶᠢᠨ ᠡᠷᠭᠡᠳᠡᠨ ᠤ ᠪᠦᠷᠢᠳᠦᠯ ᠤᠨ ᠲᠠᠰ ᠲᠠᠷᠠᠭᠠᠯᠠᠯ ᠪᠤᠯᠤᠨ ᠦᠢᠯᠡᠳᠪᠤᠷᠢᠯᠡᠯ ᠤᠨ ᠲᠠᠯ᠎ᠠ ᠪᠠᠷ ᠬᠢ ᠲᠤᠭᠢᠷᠠᠮᠵᠢᠳᠡᠢ ᠲᠠᠷᠢᠬᠤ ᠠᠵᠢᠯᠯᠠᠭ᠎ᠠ ᠶᠢ ᠦᠨᠳᠦᠰᠦᠯᠡᠪᠡᠯ᠂ ᠲᠦᠷᠪᠡᠨ ᠴᠠᠭ ᠬᠤᠭᠤᠴᠠᠭ᠎ᠠ ᠬᠤᠪᠢᠶᠠᠵᠤ ᠪᠤᠯᠤᠨ᠎ᠠ᠃ ᠲᠤᠬᠠᠶᠢᠯᠠᠪᠠᠯ᠄
︵1︶ ᠴᠢᠭᠢᠯᠡᠭᠦ ᠬᠤᠭᠤᠴᠠᠭ᠎ᠠ᠄ ᠴᠢᠭᠢᠯᠡᠭᠦ ᠠᠴᠠ ᠠᠪᠤᠭᠠᠳ ᠴᠡᠴᠡᠭ ᠤᠨ ᠨᠠᠭᠢᠶ᠎ᠠ ᠪᠤᠯᠤᠨ ᠡᠭᠢᠯᠡᠨ ᠵᠠᠳᠠᠷᠠᠬᠤ ᠪᠤᠯ ᠰᠢᠮ᠎ᠠ ᠲᠡᠵᠢᠭᠡᠯ ᠤᠨ ᠤᠷᠭᠤᠯᠳᠠ ᠶᠢᠨ ᠱᠠᠳᠤ ᠪᠤᠯᠤᠨ᠎ᠠ᠃ ᠡᠨᠡ ᠦᠶ᠎ᠠ ᠳᠤ ᠪᠦᠷᠢᠨ ᠴᠢᠭᠢ ᠪᠠᠷᠢᠠᠠᠰᠠᠨ ᠰᠠᠭᠤᠷᠢ ᠲᠡᠭᠡᠷ᠎ᠡ ᠮᠠᠰᠢ ᠰᠠᠶᠢᠨ ᠤᠷᠭᠤᠯᠳᠠ ᠶᠢᠨ ᠨᠦᠭᠦᠴᠡᠯ ᠢ ᠪᠦᠷᠢᠳᠦᠭᠦᠯᠦᠨ ᠦᠭᠴᠤ ᠢᠳᠡᠷᠡᠭᠦᠨ ᠴᠢᠭᠢ ᠪᠤᠶᠢᠵᠢᠭᠤᠯᠬᠤ ᠭᠡᠷᠡᠭᠳᠡᠢ᠃
︵2︶ ᠴᠡᠴᠡᠭ ᠤᠨ ᠨᠠᠭᠢᠶ᠎ᠠ ᠪᠤᠯᠵᠤ ᠵᠠᠳᠠᠷᠠᠬᠤ ᠬᠤᠭᠤᠴᠠᠭ᠎ᠠ᠄ ᠡᠨᠡ ᠦᠶ᠎ᠠ ᠪᠤᠯ ᠰᠢᠮ᠎ᠠ ᠲᠡᠵᠢᠭᠡᠯ ᠤᠨ ᠤᠷᠭᠤᠯᠳᠠ ᠪᠤᠯᠤᠨ ᠦᠷᠡᠵᠢᠯ ᠤᠨ ᠤᠷᠭᠤᠯᠳᠠ ᠶᠢᠨ ᠵᠠᠩᠭᠢᠯᠠᠭ᠎ᠠ ᠶᠢᠨ ᠴᠠᠭ ᠬᠤᠭᠤᠴᠠᠭ᠎ᠠ ᠪᠤᠯᠤᠨ᠎ᠠ᠃ ᠪᠦᠭᠦᠯᠢ ᠴᠤᠠᠠᠴᠠ ᠪᠠ ᠪᠡᠶᠡᠳᠤ ᠴᠤᠠᠠᠴᠠ ᠶᠢᠨ ᠬᠠᠷᠢᠴᠠᠭ᠎ᠠ ᠶᠢ ᠰᠠᠶᠢᠳᠤᠷ ᠲᠤᠭᠢᠷᠠᠭᠤᠯᠵᠤ᠂ ᠡᠰᠢ ᠴᠢᠭᠢ ᠨᠢ ᠢᠳᠡᠷᠡᠭᠦᠨ ᠪᠠᠶᠢᠬᠤ ᠶᠢ ᠪᠠᠳᠤᠯᠠᠵᠤ᠂ ᠯᠠᠵᠤᠤ ᠨᠢ ᠭᠤᠷᠪᠡᠳᠤᠭᠠᠷ ᠭᠡᠯᠳᠡᠰ ᠵᠡᠭᠦᠤ ᠶᠢᠨ ᠨᠠᠪᠴᠢ ᠭᠠᠷᠬᠤ ᠦᠶᠡᠰ᠂ ᠲᠤᠳᠤᠭᠠᠳᠤ ᠳᠠᠭᠠᠨ ᠴᠡᠴᠡᠭ ᠤᠨ ᠨᠠᠭᠢᠶ᠎ᠠ ᠪᠤᠢ ᠪᠤᠯᠵᠤ᠂ ᠦᠷᠡᠵᠢᠯ ᠤᠨ ᠤᠷᠭᠤᠯᠳᠠ ᠨᠢ ᠨᠢᠭᠡᠨᠳᠡ ᠡᠭᠢᠯᠡᠳᠡᠭ᠃ ᠡᠭᠦᠨ ᠤ ᠬᠠᠮᠳᠤ ᠡᠭᠢᠯᠡᠨ ᠰᠠᠯᠠᠭᠠᠯᠠᠵᠤ᠂ ᠡᠨᠡ ᠦᠶ᠎ᠠ ᠳᠤᠨᠢ ᠴᠢᠭᠢᠨ ᠤ ᠪᠠᠶᠢᠳᠠᠯ ᠢ ᠦᠵᠡᠵᠤ ᠪᠠᠶᠢᠭᠠᠳ ᠨᠢᠭᠡ ᠤᠳᠠᠭ᠎ᠠ ᠪᠤᠷᠳᠤᠭᠤᠷ ᠨᠦᠭᠦᠵᠤ᠂ ᠨᠢᠭᠡ ᠤᠳᠠᠭ᠎ᠠ ᠤᠰᠤᠯᠠᠬᠤ ᠭᠡᠷᠡᠭᠳᠡᠢ᠃
︵3︶ ᠦᠷᠡᠯᠡᠭᠦ ᠬᠤᠭᠤᠴᠠᠭ᠎ᠠ᠄ ᠠᠩᠬ᠎ᠠ ᠯᠠᠵᠤᠤ ᠪᠤᠢ ᠪᠤᠯᠬᠤ ᠠᠴᠠ ᠠᠪᠤᠭᠠᠳ ᠦᠷᠡᠯᠡᠵᠤ ᠲᠠᠭᠤᠰᠳᠠᠯᠠᠭᠢ ᠬᠤᠭᠤᠴᠠᠭ᠎ᠠ ᠪᠤᠯ ᠦᠷᠡᠵᠢᠯ ᠤᠨ ᠤᠷᠭᠤᠯᠳᠠ ᠶᠢᠨ ᠱᠠᠳᠤ ᠪᠤᠯᠤᠨ᠎ᠠ᠃ ᠡᠭᠦᠨ ᠳᠤ ᠭᠤᠤᠯ ᠨᠢ ᠴᠢᠭᠢ ᠶᠢ ᠬᠠᠮᠠᠭᠠᠯᠠᠵᠤ᠂ ᠵᠢᠮᠢᠰ ᠢ ᠨᠡᠮᠡᠭᠳᠡᠭᠦᠯᠵᠤ᠂ ᠡᠷᠳᠡ ᠭᠦᠭᠰᠢᠷᠡᠭᠦ ᠠᠴᠠ ᠰᠡᠷᠭᠡᠶᠢᠯᠡᠭᠦ ᠭᠡᠷᠡᠭᠳᠡᠢ᠃ ᠦᠷᠡᠯᠡᠭᠦ ᠬᠤᠭᠤᠴᠠᠭᠠᠨ ᠳᠤ ᠤᠰᠤ ᠪᠤᠷᠳᠤᠭᠤᠷ ᠤᠨ ᠬᠠᠮᠢᠶᠠᠷᠤᠯᠳᠠ ᠶᠢ ᠴᠢᠩᠭᠠᠳᠬᠠᠵᠤ᠂ ᠡᠪᠡᠳᠴᠢᠨ ᠬᠤᠷᠤᠬᠠᠢ ᠶᠢᠨ ᠭᠦᠨᠦᠭᠡᠯ ᠢ ᠰᠡᠷᠭᠡᠶᠢᠯᠡᠭᠦ ᠭᠡᠷᠡᠭᠳᠡᠢ᠃
︵4︶ ᠦᠷᠡᠯᠡᠯᠳᠡ ᠶᠢᠨ ᠬᠤᠭᠤᠴᠠᠭ᠎ᠠ᠄ ᠡᠨᠡ ᠬᠤᠭᠤᠴᠠᠭ᠎ᠠ ᠪᠤᠯ ᠵᠢᠮᠢᠰ ᠢ ᠲᠦᠷᠭᠡᠨ ᠪᠤᠵᠠᠭᠠᠶᠢᠷᠠᠭᠤᠯᠬᠤ ᠪᠠ ᠪᠤᠳᠠᠰ ᠤᠨ ᠨᠡᠮᠡᠭᠳᠡᠯ ᠢ ᠠᠭᠢᠭᠤᠯᠵᠤ᠂ ᠵᠢᠮᠢᠰ ᠤᠨ ᠪᠤᠶᠢᠵᠢᠯᠳᠡ ᠶᠢ ᠲᠦᠷᠭᠡᠳᠭᠡᠭᠦ ᠬᠤᠭᠤᠴᠠᠭ᠎ᠠ ᠪᠤᠯᠤᠨ᠎ᠠ᠃
3. ᠵᠠᠳᠠᠭᠠᠢ ᠲᠠᠷᠢᠬᠤ ᠳᠤ ᠶᠠᠮᠠᠷ ᠮᠡᠷᠭᠡᠵᠢᠯ ᠤᠨ ᠠᠷᠭ᠎ᠠ ᠪᠠᠶᠢᠬᠤ ᠪᠤᠢ︖
ᠡᠭᠦᠨ ᠳᠤ ᠭᠤᠤᠯ ᠨᠢ ᠭᠠᠵᠠᠷ ᠲᠠᠯᠠᠪᠠᠢ ᠰᠤᠩᠭᠤᠬᠤ᠂ ᠦᠷ᠎ᠡ ᠰᠤᠩᠭᠤᠬᠤ ᠪᠠ ᠰᠢᠢᠳᠪᠤᠷᠢᠯᠡᠭᠦ᠂ ᠵᠤᠭᠢᠰᠳᠡᠢ ᠨᠢᠠᠠᠳᠠ ᠲᠠᠷᠢᠬᠤ᠂ ᠠᠷᠠᠴᠢᠯᠠᠨ ᠬᠠᠮᠢᠶᠠᠷᠬᠤ᠂ ᠭᠡᠮ ᠬᠤᠷᠤᠬᠠᠢ ᠶᠢᠨ ᠭᠦᠨᠦᠭᠡᠯ ᠢ ᠰᠡᠷᠭᠡᠶᠢᠯᠡᠭᠦ ᠪᠡ ᠲᠤᠭᠢᠳᠡᠢ ᠴᠠᠭ ᠲᠤᠨᠢ ᠬᠤᠷᠢᠶᠠᠬᠤ ᠵᠡᠷᠭᠡ ᠵᠢᠷᠭᠤᠭᠠᠨ ᠲᠠᠯ᠎ᠠ ᠶᠢᠨ ᠮᠡᠷᠭᠡᠵᠢᠯ ᠤᠨ ᠠᠷᠭ᠎ᠠ ᠭᠡᠮᠵᠢᠶ᠎ᠠ ᠪᠠᠭᠳᠠᠨ᠎ᠠ᠃
