1. ᠢᠳᠡᠭᠡᠨ ᠤ ᠨᠠᠷᠠᠨ ᠬᠤᠸᠠᠷ ᠲᠠᠷᠢᠬᠤ ᠮᠡᠷᠭᠡᠵᠢᠯ
︵1︶ ᠢᠳᠡᠭᠡᠨ ᠤ ᠨᠠᠷᠠᠨ ᠬᠤᠸᠠᠷ ᠢ ᠲᠠᠷᠢᠬᠤ ᠳᠤ ᠭᠡᠳᠦᠢ ᠲᠤᠯᠠᠭᠠᠨ ᠤ ᠨᠦᠭᠦᠴᠡᠯ ᠢ ᠱᠠᠭᠠᠷᠳᠠᠳᠠᠭ ᠪᠤᠢ︖
ᠢᠳᠡᠭᠡᠨ ᠤ ᠨᠠᠷᠠᠨ ᠬᠤᠸᠠᠷ ᠢ ᠲᠠᠷᠢᠬᠤ ᠳᠤ ᠭᠡᠷᠡᠭᠴᠡᠭᠡ ᠪᠦᠭᠦᠢ ᠲᠤᠯᠠᠭᠠᠨ ᠤ ᠭᠡᠮᠵᠢᠶ᠎ᠠ ᠶᠢᠨ ᠨᠦᠭᠦᠴᠡᠯ ᠢ ᠪᠤᠯ ᠭᠢᠷᠠᠭᠤ ᠦᠭᠡᠢ ᠬᠤᠭᠤᠴᠠᠭ᠎ᠠ ᠨᠢ 130 ᠡᠳᠤᠷ ᠠᠴᠠ ᠲᠡᠭᠡᠭᠰᠢ ᠪᠠᠶᠢᠵᠤ᠂ 4 ᠳ᠋ᠤᠭᠡᠷ ᠰᠠᠷ᠎ᠠ ᠠᠴᠠ 9 ᠳ᠋ᠤᠭᠡᠷ ᠰᠠᠷ᠎ᠠ ᠭᠦᠷᠳᠡᠯᠡᠭᠢ ᠲᠤᠯᠠᠭᠠᠨ ᠤ ᠭᠡᠮᠵᠢᠶ᠎ᠠ ᠨᠢ 5℃ ᠠᠴᠠ ᠲᠡᠭᠡᠭᠰᠢ ᠪᠦᠭᠦᠢ ᠪᠦᠳᠦᠮᠵᠢᠳᠡᠢ ᠬᠤᠷᠠᠮᠳᠤᠭᠤᠯᠭ᠎ᠠ ᠲᠤᠯᠠᠭᠠᠨ ᠨᠢ 1800℃ ᠠᠴᠠ ᠲᠡᠭᠡᠭᠰᠢ ᠪᠠᠶᠢᠬᠤ ᠭᠡᠷᠡᠭᠳᠡᠢ᠃
︵ 2︶ ᠢᠳᠡᠭᠡᠨ ᠤ ᠨᠠᠷᠠᠨ ᠬᠤᠸᠠᠷ ᠢ ᠲᠠᠷᠢᠬᠤ ᠳᠤ ᠶᠠᠮᠠᠷ ᠭᠦᠷᠦᠰᠤ ᠰᠢᠷᠤᠢ ᠶᠢᠨ ᠨᠦᠭᠦᠴᠡᠯ ᠢ ᠱᠠᠭᠠᠷᠳᠠᠳᠠᠭ ᠪᠤᠢ︖
ᠭᠦᠷᠦᠰᠤ ᠰᠢᠷᠤᠢ ᠶᠢᠨ ᠨᠦᠭᠦᠴᠡᠯ ᠨᠢ ᠭᠡᠪᠡᠯ ᠭᠦᠷᠤᠰᠤ ᠰᠢᠷᠤᠢ ᠨᠢ ᠰᠦᠪᠡᠷᠭᠡᠭ ᠪᠦᠭᠡᠳ ᠰᠠᠪᠰᠡᠭᠡᠷ ᠪᠤᠶᠤ ᠡᠯᠡᠰᠦᠷᠭᠡᠭ ᠰᠢᠷᠤᠢ ᠲᠠᠢ ᠪᠠᠶᠢᠵᠤ᠂ pH ᠭᠡᠮᠵᠢᠶ᠎ᠠ ᠨᠢ 7.5~8 ᠪᠠᠶᠢᠪᠠᠯ ᠲᠤᠭᠢᠷᠠᠮᠵᠢᠳᠡᠢ ᠶᠤᠮ᠃ ᠪᠤᠷᠳᠤᠭᠤᠷ ᠢᠶᠠᠷ ᠲᠤᠮᠳᠠ ᠵᠡᠷᠭᠡ ᠪᠠᠶᠢᠵᠤ᠂ ᠲᠠᠪᠳᠠᠵᠤ ᠤᠠᠠᠳᠤᠨ ᠲᠠᠷᠢᠬᠤ ᠶᠢ ᠴᠡᠭᠡᠷᠯᠡᠨ᠎ᠡ᠃ ᠠᠯᠢ ᠴᠦᠭᠡᠨ ᠳᠡᠭᠡᠨ ᠭᠤᠷᠪᠡᠨ ᠵᠢᠯ ᠡᠭᠡᠯᠵᠢᠯᠡᠨ ᠲᠠᠷᠢᠬᠤ ᠶᠢ ᠱᠠᠭᠠᠷᠳᠠᠨ᠎ᠠ᠃
︵3︶ ᠢᠳᠡᠭᠡᠨ ᠤ ᠨᠠᠷᠠᠨ ᠬᠤᠸᠠᠷ ᠲᠠᠷᠢᠬᠤ ᠳᠤ ᠶᠠᠮᠠᠷ ᠤᠰᠤᠯᠠᠯᠳᠠ ᠶᠢᠨ ᠨᠦᠭᠦᠴᠡᠯ ᠢ ᠱᠠᠭᠠᠷᠳᠠᠳᠠᠭ ᠪᠤᠢ︖
ᠤᠰᠤᠯᠠᠯᠳᠠ ᠶᠢᠨ ᠨᠦᠭᠦᠴᠡᠯ ᠭᠡᠪᠡᠯ ᠭᠠᠵᠠᠷ ᠲᠠᠯᠠᠪᠠᠢ ᠨᠢ ᠲᠡᠭᠰᠢᠭᠡᠨ᠂ ᠤᠰᠤ ᠠᠷᠪᠢᠯᠠᠬᠤ ᠢᠨᠵᠧᠨᠧᠷᠢᠩ ᠲᠠᠢ ᠪᠠᠶᠢᠵᠤ᠂ ᠤᠰᠤ ᠵᠠᠯᠠᠵᠤ ᠤᠰᠤᠯᠠᠬᠤ ᠶᠢ ᠲᠦᠭᠦᠷᠵᠢᠭᠦᠯᠦᠭᠰᠡᠨ ᠪᠠᠶᠢᠬᠤ ᠭᠡᠷᠡᠭᠳᠡᠢ᠃
︵4︶ ᠢᠳᠡᠭᠡᠨ ᠤ ᠨᠠᠷᠠᠨ ᠬᠤᠸᠠᠷ ᠲᠤ ᠶᠠᠮᠠᠷ ᠶᠠᠮᠠᠷ ᠰᠤᠷᠲ ᠪᠠᠶᠢᠳᠠᠭ ᠪᠤᠢ︖
ᠵᠠᠬ᠎ᠠ ᠲᠡᠯᠭᠡᠭᠦᠷ ᠤᠨ ᠭᠡᠷᠡᠭᠴᠡᠭᠡ ᠶᠢ ᠦᠨᠳᠦᠰᠦᠯᠡᠨ ᠲᠤᠬᠠᠢ ᠶᠢᠨ ᠭᠠᠵᠠᠷ ᠤᠨ ᠤᠷᠴᠢᠨ ᠲᠤᠭᠤᠷᠢᠨ ᠤ ᠨᠦᠭᠦᠴᠡᠯ ᠳᠤ ᠲᠤᠭᠢᠷᠠᠬᠤ ᠴᠢᠨᠠᠷ ᠰᠠᠶᠢᠳᠠᠢ᠂ ᠦᠨᠳᠤᠷ ᠬᠤᠷᠢᠶᠠᠯᠳᠠ ᠲᠠᠢ ᠰᠤᠷᠲ ᠢ ᠰᠤᠩᠭᠤᠬᠤ
ᠭᠡᠷᠡᠭᠳᠡᠢ᠃ ᠵᠢᠱᠢᠶᠡᠯᠡᠪᠯ ᠰᠢᠩ ᠾᠦᠸᠧ ︵星火︶ ᠨᠠᠷᠠᠨ ᠬᠤᠸᠠᠷ᠂ ᠺᠧᠨ ᠰᠤ᠋ ︵垦苏︶ ᠨᠠᠷᠠᠨ ᠬᠤᠸᠠᠷ᠂ DK119 ᠵᠡᠷᠭᠡ ᠰᠤᠷᠲ ᠤᠳ ᠪᠠᠶᠢᠨ᠎ᠠ᠃
︵5︶ ᠦᠷ᠎ᠡ ᠶᠢᠨ ᠶᠠᠰᠤ ᠴᠢᠨᠠᠷ ᠤᠨ ᠲᠠᠯ᠎ᠠ ᠪᠠᠷ ᠶᠠᠮᠠᠷ ᠱᠠᠭᠠᠷᠳᠠᠯᠭ᠎ᠠ ᠪᠠᠶᠢᠬᠤ ᠪᠤᠢ︖
ᠦᠷ᠎ᠠ ᠶᠢᠨ ᠶᠠᠰᠤ ᠴᠢᠨᠠᠷ ᠤᠨ ᠱᠠᠭᠠᠷᠳᠠᠯᠭ᠎ᠠ ᠨᠢ ᠭᠡᠪᠡᠯ ᠶᠠᠷᠤ ᠶᠢᠨ ᠦᠷ᠎ᠡ ᠶᠢᠨ ᠴᠠᠪᠡᠷᠵᠢᠴᠡ ᠨᠢ 97%᠂ ᠰᠤᠶᠤᠭᠠᠯᠠᠬᠤ ᠨᠤᠷᠮ᠎ᠠ ᠨᠢ 85%᠂ ᠤᠰᠤᠨ ᠤ ᠭᠡᠮᠵᠢᠶ᠎ᠠ ᠨᠢ 12% ᠠᠴᠠ ᠭᠡᠳᠦᠷᠡᠭᠦ ᠦᠭᠡᠢ ᠪᠠᠶᠢᠬᠤ ᠶᠢ ᠱᠠᠭᠠᠷᠳᠠᠨ᠎ᠠ᠃
︵6︶ ᠲᠠᠷᠢᠬᠤ ᠠᠴᠠ ᠪᠠᠨ ᠡᠮᠦᠨ᠎ᠠ ᠦᠷ᠎ᠡ ᠶᠢ ᠶᠠᠭᠠᠭᠢᠵᠤ ᠰᠢᠢᠳᠪᠤᠷᠢᠯᠡᠭᠦ ᠪᠤᠢ︖
