1. ᠮᠠᠨ ᠤ ᠤᠯᠤᠰ ᠲᠤ ᠶᠠᠮᠠᠷ ᠶᠠᠮᠠᠷ ᠴᠢᠨᠠᠷ ᠰᠠᠶᠢᠳᠠᠢ ᠦᠵᠦᠮ ᠤᠨ ᠰᠤᠷᠲ ᠪᠠᠶᠢᠬᠤ ᠪᠤᠢ︖
ᠮᠠᠨ ᠤ ᠤᠯᠤᠰ ᠤᠨ ᠲᠠᠷᠢᠵᠤ ᠪᠠᠶᠢᠭ᠎ᠠ ᠦᠵᠦᠮ ᠪᠤᠯ ᠭᠤᠤᠯ ᠨᠢ ᠡᠸᠦ᠋ᠷᠦᠫᠡ ᠶᠢᠨ ᠦᠵᠦᠮ ᠪᠤᠯᠤᠨ ᠠᠮᠧᠷᠢᠺᠠ ᠶᠢᠨ ᠦᠵᠦᠮ ᠤᠨ ᠬᠤᠶᠠᠷ ᠲᠤᠮᠤ ᠲᠦᠷᠦᠯ ᠪᠠᠶᠢᠨ᠎ᠠ᠃ ᠮᠠᠨ ᠤ ᠤᠯᠤᠰ ᠤᠨ ᠤᠮᠠᠷᠠᠳᠤ᠂ ᠪᠠᠷᠠᠭᠤᠨ ᠬᠤᠶᠢᠳᠤ ᠤᠷᠤᠨ ᠤ ᠦᠵᠦᠮ ᠤᠨ ᠭᠠᠷᠤᠯᠳᠠ ᠶᠢᠨ ᠤᠷᠤᠨ ᠤ ᠯᠦᠩ ᠶᠠᠨ ︵龙眼︶᠂ ᠮᠸᠢ ᠭᠦᠢ ᠰᠢᠶᠠᠩ ︵玫瑰香︶᠂ ᠡᠤ ᠾᠧ ᠪᠠᠢ ︵无核白︶᠂ ᠨᠢᠤ ᠨᠠᠢ ︵牛奶︶ ᠨᠢ ᠴᠦᠮ ᠡᠸᠦ᠋ᠷᠦᠫᠡ ᠶᠢᠨ ᠦᠵᠦᠮ ᠳᠤ ᠬᠠᠷᠢᠶᠠᠯᠬᠠᠳᠠᠨ᠎ᠠ᠃ ᠡᠨᠡ ᠨᠢ ᠴᠢᠨᠠᠷ ᠰᠠᠶᠢᠳᠠᠢ᠂ ᠦᠨᠢᠷ ᠤᠨᠠᠯᠳᠠ ᠲᠠᠢ ᠰᠤᠷᠲ ᠪᠤᠯᠤᠨ᠎ᠠ᠃ ᠭᠡᠪᠡᠴᠤ ᠲᠡᠭᠦᠨ ᠤ ᠡᠪᠡᠳᠴᠢᠨ ᠢ ᠲᠠᠷᠤᠬᠤ ᠴᠢᠨᠠᠷ ᠪᠠ ᠦᠯᠴᠢᠷ ᠴᠢᠨᠠᠷ ᠨᠢ ᠨᠡᠯᠢᠶᠡᠳ ᠪᠠᠭᠤᠷᠠᠢ ᠪᠠᠶᠢᠳᠠᠭ᠃ ᠤᠶᠢᠷ᠎ᠡ ᠶᠢᠨ ᠵᠢᠯ ᠳᠤ ᠪᠤᠶᠢᠵᠢᠭᠤᠯᠤᠠᠠᠰᠠᠨ ᠡᠸᠦ᠋ᠷᠦᠫᠡ ᠠᠮᠧᠷᠢᠺᠠ ᠶᠢᠨ ᠡᠷᠯᠢᠰᠡ ᠰᠤᠷᠲ ᠤᠨ ᠦᠵᠦᠮ ᠪᠤᠯᠬᠤ ᠱᠢ ᠹᠧᠩ ︵世峰︶᠂ ᠪᠠᠢ ᠰᠢᠶᠠᠩ ᠵᠢᠶᠤᠤ ︵白香蕉︶᠂ ᠯᠦᠸᠧ ᠶᠧ ᠡᠯ ᠮᠸᠢ ᠭᠦᠢ ︵罗也尔玫瑰︶ ᠪᠤᠯᠤᠨ ᠮᠸᠢ ᠭᠦᠢ ᠯᠤ᠋ ︵玫瑰露︶ ᠵᠡᠷᠭᠡ ᠰᠤᠷᠲ ᠨᠢ ᠶᠠᠰᠤ ᠴᠢᠨᠠᠷ ᠨᠢ ᠨᠡᠯᠢᠶᠡᠳ ᠰᠠᠶᠢᠨ᠂ ᠮᠦᠭᠦᠯᠢᠭ ᠨᠢ ᠲᠤᠮᠤ᠂ ᠠᠮᠳᠠᠳᠠᠢ ᠪᠠᠶᠢᠳᠠᠭ ᠢᠶᠠᠷ ᠢᠶᠠᠨ ᠭᠦᠮᠦᠰ ᠤᠨ ᠲᠤᠷ᠎ᠡ ᠪᠠᠬ᠎ᠠ ᠶᠢ ᠲᠠᠳᠠᠵᠤ᠂ ᠭᠡᠮ ᠢ ᠲᠠᠷᠤᠬᠤ ᠴᠢᠨᠠᠷ ᠪᠠ ᠦᠯᠴᠢᠷ ᠴᠢᠨᠠᠷ ᠨᠢ ᠮᠠᠰᠢ ᠴᠢᠩᠭ᠎ᠠ ᠪᠠᠶᠢᠵᠤ᠂ ᠤᠳᠤᠬᠠᠨ ᠳᠤ ᠵᠠᠬ᠎ᠠ ᠲᠡᠯᠭᠡᠭᠦᠷ ᠲᠠᠬᠢ ᠭᠡᠷᠡᠭᠯᠡᠭᠡᠨ ᠤ ᠭᠡᠮᠵᠢᠶ᠎ᠠ ᠨᠢ ᠲᠤᠠᠠᠳᠠᠭᠤᠨ ᠢᠶᠠᠷ ᠲᠡᠭᠡᠭᠰᠢᠯᠡᠵᠤ ᠪᠠᠶᠢᠨ᠎ᠠ᠃ ᠲᠠᠷᠠ ᠮᠦᠷᠳᠡᠭᠡᠨ ᠮᠠᠰᠢ ᠰᠠᠶᠢᠨ ᠢᠷᠡᠭᠡᠳᠦᠢ ᠲᠠᠢ ᠪᠠᠶᠢᠨ᠎ᠠ᠃
2. ᠶᠠᠭᠠᠭᠢᠪᠠᠯ ᠰᠠᠶ᠋ᠢ ᠦᠵᠦᠮ ᠤᠨ ᠭᠠᠷᠤᠯᠳᠠ ᠶᠢ ᠪᠠᠳᠤᠯᠠᠵᠤ ᠴᠢᠳᠠᠬᠤ ᠮᠦᠷᠳᠡᠭᠡᠨ ᠪᠠᠰᠠ ᠰᠤᠷᠲ ᠢ ᠨᠢ ᠤᠯᠠᠮ ᠰᠠᠶᠢᠵᠢᠷᠠᠭᠤᠯᠵᠤ ᠴᠢᠳᠠᠬᠤ ᠪᠤᠢ︖
ᠡᠭᠦᠨ ᠳᠤ ᠵᠠᠩᠭᠢᠯᠠᠭ᠎ᠠ ᠨᠢ ᠦᠵᠦᠮ ᠤᠨ ᠦᠢᠯᠡᠳᠪᠤᠷᠢᠯᠡᠯ ᠤᠨ ᠮᠡᠷᠭᠡᠵᠢᠯ ᠤᠨ ᠦᠨᠳᠦᠰᠦᠯᠡᠯ ᠪᠤᠯᠤᠨ ᠲᠠᠷᠢᠬᠤ ᠭᠤᠤᠯᠳᠠᠯᠭ᠎ᠠ ᠶᠢ ᠭᠢᠨᠠᠮᠠᠭᠠᠢ ᠡᠵᠡᠮᠰᠢᠭᠦ ᠳᠤ ᠪᠠᠶᠢᠨ᠎ᠠ᠃
3. ᠦᠵᠦᠮ ᠤᠨ ᠰᠤᠷᠲ ᠢ ᠰᠤᠩᠭᠤᠬᠤ ᠮᠡᠷᠭᠡᠵᠢᠯ ᠤᠨ ᠤᠨᠤᠯ ᠭᠢᠭᠡᠳ ᠭᠤᠤᠯᠳᠠᠯᠭ᠎ᠠ ᠨᠢ ᠶᠠᠭᠤ ᠪᠤᠢ︖
ᠦᠵᠦᠮ ᠤᠨ ᠰᠤᠷᠲ ᠢ ᠰᠤᠩᠭᠤᠬᠤ ᠳᠤ ᠤᠢ ᠮᠤᠳᠤᠨ ᠤ ᠰᠤᠷᠲ ᠪᠤᠶᠢᠵᠢᠭᠤᠯᠬᠤ ᠤᠬᠠᠭᠠᠨ᠂ ᠤᠷᠭᠤᠮᠠᠯ ᠤᠨ ᠮᠠᠬᠠᠪᠤᠳ᠂ ᠠᠮᠢ ᠠᠬᠤᠢ ᠶᠢᠨ ᠤᠬᠠᠭᠠᠨ ᠪᠤᠯᠤᠨ ᠭᠦᠷᠦᠰᠤ ᠰᠢᠷᠤᠢ ᠶᠢᠨ ᠤᠬᠠᠭᠠᠨ ᠤ ᠦᠨᠳᠦᠰᠦᠯᠡᠯ ᠢ ᠦᠨᠳᠦᠰᠦᠯᠡᠨ᠂ ᠠᠳᠠᠯᠢ ᠪᠤᠰᠦ ᠶᠢᠨ ᠤᠷᠤᠨ ᠳᠤ ᠳᠠᠷᠢᠬᠤ ᠳᠤ ᠲᠤᠭᠢᠷᠠᠬᠤ ᠵᠢᠮᠢᠰ ᠤᠨ ᠮᠤᠳᠤᠨ ᠤ ᠠᠵᠤ ᠠᠬᠤᠢ ᠶᠢᠨ ᠤᠢ ᠶᠢᠨ ᠰᠤᠷᠲ ᠢ ᠤᠷᠤᠭᠤᠯᠬᠤ ᠶᠢᠨ ᠬᠠᠮᠳᠤ ᠰᠤᠷᠲ ᠢ ᠬᠠᠷᠢᠴᠠᠭᠤᠯᠬᠤ ᠲᠤᠷᠰᠢᠯᠳᠠ ᠭᠢᠭᠦ ᠪᠠᠷ ᠲᠠᠮᠵᠢᠭᠤᠯᠤᠨ ᠲᠤᠭᠢᠷᠠᠯᠴᠠᠬᠤ ᠴᠢᠨᠠᠷ ᠢᠶᠠᠷ ᠴᠢᠩᠭ᠎ᠠ᠂ ᠠᠵᠤ ᠠᠬᠤᠢ ᠶᠢᠨ ᠦᠨ᠎ᠠ ᠦᠷᠳᠡᠭ ᠢᠶᠠᠷ ᠦᠨᠳᠤᠷ ᠪᠦᠭᠦᠢ ᠰᠤᠷᠲ ᠢ ᠰᠢᠯᠢᠨ ᠰᠤᠩᠭᠤᠬᠤ ᠭᠡᠷᠡᠭᠳᠡᠢ᠃ ᠮᠡᠷᠭᠡᠵᠢᠯ ᠤᠨ ᠵᠠᠩᠭᠢᠯᠠᠭ᠎ᠠ ᠨᠢ ᠭᠡᠪᠡᠯ ᠰᠤᠷᠲ ᠤᠷᠤᠭᠤᠯᠵᠤ ᠢᠷᠡᠭᠦ᠂ ᠴᠢᠭᠢᠨ ᠤ ᠬᠤᠭᠤᠴᠠᠭᠠᠨ ᠳᠤᠨᠢ ᠠᠳᠠᠯᠢᠳᠬᠠᠨ ᠲᠤᠷᠰᠢᠯᠳᠠ ᠭᠢᠭᠦ᠂ ᠲᠤᠷᠰᠢᠵᠤ ᠲᠠᠷᠢᠬᠤ᠂ ᠶᠠᠷᠦᠩᠭᠡᠶᠢᠯᠡᠭᠰᠡᠨ ᠦᠷ᠎ᠡ ᠳ᠋ᠦᠩ ᠳᠤ ᠵᠠᠳᠠᠯᠤᠯᠳᠠ ᠭᠢᠭᠦ᠂ ᠦᠷᠭᠡᠳᠭᠡᠨ ᠦᠷᠡᠵᠢᠭᠦᠯᠭᠦ ᠪᠠ ᠲᠡᠯᠭᠡᠷᠡᠭᠦᠯᠭᠦ ᠵᠡᠷᠭᠡ ᠶᠢ ᠭᠤᠤᠯᠳᠠᠯᠭ᠎ᠠ ᠲᠠᠢ ᠠᠳᠬᠤᠬᠤ ᠭᠡᠷᠡᠭᠳᠡᠢ᠃
4. ᠦᠵᠦᠮ ᠲᠠᠷᠢᠬᠤ ᠳᠤ ᠤᠷᠴᠢᠨ ᠲᠤᠭᠤᠷᠢᠨ ᠤ ᠨᠦᠭᠦᠴᠡᠯ ᠳᠤ ᠶᠠᠮᠠᠷ ᠱᠠᠭᠠᠷᠳᠠᠯᠭ᠎ᠠ ᠲᠠᠢ ᠪᠤᠢ︖
ᠦᠵᠦᠮ ᠨᠢ ᠤᠷᠴᠢᠨ ᠲᠤᠭᠤᠷᠢᠨ ᠤ ᠨᠦᠭᠦᠴᠡᠯ ᠳᠤ ᠭᠤᠤᠯ ᠨᠢ ᠡᠶᠢᠮᠤ ᠭᠡᠳᠦᠨ ᠲᠠᠯ᠎ᠠ ᠶᠢᠨ ᠱᠠᠭᠠᠷᠳᠠᠯᠭ᠎ᠠ ᠲᠠᠢ ᠪᠠᠶᠢᠳᠠᠭ᠃
︵1︶ ᠲᠤᠯᠠᠭᠠᠨ ᠤ ᠨᠦᠭᠦᠴᠡᠯ᠄ ᠦᠵᠦᠮ ᠪᠤᠯ ᠲᠤᠯᠠᠭᠠᠨ ᠴᠢᠨᠠᠷᠳᠠᠢ ᠤᠷᠭᠤᠮᠠᠯ ᠮᠦᠨ᠂ ᠬᠠᠪᠤᠷ ᠤᠨ ᠡᠭᠢᠨ ᠤ ᠲᠤᠯᠠᠭᠠᠨ ᠤ ᠭᠡᠮᠵᠢᠶ᠎ᠠ 10℃ ᠪᠤᠯᠬᠤ ᠦᠶᠡᠰ ᠡᠭᠢᠯᠡᠨ ᠨᠠᠭᠢᠶᠠᠯᠠᠵᠤ᠂ ᠲᠤᠯᠠᠭᠠᠨ ᠤ ᠭᠡᠮᠵᠢᠶ᠎ᠠ ᠦᠨᠳᠤᠷᠵᠢᠭᠦ ᠲᠤᠳᠤᠮ ᠨᠠᠭᠢᠶᠠᠯᠠᠯᠳᠠ ᠨᠢ ᠲᠦᠷᠭᠡᠳᠳᠡᠭ᠃ ᠴᠡᠴᠡᠭ ᠲᠡᠯᠭᠡᠷᠡᠭᠦ ᠦᠶ᠎ᠠ ᠳᠤ 25℃~30℃ ᠪᠠᠶᠢᠪᠠᠯ ᠲᠤᠭᠢᠷᠠᠮᠵᠢᠳᠡᠢ᠃ ᠲᠤᠯᠠᠭᠠᠨ ᠤ ᠭᠡᠮᠵᠢᠶ᠎ᠠ ᠨᠢ ᠲᠤᠤᠷ᠎ᠠ᠂ ᠪᠤᠷᠤᠭᠠᠨ ᠬᠤᠷ᠎ᠠ ᠲᠠᠢ᠂ ᠭᠠᠩ ᠬᠠᠭᠰᠠᠷᠠᠭᠠᠨ ᠲᠠᠢ ᠪᠤᠯᠪᠠᠯ ᠲᠤᠭᠤᠰᠤ ᠭᠦᠷᠳᠡᠭᠦ᠂ ᠦᠷ᠎ᠡ ᠲᠤᠠᠠᠳᠠᠬᠤ ᠨᠢ ᠮᠠᠭᠤ ᠪᠠᠶᠢᠵᠤ᠂ ᠴᠡᠴᠡᠭ ᠵᠢᠮᠢᠰ ᠨᠢ ᠶᠡᠭᠡᠪᠡᠷ ᠤᠨᠠᠳᠠᠭ᠃ 7~9 ᠳ᠋ᠤᠭᠡᠷ ᠰᠠᠷ᠎ᠠ ᠳᠤ ᠰᠢᠭᠦᠰᠦᠯᠢᠭ ᠵᠢᠮᠢᠰ ᠨᠢ ᠪᠤᠯᠪᠠᠰᠤᠷᠠᠬᠤ ᠦᠶ᠎ᠠ ᠳᠤ ᠭᠡᠷᠪᠡ ᠲᠤᠯᠠᠭᠠᠨ ᠤ ᠭᠡᠮᠵᠢᠶ᠎ᠠ ᠨᠢ ᠭᠦᠷᠦᠯᠴᠡᠭᠦ ᠦᠭᠡᠢ ᠪᠤᠯ ᠰᠢᠭᠦᠰᠦᠯᠢᠭ ᠵᠢᠮᠢᠰ ᠨᠢ ᠦᠡᠭᠭᠡ ᠮᠠᠭᠤᠳᠠᠢ ᠪᠤᠯᠵᠤ᠂ ᠰᠢᠭᠢᠷ ᠤᠨ ᠠᠭᠤᠯᠤᠭᠳᠠᠴᠨ ᠨᠢ ᠪᠠᠭᠤᠷᠠᠵᠤ᠂ ᠴᠢᠨ᠋ᠬᠠᠰᠢᠯᠠᠪᠠᠯ ᠭᠦᠢᠴᠡᠳ ᠪᠤᠯᠪᠠᠰᠤᠷᠠᠳᠠᠭ ᠦᠭᠡᠢ ᠪᠠᠶᠢᠨ᠎ᠠ᠃