4. ᠶᠠᠮᠠᠷ ᠭᠦᠷᠦᠰᠤ ᠰᠢᠷᠤᠢ ᠶᠢ ᠰᠤᠩᠭᠤᠵᠤ ᠲᠠᠷᠢᠪᠠᠯ ᠦᠨᠢᠷ ᠬᠤᠷᠢᠶᠠᠯᠳᠠ ᠤᠯᠵᠤ ᠴᠢᠳᠠᠬᠤ ᠪᠤᠢ︖
ᠲᠠᠷᠢᠬᠤ ᠭᠠᠵᠠᠷ ᠲᠠᠯᠠᠪᠠᠢ ᠶᠢ ᠰᠠᠶᠢᠳᠤᠷ ᠰᠤᠩᠭᠤᠬᠤ ᠪᠤᠯ ᠤᠯᠠᠭᠠᠨ ᠯᠠᠵᠤᠤ ᠶᠢᠨ ᠦᠨᠢᠷ ᠬᠤᠷᠢᠶᠠᠯᠳᠠ ᠤᠯᠬᠤ ᠶᠢᠨ ᠵᠠᠩᠭᠢᠯᠠᠭ᠎ᠠ ᠮᠦᠨ᠃ ᠡᠶᠢᠮᠤ ᠠᠴᠠ ᠬᠤᠶᠠᠷ ᠲᠠᠯ᠎ᠠ ᠶᠢᠨ ᠵᠠᠩᠭᠢᠯᠠᠭ᠎ᠠ ᠶᠢᠨ ᠠᠰᠠᠭᠤᠳᠠᠯ ᠢ ᠴᠢᠬᠤᠯᠠᠴᠢᠯᠠᠬᠤ ᠭᠡᠷᠡᠭᠳᠡᠢ᠃ ︵1︶ ᠭᠦᠷᠦᠰᠤ ᠰᠢᠷᠤᠢ ᠨᠢ ᠦᠩ ᠰᠢᠮᠡᠯᠢᠭ᠂ ᠨᠠᠪᠳᠠᠷᠠᠴᠠ ᠶᠢᠨ ᠴᠢᠨᠠᠷ ᠪᠡ ᠤᠰᠤ ᠪᠤᠷᠳᠤᠭᠤᠷ ᠬᠠᠳᠠᠭᠠᠯᠠᠬᠤ ᠴᠢᠨᠠᠷ ᠢᠶᠠᠷ ᠨᠡᠯᠢᠶᠡᠳ ᠰᠠᠶᠢᠨ ᠭᠠᠵᠠᠷ ᠲᠠᠯᠠᠪᠠᠢ ᠶᠢ ᠰᠤᠩᠭᠤᠬᠤ ᠭᠡᠷᠡᠭᠳᠡᠢ᠃ ︵2︶ ᠲᠠᠪᠳᠠᠨ ᠲᠠᠷᠢᠬᠤ ᠠᠴᠠ ᠵᠠᠶᠢᠯᠠᠰᠭᠢᠵᠤ᠂ ᠤᠯᠠᠭᠠᠨ ᠯᠠᠵᠤᠤ ᠲᠠᠷᠢᠬᠤ ᠳᠠᠭᠠᠨ 3~4 ᠵᠢᠯ ᠡᠭᠡᠯᠵᠢᠯᠡᠨ ᠲᠠᠷᠢᠵᠤ᠂ ᠪᠤᠰᠤᠳ ᠲᠠᠷᠢᠮᠠᠯ ᠲᠠᠷᠢᠬᠤ ᠳᠠᠭᠠᠨ ᠪᠤᠭᠤᠳᠠᠢ᠂ ᠡᠷᠳᠡᠨᠢ ᠰᠢᠰᠢ᠂ ᠰᠤᠩᠭᠢᠨ᠎ᠠ᠂ ᠰᠠᠷᠢᠮᠰᠠᠭ ᠵᠡᠷᠭᠡ ᠲᠠᠷᠢᠮᠡᠯ ᠢ ᠰᠤᠩᠭᠤᠪᠠᠯ ᠬᠠᠮᠤᠭ ᠤᠨ ᠰᠠᠶᠢᠨ᠃ ᠬᠠᠷᠢᠨ ᠦᠷᠭᠡᠰᠤᠳᠤ ᠭᠡᠮᠭᠡ᠂ ᠬᠠᠰᠢ᠂ ᠲᠦᠪᠡᠳ ᠬᠠᠰᠢ᠂ ᠲᠦᠮᠦᠰᠤ ᠪᠤᠯᠤᠨ ᠰᠢᠭᠢᠷ ᠯᠤᠤᠪᠠᠩ ᠲᠠᠷᠢᠬᠰᠡᠨ ᠭᠠᠵᠠᠷ ᠲᠡᠭᠡᠷ᠎ᠡ ᠤᠯᠠᠭᠠᠨ ᠯᠠᠵᠤᠤ ᠲᠠᠷᠢᠵᠤ ᠪᠤᠯᠬᠤ ᠦᠭᠡᠢ᠂ ᠡᠰᠡ ᠲᠠᠶᠢᠮᠤ ᠪᠤᠯ ᠭᠡᠮ ᠬᠤᠷᠤᠬᠠᠢ ᠶᠢᠨ ᠭᠦᠨᠦᠭᠡᠯ ᠠᠮᠠᠷᠬᠠᠨ ᠡᠭᠦᠰᠦᠨ᠎ᠠ᠃
5. ᠭᠠᠵᠠᠷ ᠲᠠᠯᠠᠪᠠᠢ ᠪᠠᠨ ᠶᠠᠭᠠᠭᠢᠵᠤ ᠵᠠᠰᠠᠵᠤ ᠲᠡᠭᠰᠢᠯᠡᠭᠦ ᠪᠤᠢ︖
ᠭᠠᠵᠠᠷ ᠲᠠᠯᠠᠪᠠᠢ ᠪᠠᠨ ᠨᠠᠷᠢᠯᠢᠬ ᠲᠡᠭᠰᠢᠯᠡᠭᠦ ᠪᠤᠯ ᠤᠯᠠᠭᠠᠨ ᠯᠠᠵᠤᠤ ᠶᠢᠨ ᠦᠨᠢᠷ ᠬᠤᠷᠢᠶᠠᠯᠳᠠ ᠤᠯᠬᠤ ᠶᠢᠨ ᠴᠢᠬᠤᠯᠠ ᠠᠷᠭ᠎ᠠ ᠭᠡᠮᠵᠢᠶ᠎ᠠ ᠪᠤᠯᠤᠨ᠎ᠠ᠃ ᠡᠭᠦᠨ ᠳᠤ ᠬᠤᠶᠠᠷ ᠲᠠᠯ᠎ᠠ ᠶᠢᠨ ᠠᠵᠢᠯ ᠢ ᠭᠤᠤᠯᠳᠠᠯᠭ᠎ᠠ ᠲᠠᠢ ᠰᠠᠶᠢᠨ ᠭᠢᠭᠦ ᠭᠡᠷᠡᠭᠳᠡᠢ᠃ ︵1︶ ᠰᠤᠩᠭᠤᠠᠠᠰᠠᠨ ᠭᠠᠵᠠᠷ ᠲᠠᠯᠠᠪᠠᠢ ᠪᠠᠨ ᠨᠠᠮᠤᠷ ᠨᠢ ᠤᠷᠪᠠᠭᠤᠯᠤᠨ ᠭᠦᠨ ᠬᠠᠭᠠᠯᠪᠤᠷᠢᠯᠠᠵᠤ᠂ ᠭᠠᠵᠠᠷ ᠨᠢ ᠲᠡᠭᠰᠢᠭᠡᠨ᠂ ᠰᠢᠷᠤᠢ ᠨᠢ ᠨᠠᠷᠢᠯᠢᠬ ᠪᠠᠶᠢᠬᠤ ᠪᠠᠷᠢᠮᠵᠢᠶ᠎ᠠ ᠳᠤ ᠭᠦᠷᠦᠭᠦᠯᠦᠨ᠂ 2~4m ᠦᠷᠭᠡᠨ᠂ 50~100m ᠤᠷᠳᠤ ᠲᠠᠳᠠᠭᠠᠯ ᠭᠠᠷᠭᠠᠬᠤ ᠭᠡᠷᠡᠭᠳᠡᠢ᠃ ︵2︶ ᠰᠠᠭᠤᠷᠢ ᠪᠤᠷᠳᠤᠭᠤᠷ ᠭᠦᠢᠴᠡᠳ ᠤᠷᠤᠭᠤᠯᠵᠤ᠂ ᠦᠨᠢᠷ ᠬᠤᠷᠢᠶᠠᠯᠳᠠ ᠤᠯᠬᠤ ᠬᠠᠷᠠᠯᠳᠠ ᠳᠤ ᠭᠦᠷᠦᠭᠦᠯᠭᠦ ᠭᠡᠷᠡᠭᠳᠡᠢ᠃ ᠶᠠᠷᠦᠩᠭᠡᠢ ᠳᠡᠭᠡᠨ ᠮᠤ᠋ ᠪᠦᠷᠢ ᠴᠢᠨᠠᠷᠯᠢᠭ ᠰᠢᠭᠡᠭ ᠪᠤᠷᠳᠤᠭᠤᠷ 3000~4000kg ᠤᠷᠤᠭᠤᠯᠵᠤ᠂ ᠪᠤᠷᠳᠤᠭᠤᠷ ᠤᠷᠤᠭᠤᠯᠬᠤ ᠳᠠᠭᠠᠨ ᠰᠢᠭᠡᠭ ᠪᠤᠷᠳᠤᠭᠤᠷ ᠢ ᠲᠠᠳᠠᠭᠠᠯ ᠳᠠᠭᠠᠨ ᠵᠢᠭᠳᠡᠭᠡᠨ ᠰᠠᠴᠤᠵᠤ᠂ ᠲᠤᠭᠤᠷᠢᠭ ᠲᠠᠪᠠᠭᠳᠤ ᠪᠤᠶᠤ ᠤᠡᠭᠭᠤᠷᠬᠠᠢ ᠨᠠᠷᠬ᠎ᠠ ᠪᠠᠷ ᠭᠦᠷᠦᠰᠤᠨ ᠳᠤ ᠰᠠᠶᠢᠳᠤᠷ ᠨᠠᠷᠬᠠᠳᠠᠨ ᠤᠷᠤᠭᠤᠯᠵᠤ ᠲᠡᠭᠰᠢᠯᠡᠭᠦ ᠭᠡᠷᠡᠭᠳᠡᠢ᠃
6. ᠦᠷ᠎ᠡ ᠶᠢ ᠶᠠᠭᠠᠭᠢᠵᠤ ᠰᠤᠩᠭᠤᠵᠤ᠂ ᠭᠡᠷᠭᠢᠨ ᠰᠢᠢᠳᠪᠤᠷᠢᠯᠡᠭᠦ ᠪᠤᠢ︖