ᠭᠦᠷᠦᠰᠤᠨ ᠲᠤᠤᠷᠠᠭᠢ ᠭᠦᠨᠦᠭᠡᠯᠳᠤ ᠬᠤᠷᠤᠬᠠᠢ ᠶᠢ ᠰᠡᠷᠭᠡᠶᠢᠯᠡᠭᠦ ᠶᠢᠨ ᠲᠤᠯᠠᠳᠠ᠂ 48% ᠶᠢᠨ ᠯᠧ ᠰᠧ ᠪᠧᠨ ︵乐斯本︶ ᠲᠤᠰᠤᠨ ᠡᠮ 100mL ᠲᠤ 40~50kg ᠤᠰᠤ ᠬᠤᠯᠢᠵᠤ᠂ ᠦᠷ᠎ᠡ ᠪᠠᠨ 12 ᠴᠠᠭ ᠲᠠᠪᠳᠦᠭᠡᠵᠤ᠂ ᠲᠠᠭᠢᠨ ᠱᠦᠭᠦᠨ ᠭᠠᠷᠭᠠᠵᠤ ᠰᠡᠷᠢᠭᠦᠨ ᠭᠠᠵᠠᠷ ᠡᠭ᠍ᠰᠢᠭᠡᠵᠤ ᠲᠤᠯᠤᠭᠠᠨ ᠬᠤᠪᠢ ᠨᠢ ᠬᠠᠳᠠᠪᠠᠯ ᠲᠠᠷᠤᠢ ᠲᠠᠷᠢᠬᠤ ᠪᠤᠶᠤ 14 ᠨᠤᠮᠧᠷᠳᠤ ᠵᠦᠩ ᠢ ᠵᠢᠢ ︵种衣剂︶ ᠡᠮ ᠢᠶᠠᠷ ᠦᠷ᠎ᠡ ᠪᠤᠭᠤᠭᠠᠳ ᠭᠡᠷᠡᠭᠯᠡᠵᠤ ᠪᠤᠯᠤᠨ᠎ᠠ᠃
︵7︶ ᠲᠠᠷᠢᠬᠤ ᠭᠠᠵᠠᠷ ᠲᠠᠯᠠᠪᠠᠢ ᠶᠢ ᠶᠠᠭᠠᠭᠢᠵᠤ ᠲᠡᠭᠰᠢᠯᠡᠭᠦ ᠪᠤᠢ︖
ᠨᠠᠮᠤᠷ ᠨᠢ 18~24cm ᠭᠦᠨ ᠬᠠᠭᠠᠯᠪᠤᠷᠢᠯᠠᠵᠤ᠂ ᠭᠤᠷᠪᠡᠨ ᠵᠢᠯ ᠠᠯᠤᠰᠯᠠᠬᠤ ᠪᠦᠷᠢ ᠨᠢᠭᠡ ᠤᠳᠠᠭ᠎ᠠ ᠭᠦᠨ ᠰᠤᠯᠠᠷᠠᠭᠤᠯᠵᠤ᠂ ᠠᠠᠵᠢᠰᠤᠨ ᠬᠤᠰᠢᠭᠤᠨ ᠤ ᠲᠤᠤᠷᠠᠭᠢ ᠲᠠᠪᠬᠤᠷᠭ᠎ᠠ ᠶᠢᠨ ᠭᠦᠷᠤᠰᠤ ᠶᠢ ᠰᠤᠯᠠᠷᠠᠭᠤᠯᠤᠨ᠎ᠠ᠃ ᠨᠠᠮᠤᠷ ᠰᠠᠶᠢᠳᠤᠷ ᠤᠰᠤᠯᠬᠠᠰᠠᠨ ᠤ ᠰᠠᠭᠤᠷᠢᠨ ᠲᠡᠭᠡᠷ᠎ᠡ ᠬᠠᠪᠤᠷ ᠡᠷᠳᠡ ᠨᠠᠷᠬᠠᠳᠠᠨ ᠲᠡᠭᠰᠢᠯᠡᠵᠤ᠂ ᠭᠦᠷᠦᠰᠤ ᠰᠢᠷᠤᠢ ᠨᠢ ᠲᠡᠭᠰᠢᠭᠡᠨ᠂ ᠰᠤᠯᠠᠷᠬᠠᠭ᠂ ᠨᠠᠷᠢᠯᠢᠬ᠂ ᠵᠦᠭᠡᠯᠡᠨ ᠪᠠᠶᠢᠬᠤ ᠪᠠ ᠴᠢᠭᠢᠭ ᠲᠠᠢ ᠪᠠᠶᠢᠬᠤ ᠶᠢ ᠱᠠᠭᠠᠷᠳᠠᠨ᠎ᠠ᠃
︵8︶ ᠪᠤᠷᠳᠤᠭᠤᠷ ᠶᠠᠭᠠᠭᠢᠵᠤ ᠤᠷᠤᠭᠤᠯᠬᠤ ᠪᠤᠢ︖
ᠨᠠᠮᠤᠷ ᠤᠨ ᠤᠷᠪᠠᠭᠤᠯᠤᠯᠳᠠ ᠲᠠᠢ ᠤᠶᠠᠯᠳᠤᠭᠤᠯᠤᠨ ᠮᠤ᠋ ᠪᠦᠷᠢ ᠢᠯᠵᠢᠷᠠᠮᠠᠯ ᠤᠷᠭᠠᠨᠢᠭ ᠪᠤᠷᠳᠤᠭᠤᠷ ᠢ 2500~3000kg ᠤᠷᠤᠭᠤᠯᠵᠤ᠂ ᠲᠠᠷᠢᠬᠤ ᠠᠴᠠ ᠪᠠᠨ ᠡᠮᠦᠨ᠎ᠠ ᠹᠤᠰᠹᠤᠷ ᠭᠦᠴᠢᠯ ᠤᠨ ᠬᠤᠶᠠᠷᠴᠢ ᠠᠮᠮᠤᠨᠢ ᠶᠢ 7~10kg ᠭᠦᠨ ᠤᠷᠤᠭᠤᠯᠤᠨ᠎ᠠ᠃
︵9︶ ᠶᠠᠮᠠᠷ ᠴᠠᠭ ᠦᠶ᠎ᠠ ᠳᠤ ᠲᠠᠷᠢᠬᠤ ᠪᠤᠢ︖
ᠶᠠᠷᠤ ᠶᠢᠨ ᠵᠢᠯ ᠳᠤ ᠪᠤᠯ ᠶᠠᠷᠦᠩᠭᠡᠢ ᠳᠡᠭᠡᠨ 4 ᠳ᠋ᠤᠭᠡᠷ ᠰᠠᠷ᠎ᠠ ᠶᠢᠨ 15~25 ᠤ ᠡᠳᠤᠷ ᠤᠨ ᠬᠤᠭᠤᠷᠤᠨᠳᠤ ᠲᠠᠷᠢᠨ᠎ᠠ᠃
︵10︶ ᠶᠠᠮᠠᠷ ᠭᠡᠯᠪᠡᠷᠢ ᠪᠠᠷ ᠲᠠᠷᠢᠬᠤ ᠪᠤᠢ︖
ᠦᠷᠭᠡᠨ ᠨᠠᠷᠢᠨ ᠮᠦᠷ ᠢᠶᠠᠷ ᠲᠠᠷᠢᠨ᠎ᠠ᠃ ᠤᠨᠠᠯᠳᠠ ᠶᠢᠨ ᠭᠡᠯᠪᠡᠷᠢ ᠶᠢᠨ ᠬᠢ ᠪᠤᠯ ᠦᠷᠭᠡᠨ ᠮᠦᠷ ᠢ 80cm᠂ ᠨᠠᠷᠢᠨ ᠮᠦᠷ ᠢ 40cm᠂ ᠰᠠᠭᠤᠷᠢ ᠶᠢᠨ ᠵᠠᠢ ᠶᠢ 40cm ᠪᠠᠶᠢᠯᠭᠠᠵᠤ᠂ ᠮᠤ᠋ ᠪᠦᠷᠢ 2700 ᠴᠢᠭᠢ ᠰᠠᠭᠤᠯᠭᠠᠨ᠎ᠠ᠃ ᠲᠠᠸᠠᠷ ᠤᠨ ᠭᠡᠯᠪᠡᠷᠢ ᠶᠢᠨ ᠬᠢ ᠪᠤᠯ ᠦᠷᠭᠡᠨ ᠮᠦᠷ ᠢ 100cm᠂ ᠨᠠᠷᠢᠨ ᠮᠦᠷ ᠢ 46.7cm᠂ ᠰᠠᠭᠤᠷᠢ ᠶᠢᠨ ᠵᠠᠢ ᠶᠢ 50cm ᠪᠠᠶᠢᠯᠭᠠᠵᠤ᠂ ᠮᠤ᠋ ᠪᠦᠷᠢ 1800 ᠴᠢᠭᠢ ᠰᠠᠭᠤᠯᠭᠠᠨ᠎ᠠ᠃
︵11︶ ᠶᠠᠮᠠᠷ ᠠᠷᠭ᠎ᠠ ᠪᠠᠷ ᠲᠠᠷᠢᠬᠤ ᠪᠤᠢ︖
ᠮᠠᠰᠢᠨ ᠢᠶᠠᠷ ᠭᠤᠤ ᠭᠠᠷᠭᠠᠵᠤ᠂ ᠭᠦᠮᠦᠨ ᠤ ᠭᠦᠴᠤ ᠪᠠᠷ ᠵᠠᠶᠢᠯᠠᠨ ᠴᠤᠨᠤᠠᠠᠯᠠᠨ ᠲᠠᠷᠢᠵᠤ᠂ ᠴᠤᠨᠤᠭ ᠪᠦᠷ 2~3 ᠮᠦᠭᠦᠯᠢᠭ ᠬᠠᠶᠠᠵᠤ᠂ ᠮᠤ᠋ ᠪᠦᠷᠢ 0.75kg ᠤᠨ ᠭᠡᠮᠵᠢᠶ᠎ᠠ ᠪᠠᠷ ᠲᠠᠷᠢᠨ᠎ᠠ᠃ ᠮᠠᠰᠢᠨ ᠢᠶᠠᠷ ᠲᠠᠷᠢᠬᠤ ᠳᠤ ᠮᠤ᠋ ᠪᠦᠷᠢ 1kg ᠲᠠᠷᠢᠨ᠎ᠠ᠃ ᠭᠦᠷᠤᠰᠤ ᠰᠢᠷᠤᠢ ᠶᠢᠨ ᠴᠢᠭᠢᠭ ᠪᠠ ᠲᠦᠷᠦᠯ ᠵᠦᠢᠯ ᠤᠨ ᠠᠳᠠᠯᠢ ᠦᠭᠡᠢ ᠪᠠᠶᠢᠳᠠᠯ ᠢ ᠦᠨᠳᠦᠰᠦᠯᠡᠵᠤ᠂ ᠶᠠᠷᠤᠩᠭᠡᠢ ᠳᠡᠭᠡᠨ 3~4cm ᠭᠦᠨ ᠲᠠᠷᠢᠨ᠎ᠠ᠃
︵12︶ ᠪᠦᠷᠭᠦᠭᠦᠯ ᠢ ᠶᠠᠭᠠᠭᠢᠵᠤ ᠪᠦᠳᠡᠭᠡᠭᠦ ᠪᠤᠢ︖
