1. ᠡᠷᠡᠨᠳᠡ ᠶᠢ ᠶᠠᠮᠠᠷ ᠠᠷᠭ᠎ᠠ ᠪᠠᠷ ᠲᠠᠷᠢᠪᠠᠯ ᠴᠢᠨᠠᠷ ᠰᠠᠶᠢᠳᠠᠢ᠂ ᠦᠨᠢᠷ ᠬᠤᠷᠢᠶᠠᠯᠳᠠ
ᠲᠠᠢ᠂ ᠦᠨᠳᠤᠷ ᠦᠷ᠎ᠡ ᠠᠰᠢᠭ ᠲᠠᠢ ᠪᠤᠯᠭᠠᠵᠤ ᠴᠢᠳᠠᠬᠤ ᠪᠤᠢ︖
ᠡᠩ ᠲᠡᠷᠢᠭᠦᠨ ᠳᠤ ᠴᠢᠨᠠᠷ ᠰᠠᠶᠢᠳᠠᠢ᠂ ᠤᠨᠠᠯᠳᠠ ᠰᠠᠶᠢᠳᠠᠢ ᠰᠤᠷᠲ ᠢ ᠰᠤᠩᠭᠤᠵᠤ᠂ ᠡᠷᠡᠨᠳᠡ ᠶᠢᠨ ᠦᠷ᠎ᠡ ᠮᠦᠭᠦᠯᠢᠭ ᠤᠨ ᠤᠨᠠᠯᠳᠠ ᠶᠢ ᠪᠠᠳᠤᠯᠠᠬᠤ ᠶᠢᠨ ᠬᠠᠮᠳᠤ ᠪᠠᠰᠠ ᠲᠤᠰᠤᠨ ᠤ ᠠᠭᠤᠯᠤᠭᠳᠠᠴᠨ ᠶᠢᠨ ᠲᠡᠭᠡᠭᠰᠢᠯᠡᠭᠦᠯᠦᠯᠳᠡ ᠶᠢ ᠠᠩᠬᠠᠷᠬᠤ ᠭᠡᠷᠡᠭᠳᠡᠢ᠃ ᠢᠡᠭᠭᠢᠪᠡᠯ ᠰᠠᠶ᠋ᠢ ᠦᠨᠳᠤᠷ ᠤᠨᠠᠯᠳᠠ ᠲᠠᠢ ᠦᠯᠡᠮᠵᠢ ᠦᠷ᠎ᠡ ᠠᠰᠢᠭ ᠲᠠᠢ ᠪᠤᠯᠭᠠᠵᠤ ᠴᠢᠳᠠᠨ᠎ᠠ᠃
2. ᠤᠳᠤᠬᠠᠨ ᠳᠤ ᠶᠠᠮᠠᠷ ᠰᠤᠷᠲ ᠤᠨ ᠡᠷᠡᠨᠳᠡ ᠨᠢ ᠨᠡᠯᠢᠶᠡᠳ ᠰᠠᠶᠢᠨ ᠪᠠᠶᠢᠭ᠎ᠠ ᠪᠤᠢ︖
︵1︶ ᠤᠳᠤᠬᠠᠨ ᠳᠤ ᠡᠷᠡᠨᠳᠡ ᠶᠢᠨ ᠦᠢᠯᠡᠳᠪᠤᠷᠢᠯᠡᠯ ᠳᠤ ᠬᠤᠶᠠᠷ ᠵᠦᠢᠯ ᠤᠨ ᠰᠤᠷᠲ ᠢ ᠰᠤᠩᠭᠤᠪᠠᠯ ᠨᠡᠯᠢᠶᠡᠳ ᠠᠰᠢᠭ ᠲᠠᠢ᠃ ᠨᠢᠭᠡ ᠨᠢ ᠲᠦᠡᠭᠯᠢᠶᠤᠤ ᠡᠷᠡᠨᠳᠡ ︵通蓖︶ 5 ᠨᠤᠮᠧᠷᠳᠤ᠂ ᠨᠦᠭᠦᠭᠡ ᠨᠢ ᠲᠦᠡᠭᠯᠢᠶᠤᠤ ᠡᠷᠡᠨᠳᠡ ︵通蓖︶ 6 ᠨᠤᠮᠧᠷᠳᠤ ᠪᠤᠯᠤᠨ᠎ᠠ᠃ ᠡᠨᠡ ᠬᠤᠶᠠᠷ ᠰᠤᠷᠲ ᠨᠢ ᠵᠡᠭᠦᠨ ᠬᠤᠶᠢᠳᠤ ᠶᠢᠨ ᠭᠠᠵᠠᠷ ᠤᠷᠤᠨ ᠳᠤ ᠤᠷᠦ᠋ᠢᠯᠠᠵᠤ ᠪᠠᠶᠢᠨ᠎ᠠ᠃
︵2︶ ᠲᠦᠡᠭᠯᠢᠶᠤᠤ ᠡᠷᠡᠨᠳᠡ ︵通蓖︶ 5 ᠨᠤᠮᠧᠷᠳᠤ ᠶᠢ ᠪᠤᠯ ᠲᠦᠡᠭᠯᠢᠶᠤᠤ ᠬᠤᠳᠠ ᠶᠢᠨ ᠲᠠᠷᠢᠶᠠᠯᠠᠩ ᠤᠨ ᠰᠢᠨᠵᠢᠯᠡᠭᠦ ᠤᠬᠠᠭᠠᠨ ᠤ ᠰᠤᠳᠤᠯᠤᠯ ᠤᠨ ᠭᠠᠵᠠᠷ ᠪᠤᠶᠢᠵᠢᠭᠤᠯᠵᠠᠢ᠃ ᠲᠤᠰ ᠡᠭᠦᠯᠳᠡᠷ ᠪᠤᠯ ᠨᠤᠭᠤᠭᠠᠨ ᠡᠰᠢ ᠲᠠᠢ ᠦᠷᠭᠡᠰᠤᠳᠤ ᠲᠦᠷᠦᠯ ᠤᠨ ᠡᠷᠡᠨᠳᠡ ᠪᠤᠯᠤᠨ᠎ᠠ᠃ ᠴᠢᠭᠢᠯᠡᠭᠦ ᠠᠴᠠ ᠠᠪᠤᠭᠠᠳ ᠭᠤᠤᠯ ᠡᠰᠢᠨ ᠤ ᠲᠦᠷᠦᠭᠦᠤ ᠨᠢ ᠪᠤᠯᠪᠠᠰᠤᠷᠠᠳᠠᠯ᠎ᠠ 92~102 ᠬᠤᠨᠤᠭ ᠪᠤᠯᠤᠨ᠎ᠠ᠃ ᠲᠤᠮᠳᠠ ᠤᠷᠤᠢ ᠪᠤᠯᠪᠠᠰᠤᠷᠠᠯᠳᠠ ᠶᠢᠨ ᠰᠤᠷᠲ ᠲᠤ ᠬᠠᠷᠢᠶᠠᠯᠬᠠᠳᠠᠨ᠎ᠠ᠃ ᠲᠤᠮᠤ ᠲᠦᠷᠦᠭᠦᠤ ᠲᠠᠢ᠂ ᠰᠠᠯᠠᠭ᠎ᠠ ᠪᠠᠭ᠎ᠠ ᠲᠠᠢ᠂ ᠰᠠᠭᠤᠷᠢ ᠨᠢ ᠠᠪᠴᠠᠯᠳᠤᠩᠭᠤᠢ᠂ ᠦᠨᠳᠤᠷ ᠢᠶᠠᠷ ᠢᠶᠠᠨ 212cm᠂ ᠭᠤᠤᠯ ᠡᠰᠢ ᠶᠢᠨ ᠲᠦᠷᠦᠭᠦᠤ ᠶᠢᠨ ᠭᠡᠰᠡᠭ ᠨᠢ 78.5cm᠂ ᠡᠰᠢ ᠶᠢᠨ ᠪᠦᠳᠦᠭᠦᠨ ᠨᠢ 2.43cm᠂ 2~3 ᠰᠠᠯᠠᠭ᠎ᠠ ᠲᠠᠢ᠂ 3~4 ᠪᠦᠳᠦᠮᠵᠢᠳᠡᠢ ᠲᠦᠷᠦᠭᠦᠤ ᠲᠠᠢ᠂ ᠭᠤᠤᠯ ᠡᠰᠢᠨ ᠤ ᠲᠦᠷᠦᠭᠦᠤ ᠶᠢᠨ ᠤᠷᠳᠤ ᠨᠢ 80~110cm᠂ ᠲᠦᠷᠦᠭᠦᠤ ᠪᠦᠷᠢ ᠶᠢᠨ ᠵᠢᠮᠢᠰ ᠤᠨ ᠲᠤᠭ᠎ᠠ ᠨᠢ 80~120 ᠮᠦᠭᠦᠯᠢᠭ᠃ ᠲᠠᠩ ᠰᠠᠭᠤᠷᠢ ᠨᠢ 550 ᠮᠦᠭᠦᠯᠢᠭ ᠲᠠᠢ᠂ ᠲᠠᠩ ᠰᠠᠭᠤᠷᠢ ᠶᠢᠨ ᠮᠦᠭᠦᠯᠢᠭ ᠤᠨ ᠭᠦᠨᠳᠤ ᠨᠢ 150g᠂ ᠵᠠᠭᠤᠨ ᠮᠦᠭᠦᠯᠢᠭ ᠤᠨ ᠭᠦᠨᠳᠤ ᠨᠢ 28g᠂ ᠦᠷ᠎ᠡ ᠶᠢᠨ ᠲᠤᠰᠤᠨ ᠤ ᠠᠭᠤᠯᠤᠭᠳᠠᠴᠨ ᠶᠢᠨ ᠨᠤᠷᠮ᠎ᠠ ᠨᠢ 48%~50% ᠪᠠᠶᠢᠳᠠᠭ᠃
ᠲᠦᠡᠭᠯᠢᠶᠤᠤ ᠡᠷᠡᠨᠳᠡ ︵通蓖︶ 6 ᠨᠤᠮᠧᠷᠳᠤ ᠶᠢ ᠪᠤᠯ ᠲᠦᠡᠭᠯᠢᠶᠤᠤ ᠬᠤᠳᠠ ᠶᠢᠨ ᠲᠠᠷᠢᠶᠠᠯᠠᠩ ᠤᠨ ᠰᠤᠳᠤᠯᠤᠯ ᠤᠨ ᠭᠠᠵᠠᠷ ᠪᠤᠶᠢᠵᠢᠭᠤᠯᠵᠠᠢ᠃ ᠴᠢᠭᠢᠯᠡᠭᠦ ᠠᠴᠠ ᠪᠠᠨ ᠠᠪᠤᠭᠠᠳ ᠭᠤᠤᠯ ᠡᠰᠢ ᠶᠢᠨ ᠵᠢᠮᠢᠰ ᠤᠨ ᠲᠦᠷᠦᠭᠦᠤ ᠪᠤᠯᠪᠠᠰᠤᠷᠠᠳᠠᠯ᠎ᠠ 91 ᠬᠤᠨᠤᠭ ᠪᠤᠯᠵᠤ᠂ ᠲᠤᠮᠳᠠ ᠤᠷᠤᠢ ᠪᠤᠯᠪᠠᠰᠤᠷᠠᠯᠳᠠ ᠶᠢᠨ ᠰᠤᠷᠲ ᠲᠤ ᠬᠠᠷᠢᠶᠠᠯᠬᠠᠳᠠᠨ᠎ᠠ᠃ ᠰᠠᠯᠠᠭ᠎ᠠ ᠪᠠᠭ᠎ᠠ ᠲᠠᠢ᠂ ᠰᠠᠭᠤᠷᠢ ᠨᠢ ᠠᠪᠴᠠᠯᠳᠤᠩᠭᠤᠢ᠂ ᠦᠨᠳᠤᠷ ᠢᠶᠠᠷ ᠢᠶᠠᠨ 216.3cm᠂ ᠭᠤᠤᠯ ᠡᠰᠢ ᠶᠢᠨ ᠲᠦᠷᠦᠭᠦᠤ ᠶᠢᠨ ᠭᠡᠰᠡᠭ ᠨᠢ 47.3cm᠂ ᠡᠰᠢ ᠶᠢᠨ ᠪᠦᠳᠦᠭᠦᠨ ᠨᠢ 2.28cm᠂ 3~4 ᠰᠠᠯᠠᠭ᠎ᠠ ᠲᠠᠢ᠂ 6~7 ᠪᠦᠳᠦᠮᠵᠢᠳᠡᠢ ᠲᠦᠷᠦᠭᠦᠤ ᠲᠠᠢ᠃ ᠲᠠᠩ ᠰᠠᠭᠤᠷᠢ ᠶᠢᠨ ᠮᠦᠭᠦᠯᠢᠭ ᠨᠢ 479 ᠮᠦᠭᠦᠯᠢᠭ ᠲᠠᠢ᠂ ᠵᠠᠭᠤᠨ ᠮᠦᠭᠦᠯᠢᠭ ᠤᠨ ᠭᠦᠨᠳᠤ ᠨᠢ 31.7g᠂ ᠲᠠᠩ ᠰᠠᠭᠤᠷᠢ ᠶᠢᠨ ᠮᠦᠭᠦᠯᠢᠭ ᠤᠨ ᠭᠦᠨᠳᠤ ᠨᠢ 152g᠂ ᠦᠷ᠎ᠡ ᠶᠢᠨ ᠲᠤᠰᠤᠨ ᠤ ᠠᠭᠤᠯᠤᠭᠳᠠᠴᠨ ᠨᠢ 49.2% ᠪᠠᠶᠢᠵᠤ᠂ ᠬᠤᠨᠭ᠍ᠭᠤᠷᠴᠤᠠᠠᠯᠠᠬᠤ ᠪᠠᠷ ᠪᠠᠷᠤᠠᠠᠳᠠᠢ᠂ ᠭᠠᠩ ᠬᠠᠭᠤᠷᠠᠢ ᠪᠠ ᠲᠠᠴᠢᠷ ᠨᠢᠮᠭᠡᠨ ᠭᠠᠵᠠᠷ ᠲᠠᠰᠪᠤᠷᠢᠳᠡᠢ ᠪᠠᠶᠢᠳᠠᠭ᠃
3. ᠡᠷᠡᠨᠳᠡ ᠲᠠᠷᠢᠬᠤ ᠳᠤ ᠭᠦᠷᠦᠰᠤ ᠰᠢᠷᠤᠢ ᠶᠢᠨ ᠨᠦᠭᠦᠴᠡᠯ ᠤᠨ ᠲᠠᠯ᠎ᠠ ᠪᠠᠷ ᠶᠠᠮᠠᠷ ᠱᠠᠭᠠᠷᠳᠠᠯᠭ᠎ᠠ ᠲᠠᠢ ᠪᠠᠶᠢᠳᠠᠭ ᠪᠤᠢ︖