ᠦᠷ᠎ᠡ ᠰᠤᠩᠭᠤᠬᠤ ᠳᠤ ᠭᠤᠷᠪᠡᠨ ᠲᠠᠯ᠎ᠠ ᠶᠢᠨ ᠠᠵᠢᠯ ᠢ ᠰᠠᠶᠢᠨ ᠭᠢᠭᠦ ᠭᠡᠷᠡᠭᠳᠡᠢ᠃ ︵1︶ ᠦᠷ᠎ᠡ ᠮᠦᠭᠦᠯᠢᠭ ᠨᠢ ᠴᠠᠳᠬᠤᠯᠠᠩ᠂ ᠨᠠᠭᠢᠶᠠᠯᠠᠯᠳᠠ ᠪᠠᠷ ᠨᠡᠯᠢᠶᠡᠳ ᠰᠠᠶᠢᠨ᠂ ᠨᠠᠭᠢᠶᠠᠯᠠᠯᠳᠠ ᠶᠢᠨ ᠨᠤᠷᠮ᠎ᠠ ᠪᠠᠷ ᠦᠨᠳᠤᠷ᠂ ᠭᠡᠮ ᠤᠨ ᠪᠠᠺᠲ᠋ᠧᠷᠢ ᠦᠭᠡᠢ ᠦᠷ᠎ᠡ ᠶᠢ ᠰᠤᠩᠭᠤᠬᠤ ᠭᠡᠷᠡᠭᠳᠡᠢ᠃ ︵2︶ ᠦᠷ᠎ᠡ ᠶᠢ ᠨᠠᠷᠢᠯᠢᠬ ᠰᠤᠩᠭᠤᠬᠤ ᠭᠡᠷᠡᠭᠳᠡᠢ᠃ ᠲᠠᠷᠢᠬᠤ ᠠᠴᠠ ᠪᠠᠨ ᠡᠮᠦᠨ᠎ᠠ ᠰᠠᠯᠭᠢᠨ ᠢᠶᠠᠷ ᠰᠤᠩᠭᠤᠬᠤ ᠪᠤᠶᠤ ᠤᠰᠤ ᠪᠠᠷ ᠰᠤᠩᠭᠤᠬᠤ ᠠᠷᠭ᠎ᠠ ᠶᠢ ᠠᠪᠴᠤ᠂ ᠡᠷᠯᠢᠰᠨ᠂ ᠴᠤᠤᠬᠠᠯ ᠦᠷ᠎ᠡ ᠶᠢ ᠢᠯᠭᠠᠵᠤ ᠬᠠᠶᠠᠵᠤ ᠭᠡᠷᠡᠭᠳᠡᠢ᠃ ︵3︶ ᠦᠷ᠎ᠡ ᠶᠢ ᠰᠢᠢᠳᠪᠤᠷᠢᠯᠡᠭᠦ ᠠᠵᠢᠯ ᠪᠤᠯ ᠪᠦᠷᠢᠨ ᠴᠢᠭᠢ ᠪᠠᠷᠢᠬᠤ ᠴᠢᠭᠢ ᠶᠢ ᠢᠳᠡᠷᠡᠭᠦᠨ ᠪᠠᠶᠢᠯᠭᠠᠬᠤ ᠶᠢᠨ ᠵᠠᠩᠭᠢᠯᠠᠭ᠎ᠠ ᠪᠤᠯᠤᠨ᠎ᠠ᠃ ᠡᠶᠢᠮᠤ ᠠᠴᠠ ᠦᠷ᠎ᠡ ᠰᠢᠢᠳᠪᠤᠷᠢᠯᠡᠭᠦ ᠭᠤᠷᠪᠡᠨ ᠲᠠᠯ᠎ᠠ ᠶᠢᠨ ᠠᠵᠢᠯ ᠢ ᠰᠠᠶᠢᠳᠤᠷ ᠭᠢᠭᠦ ᠭᠡᠷᠡᠭᠳᠡᠢ᠃ ᠡᠩ ᠲᠡᠷᠢᠭᠦᠨ ᠳᠤ ᠦᠷ᠎ᠡ ᠪᠠᠨ ᠬᠠᠳᠠᠭᠠᠬᠤ ᠭᠡᠷᠡᠭᠳᠡᠢ᠃ ᠦᠷ᠎ᠡ ᠶᠢ ᠬᠠᠳᠠᠭᠠᠪᠠᠯ 1~2 ᠡᠳᠤᠷ ᠤᠨ ᠡᠮᠦᠨ᠎ᠠ ᠡᠷᠳᠡ ᠰᠤᠶᠤᠭᠠᠯᠠᠵᠤ᠂ ᠰᠤᠶᠤᠭᠠᠯᠠᠬᠤ ᠨᠤᠷᠮ᠎ᠠ ᠶᠢ 13%~28% ᠲᠡᠭᠡᠭᠰᠢᠯᠡᠭᠦᠯᠵᠤ ᠪᠤᠯᠤᠨ᠎ᠠ᠃ ᠲᠠᠷᠠᠭ᠎ᠠ ᠳᠤᠨᠢ ᠦᠷ᠎ᠡ ᠪᠠᠨ ᠲᠡᠪᠳᠦᠭᠡᠭᠦ ᠪᠠ ᠱᠠᠯᠠᠪᠳᠠᠨ ᠰᠤᠶᠤᠭᠠᠯᠠᠭᠤᠯᠬᠤ ᠭᠡᠷᠡᠭᠳᠡᠢ᠃ ᠬᠠᠳᠠᠭᠠᠠᠠᠰᠠᠨ ᠦᠷ᠎ᠡ ᠪᠠᠨ 50g
70% ᠶᠢᠨ ᠳ᠋ᠢ ᠺᠧ ᠰᠦᠩ ︵敌克松︶ ᠳᠤ 3kg ᠤᠰᠤ ᠬᠤᠯᠢᠵᠤ᠂ 1.5kg ᠦᠷ᠎ᠡ ᠲᠡᠪᠳᠦᠭᠡᠭᠦ ᠪᠤᠶᠤ 0.1% ᠶᠢᠨ ᠭᠤᠤ ᠮᠧᠩ ᠰᠤᠸᠠᠨ ᠵᠢᠶᠠ ︵高锰酸钾︶ ᠳᠤ 24 ᠴᠠᠭ ᠲᠡᠪᠳᠦᠭᠡᠭᠡᠳ᠂ ᠱᠦᠭᠦᠵᠤ ᠭᠠᠷᠭᠠᠨ ᠴᠡᠪᠡᠷ ᠤᠰᠤ ᠪᠠᠷ ᠤᠭᠢᠶᠠᠵᠤ ᠵᠢᠭᠠᠬᠠᠨ ᠬᠠᠳᠠᠭᠠᠭᠠᠳ᠂ ᠴᠢᠭᠢᠭᠯᠢᠭ ᠡᠯᠡᠰᠤ ᠲᠠᠢ ᠪᠠᠭᠰᠤᠷᠤᠨ ᠱᠠᠯᠠᠪᠳᠠᠨ ᠰᠤᠶᠤᠭᠠᠯᠠᠭᠤᠯᠬᠤ ᠭᠡᠷᠡᠭᠳᠡᠢ᠃ ᠰᠤᠶᠤᠭᠠᠯᠠᠭᠤᠯᠬᠤ ᠲᠤᠯᠠᠭᠠᠨ ᠤ ᠭᠡᠮᠵᠢᠶ᠎ᠠ ᠶᠢ 25℃ ᠲᠤ ᠭᠢᠵᠠᠭᠠᠷᠯᠠᠵᠤ᠂ ᠦᠷ᠎ᠡ ᠨᠢ ᠰᠤᠶᠤᠭᠠᠯᠠᠮᠬᠠᠴᠠ ᠲᠠᠷᠢᠵᠤ ᠪᠤᠯᠤᠨ᠎ᠠ᠃
7. ᠲᠠᠷᠢᠬᠤ ᠨᠢᠠᠠᠳᠠᠴᠠ ᠶᠢ ᠶᠠᠮᠠᠷ ᠪᠠᠷᠢᠮᠵᠢᠶ᠎ᠠ ᠪᠠᠷ ᠡᠵᠡᠮᠰᠢᠭᠦ ᠪᠤᠢ︖
ᠤᠯᠠᠭᠠᠨ ᠯᠠᠵᠤᠤ ᠶᠢᠨ ᠤᠨᠠᠯᠳᠠ ᠶᠢᠨ ᠪᠦᠷᠢᠳᠦᠯ ᠤᠨ ᠭᠧᠨ ᠪᠤᠯ ᠮᠤ᠋ ᠪᠦᠷᠢ ᠶᠢᠨ ᠰᠠᠭᠤᠷᠢ ᠶᠢᠨ ᠲᠤᠭ᠎ᠠ᠂ ᠲᠠᠩ ᠰᠠᠭᠤᠷᠢ ᠶᠢᠨ ᠦᠷᠡᠯᠡᠯᠳᠡ ᠶᠢᠨ ᠲᠤᠭ᠎ᠠ ᠪᠠ ᠲᠠᠩ ᠵᠢᠮᠢᠰ ᠤᠨ ᠭᠦᠨᠳᠤ ᠪᠤᠯᠤᠨ᠎ᠠ᠃ ᠡᠭᠦᠨ ᠳᠤ ᠭᠤᠤᠯ ᠡᠯᠧᠮᠧᠨ᠋ᠲ ᠨᠢ ᠪᠤᠯ ᠮᠤ᠋ ᠪᠦᠷᠢ ᠶᠢᠨ ᠰᠠᠭᠤᠷᠢ ᠶᠢᠨ ᠲᠤᠭ᠎ᠠ ᠪᠤᠯᠤᠨ ᠰᠠᠭᠤᠷᠢ ᠪᠦᠷᠢ ᠶᠢᠨ ᠪᠤᠯᠪᠠᠰᠤᠷᠬᠠᠰᠠᠨ ᠵᠢᠮᠢᠰ ᠤᠨ ᠲᠤᠭ᠎ᠠ ᠪᠤᠯᠤᠨ᠎ᠠ᠃ ᠨᠢᠠᠠᠳᠠᠴᠠ ᠨᠢ ᠪᠠᠭ᠎ᠠ ᠪᠤᠯ ᠰᠠᠭᠤᠷᠢ ᠪᠦᠷᠢ ᠶᠢᠨ ᠪᠤᠯᠪᠠᠰᠤᠷᠠᠬᠤ ᠵᠢᠮᠢᠰ ᠤᠨ ᠲᠤᠭ᠎ᠠ 30~60 ᠪᠠᠶᠢᠵᠤ᠂ ᠨᠢᠠᠠᠳᠠᠴᠠ ᠨᠢ ᠭᠡᠳᠦᠷᠭᠡᠢ ᠶᠡᠭᠡ ᠪᠤᠯ ᠰᠠᠭᠤᠷᠢ ᠪᠦᠷᠢ ᠶᠢᠨ ᠪᠤᠯᠪᠠᠰᠤᠷᠠᠬᠤ ᠵᠢᠮᠢᠰ ᠤᠨ ᠲᠤᠭ᠎ᠠ ᠨᠢ 3~6 ᠯᠡ ᠪᠠᠶᠢᠳᠠᠭ᠃ ᠭᠡᠪᠡᠴᠤ ᠨᠢᠠᠠᠳᠠᠴᠠ ᠨᠢ ᠭᠡᠳᠦᠷᠭᠡᠢ ᠪᠠᠭ᠎ᠠ ᠪᠤᠯ ᠵᠢᠮᠢᠰ ᠤᠨ ᠨᠠᠷᠠᠨ ᠤ ᠰᠢᠭᠤᠳ ᠲᠤᠰᠤᠯᠳᠠ ᠶᠢᠨ ᠲᠠᠯᠠᠪᠠᠢ ᠶᠡᠭᠡᠰᠴᠤ᠂ ᠨᠠᠷᠠᠨ ᠳᠤ ᠰᠢᠷᠬᠠᠳᠠᠨ ᠦᠭᠦᠭᠦ ᠶᠠᠪᠤᠳᠠᠯ ᠠᠮᠠᠷᠬᠠᠨ ᠡᠭᠦᠰᠦᠨ᠎ᠠ᠃ ᠡᠶᠢᠮᠤ ᠠᠴᠠ ᠵᠤᠭᠢᠰᠳᠡᠢ ᠨᠢᠠᠠᠳᠠᠴᠠ ᠪᠠᠷ ᠲᠠᠷᠢᠪᠠᠯ ᠰᠠᠭᠤᠷᠢ ᠪᠦᠷᠢ ᠶᠢᠨ ᠢᠳᠡᠷᠡᠭᠦᠨ ᠦᠰᠦᠯᠳᠡ ᠶᠢ ᠪᠠᠳᠤᠯᠠᠵᠤ ᠴᠢᠳᠠᠬᠤ ᠮᠦᠷᠳᠡᠭᠡᠨ ᠪᠠᠰᠠ ᠵᠢᠮᠢᠰ ᠠᠷᠪᠢᠨ ᠰᠠᠭᠤᠬᠤ᠂ ᠲᠤᠮᠤ ᠵᠢᠮᠢᠰ ᠰᠠᠭᠤᠬᠤ ᠬᠠᠷᠠᠯᠳᠠ ᠳᠤ ᠭᠦᠷᠦᠭᠦᠯᠵᠤ ᠪᠤᠯᠤᠨ᠎ᠠ᠃ ᠲᠤᠷᠰᠢᠯᠳᠡ ᠶᠢᠨ ᠦᠷ᠎ᠡ ᠳ᠋ᠦᠩ ᠢ ᠦᠨᠳᠦᠰᠦᠯᠡᠪᠡᠯ ᠶᠠᠷᠦᠩᠭᠡᠢ ᠳᠡᠭᠡᠨ ᠮᠤ᠋ ᠪᠦᠷᠢ ᠶᠢᠨ ᠲᠠᠷᠢᠬᠤ ᠰᠠᠭᠤᠷᠢ ᠶᠢᠨ ᠲᠤᠭ᠎ᠠ ᠶᠢ 2.2~2.3 ᠲᠦᠮᠡᠨ ᠰᠠᠭᠤᠷᠢ ᠪᠠᠷ ᠪᠠᠳᠤᠯᠠᠨ᠎ᠠ᠃ ᠲᠤᠬᠠᠶᠢᠯᠠᠪᠠᠯ ᠮᠦᠷ ᠤᠨ ᠵᠠᠢ ᠶᠢ 50~55cm ᠪᠠᠶᠢᠯᠭᠠᠬᠤ ᠪᠠᠶᠢᠳᠠᠯ ᠲᠤᠤᠷ᠎ᠡ᠂ 33cm ᠤᠷᠳᠤ ᠲᠠᠯᠠᠩ ᠳᠤ 6~8 ᠰᠠᠭᠤᠷᠢ ᠴᠢᠭᠢ ᠦᠯᠡᠳᠡᠭᠡᠪᠡᠯ ᠲᠤᠭᠢᠷᠠᠮᠵᠢᠳᠡᠢ ᠶᠤᠮ᠃