ᠡᠭᠦᠨ ᠳᠤ ᠬᠤᠶᠠᠷ ᠵᠦᠢᠯ ᠤᠨ ᠠᠷᠭ᠎ᠠ ᠪᠠᠶᠢᠨ᠎ᠠ᠃ ᠨᠢᠭᠡ ᠨᠢ ᠤᠷᠢᠳ ᠢᠶᠠᠷ ᠲᠠᠷᠢᠵᠤ ᠲᠠᠷᠠᠭ᠎ᠠ ᠪᠠᠷ ᠨᠢ ᠪᠦᠷᠭᠦᠨ᠎ᠠ᠃ ᠲᠠᠷᠤᠢ ᠲᠠᠷᠢᠠᠠᠰᠠᠨ ᠤ ᠪᠠᠨ ᠲᠠᠷᠠᠭ᠎ᠠ ᠴᠠᠭ ᠲᠠᠷᠤᠢ ᠳᠤᠨᠢ ᠪᠦᠷᠭᠦᠭᠦᠯ ᠢᠶᠠᠨ ᠪᠦᠷᠭᠦᠨ᠎ᠠ᠃ ᠨᠦᠭᠦᠭᠡ ᠨᠢ ᠤᠷᠢᠳ ᠢᠶᠠᠷ ᠪᠦᠷᠬᠦᠵᠤ ᠲᠠᠷᠠᠭ᠎ᠠ ᠪᠠᠷ ᠨᠢ ᠲᠠᠷᠢᠨ᠎ᠠ᠃ ᠲᠠᠷᠤᠢ ᠲᠠᠷᠢᠬᠤ ᠠᠴᠠ ᠪᠠᠨ 6~8 ᠡᠳᠤᠷ ᠤᠨ ᠡᠮᠦᠨ᠎ᠠ ᠪᠦᠷᠭᠦᠭᠦᠯ ᠢᠶᠠᠨ ᠪᠦᠳᠡᠭᠡᠨᠠ᠃ ᠲᠡᠭᠡᠷ᠎ᠡ ᠲᠤᠷᠠᠳᠤᠠᠠᠰᠠᠨ ᠬᠤᠶᠠᠷ ᠵᠦᠢᠯ ᠤᠨ ᠪᠦᠳᠡᠭᠡᠬᠦ ᠠᠷᠭ᠎ᠠ ᠪᠤᠯ ᠨᠠᠷᠢᠨ ᠮᠦᠷ ᠤᠨ ᠲᠡᠭᠡᠭᠦᠷ ᠪᠦᠷᠭᠦᠭᠦᠯ ᠢᠶᠠᠨ ᠴᠢᠩᠭ᠎ᠠ᠂ ᠲᠡᠭᠰᠢᠭᠡᠨ ᠨᠢᠠᠠᠳᠠ ᠲᠠᠳᠠᠵᠤ᠂ ᠴᠢᠩᠭ᠎ᠠ ᠲᠠᠷᠤᠵᠤ᠂ ᠵᠠᠢ ᠰᠠᠪ ᠦᠭᠡᠢ ᠪᠠᠶᠢᠯᠭᠠᠨ᠎ᠠ᠃ ᠪᠦᠷᠭᠦᠭᠦᠯ ᠤᠨ ᠦᠷᠭᠡᠨ ᠡᠩ ᠤᠨ ᠬᠢ ᠨᠢ 70cm᠂ ᠵᠤᠵᠠᠭᠠᠨ ᠨᠢ 0.006~0.008mm ᠤᠨ ᠪᠦᠷᠬᠦᠬᠦᠯ ᠪᠠᠶᠢᠬᠤ ᠭᠡᠷᠡᠭᠳᠡᠢ᠃
︵13︶ ᠪᠦᠷᠭᠦᠭᠦᠯ ᠢ ᠶᠠᠭᠠᠭᠢᠵᠤ ᠲᠠᠷᠤᠬᠤ ᠪᠤᠢ︖ ᠴᠢᠭᠢ ᠶᠢ ᠶᠠᠭᠠᠭᠢᠵᠤ ᠴᠢᠭᠢᠯᠡᠭᠦᠯᠭᠦ ᠪᠤᠢ︖
ᠲᠠᠷᠢᠶᠠᠨ ᠭᠠᠵᠠᠷ ᠪᠦᠷᠬᠦᠬᠦ ᠪᠠᠨ ᠦᠷᠭᠦᠯᠵᠢ ᠪᠠᠶᠢᠴᠠᠭᠠᠵᠤ᠂ ᠪᠦᠷᠭᠦᠭᠦᠯ ᠨᠢ ᠡᠯᠡᠭᠳᠡᠵᠤ ᠴᠤᠭᠤᠷᠤᠠᠠᠰᠠᠨ ᠪᠠ ᠰᠤᠯᠠᠷᠬᠠᠰᠠᠨ ᠪᠠᠶᠢᠬᠤ ᠶᠢ ᠤᠯᠵᠤ ᠮᠡᠳᠡᠪᠡᠯ ᠲᠠᠷᠦ᠋ᠢᠬᠠᠨ ᠰᠢᠷᠤᠢ ᠪᠠᠷ ᠴᠢᠩᠭ᠎ᠠ ᠲᠠᠷᠤᠬᠤ ᠭᠡᠷᠡᠭᠳᠡᠢ᠃ ᠤᠷᠢᠳ ᠢᠶᠠᠷ ᠲᠠᠷᠢᠵᠤ ᠲᠠᠷᠠᠭ᠎ᠠ ᠪᠠᠷ ᠨᠢ ᠪᠦᠷᠭᠦᠬᠦ ᠠᠷᠭ᠎ᠠ ᠶᠢ ᠭᠡᠷᠡᠭᠯᠡᠭᠰᠡᠨ ᠪᠤᠯ ᠲᠠᠷᠦ᠋ᠢᠬᠠᠨ ᠴᠢᠭᠢ ᠰᠤᠯᠠᠯᠠᠬᠤ ᠭᠡᠷᠡᠭᠳᠡᠢ᠃ ᠦᠭᠡᠷ᠎ᠡ ᠪᠠᠷ ᠭᠡᠯᠡᠪᠡᠯ ᠴᠢᠭᠢ ᠨᠢ ᠪᠦᠷᠭᠦᠭᠦᠯ ᠳᠤ ᠲᠤᠯᠬᠤ ᠠᠴᠠ ᠡᠮᠦᠨ᠎ᠠ ᠰᠤᠯᠠᠯᠠᠪᠠᠯ ᠲᠤᠭᠢᠷᠠᠮᠵᠢᠳᠡᠢ᠂ ᠴᠢᠭᠢ ᠪᠠᠨ ᠦᠳᠡ ᠶᠢᠨ ᠬᠤᠶᠢᠨᠠᠭᠢ 4 ᠴᠠᠭ ᠠᠴᠠ ᠬᠤᠶᠢᠨ᠎ᠠ ᠰᠤᠯᠠᠯᠠᠵᠤ᠂ ᠴᠢᠭᠢ ᠰᠤᠯᠠᠯᠬᠠᠰᠠᠨ ᠨᠦᠭᠡᠨ ᠤ ᠲᠦᠷᠪᠡᠨ ᠲᠠᠯ᠎ᠠ ᠶᠢ ᠰᠢᠷᠤᠢ ᠪᠠᠷ ᠨᠢᠠᠠᠳᠠ ᠲᠠᠷᠤᠬᠤ ᠭᠡᠷᠡᠭᠳᠡᠢ᠃ ᠤᠷᠢᠳ ᠢᠶᠠᠷ ᠪᠦᠷᠬᠦᠵᠤ ᠲᠠᠷᠠᠭ᠎ᠠ ᠪᠠᠷ ᠨᠢ ᠲᠠᠷᠢᠬᠤ ᠠᠷᠭ᠎ᠠ ᠶᠢ ᠭᠡᠷᠡᠭᠯᠡᠭᠰᠡᠨ ᠪᠤᠯ ᠰᠢᠷᠤᠢ ᠪᠠᠷ ᠬᠤᠴᠢᠭᠰᠠᠨ ᠪᠠᠶᠢᠳᠠᠯ ᠢ ᠪᠠᠶᠢᠡᠭᠭᠤ ᠪᠠᠶᠢᠴᠠᠭᠠᠵᠤ᠂ ᠪᠤᠷᠤᠭᠠᠨ ᠤ ᠰᠡᠭᠦᠯᠡᠷ ᠬᠠᠳᠠᠭᠤᠷᠬᠠᠰᠠᠨ ᠲᠠᠪᠬᠤᠷᠭ᠎ᠠ ᠶᠢ ᠴᠠᠭ ᠲᠠᠷᠤᠢ ᠳᠤᠨᠢ ᠭᠡᠮᠭᠡᠯᠵᠤ᠂ ᠴᠢᠭᠢ ᠲᠤᠯᠬᠤ ᠠᠴᠠ ᠰᠡᠷᠭᠡᠶᠢᠯᠡᠭᠦ ᠭᠡᠷᠡᠭᠳᠡᠢ᠃
︵14︶ ᠤᠷᠭᠤᠯᠳᠠ ᠶᠢᠨ ᠦᠶ᠎ᠠ ᠳᠤᠨᠢ ᠴᠢᠭᠢ ᠶᠢ ᠶᠠᠭᠠᠭᠢᠵᠤ ᠵᠠᠶᠢᠯᠡᠬᠤ ᠪᠠ ᠲᠤᠠᠠᠳᠠᠭᠠᠬᠤ ᠪᠤᠢ︖
2~4 ᠵᠢᠩᠭᠢᠨᠢ ᠨᠠᠪᠴᠢ ᠭᠠᠷᠬᠤ ᠦᠶ᠎ᠠ ᠳᠤ᠂ ᠴᠢᠭᠢ ᠶᠢ ᠢᠯᠭᠠᠵᠤ᠂ 4~6 ᠵᠢᠩᠭᠢᠨᠢ ᠨᠠᠪᠴᠢ ᠭᠠᠷᠬᠤ ᠦᠶ᠎ᠠ ᠳᠤᠨᠢ ᠴᠢᠭᠢ ᠶᠢ ᠲᠤᠠᠠᠳᠠᠭᠠᠵᠤ᠂ ᠴᠤᠨᠤᠭ ᠪᠦᠷᠢ ᠨᠢᠭᠡ ᠰᠠᠭᠤᠷᠢ ᠦᠯᠡᠳᠡᠭᠡᠵᠤ᠂ ᠴᠢᠭᠢ ᠲᠤᠳᠠᠵᠤ ᠪᠠᠶᠢᠭ᠎ᠠ ᠭᠠᠵᠠᠷ ᠨᠢ ᠬᠤᠶᠠᠷ ᠴᠢᠭᠢ ᠦᠯᠡᠳᠡᠭᠡᠨ᠎ᠡ᠃
︵15︶ ᠶᠠᠭᠠᠭᠢᠵᠤ ᠠᠷᠴᠢᠬᠤ ᠪᠤᠢ︖
ᠴᠢᠭᠢ ᠢᠯᠭᠠᠬᠤ ᠲᠠᠢ ᠤᠶᠠᠯᠳᠤᠭᠤᠯᠤᠨ ᠠᠩᠬ᠎ᠠ ᠤᠳᠠᠭ᠎ᠠ ᠠᠷᠴᠢᠵᠤ᠂ ᠴᠢᠭᠢ ᠲᠤᠠᠠᠳᠠᠭᠠᠬᠤ ᠲᠠᠢ ᠤᠶᠠᠯᠳᠤᠭᠤᠯᠤᠨ ᠬᠤᠶᠠᠷᠳᠡᠭᠢ ᠤᠳᠠᠭ᠎ᠠ ᠠᠷᠴᠢᠵᠤ᠂ ᠴᠢᠭᠢ ᠨᠢ ᠨᠢᠭᠡ ᠲᠤᠬᠤᠢ ᠦᠨᠳᠤᠷ ᠤᠷᠭᠤᠬᠤ ᠦᠶ᠎ᠠ ᠳᠤ ᠦᠨᠳᠦᠰᠤᠨ ᠭᠡᠰᠡᠭ ᠲᠤᠨᠢ ᠰᠢᠷᠤᠢ ᠨᠡᠮᠡᠵᠤ᠂ ᠨᠠᠯᠠᠵᠤ ᠤᠨᠠᠬᠤ ᠠᠴᠠ ᠰᠡᠷᠭᠡᠶᠢᠯᠡᠨ᠎ᠡ᠃
︵16︶ ᠶᠠᠭᠠᠭᠢᠵᠤ ᠤᠰᠤᠯᠠᠨ ᠪᠤᠷᠳᠤᠭᠤᠷ ᠤᠷᠤᠭᠤᠯᠬᠤ ᠪᠤᠢ︖