︵2︶ ᠭᠡᠷᠡᠯ ᠤᠨ ᠨᠦᠭᠦᠴᠡᠯ᠄ ᠦᠵᠦᠮ ᠪᠤᠯ ᠪᠠᠰᠠ ᠴᠤ ᠬᠡᠷᠡᠯᠰᠡᠭ ᠪᠠᠶᠢᠳᠠᠭ ᠲᠤᠯᠠ ᠭᠡᠷᠡᠯ ᠤᠨ ᠲᠤᠰᠤᠯᠳᠠ ᠭᠦᠷᠦᠯᠴᠡᠭᠦ ᠦᠭᠡᠢ ᠨᠦᠭᠦᠴᠡᠯ ᠲᠤᠤᠷ᠎ᠡ ᠨᠠᠪᠴᠢᠨ ᠭᠡᠯᠳᠡᠰ ᠨᠢ ᠵᠤᠵᠠᠭᠠᠨ ᠪᠦᠭᠡᠳ ᠭᠦᠨ ᠨᠤᠭᠤᠭᠠᠨ ᠪᠤᠯᠵᠤ᠂ ᠬᠠᠷᠢᠨ ᠭᠡᠷᠡᠯ ᠤᠨ ᠨᠡᠶᠢᠯᠡᠯᠭᠡ ᠶᠢᠨ ᠦᠢᠯᠡᠳᠦᠯ ᠨᠢ ᠴᠢᠩᠭ᠎ᠠ ᠪᠤᠯ ᠢᠳᠡᠷᠡᠭᠦᠨ ᠤᠷᠭᠤᠵᠤ᠂ ᠴᠡᠴᠡᠭ ᠤᠨ ᠨᠠᠭᠢᠶ᠎ᠠ ᠨᠢ ᠤᠯᠠᠰᠢᠷᠠᠵᠤ᠂ ᠰᠢᠭᠦᠰᠦᠯᠢᠭ ᠵᠢᠮᠢᠰ ᠤᠨ ᠠᠭᠤᠯᠤᠠᠠᠳᠠᠴᠠ ᠨᠢ ᠦᠨᠳᠦᠷᠵᠢᠭᠦ ᠪᠦᠭᠡᠳ ᠠᠮᠳᠠᠳᠠᠢ᠂ ᠤᠨᠠᠯᠳᠠ ᠨᠢ ᠴᠤ ᠦᠨᠳᠤᠷ ᠪᠤᠯᠳᠠᠭ᠃
︵ 3︶ ᠴᠢᠭᠢᠭ ᠤᠨ ᠨᠦᠭᠦᠴᠡᠯ᠄ ᠦᠵᠦᠮ ᠲᠠᠷᠢᠬᠤ ᠳᠤ ᠭᠡᠳᠦᠷᠭᠡᠢ ᠴᠢᠭᠢᠭ ᠲᠠᠢ ᠪᠠᠶᠢᠯᠭᠠᠵᠤ ᠪᠤᠯᠬᠤ ᠦᠭᠡᠢ᠃ ᠴᠡᠴᠡᠭ ᠲᠡᠯᠭᠡᠷᠡᠭᠦ ᠠᠴᠠ ᠨᠢ ᠡᠮᠦᠨ᠎ᠠ ᠪᠤᠷᠤᠭᠠᠨ ᠬᠤᠷ᠎ᠠ ᠡᠯᠪᠡᠭᠰᠢᠪᠡᠯ᠂ ᠰᠢᠨ᠎ᠠ ᠰᠠᠯᠠᠭ᠎ᠠ ᠭᠡᠳᠦᠷᠭᠡᠢ ᠲᠦᠷᠭᠡᠨ ᠤᠷᠭᠤᠵᠤ᠂ ᠰᠠᠭᠤᠷᠢ ᠡᠰᠢᠨ ᠤ ᠰᠢᠮ᠎ᠠ ᠲᠡᠵᠢᠭᠡᠯ ᠢ ᠬᠤᠷᠤᠠᠠᠳᠠᠭᠤᠯᠬᠤ ᠪᠤᠯᠤᠨ᠎ᠠ᠃ ᠴᠡᠴᠡᠭ ᠲᠡᠯᠭᠡᠷᠡᠭᠦ ᠦᠶ᠎ᠠ ᠳᠤᠨᠢ ᠪᠤᠷᠤᠭᠠᠨ ᠡᠯᠪᠡᠭᠰᠢᠪᠡᠯ ᠲᠤᠭᠤᠰᠤ ᠭᠦᠷᠳᠡᠭᠦ ᠨᠢ ᠮᠠᠭᠤ ᠪᠠᠶᠢᠵᠤ᠂ ᠴᠡᠴᠡᠭ ᠨᠢ ᠤᠨᠠᠳᠠᠭ᠃ ᠵᠢᠮᠢᠰ ᠨᠢ ᠲᠠᠷᠭᠤᠯᠠᠬᠤ ᠪᠠ ᠪᠤᠯᠪᠠᠰᠤᠷᠠᠬᠤ ᠦᠶ᠎ᠠ ᠳᠤᠨᠢ ᠪᠤᠷᠤᠭᠠᠨ ᠡᠯᠪᠡᠭ ᠪᠤᠯ ᠭᠡᠷᠡᠯ ᠭᠦᠷᠦᠯᠴᠡᠭᠦ ᠦᠭᠡᠢ᠂ ᠰᠢᠭᠢᠷ ᠤᠨ ᠭᠡᠮᠵᠢᠶ᠎ᠠ ᠨᠢ ᠪᠠᠭᠤᠷᠠᠵᠤ᠂ ᠶᠠᠰᠤ ᠴᠢᠨᠠᠷ ᠨᠢ ᠮᠠᠭᠤᠳᠠᠵᠤ᠂ ᠵᠢᠮᠢᠰ ᠨᠢ ᠭᠢᠯᠪᠠᠷᠬᠠᠨ ᠬᠠᠭᠠᠷᠠᠳᠠᠭ᠃ ᠡᠭᠦᠨ ᠤ ᠬᠠᠮᠳᠤ ᠭᠡᠳᠦᠷᠭᠡᠢ ᠨᠦᠢᠳᠡᠨ ᠪᠤᠯ ᠪᠠᠰᠠ ᠦᠵᠦᠮ ᠤᠨ ᠭᠡᠮ ᠬᠤᠷᠤᠬᠠᠢ ᠶᠢᠨ ᠭᠦᠨᠦᠭᠡᠯ ᠤᠯᠠᠨ ᠡᠭᠦᠰᠳᠡᠭ᠃
5. ᠤᠳᠤᠬᠠᠨ ᠳᠤ ᠮᠠᠨ ᠤ ᠤᠯᠤᠰ ᠤᠨ ᠤᠮᠠᠷᠠᠳᠤ ᠤᠷᠤᠨ ᠳᠤ ᠲᠠᠷᠢᠬᠤ ᠳᠤ ᠲᠤᠭᠢᠷᠠᠬᠤ ᠶᠠᠮᠠᠷ ᠭᠡᠳᠦᠨ ᠰᠢᠯᠢᠳᠡᠭ ᠰᠤᠷᠲ ᠪᠠᠶᠢᠬᠤ ᠪᠤᠢ︖
ᠤᠳᠤᠬᠠᠨ ᠳᠤ ᠭᠤᠤᠯ ᠨᠢ ᠮᠸᠢ ᠭᠦᠢ ︵玫瑰︶ ᠦᠵᠦᠮ᠂ ᠵᠢᠤᠢ ᠹᠧᠩ ︵巨峰︶ ᠦᠵᠦᠮ᠂ ᠵᠢᠩ ᠶᠠ ︵京亚︶ ᠦᠵᠦᠮ᠂ ᠪᠠᠢ ᠰᠢᠶᠠᠩ ᠵᠢᠶᠤᠤ ︵白香蕉︶᠂ ᠡᠾᠸᠢ ᠤᠤ ᠯᠢᠨ ︵黑奥林︶ ᠵᠡᠷᠭᠡ ᠰᠤᠷᠲ ᠪᠠᠶᠢᠨ᠎ᠠ᠃
6. ᠦᠵᠦᠮ ᠲᠠᠷᠢᠬᠤ ᠶᠠᠪᠤᠴᠠ ᠳᠤ ᠪᠤᠷᠳᠤᠭᠤᠷ ᠭᠡᠷᠡᠭᠯᠡᠭᠦ ᠲᠠᠯ᠎ᠠ ᠪᠠᠷ ᠶᠠᠮᠠᠷ ᠭᠡᠳᠦᠨ ᠵᠠᠩᠭᠢᠯᠠᠭ᠎ᠠ ᠶᠢᠨ ᠮᠡᠷᠭᠡᠵᠢᠯ ᠢ ᠡᠵᠡᠮᠰᠢᠭᠦ ᠭᠡᠷᠡᠭ ᠲᠠᠢ ᠪᠤᠢ︖
ᠭᠤᠤᠯ ᠨᠢ ᠲᠤᠤᠷᠠᠭᠢ ᠭᠡᠳᠦᠨ ᠮᠡᠷᠭᠡᠵᠢᠯ ᠤᠨ ᠵᠠᠩᠭᠢᠯᠠᠭ᠎ᠠ ᠶᠢ ᠡᠵᠡᠮᠰᠢᠭᠦ ᠭᠡᠷᠡᠭᠳᠡᠢ᠃ ᠲᠤᠬᠠᠶᠢᠯᠠᠪᠠᠯ ᠪᠤᠷᠳᠤᠭᠤᠷ ᠤᠨ ᠲᠦᠷᠦᠯ ᠵᠦᠢᠯ᠂ ᠪᠤᠷᠳᠤᠭᠤᠷ ᠤᠷᠤᠭᠤᠯᠬᠤ ᠭᠡᠮᠵᠢᠶ᠎ᠠ ᠪᠠ ᠴᠠᠭ ᠬᠤᠭᠤᠴᠠᠭ᠎ᠠ ᠶᠢ ᠰᠤᠩᠭᠤᠨ ᠲᠤᠠᠠᠳᠠᠭᠠᠨ᠎ᠠ᠃ ᠦᠵᠦᠮ ᠨᠢ ᠠᠳᠠᠯᠢ ᠪᠤᠰᠤ ᠤᠷᠭᠤᠯᠳᠠ ᠶᠢᠨ ᠱᠠᠳᠤᠨ ᠳᠠᠭᠠᠨ ᠡᠯ᠎ᠡ ᠵᠦᠢᠯ ᠤᠨ ᠪᠤᠷᠳᠤᠭᠤᠷ ᠤᠨ ᠡᠯᠧᠮᠧᠨ᠋ᠲ ᠢ ᠭᠡᠷᠡᠭᠰᠡᠭᠦ ᠭᠡᠮᠵᠢᠶ᠎ᠠ ᠪᠤᠯᠤᠨ ᠦᠢᠯᠡᠳᠦᠯ ᠨᠢ ᠨᠡᠯᠢᠶᠡᠳ ᠶᠡᠭᠡ ᠵᠦᠷᠢᠶ᠎ᠠ ᠲᠠᠢ ᠪᠠᠶᠢᠳᠠᠭ᠃ ᠦᠵᠦᠮ ᠤᠨ ᠠᠳᠠᠯᠢ ᠪᠤᠰᠤ ᠤᠷᠭᠤᠯᠳᠠ ᠶᠢᠨ ᠱᠠᠳᠤ ᠪᠤᠯᠤᠨ ᠤᠯᠠᠷᠢᠯ ᠢ ᠦᠨᠳᠤᠰᠦᠯᠡᠨ᠂ ᠬᠠᠨᠳᠤᠯᠭ᠎ᠠ ᠲᠠᠢ ᠪᠠ ᠲᠤᠠᠠᠳᠠᠮᠠᠯ ᠭᠡᠮᠵᠢᠶ᠎ᠠ ᠪᠠᠷ ᠪᠤᠷᠳᠤᠭᠤᠷ ᠤᠷᠤᠭᠤᠯᠬᠤ ᠨᠢ ᠪᠤᠷᠳᠤᠭᠤᠷ ᠤᠨ ᠠᠰᠢᠠᠠᠯᠠᠯᠳᠠ ᠶᠢᠨ ᠨᠤᠷᠮ᠎ᠠ ᠶᠢ ᠲᠡᠭᠡᠭᠰᠢᠯᠡᠭᠦᠯᠭᠦ᠂ ᠭᠦᠷᠦᠰᠤ ᠰᠢᠷᠤᠢ ᠪᠠ ᠤᠷᠭᠤᠮᠠᠯ ᠤᠨ ᠲᠤᠰ ᠪᠠᠶ᠎ᠠ ᠶᠢᠨ ᠰᠢᠮ᠎ᠠ ᠲᠡᠵᠢᠭᠡᠯ ᠤᠨ ᠬᠠᠨᠭ᠍ᠭᠠᠯᠭ᠎ᠠ ᠭᠡᠷᠡᠭᠴᠡᠭᠡ ᠶᠢ ᠲᠡᠩᠴᠡᠭᠦᠷᠢᠳᠡᠢ ᠪᠠᠶᠢᠯᠭᠠᠬᠤ ᠶᠢᠨ ᠪᠦᠳᠦᠮᠵᠢᠳᠡᠢ ᠠᠷᠭ᠎ᠠ ᠵᠠᠮ ᠮᠦᠨ᠃ ᠡᠶᠢᠮᠤ ᠠᠴᠠ ᠦᠵᠦᠮ ᠤᠨ ᠮᠠᠬᠠᠪᠤᠳ ᠤᠨ ᠤᠷᠭᠤᠯᠳᠠ ᠪᠤᠯᠤᠨ ᠦᠷᠡᠵᠢᠯ ᠤᠨ ᠦᠰᠦᠯᠳᠡ ᠶᠢᠨ ᠠᠳᠠᠯᠢ ᠪᠤᠰᠤ ᠱᠠᠳᠤᠨ ᠤ ᠶᠡᠭᠡ ᠭᠡᠮᠵᠢᠶᠠᠨ ᠤ ᠲᠠᠵᠢᠭᠡᠯᠳᠤ ᠡᠯᠧᠮᠧᠨ᠋ᠲ ᠪᠤᠯᠤᠨ ᠪᠢᠴᠢᠯ ᠡᠯᠧᠮᠧᠨ᠋ᠲ ᠤᠨ ᠭᠡᠷᠡᠭᠴᠡᠭᠡ ᠶᠢᠨ ᠭᠡᠮᠵᠢᠶ᠎ᠠ ᠶᠢ ᠦᠨᠳᠤᠰᠦᠯᠡᠨ ᠪᠤᠷᠳᠤᠭᠤᠷ ᠰᠤᠩᠭᠤᠵᠤ᠂ ᠪᠤᠷᠳᠤᠭᠤᠷ ᠨᠠᠶᠢᠷᠠᠭᠤᠯᠬᠤ ᠶᠢᠨ ᠲᠠᠭᠠᠤ ᠪᠤᠷᠳᠤᠭᠤᠷ ᠤᠷᠤᠭᠤᠯᠬᠤ ᠤᠨᠤᠪᠴᠢᠳᠡᠢ ᠭᠡᠮᠵᠢᠶ᠎ᠠ ᠶᠢ ᠲᠤᠠᠠᠳᠠᠭᠠᠬᠤ ᠨᠢ ᠦᠵᠦᠮ ᠤᠨ ᠭᠠᠷᠤᠯᠳᠠ ᠶᠢ ᠨᠡᠮᠡᠭᠳᠡᠭᠦᠯᠵᠤ᠂ ᠵᠢᠮᠢᠰ ᠤᠨ ᠶᠠᠰᠤ ᠴᠢᠨᠠᠷ ᠢ ᠰᠠᠶᠢᠵᠢᠷᠠᠭᠤᠯᠵᠤ᠂ ᠦᠢᠯᠡᠳᠪᠤᠷᠢᠯᠡᠯ ᠤᠨ ᠦᠪᠡᠷ ᠤᠨ ᠦᠷᠳᠡᠭ ᠢ ᠪᠠᠭᠤᠷᠠᠭᠤᠯᠵᠤ᠂ ᠦᠷ᠎ᠡ ᠠᠰᠢᠭ ᠢ ᠨᠡᠮᠡᠭᠳᠡᠭᠦᠯᠭᠦ ᠶᠢᠨ ᠬᠠᠮᠤᠭ ᠤᠨ ᠰᠠᠶᠢᠨ ᠠᠷᠭ᠎ᠠ ᠪᠤᠯᠤᠨ᠎ᠠ᠃
7. ᠪᠠᠶᠢᠡᠭᠭᠤ ᠭᠡᠷᠡᠭᠯᠡᠳᠡᠭ ᠪᠤᠷᠳᠤᠭᠤᠷ ᠨᠢ ᠶᠠᠮᠠᠷ ᠭᠡᠳᠦᠨ ᠲᠦᠷᠦᠯ ᠪᠠᠶᠢᠬᠤ ᠪᠤᠢ︖
ᠦᠵᠦᠮ ᠳᠤ ᠪᠠᠶᠢᠡᠭᠭᠤ ᠭᠡᠷᠡᠭᠯᠡᠳᠡᠭ ᠪᠤᠷᠳᠤᠭᠤᠷ ᠭᠡᠪᠡᠯ ᠭᠤᠤᠯ ᠨᠢ ᠤᠷᠭᠠᠨᠢᠭ ᠪᠤᠰᠤ ᠪᠠ ᠤᠷᠭᠠᠨᠢᠭ ᠪᠤᠷᠳᠤᠭᠤᠷ ᠤᠨ ᠬᠤᠶᠠᠷ ᠵᠦᠢᠯ ᠪᠠᠶᠢᠨ᠎ᠠ᠃ ᠤᠷᠭᠠᠨᠢᠭ ᠪᠤᠰᠤ ᠪᠤᠷᠳᠤᠭᠤᠷ ᠪᠤᠯ ᠭᠤᠤᠯ ᠨᠢ ᠨᠡᠭᠦᠷᠡᠰᠤ ᠭᠦᠴᠢᠯ ᠤᠨ ᠤᠰᠤᠳᠦ᠋ᠷᠦᠭᠴᠢᠳᠦ ᠠᠮᠮᠤᠨᠢ᠂ ᠠᠽᠤᠲ ᠭᠦᠴᠢᠯ ᠤᠨ ᠠᠮᠮᠤᠨᠢ᠂ ᠰᠢᠭᠡᠰᠦᠯᠢᠭ ᠡᠳ᠋᠂ ᠭᠦᠭᠦᠷ ᠭᠦᠴᠢᠯ ᠤᠨ ᠠᠮᠮᠤᠨᠢ᠂ ᠭᠡᠳᠤ ᠹᠤᠰᠹᠤᠷ ᠭᠦᠴᠢᠯ ᠤᠨ ᠺᠠᠯᠼ᠂ ᠭᠦᠭᠦᠷ ᠭᠦᠴᠢᠯ ᠤᠨ ᠺᠠᠯᠢ᠂ ᠹᠤᠰᠹᠤᠷ ᠭᠦᠴᠢᠯ ᠤᠨ ᠬᠤᠶᠠᠷᠴᠢ ᠠᠮᠮᠤᠨᠢ ᠪᠤᠯᠤᠨ ᠹᠤᠰᠹᠤᠷ ᠭᠦᠴᠢᠯ ᠤᠨ ᠬᠤᠶᠠᠷᠴᠢ ᠤᠰᠤᠳᠦ᠋ᠷᠦᠭᠴᠢᠳᠦ ᠺᠠᠯᠢ ᠵᠡᠷᠭᠡ ᠪᠠᠶᠢᠨ᠎ᠠ᠃ ᠤᠷᠭᠠᠨᠢᠭ ᠪᠤᠷᠳᠤᠭᠤᠷ ᠪᠤᠯ ᠭᠤᠤᠯ ᠨᠢ ᠢᠯᠵᠡᠷᠡᠭᠤᠯᠤᠭᠰᠠᠨ ᠭᠦᠮᠦᠨ ᠤ ᠪᠠᠭᠠᠰᠤ ᠰᠢᠭᠡᠰᠤ᠂ ᠬᠠᠰᠢᠶᠠᠨ ᠪᠤᠷᠳᠤᠭᠤᠷ ᠪᠠ ᠨᠤᠭᠤᠭᠠᠨ ᠪᠤᠷᠳᠤᠭᠤᠷ ᠵᠡᠷᠭᠡ ᠪᠠᠶᠢᠨ᠎ᠠ᠃