ᠡᠷᠡᠨᠳᠡ ᠪᠤᠯ ᠲᠠᠴᠢᠷ᠂ ᠬᠤᠵᠢᠷᠯᠢᠬ ᠭᠠᠵᠠᠷ ᠲᠤ ᠲᠠᠰᠪᠤᠷᠢᠳᠡᠢ᠂ ᠲᠤᠭᠢᠷᠠᠯᠴᠠᠬᠤ ᠴᠢᠨᠠᠷ ᠢᠶᠠᠷ ᠴᠢᠩᠭ᠎ᠠ᠂ ᠨᠡᠯᠢᠶᠡᠳ ᠪᠦᠳᠦᠭᠦᠯᠢᠭ ᠲᠠᠷᠢᠯᠳᠠ ᠶᠢᠨ ᠲᠠᠷᠢᠮᠡᠯ ᠪᠤᠯᠤᠨ᠎ᠠ᠃ ᠲᠠᠷᠠ ᠨᠢ ᠭᠦᠷᠦᠰᠤ ᠰᠢᠷᠤᠢ ᠶᠢᠨ ᠨᠦᠭᠦᠴᠡᠯ ᠤᠨ ᠲᠠᠯ᠎ᠠ ᠪᠠᠷ ᠲᠠᠶᠢᠮᠤ ᠴᠢᠩᠭ᠎ᠠ ᠱᠠᠭᠠᠷᠳᠠᠯᠭ᠎ᠠ ᠦᠭᠡᠢ᠂ ᠤᠯᠠᠨ ᠲᠦᠷᠦᠯ ᠤᠨ ᠭᠦᠷᠦᠰᠤ ᠰᠢᠷᠤᠢ ᠳᠤ ᠴᠦᠮ ᠤᠷᠭᠤᠳᠠᠭ ᠪᠦᠭᠡᠳ ᠭᠦᠷᠦᠰᠤᠨ ᠤ ᠪᠦᠭᠦ ᠲᠠᠪᠤᠰᠤᠯᠢᠭ ᠭᠡᠮᠵᠢᠶ᠎ᠠ ᠨᠢ 0.3% ᠠᠴᠠ ᠲᠤᠷᠤᠠᠠᠰᠢ ᠪᠠᠶᠢᠳᠠᠭ ᠯᠡ ᠶᠤᠮ ᠪᠤᠯ ᠴᠦᠮ ᠡᠷᠡᠨᠳᠡ ᠶᠢᠨ ᠴᠢᠭᠢᠯᠡᠯᠳᠡ᠂ ᠤᠷᠭᠤᠯᠳᠠ ᠶᠢ ᠨᠦᠯᠦᠭᠡᠯᠡᠳᠡᠭ ᠦᠭᠡᠢ᠃ ᠭᠡᠪᠡᠴᠤ ᠨᠠᠯᠢᠶᠠᠳ ᠰᠠᠶᠢᠨ ᠬᠤᠷᠢᠶᠠᠯᠳᠠ ᠤᠯᠤᠶ᠎ᠠ ᠭᠡᠪᠡᠯ ᠭᠦᠷᠦᠰᠤᠨ ᠲᠠᠪᠬᠤᠷᠭ᠎ᠠ ᠨᠢ ᠵᠤᠵᠠᠭᠠᠨ᠂ ᠭᠡᠢ ᠨᠡᠪᠳᠡᠷᠡᠭᠦ ᠨᠢ ᠰᠠᠶᠢᠨ᠂ ᠤᠷᠭᠠᠨᠢᠭ ᠪᠤᠳᠠᠰ ᠤᠨ ᠠᠭᠤᠯᠤᠭᠳᠠᠴᠨ ᠪᠠᠷ ᠡᠯᠪᠡᠭ᠂ ᠭᠦᠴᠢᠯ ᠬᠤᠵᠢᠷ ᠤᠨ ᠭᠡᠮᠵᠢᠶ᠎ᠠ ᠨᠢ ᠲᠤᠭᠢᠷᠠᠮᠵᠢᠳᠡᠢ ᠭᠠᠵᠠᠷ ᠢ ᠰᠤᠩᠭᠤᠨ ᠲᠠᠷᠢᠪᠠᠯ ᠵᠤᠭᠢᠨ᠎ᠠ᠃
4. ᠭᠦᠷᠦᠰᠤ ᠰᠢᠷᠤᠢ ᠶᠢ ᠬᠠᠭᠠᠯᠪᠤᠷᠢᠯᠠᠬᠤ ᠲᠠᠯ᠎ᠠ ᠪᠠᠷ ᠶᠠᠮᠠᠷ ᠱᠠᠭᠠᠷᠳᠠᠯᠭ᠎ᠠ ᠲᠠᠢ ᠪᠠᠶᠢᠳᠠᠭ ᠪᠤᠢ︖
ᠭᠦᠨ ᠤᠷᠪᠠᠭᠤᠯᠤᠨ ᠲᠡᠭᠰᠢᠯᠡᠭᠦ ᠪᠤᠯ ᠵᠠᠩᠭᠢᠯᠠᠭ᠎ᠠ ᠪᠤᠯᠤᠨ᠎ᠠ᠃ ᠭᠦᠨ ᠤᠷᠪᠠᠭᠤᠯᠬᠤ ᠨᠢ ᠡᠷᠡᠨᠳᠡ ᠶᠢᠨ ᠦᠨᠳᠤᠰᠤᠨ ᠰᠢᠰᠲ᠋ᠧᠮ ᠤᠨ ᠦᠰᠦᠯᠳᠡ ᠳᠤ ᠠᠰᠢᠠᠠᠳᠠᠢ᠂ ᠢᠯᠠᠩᠭᠤᠶ᠎ᠠ ᠨᠢᠠᠠᠳᠠ ᠲᠠᠷᠢᠠᠠᠰᠠᠨ ᠨᠦᠭᠦᠴᠡᠯ ᠲᠤᠤᠷ᠎ᠡ ᠭᠦᠨ ᠤᠷᠪᠠᠭᠤᠯᠬᠤ ᠨᠢ ᠡᠷᠡᠨᠳᠡ ᠶᠢᠨ ᠦᠨᠳᠤᠷ ᠤᠨᠠᠯᠳᠠ ᠶᠢ ᠪᠠᠳᠤᠯᠠᠬᠤ ᠪᠦᠳᠦᠮᠵᠢᠳᠡᠢ ᠠᠷᠭ᠎ᠠ ᠭᠡᠮᠵᠢᠶ᠎ᠠ ᠪᠤᠯᠤᠨ᠎ᠠ᠃ ᠬᠤᠳᠤᠭᠤᠷ ᠬᠤᠵᠢᠷᠯᠢᠬ ᠭᠠᠵᠠᠷ ᠲᠤ ᠪᠤᠯ ᠤᠷᠪᠠᠭᠤᠯᠤᠯᠳᠠ ᠲᠠᠢ ᠪᠠᠨ ᠤᠶᠠᠯᠳᠤᠭᠤᠯᠤᠨ ᠭᠦᠷᠦᠰᠤ ᠰᠢᠷᠤᠢ ᠶᠢ ᠰᠠᠶᠢᠵᠢᠷᠠᠭᠤᠯᠵᠤ᠂ ᠭᠤᠤᠯ ᠤᠨ ᠬᠤᠷᠠᠮᠠᠯ ᠰᠢᠷᠤᠢ᠂ ᠰᠠᠯᠭᠢᠨ ᠤ ᠬᠤᠷᠠᠮᠠᠯ ᠰᠢᠷᠤᠢ᠂ ᠡᠪᠡᠰᠤ ᠨᠡᠭᠦᠷᠡᠰᠤᠳᠤ ᠰᠢᠷᠤᠢ᠂ ᠰᠢᠭᠡᠭ ᠪᠤᠷᠳᠤᠭᠤᠷ ᠵᠡᠷᠭᠡ ᠶᠢ ᠤᠷᠤᠭᠤᠯᠵᠤ᠂ ᠤᠷᠪᠠᠭᠤᠯᠤᠨ ᠨᠠᠷᠬᠠᠳᠠᠬᠤ ᠲᠠᠢ ᠤᠶᠠᠯᠳᠤᠭᠤᠯᠤᠨ ᠭᠦᠷᠦᠰᠤ ᠰᠢᠷᠤᠢ ᠲᠠᠢ ᠭᠦᠢᠴᠡᠳ ᠬᠤᠯᠢᠵᠤ᠂ ᠭᠦᠷᠦᠰᠤᠨ ᠲᠠᠪᠬᠤᠷᠭ᠎ᠠ ᠶᠢᠨ ᠭᠢᠮᠢ ᠹᠢᠽᠢᠺ ᠤᠨ ᠴᠢᠨᠠᠷ ᠢ ᠰᠠᠶᠢᠵᠢᠷᠠᠭᠤᠯᠵᠤ᠂ ᠡᠷᠡᠨᠳᠡ ᠶᠢᠨ ᠡᠯᠪᠡᠭ ᠬᠤᠷᠢᠶᠠᠯᠳᠠ ᠤᠯᠬᠤ ᠳᠤ ᠠᠰᠢᠠᠠᠳᠠᠢ ᠪᠤᠯᠭᠠᠬᠤ ᠭᠡᠷᠡᠭᠳᠡᠢ᠃
5. ᠡᠷᠡᠨᠳᠡ ᠲᠠᠷᠢᠬᠤ ᠭᠠᠵᠠᠷ ᠲᠠᠯᠠᠪᠤᠷ ᠢ ᠶᠠᠮᠠᠷ ᠴᠠᠭ ᠲᠤ ᠲᠡᠭᠰᠢᠯᠡᠪᠡᠯ ᠵᠤᠭᠢᠰᠳᠡᠢ ᠪᠤᠢ︖
ᠭᠠᠵᠠᠷ ᠲᠠᠯᠠᠪᠠᠢ ᠲᠡᠭᠰᠢᠯᠡᠭᠦ ᠴᠠᠭ ᠤᠨ ᠲᠠᠯ᠎ᠠ ᠪᠠᠷ ᠨᠠᠮᠤᠷ ᠤᠷᠪᠠᠭᠤᠯᠪᠠᠯ ᠬᠠᠮᠤᠭ ᠤᠨ ᠰᠠᠶᠢᠨ᠃ ᠲᠤᠬᠠᠶᠢᠯᠠᠪᠠᠯ ᠭᠠᠵᠠᠷ ᠲᠡᠭᠰᠢᠯᠡᠭᠦ᠂ ᠨᠠᠷᠬᠠᠳᠠᠬᠤ᠂ ᠲᠠᠳᠠᠭᠠᠯ ᠭᠠᠷᠭᠠᠬᠤ ᠠᠵᠢᠯ ᠤᠳ ᠢ ᠨᠠᠮᠤᠷ ᠪᠦᠭᠦᠨ ᠢ ᠭᠢᠵᠤ ᠲᠠᠭᠤᠰᠬᠠᠨ᠎ᠠ᠃ ᠡᠯᠡᠰᠤ ᠰᠠᠯᠭᠢ ᠰᠦᠷᠡᠭᠡᠢ ᠶᠡᠭᠡ ᠭᠠᠵᠠᠷ ᠪᠤᠯ ᠤᠤᠯ ᠭᠤᠤᠷᠰᠤ ᠶᠢ ᠨᠢ ᠦᠯᠡᠳᠡᠭᠡᠨ ᠡᠪᠤᠯᠵᠢᠭᠦᠯᠵᠤ᠂ ᠬᠠᠪᠤᠷ ᠭᠦᠢᠭᠡᠨ ᠬᠠᠭᠠᠯᠪᠤᠷᠢᠯᠡᠨ ᠭᠤᠤᠷᠰᠤ ᠶᠢ ᠨᠢ ᠠᠷᠢᠯᠭᠠᠵᠤ᠂ ᠴᠢᠭᠢᠭ ᠤᠨ ᠪᠠᠶᠢᠳᠠᠯ ᠢ ᠦᠵᠡᠨ ᠲᠠᠷᠢᠨ᠎ᠠ᠃
6. ᠲᠠᠷᠢᠬᠤ ᠠᠴᠠ ᠪᠠᠨ ᠡᠮᠦᠨ᠎ᠠ ᠶᠠᠮᠠᠷ ᠪᠡᠯᠡᠳᠭᠡᠯ ᠠᠵᠢᠯ ᠭᠢᠭᠦ ᠪᠤᠢ︖
ᠬᠠᠮᠤᠭ ᠤᠨ ᠴᠢᠬᠤᠯᠠ ᠨᠢ ᠦᠷ᠎ᠡ ᠪᠠᠨ ᠨᠠᠷᠢᠯᠢᠬ ᠰᠤᠩᠭᠤᠬᠤ ᠪᠠ ᠦᠷ᠎ᠡ ᠪᠠᠨ ᠰᠢᠢᠳᠪᠤᠷᠢᠯᠡᠭᠦ ᠠᠵᠢᠯ ᠢ ᠰᠠᠶᠢᠳᠤᠷ ᠭᠢᠭᠦ ᠭᠡᠷᠡᠭᠳᠡᠢ᠃
7. ᠦᠷ᠎ᠡ ᠶᠢ ᠭᠡᠷᠭᠢᠨ ᠨᠠᠷᠢᠯᠢᠬ ᠰᠤᠩᠭᠤᠬᠤ ᠪᠤᠢ︖
ᠦᠷ᠎ᠡ ᠶᠢ ᠨᠠᠷᠢᠯᠢᠬ ᠰᠤᠩᠭᠤᠬᠤ ᠠᠷᠭ᠎ᠠ ᠭᠡᠪᠡᠯ ᠭᠤᠤᠯ ᠨᠢ ᠮᠦᠭᠦᠯᠢᠭ ᠰᠤᠩᠭᠤᠬᠤ᠂ ᠴᠡᠪᠡᠷ ᠤᠰᠤ ᠪᠠᠷ ᠰᠤᠩᠭᠤᠬᠤ᠂ ᠰᠢᠪᠠᠷ ᠲᠠᠢ ᠤᠰᠤ ᠪᠠᠷ ᠰᠤᠩᠭᠤᠬᠤ ᠪᠤᠶᠤ ᠲᠠᠪᠤᠰᠤ ᠲᠠᠢ ᠤᠰᠤ ᠪᠠᠷ ᠰᠤᠩᠭᠤᠬᠤ ᠠᠷᠭ᠎ᠠ ᠪᠠᠷ ᠦᠷ᠎ᠡ ᠮᠦᠭᠦᠯᠢᠭ ᠨᠢ ᠴᠠᠳᠬᠤᠯᠠᠩ᠂ ᠰᠢᠨ᠎ᠠ ᠰᠤᠷᠭᠤᠭ᠂ ᠲᠤᠮᠤ ᠵᠢᠵᠢᠭ ᠨᠢ ᠲᠡᠩᠴᠡᠭᠦᠨ᠂ ᠵᠢᠷᠤᠭᠠᠰᠤ ᠨᠢ ᠠᠳᠠᠯᠢ᠂ ᠭᠡᠷᠡᠯ ᠭᠢᠯᠪᠠᠭ᠎ᠠ ᠲᠠᠢ ᠦᠷ᠎ᠡ ᠶᠢ ᠰᠤᠩᠭᠤᠬᠤ ᠪᠠ ᠦᠷ᠎ᠡ ᠶᠢᠨ ᠰᠤᠶᠤᠭᠠᠯᠠᠯᠳᠠ ᠶᠢᠨ ᠨᠤᠷᠮ᠎ᠠ ᠶᠢ ᠭᠡᠮᠵᠢᠨ ᠲᠤᠠᠠᠳᠠᠭᠠᠵᠤ᠂ ᠰᠤᠶᠤᠭᠠᠯᠠᠬᠤ ᠨᠤᠷᠮ᠎ᠠ ᠨᠢ ᠦᠨᠳᠤᠷ᠂ ᠴᠢᠭᠢ ᠨᠢ ᠵᠢᠭᠳᠡ᠂ ᠴᠢᠭᠢ ᠨᠢ ᠢᠳᠡᠷᠡᠭᠦᠨ ᠪᠠᠶᠢᠬᠤ ᠶᠢ ᠪᠠᠳᠤᠯᠠᠵᠤ᠂ ᠡᠭᠦᠨ ᠢᠶᠠᠷ ᠲᠠᠮᠵᠢᠨ ᠤᠨᠠᠯᠳᠠ ᠶᠢ ᠨᠢ ᠲᠡᠭᠡᠭᠰᠢᠯᠡᠭᠦᠯᠭᠦ ᠭᠡᠷᠡᠭᠳᠡᠢ᠃
8. ᠰᠤᠩᠭᠤᠠᠠᠰᠠᠨ ᠦᠷ᠎ᠡ ᠪᠠᠨ ᠭᠡᠷᠭᠢᠨ ᠰᠢᠢᠳᠪᠤᠷᠢᠯᠡᠭᠦ ᠪᠤᠢ︖