ᠪᠦᠭᠦ ᠤᠷᠭᠤᠯᠳᠠ ᠶᠢᠨ ᠶᠠᠪᠤᠴᠠ ᠳᠤᠨᠢ ᠭᠤᠷᠪᠡ ᠤᠳᠠᠭ᠎ᠠ ᠤᠰᠤᠯᠠᠪᠠᠯ ᠲᠤᠭᠢᠷᠠᠮᠵᠢᠳᠡᠢ᠃
ᠲᠤᠬᠠᠶᠢᠯᠠᠪᠠᠯ ᠴᠢᠭᠢᠯᠡᠭᠡᠳ 30 ᠬᠤᠨᠤᠭ ᠪᠤᠯᠬᠤ ᠳᠤ ᠠᠩᠬ᠎ᠠ ᠤᠳᠠᠭ᠎ᠠ ᠤᠰᠤᠯᠠᠵᠤ᠂ ᠴᠤᠮᠤᠷᠯᠢᠠᠠᠵᠢᠬᠤ ᠦᠶ᠎ᠠ ᠳᠤ ᠬᠤᠶᠠᠷᠳᠡᠭᠢ ᠤᠳᠠᠭ᠎ᠠ ᠤᠰᠤᠯᠠᠵᠤ᠂ ᠴᠡᠴᠡᠭ ᠲᠡᠯᠭᠡᠷᠡᠭᠦ ᠦᠶ᠎ᠠ ᠳᠤᠨᠢ ᠭᠤᠷᠪᠡᠳᠡᠭᠢ ᠤᠳᠠᠭ᠎ᠠ ᠤᠰᠤᠯᠠᠨ᠎ᠠ᠃ ᠠᠩᠬ᠎ᠠ ᠤᠳᠠᠭ᠎ᠠ ᠤᠰᠤᠯᠠᠬᠤ ᠲᠠᠢ ᠤᠶᠠᠯᠳᠤᠭᠤᠯᠤᠨ 15~20kg ᠰᠢᠭᠡᠰᠦᠯᠢᠭ ᠡᠳ᠋ ᠨᠦᠭᠦᠨ ᠤᠷᠤᠭᠤᠯᠬᠤ ᠪᠤᠶᠤ ᠬᠤᠶᠠᠷᠳᠡᠭᠢ ᠤᠰᠤᠯᠠᠯᠳᠠ ᠲᠠᠢ ᠤᠶᠠᠯᠳᠤᠭᠤᠯᠤᠨ 40~50kg ᠨᠡᠭᠦᠷᠡᠰᠤ ᠭᠦᠴᠢᠯ ᠤᠨ ᠤᠰᠤᠳᠦ᠋ᠷᠦᠭᠴᠢᠳᠦ ᠠᠮᠮᠤᠨᠢ ᠨᠦᠭᠦᠨ ᠤᠷᠤᠭᠤᠯᠤᠨ᠎ᠠ᠃
︵17︶ ᠶᠠᠭᠠᠭᠢᠵᠤ ᠲᠤᠭᠤᠰᠤᠳᠤᠭᠤᠯᠬᠤ ᠪᠤᠢ︖
ᠦᠷᠡᠯᠡᠭᠦ ᠨᠤᠷᠮ᠎ᠠ ᠶᠢ ᠨᠢ ᠲᠡᠭᠡᠭᠰᠢᠯᠡᠭᠦᠯᠭᠦ ᠶᠢᠨ ᠲᠤᠰᠠᠳᠠ᠂ ᠨᠠᠷᠠᠨ ᠬᠤᠸᠠᠷ ᠤᠨ ᠴᠡᠴᠡᠭ ᠨᠢ ᠪᠠᠳᠠᠷᠠᠨ ᠲᠡᠯᠭᠡᠷᠡᠭᠦ ᠦᠶ᠎ᠠ ᠳᠤ ᠭᠦᠮᠦᠨ ᠤ ᠭᠦᠴᠤ ᠪᠠᠷ ᠲᠤᠭᠤᠰᠤᠳᠤᠭᠤᠯᠵᠤ᠂ ᠲᠤᠭᠤᠰᠤᠳᠤᠭᠤᠯᠤᠤᠷ ᠪᠤᠶᠤ ᠬᠤᠸᠠᠷ ᠤᠨ ᠲᠠᠪᠠᠭ ᠢ ᠬᠠᠷᠢᠯᠴᠠᠨ ᠬᠠᠷᠭᠤᠯᠳᠤᠭᠤᠯᠵᠤ᠂ 2~3 ᠡᠳᠤᠷ ᠠᠯᠤᠰᠯᠠᠬᠤ ᠪᠦᠷᠢ ᠨᠢᠭᠡ ᠤᠳᠠᠭ᠎ᠠ ᠲᠡᠪᠳᠡᠵᠤ᠂ ᠨᠡᠶᠢᠳᠡ 2~3 ᠤᠳᠠᠭ᠎ᠠ ᠲᠤᠭᠤᠰᠤᠳᠤᠭᠤᠯᠤᠨ᠎ᠠ᠃ ᠲᠤᠭᠤᠰᠤᠳᠤᠭᠤᠯᠬᠤ ᠳᠠᠭᠠᠨ ᠦᠳᠡ ᠶᠢᠨ ᠡᠮᠦᠨᠡᠭᠢ 9~11 ᠴᠠᠭ᠂ ᠦᠳᠡ ᠶᠢᠨ ᠬᠤᠶᠢᠨᠡᠭᠢ 4~6 ᠴᠠᠭ ᠢ ᠰᠤᠩᠭᠤᠨ᠎ᠠ᠂ ᠪᠦᠷᠭᠦᠭ ᠪᠤᠷᠤᠭᠠᠨ ᠲᠠᠢ ᠡᠳᠤᠷ ᠲᠤᠭᠤᠰᠤᠳᠤᠭᠤᠯᠵᠤ ᠪᠤᠯᠬᠤ ᠦᠭᠡᠢ᠃
︵18︶ ᠶᠠᠮᠠᠷ ᠭᠡᠮ ᠤᠨ ᠭᠦᠨᠦᠭᠡᠯ ᠪᠠᠶᠢᠬᠤ ᠪᠤᠢ︖
ᠢᠳᠡᠭᠡᠨ ᠤ ᠨᠠᠷᠠᠨ ᠬᠤᠸᠠᠷ ᠤᠨ ᠭᠤᠤᠯ ᠭᠡᠮ ᠤᠨ ᠭᠦᠨᠦᠭᠡᠯ ᠨᠢ ᠭᠡᠪᠡᠯ ᠮᠦᠭᠦ ᠶᠢᠨ ᠪᠦᠭᠡᠮ ᠭᠡᠮ ᠪᠡ ᠵᠢᠪᠡᠷᠡᠭᠦ ᠭᠡᠮ ᠪᠤᠯᠤᠨ᠎ᠠ᠃
︵19︶ ᠭᠡᠮ ᠤᠨ ᠭᠦᠨᠦᠭᠡᠯ ᠢ ᠭᠡᠷᠭᠢᠨ ᠰᠡᠷᠭᠡᠶᠢᠯᠡᠭᠦ ᠪᠤᠢ︖
︵1︶ ᠮᠦᠭᠦ ᠶᠢᠨ ᠪᠦᠭᠡᠮ ᠭᠡᠮ ᠢ ᠰᠡᠷᠭᠡᠶᠢᠯᠡᠨ ᠵᠠᠰᠠᠬᠤ᠄ ᠡᠭᠡᠯᠵᠢᠯᠡᠨ ᠲᠠᠷᠢᠬᠤ ᠰᠠᠭᠤᠷᠢᠨ ᠲᠡᠭᠡᠷ᠎ᠡ ᠮᠦᠭᠦ ᠶᠢᠨ ᠪᠦᠭᠡᠮ ᠭᠡᠮ ᠡᠭᠦᠰᠦᠭᠰᠡᠨ ᠡᠭᠢᠨ ᠤ ᠦᠶ᠎ᠠ ︵ᠶᠠᠷᠦᠩᠭᠡᠢ ᠳᠡᠭᠡᠨ 6 ᠳ᠋ᠤᠭᠠᠷ ᠰᠠᠷ᠎ᠠ︶ ᠳᠤ ᠮᠤ᠋ ᠪᠦᠷᠢ 50% ᠶᠢᠨ ᠵᠢᠶᠦ᠋ᠨ ᠾᠧ ᠵᠢᠩ ︵菌核净︶ ᠨᠤᠨᠳᠠᠭ ᠡᠮ ᠤᠨ 25g ᠳᠤ ᠤᠰᠤ ᠬᠤᠯᠢᠨ ᠰᠢᠩᠭᠡᠯᠡᠭᠡᠳ ᠭᠡᠮ ᠲᠠᠢ ᠭᠡᠰᠡᠭ ᠲᠤ ᠰᠦᠷᠴᠢᠨ᠎ᠠ᠃
︵2︶ ᠵᠢᠪᠡᠷᠡᠭᠦ ᠭᠡᠮ ᠢ ᠰᠡᠷᠭᠡᠶᠢᠯᠡᠨ ᠵᠠᠰᠠᠬᠤ᠄ ᠭᠡᠮ ᠡᠭᠦᠰᠦᠭᠰᠡᠨ ᠡᠭᠢᠨ ᠤ ᠦᠶ᠎ᠡ ᠳᠤ ᠮᠤ᠋ ᠪᠦᠷᠢ 50% ᠶᠢᠨ ᠹᠧᠨ ᠰᠢᠤ ᠨᠢᠩ ︵粉绣宁︶ ᠨᠤᠠᠳᠠᠭ ᠡᠮ ᠤᠨ 75g ᠳᠤ 30 kg ᠤᠰᠤ ᠬᠤᠯᠢᠵᠤ ᠰᠢᠩᠭᠡᠯᠡᠭᠡᠳ ᠰᠦᠷᠴᠢᠨ ᠰᠡᠷᠭᠡᠶᠢᠯᠡᠨ᠎ᠠ᠃
︵20︶ ᠶᠠᠮᠠᠷ ᠭᠡᠮᠵᠢᠶᠠᠨ ᠳᠤ ᠭᠦᠷᠳᠡᠯ᠎ᠠ ᠤᠷᠭᠤᠪᠠᠯ ᠲᠡᠭᠦᠵᠤ ᠬᠤᠷᠢᠶᠠᠬᠤ ᠪᠤᠢ︖
ᠨᠡᠷᠡᠨ ᠬᠤᠸᠠᠷ ᠤᠨ ᠡᠰᠢ ᠨᠢ ᠰᠢᠷᠠᠯᠠᠵᠤ᠂ ᠲᠤᠮᠳᠠ ᠠᠴᠠ ᠲᠡᠭᠡᠭᠦᠷᠭᠢ ᠭᠡᠰᠡᠭ ᠤᠨ ᠨᠠᠪᠴᠢ ᠨᠢ ᠰᠢᠷᠭᠠᠯᠳᠤᠵᠤ᠂ ᠬᠤᠸᠠᠷ ᠤᠨ ᠲᠠᠪᠠᠭ ᠤᠨ ᠠᠷᠤ ᠲᠠᠯ᠎ᠠ ᠨᠢ ᠰᠢᠷ᠎ᠠ ᠭᠦᠷᠡᠩ ᠪᠤᠯᠵᠤ᠂ ᠭᠡᠯᠡᠨ ᠭᠡᠯᠪᠡᠷᠢᠳᠤ ᠴᠡᠴᠡᠭ ᠨᠢ ᠬᠠᠳᠠᠬᠤ ᠪᠤᠶᠤ ᠵᠤᠯᠭᠠᠷᠠᠵᠤ᠂ ᠵᠢᠮᠢᠰ ᠤᠨ ᠬᠠᠯᠢᠰᠤ ᠨᠢ ᠬᠠᠳᠠᠭᠤᠷᠠᠬᠤ ᠦᠶᠡᠰ ᠬᠤᠷᠢᠶᠠᠵᠤ ᠪᠤᠯᠤᠨ᠎ᠠ᠃