8. ᠭᠡᠷᠭᠢᠨ ᠬᠠᠨᠳᠤᠯᠭ᠎ᠠ ᠲᠠᠢ ᠪᠠ ᠲᠤᠠᠠᠳ᠋ᠬᠠᠰᠠᠨ ᠭᠡᠮᠵᠢᠶ᠎ᠠ ᠲᠠᠢ ᠪᠠᠷ ᠪᠤᠷᠳᠤᠭᠤᠷ ᠤᠷᠤᠭᠤᠯᠬᠤ ᠪᠤᠢ︖
ᠦᠵᠦᠮ ᠳᠤ ᠪᠤᠷᠳᠤᠭᠤᠷ ᠤᠷᠤᠭᠤᠯᠬᠤ ᠳᠤ ᠤᠷᠭᠠᠨᠢᠭ ᠪᠤᠷᠳᠤᠭᠤᠷ ᠢᠶᠠᠷ ᠭᠤᠤᠯ ᠪᠤᠯᠭᠠᠵᠤ᠂ ᠤᠷᠭᠠᠨᠢᠭ ᠪᠤᠰᠤ ᠪᠤᠷᠳᠤᠭᠤᠷ ᠢᠶᠠᠷ ᠲᠤᠰᠠᠯᠠᠮᠵᠢ ᠪᠤᠯᠭᠠᠬᠤ ᠶᠢ ᠪᠠᠷᠢᠮᠳᠠᠯᠠᠵᠤ᠂ ᠢᠯᠭᠠᠭ᠎ᠠ ᠲᠠᠢ ᠬᠠᠨᠳᠤᠬᠤ ᠵᠠᠷᠴᠢᠮ ᠢᠶᠠᠷ ᠠᠳᠠᠯᠢ ᠪᠤᠰᠤ ᠪᠤᠷᠳᠤᠭᠤᠷ ᠢ ᠤᠷᠤᠭᠤᠯᠬᠤ ᠭᠡᠷᠡᠭᠳᠡᠢ᠃ ᠤᠳᠠᠭᠠᠨ ᠵᠢᠯ ᠤᠨ ᠵᠢᠮᠢᠰ ᠤᠨ ᠮᠤᠳᠤᠨ ᠳᠤ ᠪᠤᠷᠳᠤᠭᠤᠷ ᠠᠷᠪᠢᠨ ᠤᠷᠤᠭᠤᠯᠵᠤ᠂ ᠰᠢᠨᠡᠭᠡᠨ ᠮᠤᠳᠤᠨ ᠳᠤ ᠪᠤᠷᠳᠤᠭᠤᠷ ᠪᠠᠭ᠎ᠠ ᠤᠷᠤᠭᠤᠯᠤᠨ᠎ᠠ᠃ ᠵᠢᠮᠢᠰ ᠤᠯᠠᠨ ᠮᠤᠳᠤᠨ ᠳᠤ ᠢᠯᠡᠭᠦᠤ ᠪᠤᠷᠳᠤᠭᠤᠷ ᠤᠷᠤᠭᠤᠯᠵᠤ᠂ ᠵᠢᠮᠢᠰ ᠪᠠᠭ᠎ᠠ ᠲᠠᠢ ᠮᠤᠳᠤᠨ ᠳᠤ ᠪᠤᠷᠳᠤᠭᠤᠷ ᠪᠠᠭ᠎ᠠ ᠤᠷᠤᠭᠤᠯᠬᠤ ᠪᠠ ᠭᠦᠷᠤᠰᠤ ᠰᠢᠷᠤᠢ ᠶᠢᠨ ᠦᠩ ᠰᠢᠮ᠎ᠠ ᠪᠠ ᠦᠵᠦᠮ ᠤᠨ ᠮᠠᠬᠠᠪᠤᠳ ᠤᠨ ᠤᠷᠭᠤᠯᠳᠠ᠂ ᠦᠷᠡᠵᠢᠯ ᠤᠨ ᠦᠰᠦᠯᠳᠡ ᠶᠢᠨ ᠠᠳᠠᠯᠢ ᠪᠤᠰᠤ ᠱᠠᠳᠤᠨ ᠤ ᠶᠡᠭᠡ ᠭᠡᠮᠵᠢᠶᠠᠨ ᠤ ᠡᠯᠧᠮᠧᠨ᠋ᠲ ᠪᠤᠯᠤᠨ ᠪᠢᠴᠢᠯ ᠡᠯᠧᠮᠧᠨ᠋ᠲ ᠤᠨ ᠭᠡᠷᠡᠭᠴᠡᠭᠡ ᠶᠢ ᠦᠨᠳᠦᠰᠦᠯᠡᠨ ᠰᠢᠨᠵᠢᠯᠡᠭᠦ ᠤᠬᠠᠭᠠᠠᠴᠢ ᠪᠠᠷ ᠵᠤᠭᠢᠰᠳᠡᠢ ᠪᠠᠷ ᠪᠤᠷᠳᠤᠭᠤᠷ ᠤᠷᠤᠭᠤᠯᠤᠨ᠎ᠠ᠃ ᠪᠤᠷᠳᠤᠭᠤᠷ ᠤᠷᠤᠭᠤᠯᠬᠤ ᠭᠡᠮᠵᠢᠶ᠎ᠠ ᠭᠡᠪᠡᠯ ᠶᠠᠷᠦᠩᠭᠡᠢ ᠳᠡᠭᠡᠨ 1kg ᠵᠢᠮᠢᠰ ᠪᠦᠷᠢ ᠤᠷᠭᠠᠨᠢᠭ ᠪᠤᠷᠳᠤᠭᠤᠷ 1.8~2.4kg᠂ ᠮᠤ᠋ ᠪᠦᠷᠢ ᠶᠢᠨ ᠤᠨᠠᠯᠳᠠ ᠨᠢ 1500~2000kg ᠤᠨ ᠭᠠᠵᠠᠷ ᠲᠤ ᠵᠢᠯ ᠪᠦᠷᠢ ᠴᠢᠨᠠᠷᠯᠢᠭ ᠰᠢᠭᠡᠭ ᠪᠤᠷᠳᠤᠭᠤᠷ 4000~6000kg ᠤᠷᠤᠭᠤᠯᠤᠨ᠎ᠠ᠃
9. ᠪᠤᠷᠳᠤᠭᠤᠷ ᠢ ᠶᠠᠮᠠᠷ ᠠᠷᠭ᠎ᠠ ᠪᠠᠷ ᠤᠷᠤᠭᠤᠯᠬᠤ ᠪᠤᠢ︖
ᠰᠠᠭᠤᠷᠢ ᠪᠤᠷᠳᠤᠭᠤᠷ ᠤᠷᠤᠭᠤᠯᠬᠤ᠂ ᠨᠠᠮᠤᠷ 9 ᠳ᠋ᠤᠭᠡᠷ ᠰᠠᠷ᠎ᠠ ᠳᠤ ᠤᠷᠤᠭᠤᠯᠬᠤ ᠪᠠ ᠭᠡᠳᠦᠢ ᠡᠷᠳᠡ ᠪᠤᠯ ᠲᠡᠳᠦᠢ ᠰᠠᠶᠢᠨ ᠪᠠᠶᠢᠳᠠᠭ᠃ ᠤᠴᠢᠷ ᠨᠢ ᠰᠠᠭᠤᠷᠢ ᠪᠤᠷᠳᠤᠭᠤᠷ ᠡᠷᠳᠡ ᠤᠷᠤᠭᠤᠯᠪᠠᠯ ᠭᠠᠵᠠᠷ ᠤᠨ ᠲᠤᠯᠠᠭᠠᠨ ᠦᠨᠳᠤᠷ᠂ ᠤᠷᠭᠠᠨᠢᠭ ᠪᠤᠳᠠᠰ ᠤᠨ ᠵᠠᠳᠠᠷᠠᠬᠤ ᠨᠢ ᠲᠦᠷᠭᠡᠨ ᠪᠠᠶᠢᠵᠤ᠂ ᠦᠨᠳᠤᠰᠤᠨ ᠰᠢᠰᠲ᠋ᠧᠮ ᠨᠢ ᠰᠢᠩᠭᠡᠭᠡᠨ ᠠᠪᠬᠤ ᠳᠤ ᠲᠦᠭᠦᠮ᠂ ᠮᠤᠳᠤᠨ ᠤ ᠴᠤᠠᠠᠴᠠ ᠳᠤ ᠰᠢᠮ᠎ᠠ ᠲᠡᠵᠢᠭᠡᠯ ᠬᠤᠷᠠᠮᠳᠤᠬᠤ ᠳᠤ ᠠᠰᠢᠠᠠᠳᠠᠢ ᠪᠠᠶᠢᠵᠤ᠂ ᠰᠠᠯᠠᠭ᠎ᠠ ᠨᠠᠮᠠᠭ᠎ᠠ ᠶᠢᠨ ᠪᠤᠯᠪᠠᠰᠤᠷᠠᠯᠳᠠ ᠪᠤᠯᠤᠨ ᠴᠡᠴᠡᠭ ᠨᠠᠭᠢᠶ᠎ᠠ ᠨᠢ ᠴᠡᠳᠬᠤᠯᠠᠩ ᠪᠠᠶᠢᠬᠤ ᠶᠢ ᠠᠭᠢᠭᠤᠯᠵᠤ᠂ ᠪᠤᠷᠳᠤᠭᠤᠷ ᠤᠷᠤᠭᠤᠯᠬᠤ ᠶᠠᠪᠤᠴᠠ ᠳᠤ ᠲᠠᠰᠤᠯᠤᠠᠠᠳ᠋ᠬᠠᠰᠠᠨ ᠦᠨᠳᠤᠰᠤᠨ ᠰᠢᠰᠲ᠋ᠧᠮ ᠭᠢᠯᠪᠠᠷᠬᠠᠨ ᠡᠳᠡᠭᠡᠷᠡᠭᠦ ᠪᠠ ᠰᠢᠨ᠎ᠠ ᠪᠠᠷ ᠦᠨᠳᠦᠰᠦᠯᠡᠳᠡᠭ ᠪᠠᠶᠢᠨ᠎ᠠ᠃ ᠶᠠᠷᠦᠩᠭᠡᠢ ᠳᠡᠭᠡᠨ ᠮᠤ᠋ ᠪᠦᠷᠢ 3000~5000kg ᠤᠷᠭᠠᠨᠢᠭ ᠪᠤᠷᠳᠤᠭᠤᠷ ᠤᠷᠤᠭᠤᠯᠬᠤ ᠪᠠ ᠮᠤ᠋ ᠪᠦᠷᠢ ᠪᠠᠰᠠ 150kg ᠭᠡᠳᠤ ᠹᠤᠰᠹᠤᠷ ᠭᠦᠴᠢᠯ ᠤᠨ ᠺᠠᠯᠼ ᠨᠡᠮᠡᠵᠤ ᠤᠷᠤᠭᠤᠯᠤᠨ᠎ᠠ᠃ ᠪᠤᠳᠠᠳᠠᠢ ᠠᠷᠭ᠎ᠠ ᠭᠡᠪᠡᠯ ᠨᠢᠯᠬ᠎ᠠ ᠮᠤᠳᠤᠨ ᠳᠤ ᠪᠤᠯ ᠰᠠᠭᠤᠷᠢᠰᠢᠭᠤᠯᠤᠨ ᠲᠠᠷᠢᠠᠠᠰᠠᠨ ᠭᠤᠤ ᠶᠢᠨ ᠬᠤᠶᠠᠷ ᠭᠦᠪᠡᠭᠡ ᠪᠠᠷ ᠭᠤᠤ ᠮᠠᠯᠳᠠᠬᠤ ᠪᠠ ᠰᠠᠭᠤᠷᠢ ᠶᠢᠨ ᠬᠤᠭᠤᠷᠤᠠᠳᠤ ᠨᠢ ᠨᠦᠭᠡ ᠮᠠᠯᠳᠠᠵᠤ ᠤᠷᠤᠭᠤᠯᠤᠨ᠎ᠠ᠃ ᠲᠤᠮᠤ ᠮᠤᠳᠤ ᠪᠤᠯ ᠵᠢᠯ ᠠᠯᠤᠰᠯᠠᠨ ᠮᠦᠷ ᠠᠯᠤᠰᠯᠠᠨ ᠡᠭᠡᠯᠵᠢᠯᠡᠨ ᠭᠤᠤ ᠮᠠᠯᠳᠠᠵᠤ ᠤᠷᠤᠭᠤᠯᠤᠨ᠎ᠠ᠃ ᠲᠤᠬᠠᠶᠢᠯᠠᠪᠠᠯ ᠰᠢᠪᠡᠭᠡ ᠵᠢᠶᠠᠰᠠ ᠠᠴᠠ 40~50cm ᠵᠠᠶᠢᠳᠠᠢ᠂ ᠰᠠᠷᠠᠪᠴᠢᠨ ᠵᠢᠶᠠᠰᠠ ᠠᠴᠠ 60~80cm ᠵᠠᠶᠢᠳᠠᠢ᠂ 30cm ᠦᠷᠭᠡᠨ᠂ 60cm ᠭᠦᠨ ᠭᠤᠤ ᠮᠠᠯᠳᠠᠵᠤ᠂ ᠪᠤᠷᠳᠤᠭᠤᠷ ᠢᠶᠠᠨ ᠰᠢᠷᠤᠢ ᠲᠠᠢ ᠰᠠᠶᠢᠳᠤᠷ ᠬᠤᠯᠢᠵᠤ᠂ ᠭᠤᠤ ᠳᠠᠭᠠᠨ ᠤᠷᠤᠭᠤᠯᠤᠨ᠂ ᠰᠢᠷᠤᠢ ᠪᠠᠷ ᠲᠠᠷᠤᠵᠤ ᠲᠠᠷᠦ᠋ᠢᠬᠠᠨ ᠤᠰᠤᠯᠠᠨ᠎ᠠ᠃
ᠪᠤᠷᠳᠤᠭᠤᠷ ᠨᠦᠭᠦᠵᠤ ᠤᠷᠤᠭᠤᠯᠬᠤ᠂ ᠦᠵᠦᠮ ᠤᠨ ᠤᠷᠭᠤᠯᠳᠠ ᠶᠢᠨ ᠬᠤᠭᠤᠴᠠᠭᠠᠨ ᠳᠤᠨᠢ ᠦᠵᠦᠮ ᠤᠨ ᠤᠷᠭᠤᠯᠳᠠ ᠶᠢᠨ ᠪᠠᠶᠢᠳᠠᠯ ᠪᠤᠯᠤᠨ ᠭᠦᠷᠤᠰᠦᠨ ᠤ ᠪᠤᠷᠳᠤᠭᠤᠷ ᠤᠨ ᠬᠠᠨᠭ᠍ᠭᠠᠯᠭ᠎ᠠ ᠶᠢᠨ ᠴᠢᠳᠠᠯ ᠢ ᠦᠨᠳᠦᠰᠦᠯᠡᠨ᠂ ᠲᠤᠭᠢᠳᠡᠢ ᠴᠠᠭ ᠲᠤᠨᠢ ᠵᠤᠭᠢᠰᠳᠡᠢ ᠭᠡᠮᠵᠢᠶ᠎ᠠ ᠪᠠᠷ ᠪᠤᠷᠳᠤᠭᠤᠷ ᠨᠦᠭᠦᠨ ᠤᠷᠤᠭᠤᠯᠤᠨ᠎ᠠ᠃ ᠪᠤᠷᠳᠤᠭᠤᠷ ᠨᠦᠭᠦᠭᠦ ᠳᠤ ᠦᠨᠳᠤᠰᠤᠨ ᠭᠡᠰᠡᠭ ᠲᠤᠨᠢ ᠤᠷᠤᠭᠤᠯᠬᠤ ᠪᠠ ᠨᠠᠪᠴᠢᠨ ᠳᠤᠨᠢ ᠨᠦᠭᠦᠭᠦ ᠠᠷᠭ᠎ᠠ ᠶᠢ ᠭᠡᠷᠡᠭᠯᠡᠨ᠂ ᠲᠦᠷᠭᠡᠨ ᠦᠢᠯᠡᠳᠦᠯᠳᠤ ᠪᠤᠷᠳᠤᠭᠤᠷ ᠢ ᠨᠦᠭᠦᠨ ᠤᠷᠤᠭᠤᠯᠤᠨ᠎ᠠ᠃ ᠦᠨᠳᠤᠰᠤᠨ ᠭᠡᠰᠡᠭ ᠲᠤᠨᠢ ᠪᠤᠷᠳᠤᠭᠤᠷ ᠨᠦᠭᠦᠨ ᠤᠷᠤᠭᠤᠯᠬᠤ ᠳᠤ ᠭᠢᠯᠭᠠᠰᠤᠨ ᠦᠨᠳᠤᠰᠤ ᠶᠢ ᠭᠡᠮᠳᠦᠭᠡᠭᠦ᠂ ᠬᠠᠵᠠᠭᠤ ᠶᠢᠨ ᠲᠤᠮᠤ ᠦᠨᠳᠤᠰᠤ ᠶᠢ ᠦᠯᠦ ᠭᠡᠮᠳᠦᠭᠡᠭᠦ ᠵᠠᠷᠴᠢᠮ ᠢᠶᠠᠷ ᠰᠠᠭᠤᠷᠢ ᠠᠴᠠ ᠨᠢ 30~50cm ᠵᠠᠶᠢᠳᠠᠢ᠂ 15~20cm ᠭᠦᠢᠭᠡᠨ ᠭᠤᠤ ᠪᠤᠶᠤ ᠨᠦᠭᠡ ᠮᠠᠯᠳᠠᠵᠤ᠂ ᠪᠤᠷᠳᠤᠭᠤᠷ ᠤᠷᠤᠭᠤᠯᠤᠠᠠᠰᠠᠨ ᠤ ᠪᠠᠨ ᠲᠠᠷᠠᠭ᠎ᠠ ᠲᠠᠷᠦ᠋ᠢᠬᠠᠨ ᠰᠢᠷᠤᠢ ᠪᠠᠷ ᠲᠠᠷᠤᠨ ᠤᠰᠤᠯᠠᠨ᠎ᠠ᠃ ᠪᠠᠶᠢᠡᠭᠭᠤ ᠳᠠᠭᠠᠨ ᠰᠢᠭᠡᠰᠦᠯᠢᠭ ᠡᠳ᠋᠂ ᠭᠦᠮᠦᠨ ᠤ ᠪᠠᠭᠠᠰᠤ ᠰᠢᠭᠡᠰᠤ᠂ ᠲᠠᠭᠢᠶᠠᠨ ᠪᠠᠭᠠᠰᠤ ᠪᠤᠶᠤ ᠡᠯ᠎ᠡ ᠵᠦᠢᠯ ᠤᠨ ᠨᠡᠶᠢᠯᠡᠮᠡᠯ ᠪᠤᠷᠳᠤᠭᠤᠷ ᠵᠡᠷᠭᠡ ᠶᠢ ᠤᠷᠤᠭᠤᠯᠤᠨ᠎ᠠ᠃