ᠲᠠᠷᠢᠬᠤ ᠠᠴᠠ ᠡᠮᠦᠨ᠎ᠠ ᠦᠷ᠎ᠡ ᠶᠢ ᠰᠢᠢᠳᠪᠤᠷᠢᠯᠡᠭᠦ ᠳᠤ ᠭᠤᠤᠯ ᠨᠢ ᠦᠷ᠎ᠡ ᠪᠠᠨ ᠬᠠᠳᠠᠭᠠᠬᠤ᠂ ᠦᠷ᠎ᠡ ᠪᠠᠨ ᠲᠡᠪᠳᠦᠭᠡᠵᠤ ᠰᠤᠶᠤᠭᠠᠯᠠᠭᠤᠯᠬᠤ ᠪᠠ ᠦᠷ᠎ᠡ ᠪᠠᠨ ᠡᠮ ᠲᠠᠢ ᠪᠠᠭᠰᠤᠷᠬᠤ ᠵᠡᠷᠭᠡ ᠪᠠᠭᠳᠠᠨ᠎ᠠ᠃ ︵1︶ ᠦᠷ᠎ᠡ ᠪᠠᠨ ᠬᠠᠳᠠᠭᠠᠬᠤ᠄ ᠲᠤᠩᠭᠠᠯᠠᠭ ᠡᠳᠤᠷ ᠢ ᠰᠤᠩᠭᠤᠨ ᠰᠤᠩᠭᠤᠠᠠᠰᠠᠨ ᠦᠷ᠎ᠡ ᠪᠠᠨ ᠲᠡᠯᠭᠡᠵᠤ᠂ 2~3 ᠡᠳᠤᠷ ᠬᠠᠳᠠᠭᠠᠵᠤ᠂ ᠡᠳᠤᠷ ᠪᠦᠷᠢ 2~3 ᠤᠳᠠᠭ᠎ᠠ ᠡᠷᠭᠢᠭᠦᠯᠵᠤ ᠤᠷᠪᠠᠭᠤᠯᠤᠨ᠎ᠠ᠃ ︵2︶ ᠦᠷ᠎ᠡ ᠪᠠᠨ ᠠᠷᠢᠭᠤᠳᠬᠠᠬᠤ᠄ ᠴᠤᠬᠤᠢ ᠶᠢᠨ ᠵᠢᠭᠤᠷᠠᠮᠠᠭ ᠲᠤ ᠦᠷ᠎ᠡ ᠪᠠᠨ ᠪᠠᠭᠰᠤᠷᠤᠨ ᠠᠷᠢᠭᠤᠳᠬᠠᠨ᠎ᠠ᠃ ᠪᠠᠰᠠ 40% ᠶᠢᠨ ᠹᠤᠷᠮᠠᠯᠢᠨ ᠡᠮ ᠳᠤ 1∶300 ᠶᠢᠨ ᠬᠠᠷᠢᠴᠠᠯ ᠢᠶᠠᠷ ᠤᠰᠤ ᠬᠤᠯᠢᠵᠤ ᠠᠷᠢᠭᠤᠳᠬᠠᠯ ᠤᠨ ᠰᠢᠩᠭᠡᠨ ᠢ ᠨᠠᠶᠢᠷᠠᠭᠤᠯᠵᠤ᠂ ᠦᠷ᠎ᠡ ᠪᠠᠨ ᠵᠢᠭᠳᠡ ᠳᠤᠨᠢ ᠨᠤᠷᠭᠠᠵᠤ᠂ 3 ᠴᠠᠭ ᠪᠦᠷᠢᠵᠤ ᠲᠠᠯᠪᠢᠨ᠎ᠠ᠃ ︵3︶ ᠦᠷ᠎ᠡ ᠪᠠᠨ ᠲᠠᠪᠳᠦᠭᠡᠵᠤ ᠰᠤᠶᠤᠭᠠᠯᠠᠭᠤᠯᠬᠤ᠄ ᠲᠠᠷᠢᠬᠤ ᠠᠴᠠ ᠪᠠᠨ 2~3 ᠡᠳᠤᠷ ᠤᠨ ᠡᠮᠦᠨ᠎ᠠ 45℃ ᠤᠨ ᠬᠠᠯᠠᠭᠤᠨ ᠤᠰᠤᠨ ᠳᠤ ᠦᠷ᠎ᠡ ᠪᠠᠨ 4 ᠴᠠᠭ ᠲᠠᠪᠳᠦᠭᠡᠭᠦ ᠪᠤᠶᠤ 25℃ ᠤᠨ ᠬᠠᠯᠠᠭᠤᠨ ᠤᠰᠤᠨ ᠳᠤ ᠡᠳᠤᠷ ᠰᠦᠨᠢ ᠲᠠᠪᠳᠦᠭᠡᠨ᠂ 5~6 ᠤᠳᠠᠭ᠎ᠠ ᠭᠦᠳᠡᠯᠭᠡᠵᠤ᠂ ᠲᠠᠪᠳᠦᠭᠡᠭᠰᠡᠨ ᠤ ᠰᠡᠭᠦᠯᠡᠷ ᠦᠷ᠎ᠠ ᠪᠠᠨ 25℃ ᠤᠨ ᠲᠤᠯᠠᠭᠠᠨ ᠦᠷᠦᠭᠡᠨ ᠳᠤ ᠡᠳᠤᠷ ᠰᠦᠨᠢ ᠲᠠᠯᠪᠢᠨ ᠰᠤᠶᠤᠭᠠᠯᠠᠭᠤᠯᠬᠤ ᠪᠠ ᠭᠡᠳᠦᠨᠳᠡ ᠤᠷᠪᠠᠭᠤᠯᠤᠨ ᠭᠦᠳᠡᠯᠭᠡᠵᠤ᠂ ᠦᠷ᠎ᠡ ᠶᠢᠨ ᠬᠠᠯᠢᠰᠤ ᠨᠢ ᠬᠠᠭᠠᠷᠠᠪᠠᠯ ᠲᠠᠷᠠ ᠲᠠᠷᠤᠢ ᠳᠤᠨᠢ ᠲᠠᠷᠢᠨ᠎ᠠ᠃
9. ᠠᠯᠢ ᠴᠠᠭ ᠦᠶ᠎ᠠ ᠳᠤ ᠲᠠᠷᠢᠪᠠᠯ ᠵᠤᠭᠢᠬᠤ ᠪᠤᠢ︖
ᠡᠷᠡᠨᠳᠡ ᠶᠢᠨ ᠦᠷ᠎ᠡ ᠶᠢᠨ ᠰᠤᠶᠤᠭᠠᠯᠠᠯᠳᠠ ᠳᠤ ᠲᠤᠯᠠᠭᠠᠨ ᠤ ᠭᠡᠮᠵᠢᠶ᠎ᠠ ᠨᠢ 12℃~15℃ ᠪᠠᠶᠢᠪᠠᠯ ᠲᠤᠭᠢᠷᠠᠮᠵᠢᠳᠡᠢ᠃ ᠦᠭᠡᠷ᠎ᠡ ᠪᠠᠷ ᠭᠡᠯᠡᠪᠡᠯ ᠡᠷᠡᠨᠳᠡ ᠲᠠᠷᠢᠬᠤ ᠦᠶ᠎ᠠ ᠳᠤ ᠭᠦᠷᠦᠰᠤᠨ ᠤ ᠲᠤᠯᠠᠭᠠᠨ ᠤ ᠭᠡᠮᠵᠢᠶ᠎ᠠ ᠨᠢ 10℃ ᠠᠴᠠ ᠲᠡᠭᠡᠭᠰᠢ ᠪᠠᠶᠢᠬᠤ ᠭᠡᠷᠡᠭᠳᠡᠢ᠃ ᠲᠦᠡᠭᠯᠢᠶᠤᠤ ᠶᠢᠨ ᠭᠠᠵᠠᠷ ᠤᠷᠤᠨ ᠳᠤ ᠶᠠᠷᠦᠩᠭᠡᠢ ᠳᠡᠭᠡᠨ 4 ᠳ᠋ᠤᠭᠡᠷ ᠰᠠᠷ᠎ᠠ ᠶᠢᠨ 15~25 ᠤ ᠡᠳᠤᠷ ᠤᠨ ᠬᠤᠭᠤᠷᠤᠨᠳᠤ ᠲᠠᠷᠢᠪᠡᠯ ᠮᠠᠰᠢ ᠲᠤᠭᠢᠷᠠᠮᠵᠢᠳᠡᠢ᠃ ᠬᠤᠵᠢᠷᠯᠢᠬ ᠭᠠᠵᠠᠷ᠂ ᠰᠠᠯᠭᠢ ᠶᠡᠭᠡᠳᠡᠢ ᠭᠠᠵᠠᠷ ᠪᠠ ᠨᠦᠢᠳᠡᠨ ᠰᠡᠷᠢᠭᠦᠨ ᠭᠠᠵᠠᠷ ᠲᠤ ᠪᠤᠯ 4 ᠳ᠋ᠤᠭᠡᠷ ᠰᠠᠷ᠎ᠠ ᠶᠢᠨ ᠰᠡᠭᠦᠯᠴᠢ 5 ᠳ᠋ᠤᠭᠠᠷ ᠰᠠᠷ᠎ᠠ ᠶᠢᠨ ᠡᠭᠢ ᠪᠠᠷ ᠬᠤᠶᠢᠰᠢᠯᠠᠭᠤᠯᠤᠨ ᠲᠠᠷᠢᠵᠤ ᠪᠤᠯᠤᠨ᠎ᠠ᠃
10. ᠶᠠᠮᠠᠷ ᠠᠷᠭ᠎ᠠ ᠭᠡᠯᠪᠡᠷᠢ ᠪᠠᠷ ᠲᠠᠷᠢᠬᠤ ᠪᠤᠢ︖
ᠤᠳᠤᠬᠠᠨ ᠳᠤ ᠡᠷᠡᠨᠳᠡ ᠲᠠᠷᠢᠬᠤ ᠳᠠᠭᠠᠨ ᠤᠯᠠᠩᠭᠢ ᠨᠢ ᠭᠦᠨ ᠭᠤᠤᠴᠢᠯᠠᠵᠤ᠂ ᠭᠦᠢᠭᠡᠨ ᠰᠢᠷᠤᠢ ᠬᠤᠴᠢᠬᠤ ᠠᠷᠭ᠎ᠠ ᠶᠢ ᠭᠡᠷᠡᠭᠯᠡᠵᠤ ᠪᠠᠶᠢᠨ᠎ᠠ᠃ ᠭᠡᠪᠡᠴᠤ ᠬᠠᠮᠤᠭ ᠤᠨ ᠰᠠᠶᠢᠨ ᠨᠢ ᠬᠠᠰᠢ ᠯᠠ ᠨᠠᠷᠢᠯᠢᠬ ᠲᠠᠷᠢᠬᠤ ᠮᠠᠰᠢᠨ ᠢᠶᠠᠷ ᠲᠠᠷᠢᠪᠠᠯ ᠰᠠᠶᠢᠨ ᠶᠤᠮ᠃ ᠲᠠᠷᠢᠬᠤ ᠳᠠᠭᠠᠨ 3~5cm ᠭᠦᠨ ᠲᠠᠷᠢᠵᠤ᠂ ᠲᠠᠷᠢᠮᠬᠠᠴᠠ ᠪᠠᠨ ᠲᠠᠷᠦ᠋ᠢᠬᠠᠨ ᠰᠠᠶᠢᠳᠤᠷ ᠲᠠᠷᠤᠵᠤ᠂ ᠰᠠᠯᠭᠢ ᠨᠡᠪᠳᠡᠷᠡᠨ ᠰᠤᠶᠤᠭᠠᠯᠠᠬᠤ ᠶᠢ ᠨᠦᠯᠦᠭᠡᠯᠡᠭᠦ ᠠᠴᠠ ᠰᠡᠷᠭᠡᠶᠢᠯᠡᠭᠦ ᠭᠡᠷᠡᠭᠳᠡᠢ᠃
11. ᠲᠠᠷᠢᠬᠤ ᠦᠶᠡᠰ ᠪᠤᠷᠳᠤᠭᠤᠷ ᠶᠠᠭᠠᠭᠢᠵᠤ ᠤᠷᠤᠭᠤᠯᠬᠤ ᠪᠤᠢ︖ ᠶᠠᠮᠠᠷ ᠪᠤᠷᠳᠤᠭᠤᠷ ᠤᠷᠤᠭᠤᠯᠪᠠᠯ ᠲᠤᠭᠢᠷᠠᠮᠵᠢᠳᠡᠢ ᠪᠤᠢ︖
ᠪᠤᠷᠳᠤᠭᠤᠷ ᠤᠷᠤᠭᠤᠯᠬᠤ ᠳᠠᠭᠠᠨ ᠡᠷᠭᠡᠪᠰᠢ ᠪᠤᠷᠳᠤᠭᠤᠷ ᠢ ᠰᠢᠨᠵᠢᠯᠡᠭᠦ ᠤᠬᠠᠭᠠᠠᠴᠢ ᠪᠠᠷ ᠭᠡᠷᠡᠭᠯᠡᠵᠤ᠂ ᠰᠠᠭᠤᠷᠢ ᠪᠤᠷᠳᠤᠭᠤᠷ ᠭᠦᠢᠴᠡᠳ ᠤᠷᠤᠭᠤᠯᠬᠤ᠂ ᠦᠷ᠎ᠡ ᠶᠢᠨ ᠪᠤᠷᠳᠤᠭᠤᠷ ᠤᠷᠤᠭᠤᠯᠬᠤ ᠶᠢ ᠴᠢᠬᠤᠯᠠᠴᠢᠯᠠᠬᠤ᠂ ᠲᠤᠭᠢᠳᠡᠢ ᠴᠠᠭ ᠲᠤᠨᠢ ᠪᠤᠷᠳᠤᠭᠤᠷ ᠨᠦᠭᠦᠵᠤ ᠤᠷᠤᠭᠤᠯᠬᠤ ᠭᠤᠷᠪᠡᠨ ᠵᠠᠩᠭᠢᠯᠠᠭ᠎ᠠ ᠶᠢ ᠴᠢᠩᠭ᠎ᠠ ᠠᠳᠬᠤᠬᠤ ᠭᠡᠷᠡᠭᠳᠡᠢ᠃
︵1︶ ᠰᠠᠭᠤᠷᠢ ᠪᠤᠷᠳᠤᠭᠤᠷ ᠭᠦᠢᠴᠡᠳ ᠤᠷᠤᠭᠤᠯᠬᠤ ᠪᠤᠯ ᠲᠠᠷᠢᠬᠤ ᠠᠴᠠ ᠡᠮᠦᠨ᠎ᠠ ᠪᠤᠷᠳᠤᠭᠤᠷ ᠤᠷᠤᠭᠤᠯᠬᠤ ᠶᠢᠨ ᠪᠠᠷᠢᠮᠵᠢᠶ᠎ᠠ ᠮᠦᠨ᠃ ᠶᠠᠷᠤ ᠶᠢᠨ ᠪᠠᠶᠢᠳᠠᠯ ᠲᠤᠤᠷ᠎ᠠ ᠮᠤ᠋ ᠪᠦᠷᠢ ᠢᠯᠵᠠᠷᠬᠠᠰᠠᠨ ᠴᠢᠨᠠᠷ ᠰᠠᠶᠢᠳᠠᠢ ᠰᠢᠭᠡᠭ ᠪᠤᠷᠳᠤᠭᠤᠷ ᠢ 1000~2000kg ᠤᠷᠤᠭᠤᠯᠬᠤ ᠪᠠ ᠪᠠᠭ᠎ᠠ ᠭᠡᠮᠵᠢᠶᠠᠨ ᠤ ᠲᠦᠷᠭᠡᠨ ᠦᠢᠯᠡᠳᠦᠯᠳᠤ ᠭᠢᠮᠢ ᠶᠢᠨ ᠪᠤᠷᠳᠤᠭᠤᠷ ᠤᠷᠤᠭᠤᠯᠤᠨ᠎ᠠ᠃ ᠤᠷᠤᠭᠤᠯᠬᠤ ᠠᠷᠭ᠎ᠠ ᠶᠢᠨ ᠲᠠᠯ᠎ᠠ ᠪᠠᠷ ᠭᠤᠤᠯ ᠨᠢ ᠰᠠᠴᠤᠵᠤ ᠤᠷᠤᠭᠤᠯᠬᠤ᠂ ᠵᠤᠷᠠᠭᠠᠠᠯᠠᠨ ᠤᠷᠤᠭᠤᠯᠬᠤ ᠪᠠ ᠨᠦᠭᠡᠯᠡᠨ ᠤᠷᠤᠭᠤᠯᠬᠤ ᠠᠷᠭ᠎ᠠ ᠶᠢ ᠭᠡᠷᠡᠭᠯᠡᠨ᠎ᠡ᠃