︵21︶ ᠭᠡᠷᠭᠢᠨ ᠮᠦᠯᠢᠭᠦ ᠪᠤᠢ︖
ᠬᠤᠷᠢᠶ᠋ᠬᠠᠰᠠᠨ ᠤ ᠪᠠᠨ ᠲᠠᠷᠠᠭ᠎ᠠ ᠲᠠᠷᠦ᠋ᠢᠬᠠᠨ ᠲᠡᠯᠭᠡᠨ ᠬᠠᠳᠠᠭᠠᠵᠤ᠂ ᠲᠤᠩᠭᠠᠯᠠᠭ ᠡᠳᠤᠷ 2~3 ᠡᠳᠤᠷ ᠬᠠᠳᠠᠭᠠᠠᠠᠰᠠᠨ ᠤ ᠰᠡᠭᠦᠯᠡᠷ ᠮᠦᠭᠦᠯᠢᠭ ᠢ ᠨᠢ ᠭᠦᠮᠦᠨ ᠤ ᠭᠦᠴᠤ ᠪᠡ ᠮᠠᠰᠢᠨ ᠢᠶᠠᠷ ᠮᠦᠯᠢᠵᠤ ᠠᠪᠬᠤ
ᠭᠡᠷᠡᠭᠳᠡᠢ᠃ ᠠᠩᠬ᠎ᠠ ᠮᠦᠯᠢᠭᠰᠡᠨ ᠦᠷ᠎ᠡ ᠮᠦᠭᠦᠯᠢᠭ ᠨᠢ ᠨᠦᠢᠳᠠᠨ ᠪᠠᠶᠢᠳᠠᠭ ᠪᠤᠯᠬᠤᠷ ᠲᠠᠷᠦ᠋ᠢᠬᠠᠨ ᠲᠡᠯᠭᠡᠨ ᠬᠠᠳᠠᠭᠠᠵᠤ᠂ ᠤᠰᠤᠨ ᠤ ᠭᠡᠮᠵᠢᠶ᠎ᠠ ᠨᠢ 12% ᠠᠴᠠ ᠲᠤᠷᠤᠠᠠᠰᠢ ᠪᠠᠭᠤᠷᠠᠬᠤ ᠦᠶᠡᠰ ᠲᠠᠷᠦ᠋ᠢᠬᠠᠨ ᠪᠤᠭᠤᠳᠠᠯᠯᠠᠬᠤ ᠭᠡᠷᠡᠭᠳᠡᠢ᠃
2. ᠲᠤᠰᠤᠨ ᠤ ᠨᠠᠷᠠᠨ ᠬᠤᠸᠠᠷ ᠲᠠᠷᠢᠬᠤ ᠮᠡᠷᠭᠡᠵᠢᠯ
︵1︶ ᠲᠤᠰᠤᠨ ᠤ ᠨᠠᠷᠠᠨ ᠬᠤᠸᠠᠷ ᠢ ᠲᠠᠷᠢᠬᠤ ᠳᠤ ᠭᠡᠳᠦᠢ ᠲᠤᠯᠠᠭᠠᠨ ᠤ ᠨᠦᠭᠦᠴᠡᠯ ᠢ ᠱᠠᠭᠠᠷᠳᠠᠳᠠᠭ ᠪᠤᠢ︖
ᠲᠤᠰᠤᠨ ᠤ ᠨᠠᠷᠠᠨ ᠬᠤᠸᠠᠷ ᠤᠨ ᠭᠡᠷᠡᠭᠴᠡᠭᠡ ᠪᠦᠭᠦᠢ ᠲᠤᠯᠠᠭᠠᠨ ᠤ ᠨᠦᠭᠦᠴᠡᠯ ᠨᠢ ᠭᠡᠪᠡᠯ ᠭᠢᠷᠠᠭᠤ ᠦᠭᠡᠢ ᠬᠤᠭᠤᠴᠠᠭ᠎ᠠ 120 ᠡᠳᠤᠷ ᠠᠴᠠ ᠲᠡᠭᠡᠭᠰᠢ᠂ 4 ᠳ᠋ᠤᠭᠡᠷ ᠰᠠᠷ᠎ᠠ ᠠᠴᠠ 9 ᠳ᠋ᠤᠬᠡᠷ ᠰᠠᠷ᠎ᠠ ᠪᠤᠯᠳᠠᠯ᠎ᠠ 5℃ ᠠᠴᠠ ᠲᠡᠭᠡᠭᠰᠢ ᠪᠦᠭᠦᠢ ᠪᠦᠳᠦᠮᠵᠢᠳᠡᠢ ᠬᠤᠷᠠᠮᠳᠤᠭᠤᠯᠭ᠎ᠠ ᠲᠤᠯᠠᠭᠠᠨ ᠨᠢ 18℃ ᠠᠴᠠ ᠲᠡᠭᠡᠭᠰᠢ ᠪᠠᠶᠢᠬᠤ ᠭᠡᠷᠡᠭᠳᠡᠢ᠃
︵2︶ ᠲᠤᠰᠤᠨ ᠤ ᠨᠠᠷᠠᠨ ᠬᠤᠸᠠᠷ ᠲᠠᠷᠢᠬᠤ ᠳᠤ ᠶᠠᠮᠠᠷ ᠭᠦᠷᠦᠰᠤ ᠰᠢᠷᠤᠢ ᠶᠢᠨ ᠨᠦᠭᠦᠴᠡᠯ ᠢ ᠱᠠᠭᠠᠷᠳᠠᠳᠠᠭ ᠪᠤᠢ︖
ᠭᠦᠷᠦᠰᠤ ᠰᠢᠷᠤᠢ ᠶᠢᠨ ᠨᠦᠭᠦᠴᠡᠯ ᠨᠢ ᠭᠡᠪᠡᠯ ᠭᠦᠷᠦᠰᠤ ᠰᠢᠷᠤᠢ ᠨᠢ ᠰᠦᠪᠡᠷᠭᠡᠭ ᠰᠢᠷᠤᠢ ᠪᠤᠶᠤ ᠡᠯᠡᠰᠦᠷᠭᠡᠭ ᠰᠢᠷᠤᠢ ᠪᠠᠶᠢᠵᠤ᠂ pH ᠤᠨ ᠭᠡᠮᠵᠢᠶ᠎ᠠ ᠨᠢ 7.5~8 ᠪᠠᠶᠢᠪᠠᠯ ᠲᠤᠭᠢᠷᠠᠮᠵᠢᠳᠡᠢ᠃ ᠪᠤᠷᠳᠤᠭᠤᠷ ᠤᠨ ᠭᠦᠴᠤᠨ ᠲᠤᠮᠳᠠ ᠵᠡᠷᠭᠡ ᠪᠠᠶᠢᠵᠤ᠂ ᠲᠠᠪᠳᠠᠵᠤ ᠤᠠᠠᠳᠤᠨ ᠲᠠᠷᠢᠬᠤ ᠶᠢ ᠴᠡᠭᠡᠷᠯᠡᠨ᠎ᠠ᠂ ᠠᠯᠢ ᠴᠦᠭᠡᠨ ᠳᠡᠭᠡᠨ ᠭᠤᠷᠪᠡᠨ ᠵᠢᠯ ᠳᠤ ᠡᠭᠡᠯᠵᠢᠯᠡᠨ ᠲᠠᠷᠢᠬᠤ ᠶᠢ ᠱᠠᠭᠠᠷᠳᠠᠨ᠎ᠠ᠃
︵3︶ ᠲᠤᠰᠤᠨ ᠤ ᠨᠠᠷᠠᠨ ᠬᠤᠸᠠᠷ ᠲᠠᠷᠢᠬᠤ ᠳᠤ ᠶᠠᠮᠠᠷ ᠤᠰᠤᠯᠠᠯᠳᠠ ᠶᠢᠨ ᠨᠦᠭᠦᠴᠡᠯ ᠢ ᠱᠠᠭᠠᠷᠳᠠᠳᠠᠭ ᠪᠤᠢ︖
ᠤᠰᠤᠯᠠᠯᠳᠠ ᠶᠢᠨ ᠨᠦᠭᠦᠴᠡᠯ ᠨᠢ ᠭᠡᠪᠡᠯ ᠭᠠᠵᠠᠷ ᠲᠠᠯᠠᠪᠠᠢ ᠨᠢ ᠲᠡᠭᠰᠢᠭᠡᠨ᠂ ᠤᠰᠤᠯᠠᠬᠤ ᠤᠰᠤ ᠵᠠᠯᠠᠬᠤ ᠪᠦᠷᠢᠨ ᠲᠦᠭᠦᠭᠡᠷᠤᠮᠵᠢ ᠲᠠᠢ᠂ ᠤᠰᠤ ᠠᠷᠪᠢᠯᠠᠬᠤ ᠢᠨᠵᠧᠨᠧᠷᠢᠩ ᠲᠠᠢ ᠪᠠᠶᠢᠬᠤ ᠶᠢ ᠱᠠᠭᠠᠷᠳᠠᠨ᠎ᠠ᠃
︵4︶ ᠲᠤᠰᠤᠨ ᠤ ᠨᠠᠷᠠᠨ ᠬᠤᠸᠠᠷ ᠲᠤ ᠶᠠᠮᠠᠷ ᠶᠠᠠᠮᠷ ᠰᠣᠷᠲ ᠪᠠᠶᠢᠬᠤ ᠪᠤᠢ︖
ᠰᠤᠷᠲ ᠰᠤᠩᠭᠤᠬᠤ ᠳᠠᠭᠠᠨ ᠲᠤᠰᠤᠨ ᠤ ᠠᠭᠤᠯᠤᠭᠳᠠᠴᠨ ᠪᠠᠷ ᠦᠨᠳᠤᠷ᠂ ᠬᠠᠯᠢᠰᠤ ᠨᠢ ᠨᠢᠮᠭᠡᠨ᠂ ᠬᠤᠷᠢᠶᠠᠯᠳᠡ ᠨᠢ ᠦᠨᠳᠤᠷ ᠰᠤᠷᠲ ᠢ ᠰᠤᠩᠭᠤᠨ᠎ᠠ᠃ ᠵᠢᠱᠢᠶᠡᠯᠡᠪᠡᠯ G101᠂ F128᠂ S31᠂ S47᠂ kW S203 ᠵᠡᠷᠭᠡ ᠰᠤᠷᠲ ᠤᠳ ᠪᠠᠶᠢᠨ᠎ᠠ᠃
︵5︶ ᠲᠤᠰᠤᠨ ᠤ ᠨᠠᠷᠠᠨ ᠬᠤᠸᠠᠷ ᠤᠨ ᠦᠷ᠎ᠡ ᠶᠢᠨ ᠶᠠᠰᠤ ᠴᠢᠨᠠᠷ ᠲᠤ ᠶᠠᠮᠠᠷ ᠱᠠᠭᠠᠷᠳᠠᠯᠭ᠎ᠠ ᠪᠠᠶᠢᠬᠤ ᠪᠤᠢ︖