ᠨᠠᠪᠴᠢᠨ ᠳᠤᠨᠢ ᠪᠤᠷᠳᠤᠭᠤᠷ ᠨᠦᠭᠦᠭᠦ ᠳᠤ ᠡᠮ ᠰᠦᠷᠴᠢᠭᠦ ᠲᠠᠢ ᠤᠶᠠᠯᠳᠤᠭᠤᠯᠤᠨ ᠤᠷᠤᠭᠤᠯᠬᠤ ᠨᠢ ᠠᠷᠪᠢᠳᠡᠢ ᠮᠦᠷᠳᠡᠭᠡᠨ ᠭᠠᠮᠳᠠᠢ ᠪᠤᠷᠳᠤᠭᠤᠷ ᠤᠷᠤᠭᠤᠯᠬᠤ ᠠᠷᠭ᠎ᠠ ᠪᠤᠯᠤᠨ᠎ᠠ᠃ ᠨᠠᠪᠴᠢᠨ ᠳᠤᠨᠢ ᠨᠦᠭᠦᠭᠦ ᠪᠤᠷᠳᠤᠭᠤᠷ ᠭᠡᠪᠡᠯ ᠰᠢᠭᠡᠰᠦᠯᠢᠭ ᠡᠳ᠋᠂ ᠨᠡᠶᠢᠯᠡᠮᠡᠯ ᠪᠤᠷᠳᠤᠭᠤᠷ᠂ ᠹᠤᠰᠹᠤᠷ ᠭᠦᠴᠢᠯ ᠤᠨ ᠬᠤᠶᠠᠷᠴᠢ ᠤᠰᠤᠳᠦ᠋ᠷᠦᠭᠴᠢᠳᠦ ᠺᠠᠯᠢ᠂ ᠭᠦᠭᠦᠷ ᠭᠦᠴᠢᠯ ᠤᠨ ᠴᠠᠶᠢᠷ᠂ ᠭᠦᠭᠦᠷ ᠭᠦᠴᠢᠯ ᠤᠨ ᠲᠡᠳ᠋ ᠲᠠᠮᠤᠷ ᠵᠢᠴᠢ ᠪᠢᠴᠢᠯ ᠡᠯᠧᠮᠧᠨ᠋ᠲ ᠪᠤᠷ ᠤᠨ ᠡᠯᠡᠰᠤ ᠵᠡᠷᠭᠡ ᠪᠠᠶᠢᠨ᠎ᠠ᠃
10. ᠶᠠᠮᠠᠷ ᠴᠠᠭ ᠦᠶ᠎ᠠ ᠳᠤ ᠪᠤᠷᠳᠤᠭᠤᠷ ᠨᠦᠭᠦᠨ ᠤᠷᠤᠭᠤᠯᠪᠠᠯ ᠵᠤᠭᠢᠰᠳᠡᠢ ᠪᠤᠢ︖
ᠪᠤᠷᠳᠤᠭᠤᠷ ᠨᠦᠭᠦᠨ ᠤᠷᠤᠭᠤᠯᠬᠤ ᠴᠠᠭ ᠪᠡ ᠭᠡᠮᠵᠢᠶ᠎ᠠ ᠶᠢ ᠪᠤᠯ ᠭᠦᠷᠦᠰᠤ ᠰᠢᠷᠤᠢ ᠶᠢᠨ ᠰᠢᠮ᠎ᠠ᠂ ᠦᠵᠦᠮ ᠤᠨ ᠤᠷᠭᠤᠯᠳᠠ ᠶᠢᠨ ᠪᠠᠶᠢᠳᠠᠯ ᠪᠤᠯᠤᠨ ᠤᠨᠠᠯᠳᠠ ᠶᠢᠨ ᠪᠠᠶᠢᠳᠠᠯ ᠢ ᠦᠨᠳᠦᠰᠦᠯᠡᠨ ᠲᠤᠠᠠᠳᠠᠭᠠᠨ᠎ᠠ᠃ ᠠᠩᠬ᠎ᠠ ᠤᠳᠠᠭ᠎ᠠ ᠪᠤᠷᠳᠤᠭᠤᠷ ᠨᠦᠭᠦᠨ ᠤᠷᠤᠭᠤᠯᠬᠤ ᠳᠤ ᠨᠠᠭᠢᠶᠠᠯᠠᠬᠤ ᠠᠴᠠ ᠨᠢ ᠡᠮᠦᠨ᠎ᠠ ᠬᠤᠶᠢᠨ᠎ᠠ ᠨᠢ ᠤᠷᠤᠭᠤᠯᠤᠨ᠎ᠠ᠃ ᠭᠤᠤᠯ ᠨᠢ ᠠᠽᠤᠲ ᠪᠤᠷᠳᠤᠭᠤᠷ ᠢᠶᠠᠷ ᠭᠤᠤᠯ ᠪᠤᠯᠭᠠᠨ ᠤᠷᠤᠭᠤᠯᠬᠤ ᠪᠠ ᠦᠨᠳᠤᠰᠤᠨ ᠭᠡᠰᠡᠭ ᠲᠤ ᠰᠢᠭᠡᠰᠦᠯᠢᠭ ᠡᠳ᠋᠂ ᠭᠦᠮᠦᠨ ᠤ ᠪᠠᠭᠠᠰᠤ ᠰᠢᠭᠡᠰᠤ ᠵᠡᠷᠭᠡ ᠲᠦᠷᠭᠡᠨ ᠦᠢᠯᠡᠳᠦᠯᠳᠤ ᠪᠤᠷᠳᠤᠭᠤᠷ ᠢ ᠨᠦᠭᠦᠨ᠎ᠠ᠃ ᠬᠤᠶᠠᠷᠳᠡᠭᠢ ᠤᠳᠠᠭ᠎ᠠ ᠳᠤ ᠴᠡᠴᠡᠭ ᠲᠡᠯᠭᠡᠷᠡᠭᠦ ᠠᠴᠠ ᠨᠢ ᠡᠮᠦᠨ᠎ᠠ ᠪᠤᠷ ᠪᠤᠷᠳᠤᠭᠤᠷ ᠢᠶᠠᠷ ᠭᠤᠤᠯ ᠪᠤᠯᠭᠠᠨ ᠨᠠᠪᠴᠢᠨ ᠳᠤᠨᠢ ᠰᠦᠷᠴᠢᠭᠦ ᠶᠢᠨ ᠲᠠᠭᠠᠤ ᠹᠤᠰᠹᠤᠷ᠂ ᠺᠠᠯᠢ᠂ ᠮᠬᠠᠨᠢ᠂ ᠮᠠᠩᠭᠠᠨ ᠵᠡᠷᠭᠡ ᠶᠢ ᠨᠡᠮᠡᠵᠤ᠂ ᠲᠤᠭᠤᠰᠤ ᠬᠦᠷᠳᠡᠵᠤ ᠦᠷ᠎ᠡ ᠲᠤᠠᠠᠳᠠᠬᠤ ᠶᠢ ᠨᠢ ᠠᠭᠢᠭᠤᠯᠤᠨ᠎ᠠ᠃ ᠭᠤᠷᠪᠡᠳᠡᠭᠢ ᠤᠳᠠᠭ᠎ᠠ ᠳᠤ ᠨᠢᠯᠬ᠎ᠠ ᠵᠢᠮᠢᠰ ᠲᠤᠮᠤᠷᠠᠬᠤ ᠦᠶ᠎ᠠ ᠳᠤ ᠠᠽᠤᠲ ᠪᠤᠷᠳᠤᠭᠤᠷ ᠢᠶᠠᠷ ᠭᠤᠤᠯ ᠪᠤᠯᠭᠠᠨ᠂ ᠹᠤᠰᠹᠤᠷ ᠪᠤᠷᠳᠤᠭᠤᠷ᠂ ᠭᠦᠮᠦᠨ ᠤ ᠪᠠᠭᠠᠰᠤ ᠰᠢᠭᠡᠰᠤ᠂ ᠭᠦᠭᠦᠷ ᠭᠦᠴᠢᠯ ᠤᠨ ᠬᠤᠶᠠᠷᠴᠢ ᠠᠮᠮᠤᠨᠢ ᠵᠡᠷᠭᠡ ᠶᠢ ᠨᠠᠶᠢᠷᠠᠭᠤᠯᠵᠤ ᠤᠷᠤᠭᠤᠯᠤᠨ᠎ᠠ᠃ ᠲᠦᠷᠪᠡᠳᠡᠭᠢ ᠤᠳᠠᠭ᠎ᠠ ᠳᠤ ᠰᠢᠭᠦᠰᠦᠯᠢᠭ ᠵᠢᠮᠢᠰ ᠡᠭᠢᠯᠡᠨ ᠪᠤᠯᠪᠠᠰᠤᠷᠠᠬᠤ ᠦᠶ᠎ᠠ ᠳᠤᠨᠢ ᠹᠤᠰᠹᠤᠷ ᠺᠠᠯᠢ ᠪᠠᠷ ᠭᠤᠤᠯ ᠪᠤᠯᠭᠠᠨ᠂ ᠪᠠᠭ᠎ᠠ ᠭᠡᠮᠵᠢᠶᠠᠨ ᠤ ᠠᠽᠤᠲ ᠨᠠᠶᠢᠷᠠᠭᠤᠯᠤᠨ ᠤᠷᠤᠭᠤᠯᠤᠨ᠎ᠠ᠃ ᠨᠠᠪᠴᠢᠨ ᠳᠤᠨᠢ ᠪᠤᠷᠳᠤᠭᠤᠷ ᠨᠦᠭᠦᠭᠦ ᠳᠤ ᠦᠳᠭᠡᠴᠡ ᠶᠢ ᠴᠢᠩᠭ᠎ᠠ ᠡᠵᠡᠮᠰᠢᠵᠤ᠂ ᠨᠠᠪᠴᠢ ᠶᠢ ᠰᠢᠳᠠᠭᠠᠬᠤ ᠠᠴᠠ ᠰᠡᠷᠭᠡᠶᠢᠯᠡᠭᠦ ᠭᠡᠷᠡᠭᠳᠡᠢ᠃ ᠡᠯ᠎ᠠ ᠵᠦᠢᠯ ᠤᠨ ᠪᠤᠷᠳᠤᠭᠤᠷ ᠤᠨ ᠭᠡᠷᠡᠭᠯᠡᠯᠳᠡ ᠶᠢᠨ ᠦᠳᠭᠡᠴᠡ ᠨᠢ ᠭᠡᠪᠡᠯ᠄ ᠰᠢᠭᠡᠰᠦᠯᠢᠭ ᠡᠳ᠋ ᠢ 0.1%~0.3% ᠪᠠᠷ᠂ ᠹᠤᠰᠹᠤᠷ ᠭᠦᠴᠢᠯ ᠤᠨ ᠬᠤᠶᠠᠷᠴᠢ ᠤᠰᠤᠳᠦ᠋ᠷᠦᠭᠴᠢᠳᠦ ᠺᠠᠯᠢ ᠶᠢ 0.3% ᠪᠠᠷ᠂ ᠡᠪᠡᠰᠤ ᠮᠤᠳᠤᠨ ᠤ ᠦᠨᠡᠰᠤᠨ ᠤ ᠰᠢᠩᠭᠡᠨ ᠢ 1%~3% ᠪᠠᠷ᠂ ᠪᠤᠷ ᠤᠨ ᠡᠯᠡᠰᠤ ᠪᠤᠶᠤ ᠪᠤᠷ ᠤᠨ ᠭᠦᠴᠢᠯ ᠢ 0.2%~0.3% ᠪᠠᠷ᠂ ᠭᠦᠭᠦᠷ ᠭᠦᠴᠢᠯ ᠤᠨ ᠴᠠᠶᠢᠷ ᠢ 0.3%~0.5% ᠪᠠᠷ᠂ ᠭᠦᠭᠦᠷ ᠭᠦᠴᠢᠯ ᠤᠨ ᠺᠠᠯᠢ ᠶᠢ 0.05% ᠪᠠᠷ᠂ ᠭᠦᠭᠦᠷ ᠭᠦᠴᠢᠯ ᠤᠨ ᠮᠬᠠᠨᠢ ᠶᠢ 0.05%~0.1% ᠪᠠᠷ᠂ ᠭᠦᠭᠦᠷ ᠭᠦᠴᠢᠯ ᠤᠨ ᠲᠠᠳ᠋ ᠲᠠᠮᠤᠷ ᠢ 0.1%~0.3% ᠪᠠᠷ᠂ ᠭᠦᠭᠦᠷ ᠭᠦᠴᠢᠯ ᠤᠨ ᠮᠠᠩᠭᠠᠨ ᠢ 0.05%~0.3% ᠪᠠᠷ ᠭᠡᠷᠡᠭᠯᠡᠨ᠎ᠠ᠃
ᠪᠤᠳᠠᠳᠠᠢ ᠪᠤᠷᠳᠤᠭᠤᠷ ᠤᠷᠤᠭᠤᠯᠬᠤ ᠭᠡᠮᠵᠢᠶ᠎ᠠ ᠪᠤᠯ ᠶᠠᠷᠦᠩᠭᠡᠢ ᠳᠡᠭᠡᠨ ᠦᠵᠦᠮ ᠤᠨ ᠮᠤ᠋ ᠪᠦᠷᠢ ᠶᠢᠨ ᠤᠨᠠᠯᠳᠠ ᠶᠢ 1500~2000kg ᠢᠶᠠᠷ ᠪᠤᠳᠤᠵᠤ᠂ ᠮᠤ᠋ ᠪᠦᠷᠢ ᠶᠡᠭᠡ ᠲᠦᠯᠦᠪ ᠴᠤᠯ ᠠᠽᠤᠲ 11.25~15kg᠂ ᠹᠤᠰᠹᠤᠷ 11.25~15kg᠂ ᠺᠠᠯᠼ 7.5~10kg ᠤᠷᠤᠭᠤᠯᠤᠨ᠎ᠠ᠃ ᠭᠡᠭᠦ ᠳᠡᠭᠡᠨ ᠠᠳᠠᠯᠢ ᠪᠤᠰᠤ ᠭᠠᠵᠠᠷ ᠤᠷᠤᠨ᠂ ᠠᠳᠠᠯᠢ ᠪᠤᠰᠤ ᠨᠠᠰᠤᠨ ᠤ ᠮᠤᠳᠤ᠂ ᠠᠳᠠᠯᠢ ᠪᠤᠰᠤ ᠪᠤᠷᠳᠤᠭᠤᠷ ᠤᠨ ᠲᠦᠷᠦᠯ ᠢ ᠦᠨᠳᠦᠰᠦᠯᠡᠵᠤ᠂ ᠦᠢᠯᠡᠳᠪᠤᠷᠢᠯᠡᠯ ᠤᠨ ᠦᠢᠯᠡᠳᠦᠯᠭᠡ ᠪᠠ ᠲᠤᠷᠰᠢᠯᠳᠡ ᠪᠠᠷ ᠲᠠᠮᠵᠢᠨ ᠲᠤᠭᠢᠳᠡᠢ ᠭᠡᠷᠡᠭᠯᠡᠭᠦ ᠭᠡᠮᠵᠢᠶ᠎ᠠ ᠶᠢ ᠲᠤᠠᠠᠳᠠᠭᠠᠬᠤ ᠭᠡᠷᠡᠭᠳᠡᠢ᠃
11. ᠦᠵᠦᠮ ᠤᠨ ᠦᠢᠯᠡᠳᠪᠤᠷᠢᠯᠡᠯ ᠨᠢ ᠤᠰᠤ ᠴᠢᠭᠢᠭ ᠤᠨ ᠲᠠᠯ᠎ᠠ ᠪᠠᠷ ᠶᠠᠮᠠᠷ ᠱᠠᠭᠠᠷᠳᠠᠯᠭ᠎ᠠ ᠲᠠᠢ ᠪᠠᠶᠢᠳᠠᠭ ᠪᠤᠢ︖