︵2︶ ᠦᠷ᠎ᠡ ᠶᠢᠨ ᠪᠤᠷᠳᠤᠭᠤᠷ ᠤᠷᠤᠭᠤᠯᠬᠤ ᠳᠤ ᠲᠦᠷᠭᠡᠨ ᠦᠢᠯᠡᠳᠦᠯᠳᠤ ᠪᠤᠷᠳᠤᠭᠤᠷ ᠢᠶᠠᠷ ᠭᠤᠤᠯ ᠪᠤᠯᠭᠠᠵᠤ᠂ ᠭᠤᠤᠯ ᠨᠢ ᠰᠢᠭᠡᠰᠦᠯᠢᠭ ᠡᠳ᠋᠂ ᠭᠦᠭᠦᠷ ᠭᠦᠴᠢᠯ ᠤᠨ ᠠᠮᠮᠤᠨᠢ᠂ ᠭᠦᠭᠦᠷ ᠭᠦᠴᠢᠯ ᠤᠨ ᠬᠤᠶᠠᠷᠴᠢ ᠠᠮᠮᠤᠨᠢ᠂ ᠭᠦᠭᠦᠷ ᠭᠦᠴᠢᠯ ᠤᠨ ᠺᠠᠯᠢ ᠵᠢᠴᠢ ᠢᠯᠵᠠᠷᠠᠮᠠᠯ ᠰᠢᠭᠡᠭ ᠪᠤᠷᠳᠤᠭᠤᠷ ᠢ ᠤᠷᠤᠭᠤᠯᠤᠨ᠎ᠠ᠃ ᠲᠦᠷᠭᠡᠨ ᠦᠢᠯᠡᠳᠦᠯᠳᠤ ᠪᠤᠷᠳᠤᠭᠤᠷ ᠤᠷᠤᠭᠤᠯᠬᠤ ᠳᠠᠭᠠᠨ ᠡᠷᠭᠡᠪᠰᠢ ᠦᠷ᠎ᠡ ᠠᠴᠠ 10~15cm ᠵᠠᠶᠢᠳᠠᠢ ᠤᠷᠤᠭᠤᠯᠵᠤ᠂ ᠦᠷ᠎ᠡ ᠴᠢᠭᠢ ᠰᠢᠳ᠋ᠬᠠᠳᠠᠬᠤ ᠠᠴᠠ ᠰᠡᠷᠭᠡᠶᠢᠯᠡᠭᠦ ᠭᠡᠷᠡᠭᠳᠡᠢ᠃
︵3︶ ᠡᠷᠨᠨᠳᠡ ᠶᠢᠨ ᠰᠠᠭᠤᠷᠢ ᠨᠢ ᠲᠤᠮᠤ᠂ ᠤᠷᠭᠤᠯᠳᠠ ᠶᠢᠨ ᠬᠤᠭᠤᠴᠠᠭ᠎ᠠ ᠨᠢ ᠤᠷᠳᠤ ᠪᠠᠶᠢᠳᠠᠭ ᠪᠤᠯᠬᠤᠷ ᠲᠠᠩ ᠭᠠᠭᠴᠠ ᠰᠠᠭᠤᠷᠢ ᠪᠤᠷᠳᠤᠭᠤᠷ᠂ ᠦᠷ᠎ᠡ ᠶᠢᠨ ᠪᠤᠷᠳᠤᠭᠤᠷ ᠤᠷᠤᠭᠤᠯᠬᠤ ᠳᠤ ᠲᠦᠰᠢᠭᠯᠡᠭᠡᠳ ᠤᠷᠭᠤᠯᠳᠠ ᠪᠤᠶᠢᠵᠢᠯᠳᠡ ᠶᠢᠨ ᠭᠢᠨᠢ ᠭᠡᠷᠡᠭᠴᠡᠭᠡ ᠶᠢ ᠬᠠᠨᠭ᠍ᠭᠠᠵᠤ ᠲᠠᠶᠢᠯᠭᠦ ᠦᠭᠡᠢ ᠶᠤᠮ᠃ ᠡᠶᠢᠮᠤ ᠠᠴᠠ ᠡᠷᠭᠡᠪᠰᠢ ᠴᠠᠭ ᠲᠤᠨᠢ ᠲᠤᠭᠢᠷᠠᠭᠤᠯᠤᠨ ᠪᠤᠷᠳᠤᠭᠤᠷ ᠨᠦᠭᠦᠨ ᠤᠷᠤᠭᠤᠯᠬᠤ ᠭᠡᠷᠡᠭᠳᠡᠢ᠃ ᠰᠠᠭᠤᠷᠢ ᠪᠤᠷᠳᠤᠭᠤᠷ ᠪᠠᠭ᠎ᠠ ᠲᠠᠢ ᠲᠠᠴᠢᠷ ᠭᠠᠵᠠᠷ ᠲᠤ ᠬᠤᠶᠠᠷ ᠤᠳᠠᠭ᠎ᠠ ᠪᠤᠷᠳᠤᠭᠤᠷ ᠨᠦᠭᠦᠨ ᠤᠷᠤᠭᠤᠯᠵᠤ᠂ ᠴᠢᠭᠢ ᠲᠤᠠᠠᠳᠠᠭᠠᠬᠤ ᠬᠤᠭᠤᠴᠠᠭ᠎ᠠ ᠪᠠ ᠲᠦᠷᠤᠬᠦᠳᠤᠬᠦ ᠬᠤᠭᠤᠴᠠᠭᠠᠨ ᠳᠤᠨᠢ ᠮᠤ᠋ ᠪᠦᠷᠢ ᠤᠳᠠᠭ᠎ᠠ ᠪᠦᠷᠢ 5~7.5kg ᠰᠢᠭᠡᠰᠦᠯᠢᠭ ᠡᠳ᠋ ᠨᠦᠭᠦᠨ ᠤᠷᠤᠭᠤᠯᠬᠤ ᠭᠡᠷᠡᠭᠳᠡᠢ᠃ ᠪᠤᠷᠳᠤᠭᠤᠷ ᠰᠠᠶᠢᠳᠠᠢ ᠭᠠᠵᠠᠷ ᠲᠤ ᠪᠤᠯ ᠴᠤᠮᠤᠷᠯᠢᠠᠠᠵᠢᠬᠤ ᠦᠶ᠎ᠠ ᠳᠤᠨᠢ ᠵᠤᠭᠢᠰᠳᠡᠢ ᠪᠠᠷ ᠪᠤᠷᠳᠤᠭᠤᠷ ᠨᠦᠭᠦᠨ ᠤᠷᠤᠭᠤᠯᠬᠤ ᠭᠡᠷᠡᠭᠳᠡᠢ᠃ ᠭᠡᠭᠦ ᠳᠡᠭᠡᠨ ᠭᠡᠵᠢᠶ᠎ᠠ ᠪᠤᠷᠳᠤᠭᠤᠷ ᠨᠦᠭᠦᠨ ᠤᠷᠤᠭᠤᠯᠤᠠᠠᠰᠠᠨ ᠴᠤ ᠲᠠᠷᠠ ᠵᠠᠪᠠᠯ ᠴᠢᠭᠢ ᠠᠴᠠ 8~10cm ᠵᠠᠶᠢᠳᠠᠢ᠂ 10cm ᠭᠦᠨ ᠤᠷᠤᠭᠤᠯᠵᠤ᠂ ᠡᠷᠨᠨᠳᠡ ᠶᠢᠨ ᠢᠳᠡᠷᠡᠭᠦᠨ ᠤᠷᠭᠤᠯᠳᠠ ᠶᠢ ᠨᠢ ᠪᠠᠳᠤᠯᠠᠬᠤ ᠭᠡᠷᠡᠭᠳᠡᠢ᠃
12. ᠲᠠᠷᠢᠶᠠᠨ ᠳᠠᠬᠢ ᠠᠷᠠᠴᠢᠯᠠᠯᠳᠠ ᠶᠢᠨ ᠲᠠᠯ᠎ᠠ ᠪᠠᠷ ᠶᠠᠮᠠᠷ ᠵᠦᠢᠯ ᠢ ᠠᠩᠬᠠᠷᠬᠤ ᠴᠢᠬᠤᠯᠠ ᠲᠠᠢ ᠪᠤᠢ︖
ᠨᠢᠯᠬ᠎ᠠ ᠴᠢᠭᠢᠨ ᠤ ᠬᠤᠭᠤᠴᠠᠭᠠᠨ ᠳᠠᠬᠢ ᠠᠷᠠᠴᠢᠯᠡᠯᠳᠡ ᠶᠢᠨ ᠲᠠᠯ᠎ᠠ ᠪᠠᠷ ︵1︶ ᠲᠠᠷᠢᠶ᠎ᠠ ᠪᠠᠨ ᠪᠠᠶᠢᠴᠠᠭᠠᠵᠤ ᠴᠢᠭᠢ ᠨᠦᠭᠦᠭᠦ ᠭᠡᠷᠡᠭᠳᠡᠢ᠃ ᠡᠷᠡᠨᠳᠡ ᠨᠢ ᠪᠤᠷᠳᠤᠭᠤᠷ ᠤᠷᠤᠭᠤᠯᠬᠤ ᠠᠷᠭ᠎ᠠ ᠨᠢ ᠵᠤᠭᠢᠰ ᠦᠭᠡᠢ ᠪᠤᠶᠤ ᠭᠦᠷᠦᠰᠤᠨ ᠲᠤᠤᠷᠠᠭᠢ ᠭᠦᠨᠦᠭᠡᠯᠳᠤ ᠬᠤᠷᠤᠬᠠᠢ ᠶᠢᠨ ᠭᠦᠨᠦᠭᠡᠯ ᠵᠡᠷᠭᠡ ᠰᠢᠯᠳᠠᠭᠠᠨ ᠠᠴᠠ ᠪᠤᠯᠤᠭᠠᠳ ᠴᠢᠭᠢ ᠲᠤᠳ᠋ᠬᠠᠳᠠᠬᠤ ᠦᠵᠡᠭᠳᠡᠯ ᠢᠯᠡᠷᠡᠳᠡᠭ᠃ ᠡᠶᠢᠮᠤ ᠠᠴᠠ ᠴᠢᠭᠢᠯᠡᠭᠦ ᠬᠤᠭᠤᠴᠠᠭᠠᠨ ᠳᠤᠨᠢ ᠲᠠᠷᠢᠶ᠎ᠠ ᠪᠠᠨ ᠦᠷᠭᠦᠯᠵᠢ ᠪᠠᠶᠢᠴᠠᠭᠠᠵᠤ᠂ ᠴᠢᠭᠢ ᠨᠦᠭᠦᠭᠦ ᠠᠵᠢᠯ ᠢ ᠰᠠᠶᠢᠳᠤᠷ ᠭᠢᠭᠦ ᠭᠡᠷᠡᠭᠳᠡᠢ᠃ ︵2︶ ᠴᠠᠭ ᠲᠠᠷᠤᠢ ᠳᠤᠨᠢ ᠴᠢᠭᠢ ᠵᠠᠶᠢᠯᠠᠵᠤ ᠴᠢᠭᠢ ᠲᠤᠠᠠᠳᠠᠭᠠᠬᠤ ᠭᠡᠷᠡᠭᠳᠡᠢ᠃ ᠨᠢᠯᠬ᠎ᠠ ᠴᠢᠭᠢ ᠨᠢ 2 ᠵᠢᠩᠭᠢᠨᠢ ᠨᠠᠪᠴᠢ ᠲᠠᠢ ᠪᠤᠯᠬᠤ ᠦᠶᠡᠰ ᠴᠢᠭᠢ ᠶᠢ ᠰᠠᠶᠢᠷᠡᠭᠵᠢᠭᠦᠯᠵᠤ᠂ ᠴᠤᠨᠤᠭ ᠪᠦᠷᠢ 2 ᠰᠠᠭᠤᠷᠢ ᠢᠳᠡᠷᠡᠭᠦᠨ ᠴᠢᠭᠢ ᠦᠯᠡᠳᠡᠭᠡᠵᠤ᠂ ᠰᠠᠭᠤᠷᠢ ᠪᠦᠷᠢ ᠶᠢᠨ ᠬᠤᠭᠤᠷᠤᠨᠳᠤᠭᠢ ᠵᠠᠢ ᠶᠢ 3~5cm ᠪᠠᠶᠢᠯᠭᠠᠵᠤ᠂ 3~4 ᠨᠠᠪᠴᠢ ᠭᠠᠷᠬᠤ ᠦᠶ᠎ᠠ ᠳᠤᠨᠢ ᠴᠢᠭᠢ ᠪᠠᠨ ᠲᠤᠠᠠᠳᠠᠭᠠᠬᠤ ᠭᠡᠷᠡᠭᠳᠡᠢ᠃ ︵3︶ ᠰᠤᠯᠠ ᠡᠪᠡᠰᠤ ᠶᠢ ᠠᠷᠢᠯᠭᠠᠬᠤ ᠭᠡᠷᠡᠭᠳᠡᠢ᠃ ᠡᠷᠡᠨᠳᠡ ᠶᠢᠨ ᠴᠢᠭᠢᠯᠡᠭᠦ ᠬᠤᠭᠤᠴᠠᠭ᠎ᠠ ᠨᠢ ᠤᠷᠳᠤ᠂ ᠨᠢᠯᠬ᠎ᠠ ᠴᠢᠭᠢ ᠶᠢᠨ ᠪᠤᠶᠢᠵᠢᠯᠳᠡ ᠨᠢ ᠤᠳᠠᠭᠠᠨ᠂ ᠰᠠᠭᠤᠷᠢ ᠮᠦᠷ ᠤᠨ ᠵᠠᠢ ᠨᠢ ᠶᠡᠭᠡ ᠪᠠᠶᠢᠳᠠᠭ ᠪᠤᠯᠬᠤᠷ ᠰᠤᠯᠠ ᠡᠪᠡᠰᠤ ᠠᠮᠠᠷᠬᠠᠨ ᠤᠷᠭᠤᠳᠠᠭ᠂ ᠡᠶᠢᠮᠤ ᠠᠴᠠ ᠲᠠᠷᠦ᠋ᠢᠬᠠᠨ ᠭᠦᠢᠭᠡᠨ ᠬᠠᠭᠠᠯᠪᠤᠷᠢᠯᠡᠨ ᠡᠪᠡᠰᠤ ᠶᠢ ᠨᠢ ᠠᠷᠢᠯᠭᠠᠪᠠᠯ ᠲᠤᠯᠠᠭᠠᠨ ᠢ ᠨᠡᠮᠡᠭᠳᠡᠭᠦᠯᠦᠨ ᠴᠢᠭᠢᠭ ᠢ ᠬᠠᠮᠠᠭᠠᠯᠠᠵᠤ᠂ ᠨᠢᠯᠬ᠎ᠠ ᠴᠢᠭᠢ ᠶᠢᠨ ᠤᠷᠭᠤᠯᠳᠠ ᠪᠤᠶᠢᠵᠢᠯᠳᠡ ᠶᠢ ᠠᠭᠢᠭᠤᠯᠬᠤ ᠳᠤ ᠠᠰᠢᠠᠠᠳᠠᠢ ᠶᠤᠮ᠃ ᠠᠩᠬᠠᠳ᠋ᠬᠠᠴᠢ ᠤᠳᠠᠭ᠎ᠠ᠂ ᠬᠤᠶᠠᠷᠳᠡᠭᠢ ᠤᠳᠠᠭ᠎ᠠ ᠡᠪᠡᠰᠤ ᠠᠷᠢᠯᠭᠠᠬᠤ ᠶᠢ ᠴᠢᠭᠢ ᠵᠠᠶᠢᠯᠠᠬᠤ ᠴᠢᠭᠢ ᠲᠤᠠᠠᠳᠠᠭᠠᠬᠤ ᠲᠠᠢ ᠤᠶᠠᠯᠳᠤᠭᠤᠯᠤᠨ ᠭᠢᠵᠤ᠂ ᠵᠢᠵᠢᠭ ᠠᠷᠴᠢᠭᠤᠷ ᠢᠶᠠᠷ ᠰᠢᠷᠤᠢ ᠶᠢ ᠨᠢ ᠰᠤᠯᠠᠷᠠᠭᠤᠯᠵᠤ᠂ ᠲᠤᠮᠤ ᠠᠷᠴᠢᠭᠤᠷ ᠢᠶᠠᠷ ᠲᠠᠯᠠᠩ ᠤᠨ ᠠᠷᠤ ᠲᠠᠯ᠎ᠠ ᠶᠢ ᠬᠤᠰᠤᠵᠤ᠂ ᠰᠡᠭᠦᠯᠡᠷ ᠨᠢ 10 ᠡᠳᠤᠷ ᠪᠤᠯᠬᠤ ᠪᠦᠷᠢ ᠨᠢᠭᠡ ᠤᠳᠠᠭ᠎ᠠ ᠠᠷᠴᠢᠬᠤ ᠶᠢᠨ ᠬᠠᠮᠳᠤ ᠰᠢᠷᠤᠢ ᠨᠡᠮᠡᠭᠦ ᠭᠡᠷᠡᠭᠳᠡᠢ᠃