8. ᠶᠠᠮᠠᠷ ᠦᠶ᠎ᠠ ᠳᠤ ᠲᠠᠷᠢᠬᠤ ᠪᠤᠢ︖
ᠴᠠᠭ ᠲᠤᠨᠢ ᠲᠤᠭᠢᠷᠠᠭᠤᠯᠤᠨ ᠲᠠᠷᠢᠬᠤ ᠳᠤ ᠤᠯᠠᠭᠠᠨ ᠯᠠᠵᠤᠤ ᠶᠢᠨ ᠤᠷᠭᠤᠯᠳᠠ ᠶᠢᠨ ᠤᠨᠴᠠᠯᠢᠭ ᠢ ᠦᠨᠳᠦᠰᠦᠯᠡᠭᠦ ᠭᠡᠷᠡᠭᠳᠡᠢ᠃ ᠶᠠᠷᠦᠩᠭᠡᠢ ᠳᠡᠭᠡᠨ ᠭᠠᠵᠠᠷ ᠤᠨ ᠲᠤᠯᠠᠭᠠᠨ 10℃ ᠲᠤ ᠭᠦᠷᠭᠦ ᠦᠶᠡᠰ ᠲᠠᠷᠢᠵᠤ ᠪᠤᠯᠤᠨ᠎ᠠ᠃ ᠲᠠᠷᠢᠬᠤ ᠠᠷᠭ᠎ᠠ ᠨᠢ ᠭᠡᠪᠡᠯ᠂ ᠲᠤᠮᠤ ᠠᠠᠵᠢᠰᠤ ᠪᠠᠷ ᠭᠤᠤᠴᠢᠯᠠᠵᠤ᠂ ᠭᠦᠮᠦᠨ ᠤ ᠭᠦᠴᠤ ᠪᠠᠷ ᠰᠠᠴᠤᠨ ᠲᠠᠷᠢᠵᠤ᠂ ᠮᠤ᠋ ᠪᠦᠷᠢ 3~3.5 ᠵᠢᠩ ᠦᠷ᠎ᠠ ᠭᠡᠷᠡᠭᠯᠡᠪᠡᠯ ᠲᠤᠭᠢᠷᠠᠮᠵᠢᠳᠡᠢ᠃ ᠲᠠᠷᠢᠬᠤ ᠳᠠᠭᠠᠨ ᠮᠤ᠋ ᠪᠦᠷᠢ 12.5~15kg ᠹᠤᠰᠹᠤᠷ ᠭᠦᠴᠢᠯ ᠤᠨ ᠬᠤᠶᠠᠷᠴᠢ ᠠᠮᠮᠤᠨᠢ᠂ 2.5~3.5kg ᠰᠢᠭᠡᠰᠦᠯᠢᠭ ᠡᠳ᠋᠂ 7.5~10kg ︵48% ᠶᠢᠨ ᠠᠭᠤᠯᠤᠭᠳᠠᠴᠨ ᠲᠠᠢ︶ ᠭᠦᠭᠦᠷ ᠭᠦᠴᠢᠯ ᠤᠨ ᠺᠠᠯᠢ ᠶᠢᠨ ᠪᠤᠷᠳᠤᠭᠤᠷ ᠤᠷᠤᠭᠤᠯᠬᠤ ᠭᠡᠷᠡᠭᠳᠡᠢ᠃ ᠭᠡᠭᠦ ᠳᠡᠭᠡᠨ ᠦᠷ᠎ᠡ ᠪᠤᠷᠳᠤᠭᠤᠷ ᠢ 3~5cm ᠵᠠᠶᠢᠳᠠᠢ ᠪᠠᠶᠢᠯᠭᠠᠵᠤ᠂ ᠲᠠᠷᠢᠠᠠᠰᠠᠨ ᠤ ᠪᠠᠨ ᠲᠠᠷᠠᠭ᠎ᠠ 2~2.5cm ᠰᠢᠷᠤᠢ ᠪᠠᠷ ᠴᠢᠩᠭ᠎ᠠ ᠬᠤᠴᠢᠬᠤ ᠭᠡᠷᠡᠭᠳᠡᠢ᠃
9. ᠲᠠᠷᠢᠶᠠᠨ ᠳᠠᠬᠢ ᠠᠷᠠᠴᠢᠯᠠᠯᠳᠡ ᠳᠤ ᠶᠠᠮᠠᠷ ᠠᠷᠭ᠎ᠠ ᠭᠡᠮᠵᠢᠶ᠎ᠠ ᠪᠠᠶᠢᠬᠤ ᠪᠤᠢ︖
ᠲᠠᠷᠢᠶᠠᠨ ᠳᠠᠬᠢ ᠠᠷᠠᠴᠢᠯᠠᠯᠳᠡ ᠬᠠᠮᠢᠶᠠᠷᠤᠯᠳᠠ ᠶᠢᠨ ᠲᠠᠯ᠎ᠠ ᠪᠠᠷ ᠲᠠᠷᠢᠶ᠎ᠠ ᠪᠠᠨ ᠪᠠᠶᠢᠴᠠᠭᠠᠵᠤ ᠴᠢᠭᠢ ᠨᠦᠭᠦᠭᠦ᠂ ᠴᠠᠭ ᠲᠤᠨᠢ ᠲᠤᠭᠢᠷᠠᠭᠤᠯᠤᠨ ᠴᠢᠭᠢ ᠵᠠᠶᠢᠴᠢᠯᠠᠬᠤ ᠪᠠ ᠴᠢᠭᠢ ᠲᠤᠠᠠᠳᠠᠭᠠᠬᠤ᠂ ᠠᠷᠴᠢᠵᠤ ᠰᠤᠯᠠ ᠡᠪᠡᠰᠤ ᠶᠢ ᠠᠷᠢᠯᠭᠠᠬᠤ ᠪᠠ ᠤᠰᠤ ᠪᠤᠷᠳᠤᠭᠤᠷ ᠤᠨ ᠬᠠᠮᠢᠶᠠᠷᠤᠯᠳᠠ ᠶᠢ ᠴᠢᠩᠭᠠᠳᠬᠠᠬᠤ ᠵᠡᠷᠭᠡ ᠠᠵᠢᠯ ᠤᠳ ᠢ ᠭᠤᠤᠯᠳᠠᠯᠭ᠎ᠠ ᠲᠠᠢ ᠰᠠᠶᠢᠨ ᠭᠢᠭᠦ ᠭᠡᠷᠡᠭᠳᠡᠢ᠃
︵1︶ ᠲᠠᠷᠢᠶ᠎ᠠ ᠪᠠᠨ ᠪᠠᠶᠢᠴᠠᠭᠠᠵᠤ ᠴᠢᠭᠢ ᠨᠦᠭᠦᠭᠦ᠄ ᠡᠨᠡ ᠨᠢ ᠴᠢᠭᠢᠯᠡᠭᠰᠡᠨ ᠤ ᠰᠡᠭᠦᠯᠡᠷ ᠤᠯᠠᠭᠠᠨ ᠯᠠᠵᠤᠤ ᠲᠠᠷᠢᠠᠠᠰᠠᠨ ᠭᠠᠵᠠᠷ ᠢᠶᠠᠨ ᠨᠠᠷᠢᠨ ᠨᠢᠮᠪᠠᠢ ᠪᠠᠶᠢᠴᠠᠭᠠᠵᠤ᠂ ᠭᠡᠷᠪᠡ ᠴᠢᠭᠢ ᠲᠤᠳ᠋ᠬᠠᠳᠠᠵᠤ ᠪᠠᠶᠢᠪᠠᠯ ᠨᠡᠭᠦᠯᠭᠡᠨ ᠵᠠᠶᠢᠯᠠᠬᠤ ᠪᠠ ᠱᠠᠯᠠᠪᠳᠠᠨ ᠰᠤᠶᠤᠭᠠᠯᠠᠭᠤᠯᠵᠤ᠂ ᠨᠦᠭᠦᠵᠤ ᠲᠠᠷᠢᠬᠤ ᠠᠷᠭ᠎ᠠ ᠪᠠᠷ ᠲᠠᠷᠦ᠋ᠢᠬᠠᠨ ᠨᠦᠭᠦᠨ ᠲᠠᠷᠢᠵᠤ᠂ ᠪᠦᠷᠢᠨ ᠴᠢᠭᠢ ᠪᠠᠷᠢᠬᠤ ᠶᠢ ᠪᠠᠳᠤᠯᠠᠨ᠎ᠠ᠃
︵2︶ ᠴᠢᠭᠢ ᠵᠠᠶᠢᠴᠢᠯᠠᠵᠤ ᠴᠢᠭᠢ ᠲᠤᠠᠠᠳᠠᠭᠠᠬᠤ᠄ ① ᠴᠢᠭᠢ ᠵᠠᠶᠢᠴᠢᠯᠠᠬᠤ ᠳᠠᠭᠠᠨ 1~2 ᠵᠢᠩᠭᠢᠨᠢ ᠨᠠᠪᠴᠢᠯᠬᠠᠰᠠᠨ ᠦᠶ᠎ᠠ ᠳᠤ ᠴᠢᠭᠢ ᠪᠠᠨ ᠰᠠᠶᠢᠷᠡᠭᠵᠢᠭᠦᠯᠵᠤ᠂ 2~3 ᠵᠢᠩᠭᠢᠨᠢ ᠨᠠᠪᠴᠢᠯᠬᠠᠰᠠᠨ ᠦᠶ᠎ᠠ ᠳᠤ ᠴᠢᠭᠢ ᠪᠠᠨ ᠵᠠᠶᠢᠴᠢᠯᠠᠵᠤ᠂ ᠰᠤᠯᠠ ᠪᠠ ᠪᠠᠭᠤᠷᠠᠢ ᠴᠢᠭᠢ ᠶᠢ ᠲᠡᠭᠦᠨ ᠬᠠᠶᠠᠵᠤ᠂ 4~5 ᠵᠢᠩᠭᠢᠨᠢ ᠨᠠᠪᠴᠢᠯᠬᠠᠰᠠᠨ ᠦᠶ᠎ᠠ ᠳᠤ ᠴᠢᠭᠢ ᠶᠢ ᠲᠤᠠᠠᠳᠠᠭᠠᠵᠤ᠂ ᠮᠠᠭᠤ ᠶᠢ ᠨᠢ ᠬᠠᠶᠠᠵᠤ ᠰᠠᠶᠢᠨ ᠢ ᠨᠢ ᠦᠯᠡᠳᠡᠭᠡᠨ᠎ᠡ᠃ ② ᠭᠢᠮᠢ ᠶᠢᠨ ᠠᠷᠭ᠎ᠠ ᠪᠠᠷ ᠡᠪᠡᠰᠤ ᠶᠢ ᠨᠢ ᠠᠷᠢᠯᠭᠠᠨ᠎ᠠ᠃ ᠭᠤᠤᠯ ᠨᠢ ᠮᠤ᠋ ᠪᠦᠷᠢ 100g 12.5% ᠶᠢᠨ ᠨᠠ ᠫᠦ᠋ ᠵᠢᠩ ︵拿扑净︶ ᠡᠮ ᠳᠤ 30~60kg ᠤᠰᠤ ᠬᠤᠯᠢᠨ ᠰᠦᠷᠴᠢᠨ᠎ᠠ᠃