ᠦᠵᠦᠮ ᠨᠢ ᠭᠠᠩ ᠳᠤ ᠲᠠᠰᠪᠤᠷᠢᠳᠡᠢ ᠪᠤᠯᠪᠠᠴᠤ ᠲᠤᠭᠢᠳᠡᠢ ᠦᠶ᠎ᠠ ᠳᠤᠨᠢ ᠤᠰᠤᠯᠠᠪᠠᠯ ᠤᠨᠠᠯᠳᠠ ᠶᠢ ᠨᠢ ᠮᠡᠳᠡᠭᠳᠡᠮ᠎ᠠ ᠲᠡᠭᠡᠭᠰᠢᠯᠡᠭᠦᠯᠵᠤ ᠴᠢᠳᠠᠨ᠎ᠠ᠃ ᠡᠪᠤᠯ ᠤᠨ ᠪᠦᠳᠡᠭᠡᠯᠭᠡ ᠶᠢ ᠨᠢ ᠠᠪᠬᠤ ᠠᠴᠠ ᠠᠪᠤᠭᠠᠳ ᠴᠡᠴᠡᠭ ᠲᠡᠯᠭᠡᠷᠡᠭᠦ ᠠᠴᠠ ᠨᠢ ᠡᠮᠦᠨ᠎ᠠ ᠭᠦᠷᠦᠰᠤ ᠶᠢ ᠨᠢ ᠴᠢᠭᠢᠭ ᠲᠠᠢ ᠪᠠᠶᠢᠯᠭᠠᠬᠤ ᠶᠢ ᠠᠩᠬᠠᠷᠬᠤ ᠭᠡᠷᠡᠭᠳᠡᠢ᠃ ᠡᠨᠡ ᠦᠶ᠎ᠠ ᠳᠤ ᠪᠤᠷᠳᠤᠭᠤᠷ ᠨᠦᠭᠦᠭᠦ ᠲᠠᠢ ᠤᠶᠠᠯᠳᠤᠭᠤᠯᠤᠨ ᠤᠰᠤᠯᠠᠪᠠᠯ᠂ ᠴᠡᠴᠡᠭ ᠲᠡᠯᠭᠡᠷᠡᠨ ᠵᠢᠮᠢᠰᠯᠡᠭᠦ ᠳᠤᠨᠢ ᠮᠠᠰᠢ ᠰᠠᠶᠢᠨ ᠨᠦᠭᠦᠴᠡᠯ ᠪᠦᠷᠢᠳᠦᠭᠦᠯᠦᠨ ᠦᠭᠴᠤ ᠴᠢᠳᠠᠨ᠎ᠠ᠃ ᠴᠡᠴᠡᠭ ᠲᠡᠯᠭᠡᠷᠡᠭᠦ ᠦᠶ᠎ᠠ ᠳᠤᠨᠢ ᠤᠰᠤ ᠭᠡᠳᠦᠷᠭᠡᠢ ᠠᠷᠪᠢᠳᠪᠠᠯ ᠴᠡᠴᠡᠭ ᠨᠢ ᠶᠡᠭᠡ ᠪᠠᠷ ᠤᠨᠠᠬᠤ ᠲᠤᠯᠠ ᠭᠦᠷᠦᠰᠤ ᠰᠢᠷᠤᠢ ᠶᠢᠨ ᠴᠢᠭᠢᠭ ᠤᠨ ᠪᠠᠶᠢᠳᠠᠯ ᠢ ᠦᠨᠳᠦᠰᠦᠯᠡᠨ ᠤᠰᠤᠯᠠᠬᠤ ᠭᠡᠷᠡᠭᠳᠡᠢ᠃ ᠵᠢᠮᠢᠰ ᠰᠠᠭᠤᠠᠠᠰᠠᠨ ᠠᠴᠠ ᠬᠤᠶᠢᠰᠢ ᠵᠢᠮᠢᠰ ᠪᠤᠳᠤᠠᠠᠰᠢᠷᠠᠬᠤ ᠠᠴᠠ ᠡᠮᠦᠨ᠎ᠠ ᠪᠤᠯ ᠭᠤᠤᠯ ᠬᠠᠯᠠᠭᠤᠨ ᠤ ᠴᠠᠭ ᠪᠦᠭᠡᠳ ᠨᠠᠪᠴᠢᠨ ᠤ ᠠᠭᠤᠷᠰᠢᠭᠤᠯᠤᠯᠳᠠ ᠨᠢ ᠶᠡᠭᠡᠳᠴᠤ᠂ ᠤᠰᠤ ᠶᠡᠭᠡᠳᠡ ᠭᠡᠷᠡᠭᠴᠡᠭᠡ ᠲᠠᠢ ᠲᠤᠯᠠ ᠠᠭᠤᠷ ᠠᠮᠢᠰᠬᠤᠯ ᠤᠨ ᠪᠠᠶᠢᠳᠠᠯ ᠢ ᠦᠨᠳᠦᠰᠦᠯᠡᠨ 7~10 ᠬᠤᠨᠤᠭ ᠲᠤ ᠨᠢᠭᠡ ᠤᠳᠠᠭ᠎ᠠ ᠤᠰᠤᠯᠠᠬᠤ ᠭᠡᠷᠡᠭᠳᠡᠢ᠃ ᠡᠪᠤᠯ ᠤᠨ ᠢᠴᠡᠭᠡᠯᠡᠭᠦ ᠬᠤᠭᠤᠴᠠᠭᠠᠨ ᠳᠤ ᠭᠦᠷᠦᠰᠤ ᠰᠢᠷᠤᠢ ᠨᠢ ᠭᠡᠳᠦᠷᠭᠡᠢ ᠬᠠᠭᠤᠷᠠᠢ ᠪᠤᠯ ᠡᠪᠤᠯᠵᠢᠭᠦᠯᠭᠦ ᠳᠤ ᠠᠰᠢᠭ ᠦᠭᠡᠢ᠂ ᠭᠡᠳᠦᠷᠭᠡᠢ ᠴᠢᠭᠢᠭ ᠲᠠᠢ ᠪᠤᠯ ᠪᠠᠰᠠ ᠴᠢᠭᠢ ᠨᠢ ᠢᠯᠵᠠᠷᠠᠬᠤ ᠲᠤᠯᠠ ᠭᠠᠵᠠᠷ ᠭᠦᠯᠳᠡᠭᠦ ᠠᠴᠠ ᠡᠮᠦᠨ᠎ᠠ ᠨᠢᠭᠡ ᠤᠳᠠᠭ᠎ᠠ ᠤᠰᠤᠯᠠᠬᠤ ᠭᠡᠷᠡᠭᠳᠡᠢ᠃
12. ᠦᠵᠦᠮ ᠤᠨ ᠤᠷᠭᠤᠯᠳᠠ ᠶᠢᠨ ᠬᠤᠭᠤᠴᠠᠭᠠᠨ ᠳᠤᠨᠢ ᠪᠠᠰᠠ ᠶᠠᠮᠠᠷ ᠮᠡᠷᠭᠡᠵᠢᠯ ᠤᠨ ᠠᠷᠠᠴᠢᠯᠠᠯᠳᠠ ᠴᠢᠬᠤᠯᠠ ᠲᠠᠢ ᠪᠤᠢ︖
ᠦᠵᠦᠮ ᠤᠨ ᠤᠷᠭᠤᠯᠳᠠ ᠶᠢᠨ ᠬᠤᠭᠤᠴᠠᠭᠠᠨ ᠳᠠᠬᠢ ᠰᠠᠭᠤᠷᠢ ᠡᠰᠢᠨ ᠤ ᠠᠷᠠᠴᠢᠯᠠᠯᠳᠠ ᠪᠤᠯ ᠤᠨᠠᠯᠳᠠ ᠦᠨᠳᠤᠷ ᠴᠢᠨᠠᠷ ᠰᠠᠶᠢᠳᠠᠢ ᠪᠤᠯᠭᠠᠬᠤ ᠬᠠᠷᠠᠯᠳᠠ ᠶᠢ ᠪᠡᠶᠡᠯᠡᠭᠦᠯᠭᠦ ᠶᠢᠨ ᠴᠢᠬᠤᠯᠠ ᠨᠦᠭᠦᠴᠡᠯ ᠮᠦᠨ᠃ ᠡᠭᠦᠨ ᠳᠤ ᠲᠦᠷᠪᠡᠨ ᠲᠠᠯ᠎ᠠ ᠶᠢᠨ ᠮᠡᠷᠭᠡᠵᠢᠯ ᠤᠨ ᠪᠤᠭᠤᠮᠳᠠ ᠶᠢ ᠭᠤᠤᠯᠳᠠᠯᠭ᠎ᠠ ᠲᠠᠢ ᠡᠵᠡᠮᠰᠢᠭᠦ ᠭᠡᠷᠡᠭᠳᠡᠢ᠃
︵1︶ ᠭᠡᠳᠦᠷᠭᠡᠢ ᠠᠷᠪᠢᠨ ᠴᠢᠬᠤᠯᠠ ᠦᠭᠡᠢ ᠨᠢᠯᠬ᠎ᠠ ᠨᠠᠪᠴᠢ ᠨᠠᠮᠠᠭ᠎ᠠ ᠶᠢ ᠡᠷᠳᠡᠭᠡᠨ ᠠᠪᠴᠤ ᠬᠠᠶᠠᠬᠤ ᠭᠡᠷᠡᠭᠳᠡᠢ᠃
︵2︶ ᠰᠢᠨ᠎ᠠ ᠰᠡᠵᠢᠭᠦᠷ ᠨᠢ 25~30cm ᠤᠷᠭᠤᠬᠤ ᠦᠶᠡᠰ᠂ ᠰᠦᠷᠤ ᠪᠤᠰᠬᠠᠬᠤ ᠶᠢᠨ ᠲᠠᠭᠠᠤ ᠰᠠᠬᠠᠯ ᠢ ᠨᠢ ᠠᠷᠢᠯᠭᠠᠬᠤ ᠭᠡᠷᠡᠭᠳᠡᠢ᠃
︵3︶ ᠰᠢᠨ᠎ᠠ ᠰᠡᠵᠢᠭᠦᠷ ᠨᠠᠪᠴᠢ ᠪᠤᠯᠤᠨ ᠲᠡᠳ᠋ ᠰᠠᠵᠢᠭᠦᠷ ᠨᠠᠪᠴᠢ ᠶᠢ ᠵᠤᠭᠢᠰᠳᠡᠢ ᠦᠯᠡᠳᠡᠭᠡᠭᠦ ᠪᠠ ᠠᠪᠴᠤ ᠬᠠᠶᠠᠬᠤ ᠬᠡᠷᠡᠭᠳᠠᠢ᠃ ᠶᠠᠷᠦᠩᠭᠡᠢ ᠳᠡᠭᠡᠨ ᠴᠡᠴᠡᠭ ᠲᠡᠯᠭᠡᠷᠡᠭᠦ ᠠᠴᠠ ᠨᠢᠭᠡ
ᠭᠠᠷᠠᠭ ᠤᠨ ᠡᠮᠦᠨ᠎ᠠ ᠬᠠᠮᠤᠭ ᠲᠡᠭᠡᠳᠤ ᠭᠡᠰᠡᠭ ᠤᠨ ᠲᠦᠷᠦᠭᠦᠤ ᠲᠡᠭᠡᠷ᠎ᠡ 5~9 ᠭᠤᠤᠯ ᠨᠠᠪᠴᠢ ᠦᠯᠡᠳᠡᠭᠡᠪᠡᠯ ᠲᠤᠭᠢᠷᠠᠮᠵᠢᠳᠡᠢ ᠪᠠᠶᠢᠳᠠᠭ᠃
︵4︶ ᠴᠡᠴᠡᠭ ᠪᠠ ᠵᠢᠮᠢᠰ ᠤᠨ ᠲᠦᠷᠦᠭᠦᠤ ᠶᠢ ᠵᠠᠰᠠᠬᠤ ᠳᠠᠭᠠᠨ ᠵᠢᠮᠢᠰᠯᠡᠭᠦ ᠰᠠᠯᠠᠭ᠎ᠠ ᠪᠦᠷᠢ ᠪᠤᠶᠢᠵᠢᠯᠳᠡ ᠰᠠᠶᠢᠳᠠᠢ ᠨᠢᠭᠡ ᠪᠠᠭ ᠴᠡᠴᠡᠭ ᠢ ᠦᠯᠡᠳᠡᠭᠡᠪᠡᠯ ᠲᠤᠭᠢᠷᠠᠮᠵᠢᠳᠡᠢ᠃ ᠲᠠᠷᠠᠭ᠎ᠠ ᠪᠠᠷ ᠨᠢ ᠪᠠᠭ ᠴᠡᠴᠡᠭ ᠢᠶᠠᠨ ᠲᠤᠭᠢᠳᠠᠶᠢᠬᠠᠨ ᠵᠠᠰᠠᠵᠤ᠂ ᠵᠢᠮᠢᠰ ᠰᠠᠭᠤᠬᠤ ᠨᠢ ᠪᠠᠭ᠎ᠠ᠂ ᠵᠢᠮᠢᠰ ᠤᠨ ᠲᠦᠷᠦᠭᠦᠤ ᠨᠢ ᠰᠠᠳᠠᠷᠬᠠᠢ ᠪᠠᠶᠢᠳᠠᠭ ᠰᠤᠷᠲ ᠢ ᠪᠤᠯ ᠴᠡᠴᠡᠭ ᠲᠡᠯᠭᠡᠷᠡᠭᠦ ᠠᠴᠠ ᠨᠢ 2~3 ᠡᠳᠤᠷ ᠤᠨ ᠡᠮᠦᠨ᠎ᠠ ᠲᠡᠳ᠋ᠯᠡᠭᠦ ᠲᠦᠷᠦᠭᠦᠤ ᠪᠠ ᠲᠦᠷᠦᠭᠦᠤ ᠶᠢᠨ ᠤᠷᠤᠢ ᠶᠢᠨ ᠭᠡᠰᠡᠭ ᠢ ᠨᠢ ᠠᠪᠴᠤ ᠬᠠᠶ᠋ᠨᠨ᠂ ᠵᠢᠮᠢᠰᠯᠡᠭᠦ ᠨᠤᠷᠮ᠎ᠠ ᠶᠢ ᠲᠡᠭᠡᠭᠰᠢᠯᠡᠭᠦᠯᠭᠦ ᠭᠡᠷᠡᠭᠳᠡᠢ᠃ ᠵᠢᠮᠢᠰᠯᠡᠭᠦ ᠨᠤᠷᠮ᠎ᠡ ᠪᠠᠷ ᠦᠨᠳᠤᠷ ᠰᠤᠷᠲ ᠨᠢ ᠭᠡᠵᠢᠶᠡᠳᠡ ᠵᠢᠮᠢᠰ ᠨᠢ ᠢᠠᠠᠴᠤᠷᠠᠵᠤ᠂ ᠵᠢᠮᠢᠰ ᠨᠢ ᠬᠠᠭᠠᠷᠠᠬᠤ ᠪᠤᠶᠤ ᠵᠢᠮᠢᠰ ᠤᠨ ᠪᠤᠯᠪᠠᠰᠤᠷᠠᠯᠳᠠ ᠨᠢ ᠠᠳᠠᠯᠢ ᠲᠡᠭᠰᠢ ᠦᠭᠡᠢ ᠪᠤᠯᠳᠠᠭ ᠪᠤᠯᠬᠤᠷ ᠴᠡᠴᠡᠭ ᠲᠡᠯᠭᠡᠷᠡᠭᠰᠡᠨ ᠤ ᠬᠤᠶᠢᠨ᠎ᠠ 10~20 ᠡᠳᠤᠷ ᠲᠤ ᠰᠠᠶᠢᠷᠡᠭᠵᠢᠭᠦᠯᠦᠨ ᠬᠠᠶᠢᠴᠢᠯᠠᠵᠤ᠂ ᠵᠢᠮᠢᠰ ᠤᠨ ᠲᠤᠮᠤᠷᠠᠯᠳᠠ ᠶᠢ ᠨᠡᠮᠡᠭᠳᠡᠭᠦᠯᠭᠦ ᠪᠡ
ᠶᠠᠰᠤ ᠴᠢᠨᠠᠷ ᠢ ᠨᠢ ᠲᠡᠭᠡᠭᠰᠢᠯᠡᠭᠦᠯᠭᠦ ᠭᠡᠷᠡᠭᠳᠡᠢ᠃
13. ᠦᠵᠦᠮ ᠳᠤ ᠪᠠᠶᠢᠡᠭᠭᠤ ᠶᠠᠮᠠᠷ ᠭᠡᠮ ᠬᠤᠷᠤᠬᠠᠢ ᠶᠢᠨ ᠭᠦᠨᠦᠭᠡᠯ ᠪᠠᠶᠢᠬᠤ ᠪᠤᠢ︖ ᠭᠡᠷᠭᠢᠨ ᠰᠡᠷᠭᠡᠶᠢᠯᠡᠨ ᠵᠠᠰᠠᠬᠤ ᠪᠤᠢ︖
︵1︶ ᠦᠵᠦᠮ ᠤᠨ ᠭᠤᠤᠯ ᠭᠡᠮ ᠤᠨ ᠭᠦᠨᠦᠭᠡᠯ ᠭᠡᠪᠡᠯ ᠦᠵᠦᠮ ᠤᠨ ᠬᠠᠷᠠᠤ᠂ ᠦᠵᠦᠮ ᠤᠨ ᠭᠦᠭᠡᠴᠤ᠂ ᠦᠵᠦᠮ ᠤᠨ ᠪᠤᠭᠤᠮ᠎ᠠ᠂ ᠦᠵᠦᠮ ᠤᠨ ᠴᠠᠭᠠᠨ ᠲᠤᠭᠤᠰᠤᠳᠤ ᠭᠡᠮ᠂ ᠦᠵᠦᠮ ᠤᠨ ᠤᠰᠤᠨ ᠪᠤᠷᠳᠤᠭᠤ ᠭᠡᠮ ᠵᠡᠷᠭᠡ ᠪᠠᠶᠢᠨ᠎ᠠ᠃ ᠡᠳᠡᠬᠡᠷ ᠬᠡᠮ ᠢ ᠰᠡᠷᠭᠡᠶᠢᠯᠡᠨ ᠵᠠᠰᠠᠬᠤ ᠭᠤᠤᠯ ᠠᠷᠭ᠎ᠠ ᠭᠡᠪᠡᠯ᠄
① ᠦᠵᠦᠮ ᠤᠨ ᠬᠠᠷᠠᠤ ᠪᠤᠯ ᠭᠤᠤᠯ ᠨᠢ ᠦᠵᠦᠮ ᠤᠨ ᠨᠤᠭᠤᠭᠠᠨ ᠦᠡᠭᠭᠡ ᠶᠢᠨ ᠨᠢᠯᠬ᠎ᠠ ᠭᠡᠰᠡᠭ᠂ ᠨᠢᠯᠬ᠎ᠠ ᠨᠠᠮᠠᠭ᠎ᠠ᠂ ᠨᠠᠪᠴᠢᠨ ᠤ ᠡᠰᠢ᠂ ᠰᠠᠬᠠᠯ ᠢ ᠭᠦᠨᠦᠭᠡᠭᠦ ᠦᠶᠡᠰ ᠤᠷᠳᠤ ᠲᠤᠭᠤᠷᠢᠭ ᠭᠡᠯᠪᠡᠷᠢ ᠶᠢᠨ ᠲᠤᠯᠪᠤ ᠢᠯᠡᠷᠡᠵᠤ᠂ ᠭᠦᠨᠳᠤ ᠨᠤᠴᠢᠳᠡᠢ ᠦᠶᠡᠰ ᠡᠪᠡᠳᠴᠢᠨ ᠲᠠᠢ ᠲᠤᠯᠪᠤ ᠦᠷᠭᠦᠯᠵᠢᠯᠡᠭᠡᠳ ᠬᠠᠳᠠᠵᠤ ᠦᠭᠦᠳᠡᠭ᠃ ᠲᠤᠰ ᠭᠡᠮ ᠨᠢ ᠴᠢᠭᠢᠭ ᠶᠡᠭᠡᠳᠡᠢ ᠶᠡᠭᠡ ᠬᠠᠯᠠᠭᠤᠨ ᠤᠷᠴᠢᠨ ᠲᠤᠭᠤᠷᠢᠨ ᠳᠤ ᠡᠭᠦᠰᠳᠡᠭ᠃ ᠲᠡᠭᠦᠨ ᠢ ᠰᠡᠷᠭᠡᠶᠢᠯᠡᠨ ᠵᠠᠰᠠᠬᠤ ᠠᠷᠭ᠎ᠠ ᠭᠡᠪᠡᠯ ᠭᠡᠮ ᠲᠠᠢ ᠰᠠᠯᠠᠭ᠎ᠠ ᠨᠠᠪᠴᠢ ᠶᠢ ᠲᠠᠷᠦ᠋ᠢᠬᠠᠨ ᠬᠠᠶᠢᠴᠢᠯᠡᠨ ᠬᠠᠶᠠᠵᠤ᠂ ᠭᠡᠮ ᠲᠠᠢ ᠵᠢᠮᠢᠰ ᠢ ᠨᠢ ᠭᠦᠨ ᠪᠤᠯᠠᠵᠤ᠂ ᠡᠪᠤᠯ ᠬᠠᠶᠢᠴᠢᠯᠡᠨ ᠵᠠᠰᠠᠬᠤ ᠳᠠᠭᠠᠨ ᠡᠪᠡᠳᠴᠢᠨ ᠲᠠᠢ ᠰᠠᠯᠠᠭ᠎ᠠ ᠶᠢ ᠬᠠᠶᠢᠴᠢᠯᠡᠨ ᠬᠠᠶᠠᠵᠤ ᠰᠢᠳᠠᠭᠠᠬᠤ ᠪᠤᠶᠤ ᠭᠦᠨ ᠪᠤᠯᠠᠵᠤ᠂ ᠡᠪᠡᠳᠴᠢᠨ ᠤ ᠰᠤᠷᠪᠤᠯᠵᠢ ᠶᠢ ᠪᠠᠭᠠᠰᠬᠠᠨ᠎ᠠ᠃ ᠤᠷᠭᠤᠯᠳᠠ ᠶᠢᠨ ᠬᠤᠭᠤᠴᠠᠭᠠᠨ ᠳᠤᠨᠢ ᠪᠦᠸᠧ ᠡᠯ ᠳ᠋ᠦᠸᠧ ︵波尔多︶ ᠰᠢᠩᠭᠡᠨ ᠡᠮ ᠲᠤᠬᠠᠶᠢᠯᠠᠪᠠᠯ ᠭᠦᠭᠦᠷ ᠭᠦᠴᠢᠯ ᠤᠨ ᠵᠠᠰ 1 ᠵᠢᠩ᠂ ᠲᠦᠭᠦᠭᠡᠢ ᠴᠤᠬᠤᠢ ᠶᠢᠨ ᠦᠨᠡᠰᠤ 0.5 ᠵᠢᠩ᠂ ᠤᠰᠤ 80~100kg ᠤᠨ ᠬᠠᠷᠢᠴᠠᠯ ᠢᠶᠠᠷ ᠨᠠᠶᠢᠷᠠᠭᠤᠯᠤᠨ ᠰᠦᠷᠴᠢᠨ᠎ᠡ᠃