13. ᠴᠡᠴᠡᠭ ᠲᠡᠯᠭᠡᠷᠡᠭᠦ ᠬᠤᠭᠤᠴᠠᠭᠠᠨ ᠳᠤᠨᠢ ᠭᠡᠷᠭᠢᠨ ᠠᠷᠠᠴᠢᠯᠠᠬᠤ ᠪᠤᠢ︖
︵1︶ ᠡᠨᠡ ᠦᠶ᠎ᠠ ᠪᠤᠯ ᠡᠷᠡᠨᠳᠡ ᠶᠢᠨ ᠤᠷᠭᠤᠯᠳᠠ ᠨᠢ ᠲᠦᠷᠭᠡᠳᠴᠤ᠂ ᠤᠰᠤ ᠪᠤᠷᠳᠤᠭᠤᠷ ᠤᠨ ᠭᠡᠷᠡᠭᠴᠡᠭᠡ ᠨᠢ ᠶᠡᠭᠡᠳᠡ ᠨᠡᠮᠡᠭᠳᠡᠳᠡᠭ᠃
ᠡᠶᠢᠮᠤ ᠠᠴᠠ ᠭᠢᠨᠠᠮᠠᠭᠠᠢ ᠰᠠᠶᠢᠨ ᠪᠤᠷᠳᠤᠭᠤᠷ ᠨᠦᠭᠦᠨ ᠤᠷᠤᠭᠤᠯᠬᠤ ᠠᠴᠠ ᠭᠠᠳᠠᠨ᠎ᠠ ᠪᠠᠰᠠ ᠭᠠᠨᠭ᠍ᠳᠠᠪᠠᠯ ᠲᠠᠷᠦ᠋ᠢᠬᠠᠨ ᠤᠰᠤᠯᠠᠵᠤ᠂ ᠤᠰᠤᠳᠤᠪᠠᠯ ᠲᠠᠷᠦ᠋ᠢᠬᠠᠨ ᠤᠰᠤ ᠶᠢ ᠨᠢ ᠵᠠᠯᠠᠵᠤ᠂ ᠪᠤᠷᠤᠭᠠᠨ ᠤ ᠲᠠᠷᠠᠭ᠎ᠠ ᠪᠤᠶᠤ ᠨᠦᠭᠦᠨ ᠤᠰᠤᠯᠬᠠᠰᠠᠨ ᠤ ᠪᠠᠨ ᠲᠠᠷᠠᠭ᠎ᠠ ᠲᠠᠷᠦ᠋ᠢᠬᠠᠨ ᠭᠠᠳᠠᠷᠭᠤ ᠭᠦᠷᠦᠰᠤ ᠶᠢ ᠨᠢ ᠰᠤᠯᠠᠯᠠᠵᠤ᠂ ᠲᠤᠯᠠᠭᠠᠨ ᠢ ᠨᠡᠮᠡᠭᠳᠡᠭᠦᠯᠦᠨ ᠴᠢᠭᠢᠭ ᠢ ᠬᠠᠮᠠᠭᠠᠯᠠᠵᠤ᠂ ᠤᠷᠭᠤᠯᠳᠠ ᠶᠢ ᠨᠢ ᠠᠭᠢᠭᠤᠯᠬᠤ ᠭᠡᠷᠡᠭᠳᠡᠢ᠃ ︵2︶ ᠴᠤᠮᠤᠷᠯᠢᠠᠠᠵᠢᠠᠠᠰᠠᠨ ᠤ ᠰᠡᠭᠦᠯᠡᠷ ᠠᠩᠬᠠᠳ᠋ᠬᠠᠴᠢ ᠤᠳᠠᠭ᠎ᠠ ᠰᠠᠯᠠᠭ᠎ᠠ ᠶᠢ ᠨᠢ ᠵᠠᠰᠠᠵᠤ᠂ ᠦᠰᠦᠯᠳᠡ ᠤᠷᠭᠤᠯᠳᠠ ᠨᠢ ᠦᠨᠳᠤᠰᠤᠨ ᠳᠡᠭᠡᠨ ᠠᠳᠠᠯᠢ ᠲᠡᠭᠰᠢ ᠪᠦᠭᠦᠢ 3~4 ᠨᠠᠪᠴᠢ ᠶᠢ ᠦᠯᠡᠳᠡᠭᠡᠨ ᠲᠦᠷᠦᠭᠦᠤ ᠪᠤᠯᠭᠠᠵᠤ᠂ ᠪᠤᠰᠤᠳ ᠰᠠᠯᠠᠭ᠎ᠠ ᠶᠢ ᠨᠢ ᠴᠦᠮ ᠠᠪᠴᠤ ᠬᠠᠶᠠᠬᠤ ᠭᠡᠷᠡᠭᠳᠡᠢ᠃ ᠬᠤᠶᠠᠷᠳᠡᠭᠢ ᠤᠳᠠᠭ᠎ᠠ ᠰᠠᠯᠠᠭ᠎ᠠ ᠵᠠᠰᠠᠬᠤ ᠴᠠᠭ ᠢ ᠪᠤᠯ ᠲᠤᠬᠠᠢ ᠶᠢᠨ ᠭᠠᠵᠠᠷ ᠤᠨ ᠴᠠᠭ ᠠᠭᠤᠷ ᠢ ᠦᠨᠳᠦᠰᠦᠯᠡᠨ᠂ ᠭᠢᠷᠠᠭᠤ ᠤᠨᠠᠬᠤ ᠠᠴᠠ 40~50 ᠬᠤᠨᠤᠭ ᠤᠨ ᠡᠮᠦᠨ᠎ᠠ ᠵᠠᠰᠠᠵᠤ᠂ ᠵᠢᠮᠢᠰ ᠤᠨ ᠮᠤᠳᠤᠨ ᠤ ᠬᠠᠶᠢᠴᠢ ᠪᠠᠷ ᠪᠦᠭᠦ᠋ᠢᠯᠡ ᠴᠡᠴᠡᠭ ᠲᠡᠯᠭᠡᠷᠡᠭᠰᠡᠨ᠂ ᠵᠢᠮᠢᠰ ᠨᠢ ᠬᠠᠷᠠᠬᠠᠨ ᠲᠤᠮᠤᠷᠠᠭᠠᠳᠤᠢ᠂ ᠰᠠᠶ᠋ᠢᠬᠠᠨ ᠴᠡᠴᠡᠭᠯᠡᠭᠰᠡᠨ ᠪᠤᠶᠤ ᠬᠤᠸᠠᠷ ᠲᠡᠯᠭᠡᠷᠡᠭᠡᠳᠦᠢ ᠤᠷᠤᠢ ᠶᠢᠨ ᠨᠠᠭᠢᠶ᠎ᠠ᠂ ᠤᠷᠤᠢ ᠶᠢᠨ ᠲᠦᠷᠦᠭᠦᠤ ᠶᠢ ᠴᠦᠮ ᠬᠠᠶᠢᠴᠢᠯᠡᠨ ᠬᠠᠶᠠᠵᠤ᠂ ᠰᠠᠯᠠᠭ᠎ᠠ ᠪᠦᠷᠢ ᠳᠤ 1~2 ᠨᠠᠪᠴᠢ ᠦᠯᠡᠳᠡᠭᠡᠨ ᠰᠢᠮ᠎ᠠ ᠲᠡᠵᠢᠭᠡᠯ ᠤᠨ ᠨᠠᠪᠴᠢ ᠪᠤᠯᠭᠠᠨ᠂ ᠲᠦᠷᠦᠭᠦᠤ ᠪᠤᠯᠬᠤ ᠶᠢ ᠨᠢ ᠠᠭᠢᠭᠤᠯᠵᠤ᠂ ᠤᠨᠠᠯᠳᠠ ᠶᠢ ᠨᠡᠮᠡᠭᠳᠡᠭᠦᠯᠦᠨ᠂ ᠶᠠᠰᠤ ᠴᠢᠨᠠᠷ ᠢ ᠲᠡᠭᠡᠭᠰᠢᠯᠡᠭᠦᠯᠭᠦ ᠭᠡᠷᠡᠭᠳᠡᠢ᠃
14. ᠦᠷᠡᠯᠡᠯᠳᠡ ᠶᠢᠨ ᠬᠤᠭᠤᠴᠠᠭᠠᠨ ᠳᠤᠨᠢ ᠭᠡᠷᠭᠢᠨ ᠠᠷᠠᠴᠢᠯᠠᠬᠤ ᠪᠤᠢ︖
ᠡᠨᠡ ᠬᠤᠭᠤᠴᠠᠭ᠎ᠠ ᠪᠤᠯ ᠤᠨᠠᠯᠳᠠ ᠪᠤᠢ ᠪᠤᠯᠬᠤ ᠲᠤᠰᠤ ᠬᠤᠷᠠᠮᠳᠤᠬᠤ ᠭᠤᠤᠯ ᠬᠤᠭᠤᠴᠠᠭ᠎ᠠ ᠪᠤᠯᠤᠨ᠎ᠠ᠃ ᠮᠦᠨ ᠴᠦ ᠤᠷᠭᠤᠮᠠᠯ ᠤᠨ ᠪᠠᠳᠠᠷᠠᠨ ᠤᠷᠭᠤᠬᠤ ᠬᠤᠭᠤᠴᠠᠭ᠎ᠠ ᠲᠤᠯᠠ ᠤᠰᠤ ᠪᠤᠷᠳᠤᠭᠤᠷ ᠶᠡᠭᠡᠳᠡ ᠭᠡᠷᠡᠭᠰᠡᠨ᠎ᠡ᠃ ᠡᠨᠡ ᠬᠤᠭᠤᠴᠠᠭᠠᠨ ᠳᠤ ᠤᠷᠭᠤᠮᠠᠯ ᠨᠢ ᠮᠠᠰᠢ ᠲᠤᠮᠤ ᠦᠨᠳᠤᠰᠤᠨ ᠰᠢᠰᠲ᠋ᠧᠮ ᠲᠠᠢ ᠪᠤᠯᠵᠤ᠂ ᠤᠰᠤ ᠪᠤᠷᠳᠤᠭᠤᠷ ᠰᠢᠩᠭᠡᠭᠡᠨ ᠠᠪᠬᠤ ᠴᠢᠳᠠᠯ ᠨᠢ ᠴᠤ ᠨᠡᠮᠡᠭᠳᠡᠭᠦ ᠲᠤᠯᠠ ᠰᠠᠭᠤᠷᠢ ᠪᠤᠷᠳᠤᠭᠤᠷ᠂ ᠦᠷ᠎ᠡ ᠶᠢᠨ ᠪᠤᠷᠳᠤᠭᠤᠷ᠂ ᠨᠦᠭᠦᠯᠳᠡ ᠪᠤᠷᠳᠤᠭᠤᠷ ᠢ ᠭᠦᠢᠴᠡᠳ ᠤᠷᠤᠭᠤᠯᠤᠠᠠᠰᠠᠨ ᠤᠷᠢᠳᠠᠯ ᠲᠤᠤᠷ᠎ᠡ᠂ ᠤᠰᠤᠨ ᠤ ᠢᠯᠴᠢ ᠶᠢᠨ ᠨᠦᠭᠦᠴᠡᠯ ᠢ ᠵᠤᠭᠢᠰᠳᠠᠢ ᠲᠤᠭᠢᠷᠠᠭᠤᠯᠵᠤ᠂ ᠤᠰᠤᠯᠠᠬᠤ᠂ ᠤᠰᠤ ᠵᠠᠯᠠᠬᠤ ᠠᠵᠢᠯ ᠢ ᠰᠠᠶᠢᠳᠤᠷ ᠭᠢᠵᠤ᠂ ᠭᠡᠷᠡᠯ ᠤᠨ ᠨᠡᠶᠢᠯᠡᠯᠭᠡ ᠡᠳ᠋ ᠨᠢ ᠦᠷ᠎ᠡ ᠮᠦᠭᠦᠯᠢᠭ ᠲᠤ ᠰᠢᠯᠵᠢᠭᠦ ᠶᠢ ᠠᠭᠢᠭᠤᠯᠬᠤ ᠭᠡᠷᠡᠭᠳᠡᠢ᠃
15. ᠡᠷᠡᠨᠳᠡ ᠶᠢᠨ ᠭᠡᠮ ᠬᠤᠷᠤᠬᠠᠢ ᠶᠢᠨ ᠭᠦᠨᠦᠭᠡᠯ ᠢ ᠭᠡᠷᠭᠢᠨ ᠰᠡᠷᠭᠡᠶᠢᠯᠡᠨ ᠵᠠᠰᠠᠬᠤ ᠪᠤᠢ︖
ᠡᠷᠡᠨᠳᠡ ᠶᠢᠨ ᠭᠡᠮ ᠬᠤᠷᠤᠬᠠᠢ ᠶᠢᠨ ᠭᠦᠨᠦᠭᠡᠯ ᠭᠡᠪᠡᠯ ᠭᠤᠤᠯ ᠨᠢ ᠴᠤᠬᠤᠷᠳᠤ ᠡᠪᠡᠳᠴᠢᠨ᠂ ᠪᠤᠷᠤ ᠭᠦᠭᠡᠴᠤ ᠭᠡᠮ᠂ ᠢᠳᠤᠭᠠᠨ ᠬᠤᠷᠤᠬᠠᠢ ᠵᠡᠷᠭᠡ ᠪᠠᠶᠢᠨ᠎ᠠ᠃ ᠶᠠᠷᠦᠩᠭᠡᠢ ᠳᠡᠭᠡᠨ ᠲᠠᠪᠳᠠᠨ ᠲᠠᠷᠢᠬᠤ ᠪᠤᠶᠤ ᠡᠷᠳᠡ ᠲᠠᠷᠢᠵᠤ᠂ ᠲᠠᠷᠢᠠᠠᠰᠠᠨ ᠤ ᠰᠡᠭᠦᠯᠡᠷ ᠦᠷᠭᠦᠯᠵᠢᠯᠡᠨ ᠪᠦᠷᠭᠦ᠋ᠢᠵᠤ ᠪᠤᠷᠤᠭᠠᠠᠰᠢᠠᠠᠰᠠᠨ ᠦᠶᠡᠰ ᠴᠤᠬᠤᠷᠳᠤ ᠭᠡᠮ ᠠᠮᠠᠷᠬᠠᠨ ᠲᠤᠰᠴᠤ᠂ ᠦᠷ᠎ᠡ ᠨᠢ ᠢᠯᠵᠡᠷᠡᠬᠤ ᠪᠠ ᠴᠢᠭᠢ ᠨᠢ ᠦᠭᠦᠳᠡᠭ᠃ ᠡᠭᠦᠨ ᠢ ᠰᠡᠷᠭᠡᠶᠢᠯᠡᠨ ᠵᠠᠰᠠᠬᠤ ᠳᠤ ᠭᠤᠤᠯ ᠨᠢ ᠭᠡᠮ ᠢ ᠲᠠᠷᠤᠬᠤ ᠲᠦᠷᠦᠯ ᠵᠦᠢᠯ ᠢ ᠰᠤᠩᠭᠤᠨ ᠭᠡᠷᠡᠭᠯᠡᠵᠤ᠂ ᠲᠦᠷᠪᠡᠨ ᠵᠢᠯ ᠠᠴᠠ ᠲᠡᠭᠡᠭᠰᠢ ᠡᠭᠡᠯᠵᠢᠯᠡᠨ ᠲᠠᠷᠢᠬᠤ ᠠᠷᠭ᠎ᠠ ᠶᠢ ᠠᠪᠤᠨ᠎ᠠ᠃ ᠴᠠᠭ ᠲᠤᠨᠢ ᠲᠤᠭᠢᠷᠠᠭᠤᠯᠤᠨ ᠲᠠᠷᠢᠵᠤ᠂ ᠭᠡᠳᠦᠷᠭᠡᠢ ᠨᠦᠢᠳᠡᠨ ᠭᠦᠷᠦᠰᠤᠨ ᠳᠤ ᠲᠠᠷᠢᠬᠤ ᠦᠭᠡᠢ ᠪᠠᠶᠢᠵᠤ᠂ ᠦᠷᠡᠵᠢᠯ ᠤᠨ ᠦᠶ᠎ᠠ ᠳᠤᠨᠢ ᠤᠰᠤᠳᠤᠬᠤ ᠠᠴᠠ ᠰᠡᠷᠭᠡᠶᠢᠯᠡᠨ᠎ᠡ᠃ ᠡᠮ ᠢᠶᠠᠷ ᠵᠠᠰᠠᠬᠤ ᠳᠤ 1000 ᠲᠠᠭᠢᠨ ᠤ ᠮᠧᠲ᠋ᠢᠯᠢᠳᠤ ᠲᠦᠸᠧ ᠪᠦ᠋ ᠶᠢᠨ ︵托布津︶ ᠡᠮ ᠪᠤᠶᠤ 50% ᠶᠢᠨ ᠳ᠋ᠦᠸᠧ ᠵᠢᠶᠦ᠋ᠨ ᠯᠢᠩ ︵多菌灵︶ ᠡᠮ ᠤᠨ 1000 ᠲᠠᠭᠢᠨ ᠤ ᠰᠢᠩᠭᠡᠨ ᠢ ᠴᠢᠭᠢᠨ ᠳᠤᠨᠢ ᠴᠢᠳᠬᠤᠨ᠎ᠠ᠃ ᠪᠤᠷᠤ ᠭᠦᠭᠡᠴᠤ ᠭᠡᠮ ᠪᠤᠯ ᠴᠡᠴᠡᠭ ᠵᠢᠮᠢᠰ ᠵᠡᠷᠭᠡ ᠨᠢᠯᠬ᠎ᠠ ᠨᠡᠭᠡᠳᠡᠰᠤ ᠳᠤ ᠬᠠᠯᠳᠠᠪᠤᠷᠢᠯᠠᠳᠠᠭ ᠪᠤᠯᠬᠤᠷ 50% ᠶᠢᠨ ᠹᠦ᠋ ᠮᠸᠢ ᠱᠤᠸᠠᠩ ︵福美双︶ ᠡᠮ ᠤᠨ 600~700 ᠲᠠᠭᠢᠨ ᠤ ᠰᠢᠩᠭᠡᠨ ᠢ ᠮᠤ᠋ ᠪᠦᠷᠢ 100kg ᠤᠨ ᠭᠡᠮᠵᠢᠶ᠎ᠠ ᠪᠠᠷ ᠲᠤᠯᠤᠭᠠᠨ ᠬᠤᠨᠤᠭ ᠲᠤ ᠨᠢᠭᠡ ᠤᠳᠠᠭ᠎ᠠ ᠰᠦᠷᠴᠢᠨ᠎ᠠ᠃ ᠡᠰᠡᠭᠦᠯ᠎ᠠ ᠮᠧᠲ᠋ᠢᠯᠳᠤ ᠲᠦᠸᠧ ᠪᠦ᠋ ᠶᠢᠨ ᠡᠮ ᠤᠨ 1000 ᠲᠠᠭᠢᠨ ᠤ ᠰᠢᠩᠭᠡᠨ ᠢ 10 ᠬᠤᠨᠤᠭ ᠠᠯᠤᠰᠯᠠᠭᠠᠳ 1 ᠤᠳᠠᠭ᠎ᠠ ᠰᠦᠷᠴᠢᠭᠦ ᠪᠡ ᠭᠤᠷᠪᠡ ᠤᠳᠠᠭ᠎ᠠ ᠰᠦᠷᠴᠢᠪᠡᠯ ᠮᠠᠰᠢ ᠰᠠᠶᠢᠨ ᠦᠷ᠎ᠡ ᠳ᠋ᠦᠩ ᠤᠯᠤᠨ᠎ᠠ᠃ ᠢᠳᠤᠭᠠᠨ ᠬᠤᠷᠤᠬᠠᠢ ᠪᠤᠯ ᠭᠤᠤᠯ ᠨᠢ ᠨᠠᠪᠴᠢ ᠶᠢ ᠭᠦᠨᠦᠭᠡᠵᠤ ᠭᠦᠨᠳᠤ ᠨᠤᠴᠢᠳᠠᠢ ᠦᠶᠡᠰ ᠨᠠᠪᠴᠢ ᠶᠢ ᠪᠦᠭᠦᠨ ᠢ ᠢᠳᠡᠵᠤ ᠲᠠᠭᠤᠰᠬᠠᠳᠠᠭ᠃ ᠲᠡᠭᠦᠨ ᠢ ᠰᠡᠷᠭᠡᠶᠢᠯᠡᠨ ᠵᠠᠰᠠᠬᠤ ᠳᠤ ︵1︶ ᠲᠠᠷᠢᠶ᠎ᠠ ᠪᠠᠨ ᠭᠦᠢᠭᠡᠨ ᠬᠠᠭᠠᠯᠪᠤᠷᠢᠯᠡᠨ 7cm ᠰᠢᠷᠤᠢ ᠨᠡᠮᠡᠵᠤ᠂ ᠪᠠᠶᠡᠯᠡᠭᠰᠡᠨ ᠬᠤᠷᠤᠬᠠᠢ ᠶᠢ ᠰᠡᠷᠭᠡᠶᠢᠯᠡᠨ᠎ᠡ᠃ ︵2︶ ᠳ᠋ᠧᠩ ᠤᠨ ᠭᠡᠷᠡᠯ ᠢᠶᠠᠷ ᠪᠡᠶᠡᠯᠡᠭᠰᠡᠨ ᠬᠤᠷᠤᠬᠠᠢ ᠶᠢ ᠦᠳᠤᠬᠡᠵᠦ ᠤᠰᠠᠳᠬᠠᠨ᠎ᠠ᠃ ︵3︶ ᠭᠦᠮᠦᠨ ᠤ ᠭᠦᠴᠤ ᠪᠠᠷ ᠭᠡᠤᠭᠡᠯᠳᠡᠢ ᠪᠠ ᠠᠪᠠᠭᠠᠯᠳᠠᠢ ᠶᠢ ᠨᠢ ᠤᠰᠠᠳᠬᠠᠨ᠎ᠠ᠃ ︵4︶ ᠡᠮ ᠢᠶᠠᠷ ᠰᠡᠷᠭᠡᠶᠢᠯᠡᠨ ᠵᠠᠰᠠᠨ᠎ᠠ᠃ 90% ᠶᠢᠨ ᠳ᠋ᠢ ᠪᠠᠢ ᠴᠦᠩ ︵敌百虫︶᠂ 50% ᠶᠢᠨ ᠱᠠ ᠮᠢᠩ ᠰᠦᠩ ︵杀螟松︶ ᠡᠮ ᠤᠨ 1000~1300 ᠲᠠᠭᠢᠨ ᠤ ᠰᠢᠩᠭᠡᠨ ᠢ ᠨᠠᠪᠴᠢᠨ ᠲᠡᠭᠡᠭᠦᠷ ᠨᠢ ᠰᠦᠷᠴᠢᠨ᠎ᠠ᠃ ︵5︶ ᠡᠪᠡᠰᠤᠨ ᠤ ᠮᠢᠩ ᠬᠤᠷᠤᠬᠠᠢ ᠶᠢ ᠪᠤᠯ ᠪᠡᠶᠡᠯᠡᠭᠰᠡᠨ ᠬᠤᠷᠤᠬᠠᠢ ᠶᠢ ᠲᠤᠤᠷ ᠲᠠᠳᠠᠨ ᠤᠰᠠᠳᠬᠠᠨ᠎ᠠ᠃ ᠠᠪᠠᠭᠠᠯᠳᠡᠢ ᠶᠢ ᠨᠢ ᠡᠮ ᠢᠶᠠᠷ ᠤᠰᠠᠳᠬᠠᠨ᠎ᠠ᠂ ᠮᠤ᠋ ᠪᠦᠷᠢ 1500~2000g ᠳ᠋ᠢ ᠪᠠᠢ ᠴᠦᠩ ᠨᠤᠠᠳᠠᠭ ᠡᠮ ᠪᠤᠶᠤ 80% ᠶᠢᠨ ᠳ᠋ᠢ ᠳ᠋ᠢ ᠸᠧᠢ ᠡᠮ ᠲᠡᠭᠡᠷ᠎ᠡ 40% ᠶᠢᠨ ᠯᠧ ᠭᠦᠸᠧ ᠡᠮ ᠢ ᠨᠢᠭᠡᠨ ᠤ ᠨᠢᠭᠡ ᠶᠢᠨ ᠬᠠᠷᠢᠴᠠᠯ ᠢᠶᠠᠷ ᠬᠤᠯᠢᠵᠤ᠂ 1000 ᠲᠠᠭᠢᠨ ᠤ ᠰᠢᠩᠭᠡᠨ ᠪᠤᠯᠭᠠᠨ ᠰᠦᠷᠴᠢᠨ᠎ᠠ᠃
16. ᠡᠷᠡᠨᠳᠡ ᠶᠢᠨ ᠭᠡᠮ ᠤᠨ ᠭᠦᠨᠦᠭᠡᠯ ᠢ ᠶᠠᠭᠠᠭᠢᠪᠠᠯ ᠪᠠᠭᠠᠰᠬᠠᠵᠤ ᠴᠢᠳᠠᠬᠤ ᠪᠤᠢ︖
ᠪᠤᠳᠠᠳᠠᠢ ᠪᠠᠶᠢᠴᠠᠭᠠᠯᠳᠠ ᠶᠢᠨ ᠦᠷ᠎ᠡ ᠳ᠋ᠦᠩ ᠠᠴᠠ ᠦᠵᠡᠪᠡᠯ᠂ ᠡᠭᠡᠯᠵᠢᠯᠡᠨ ᠲᠠᠷᠢᠠᠠᠰᠠᠨ ᠭᠠᠵᠠᠷ ᠲᠤ ᠭᠡᠮ ᠤᠨ ᠭᠦᠨᠦᠭᠡᠯ ᠡᠭᠦᠰᠭᠦ ᠨᠤᠷᠮ᠎ᠠ ᠨᠢ 10% ᠠᠴᠠ ᠲᠤᠷᠤᠠᠠᠰᠢ᠂ ᠤᠠᠠᠳᠤᠵᠤ ᠲᠠᠷᠢᠠᠠᠰᠠᠨ ᠭᠠᠵᠠᠷ ᠤᠨ ᠭᠡᠮ ᠡᠭᠦᠰᠭᠦ ᠨᠤᠷᠮ᠎ᠡ ᠨᠢ 30% ᠤᠷᠴᠢᠮ᠂ ᠤᠨᠴᠠ ᠵᠠᠷᠢᠮ ᠲᠠᠪᠳᠡᠨ ᠲᠠᠷᠢᠠᠠᠰᠠᠨ ᠭᠠᠵᠠᠷ ᠤᠨ ᠬᠢ 66% ᠳᠤ ᠭᠦᠷᠴᠤ ᠪᠠᠶᠢᠨ᠎ᠠ᠃ ᠡᠶᠢᠮᠤ ᠠᠴᠠ ᠡᠷᠡᠨᠳᠡ ᠶᠢ ᠭᠤᠤᠷᠰᠤ ᠶᠢ ᠨᠢ ᠰᠤᠯᠢᠵᠤ ᠦᠭᠡᠷ᠎ᠡ ᠪᠤᠰᠤᠳ ᠲᠠᠷᠢᠮᠠᠯ ᠤᠨ ᠡᠭᠦᠯᠳᠡᠷ ᠲᠠᠢ ᠡᠭᠡᠯᠵᠢᠯᠡᠨ ᠲᠠᠷᠢᠬᠤ ᠪᠤᠯ ᠲᠠᠷᠢᠮᠠᠯ ᠤᠨ ᠤᠨᠠᠯᠳᠠ ᠶᠢ ᠨᠡᠮᠡᠭᠳᠡᠭᠦᠯᠵᠤ᠂ ᠭᠦᠷᠦᠰᠤ ᠰᠢᠷᠤᠢ ᠶᠢᠨ ᠦᠩ ᠰᠢᠮ᠎ᠠ ᠶᠢᠨ ᠲᠡᠩᠴᠡᠭᠦᠷᠢ ᠶᠢ ᠪᠠᠳᠤᠯᠠᠬᠤ ᠪᠦᠳᠦᠮᠵᠢᠳᠡᠢ ᠠᠷᠭ᠎ᠠ ᠭᠡᠮᠵᠢᠶ᠎ᠠ ᠪᠤᠯᠤᠨ᠎ᠠ᠃ ᠡᠷᠨᠨᠳᠡ ᠶᠢ 3~4 ᠵᠢᠯ ᠳᠤ ᠪᠤᠰᠤᠳ ᠲᠠᠷᠢᠮᠠᠯ ᠲᠠᠢ ᠡᠭᠡᠯᠵᠢᠯᠡᠨ ᠲᠠᠷᠢᠬᠤ ᠭᠡᠷᠡᠭᠳᠡᠢ᠃ ᠡᠷᠡᠨᠳᠡ ᠶᠢ ᠲᠠᠪᠳᠡᠨ ᠲᠠᠷᠢᠬᠤ ᠪᠠ ᠤᠠᠠᠳᠤᠨ ᠲᠠᠷᠢᠪᠠᠯ ᠭᠦᠷᠦᠰᠤ ᠰᠢᠷᠤᠢ ᠶᠢᠨ ᠦᠩ ᠰᠢᠮ᠎ᠠ ᠶᠢ ᠶᠡᠭᠡᠳᠡ ᠬᠤᠷᠤᠠᠠᠳᠠᠭᠤᠯᠵᠤ᠂ ᠡᠷᠨᠨᠳᠡ ᠶᠢᠨ ᠤᠨᠠᠯᠳᠠ ᠪᠠ ᠶᠠᠰᠤ ᠴᠢᠨᠠᠷ ᠢ ᠪᠠᠭᠤᠷᠠᠭᠤᠯᠬᠤ ᠮᠦᠷᠳᠡᠭᠡᠨ ᠤᠯᠠᠨ ᠵᠢᠯ ᠲᠠᠷᠢᠠᠠᠰᠠᠨ ᠠᠴᠠ ᠪᠤᠯᠤᠭᠠᠳ ᠭᠦᠷᠦᠰᠤ ᠰᠢᠷᠤᠢ ᠳᠠᠬᠢ ᠭᠡᠮ ᠲᠠᠢ ᠨᠠᠪᠴᠢ ᠨᠠᠮᠠᠭ᠎ᠠ ᠨᠢ ᠤᠯᠠᠰᠢᠷᠠᠵᠤ᠂ ᠡᠪᠡᠳᠴᠢᠨ ᠤ ᠪᠠᠺᠲ᠋ᠧᠷᠢ ᠲᠦᠷᠭᠡᠨ ᠦᠷᠡᠵᠢᠨ ᠬᠠᠯᠳᠠᠪᠤᠷᠢᠯᠠᠵᠤ᠂ ᠵᠢᠯ ᠠᠴᠠ ᠵᠢᠯ ᠭᠦᠨᠳᠦᠷᠡᠭᠦ ᠪᠤᠯᠤᠨ᠎ᠠ᠃ ᠡᠭᠦᠨ ᠤ ᠬᠠᠮᠳᠤ ᠡᠷᠨᠨᠳᠡ ᠶᠢ ᠡᠭᠡᠯᠵᠢᠯᠡᠨ ᠲᠠᠷᠢᠪᠠᠯ ᠲᠠᠷᠠᠭ᠎ᠠ ᠲᠠᠷᠢᠬᠤ ᠲᠠᠷᠢᠮᠠᠯ ᠤᠨ ᠤᠨᠠᠯᠳᠠ ᠶᠢ ᠪᠦᠳᠦᠮᠵᠢᠳᠡᠢ ᠪᠠᠷ ᠲᠡᠭᠡᠭᠰᠢᠯᠡᠭᠦᠯᠵᠤ ᠴᠢᠳᠠᠨ᠎ᠠ᠃