︵3︶ ᠡᠪᠡᠰᠤ ᠶᠢ ᠠᠷᠢᠯᠭᠠᠬᠤ᠄ ᠭᠤᠤᠯ ᠨᠢ ᠲᠤᠮᠳᠠ ᠵᠡᠷᠭᠡ ᠬᠠᠭᠠᠯᠪᠤᠷᠢᠯᠡᠵᠤ᠂ ᠭᠦᠷᠤᠰᠤ ᠶᠢ ᠰᠤᠯᠠᠷᠠᠭᠤᠯᠤᠨ᠂ ᠭᠠᠵᠠᠷ ᠤᠨ ᠲᠤᠯᠠᠭᠠᠨ ᠢ ᠲᠡᠭᠡᠭᠰᠢᠯᠡᠭᠦᠯᠵᠤ᠂ ᠭᠦᠷᠦᠰᠤᠨ ᠤ ᠤᠰᠤᠨ ᠤ ᠭᠡᠮᠵᠢᠶ᠎ᠠ ᠶᠢ ᠪᠠᠳᠤᠯᠠᠵᠤ᠂ ᠦᠨᠳᠤᠰᠤᠨ ᠰᠢᠰᠲ᠋ᠧᠮ ᠤᠨ ᠭᠦᠭᠵᠢᠯᠳᠡ ᠶᠢ ᠠᠭᠢᠭᠤᠯᠵᠤ᠂ ᠴᠢᠭᠢᠯᠡᠭᠦ ᠬᠤᠭᠤᠴᠠᠭᠠᠨ ᠳᠤᠨᠢ ᠦᠷᠭᠦᠯᠵᠢᠯᠡᠨ ᠭᠤᠷᠪᠠᠨᠳᠡ ᠠᠷᠴᠢᠨ᠎ᠠ᠃
︵4︶ ᠤᠰᠤ ᠪᠤᠷᠳᠤᠭᠤᠷ ᠤᠨ ᠬᠠᠮᠢᠶᠠᠷᠤᠯᠳᠠ᠄ ᠶᠠᠷᠦᠩᠭᠡᠢ ᠳᠡᠭᠡᠨ ᠭᠦᠷᠦᠰᠤᠨ ᠤ ᠴᠢᠭᠢᠭ ᠤᠨ ᠪᠠᠶᠢᠳᠠᠯ᠂ ᠲᠠᠷᠢᠮᠠᠯ ᠤᠨ ᠤᠷᠭᠤᠯᠳᠠ ᠶᠢᠨ ᠪᠠᠶᠢᠳᠠᠯ ᠭᠢᠭᠡᠳ ᠴᠠᠭ ᠠᠭᠤᠷ ᠤᠨ ᠪᠠᠶᠢᠳᠠᠯ ᠢ ᠦᠨᠳᠦᠰᠦᠯᠡᠨ ᠤᠰᠤᠯᠠᠯᠳᠠ ᠪᠠᠨ ᠲᠤᠠᠠᠳᠠᠭᠠᠵᠤ᠂ ᠶᠠᠷᠦᠩᠭᠡᠢ ᠳᠡᠭᠡᠨ ᠪᠦᠭᠦ᠋ᠢᠯᠡ ᠤᠷᠭᠤᠯᠳᠠ ᠶᠢᠨ ᠬᠤᠭᠤᠴᠠᠭᠠᠨ ᠳᠤᠨᠢ 6~8 ᠤᠳᠠᠭ᠎ᠠ ᠤᠰᠤᠯᠠᠨ᠎ᠠ᠃ ᠦᠷᠡᠯᠡᠯᠳᠡ ᠶᠢᠨ ᠬᠤᠭᠤᠴᠠᠭᠠᠨ ᠳᠤᠨᠢ 10 ᠬᠤᠨᠤᠭ ᠠᠯᠤᠰᠯᠠᠬᠤ ᠪᠦᠷᠢ ᠦᠨᠳᠤᠰᠤᠨ ᠳᠤᠨᠢ ᠨᠢᠭᠡ ᠤᠳᠠᠭ᠎ᠠ ᠪᠤᠷᠳᠤᠭᠤᠷ ᠨᠦᠭᠦᠵᠤ᠂ 0.2%~0.5% ᠶᠢᠨ ᠹᠤᠰᠹᠤᠷ ᠭᠦᠴᠢᠯ ᠤᠨ ᠬᠤᠶᠠᠷᠴᠢ ᠤᠰᠤᠳᠦ᠋ᠷᠦᠭᠴᠢᠳᠦ ᠺᠠᠯᠢ ᠪᠤᠶᠤ ᠭᠤᠷᠪᠡᠨ ᠵᠦᠢᠯ ᠤᠨ ᠨᠡᠶᠢᠯᠡᠮᠡᠯ ᠪᠤᠷᠳᠤᠭᠤᠷ ᠤᠨ ᠤᠰᠤ ᠶᠢ ᠰᠦᠷᠴᠢᠵᠤ ᠪᠤᠯᠤᠨ᠎ᠠ᠃ ᠢᠡᠭᠭᠢᠪᠡᠯ ᠪᠤᠷᠳᠤᠭᠤᠷ ᠨᠦᠭᠦᠭᠦ ᠮᠦᠷᠳᠡᠭᠡᠨ ᠪᠠᠰᠠ ᠭᠡᠷᠡᠯ ᠤᠨ ᠨᠡᠶᠢᠯᠡᠯᠭᠡ ᠶᠢᠨ ᠦᠢᠯᠡᠳᠦᠯ ᠢ ᠠᠭᠢᠭᠤᠯᠵᠤ᠂ ᠰᠢᠮ᠎ᠠ ᠲᠡᠵᠢᠭᠡᠯᠳᠤ ᠡᠳ᠋ ᠢ ᠵᠢᠮᠢᠰ ᠤᠨ ᠪᠡᠶ᠎ᠠ ᠳᠤ ᠤᠯᠠᠷᠢᠭᠤᠯᠤᠨ᠂ ᠤᠯᠠᠭᠠᠨ ᠯᠠᠵᠤᠤ ᠶᠢᠨ ᠬᠤᠷᠢᠶᠠᠯᠳᠠ ᠪᠠ ᠶᠠᠰᠤ ᠴᠢᠨᠠᠷ ᠢ ᠲᠡᠭᠡᠭᠰᠢᠯᠡᠭᠦᠯᠵᠤ ᠴᠢᠳᠠᠨ᠎ᠠ᠃
10. ᠤᠯᠠᠭᠠᠨ ᠯᠠᠵᠤᠤ ᠳᠤ ᠶᠠᠮᠠᠷ ᠭᠡᠮ ᠬᠤᠷᠤᠬᠠᠢ ᠶᠢᠨ ᠭᠦᠨᠦᠭᠡᠯ ᠪᠠᠶᠢᠬᠤ ᠪᠤᠢ︖ ᠭᠡᠷᠭᠢᠨ ᠰᠡᠷᠭᠡᠶᠢᠯᠡᠨ ᠵᠠᠰᠠᠬᠤ ᠪᠤᠢ︖
ᠤᠯᠠᠭᠠᠨ ᠯᠠᠵᠤᠤ ᠶᠢᠨ ᠭᠡᠮ ᠤᠨ ᠭᠦᠨᠦᠭᠡᠯ ᠭᠡᠪᠡᠯ ᠭᠤᠤᠯ ᠨᠢ ᠪᠠᠺᠲ᠋ᠧᠷᠢᠳᠤ ᠴᠢᠨᠠᠷ ᠲᠠᠢ ᠲᠤᠯᠪᠤᠳᠤ ᠭᠡᠮ᠂ ᠪᠤᠭᠤᠮ᠎ᠠ ᠡᠪᠡᠳᠴᠢᠨ᠂ ᠭᠡᠮ ᠬᠤᠤᠷ ᠪᠠ ᠰᠢᠳ᠋ᠬᠠᠳᠠᠯ ᠭᠡᠮ ᠵᠡᠷᠭᠡ ᠪᠠᠶᠢᠨ᠎ᠠ᠃ ᠬᠤᠷᠤᠬᠠᠢ ᠶᠢᠨ ᠭᠦᠨᠦᠭᠡᠯ ᠭᠡᠪᠡᠯ ᠭᠤᠤᠯ ᠨᠢ ᠰᠢᠷᠤᠢ ᠶᠢᠨ ᠭᠦᠷᠢ᠂ ᠦᠳᠦᠭ ᠬᠤᠷᠤᠬᠠᠢ᠂ ᠪᠠᠭᠠᠷᠠᠩ ᠬᠤᠷᠤᠬᠠᠢ ᠵᠡᠷᠭᠡ ᠪᠠᠶᠢᠨ᠎ᠠ᠃ ᠡᠳᠡᠭᠡᠷ ᠭᠡᠮ ᠬᠤᠷᠤᠬᠠᠢ ᠶᠢᠨ ᠭᠦᠨᠦᠭᠡᠯ ᠢ ᠪᠤᠯ ᠭᠤᠤᠯ ᠨᠢ ᠲᠤᠤᠷᠠᠭᠢ ᠮᠡᠳᠤ ᠭᠡᠳᠦᠨ ᠵᠦᠢᠯ ᠤᠨ ᠠᠷᠭ᠎ᠠ ᠪᠠᠷ ᠰᠡᠷᠭᠡᠶᠢᠯᠡᠨ ᠵᠠᠰᠠᠨ᠎ᠠ᠃