② ᠦᠵᠦᠮ ᠤᠨ ᠭᠦᠭᠡᠴᠤ ᠪᠤᠯ ᠨᠠᠪᠴᠢ ᠶᠢ ᠭᠦᠨᠦᠭᠡᠭᠦ ᠪᠠᠷ ᠭᠤᠤᠯ ᠪᠤᠯᠭᠠᠵᠤ᠂ ᠡᠪᠡᠳᠴᠢᠨ ᠲᠠᠢ ᠭᠡᠰᠡᠭ ᠤᠨ ᠦᠡᠭᠭᠡᠨ ᠲᠠᠯ᠎ᠠ ᠳᠤ ᠦᠨᠡᠰᠤᠨ ᠦᠡᠭᠭᠡ ᠪᠤᠶᠤ ᠭᠢᠷᠠᠭᠤ ᠲᠠᠢ ᠠᠳᠠᠯᠢᠬᠠᠨ ᠭᠦᠭᠡᠴᠤ ᠶᠢᠨ ᠲᠠᠪᠬᠤᠷᠭ᠎ᠠ ᠭᠠᠷᠬᠤ ᠭᠤᠤᠯ ᠤᠨᠴᠠᠯᠢᠭ ᠲᠠᠢ ᠪᠠᠶᠢᠳᠠᠭ᠃ ᠲᠤᠰ ᠭᠡᠮ ᠨᠢ ᠪᠤᠷᠤᠭᠠᠨ ᠬᠤᠷ᠎ᠡ ᠡᠯᠪᠡᠭ᠂ ᠡᠭᠦᠯᠡ ᠮᠠᠨᠠᠨ ᠲᠠᠢ᠂ ᠵᠠᠳᠠᠭᠠᠢ ᠠᠭᠤᠷ ᠠᠮᠢᠰᠬᠤᠯ ᠳᠤ ᠠᠮᠠᠷᠬᠠᠨ ᠡᠭᠦᠰᠳᠡᠭ᠃ ᠲᠡᠭᠦᠨ ᠢ ᠰᠡᠷᠭᠡᠶᠢᠯᠡᠨ ᠵᠠᠰᠠᠬᠤ ᠠᠷᠭ᠎ᠠ
ᠭᠡᠪᠡᠯ ᠪᠤᠷᠤᠭᠠᠨ ᠤ ᠤᠯᠠᠷᠢᠯ ᠳᠤ ᠰᠡᠷᠭᠡᠶᠢᠯᠡᠵᠤ᠂ 7 ᠳ᠋ᠤᠭᠠᠷ ᠰᠠᠷ᠎ᠠ ᠠᠴᠠ ᠡᠭᠢᠯᠡᠨ 200 ᠲᠠᠭᠢᠨ ᠤ ᠪᠦᠸᠧ ᠡᠯ ᠳ᠋ᠦᠸᠧ ᠡᠮ ᠢ 2~3 ᠤᠳᠠᠭ᠎ᠠ ᠰᠦᠷᠴᠢᠨ᠎ᠠ᠃
③ ᠦᠵᠦᠮ ᠤᠨ ᠪᠤᠭᠤᠮ᠎ᠠ ᠪᠤᠯ ᠵᠢᠮᠢᠰ ᠢ ᠭᠦᠨᠦᠭᠡᠭᠦ ᠪᠠᠷ ᠭᠤᠤᠯ ᠪᠤᠯᠭᠠᠵᠤ᠂ ᠶᠠᠷᠦᠩᠭᠡᠢ ᠳᠡᠭᠡᠨ 7 ᠳ᠋ᠤᠭᠠᠷ ᠰᠠᠷ᠎ᠠ ᠶᠢᠨ ᠲᠤᠮᠳᠠᠴᠢ ᠪᠠᠷ ᠵᠢᠮᠢᠰ ᠤᠨ ᠰᠢᠭᠢᠷ ᠤᠨ ᠠᠭᠤᠯᠤᠭᠳᠠᠴᠨ ᠨᠡᠮᠡᠭᠳᠡᠭᠦ ᠠᠴᠠ ᠠᠪᠤᠭᠠᠳ ᠵᠢᠮᠢᠰ ᠪᠤᠯᠪᠠᠰᠤᠷᠠᠬᠤ ᠭᠦᠷᠳᠡᠯᠡᠭᠢ ᠬᠤᠭᠤᠴᠠᠭ᠎ᠠ ᠪᠤᠯ ᠲᠤᠰ ᠭᠡᠮ ᠡᠭᠦᠰᠭᠦ ᠪᠡ ᠲᠡᠯᠭᠡᠷᠡᠭᠦ ᠶᠢᠨ ᠭᠦᠭ
ᠦᠶ᠎ᠠ ᠮᠦᠨ᠃ ᠲᠡᠭᠦᠨ ᠢ ᠰᠡᠷᠭᠡᠶᠢᠯᠡᠭᠦ ᠠᠷᠭ᠎ᠠ ᠭᠡᠪᠡᠯ ᠭᠡᠮ ᠲᠠᠢ ᠰᠠᠯᠠᠭ᠎ᠠ ᠶᠢ ᠲᠠᠷᠦ᠋ᠢᠠᠬᠨ ᠬᠠᠶᠢᠴᠢᠯᠡᠨ ᠬᠠᠶᠠᠵᠤ᠂ ᠭᠡᠮ ᠤᠨ ᠰᠤᠷᠪᠤᠯᠵᠢ ᠶᠢ ᠤᠰᠠᠳᠬᠠᠨ᠎ᠠ᠃ 6 ᠳ᠋ᠤᠭᠠᠷ ᠰᠠᠷ᠎ᠠ ᠶᠢᠨ ᠲᠤᠮᠳᠡᠴᠢ ᠠᠴᠠ ᠬᠤᠶᠢᠰᠢ ᠬᠠᠭᠠᠰ ᠰᠠᠷ᠎ᠠ ᠠᠯᠤᠰᠯᠠᠬᠤ ᠪᠦᠷᠢ ᠨᠢᠭᠡ ᠤᠳᠠᠭ᠎ᠠ 600~800 ᠲᠠᠭᠢᠨ ᠤ ᠲᠦᠢ ᠵᠢᠶᠦ᠋ᠨ ᠲᠧ ︵退菌特︶ ᠡᠮ ᠢ ᠰᠦᠷᠴᠢᠨ᠎ᠠ᠃
④ ᠦᠵᠦᠮ ᠤᠨ ᠴᠠᠭᠠᠨ ᠲᠤᠭᠤᠰᠤᠳᠤ ᠭᠡᠮ᠄ ᠲᠤᠰ ᠭᠡᠮ ᠪᠤᠯ ᠦᠵᠦᠮ ᠤᠨ ᠪᠦᠭᠦ᠋ᠢᠯᠡ ᠨᠤᠭᠤᠭᠠᠨ ᠭᠡᠰᠡᠭ ᠵᠢᠱᠢᠶᠡᠯᠡᠪᠡᠯ ᠵᠢᠮᠢᠰ ᠨᠠᠪᠴᠢ᠂ ᠰᠢᠨ᠎ᠠ ᠰᠠᠯᠠᠭ᠎ᠠ ᠵᠡᠷᠭᠡ ᠶᠢ ᠭᠦᠨᠦᠭᠡᠵᠤ᠂ ᠭᠡᠮ ᠲᠠᠢ ᠭᠡᠰᠡᠭ ᠤᠨ ᠦᠡᠭᠭᠡᠨ ᠲᠠᠯ᠎ᠠ ᠳᠤ ᠪᠤᠷᠤᠪᠳᠤᠷ ᠲᠤᠭᠤᠰᠤᠨ ᠲᠠᠪᠬᠤᠷᠭ᠎ᠠ ᠢᠯᠡᠷᠡᠳᠡᠭ᠃ ᠠᠭᠠᠭᠢᠮ᠎ᠠ ᠬᠠᠯᠠᠭᠤᠨ ᠪᠦᠭᠴᠢᠮ ᠠᠭᠤᠷ ᠠᠮᠢᠰᠬᠤᠯ ᠳᠤ ᠠᠮᠠᠷᠬᠠᠨ ᠡᠭᠦᠰᠳᠡᠭ᠃ ᠰᠡᠷᠭᠡᠶᠢᠯᠡᠨ ᠵᠠᠰᠠᠬᠤ ᠠᠷᠭ᠎ᠠ ᠭᠡᠪᠡᠯ ᠬᠠᠮᠢᠶᠠᠷᠤᠯᠳᠠ ᠪᠠᠨ ᠴᠢᠩᠭᠠᠳᠬᠠᠵᠤ᠂ ᠵᠢᠶᠠᠰᠠᠨ ᠳᠠᠭᠠᠨ ᠰᠠᠯᠭᠢ ᠨᠡᠪᠳᠡᠷᠡᠭᠦᠯᠦᠨ ᠭᠡᠷᠡᠯ ᠲᠤᠰᠬᠠᠬᠤ ᠭᠡᠷᠡᠭᠳᠡᠢ᠃ ᠬᠠᠶᠢᠴᠢᠯᠠᠵᠤ ᠬᠠᠶ᠋ᠬᠠᠰᠠᠨ ᠡᠪᠡᠳᠴᠢᠨ ᠲᠠᠢ ᠰᠠᠯᠠᠭ᠎ᠠ ᠨᠠᠪᠴᠢ ᠶᠢ ᠲᠠᠷᠠ ᠲᠠᠷᠤᠢ ᠳᠤᠨᠢ ᠰᠢᠳᠠᠭᠠᠬᠤ ᠭᠡᠷᠡᠭᠳᠡᠢ᠃ ᠨᠠᠭᠢᠶᠠᠯᠠᠬᠤ ᠠᠴᠠ ᠨᠢ ᠡᠮᠦᠨ᠎ᠠ ᠴᠢᠯᠠᠭᠤᠨ ᠭᠦᠭᠦᠷ ᠤᠨ ᠨᠡᠶᠢᠯᠡᠮᠡᠯ ᠡᠮ ᠢ ᠰᠦᠷᠴᠢᠭᠦ ᠭᠡᠷᠡᠭᠳᠡᠢ᠃
⑤ ᠦᠵᠦᠮ ᠤᠨ ᠤᠰᠤᠨ ᠪᠤᠷᠳᠤᠭᠤ ᠭᠡᠮ᠄ ᠨᠢᠭᠡᠨ ᠵᠦᠢᠯ ᠤᠨ ᠮᠠᠬᠠᠪᠤᠳ ᠤᠨ ᠭᠡᠮ ᠤᠨ ᠭᠦᠨᠦᠭᠡᠯ ᠮᠦᠨ᠃ ᠭᠡᠳᠦᠷᠭᠡᠢ ᠠᠷᠪᠢᠨ ᠵᠢᠮᠢᠰᠯᠡᠵᠤ᠂ ᠰᠢᠮ᠎ᠠ ᠲᠡᠵᠢᠭᠡᠯ ᠲᠤᠳ᠋ᠬᠠᠳ᠋ᠬᠠᠰᠠᠨ ᠠᠴᠠ ᠡᠭᠦᠰᠳᠡᠭ᠃ ᠲᠤᠰ ᠡᠪᠡᠳᠴᠢᠨ ᠨᠢ ᠦᠷᠭᠦᠯᠵᠢ ᠵᠢᠮᠢᠰ ᠤᠨ ᠲᠦᠷᠦᠭᠦᠤ᠂ ᠤᠷᠤᠢ ᠶᠢᠨ ᠭᠡᠰᠡᠭ ᠲᠤ ᠡᠭᠦᠰᠴᠤ᠂ ᠭᠡᠮ ᠨᠢ ᠭᠦᠡᠭᠭᠡᠨ ᠦᠶ᠎ᠠ ᠳᠤ ᠵᠢᠮᠢᠰ ᠤᠨ ᠰᠢᠭᠢᠷ ᠤᠨ ᠠᠭᠤᠯᠤᠭᠳᠠᠴᠨ ᠪᠠᠭᠤᠷᠠᠵᠤ᠂ ᠭᠦᠴᠢᠯ ᠨᠢ ᠦᠨᠳᠤᠷᠵᠢᠵᠤ᠂ ᠵᠢᠮᠢᠰ ᠤᠨ ᠮᠢᠬᠠᠨ ᠤ ᠨᠡᠭᠡᠳᠡᠰᠤ ᠨᠢ ᠵᠦᠭᠡᠯᠡᠷᠡᠳᠡᠭ᠃ ᠭᠡᠮ ᠨᠢ ᠭᠦᠨᠳᠤ ᠦᠶᠡᠰ ᠵᠢᠮᠢᠰ ᠤᠨ ᠦᠡᠭᠭᠡ ᠨᠢ ᠭᠦᠢᠭᠡᠨ ᠪᠤᠯᠵᠤ᠂ ᠶᠠᠮᠠᠷ ᠴᠤ ᠠᠮᠳᠠ ᠰᠢᠮᠳᠡ ᠦᠭᠡᠢ᠂ ᠵᠢᠮᠢᠰ ᠤᠨ ᠮᠢᠬ᠎ᠠ ᠤᠰᠤᠩᠭᠢᠳᠤᠵᠦ᠂ ᠦᠷᠴᠶᠢᠨ ᠬᠤᠮᠢᠳᠠᠭ᠃ ᠰᠠᠷᠭᠡᠶᠢᠯᠡᠨ ᠵᠠᠰᠠᠬᠤ ᠠᠷᠭ᠎ᠠ ᠭᠡᠪᠡᠯ ᠰᠠᠯᠠᠭ᠎ᠠ ᠶᠢ ᠵᠤᠭᠢᠰᠳᠡᠢ ᠦᠯᠡᠳᠡᠭᠡᠭᠦ ᠪᠠᠷ ᠲᠡᠮᠵᠢᠭᠤᠯᠤᠨ᠂ ᠲᠦᠷᠦᠭᠦᠤ ᠶᠢ ᠰᠡᠶᠢᠷᠡᠭᠵᠢᠭᠦᠯᠭᠦ ᠪᠡ ᠵᠢᠮᠢᠰᠯᠡᠭᠦᠯᠭᠦ ᠭᠡᠮᠵᠢᠶ᠎ᠠ ᠶᠢ ᠲᠤᠭᠢᠷᠠᠭᠤᠯᠤᠨ᠎ᠠ᠃ ᠪᠤᠷᠳᠤᠭᠤᠷ ᠤᠷᠤᠭᠤᠯᠬᠤ ᠶᠢ ᠠᠩᠬᠠᠷᠴᠤ᠂ ᠮᠤᠳᠤᠨ ᠤ ᠰᠢᠮ᠎ᠠ ᠲᠡᠵᠢᠭᠡᠯ ᠢ ᠨᠡᠮᠡᠭᠳᠡᠭᠦᠯᠵᠤ᠂ ᠺᠠᠯᠢ ᠪᠤᠷᠳᠤᠭᠤᠷ ᠲᠤᠭᠢᠳᠡᠢ ᠤᠷᠤᠭᠤᠯᠪᠠᠯ ᠲᠤᠰ ᠭᠡᠮ ᠤᠨ ᠡᠭᠦᠰᠦᠯ ᠢ ᠪᠠᠭᠠᠰᠬᠠᠵᠤ ᠴᠢᠳᠠᠨ᠎ᠠ᠃
︵2︶ ᠦᠵᠦᠮ ᠤᠨ ᠭᠤᠤᠯ ᠬᠤᠷᠤᠬᠠᠢ ᠶᠢᠨ ᠭᠦᠨᠦᠭᠡᠯ ᠭᠡᠪᠡᠯ ᠦᠵᠦᠮ ᠤᠨ ᠬᠤᠶᠠᠷ ᠤᠳᠤᠳᠤ ᠨᠠᠪᠴᠢᠨ ᠵᠢᠷᠭᠢᠷᠠ᠂ ᠦᠵᠦᠮ ᠤᠨ ᠤᠯᠠᠭᠠᠨ ᠠᠭᠠᠯᠵᠢ ᠵᠡᠷᠭᠡ ᠪᠤᠢ᠃ ᠲᠡᠭᠦᠨ ᠢ ᠰᠡᠷᠭᠡᠶᠢᠯᠡᠭᠦ ᠪᠤᠳᠠᠳᠠᠢ ᠠᠷᠭ᠎ᠠ ᠭᠡᠪᠡᠯ ᠭᠤᠤᠯ ᠨᠢ᠄