ᠦᠷ᠎ᠠ ᠶᠢᠨ ᠶᠠᠰᠤ ᠴᠢᠨᠠᠷ ᠤᠨ ᠲᠠᠯ᠎ᠠ ᠪᠠᠷ ᠪᠤᠯ ᠡᠷᠯᠢᠰᠡᠵᠢᠭᠦᠯᠦᠭᠰᠡᠨ ᠦᠷ᠎ᠡ ᠶᠢᠨ ᠰᠤᠶᠤᠭᠠᠯᠠᠯᠳᠠ ᠶᠢᠨ ᠨᠤᠷᠮ᠎ᠠ ᠨᠢ 90% ᠠᠴᠠ ᠲᠡᠭᠡᠭᠰᠢ᠂ ᠶᠠᠷᠤ ᠶᠢᠨ ᠦᠷ᠎ᠠ ᠶᠢᠨ ᠰᠤᠶᠤᠭᠠᠯᠠᠯᠳᠠ ᠶᠢᠨ ᠨᠤᠷᠮ᠎ᠠ ᠨᠢ 85% ᠠᠴᠠ ᠲᠡᠭᠡᠭᠰᠢ ᠪᠠᠶᠢᠬᠤ ᠶᠢ ᠱᠠᠭᠠᠷᠳᠠᠨ᠎ᠠ᠃
︵6︶ ᠲᠠᠷᠢᠬᠤ ᠠᠴᠠ ᠪᠠᠨ ᠡᠮᠦᠨ᠎ᠠ ᠦᠷ᠎ᠡ ᠶᠢ ᠶᠠᠭᠠᠭᠢᠵᠤ ᠰᠢᠢᠳᠪᠤᠷᠢᠯᠡᠭᠦ ᠪᠤᠢ︖
ᠨᠢᠭᠡ ᠳᠤ᠂ ᠦᠷ᠎ᠡ ᠶᠢ ᠨᠠᠷᠢᠨ ᠰᠤᠩᠭᠤᠨ᠎ᠠ᠂ ᠲᠠᠷᠢᠬᠤ ᠠᠴᠠ ᠪᠠᠨ ᠡᠮᠦᠨ᠎ᠠ ᠦᠷ᠎ᠡ ᠶᠢ ᠰᠠᠶᠢᠵᠠᠳᠡᠨ ᠨᠠᠷᠢᠯᠢᠬ ᠰᠤᠩᠭᠤᠵᠤ᠂ ᠬᠤᠯᠢᠮᠠᠬ ᠦᠷ᠎ᠡ᠂ ᠴᠤᠤᠬᠠᠯ ᠢ ᠲᠡᠭᠦᠨ ᠠᠷᠢᠯᠭᠠᠵᠤ᠂ ᠦᠷ᠎ᠡ ᠶᠢᠨ ᠴᠡᠪᠡᠷᠴᠡ ᠶᠢ ᠪᠠᠳᠤᠯᠠᠨ᠎ᠠ᠃ ᠬᠤᠶᠠᠷ ᠲᠤ᠂ ᠭᠦᠷᠦᠰᠤᠨ ᠲᠤᠤᠷᠠᠭᠢ ᠭᠦᠨᠦᠭᠡᠯᠳᠤ ᠬᠤᠷᠤᠬᠠᠢ ᠶᠢ ᠰᠡᠷᠭᠡᠶᠢᠯᠡᠵᠤ᠂ 48% ᠶᠢᠨ ᠯᠧ ᠰᠧ ᠪᠧᠨ ︵乐斯本︶ ᠲᠤᠰᠤᠨ ᠡᠮ ᠤᠨ 100mL ᠲᠤ 40~50kg ᠤᠰᠤ ᠬᠤᠯᠢᠵᠤ᠂ ᠦᠷ᠎ᠡ ᠪᠠᠨ 12 ᠴᠠᠭ ᠲᠠᠪᠳᠦᠭᠡᠭᠡᠳ᠂ ᠱᠦᠭᠦᠵᠤ ᠭᠠᠷᠭᠠᠠᠠᠰᠠᠨ ᠤ ᠰᠡᠭᠦᠯᠡᠷ ᠬᠠᠳᠠᠭᠠᠵᠤ᠂ ᠲᠤᠯᠤᠭᠠᠨ ᠬᠤᠪᠢ ᠨᠢ ᠬᠠᠳ᠋ᠬᠠᠰᠠᠨ ᠦᠶ᠎ᠠ ᠳᠤ ᠲᠠᠷᠦ᠋ᠢᠬᠠᠨ ᠲᠠᠷᠢᠵᠤ᠂ ᠭᠦᠷᠤᠰᠤᠨ ᠲᠤᠤᠷᠠᠭᠢ ᠭᠦᠨᠦᠭᠡᠯᠳᠤ ᠬᠤᠷᠤᠬᠠᠢ ᠶᠢ ᠰᠡᠷᠭᠡᠶᠢᠯᠡᠨ᠎ᠡ᠃
︵7︶ ᠲᠠᠷᠢᠬᠤ ᠠᠴᠠ ᠪᠠᠨ ᠡᠮᠦᠨ᠎ᠠ ᠭᠠᠵᠠᠷ ᠲᠠᠯᠠᠪᠤᠷ ᠢ ᠶᠠᠭᠠᠭᠢᠵᠤ ᠲᠡᠭᠰᠢᠯᠡᠭᠦ ᠪᠤᠢ︖
ᠭᠠᠵᠠᠷ ᠲᠡᠭᠰᠢᠯᠡᠭᠦ ᠳᠡᠭᠡᠨ ᠨᠠᠮᠤᠷ 18~24cm ᠭᠦᠨ ᠬᠠᠭᠠᠯᠪᠤᠷᠢᠯᠠᠵᠤ᠂ 3 ᠵᠢᠯ ᠠᠯᠤᠰᠯᠠᠬᠤ ᠪᠦᠷᠢ ᠨᠢᠭᠡ ᠤᠳᠠᠭ᠎ᠠ ᠰᠤᠯᠠᠷᠠᠭᠤᠯᠵᠤ᠂ ᠠᠠᠵᠢᠰᠤᠨ ᠤ ᠬᠤᠰᠢᠭᠤ ᠶᠢᠨ ᠲᠤᠤᠷᠠᠭᠢ ᠲᠠᠪᠬᠤᠷᠭ᠎ᠠ ᠶᠢ ᠡᠪᠳᠡᠵᠤ᠂ ᠭᠦᠷᠦᠰᠤ ᠰᠢᠷᠤᠢ ᠶᠢ ᠰᠤᠯᠠᠷᠠᠭᠤᠯᠤᠨ᠎ᠠ᠃ ᠨᠠᠮᠤᠷ ᠰᠠᠶᠢᠳᠤᠷ ᠤᠰᠤᠯᠬᠠᠰᠠᠨ ᠰᠠᠭᠤᠷᠢᠨ ᠲᠡᠭᠡᠷ᠎ᠡ ᠬᠠᠪᠤᠷ ᠡᠷᠳᠡᠭᠡᠨ ᠨᠠᠷᠬᠠᠳᠠᠵᠤ᠂ ᠭᠠᠵᠠᠷ ᠤᠨ ᠬᠠᠭᠠᠷᠬᠠᠰᠠᠨ ᠠᠩ ᠴᠠᠪᠠ ᠶᠢ ᠲᠠᠷᠤᠵᠤ᠂ ᠤᠰᠤ ᠶᠢ ᠬᠠᠳᠠᠭᠠᠯᠠᠨ᠂ ᠬᠤᠵᠢᠷᠰᠢᠬᠤ ᠶᠢ ᠭᠢᠵᠠᠭᠠᠷᠯᠠᠨ᠎ᠠ᠃ ᠲᠠᠷᠢᠬᠤ ᠠᠴᠠ ᠪᠠᠨ ᠡᠮᠦᠨ᠎ᠠ ᠨᠠᠷᠬᠠᠳᠠᠨ ᠲᠡᠭᠰᠢᠯᠡᠵᠤ᠂ ᠲᠡᠭᠰᠢ ᠪᠦᠭᠡᠳ ᠰᠤᠯᠠᠷᠬᠠᠭ ᠪᠠᠶᠢᠬᠤ ᠪᠠ ᠮᠠᠰᠢ ᠰᠠᠶᠢᠨ ᠴᠢᠭᠢᠭ ᠲᠠᠢ ᠪᠠᠶᠢᠯᠭᠠᠨ᠎ᠠ᠃
︵8︶ ᠲᠠᠷᠢᠬᠤ ᠠᠴᠠ ᠪᠠᠨ ᠡᠮᠦᠨ᠎ᠠ ᠪᠤᠷᠳᠤᠭᠤᠷ ᠶᠠᠭᠠᠭᠢᠵᠤ ᠤᠷᠤᠭᠤᠯᠬᠤ ᠪᠤᠢ︖
ᠨᠠᠮᠤᠷ ᠤᠨ ᠤᠷᠪᠠᠭᠤᠯᠤᠯᠳᠠ ᠲᠠᠢ ᠤᠶᠠᠯᠳᠤᠭᠤᠯᠵᠤ᠂ ᠮᠤ᠋ ᠪᠦᠷᠢ ᠰᠢᠭᠡᠭ ᠪᠤᠷᠳᠤᠭᠤᠷ 2000~3000kg ᠪᠤᠶᠤ ᠨᠡᠭᠦᠷᠡᠰᠤ ᠭᠦᠴᠢᠯ ᠤᠨ ᠤᠰᠤᠳᠦ᠋ᠷᠦᠭᠴᠢᠳᠦ ᠠᠮᠮᠤᠨᠢ 50kg ᠤᠷᠤᠭᠤᠯᠤᠨ᠎ᠠ᠃ ᠪᠠᠰᠠ ᠹᠤᠰᠹᠤᠷ ᠭᠦᠴᠢᠯ ᠤᠨ ᠬᠤᠶᠠᠷᠴᠢ ᠠᠮᠮᠤᠨᠢ ᠶᠢ 7~10kg ᠵᠤᠷᠠᠭᠠᠯᠠᠨ ᠭᠦᠨ ᠤᠷᠤᠭᠤᠯᠤᠨ᠎ᠠ᠃
︵9︶ ᠶᠠᠮᠠᠷ ᠴᠠᠭ ᠦᠶ᠎ᠠ ᠳᠤ ᠲᠠᠷᠢᠪᠠᠯ ᠲᠤᠭᠢᠷᠠᠮᠵᠢᠳᠡᠢ ᠪᠤᠢ︖
ᠬᠠᠮᠤᠭ ᠤᠨ ᠰᠠᠶᠢᠨ ᠲᠠᠷᠢᠬᠤ ᠴᠠᠭ ᠪᠤᠯ 4 ᠳ᠋ᠤᠭᠡᠷ ᠰᠠᠷ᠎ᠠ ᠶᠢᠨ ᠲᠤᠮᠳᠠᠴᠢ ᠠᠴᠠ 5 ᠳ᠋ᠤᠭᠠᠷ ᠰᠠᠷ᠎ᠠ ᠶᠢᠨ ᠲᠤᠮᠳᠡᠴᠢ ᠦᠶ᠎ᠠ ᠪᠤᠯᠤᠨ᠎ᠠ᠃
︵10︶ ᠶᠠᠮᠠᠷ ᠭᠡᠯᠪᠡᠷᠢ ᠪᠠᠷ ᠲᠠᠷᠢᠬᠤ ᠪᠤᠢ︖