︵1︶ ᠭᠡᠮ ᠤᠨ ᠭᠦᠨᠦᠭᠡᠯ ᠢ ᠰᠡᠷᠭᠡᠶᠢᠯᠡᠨ ᠵᠠᠰᠠᠬᠤ ① ᠪᠠᠺᠲ᠋ᠧᠷᠢᠳᠤ ᠴᠢᠨᠠᠷ ᠲᠠᠢ ᠲᠤᠯᠪᠤᠳᠤ ᠭᠡᠮ ᠢ ᠰᠡᠷᠭᠡᠶᠢᠯᠡᠨ ᠵᠠᠰᠠᠬᠤ ᠠᠷᠭ᠎ᠠ ᠭᠡᠪᠡᠯ 70% ᠶᠢᠨ ᠤᠷᠤᠯᠠᠮᠠᠯ ᠰᠧᠨ ᠮᠧᠩ ᠰᠢᠨ ︵森猛锌︶ ᠡᠮ ᠤᠨ 500 ᠲᠡᠭᠢᠨ ᠤ ᠰᠢᠩᠭᠡᠨ ᠢ ᠨᠠᠪᠴᠢᠨ ᠲᠡᠭᠡᠭᠦᠷ ᠨᠢ ᠰᠠᠴᠤᠵᠤ ᠤᠷᠢᠳᠴᠢᠯᠠᠨ ᠰᠡᠷᠭᠡᠶᠢᠯᠡᠨ᠎ᠡ᠃ ᠭᠡᠮ ᠡᠭᠦᠰᠦᠭᠰᠡᠨ ᠦᠶ᠎ᠠ ᠳᠤ ᠪᠠᠢ ᠵᠢᠶᠦ᠋ᠨ ᠲᠦᠩ ︵百菌通︶ ᠡᠮ ᠤᠨ 500 ᠲᠠᠭᠢᠨ ᠤ ᠰᠢᠩᠭᠡᠨ ᠪᠤᠶᠤ ᠯᠢᠶᠠᠨ ᠮᠸᠢ ᠰᠤ᠋ 200ppm ᠪᠤᠶᠤ 1᠄ 200 ᠪᠦᠸᠧ ᠡᠯ ᠳ᠋ᠦᠸᠧ ︵波尔多︶ ᠰᠢᠩᠭᠡᠨ ᠡᠮ ᠢ ᠰᠦᠷᠴᠢᠵᠤ᠂ ᠭᠡᠮ ᠨᠢ ᠭᠦᠨᠳᠤ ᠨᠤᠴᠢᠳᠡᠢ ᠭᠠᠵᠠᠷ ᠲᠤ ᠡᠮ ᠢ ᠰᠤᠯᠪᠢᠴᠠᠭᠤᠯᠤᠨ ᠭᠡᠷᠡᠭᠯᠡᠵᠤ ᠵᠠᠰᠠᠨ᠎ᠠ᠃ ② ᠪᠤᠭᠤᠮ᠎ᠠ ᠭᠡᠮ ᠢ ᠰᠡᠷᠭᠡᠶᠢᠯᠡᠨ ᠵᠠᠰᠠᠬᠤ ᠳᠤ ᠭᠡᠮ ᠡᠭᠦᠰᠭᠦ ᠡᠭᠢᠨ ᠤ ᠬᠤᠭᠤᠴᠠᠭᠠᠨ ᠳᠤᠨᠢ 80% ᠶᠢᠨ ᠲᠠᠨ ᠵᠢᠤᠢ ᠹᠦ᠋ ᠮᠸᠢ ︵炭疽福美︶ ᠡᠮ ᠤᠨ 1000 ᠲᠠᠭᠢᠨ ᠤ ᠰᠢᠩᠭᠡᠨ ᠪᠤᠶᠤ 60% ᠶᠢᠨ ᠲᠠᠨ ᠵᠢᠤᠢ ᠯᠢᠩ ︵炭疽灵︶ ᠡᠮ ᠤᠨ 800 ᠲᠠᠭᠢᠨ ᠤ ᠰᠢᠩᠭᠡᠨ ᠢ ᠰᠦᠷᠴᠢᠭᠦ ᠪᠡ ᠪᠠᠰᠠ ᠤᠷᠤᠯᠠᠮᠠᠯ ᠰᠸᠠ ᠮᠧᠩ ᠰᠢᠨ ︵森猛锌︶ ᠡᠮ ᠤᠨ 500 ᠲᠠᠭᠢᠨ ᠤ ᠰᠢᠩᠭᠡᠨ ᠪᠤᠶᠤ ᠲᠦᠸᠧ ᠪᠦ᠋ ᠶᠢᠨ ︵托布津︶ ᠡᠮ ᠢ ᠰᠤᠯᠪᠢᠴᠠᠭᠤᠯᠤᠨ ᠰᠦᠷᠴᠢᠵᠤ᠂ 7~10 ᠬᠤᠨᠤᠭ ᠪᠦᠷᠢ ᠨᠢᠭᠡ ᠤᠳᠠᠭ᠎ᠠ ᠰᠦᠷᠴᠢᠵᠤ᠂ ᠦᠷᠭᠦᠯᠵᠢᠯᠡᠨ 2~3 ᠤᠳᠠᠭ᠎ᠠ ᠰᠦᠷᠴᠢᠨ ᠰᠡᠷᠭᠡᠶᠢᠯᠡᠨ᠎ᠡ᠃ ③ ᠡᠪᠡᠳᠴᠢᠨ ᠤ ᠬᠤᠤᠷ ᠤᠨ ᠭᠡᠮ ᠢ ᠰᠡᠷᠭᠡᠶᠢᠯᠡᠨ ᠵᠠᠰᠠᠬᠤ ᠳᠤ ᠭᠡᠮ ᠡᠭᠦᠰᠦᠭᠰᠡᠨ ᠡᠭᠢᠨ ᠤ ᠬᠤᠭᠤᠴᠠᠭᠠᠨ ᠳᠤ ᡁᠢ ᠪᠢᠩ ᠯᠢᠩ ︵植病灵︶ ᠡᠮ ᠤᠨ 1000 ᠲᠠᠭᠢᠨ ᠤ ᠰᠢᠩᠭᠡᠨ ᠪᠤᠶᠤ 20% ᠶᠢᠨ ᠪᠢᠩ ᠳ᠋ᠦ᠋ ︵病毒︶ A ᠶᠢᠨ 400 ᠲᠠᠭᠢᠨ ᠤ ᠰᠢᠩᠭᠡᠨ ᠪᠤᠶᠤ ᠺᠠᠩ ᠳ᠋ᠦ᠋ ᠰᠤ᠋ ︵抗毒素︶ ᠡᠮ ᠤᠨ 500 ᠲᠠᠭᠢᠨ ᠤ ᠰᠢᠩᠭᠡᠨ ᠢ ᠰᠤᠯᠪᠢᠴᠠᠭᠤᠯᠤᠨ ᠭᠡᠷᠡᠭᠯᠡᠨ᠎ᠡ᠃ ③ ᠰᠢᠷᠬᠠᠳᠠᠯ ᠡᠪᠡᠳᠴᠢᠨ᠂ ᠰᠢᠷᠬᠠᠳᠠᠯ ᠭᠡᠮ ᠪᠤᠯ ᠮᠠᠬᠠᠪᠤᠳ ᠤᠨ ᠭᠡᠮ ᠤᠨ ᠭᠦᠨᠦᠭᠡᠯ ᠪᠤᠯᠤᠨ᠎ᠠ᠃ ᠵᠢᠮᠢᠰ ᠨᠢ ᠨᠡᠷᠡᠨ ᠳᠤ ᠰᠢᠭᠤᠳ ᠰᠢᠷᠬᠠᠳᠠᠨ ᠰᠢᠳ᠋ᠬᠠᠳ᠋ᠬᠠᠰᠠᠨ ᠭᠡᠮ ᠪᠤᠯᠤᠨ᠎ᠠ᠃ ᠡᠶᠢᠮᠤ ᠠᠴᠠ ᠵᠤᠭᠢᠰᠳᠡᠢ ᠨᠢᠠᠠᠳᠠ ᠲᠠᠷᠢᠬᠤ ᠮᠡᠷᠭᠡᠵᠢᠯ ᠤᠨ ᠠᠷᠭ᠎ᠠ ᠶᠢ ᠭᠡᠷᠡᠭᠯᠡᠪᠡᠯ ᠲᠤᠰ ᠭᠡᠮ ᠤᠨ ᠡᠭᠦᠰᠦᠯ ᠢ ᠪᠦᠳᠦᠮᠵᠢᠳᠡᠢ ᠪᠠᠷ ᠪᠠᠭᠠᠰᠬᠠᠵᠤ ᠴᠢᠳᠠᠨ᠎ᠠ᠃
︵2︶ ᠬᠤᠷᠤᠬᠠᠢ ᠶᠢᠨ ᠭᠦᠨᠦᠭᠡᠯ ᠢ ᠰᠡᠷᠭᠡᠶᠢᠯᠡᠨ ᠵᠠᠰᠠᠬᠤ᠄ ① ᠰᠢᠷᠤᠢ ᠶᠢᠨ ᠭᠦᠷᠢ ᠶᠢᠨ ᠭᠦᠨᠦᠭᠡᠯ ᠢ ᠰᠡᠷᠭᠡᠶᠢᠯᠡᠨ ᠵᠠᠰᠠᠬᠤ ᠳᠤ ᠠᠪᠠᠭᠠᠯᠳᠠᠢ ᠶᠢ ᠪᠤᠯ 75% ᠶᠢᠨ ᠰᠢᠨ ᠯᠢᠤ ᠯᠢᠨ ︵锌硫磷︶ ᠡᠮ ᠤᠨ 2000~3000 ᠲᠠᠭᠢᠨ ᠤ ᠰᠢᠩᠭᠡᠨ ᠪᠤᠶᠤ 50% ᠶᠢᠨ ᠳ᠋ᠢ ᠳ᠋ᠢ ᠸᠧᠢ ︵敌敌畏︶ ᠡᠮ ᠤᠨ 1000 ᠲᠠᠭᠢᠨ ᠤ ᠰᠢᠩᠭᠡᠨ ᠢ ᠲᠠᠷᠢᠮᠡᠯ ᠤᠨ ᠲᠡᠭᠡᠭᠦᠷ ᠨᠢ ᠰᠦᠷᠴᠢᠨ᠎ᠠ᠃ ᠪᠡᠶᠡᠯᠡᠭᠰᠡᠨ ᠬᠤᠷᠤᠬᠠᠢ ᠶᠢ ᠪᠤᠯ ᠬᠤᠤᠷᠳᠤ ᠦᠭᠶᠦᠭᠡ ᠪᠠᠷ ᠠᠯᠠᠵᠤ ᠤᠰᠠᠳᠬᠠᠨ᠎ᠠ᠃ ② ᠦᠳᠦᠭ ᠬᠤᠷᠤᠬᠠᠢ ᠶᠢ ᠰᠡᠷᠭᠡᠶᠢᠯᠡᠨ ᠵᠠᠰᠠᠬᠤ ᠳᠤ ᠦᠳᠦᠭ ᠬᠤᠷᠤᠬᠠᠢ ᠶᠢᠨ ᠭᠦᠨᠦᠭᠡᠯ ᠡᠭᠦᠰᠦᠭᠰᠡᠨ ᠦᠶ᠎ᠠ ᠳᠤ 75% ᠶᠢᠨ ᠰᠢᠨ ᠯᠢᠤ ᠯᠢᠨ ︵锌硫磷︶ ᠡᠮ ᠤᠨ 2000 ᠲᠠᠭᠢᠨ ᠤ ᠰᠢᠩᠭᠡᠨ ᠢ ᠤᠯᠠᠭᠠᠨ ᠯᠠᠵᠤᠤ ᠶᠢᠨ ᠦᠨᠳᠤᠰᠤᠨ ᠳᠤᠨᠢ ᠴᠢᠳᠬᠤᠵᠤ ᠰᠡᠷᠭᠡᠶᠢᠯᠡᠨ ᠵᠠᠰᠠᠨ᠎ᠠ᠃ ③ ᠪᠠᠭᠠᠷᠠᠩ ᠬᠤᠷᠤᠬᠠᠢ ᠶᠢ ᠰᠡᠷᠭᠡᠶᠢᠯᠡᠨ ᠵᠠᠰᠠᠬᠤ ᠳᠤ 40% ᠶᠢᠨ ᠯᠧ ᠭᠦᠸᠧ ︵乐果︶ ᠡᠮ ᠤᠨ 800 ᠲᠠᠭᠢᠨ ᠤ ᠰᠢᠩᠭᠡᠨ ᠪᠤᠶᠤ ᠰᠤ᠋ ᠮᠢᠶᠧ ᠱᠠ ᠳ᠋ᠢᠩ ︵速灭杀丁︶ ᠡᠮ ᠤᠨ 3000 ᠲᠠᠭᠢᠨ ᠤ ᠰᠢᠩᠭᠡᠨ ᠢ ᠰᠦᠷᠴᠢᠨ ᠰᠡᠷᠭᠡᠶᠢᠯᠡᠨ᠎ᠡ᠃