① ᠦᠵᠦᠮ ᠤᠨ ᠬᠤᠶᠠᠷ ᠤᠳᠤᠳᠤ ᠨᠠᠪᠴᠢᠨ ᠵᠢᠷᠭᠢᠷᠡ ᠨᠢ ᠲᠤᠯᠤᠭᠠᠢ ᠲᠡᠭᠡᠷ᠎ᠡ ᠪᠠᠨ ᠬᠤᠶᠠᠷ ᠢᠯᠡ ᠲᠤᠳᠤ ᠲᠤᠭᠤᠷᠢᠭ ᠬᠠᠷ᠎ᠠ ᠲᠤᠯᠪᠤ ᠲᠠᠢ᠂ ᠪᠡᠶᠡᠯᠡᠭᠰᠡᠨ ᠬᠤᠷᠤᠬᠠᠢ ᠶᠢᠨ ᠪᠡᠶ᠎ᠠ ᠶᠢᠨ ᠤᠷᠳᠤ ᠨᠢ 3.5mm᠂ ᠪᠦᠭᠦ ᠪᠡᠶ᠎ᠠ ᠨᠢ ᠰᠢᠷᠭᠠᠯ ᠦᠡᠭᠭᠡ ᠲᠠᠢ᠂ ᠠᠪᠠᠭᠠᠯᠳᠠᠢ ᠶᠢᠨ ᠤᠷᠳᠤ ᠨᠢ 2mm ᠪᠠᠶᠢᠳᠠᠭ᠃ ᠦᠵᠦᠮ ᠤᠨ ᠪᠦᠭᠦ᠋ᠢᠯᠡ ᠤᠷᠭᠤᠯᠳᠠ ᠶᠢᠨ ᠬᠤᠭᠤᠴᠠᠭᠠᠨ ᠳᠤ ᠴᠦᠮ ᠭᠦᠨᠦᠭᠡᠯ ᠤᠴᠠᠷᠠᠭᠤᠯᠵᠤ᠂ ᠭᠦᠨᠦᠭᠡᠭᠳᠡᠭᠰᠡᠨ ᠨᠠᠪᠴᠢᠨ ᠳᠤ ᠴᠦᠮ ᠮᠠᠰᠢ ᠤᠯᠠᠨ ᠵᠢᠵᠢᠭ ᠴᠠᠭᠠᠨ ᠲᠤᠰᠤᠯ ᠢᠯᠡᠷᠡᠵᠤ᠂ ᠭᠦᠨᠳᠤ ᠨᠤᠴᠢᠳᠡᠢ ᠦᠶᠡᠰ ᠨᠠᠪᠴᠢᠨ ᠤ ᠦᠡᠭᠭᠡ ᠴᠠᠶᠢᠷᠠᠵᠤ᠂ ᠨᠠᠪᠴᠢ ᠨᠢ ᠡᠷᠳᠡ ᠤᠨᠠᠳᠠᠭ᠃ ᠡᠭᠦᠨ ᠢ 50% ᠶᠢᠨ ᠳ᠋ᠢ ᠳ᠋ᠢ ᠸᠧᠢ ︵敌敌畏︶ ᠪᠤᠶᠤ 90% ᠶᠢᠨ ᠳ᠋ᠢ ᠪᠠᠢ ᠴᠦᠩ ︵敌百虫︶ ᠪᠤᠶᠤ 40% ᠶᠢᠨ ᠯᠧ ᠭᠦᠸᠧ ︵乐果︶ ᠡᠮ ᠤᠨ 800~1000 ᠲᠠᠭᠢᠨ ᠤ ᠰᠢᠩᠭᠡᠨ ᠢ ᠰᠦᠷᠴᠢᠨ ᠰᠡᠷᠭᠡᠶᠢᠯᠡᠵᠤ ᠪᠤᠯᠤᠨ᠎ᠠ᠃
② ᠦᠵᠦᠮ ᠤᠨ ᠤᠯᠠᠭᠠᠨ ᠠᠭᠠᠯᠵᠢ ᠶᠢ ᠰᠠᠷᠭᠡᠶᠢᠯᠡᠨ ᠵᠠᠰᠠᠬᠤ ᠠᠷᠭ᠎ᠠ ᠭᠡᠪᠡᠯ ᠡᠪᠤᠯ ᠰᠠᠯᠠᠭ᠎ᠠ ᠡᠰᠢᠨ ᠤ ᠬᠠᠯᠢᠰᠤ ᠶᠢ ᠱᠠᠭᠠᠯᠤᠨ ᠰᠢᠳᠠᠭᠠᠵᠤ᠂ ᠡᠪᠤᠯᠵᠢᠭᠦ ᠠᠪᠠᠭᠠᠯᠳᠠᠢ ᠶᠢ ᠤᠰᠠᠳᠬᠠᠨ᠎ᠠ᠃ ᠴᠢᠯᠠᠭᠤᠨ ᠭᠦᠭᠦᠷ ᠤᠨ ᠨᠡᠶᠢᠯᠡᠮᠡᠯ ᠡᠮ ᠢ ᠲᠤᠭᠢᠳᠡᠢ ᠴᠠᠭ ᠲᠤᠨᠢ ᠵᠤᠭᠢᠰᠳᠡᠢ ᠭᠡᠮᠵᠢᠶ᠎ᠠ ᠪᠠᠷ ᠰᠦᠷᠴᠢᠨ ᠰᠡᠷᠭᠡᠶᠢᠯᠡᠨ᠎ᠡ᠃
ᠪᠦᠸᠧ ᠡᠯ ᠳ᠋ᠦᠸᠧ ︵波尔多︶ ᠡᠮ᠂ ᠴᠢᠯᠠᠭᠤᠨ ᠭᠦᠭᠦᠷ ᠤᠨ ᠨᠡᠶᠢᠯᠡᠮᠡᠯ ᠡᠮ ᠪᠤᠯ ᠦᠵᠦᠮ ᠤᠨ ᠭᠡᠮ ᠬᠤᠷᠤᠬᠠᠢ ᠶᠢᠨ ᠭᠦᠨᠦᠭᠡᠯ ᠢ ᠰᠡᠷᠭᠡᠶᠢᠯᠡᠭᠦ ᠳᠤ ᠪᠠᠶᠢᠡᠭᠭᠤ ᠭᠡᠷᠡᠭᠯᠡᠳᠡᠭ ᠡᠮ ᠪᠤᠯᠤᠨ᠎ᠠ᠃ ᠭᠡᠪᠡᠴᠤ ᠡᠨᠡ ᠬᠤᠶᠠᠭᠤᠯᠠ ᠶᠢ ᠬᠤᠯᠢᠵᠤ ᠭᠡᠷᠡᠭᠯᠡᠵᠤ ᠪᠤᠯᠬᠤ ᠦᠭᠡᠢ᠃ ᠴᠢᠯᠠᠭᠤᠨ ᠭᠦᠭᠦᠷ ᠤᠨ ᠨᠡᠶᠢᠯᠡᠮᠡᠯ ᠡᠮ ᠢ ᠰᠦᠷᠴᠢᠭᠰᠡᠨ ᠤ ᠰᠡᠭᠦᠯᠡᠷ 10~15 ᠬᠤᠨᠤᠭ ᠠᠯᠤᠰᠯᠠᠨ ᠲᠠᠭᠢᠨ ᠪᠦᠸᠧ ᠡᠯ ᠳ᠋ᠦᠸᠧ ︵波尔多︶ ᠡᠮ ᠢ ᠰᠦᠷᠴᠢᠵᠤ᠂ ᠬᠠᠷᠢᠨ ᠪᠦᠸᠧ ᠡᠯ ᠳ᠋ᠦᠸᠧ ︵波尔多︶ ᠡᠮ ᠢ ᠰᠦᠷᠴᠢᠭᠰᠡᠨ ᠤ ᠰᠡᠭᠦᠯᠡᠷ ᠴᠢᠯᠠᠭᠤᠨ ᠭᠦᠭᠦᠷ ᠤᠨ ᠨᠡᠶᠢᠯᠡᠮᠡᠯ ᠡᠮ ᠢ ᠰᠦᠷᠴᠢᠭᠦ ᠳᠤ 30 ᠬᠤᠨᠤᠭ ᠠᠯᠤᠰᠯᠠᠬᠤ ᠭᠡᠷᠡᠭᠳᠡᠢ᠃
14. ᠦᠵᠦᠮ ᠤᠨ ᠵᠡᠯ᠎ᠡ ᠡᠰᠢ ᠶᠢ ᠵᠠᠰᠠᠬᠤ ᠳᠤ ᠶᠠᠮᠠᠷ ᠶᠠᠮᠠᠷ ᠠᠷᠭ᠎ᠠ ᠭᠡᠯᠪᠡᠷᠢ ᠪᠠᠶᠢᠬᠤ ᠪᠤᠢ︖
ᠡᠭᠦᠨ ᠳᠤ ᠤᠯᠠᠨ ᠭᠤᠤᠯ ᠵᠠᠯ᠎ᠠ ᠶᠢ ᠵᠠᠰᠠᠬᠤ ᠪᠠ ᠭᠤᠤᠯ ᠡᠰᠢ ᠶᠢ ᠵᠠᠰᠠᠬᠤ ᠭᠡᠵᠤ ᠬᠤᠶᠠᠷ ᠬᠤᠪᠢᠶᠠᠨ᠎ᠠ᠃ ᠤᠯᠠᠨ ᠵᠡᠯ᠎ᠡ ᠶᠢ ᠵᠠᠰᠠᠬᠤ ᠨᠢ ᠡᠪᠤᠯ ᠰᠢᠷᠤᠢ ᠳᠤ ᠪᠤᠯᠠᠵᠤ ᠭᠦᠢᠳᠡᠨ ᠠᠴᠠ ᠬᠠᠮᠠᠭᠠᠯᠠᠳᠠᠭ ᠭᠠᠵᠠᠷ ᠤᠷᠤᠨ ᠤ ᠭᠡᠷᠡᠭᠯᠡᠳᠡᠭ ᠭᠤᠤᠯ ᠠᠷᠭ᠎ᠠ ᠭᠡᠮᠵᠢᠶ᠎ᠠ ᠪᠤᠯᠤᠨ᠎ᠠ᠃ ᠪᠤᠳᠠᠳᠠᠢ ᠪᠠᠷ ᠭᠡᠯᠡᠪᠡᠯ ᠰᠠᠭᠤᠷᠢᠰᠢᠭᠤᠯᠤᠨ ᠲᠠᠷᠢᠠᠠᠰᠠᠨ ᠲᠤᠬᠠᠢ ᠶᠢᠨ ᠵᠢᠯ ᠤᠨ ᠰᠢᠨ᠎ᠠ ᠨᠠᠭᠢᠶ᠎ᠠ ᠨᠢ 5~6 ᠨᠠᠪᠴᠢᠯᠠᠬᠤ ᠦᠶᠡᠰ ᠤᠷᠤᠢ ᠶᠢ ᠨᠢ ᠭᠢᠷᠭᠠᠵᠤ᠂ 3~4 ᠢᠳᠡᠷᠡᠭᠦᠨ ᠵᠡᠯ᠎ᠠ ᠶᠢ ᠰᠤᠩᠭᠤᠨ ᠦᠯᠡᠳᠡᠭᠡᠨ᠎ᠡ᠃ ᠭᠤᠤᠯ ᠡᠰᠢ ᠶᠢ ᠵᠠᠰᠠᠬᠤ ᠳᠤ ᠰᠠᠭᠤᠷᠢᠰᠢᠭᠤᠯᠤᠨ ᠲᠠᠷᠢᠠᠠᠰᠠᠨ ᠲᠤᠬᠠᠢ ᠶᠢᠨ ᠵᠢᠯ ᠳᠤ ᠰᠤᠶᠤᠭᠠᠯᠬᠠᠰᠠᠨ ᠤ ᠲᠠᠷᠠᠭ᠎ᠠ᠂ ᠨᠢᠬᠡ ᠯᠠ ᠰᠤᠶᠤᠭ᠎ᠠ ᠦᠯᠡᠳᠡᠭᠡᠵᠤ᠂ ᠡᠭ᠍ᠴᠡ ᠤᠷᠭᠤᠬᠤ ᠭᠤᠤᠯ ᠡᠰᠢ ᠪᠤᠯᠭᠠᠨ ᠪᠤᠶᠢᠵᠢᠭᠤᠯᠤᠨ᠎ᠠ᠃
ᠦᠵᠦᠮ ᠢ ᠵᠠᠰᠠᠬᠤ ᠳᠤ ᠶᠠᠷᠦᠩᠭᠡᠢ ᠳᠡᠭᠡᠨ ᠨᠠᠮᠤᠷ ᠨᠠᠪᠴᠢ ᠨᠢ ᠤᠨ᠋ᠬᠠᠰᠠᠨ ᠤ ᠰᠡᠭᠦᠯᠡᠷ ᠪᠤᠶᠤ ᠲᠠᠷᠠᠭ᠎ᠠ ᠵᠢᠯ ᠤᠨ ᠵᠢᠶᠠᠰᠠ ᠪᠤᠰᠬᠠᠵᠤ ᠨᠠᠭᠢᠶᠠᠯᠠᠬᠤ ᠠᠴᠠ 20 ᠬᠤᠨᠤᠭ ᠤᠨ ᠡᠮᠦᠨ᠎ᠠ ᠵᠠᠰᠠᠨ᠎ᠠ᠃ ᠭᠡᠳᠦᠷᠭᠡᠢ ᠡᠷᠳᠡ ᠪᠤᠶᠤ ᠭᠡᠳᠦᠷᠭᠡᠢ ᠤᠷᠤᠢ ᠵᠠᠰᠠᠪᠠᠯ ᠮᠤᠳᠤᠨ ᠤ ᠴᠤᠠᠠᠴᠠ ᠶᠢ ᠭᠦᠨᠳᠤ ᠨᠤᠴᠢᠳᠡᠢ ᠭᠡᠮᠳᠦᠭᠡᠵᠤ᠂ ᠰᠢᠮ᠎ᠠ ᠲᠡᠵᠢᠭᠡᠯ ᠢ ᠨᠢ ᠬᠤᠭᠢᠷᠠᠭᠤᠯᠵᠤ᠂ ᠤᠷᠭᠤᠯᠳᠠ ᠮᠠᠭᠤᠳᠠᠢ ᠪᠤᠯᠭᠠᠳᠠᠭ᠃ ᠮᠤᠳᠤᠨ ᠤ ᠰᠠᠶᠢᠨ ᠮᠠᠭᠤ ᠪᠠ ᠵᠢᠮᠢᠰᠯᠡᠭᠦ ᠡᠭᠡ ᠮᠦᠴᠢᠷ ᠤᠨ ᠤᠷᠳᠤ ᠤᠬᠤᠷ ᠢ ᠦᠨᠳᠦᠰᠦᠯᠡᠵᠤ᠂ ᠦᠵᠦᠮ ᠢ ᠲᠤᠤᠷᠠᠭᠢ ᠮᠡᠳᠤ ᠵᠠᠷᠴᠢᠮ ᠢᠶᠠᠷ ᠵᠠᠰᠠᠨ᠎ᠠ᠃ ᠢᠳᠡᠷᠡᠭᠦᠨ ᠵᠠᠯ᠎ᠠ ᠶᠢ ᠤᠷᠳᠤ ᠦᠯᠡᠳᠡᠭᠡᠵᠤ᠂ ᠪᠠᠭᠤᠷᠠᠢ ᠵᠠᠯ᠎ᠠ ᠶᠢ ᠤᠬᠤᠷ ᠦᠯᠡᠳᠡᠭᠡᠨ᠎ᠡ᠃
ᠤᠷᠤᠢ ᠶᠢᠨ ᠭᠡᠰᠡᠭ ᠢ ᠤᠷᠳᠤ ᠦᠯᠡᠳᠡᠭᠡᠵᠤ᠂ ᠢᠷᠤᠭᠠᠷ ᠤᠨ ᠭᠡᠰᠡᠭ ᠢ ᠤᠬᠤᠷ ᠦᠯᠡᠳᠡᠭᠡᠨ᠎ᠡ᠃ ᠵᠠᠰᠠᠬᠤ ᠳᠠᠭᠠᠨ ᠶᠡᠭᠡ ᠲᠦᠯᠦᠪ ᠭᠤᠷᠪᠡᠨ ᠠᠷᠭ᠎ᠠ ᠪᠠᠷ ᠵᠠᠰᠠᠨ᠎ᠠ᠃ ︵1︶ ᠤᠷᠳᠤ ᠵᠡᠯ᠎ᠡ ᠶᠢ ᠵᠠᠰᠠᠬᠤ ᠳᠤ ᠶᠠᠷᠦᠩᠭᠡᠢ ᠳᠡᠭᠡᠨ ᠬᠤᠤᠰ ᠵᠡᠯ᠎ᠠ ᠶᠢ ᠰᠢᠨᠡᠴᠢᠯᠡᠭᠦ ᠠᠷᠭ᠎ᠠ ᠶᠢ ᠠᠪᠤᠨ᠎ᠠ᠃ ᠲᠤᠬᠠᠶᠢᠯᠠᠪᠠᠯ ᠵᠢᠮᠢᠰᠯᠡᠭᠦ ᠡᠭᠡ ᠵᠡᠯ᠎ᠡ ᠶᠢᠨ ᠲᠤᠤᠷ᠎ᠠ ᠨᠢᠭᠡᠨ ᠵᠠᠯ᠎ᠠ ᠰᠤᠩᠭᠤᠨ ᠦᠯᠡᠳᠡᠭᠡᠵᠤ᠂ ᠰᠢᠨᠡᠴᠢᠯᠡᠭᠦ ᠡᠭᠡ ᠮᠦᠴᠢᠷ ᠪᠤᠯᠭᠠᠵᠤ᠂ ᠰᠢᠨᠡᠴᠢᠯᠡᠭᠦ ᠡᠭᠡ ᠮᠦᠴᠢᠷ ᠲᠤ 2~3 ᠢᠳᠡᠷᠡᠭᠦᠨ ᠰᠤᠶᠤᠭ᠎ᠠ ᠦᠯᠡᠳᠡᠭᠡᠵᠤ᠂ ᠵᠢᠮᠢᠰᠯᠡᠭᠦ ᠡᠭᠡ ᠵᠠᠯ᠎ᠠ ᠳᠤ 6~12 ᠰᠤᠶᠤᠭ᠎ᠠ ᠦᠯᠡᠳᠡᠭᠡᠵᠤ᠂ ᠰᠢᠨ᠎ᠠ ᠰᠤᠶᠤᠭ᠎ᠠ ᠭᠠᠷᠬᠤ ᠶᠢ ᠠᠭᠢᠭᠤᠯᠵᠤ᠂ ᠲᠤᠰ ᠵᠢᠯ ᠳᠡᠭᠡᠨ ᠴᠡᠴᠡᠭ ᠲᠡᠯᠭᠡᠷᠡᠨ ᠵᠢᠮᠢᠰᠯᠡᠭᠦ ᠪᠤᠯᠭᠠᠵᠤ᠂ ᠰᠢᠨᠡᠴᠢᠯᠡᠭᠦ ᠡᠭᠡ ᠵᠡᠯ᠎ᠡ ᠲᠡᠭᠡᠷ᠎ᠡ ᠭᠠᠷᠤᠠᠠᠰᠠᠨ ᠬᠤᠶᠠᠷ ᠰᠢᠨ᠎ᠠ ᠰᠦᠶ᠎ᠠ ᠶᠢᠨ ᠲᠡᠭᠡᠷ᠎ᠡ ᠴᠡᠴᠡᠭ ᠤᠨ ᠪᠠᠭ ᠤᠷᠭᠤᠠᠠᠰᠠᠨ ᠪᠤᠯ ᠲᠠᠷᠦ᠋ᠢᠬᠠᠨ ᠬᠠᠶᠢᠴᠢᠯᠠᠨ ᠬᠠᠶᠠᠵᠤ᠂ ᠰᠢᠮ᠎ᠠ ᠲᠠᠵᠢᠭᠡᠯ ᠤᠨ ᠬᠤᠷᠤᠠᠠᠳᠠᠯ ᠢ ᠪᠠᠭᠠᠰᠬᠠᠵᠤ᠂ ᠮᠦᠴᠢᠷ ᠤᠨ ᠨᠡᠭᠡᠳᠡᠰᠤ ᠶᠢ ᠲᠡᠭᠦᠯᠳᠡᠷᠵᠢᠭᠦᠯᠦᠨ᠎ᠠ᠃ ︵2︶ ᠤᠬᠤᠷ ᠵᠡᠯ᠎ᠡ ᠶᠢ ᠵᠠᠰᠠᠬᠤ ᠳᠤ᠂ ᠤᠷᠢᠳ ᠢᠶᠠᠷ 1m ᠤᠷᠴᠢᠮ ᠤᠨ ᠤᠷᠳᠤ ᠵᠠᠯ᠎ᠠ ᠶᠢ ᠪᠤᠶᠢᠵᠢᠭᠤᠯᠵᠤ᠂ ᠭᠤᠤᠯ ᠵᠠᠯᠠᠨ ᠲᠡᠭᠡᠷ᠎ᠡ ᠵᠢᠮᠢᠰᠯᠡᠭᠦ ᠤᠯᠠᠨ ᠭᠤᠤᠯ ᠵᠠᠯ᠎ᠠ ᠭᠠᠷᠭᠠᠵᠤ᠂ ᠵᠠᠰᠠᠬᠤ ᠳᠠᠭᠠᠨ ᠵᠢᠮᠢᠰᠯᠡᠭᠦ ᠡᠯ᠎ᠡ ᠡᠭᠡ ᠵᠡᠯᠡᠨ ᠳᠤ ᠴᠦᠮ 2~3 ᠨᠠᠭᠢᠶ᠎ᠠ ᠦᠯᠡᠳᠡᠭᠡᠵᠤ᠂ ᠬᠠᠪᠤᠷ ᠨᠠᠭᠢᠶᠠᠯᠬᠠᠰᠠᠨ ᠤ ᠰᠡᠭᠦᠯᠡᠷ ᠲᠡᠭᠡᠳᠤ ᠭᠡᠰᠡᠭ ᠤᠨ ᠨᠢᠭᠡᠨ ᠮᠦᠴᠢᠷ ᠢ ᠰᠤᠩᠭᠤᠨ ᠵᠢᠮᠢᠰᠯᠡᠭᠦ ᠮᠦᠴᠢᠷ ᠪᠤᠯᠭᠠᠵᠤ᠂ ᠲᠤᠤᠷ᠎ᠠ ᠭᠡᠰᠡᠭ ᠤᠨ ᠨᠢᠭᠡ ᠮᠦᠴᠢᠷ ᠢ ᠰᠢᠨᠡᠴᠢᠯᠡᠭᠦ ᠮᠦᠴᠢᠷ ᠪᠤᠯᠭᠠᠵᠤ᠂ ᠲᠡᠭᠦᠨ ᠢ ᠵᠢᠮᠢᠰᠯᠡᠭᠦᠯᠬᠦ ᠦᠭᠡᠢ ᠪᠠᠶᠢᠯᠭᠠᠵᠤ᠂ ᠵᠠᠰᠠᠬᠤ ᠦᠶ᠎ᠠ ᠳᠤ ᠭᠦᠷᠪᠡᠯ᠂ ᠲᠠᠭᠢᠨ ᠵᠢᠮᠢᠰᠯᠡᠭᠦᠯᠬᠦ ᠮᠦᠴᠢᠷ ᠢᠶᠠᠨ ᠪᠦᠭᠦᠨ ᠢ ᠬᠠᠶᠢᠴᠢᠯᠠᠨ ᠬᠠᠶᠠᠵᠤ᠂ ᠰᠢᠨᠡᠴᠢᠯᠡᠭᠦ ᠮᠦᠴᠢᠷ ᠲᠡᠭᠡᠷ᠎ᠡ ᠪᠠᠨ 2~3 ᠨᠠᠭᠢᠶ᠎ᠠ ᠦᠯᠡᠳᠡᠭᠡᠨ᠎ᠡ᠃ ︵3︶ ᠲᠤᠮᠳᠠ ᠵᠡᠯ᠎ᠡ ᠶᠢ ᠵᠠᠰᠠᠬᠤ ᠪᠠ ᠰᠢᠨᠡᠴᠢᠯᠡᠭᠦ ᠠᠷᠭ᠎ᠠ ᠨᠢ ᠦᠨᠳᠤᠰᠤᠨ ᠳᠡᠭᠡᠨ ᠤᠬᠤᠷ ᠵᠠᠯ᠎ᠠ ᠶᠢ ᠵᠠᠰᠠᠬᠤ ᠲᠠᠢ ᠠᠳᠠᠯᠢ᠃ ᠠᠳᠠᠯᠢ ᠦᠭᠡᠢ ᠲᠠᠯ᠎ᠠ ᠨᠢ ᠭᠡᠪᠡᠯ ᠵᠢᠮᠢᠰᠯᠡᠭᠦ ᠡᠭᠡ ᠮᠦᠴᠢᠷ ᠲᠡᠭᠡᠷ᠎ᠡ ᠨᠡᠯᠢᠶᠡᠳ ᠤᠯᠠᠨ ᠨᠠᠭᠢᠶ᠎ᠠ ᠦᠯᠡᠳᠡᠭᠡᠳᠡᠭ᠃ ᠶᠠᠷᠦᠩᠭᠡᠢ ᠳᠡᠭᠡᠨ 4~5 ᠨᠠᠭᠢᠶ᠎ᠠ ᠦᠯᠡᠳᠡᠭᠡᠳᠡᠭ᠃ ᠡᠭᠦᠨ ᠠᠴᠠ ᠭᠠᠳᠠᠨ᠎ᠠ ᠵᠠᠰᠠᠬᠤ ᠳᠠᠭᠠᠨ ᠢᠠᠠᠴᠤ ᠮᠦᠴᠢᠷ᠂ ᠪᠠᠭᠤᠷᠠᠢ ᠮᠦᠴᠢᠷ᠂ ᠭᠡᠮ ᠬᠤᠷᠤᠬᠠᠢ ᠶᠢᠨ ᠭᠦᠨᠦᠭᠡᠯ ᠲᠠᠢ ᠮᠦᠴᠢᠷ ᠪᠠ ᠬᠠᠳ᠋ᠬᠠᠰᠠᠨ ᠮᠦᠴᠢᠷ ᠢ ᠬᠠᠶᠢᠴᠢᠯᠡᠨ ᠬᠠᠶᠠᠬᠤ ᠭᠡᠷᠡᠭᠳᠡᠢ᠃
15. ᠦᠵᠦᠮ ᠢ ᠲᠡᠭᠦᠭᠦ ᠪᠠ ᠬᠠᠳᠠᠭᠠᠯᠠᠬᠤ ᠲᠠᠯ᠎ᠠ ᠪᠠᠷ ᠶᠠᠮᠠᠷ ᠪᠤᠳᠠᠳᠠᠢ ᠱᠠᠭᠠᠷᠳᠠᠯᠭ᠎ᠠ ᠪᠠᠶᠢᠬᠤ ᠪᠤᠢ︖
ᠰᠢᠭᠤᠳ ᠢᠳᠡᠭᠦ ᠦᠵᠦᠮ ᠢ ᠪᠤᠯ ᠡᠷᠭᠡᠪᠰᠢ ᠴᠠᠭ ᠲᠤᠭᠢᠶᠠᠯ ᠳᠤᠨᠢ ᠲᠠᠭᠠᠷᠠᠭᠤᠯᠤᠨ ᠲᠡᠭᠦᠵᠤ ᠠᠪᠤᠪᠠᠯ ᠰᠠᠶ᠋ᠢ ᠴᠢᠨᠠᠷ ᠢ ᠨᠢ ᠪᠠᠳᠤᠯᠠᠵᠤ ᠴᠢᠳᠠᠨ᠎ᠠ᠃ ᠲᠡᠭᠦᠵᠤ ᠬᠤᠷᠢᠶᠠᠬᠤ ᠨᠢ ᠵᠢᠭᠠᠬᠠᠨ ᠡᠷᠳᠡᠳᠡᠪᠡᠯ ᠰᠢᠭᠢᠷ ᠤᠨ ᠭᠡᠮᠵᠢᠶ᠎ᠠ ᠨᠢ ᠲᠤᠤᠷ᠎ᠡ᠂ ᠭᠦᠴᠢᠯ ᠶᠡᠭᠡᠳᠡᠢ᠂ ᠦᠨᠤᠷ ᠠᠮᠳᠠ ᠨᠢ ᠪᠠᠷᠤᠠᠠᠳᠠᠢ ᠪᠠᠶᠢᠳᠠᠭ᠃ ᠭᠡᠳᠡᠯ᠎ᠡ ᠭᠦᠢᠴᠡᠳ ᠪᠤᠯᠪᠠᠰᠤᠷᠬᠠᠰᠠᠨ ᠵᠢᠮᠢᠰ ᠢ ᠴᠠᠭ ᠲᠤᠨᠢ ᠲᠡᠭᠦᠭᠦ ᠦᠭᠡᠢ ᠪᠤᠯ ᠵᠢᠮᠢᠰ ᠨᠢ ᠢᠵᠠᠷᠠᠵᠤ ᠮᠦᠭᠦᠯᠢᠭ ᠨᠢ ᠤᠨᠠᠬᠤ ᠠᠶᠤᠯ ᠲᠠᠢ ᠪᠦᠭᠡᠳ ᠪᠠᠰᠠ ᠮᠤᠳᠤᠨ ᠤ ᠰᠡᠷᠭᠦᠵᠤ ᠤᠷᠭᠤᠬᠤ ᠶᠢ ᠨᠦᠯᠦᠭᠡᠯᠡᠨ᠎ᠡ᠃ ᠦᠵᠦᠮ ᠢ ᠲᠡᠭᠦᠭᠦ ᠳᠡᠭᠡᠨ ᠦᠷᠯᠦᠭᠡ ᠡᠷᠳᠡ ᠰᠡᠭᠦᠳᠡᠷ ᠬᠠᠳ᠋ᠬᠠᠰᠠᠨ ᠤ ᠰᠡᠭᠦᠯᠡᠷ ᠪᠤᠶᠤ ᠨᠠᠷᠠ ᠰᠢᠩᠭᠡᠭᠰᠡᠨ ᠤ ᠰᠡᠭᠦᠯᠡᠷ ᠲᠡᠭᠦᠪᠡᠯ ᠬᠠᠮᠤᠭ ᠤᠨ ᠰᠠᠶᠢᠨ ᠪᠠᠶᠢᠳᠠᠭ᠃ ᠡᠨᠡ ᠦᠶ᠎ᠠ ᠳᠤ ᠵᠢᠮᠢᠰ ᠤᠨ ᠰᠢᠭᠦᠰᠤ ᠶᠢᠨ ᠲᠤᠳᠤᠭᠠᠳᠤ ᠲᠤᠯᠠᠭᠠᠨ ᠤ ᠭᠡᠮᠵᠢᠶ᠎ᠠ ᠨᠢ ᠲᠤᠤᠷ᠎ᠡ ᠪᠠᠶᠢᠵᠤ᠂ ᠠᠩᠭᠢᠯᠤᠮ᠎ᠠ ᠦᠨᠤᠷ ᠲᠠᠢ ᠪᠠᠶᠢᠬᠤ ᠪᠠᠷ ᠪᠠᠷᠠᠬᠤ ᠦᠭᠡᠢ ᠪᠠᠰᠠ ᠬᠠᠳᠠᠭᠠᠯᠠᠬᠤ ᠳᠤ ᠴᠤ ᠲᠠᠰᠪᠤᠷᠢ ᠲᠠᠢ ᠪᠠᠶᠢᠳᠠᠭ᠃
ᠦᠵᠦᠮ ᠢ ᠲᠡᠭᠦᠵᠤ ᠠᠪᠤᠠᠠᠰᠠᠨ ᠤ ᠪᠠᠨ ᠲᠠᠷᠠᠭ᠎ᠠ ᠭᠡᠷᠪᠡ ᠨᠢᠭᠡ ᠪᠦᠯᠦᠭ ᠢ ᠨᠢ ᠬᠠᠳᠠᠭᠠᠯᠠᠭᠠᠳ᠂ ᠰᠢᠨ᠎ᠠ ᠵᠢᠯ ᠪᠤᠶᠤ ᠴᠠᠭᠠᠨ ᠰᠠᠷ᠎ᠠ ᠳᠤ ᠵᠠᠬ᠎ᠠ ᠳᠤ ᠭᠠᠷᠭᠠᠪᠠᠯ᠂ ᠮᠠᠰᠢ ᠦᠨᠳᠤᠷ ᠦᠷ᠎ᠡ ᠠᠰᠢᠭ ᠤᠯᠵᠤ ᠪᠤᠯᠤᠨ᠎ᠠ᠃ ᠶᠠᠷᠦᠩᠭᠡᠢ ᠳᠡᠭᠡᠨ ᠭᠡᠳᠦᠢ ᠰᠠᠶᠢᠨ ᠪᠤᠯᠪᠠᠰᠤᠷᠬᠠᠰᠠᠨ ᠦᠵᠦᠮ ᠨᠢ ᠬᠠᠳᠠᠭᠠᠯᠠᠬᠤ ᠳᠤ ᠤᠯᠠᠮ ᠲᠠᠰᠪᠤᠷᠢ ᠲᠠᠢ ᠪᠠᠶᠢᠳᠠᠭ᠃ ᠡᠶᠢᠮᠤ ᠠᠴᠠ ᠮᠤᠳᠤᠨ ᠲᠡᠭᠡᠷ᠎ᠡ ᠪᠠᠨ ᠨᠢᠭᠡ ᠪᠦᠯᠦᠭ ᠵᠢᠮᠢᠰ ᠤᠨ ᠲᠦᠷᠦᠭᠦᠤ ᠶᠢ ᠦᠯᠡᠳᠡᠭᠡᠵᠤ ᠬᠤᠵᠢᠮ ᠲᠡᠭᠦᠵᠤ ᠪᠤᠯᠤᠨ᠎ᠠ᠃ ᠲᠡᠭᠦᠵᠤ ᠠᠪᠤᠠᠠᠰᠠᠨ ᠵᠢᠮᠢᠰ ᠤᠨ ᠲᠦᠷᠦᠭᠦᠤ ᠶᠢᠨ ᠬᠠᠶᠢᠴᠢᠯᠬᠠᠰᠠᠨ ᠤᠷᠤᠮ ᠢ ᠯᠡ ᠪᠠᠷ ᠪᠢᠳᠡᠭᠦᠮᠵᠢᠯᠡᠵᠤ᠂ ᠤᠰᠤᠨ ᠤ ᠠᠭᠤᠷᠰᠢᠯ ᠢ ᠨᠢ ᠪᠠᠭᠠᠰᠬᠠᠵᠤ᠂ ᠢᠵᠠᠷᠬᠠᠰᠠᠨ᠂ ᠵᠢᠵᠢᠭ ᠪᠡ ᠭᠡᠮ ᠲᠠᠢ ᠮᠦᠭᠦᠯᠢᠭ ᠢ ᠲᠠᠭᠦᠨ ᠬᠠᠶ᠋ᠬᠠᠰᠠᠨ ᠤ ᠰᠡᠭᠦᠯᠡᠷ ᠰᠠᠷᠢᠭᠦᠨ ᠭᠠᠵᠠᠷ 1~2 ᠡᠳᠤᠷ ᠰᠡᠷᠢᠭᠦᠴᠡᠭᠦᠯᠵᠤ᠂ ᠬᠠᠳᠠᠭᠠᠯᠠᠬᠤ ᠳᠤ ᠪᠡᠯᠡᠳᠭᠡᠭᠦ ᠭᠡᠷᠡᠭᠳᠡᠢ᠃ ᠬᠠᠳᠠᠭᠠᠯᠠᠬᠤ ᠳᠠᠭᠠᠨ ᠮᠤᠳᠤᠨ ᠬᠠᠶᠢᠷᠴᠠᠭ ᠭᠡᠷᠡᠭᠯᠡᠪᠡᠯ ᠬᠠᠮᠤᠭ ᠤᠨ ᠰᠠᠶᠢᠨ᠂ ᠬᠠᠶᠢᠷᠴᠠᠭ ᠤᠨ ᠲᠤᠮᠤ ᠵᠢᠵᠢᠭ ᠢ ᠬᠠᠶᠢᠷᠴᠠᠭ ᠪᠦᠷᠢ 5~10kg ᠪᠠᠭᠳᠠᠬᠤ ᠪᠠᠷ ᠭᠢᠵᠠᠭᠠᠷᠯᠠᠵᠤ᠂ ᠨᠢᠬᠡ ᠯᠠ ᠲᠡᠭᠡᠷ᠎ᠡ ᠬᠤᠳᠠᠯᠳᠤᠬᠤ ᠳᠤ ᠲᠦᠭᠦᠮ ᠪᠤᠯᠭᠠᠬᠤ ᠭᠡᠷᠡᠭᠳᠡᠢ᠃ ᠬᠠᠳᠠᠭᠠᠯᠠᠬᠤ ᠳᠠᠭᠠᠨ ᠦᠵᠦᠮ ᠢᠶᠠᠨ ᠰᠤᠷᠭᠤᠭ ᠬᠠᠳᠠᠭᠠᠯᠠᠬᠤ ᠤᠭᠤᠳᠠᠨ ᠳᠤ ᠰᠠᠪᠠᠯᠠᠨ᠂ ᠮᠤᠳᠤᠨ ᠬᠠᠶᠢᠷᠴᠠᠭ ᠲᠠᠭᠠᠨ ᠭᠢᠵᠤ᠂ ᠰᠡᠷᠢᠭᠦᠨ ᠭᠡᠷ ᠲᠤ ᠲᠦᠪᠯᠡᠷᠡᠭᠦᠯᠦᠨ ᠬᠠᠳᠠᠭᠠᠯᠠᠪᠠᠯ ᠶᠠᠷᠦᠩᠭᠡᠢ ᠳᠡᠭᠡᠨ ᠲᠠᠷᠠᠭ᠎ᠠ ᠵᠢᠯ ᠤᠨ 2~3 ᠳ᠋ᠤᠭᠠᠷ ᠰᠠᠷ᠎ᠠ ᠭᠦᠷᠳᠡᠯ᠎ᠡ ᠬᠠᠳᠠᠭᠠᠯᠠᠵᠤ ᠪᠤᠯᠬᠤ ᠪᠦᠭᠡᠳ ᠦᠵᠦᠮ ᠨᠢ ᠴᠤ ᠰᠢᠨ᠎ᠠ ᠰᠤᠷᠭᠤᠭ ᠠᠮᠳᠠ ᠲᠠᠢ ᠭᠡᠪ ᠢᠶᠠᠷ ᠢᠶᠠᠨ ᠪᠠᠶᠢᠳᠠᠭ᠃