ᠲᠠᠷᠢᠬᠤ ᠭᠡᠯᠪᠡᠷᠢ ᠶᠢᠨ ᠲᠠᠯ᠎ᠠ ᠪᠠᠷ ᠪᠤᠯ ᠶᠠᠷᠦᠩᠭᠡᠢ ᠳᠡᠭᠡᠨ 3cm ᠤᠷᠴᠢᠮ ᠭᠦᠨ ᠲᠠᠷᠢᠵᠤ᠂ ᠲᠤᠮᠤ ᠵᠢᠵᠢᠭ ᠵᠤᠷᠠᠭ᠎ᠠ ᠪᠠᠷ ᠲᠠᠷᠢᠨ᠎ᠠ᠃ ᠲᠤᠮᠤ ᠵᠤᠷᠠᠭ᠎ᠠ ᠶᠢ 80cm᠂ ᠨᠠᠷᠢᠨ ᠵᠤᠷᠠᠭ᠎ᠠ ᠶᠢ 40cm ᠪᠠᠶᠢᠯᠭᠠᠵᠤ᠂ ᠭᠡᠷᠪᠡ ᠡᠰᠢ ᠶᠢᠨ ᠦᠨᠳᠤᠷ ᠨᠢ 250cm ᠠᠴᠠ ᠦᠨᠳᠤᠷ ᠪᠤᠯ ᠰᠠᠭᠤᠷᠢ ᠶᠢᠨ ᠵᠠᠢ ᠶᠢ 30~33cm ᠪᠠᠶᠢᠯᠭᠠᠵᠤ᠂ ᠮᠤ᠋ ᠪᠦᠷᠢ 3333~3704 ᠰᠠᠭᠤᠷᠢ ᠴᠢᠭᠢ ᠦᠯᠡᠳᠡᠭᠡᠨ᠎ᠡ᠃ ᠭᠡᠷᠪᠡ ᠡᠰᠢ ᠶᠢᠨ ᠦᠨᠳᠤᠷ ᠨᠢ 200cm ᠤᠷᠴᠢᠮ ᠪᠤᠯ ᠰᠠᠭᠤᠷᠢ ᠶᠢᠨ ᠵᠠᠢ ᠶᠢ 27cm ᠪᠠᠶᠢᠯᠭᠠᠵᠤ᠂ ᠮᠤ᠋ ᠪᠦᠷᠢ 4167 ᠰᠠᠭᠤᠷᠢ ᠴᠢᠭᠢ ᠦᠯᠡᠳᠡᠭᠡᠨ᠎ᠠ᠃
︵11︶ ᠶᠠᠮᠠᠷ ᠠᠷᠭ᠎ᠠ ᠪᠠᠷ ᠲᠠᠷᠢᠬᠤ ᠪᠤᠢ︖
ᠲᠠᠷᠢᠬᠤ ᠠᠷᠭ᠎ᠠ ᠶᠢᠨ ᠲᠠᠯ᠎ᠠ ᠪᠠᠷ ᠮᠠᠰᠢᠨ ᠢᠶᠠᠷ ᠭᠤᠤᠴᠢᠯᠠᠵᠤ᠂ ᠭᠦᠮᠦᠨ ᠤ ᠭᠦᠴᠤ ᠪᠠᠷ ᠵᠠᠶᠢᠯᠠᠵᠤ ᠴᠤᠨᠤᠠᠠᠯᠠᠨ ᠲᠠᠷᠢᠵᠤ᠂ ᠴᠤᠨᠤᠭ ᠪᠦᠷᠢ 2 ᠮᠦᠭᠦᠯᠢᠭ ᠬᠠᠶᠠᠵᠤ᠂ ᠮᠤ᠋ ᠪᠦᠷᠢ 0.3~0.4kg ᠲᠠᠷᠢᠵᠤ᠂ ᠮᠠᠰᠢᠨ ᠢᠶᠠᠷ ᠲᠠᠷᠢᠪᠠᠯ ᠮᠤ᠋ ᠪᠦᠷᠢ 0.75kg ᠲᠠᠷᠢᠨ᠎ᠠ᠃
︵12︶ ᠪᠦᠷᠭᠦᠭᠦᠯ ᠢ ᠶᠠᠭᠠᠭᠢᠵᠤ ᠪᠦᠳᠡᠭᠡᠭᠦ ᠪᠤᠢ︖
ᠪᠦᠷᠭᠦᠭᠦᠯ ᠪᠦᠳᠡᠭᠡᠭᠦ ᠳᠤ ᠬᠤᠶᠠᠷ ᠵᠦᠢᠯ ᠤᠨ ᠠᠷᠭ᠎ᠠ ᠪᠠᠶᠢᠨ᠎ᠠ᠃ ᠨᠢᠭᠡ ᠨᠢ ᠤᠷᠢᠳ ᠢᠶᠠᠷ ᠲᠠᠷᠢᠵᠤ ᠲᠠᠷᠠᠭ᠎ᠠ ᠨᠢ ᠪᠦᠷᠭᠦᠨ᠎ᠡ᠃ ᠦᠭᠡᠷ᠎ᠡ ᠪᠠᠷ ᠭᠡᠯᠡᠪᠡᠯ ᠲᠠᠷᠢᠵᠤ ᠪᠠᠷᠠᠮᠬᠠᠴᠠ ᠪᠠᠨ ᠲᠠᠷᠦ᠋ᠢᠬᠠᠨ ᠪᠦᠳᠡᠭᠡᠨ᠎ᠡ᠃ ᠨᠦᠭᠦᠭᠡ ᠨᠢ ᠤᠷᠢᠳ ᠢᠶᠠᠷ ᠪᠦᠳᠡᠭᠡᠵᠤ ᠲᠠᠷᠠᠭ᠎ᠠ ᠨᠢ ᠲᠠᠷᠢᠨ᠎ᠠ᠃ ᠲᠠᠷᠢᠬᠤ ᠠᠴᠠ ᠪᠠᠨ 6~8 ᠡᠳᠤᠷ ᠤᠨ ᠡᠮᠦᠨ᠎ᠠ ᠪᠦᠷᠭᠦᠭᠦᠯ ᠢᠶᠠᠨ ᠲᠠᠳᠠᠨ᠎ᠠ᠃ ᠲᠡᠭᠡᠷ᠎ᠡ ᠲᠤᠷᠠᠳᠤᠠᠠᠰᠠᠨ ᠬᠤᠶᠠᠷ ᠵᠦᠢᠯ ᠤᠨ ᠠᠷᠭ᠎ᠠ ᠪᠠᠷ ᠪᠤᠯ ᠪᠦᠷᠭᠦᠭᠦᠯ ᠢᠶᠠᠨ ᠨᠠᠷᠢᠨ ᠵᠤᠷᠠᠭ᠎ᠠ ᠲᠡᠭᠡᠭᠦᠷ ᠨᠢ ᠴᠢᠩᠭ᠎ᠠ᠂ ᠲᠡᠭᠰᠢᠭᠡᠨ᠂ ᠨᠢᠠᠠᠳᠠ ᠲᠠᠳᠠᠵᠤ᠂ ᠴᠢᠩᠭ᠎ᠠ ᠲᠠᠷᠤᠵᠦ ᠰᠠᠯᠭᠢ ᠭᠡᠢ ᠤᠷᠤᠭᠤᠯᠵᠤ ᠪᠤᠯᠬᠤ ᠦᠭᠡᠢ᠃ ᠪᠦᠷᠭᠦᠭᠦᠯ ᠤᠨ ᠦᠷᠭᠡᠨ ᠡᠩ ᠤᠨ ᠬᠢ ᠨᠢ 70cm᠂ ᠵᠤᠵᠠᠭᠠᠨ ᠨᠢ 0.006~0.008mm ᠪᠠᠶᠢᠬᠤ ᠶᠢ ᠱᠠᠭᠠᠷᠳᠠᠨ᠎ᠠ᠃
︵13︶ ᠴᠢᠭᠢ ᠶᠢ ᠭᠡᠷᠭᠢᠨ ᠪᠠᠶᠢᠴᠠᠭᠠᠵᠤ ᠨᠦᠭᠦᠭᠦ ᠪᠤᠢ︖
ᠴᠢᠭᠢ ᠪᠠᠶᠢᠴᠠᠭᠠᠵᠤ ᠨᠦᠭᠦᠵᠤ ᠲᠠᠷᠢᠬᠤ ᠳᠠᠭᠠᠨ ᠴᠢᠭᠢᠯᠡᠭᠰᠡᠨ ᠤ ᠭᠢᠨᠢ ᠴᠠᠭ ᠲᠠᠷᠤᠢ ᠳᠤ ᠴᠢᠭᠢ ᠶᠢ ᠪᠠᠶᠢᠴᠠᠭᠠᠵᠤ᠂ ᠨᠦᠭᠦᠵᠤ ᠲᠠᠷᠢᠨ᠎ᠠ᠃
ᠴᠢᠭᠢ ᠲᠤᠳ᠋ᠬᠠᠳᠠᠵᠤ ᠲᠠᠯᠠᠩ ᠲᠠᠰᠤᠷᠬᠠᠰᠠᠨ ᠨᠢ ᠰᠦᠷᠡᠭᠡᠢ ᠪᠠᠶᠢᠬᠤ ᠭᠠᠵᠠᠷ ᠲᠤ ᠰᠤᠶᠤᠭᠠᠯᠠᠭᠤᠯᠬᠤ ᠪᠠ ᠨᠦᠭᠦᠵᠤ ᠲᠠᠷᠢᠬᠤ ᠠᠷᠭ᠎ᠠ ᠶᠢ ᠭᠡᠷᠡᠭᠯᠡᠨ᠎ᠡ᠃ ᠲᠡᠮᠡᠢ ᠠᠷᠪᠢᠨ ᠴᠢᠭᠢ ᠲᠤᠳ᠋ᠬᠠᠳᠠᠵᠤ ᠪᠠᠶᠢᠭ᠎ᠠ ᠪᠢᠰᠢ ᠪᠠ ᠲᠠᠯᠠᠩ ᠲᠠᠰᠤᠷᠬᠠᠰᠠᠨ ᠦᠭᠡᠢ ᠭᠠᠵᠠᠷ ᠲᠤ ᠤᠰᠤ ᠤᠷᠤᠭᠤᠯᠤᠨ ᠴᠢᠭᠢ ᠨᠡᠭᠦᠯᠭᠡᠭᠦ ᠠᠷᠭ᠎ᠠ ᠶᠢ ᠭᠡᠷᠡᠭᠯᠡᠨ᠎ᠡ᠃ ᠲᠤᠬᠠᠶᠢᠯᠠᠪᠠᠯ ᠤᠷᠢᠳ ᠢᠶᠠᠷ ᠴᠢᠭᠢ ᠲᠤᠳ᠋ᠬᠠᠳᠠᠵᠤ ᠪᠠᠶᠢᠭ᠎ᠠ ᠭᠠᠵᠠᠷ ᠲᠤ ᠴᠤᠨᠤᠭ ᠮᠠᠯᠳᠠᠨ ᠤᠰᠤ ᠤᠷᠤᠭᠤᠯᠵᠤ ᠤᠰᠤ ᠨᠢ ᠰᠢᠮᠡᠳᠭᠦ ᠠᠴᠠ ᠡᠮᠦᠨ᠎ᠠ ᠴᠢᠭᠢ ᠪᠠᠨ ᠰᠢᠷᠤᠢ ᠲᠠᠢ ᠨᠢ ᠨᠡᠭᠦᠯᠭᠡᠨ᠂ ᠴᠤᠨᠤᠭ ᠲᠠᠭᠠᠨ ᠰᠠᠭᠤᠯᠭᠠᠵᠤ ᠰᠢᠷᠤᠢ ᠪᠠᠷ ᠬᠤᠴᠢᠨ᠎ᠠ᠃
︵14︶ ᠪᠦᠷᠭᠦᠭᠦᠯ ᠢ ᠶᠠᠭᠠᠭᠢᠵᠤ ᠲᠠᠷᠤᠵᠤ᠂ ᠴᠢᠭᠢ ᠶᠢ ᠶᠠᠭᠠᠭᠢᠵᠤ ᠰᠤᠯᠠᠯᠠᠬᠤ ᠪᠤᠢ︖