1 1. ᠶᠠᠮᠠᠷ ᠴᠠᠭ ᠦᠶ᠎ᠠ ᠳᠤ ᠬᠤᠷᠢᠶᠠᠬᠤ ᠪᠤᠢ︖
ᠤᠯᠠᠭᠠᠨ ᠯᠠᠵᠤᠤ ᠶᠢᠨ ᠬᠤᠷᠢᠶᠠᠯᠳᠠ ᠪᠤᠯᠤᠨ ᠲᠠᠸᠠᠷ ᠤᠨ ᠶᠠᠰᠤ ᠴᠢᠨᠠᠷ ᠢ ᠨᠢ ᠲᠡᠭᠡᠭᠰᠢᠯᠡᠭᠦᠯᠭᠦ ᠶᠢᠨ ᠲᠤᠰᠠᠳᠠ᠂ ᠭᠢᠷᠠᠭᠤ ᠤᠨᠠᠬᠤ ᠠᠴᠠ ᠡᠮᠦᠨ᠎ᠠ ᠬᠤᠷᠢᠶᠠᠬᠤ ᠪᠠ ᠬᠤᠷᠢᠶᠠᠬᠤ ᠳᠠᠭᠠᠨ ᠦᠨᠳᠤᠰᠤ ᠲᠠᠢ ᠨᠢ ᠦᠭᠳᠡᠭᠡᠭᠦ ᠪᠤᠶᠤ ᠬᠠᠳᠤᠭᠤᠷ ᠢᠶᠠᠷ ᠬᠠᠳᠤᠬᠤ ᠠᠷᠭ᠎ᠠ ᠶᠢ ᠭᠡᠷᠡᠭᠯᠡᠨ᠂ ᠶᠠᠷᠦᠩᠭᠡᠢ ᠳᠡᠭᠡᠨ 10 ᠳ᠋ᠤᠭᠠᠷ ᠰᠠᠷ᠎ᠠ ᠶᠢᠨ ᠡᠭᠢ ᠪᠠᠷ ᠬᠠᠳᠤᠵᠤ ᠬᠤᠷᠢᠶᠠᠨ᠎ᠠ᠃
12. ᠤᠯᠠᠭᠠᠨ ᠯᠠᠵᠤᠤ ᠶᠢ ᠬᠠᠮᠠᠭᠠᠯᠠᠯᠳᠠ ᠶᠢᠨ ᠭᠠᠵᠠᠷ ᠲᠠᠷᠢᠬᠤ ᠳᠤ ᠶᠠᠮᠠᠷ ᠮᠡᠷᠭᠡᠵᠢᠯ ᠤᠨ ᠠᠷᠭ᠎ᠠ ᠪᠠᠶᠢᠬᠤ ᠪᠤᠢ︖
ᠤᠯᠠᠭᠠᠨ ᠯᠠᠵᠤᠤ ᠶᠢ ᠬᠠᠮᠠᠭᠠᠯᠠᠯᠳᠠ ᠶᠢᠨ ᠭᠠᠵᠠᠷ ᠲᠠᠷᠢᠬᠤ ᠭᠡᠳᠡᠭ ᠪᠤᠯ ᠲᠠᠷᠤᠢ ᠤᠯᠠᠭᠠᠨ ᠯᠠᠵᠤᠤ ᠶᠢᠨ ᠤᠷᠭᠤᠯᠳᠠ ᠶᠢᠨ ᠤᠨᠴᠠᠯᠢᠭ ᠢ ᠦᠨᠳᠦᠰᠦᠯᠡᠨ᠂ ᠬᠠᠮᠠᠭᠠᠯᠠᠯᠳᠠ ᠶᠢᠨ ᠭᠠᠵᠠᠷ ᠲᠠᠷᠢᠬᠤ ᠪᠠᠷ ᠲᠠᠮᠵᠢᠭᠤᠯᠤᠨ ᠲᠤᠯᠠᠭᠠᠨ ᠤ ᠭᠡᠮᠵᠢᠶ᠎ᠠ ᠶᠢᠨ ᠨᠦᠭᠦᠴᠡᠯ ᠢ ᠰᠠᠶᠢᠵᠢᠷᠠᠭᠤᠯᠵᠤ᠂ ᠭᠦᠷᠤᠰᠤ ᠰᠢᠷᠤᠢ ᠪᠠ ᠠᠭᠠᠷ ᠮᠠᠠᠳᠠᠯ ᠤᠨ ᠴᠢᠭᠢᠭ ᠤᠨ ᠭᠡᠮᠵᠢᠶ᠎ᠠ ᠶᠢ ᠲᠤᠭᠢᠷᠠᠭᠤᠯᠵᠤ᠂ ᠤᠯᠠᠭᠠᠨ ᠯᠠᠵᠤᠤ ᠶᠢᠨ ᠤᠷᠭᠤᠯᠳᠠ ᠳᠤ ᠭᠡᠷᠡᠭᠴᠡᠭᠡ ᠪᠦᠭᠦᠢ ᠬᠠᠮᠤᠭ ᠤᠨ ᠰᠠᠶᠢᠨ ᠤᠷᠴᠢᠨ ᠠᠬᠤᠢ ᠶᠢ ᠪᠤᠢ ᠪᠤᠯᠭᠠᠨ ᠦᠭᠴᠤ᠂ ᠵᠠᠳᠠᠭᠠᠢ ᠲᠠᠷᠢᠬᠤ ᠳᠤ ᠲᠤᠭᠢᠷᠠᠮᠵᠢᠳᠡᠢ ᠲᠤᠯᠠᠭᠠᠨ ᠤ ᠭᠡᠮᠵᠢᠶ᠎ᠠ ᠨᠢ ᠤᠬᠤᠷ᠂ ᠲᠠᠷᠢᠮᠠᠯ ᠤᠨ ᠤᠷᠭᠤᠴᠠ ᠨᠢ ᠤᠳᠠᠭᠠᠨ᠂ ᠴᠠᠴᠡᠭ ᠲᠡᠯᠭᠡᠷᠡᠭᠦ ᠳᠤ ᠠᠰᠢᠭ ᠦᠭᠡᠢ᠂ ᠵᠢᠮᠢᠰᠯᠡᠭᠦ ᠬᠤᠭᠤᠴᠠᠭᠠᠨ ᠳᠤ ᠪᠠᠰᠠ ᠲᠤᠯᠠᠭᠠᠨ ᠤ ᠭᠡᠮᠵᠢᠶ᠎ᠠ ᠨᠢ ᠦᠨᠳᠤᠷ᠂ ᠡᠳᠤᠷ ᠰᠦᠨᠢ ᠶᠢᠨ ᠲᠤᠯᠠᠭᠠᠨ ᠤ ᠭᠡᠮᠵᠢᠶ᠎ᠠ ᠶᠢᠨ ᠵᠦᠷᠢᠶ᠎ᠠ ᠪᠠᠭ᠎ᠠ ᠪᠠᠶᠢᠵᠤ᠂ ᠦᠷᠡᠯᠡᠭᠦ ᠨᠤᠷᠮ᠎ᠠ ᠶᠢ ᠨᠦᠯᠦᠭᠡᠯᠡᠳᠡᠭ ᠤᠷᠴᠢᠨ ᠲᠤᠭᠤᠷᠢᠨ ᠤ ᠭᠢᠵᠠᠭᠠᠷᠳᠠᠮᠠᠯ ᠭᠦᠴᠤᠨ ᠵᠦᠢᠯ ᠢ ᠬᠤᠪᠢᠷᠠᠭᠤᠯᠵᠤ᠂ ᠡᠭᠦᠨ ᠢᠶᠠᠷ ᠲᠠᠮᠵᠢᠨ ᠵᠢᠮᠢᠰᠯᠡᠭᠦ ᠬᠤᠭᠤᠴᠠᠭ᠎ᠠ ᠶᠢ ᠤᠷᠳᠤᠳᠬᠠᠨ᠂ ᠦᠨᠢᠷ ᠲᠤᠠᠠᠳᠠᠭᠤᠨ ᠬᠤᠷᠢᠶᠠᠯᠳᠠ ᠤᠯᠬᠤ ᠵᠤᠷᠢᠯᠭ᠎ᠠ ᠳᠤ ᠭᠦᠷᠦᠭᠦᠯᠭᠦ ᠶᠠᠪᠤᠳᠠᠯ ᠪᠤᠯᠤᠨ᠎ᠠ᠃
ᠦᠢᠯᠡᠳᠦᠯᠭᠡ ᠭᠡᠷᠡᠴᠢᠯᠡᠭᠰᠡᠨ ᠢᠶᠠᠷ ᠤᠯᠠᠭᠠᠨ ᠯᠠᠵᠤᠤ ᠶᠢ ᠬᠠᠮᠠᠭᠠᠯᠠᠯᠳᠠ ᠶᠢᠨ ᠭᠠᠵᠠᠷ ᠲᠠᠷᠢᠬᠤ ᠨᠢ ᠵᠠᠳᠠᠭᠠᠢ ᠲᠠᠷᠢᠬᠤ ᠠᠴᠠ ᠲᠦᠷᠪᠡᠨ ᠲᠠᠯ᠎ᠠ ᠶᠢᠨ ᠲᠠᠪᠠᠭᠤᠯᠢᠭ ᠲᠠᠯ᠎ᠠ ᠲᠠᠢ ᠪᠠᠶᠢᠨ᠎ᠠ᠃ ① ᠭᠦᠳᠡᠯᠮᠤᠷᠢ ᠭᠦᠴᠤ ᠳᠤ ᠠᠷᠪᠢᠳᠡᠢ᠃ ② ᠦᠷ᠎ᠡ ᠳᠤ ᠠᠷᠪᠢᠳᠡᠢ᠃ ③ ᠦᠨᠢᠷ ᠬᠤᠷᠢᠶᠠᠯᠳᠠ ᠲᠠᠢ ᠪᠠᠶᠢᠳᠠᠭ᠃ ④ ᠭᠡᠮ ᠬᠤᠷᠤᠬᠠᠢ ᠶᠢᠨ ᠭᠦᠨᠦᠭᠡᠯ ᠡᠭᠦᠰᠭᠦ ᠨᠢ ᠴᠦᠭᠡᠨ ᠪᠠᠶᠢᠳᠠᠭ᠃
13. ᠺᠠᠶᠢᠯᠤ ᠰᠢᠶᠠᠨ ᠤ ᠤᠯᠠᠭᠠᠨ ᠯᠠᠵᠤᠤ ᠲᠠᠷᠢᠠᠠᠰᠠᠨ ᠲᠤᠷᠰᠢᠯᠭ᠎ᠠ ᠨᠢ ᠶᠠᠭᠤ ᠪᠤᠢ︖