17. ᠡᠷᠡᠨᠳᠡ ᠶᠢ ᠶᠠᠮᠠᠷ ᠲᠠᠷᠢᠮᠠᠯ ᠲᠠᠢ ᠡᠭᠡᠯᠵᠢᠯᠡᠨ ᠲᠠᠷᠢᠵᠤ ᠪᠤᠯᠬᠤ ᠪᠤᠢ︖
ᠡᠷᠡᠨᠳᠡ ᠶᠢ ᠡᠷᠳᠡᠨᠢ ᠰᠢᠰᠢ᠂ ᠰᠢᠰᠢ᠂ ᠬᠠᠷ᠎ᠠ ᠪᠤᠳᠠᠭ᠎ᠠ ᠵᠢᠴᠢ ᠲᠦᠮᠤᠰᠤ ᠲᠠᠢ ᠪᠦᠷ ᠡᠭᠡᠯᠵᠢᠯᠡᠨ ᠲᠠᠷᠢᠵᠤ ᠪᠤᠯᠤᠨ᠎ᠠ᠃ ᠭᠡᠭᠦ ᠳᠡᠭᠡᠨ ᠬᠠᠮᠤᠭ ᠤᠨ ᠰᠠᠶᠢᠨ ᠨᠢ ᠭᠦᠢᠭᠡᠨ ᠦᠨᠳᠤᠰᠤ ᠲᠠᠢ ᠲᠠᠷᠢᠮᠠᠯ ᠲᠠᠢ ᠡᠭᠡᠯᠵᠢᠯᠡᠨ ᠲᠠᠷᠢᠪᠡᠯ ᠨᠡᠩ ᠰᠠᠶᠢᠨ ᠪᠠᠶᠢᠳᠠᠭ᠃
18. ᠡᠷᠡᠨᠳᠡ ᠶᠢ ᠭᠡᠷᠭᠢᠨ ᠲᠡᠭᠦᠵᠤ ᠬᠤᠷᠢᠶᠠᠬᠤ ᠪᠠ ᠮᠦᠯᠢᠭᠦ ᠪᠤᠢ︖
ᠡᠷᠡᠨᠳᠡ ᠶᠢᠨ ᠲᠦᠷᠦᠭᠦᠤ ᠨᠢ ᠤᠳᠠᠭᠠᠯᠠᠨ ᠪᠤᠯᠪᠠᠰᠤᠷᠠᠳᠠᠭ ᠲᠤᠯᠠ ᠴᠠᠭ ᠲᠠᠷᠤᠢ ᠳᠤᠨᠢ ᠬᠤᠷᠢᠶᠠᠬᠤ ᠭᠡᠷᠡᠭᠳᠡᠢ᠃ ᠡᠷᠡᠠᠳᠡ ᠶᠢᠨ ᠪᠤᠯᠪᠠᠰᠤᠷᠬᠠᠰᠠᠨ ᠪᠠᠷᠢᠮᠵᠢᠶ᠎ᠠ ᠨᠢ ᠪᠤᠯ ᠪᠦᠭᠦ᠋ᠢᠯᠡ ᠲᠦᠷᠦᠭᠦᠤ ᠶᠢᠨ ᠭᠢᠨᠢ ᠭᠤᠷᠪᠡᠨ ᠤ ᠨᠢᠭᠡ ᠶᠢᠨ ᠬᠤᠨᠭ᠍ᠭᠤᠷᠴᠤᠠᠠᠳᠤ ᠵᠢᠮᠢᠰ ᠤᠨ ᠭᠠᠳᠠᠷ ᠬᠠᠯᠢᠰᠤ ᠨᠢ ᠬᠠᠭᠠᠷᠠᠵᠤ ᠭᠦᠷᠡᠩᠳᠤᠪᠡᠯ ᠭᠦᠢᠴᠡᠳ ᠪᠤᠯᠪᠠᠰᠤᠷᠬᠠᠰᠠᠨ ᠢ ᠢᠯᠡᠳᠭᠡᠭᠦ ᠲᠤᠯᠠ ᠲᠠᠷᠠ ᠲᠠᠷᠤᠢ ᠳᠤᠨᠢ ᠲᠡᠭᠦᠵᠤ ᠬᠤᠷᠢᠶᠠᠬᠤ ᠭᠡᠷᠡᠭᠳᠡᠢ᠃ ᠲᠡᠭᠦᠵᠤ ᠬᠤᠷᠢᠶᠠᠬᠤ ᠳᠠᠭᠠᠨ ᠵᠢᠮᠢᠰ ᠤᠨ ᠮᠤᠳᠤᠨ ᠤ ᠬᠠᠶᠢᠴᠢ ᠪᠤᠯᠤᠨ ᠭᠢᠳᠤᠭ᠎ᠠ ᠪᠠᠷ ᠰᠠᠭᠤᠷᠢ ᠭᠡᠰᠡᠭ ᠤᠨ ᠪᠦᠭᠦᠯᠢ ᠲᠦᠷᠦᠭᠦᠤ ᠶᠢ ᠨᠢ ᠬᠠᠶᠢᠴᠢᠯᠡᠨ ᠠᠪᠤᠭᠠᠳ ᠬᠠᠳᠠᠭᠠᠬᠤ ᠪᠠ ᠲᠦᠪᠯᠡᠷᠡᠭᠦᠯᠦᠨ ᠬᠠᠳᠠᠭᠠᠯᠠᠵᠤ᠂ ᠪᠦᠭᠦᠨ ᠢ ᠲᠡᠭᠦᠵᠤ ᠬᠤᠷᠢᠶ᠋ᠬᠠᠰᠠᠨ ᠤ ᠰᠡᠭᠦᠯᠡᠷ ᠨᠢᠬᠡ ᠯᠠ ᠤᠳᠠᠭ᠎ᠠ ᠲᠡᠭᠡᠷ᠎ᠡ ᠪᠦᠭᠦᠨ ᠢ ᠮᠦᠯᠢᠭᠦ ᠭᠡᠷᠡᠭᠳᠡᠢ᠃ ᠡᠷᠡᠨᠳᠡ ᠶᠢᠨ ᠬᠤᠨᠭ᠍ᠭᠤᠷᠴᠤᠠᠠᠳᠤ ᠵᠢᠮᠢᠰ ᠤᠨ ᠭᠠᠳᠠᠷ ᠬᠠᠯᠢᠰᠤ ᠨᠢ ᠨᠠᠯᠢᠶᠠᠳ ᠵᠤᠵᠠᠭᠠᠨ ᠪᠦᠭᠡᠳ ᠤᠰᠤᠨ ᠤ ᠠᠭᠤᠯᠤᠭᠳᠠᠴᠨ ᠨᠢ ᠶᠡᠭᠡ ᠪᠠᠶᠢᠳᠠᠭ ᠪᠤᠯᠬᠤᠷ ᠨᠢᠬᠡ ᠯᠠ ᠲᠡᠭᠡᠷ᠎ᠡ ᠰᠠᠶᠢᠨ ᠬᠠᠳᠠᠭᠠᠬᠤ ᠭᠡᠷᠡᠭᠳᠡᠢ᠃ ᠭᠡᠳᠦᠢ ᠰᠠᠶᠢᠨ ᠬᠠᠳᠠᠭᠠᠪᠠᠯ ᠮᠦᠭᠦᠯᠢᠭ ᠢ ᠨᠢ ᠮᠦᠯᠢᠭᠦ ᠳᠤ ᠲᠠᠳᠦᠢ ᠠᠮᠠᠷᠬᠠᠨ ᠪᠠᠶᠢᠳᠠᠭ᠃ ᠬᠠᠭᠠᠰ ᠬᠠᠳ᠋ᠬᠠᠰᠠᠨ ᠡᠷᠡᠨᠳᠡ ᠶᠢᠨ ᠮᠦᠭᠦᠯᠢᠭ ᠢ ᠮᠦᠯᠢᠭᠦ ᠳᠤ ᠲᠤᠩ ᠭᠦᠴᠢᠷᠳᠡᠢ ᠪᠠᠶᠢᠳᠠᠭ ᠪᠦᠭᠡᠳ ᠦᠷ᠎ᠡ ᠶᠢ ᠨᠢ ᠠᠮᠠᠷᠬᠠᠨ ᠭᠡᠮᠭᠡᠯᠴᠢᠭᠡᠳᠡᠭ᠃ ᠮᠦᠯᠢᠭᠦ ᠠᠷᠭ᠎ᠠ ᠨᠢ ᠭᠡᠪᠡᠯ ᠨᠢᠭᠡ ᠳᠤ ᠲᠤᠰᠬᠠᠢ ᠮᠦᠯᠢᠭᠦ ᠮᠠᠰᠢᠨ ᠢᠶᠠᠷ ᠮᠦᠯᠢᠨ᠎ᠠ᠃ ᠬᠤᠶᠠᠷ ᠲᠤ ᠭᠦᠮᠦᠨ ᠤ ᠭᠦᠴᠤ ᠪᠠᠷ ᠮᠦᠯᠢᠨ᠎ᠠ᠃ ᠭᠦᠮᠦᠨ ᠤ ᠭᠦᠴᠤ ᠪᠠᠷ ᠮᠦᠯᠢᠭᠦ ᠠᠷᠭ᠎ᠠ ᠪᠤᠯ ᠬᠠᠳᠠᠭᠠᠠᠠᠰᠠᠨ ᠡᠷᠡᠨᠳᠡ ᠪᠠᠨ ᠬᠠᠳᠠᠭᠤ ᠭᠠᠵᠠᠷ ᠲᠠᠯᠠᠪᠤᠷ ︵ᠱᠦᠢᠨᠢ ᠲᠠᠯᠠᠪᠤᠷ ᠢ ᠭᠡᠷᠡᠭᠯᠡᠵᠤ ᠪᠤᠯᠬᠤ ᠦᠭᠡᠢ︶ ᠲᠡᠭᠡᠷ᠎ᠡ 10cm ᠤᠷᠴᠢᠮ ᠵᠤᠵᠠᠭᠠᠨ ᠲᠡᠯᠭᠡᠨ ᠲᠡᠪᠢᠰᠴᠤ᠂ ᠴᠢᠯᠠᠭᠤᠨ ᠰᠢᠳᠠᠮ ᠪᠤᠶᠤ ᠮᠤᠳᠤᠨ ᠰᠢᠳᠡᠮ ᠢᠶᠠᠷ ᠲᠠᠭᠢᠨ ᠲᠠᠪᠳᠡᠨ ᠰᠠᠪᠠᠵᠤ ᠬᠠᠯᠢᠰᠤ ᠶᠢ ᠨᠢ ᠴᠠᠪᠡᠷᠯᠡᠨ ᠠᠷᠢᠯᠭᠠᠨ᠎ᠠ᠃
19. ᠡᠷᠡᠨᠳᠡ ᠲᠠᠷᠢᠬᠤ ᠳᠤ ᠪᠦᠷᠭᠦᠭᠦᠯ ᠲᠠᠳᠠᠵᠤ ᠪᠤᠯᠤᠨ᠎ᠠ ᠤᠤ︖
ᠭᠡᠯᠡᠯᠭᠡᠨ ᠦᠭᠡᠢ ᠪᠤᠯᠤᠨ᠎ᠠ᠃ ᠪᠦᠷᠭᠦᠭᠦᠯ ᠢᠶᠠᠷ ᠬᠤᠴᠢᠪᠡᠯ᠂ ᠭᠠᠵᠠᠷ ᠤᠨ ᠲᠤᠯᠠᠭᠠᠨ ᠢ ᠲᠡᠭᠡᠭᠰᠢᠯᠡᠭᠦᠯᠦᠨ᠂ ᠡᠷᠳᠡ ᠰᠤᠶᠤᠭᠠᠯᠠᠬᠤ ᠲᠦᠷᠭᠡᠨ ᠤᠷᠭᠤᠬᠤ ᠶᠢ ᠠᠭᠢᠭᠤᠯᠵᠤ᠂ ᠭᠦᠷᠦᠰᠤ ᠰᠢᠷᠤᠢ ᠶᠢᠨ ᠴᠢᠭᠢᠭ ᠪᠤᠷᠳᠤᠭᠤᠷ ᠢ ᠬᠠᠮᠠᠭᠠᠯᠠᠬᠤ ᠪᠠ ᠭᠦᠷᠦᠰᠤ ᠰᠢᠷᠤᠢ ᠶᠢ ᠰᠤᠯᠠᠬᠠᠨ ᠪᠠᠶᠢᠯᠭᠠᠵᠤ᠂ ᠭᠦᠷᠦᠰᠤ ᠰᠢᠷᠤᠢ ᠶᠢᠨ ᠰᠢᠮ᠎ᠠ ᠲᠡᠵᠢᠭᠡᠯ ᠤᠨ ᠠᠰᠢᠠᠠᠯᠠᠯᠳᠠ ᠶᠢᠨ ᠨᠤᠷᠮ᠎ᠡ ᠶᠢ ᠲᠡᠭᠡᠭᠰᠢᠯᠡᠭᠦᠯᠵᠤ᠂ ᠭᠦᠷᠦᠰᠤᠨ ᠤ ᠲᠠᠪᠤᠰᠤᠵᠢᠯ ᠤᠨ ᠭᠡᠮᠵᠢᠶ᠎ᠠ ᠶᠢ ᠬᠤᠷᠢᠠᠠᠯᠠᠵᠤ᠂ ᠭᠡᠮ ᠬᠤᠷᠤᠬᠠᠢ ᠶᠢᠨ ᠭᠦᠨᠦᠭᠡᠯ ᠢ ᠪᠠᠭᠠᠰᠬᠠᠵᠤ᠂ ᠭᠦᠳᠡᠯᠮᠤᠷᠢ ᠶᠢᠨ ᠡᠷᠴᠢᠮ ᠢ ᠪᠠᠭᠤᠷᠠᠭᠤᠯᠵᠤ᠂ ᠶᠠᠷᠦᠩᠭᠡᠢ ᠳᠡᠭᠡᠨ ᠤᠨᠠᠯᠳᠠ ᠶᠢ 30% ᠠᠴᠠ ᠲᠡᠭᠡᠭᠰᠢ ᠨᠡᠮᠡᠭᠳᠡᠭᠦᠯᠳᠡᠭ᠃
ᠭᠡᠪᠡᠴᠤ ᠡᠩ ᠲᠠᠷᠢᠭᠦᠨ ᠳᠤ ᠤᠷᠤᠭᠤᠯᠤᠯᠳᠠ ᠪᠠ ᠭᠠᠷᠭᠠᠯᠳᠠ ᠶᠢᠨ ᠭᠦᠴᠤᠨ ᠵᠦᠢᠯ ᠢ ᠪᠤᠳᠤᠯᠭᠢᠯᠠᠬᠤ ᠭᠡᠷᠡᠭᠳᠡᠢ᠃ ᠶᠠᠷᠤ ᠶᠢᠨ ᠪᠠᠶᠢᠳᠠᠯ ᠲᠤᠤᠷ᠎ᠠ ᠪᠦᠷᠭᠦᠭᠦᠯ ᠢᠶᠠᠷ ᠬᠤᠴᠢᠬᠤ ᠮᠡᠷᠭᠡᠵᠢᠯ ᠢ ᠭᠡᠷᠡᠭᠯᠡᠭᠦ ᠳᠤ ᠮᠤ᠋ ᠪᠦᠷᠢ ᠦᠪᠡᠷ ᠤᠨ ᠦᠷᠳᠡᠭ ᠢ 30~50 ᠲᠦᠭᠦᠷᠢᠭ ᠨᠡᠮᠡᠭᠳᠡᠭᠦᠯᠭᠦ ᠴᠢᠬᠤᠯᠠ ᠲᠠᠢ ᠶᠤᠮ᠃ ᠭᠡᠷᠪᠡ ᠡᠷᠡᠨᠳᠡ ᠶᠢᠨ ᠵᠠᠬ᠎ᠠ ᠲᠡᠯᠭᠡᠭᠦᠷ ᠤᠨ ᠪᠤᠷᠤᠯᠠᠭᠤᠯᠭ᠎ᠠ ᠶᠢᠨ ᠦᠨ᠎ᠠ ᠬᠠᠨᠭ᠍ᠰᠢ ᠭᠡᠳᠦᠷᠭᠡᠢ ᠲᠤᠤᠷ᠎ᠡ ᠪᠤᠯᠪᠠᠯ ᠦᠷ᠎ᠡ ᠠᠰᠢᠭ ᠬᠠᠷᠢᠴᠠᠩᠭᠤᠢ ᠪᠠᠷ ᠬᠠᠰᠤᠠᠠᠳᠠᠵᠤ ᠠᠰᠠᠭᠤᠳᠠᠯ ᠲᠤᠯᠭᠠᠷᠠᠨ᠎ᠠ᠃ ᠡᠶᠢᠮᠤ ᠪᠢᠰᠢ ᠪᠤᠯ ᠮᠡᠳᠡᠭᠳᠡᠮ᠎ᠡ ᠠᠵᠤ ᠠᠬᠤᠢ ᠶᠢᠨ ᠦᠷ᠎ᠡ ᠠᠰᠢᠭ ᠤᠯᠬᠤ ᠪᠤᠯᠤᠨ᠎ᠠ᠃
20. ᠡᠷᠡᠨᠳᠡ ᠶᠢ ᠪᠦᠷᠭᠦᠭᠦᠯ ᠳᠤ ᠶᠠᠭᠠᠭᠢᠵᠤ ᠲᠠᠷᠢᠬᠤ ᠪᠤᠢ︖
ᠡᠩ ᠲᠡᠷᠢᠭᠦᠨ ᠳᠤ ᠪᠦᠷᠭᠦᠭᠦᠯ ᠤᠨ ᠭᠠᠵᠠᠷ ᠲᠠᠯᠠᠪᠠᠢ ᠪᠠᠨ ᠰᠠᠶᠢᠳᠤᠷ ᠲᠡᠭᠰᠢᠯᠡᠨ᠂ ᠪᠤᠷᠳᠤᠭᠤᠷ ᠤᠷᠤᠭᠤᠯᠬᠤ ᠭᠡᠷᠡᠭᠳᠡᠢ᠃ ᠶᠠᠷᠦᠩᠬᠡᠢ ᠳᠡᠭᠡᠨ ᠡᠪᠤᠯ ᠭᠠᠵᠠᠷ ᠲᠠᠯᠠᠪᠠᠢ ᠳᠠᠭᠠᠨ 1000~2000kg ᠤᠷᠭᠠᠨᠢᠭ ᠪᠠ ᠰᠢᠭᠡᠭ ᠪᠤᠷᠳᠤᠭᠤᠷ ᠤᠷᠤᠭᠤᠯᠵᠤ᠂ ᠬᠠᠪᠤᠷ ᠭᠠᠵᠠᠷ ᠭᠡᠰᠦᠭᠰᠡᠨ ᠤ ᠰᠡᠭᠦᠯᠡᠷ ᠮᠤ᠋ ᠪᠦᠷᠢ 30~50kg ᠭᠤᠷᠪᠡᠨ ᠨᠡᠶᠢᠯᠡᠯᠭᠡ ᠶᠢᠨ ᠰᠠᠭᠤᠷᠢ ᠪᠤᠷᠳᠤᠭᠤᠷ ᠰᠠᠴᠤᠨ ᠤᠷᠤᠭᠤᠯᠬᠤ ᠪᠤᠶᠤ 50kg ᠭᠡᠳᠤ ᠹᠤᠰᠹᠤᠷ ᠭᠦᠴᠢᠯ ᠤᠨ ᠺᠠᠯᠼ ᠶᠢ 10~15kg ᠭᠦᠭᠦᠷ ᠭᠦᠴᠢᠯ ᠤᠨ ᠺᠠᠯᠢ ᠲᠠᠢ ᠬᠤᠯᠢᠨ ᠤᠷᠤᠭᠤᠯᠵᠤ᠂ 30~40kg ᠨᠡᠭᠦᠷᠡᠰᠤ ᠭᠦᠴᠢᠯ ᠤᠨ ᠤᠰᠤᠳᠦ᠋ᠷᠦᠭᠴᠢᠳᠦ ᠰᠢᠪᠳᠤᠷ ᠢ ᠰᠠᠭᠤᠷᠢ ᠪᠤᠷᠳᠤᠭᠤᠷ ᠪᠤᠯᠭᠠᠵᠤ᠂ ᠲᠠᠷᠠᠭ᠎ᠠ ᠪᠠᠷ ᠨᠢ ᠭᠦᠨ ᠬᠠᠭᠠᠯᠪᠤᠷᠢᠯᠠᠨ ᠲᠡᠭᠰᠢᠯᠡᠨ᠎ᠡ᠃ ᠬᠠᠭᠠᠯᠪᠤᠷᠢᠯᠠᠬᠤ ᠠᠴᠠ ᠪᠠᠨ ᠡᠮᠦᠨ᠎ᠠ ᠪᠤᠷᠳᠤᠭᠤᠷ ᠤᠷᠤᠭᠤᠯᠤᠭᠰᠠᠨ ᠦᠭᠡᠢ ᠭᠠᠵᠠᠷ ᠭᠡᠰᠡᠭ ᠲᠤ ᠬᠠᠭᠠᠯᠪᠤᠷᠢᠯᠬᠠᠰᠠᠨ ᠤ ᠪᠠᠨ ᠰᠡᠭᠦᠯᠡᠷ ᠡᠷᠡᠨᠳᠡ ᠶᠢᠨ ᠢᠶᠠᠨ ᠵᠤᠷᠠᠭ᠎ᠠ ᠶᠢᠨ ᠵᠠᠢ ᠶᠢ ᠦᠨᠳᠦᠰᠦᠯᠡᠨ ᠲᠠᠷᠢᠬᠤ ᠮᠦᠷ ᠠᠴᠠ ᠪᠠᠨ 15~20cm ᠵᠠᠶᠢᠳᠠᠢ᠂ 5~10cm ᠭᠦᠨ ᠳᠤ ᠮᠠᠰᠢᠨ ᠢᠶᠠᠷ ᠪᠤᠷᠳᠤᠭᠤᠷ ᠤᠷᠤᠭᠤᠯᠬᠤ ᠭᠡᠷᠡᠭᠳᠡᠢ᠃ ᠭᠡᠭᠦ ᠳᠡᠭᠡᠨ ᠬᠤᠵᠢᠷᠯᠢᠬ ᠭᠠᠵᠠᠷ ᠢ ᠪᠤᠯ ᠭᠦᠯᠳᠡᠭᠦ ᠠᠴᠠ ᠡᠮᠦᠨ᠎ᠠ ᠭᠦᠨ ᠬᠠᠭᠠᠯᠪᠤᠷᠢᠯᠠᠨ ᠨᠠᠷᠬᠠᠳᠠᠬᠤ ᠦᠭᠡᠢ ᠲᠠᠯᠪᠢᠨ᠂ ᠭᠦᠷᠤᠰᠤ ᠰᠢᠷᠤᠢ ᠶᠢᠨ ᠰᠠᠯᠭᠢᠵᠢᠯ ᠢ ᠠᠭᠢᠭᠤᠯᠵᠤ᠂ ᠬᠠᠪᠤᠷ ᠭᠠᠵᠠᠷ ᠭᠡᠰᠦᠭᠰᠡᠨ ᠤ ᠰᠡᠭᠦᠯᠡᠷ ᠤᠰᠤᠯᠠᠨ ᠬᠤᠵᠢᠷ ᠢ ᠨᠢ ᠲᠠᠷᠤᠵᠤ ᠨᠠᠷᠢᠯᠢᠬ ᠨᠠᠷᠬᠠᠳᠠᠨ ᠲᠡᠭᠰᠢᠯᠡᠨ᠎ᠡ᠃ ᠤᠷᠭᠠᠨᠢᠭ ᠪᠤᠷᠳᠤᠭᠤᠷ ᠨᠡᠮᠡᠨ ᠤᠷᠤᠭᠤᠯᠵᠤ᠂ ᠭᠡᠳᠤ ᠹᠤᠰᠹᠤᠷ ᠭᠦᠴᠢᠯ ᠤᠨ ᠺᠠᠯᠼ ᠪᠠᠷ ᠭᠦᠷᠦᠰᠤ ᠰᠢᠷᠤᠢ ᠶᠢᠨ ᠪᠦᠳᠦᠴᠡ ᠶᠢ ᠰᠠᠶᠢᠵᠢᠷᠠᠭᠤᠯᠵᠤ᠂ ᠭᠦᠷᠦᠰᠤ ᠰᠢᠷᠤᠢ ᠶᠢᠨ ᠭᠡᠢ ᠨᠡᠪᠳᠡᠷᠡᠭᠦ ᠴᠢᠨᠠᠷ ᠪᠠ
ᠤᠰᠤᠨ ᠤ ᠬᠠᠳᠠᠭᠠᠯᠠᠯᠳᠠ ᠶᠢ ᠨᠡᠮᠡᠭᠳᠡᠭᠦᠯᠵᠤ᠂ ᠲᠠᠪᠤᠰᠤᠵᠢᠯ ᠬᠤᠵᠢᠷᠳᠤᠯ ᠨᠢ ᠡᠷᠡᠨᠳᠡ ᠶᠢᠨ ᠦᠨᠳᠤᠰᠤᠨ ᠰᠢᠰᠲ᠋ᠧᠮ ᠢ ᠭᠡᠮᠳᠦᠭᠡᠭᠦ ᠠᠴᠠ ᠰᠡᠷᠭᠡᠶᠢᠯᠡᠨ᠎ᠡ᠃
ᠲᠠᠷᠠᠭ᠎ᠠ ᠳᠤᠨᠢ ᠪᠦᠷᠭᠦᠭᠦᠯ ᠢᠶᠠᠷ ᠬᠤᠴᠢᠬᠤ ᠴᠠᠭ ᠬᠤᠭᠤᠴᠠᠭ᠎ᠠ ᠶᠢ ᠪᠤᠯ ᠡᠯ᠎ᠡ ᠭᠠᠵᠠᠷ ᠤᠨ ᠠᠭᠤᠷ ᠠᠮᠢᠰᠬᠤᠯ ᠤᠨ ᠨᠦᠭᠦᠴᠡᠯ ᠢ ᠦᠨᠳᠦᠰᠦᠯᠡᠨ ᠲᠤᠠᠠᠳᠠᠭᠠᠨ᠎ᠠ᠃ ᠶᠠᠷᠦᠩᠭᠡᠢ ᠳᠡᠭᠡᠨ ᠬᠠᠪᠤᠷ ᠭᠠᠵᠠᠷ ᠭᠡᠰᠦᠭᠰᠡᠨ ᠤ ᠰᠡᠭᠦᠯᠡᠷ ᠭᠠᠵᠠᠷ ᠤᠨ ᠲᠤᠯᠠᠭᠠᠨ 5℃ ᠲᠤ ᠲᠤᠭᠳᠠᠪᠦᠷᠢᠵᠢᠬᠤ ᠦᠶᠡᠰ ᠪᠦᠷᠭᠦᠭᠦᠯ ᠢᠶᠠᠨ ᠬᠤᠴᠢᠨ᠎ᠠ᠃ ᠪᠦᠷᠭᠦᠭᠦᠯ ᠢᠶᠠᠨ ᠤᠷᠢᠳᠴᠢᠯᠠᠨ ᠬᠤᠴᠢᠪᠡᠯ ᠭᠦᠷᠤᠰᠤ ᠰᠢᠷᠤᠢ ᠶᠢᠨ ᠤᠰᠤ ᠶᠢ ᠬᠠᠮᠠᠭᠠᠯᠠᠬᠤ ᠪᠠ ᠭᠠᠵᠠᠷ ᠤᠨ ᠲᠤᠯᠠᠭᠠᠨ ᠢ ᠨᠡᠮᠡᠭᠳᠡᠭᠦᠯᠭᠦ ᠳᠤ ᠠᠰᠢᠠᠠᠳᠠᠢ ᠶᠤᠮ᠃ ᠡᠷᠨᠨᠳᠡ ᠶᠢᠨ ᠪᠦᠷᠭᠦᠭᠦᠯ ᠢ ᠶᠠᠷᠤ ᠠᠴᠠ ᠲᠡᠩ ᠮᠦᠷ ᠢᠶᠠᠷ ᠬᠤᠴᠢᠪᠡᠯ ᠨᠡᠯᠢᠶᠡᠳ ᠰᠠᠶᠢᠨ ᠪᠠᠶᠢᠳᠠᠭ᠃ ᠡᠭᠦᠨ ᠤ ᠬᠠᠮᠳᠤ ᠪᠦᠷᠭᠦᠭᠦᠯ ᠬᠤᠴᠢᠬᠤ ᠮᠦᠷ ᠤᠨ ᠵᠠᠢ ᠶᠢ 120~140cm ᠦᠷᠭᠡᠳᠭᠡᠵᠤ᠂ ᠪᠡᠯᠡ ᠤᠷᠤᠭᠤᠯᠤᠯᠳᠠ ᠶᠢ ᠠᠷᠪᠢᠯᠠᠬᠤ ᠶᠢᠨ ᠲᠤᠰᠠᠳᠠ 60~70cm ᠦᠷᠭᠡᠨ ᠡᠩ ᠲᠠᠢ᠂ 0.006~0.008cm ᠵᠤᠵᠠᠭᠠᠨ ᠭᠡᠳᠤ ᠨᠢᠮᠭᠡᠨ ᠭᠡᠯᠪᠡᠷᠢ ᠶᠢᠨ ᠪᠦᠭᠡᠭᠡᠨᠡᠷᠡᠯ ᠡᠲ᠋ᠧᠨ ᠪᠦᠷᠭᠦᠭᠦᠯ ᠪᠤᠶᠤ ᠲᠤᠤᠷ᠎ᠠ ᠲᠠᠷᠤᠴᠠᠳᠤ ᠪᠦᠭᠡᠭᠡᠨᠡᠷᠡᠯ ᠡᠲ᠋ᠧᠨ ᠤ ᠦᠨᠳᠤᠷ ᠨᠢᠠᠠᠳᠠᠴᠠᠳᠤ ᠪᠦᠷᠭᠦᠭᠦᠯ ᠢ ᠭᠡᠷᠡᠭᠯᠡᠵᠤ ᠪᠤᠯᠤᠨ᠎ᠠ᠃ ᠡᠭᠦᠨ ᠠᠴᠠ ᠭᠠᠳᠠᠨ᠎ᠠ ᠪᠤᠰᠤᠳ ᠲᠠᠯ᠎ᠠ ᠶᠢᠨ ᠬᠠᠮᠢᠶᠠᠷᠤᠯᠳᠠ ᠶᠢᠨ ᠠᠷᠭ᠎ᠠ ᠶᠢ ᠡᠷᠡᠨᠳᠡ ᠶᠢᠨ ᠪᠠᠶᠢᠡᠭᠭᠤ ᠶᠢᠨ ᠲᠠᠷᠢᠬᠤ ᠲᠦᠷᠢᠮ ᠢᠶᠠᠷ ᠶᠠᠪᠤᠠᠠᠳᠠᠭᠤᠯᠤᠨ᠎ᠠ᠃