ᠺᠠᠶᠢᠯᠤ ᠰᠢᠶᠠᠨ ᠤᠯᠠᠭᠠᠨ ᠯᠠᠵᠤᠤ ᠶᠢᠨ ᠦᠢᠯᠡᠰ ᠢ ᠭᠦᠭᠵᠢᠭᠦᠯᠭᠦ ᠲᠠᠯ᠎ᠠ ᠪᠠᠷ ᠭᠤᠤᠯ ᠨᠢ᠄ ︵1︶ ᠵᠠᠬ᠎ᠠ ᠲᠡᠯᠭᠡᠭᠦᠷ ᠤᠨ ᠭᠡᠷᠡᠭᠴᠡᠭᠡ ᠪᠡ ᠭᠦᠷᠤᠰᠤ ᠰᠢᠷᠤᠢ ᠶᠢᠨ ᠤᠠᠴᠠᠯᠢᠭ ᠢ ᠦᠨᠳᠦᠰᠦᠯᠡᠨ ᠲᠤᠭᠢᠷᠠᠮᠵᠢᠳᠡᠢ ᠭᠦᠭᠵᠢᠭᠦᠯᠵᠡᠢ᠃ ᠲᠤᠭᠢᠷᠠᠮᠵᠢᠳᠡᠢ ᠭᠦᠭᠵᠢᠭᠦᠯᠵᠡᠢ ᠭᠡᠳᠡᠭ ᠨᠢ ᠪᠤᠯ ᠲᠠᠷᠤᠢ ᠺᠠᠶᠢᠯᠤ ᠰᠢᠶᠠᠨ ᠨᠢ ᠤᠯᠠᠭᠠᠨ ᠯᠠᠵᠤᠤ ᠲᠠᠷᠢᠬᠤ ᠲᠠᠯᠠᠪᠠᠢ ᠶᠢ ᠶᠠᠷᠦᠩᠭᠡᠢ ᠳᠡᠭᠡᠨ 30 ᠲᠦᠮᠡᠨ ᠮᠤ᠋ ᠤᠷᠴᠢᠮ ᠳᠤ ᠭᠢᠵᠠᠭᠠᠷᠯᠠᠵᠤ᠂ ᠬᠠᠮᠤᠭ ᠠᠷᠪᠢᠨ ᠳᠠᠭᠠᠨ 35 ᠲᠦᠮᠡᠨ ᠮᠤ᠋ ᠠᠴᠠ ᠲᠠᠪᠠᠭᠤᠯᠤᠠᠠᠰᠠᠨ ᠦᠭᠡᠢ᠂ ᠵᠠᠬ᠎ᠠ ᠲᠡᠯᠭᠡᠭᠦᠷ ᠤᠨ ᠭᠡᠷᠡᠭᠴᠡᠭᠡ ᠬᠠᠨᠭ᠍ᠭᠠᠯᠭ᠎ᠠ ᠶᠢ ᠦᠨᠳᠤᠰᠤᠨ ᠳᠡᠭᠡᠨ ᠲᠡᠩᠴᠡᠭᠦᠷᠢᠳᠡᠢ ᠪᠠᠶᠢᠯᠭᠠᠵᠠᠢ᠃ ᠤᠳᠤ ᠪᠦᠭᠦ ᠰᠢᠶᠠᠨ ᠳᠤ ᠤᠯᠠᠭᠠᠨ ᠯᠠᠵᠤᠤ ᠲᠠᠷᠢᠬᠤ ᠳᠤ ᠲᠤᠭᠢᠷᠠᠬᠤ ᠭᠠᠵᠠᠷ ᠲᠠᠭᠠᠨ ᠭᠤᠷᠪᠡᠨ ᠵᠢᠯ ᠳᠤ ᠨᠢᠭᠡ ᠤᠳᠠᠭ᠎ᠠ ᠡᠭᠡᠯᠵᠢᠯᠡᠨ ᠲᠠᠷᠢᠵᠤ᠂ ᠤᠯᠠᠭᠠᠨ ᠯᠠᠵᠤᠤ ᠶᠢᠨ ᠴᠢᠨᠠᠷ ᠰᠠᠶᠢᠳᠠᠢ᠂ ᠦᠨᠢᠷ ᠲᠤᠠᠠᠳᠠᠭᠤᠨ ᠬᠤᠷᠢᠶᠠᠯᠳᠠ ᠲᠠᠢ ᠪᠠᠶᠢᠬᠤ ᠶᠢ ᠪᠠᠳᠤᠯᠠᠵᠠᠢ᠃ ︵2︶ ᠤᠯᠠᠭᠠᠨ ᠯᠠᠵᠤᠤ ᠶᠢᠨ ᠶᠠᠰᠤ ᠴᠢᠨᠠᠷ ᠢ ᠲᠠᠰᠤᠷᠠᠯᠳᠠ ᠦᠭᠡᠢ ᠲᠡᠭᠡᠭᠰᠢᠯᠡᠭᠦᠯᠵᠤ᠂ ᠵᠠᠬ᠎ᠠ ᠲᠡᠯᠭᠡᠭᠦᠷ ᠲᠠᠬᠢ ᠡᠵᠡᠯᠡᠭᠦ ᠭᠡᠮᠵᠢᠶ᠎ᠠ ᠶᠢ ᠨᠡᠮᠡᠭᠳᠡᠭᠦᠯᠵᠡᠢ᠃ ᠲᠠᠳᠡ ᠵᠠᠬ᠎ᠠ ᠲᠡᠯᠭᠡᠭᠦᠷ ᠤᠨ ᠭᠡᠷᠡᠭᠴᠡᠭᠡ ᠳᠤ ᠲᠤᠭᠢᠷᠬᠠᠰᠠᠨ ᠰᠢᠨ᠎ᠠ ᠰᠤᠷᠲ ᠢ ᠤᠷᠤᠭᠤᠯᠤᠨ ᠠᠪᠴᠢᠷᠠᠵᠤ᠂ ᠰᠤᠷᠲ ᠤᠨ ᠰᠢᠨᠡᠴᠢᠯᠡᠯᠳᠡ ᠶᠢ ᠲᠦᠷᠭᠡᠳᠭᠡᠵᠡᠢ᠃ ᠤᠳᠤ ᠺᠠᠶᠢᠯᠤ ᠰᠢᠶᠠᠨ ᠤᠯᠠᠭᠠᠨ ᠯᠠᠵᠤᠤ ᠶᠢᠨ ᠰᠤᠷᠲ ᠢ ᠪᠦᠭᠦᠨ ᠢ ᠰᠢᠨᠡᠴᠢᠯᠡᠵᠤ᠂ ᠤᠯᠠᠭᠠᠨ ᠯᠠᠵᠤᠤ ᠨᠢ ᠤᠳᠤᠬᠠᠨ ᠳᠤ 3 ᠰᠢᠰᠲ᠋ᠧᠮ ᠤᠨ 20 ᠰᠤᠷᠲ ᠪᠠᠶᠢᠨ᠎ᠠ᠃ ᠡᠭᠦᠨ ᠤ ᠬᠠᠮᠳᠤ ᠪᠤᠭᠢᠷᠳᠤᠯ ᠦᠭᠡᠢ ᠲᠠᠷᠢᠶᠠᠯᠠᠩ ᠤᠨ ᠪᠦᠳᠦᠭᠡᠭᠳᠡᠭᠦᠨ ᠪᠠ ᠨᠠᠶᠢᠳᠡ ᠶᠢᠨ ᠭᠦᠨᠦᠭᠡᠯ ᠦᠭᠡᠢ ᠲᠠᠷᠢᠶᠠᠯᠠᠩ ᠤᠨ ᠪᠦᠳᠦᠭᠡᠭᠳᠡᠭᠦᠨ ᠤ ᠱᠠᠭᠠᠷᠳᠠᠯᠭ᠎ᠠ ᠪᠠᠷ ᠦᠢᠯᠡᠳᠪᠤᠷᠢᠯᠡᠯ ᠢᠶᠠᠨ ᠵᠤᠭᠢᠶᠠᠨ ᠪᠠᠶᠢᠭᠤᠯᠵᠤ᠂ ᠤᠯᠠᠭᠠᠨ ᠯᠠᠵᠤᠤ ᠶᠢᠨ ᠦᠢᠯᠡᠳᠪᠤᠷᠢᠯᠡᠯ ᠨᠢ ᠪᠦᠭᠦᠨ ᠢᠶᠠᠷ ᠢᠶᠠᠨ ᠨᠠᠶᠢᠳᠡ ᠶᠢᠨ ᠭᠦᠨᠦᠭᠡᠯ ᠦᠭᠡᠢ ᠦᠢᠯᠡᠳᠪᠤᠷᠢᠯᠡᠯ ᠤᠨ ᠪᠠᠷᠢᠮᠵᠢᠶ᠎ᠠ ᠳᠤ ᠭᠦᠷᠴᠤ᠂ ᠨᠢᠭᠡ ᠪᠦᠯᠦᠭ ᠨᠢ ᠪᠤᠭᠢᠷᠳᠦᠯ ᠦᠭᠡᠢ ᠢᠳᠡᠭᠡᠨ ᠤ ᠪᠠᠷᠢᠮᠵᠢᠶ᠎ᠠ ᠳᠤ ᠭᠦᠷᠦᠭᠰᠡᠨ ᠪᠠᠶᠢᠨ᠎ᠠ᠃ ︵3︶ ᠪᠤᠷᠤᠯᠠᠭᠤᠯᠭ᠎ᠠ ᠶᠢ ᠴᠢᠩᠭᠠᠳᠬᠠᠵᠠᠢ᠃ ᠤᠯᠠᠭᠠᠨ ᠯᠠᠵᠤᠤ ᠶᠢ ᠪᠤᠷᠤᠯᠠᠭᠤᠯᠬᠤ ᠲᠠᠯ᠎ᠠ ᠪᠠᠷ ᠨᠢᠭᠡ ᠳᠤ᠂ ᠤᠯᠠᠭᠠᠨ ᠯᠠᠵᠤᠤ ᠶᠢ ᠬᠤᠳᠠᠯᠳᠤᠨ ᠪᠤᠷᠤᠯᠠᠭᠤᠯᠬᠤ ᠵᠠᠬ᠎ᠠ ᠲᠡᠯᠭᠡᠭᠦᠷ ᠢ ᠪᠠᠶᠢᠭᠤᠯᠤᠨ ᠦᠷᠭᠡᠳᠭᠡᠭᠰᠡᠨ ᠤ ᠬᠠᠮᠳᠤ ᠵᠠᠬ᠎ᠠ ᠲᠡᠯᠭᠡᠭᠦᠷ ᠤᠨ ᠦᠢᠯᠡᠴᠢᠯᠡᠭᠡᠨ ᠤ ᠴᠢᠳᠠᠪᠤᠷᠢ ᠪᠠᠨ ᠴᠢᠨ᠋ᠬᠠᠰᠢᠳᠡ ᠲᠡᠭᠦᠯᠳᠡᠷᠵᠢᠭᠦᠯᠵᠡᠢ᠃ ᠬᠤᠶᠠᠷ ᠲᠤ᠂ ᠠᠯᠢ ᠤᠯᠠᠨ ᠬᠠᠷᠠᠭᠠᠯᠵᠠᠯ ᠤᠨ ᠲᠦᠷᠤ ᠶᠢᠨ ᠪᠤᠳᠤᠯᠭ᠎ᠠ ᠲᠤᠠᠠᠳᠠᠭᠠᠵᠤ᠂ ᠮᠠᠶᠢᠮᠠᠶᠢᠴᠢᠳ ᠢ ᠪᠠᠶᠠᠷ ᠭᠦᠷ ᠲᠠᠢ ᠪᠤᠯᠭᠠᠵᠠᠢ᠃ ᠭᠤᠷᠪᠡ ᠳᠤ᠂ ᠪᠤᠷᠤᠯᠠᠭᠤᠯᠭ᠎ᠠ ᠶᠢᠨ ᠲᠠᠯ᠎ᠠ ᠪᠠᠷ ᠦᠵᠡᠯᠳᠡ ᠲᠠᠨᠢᠯᠳᠠ ᠪᠠᠨ ᠦᠭᠡᠷᠡᠴᠢᠯᠡᠵᠤ᠂ ᠪᠤᠷᠤᠯᠠᠭᠤᠯᠭ᠎ᠠ ᠶᠢᠨ ᠠᠷᠭ᠎ᠠ ᠮᠠᠶ᠋ᠢᠭ ᠢᠶᠠᠨ ᠦᠭᠡᠷᠡᠴᠢᠯᠡᠵᠡᠢ᠃ ᠲᠦᠷᠪᠡ ᠳᠤ᠂ ᠤᠯᠠᠭᠠᠨ ᠯᠠᠵᠤᠤ ᠶᠢ ᠭᠦᠨ ᠡᠳ᠋ᠰᠢᠭᠦᠯᠭᠦ ᠶᠢ ᠰᠠᠶᠢᠳᠤᠷ ᠭᠢᠵᠤ᠂ ᠲᠤᠮᠤ ᠵᠢᠵᠢᠭ ᠦᠢᠯᠡᠳᠪᠤᠷᠢ ᠭᠡᠰᠡᠨ ᠦᠭᠡᠢ ᠪᠦᠭᠦᠳᠡᠭᠡᠷ ᠢᠶᠠᠨ ᠭᠦᠳᠡᠯᠦᠯᠴᠡᠭᠰᠡᠨ ᠪᠠᠶᠢᠨ᠎ᠠ᠃ ᠡᠳᠡᠭᠡᠷ ᠪᠤᠯ ᠺᠠᠶᠢᠯᠤ ᠰᠢᠶᠠᠨ ᠤ ᠤᠯᠠᠭᠠᠨ ᠯᠠᠵᠤᠤ ᠶᠢᠨ ᠦᠢᠯᠡᠳᠪᠤᠷᠢᠯᠡᠯ ᠤᠨ ᠨᠠᠠᠳᠢᠨ ᠲᠤᠷᠰᠢᠯᠭ᠎ᠠ ᠪᠤᠯᠤᠨ᠎ᠠ᠃