ᠪᠦᠷᠭᠦᠭᠦᠯ ᠲᠠᠷᠤᠬᠤ ᠳᠤ ᠲᠠᠷᠢᠶᠠᠨ ᠭᠠᠵᠠᠷ ᠢᠶᠠᠨ ᠦᠷᠭᠦᠯᠵᠢ ᠪᠠᠶᠢᠴᠠᠭᠠᠵᠤ᠂ ᠪᠦᠷᠭᠦᠭᠦᠯ ᠨᠢ ᠴᠤᠭᠤᠷᠤᠠᠠᠰᠠᠨ ᠪᠤᠶᠤ ᠰᠤᠯᠠᠷᠬᠠᠰᠠᠨ ᠪᠠᠶᠢᠪᠠᠯ ᠴᠠᠭ ᠲᠠᠷᠤᠢ ᠳᠤᠨᠢ ᠰᠢᠷᠤᠢ ᠪᠠᠷ ᠨᠢᠠᠠᠳᠠ ᠲᠠᠷᠤᠵᠤ᠂ ᠤᠷᠢᠳ ᠢᠶᠠᠷ ᠲᠠᠷᠢᠵᠤ ᠲᠠᠷᠠᠭ᠎ᠠ ᠨᠢ ᠪᠦᠷᠭᠦᠭᠰᠡᠨ ᠪᠤᠯ ᠨᠢᠯᠬ᠎ᠠ ᠴᠢᠭᠢ ᠨᠢ ᠪᠦᠷᠭᠦᠭᠦᠯ ᠢ ᠴᠢᠭᠢᠭᠦ ᠠᠴᠠ ᠡᠮᠦᠨ᠎ᠠ᠂ ᠦᠳᠡ ᠶᠢᠨ ᠬᠤᠶᠢᠨ᠎ᠠ ᠶᠢᠨ 4 ᠴᠠᠭ ᠠᠴᠠ ᠬᠤᠶᠢᠰᠢ ᠴᠢᠭᠢ ᠶᠢ ᠰᠤᠯᠠᠯᠠᠨ ᠭᠠᠷᠭᠠᠵᠤ᠂ ᠨᠦᠭᠡᠨ ᠤ ᠭᠢᠨᠢ ᠲᠦᠷᠪᠡᠨ ᠲᠠᠯ᠎ᠠ ᠶᠢ ᠰᠢᠷᠤᠢ ᠪᠠᠷ ᠴᠢᠩᠭ᠎ᠠ ᠲᠠᠷᠤᠬᠤ ᠭᠡᠷᠡᠭᠳᠡᠢ᠃ ᠤᠷᠢᠳ ᠢᠶᠠᠷ ᠪᠦᠷᠭᠦᠵᠤ ᠲᠠᠷᠠᠭ᠎ᠠ ᠨᠢ ᠲᠠᠷᠢᠠᠠᠰᠠᠨ ᠪᠤᠯ ᠰᠢᠷᠤᠢ ᠬᠤᠴᠢᠭᠰᠠᠨ ᠪᠠᠶᠢᠳᠠᠯ ᠢᠶᠠᠨ ᠦᠷᠭᠦᠯᠵᠢ ᠪᠠᠶᠢᠴᠠᠭᠠᠵᠤ᠂ ᠪᠤᠷᠤᠭ᠎ᠠ ᠤᠷᠤᠠᠠᠰᠠᠨ ᠤ ᠲᠠᠷᠠᠭ᠎ᠠ ᠲᠠᠷᠦ᠋ᠢᠬᠠᠨ ᠴᠤᠭᠤᠯᠵᠤ᠂ ᠴᠢᠭᠢ ᠨᠢ ᠲᠤᠯᠬᠤ ᠠᠴᠠ ᠰᠡᠷᠭᠡᠶᠢᠯᠡᠭᠦ ᠭᠡᠷᠡᠭᠳᠡᠢ᠃
︵15︶ ᠴᠢᠭᠢ ᠶᠢ ᠶᠠᠭᠠᠭᠢᠵᠤ ᠵᠠᠶᠢᠯᠠᠨ ᠲᠤᠠᠠᠳᠠᠭᠠᠬᠤ ᠪᠤᠢ︖
ᠴᠢᠭᠢ ᠵᠠᠶᠢᠯᠠᠵᠤ ᠴᠢᠭᠢ ᠲᠤᠠᠠᠳᠠᠭᠠᠬᠤ ᠳᠤ 2~4 ᠵᠢᠩᠭᠢᠨᠢ ᠨᠠᠪᠴᠢ ᠭᠠᠷᠬᠤ ᠦᠶᠡᠰ ᠴᠢᠭᠢ ᠶᠢ ᠵᠠᠶᠢᠯᠠᠵᠤ᠂ 4~6 ᠵᠢᠩᠭᠢᠨᠢ ᠨᠠᠪᠴᠢ ᠭᠠᠷᠬᠤ ᠦᠶᠡᠰ ᠴᠢᠭᠢ ᠪᠠᠨ ᠲᠤᠠᠠᠳᠠᠭᠠᠬᠤ ᠭᠡᠷᠡᠭᠳᠡᠢ᠃ ᠲᠠᠩ ᠰᠠᠭᠤᠷᠢ ᠴᠢᠭᠢ ᠦᠯᠡᠳᠡᠭᠡᠭᠦ ᠳᠤ ᠴᠢᠭᠢ ᠲᠤᠳ᠋ᠬᠠᠳᠠᠵᠤ ᠪᠠᠶᠢᠭ᠎ᠠ ᠭᠠᠵᠠᠷ ᠲᠤ ᠬᠤᠤᠰ ᠰᠠᠭᠤᠷᠢ ᠦᠯᠡᠳᠡᠭᠡᠭᠦ ᠭᠡᠷᠡᠭᠳᠡᠢ᠃ ᠬᠤᠵᠢᠷᠰᠢᠯ ᠪᠠ ᠬᠤᠷᠤᠬᠠᠢ ᠶᠢᠨ ᠭᠦᠨᠦᠭᠡᠯ ᠭᠦᠨᠳᠤ ᠨᠤᠴᠢᠳᠡᠢ ᠭᠠᠵᠠᠷ ᠲᠤ ᠪᠤᠯ ᠴᠢᠭᠢ ᠲᠤᠠᠠᠳᠠᠭᠠᠬᠤ ᠪᠠᠨ ᠵᠤᠭᠢᠰᠳᠡᠢ ᠬᠤᠶᠢᠰᠢᠯᠠᠭᠤᠯᠵᠤ ᠪᠤᠯᠤᠨ᠎ᠠ᠃
︵16︶ ᠶᠠᠭᠠᠭᠢᠵᠤ ᠠᠷᠴᠢᠬᠤ ᠪᠤᠢ︖
ᠡᠪᠡᠰᠤ ᠠᠷᠢᠯᠭᠠᠬᠤ ᠳᠤ ᠴᠢᠭᠢ ᠵᠠᠶᠢᠯᠠᠬᠤ ᠲᠠᠢ ᠤᠶᠠᠯᠳᠤᠭᠤᠯᠤᠨ ᠠᠩᠬ᠎ᠠ ᠤᠳᠠᠭ᠎ᠠ ᠲᠠᠩᠨᠠᠨ ᠠᠷᠴᠢᠵᠤ᠂ ᠴᠢᠭᠢ ᠲᠤᠠᠠᠳᠠᠭᠠᠬᠤ ᠲᠠᠢ ᠤᠶᠠᠯᠳᠤᠭᠤᠯᠤᠨ ᠬᠤᠶᠠᠷᠳᠡᠭᠢ ᠤᠳᠠᠭ᠎ᠠ 7~10cm ᠭᠦᠨ ᠬᠠᠭᠠᠯᠪᠤᠷᠢᠯᠠᠵᠤ᠂ 65cm ᠦᠨᠳᠤᠷ ᠴᠢᠭᠢᠯᠡᠭᠦ ᠦᠶᠡᠰ ᠦᠨᠳᠤᠰᠤᠨ ᠳᠤᠨᠢ ᠰᠢᠷᠤᠢ ᠨᠡᠮᠡᠭᠦ ᠲᠠᠢ ᠤᠶᠠᠯᠳᠤᠭᠤᠯᠤᠨ ᠭᠤᠷᠪᠡᠳᠡᠭᠢ ᠤᠳᠠᠭ᠎ᠠ ᠲᠤᠮᠳᠠ ᠵᠡᠷᠭᠡ ᠲᠠᠩᠨᠠᠨ ᠠᠷᠴᠢᠵᠤ᠂ ᠡᠪᠡᠰᠤ ᠶᠢ ᠨᠢ ᠠᠷᠢᠯᠭᠠᠬᠤ ᠭᠡᠷᠡᠭᠳᠡᠢ᠃
︵17︶ ᠶᠠᠭᠠᠭᠢᠵᠤ ᠤᠰᠤᠯᠠᠨ ᠪᠤᠷᠳᠤᠭᠤᠷ ᠤᠷᠤᠭᠤᠯᠬᠤ ᠪᠤᠢ︖
ᠤᠰᠤᠯᠠᠬᠤ ᠪᠠ ᠪᠤᠷᠳᠤᠭᠤᠷ ᠤᠷᠤᠭᠤᠯᠬᠤ ᠳᠤ ᠭᠦᠡᠭᠭᠡᠨ ᠬᠤᠵᠢᠷᠳᠤᠯ ᠲᠠᠢ ᠭᠠᠵᠠᠷ ᠲᠤ ᠪᠤᠯ ᠪᠦᠭᠦ ᠤᠷᠭᠤᠯᠳᠠ ᠶᠢᠨ ᠦᠶ᠎ᠠ ᠳᠤᠨᠢ ᠭᠤᠷᠪᠡ ᠤᠳᠠᠭ᠎ᠠ ᠤᠰᠤᠯᠠᠪᠠᠯ ᠲᠤᠭᠢᠷᠠᠮᠵᠢᠳᠡᠢ᠃ 7~8 ᠵᠢᠩᠭᠢᠨᠢ ᠨᠠᠪᠴᠢ ᠭᠠᠷᠬᠤ ᠦᠶᠡᠰ ᠠᠩᠬᠠᠳ᠋ᠬᠠᠴᠢ ᠤᠳᠠᠭ᠎ᠠ ᠤᠰᠤᠯᠠᠵᠤ᠂ ᠴᠤᠮᠤᠷᠯᠢᠠᠠᠵᠢᠬᠤ ᠦᠶ᠎ᠡ ᠳᠤᠨᠢ ᠬᠤᠶᠠᠷᠳᠡᠭᠢ ᠤᠳᠠᠭ᠎ᠠ ᠤᠰᠤᠯᠠᠵᠤ᠂ ᠠᠩᠬ᠎ᠠ ᠴᠡᠴᠡᠭᠯᠡᠭᠦ ᠦᠶ᠎ᠠ ᠳᠤᠨᠢ ᠭᠤᠷᠪᠡᠳᠡᠭᠢ ᠤᠳᠠᠭ᠎ᠠ ᠤᠰᠤᠯᠠᠨ᠎ᠠ᠃ ᠪᠤᠷᠳᠤᠭᠤᠷ ᠤᠷᠤᠭᠤᠯᠬᠤ ᠳᠠᠭᠠᠨ ᠠᠩᠬᠠᠳ᠋ᠬᠠᠴᠢ ᠤᠰᠤᠯᠠᠯᠳᠠ ᠲᠠᠢ ᠤᠶᠠᠯᠳᠤᠭᠤᠯᠤᠨ ᠮᠤ᠋ ᠪᠦᠷᠢ 15~20kg ᠰᠢᠭᠡᠰᠦᠯᠢᠭ ᠡᠳ᠋ ᠤᠷᠤᠭᠤᠯᠬᠤ ᠪᠤᠶᠤ ᠴᠤᠮᠤᠷᠯᠢᠠᠠᠵᠢᠬᠤ ᠦᠶ᠎ᠠ ᠳᠤᠨᠢ ᠬᠤᠶᠠᠷᠳᠡᠭᠢ ᠤᠰᠤᠯᠠᠯᠳᠠ ᠲᠠᠢ ᠤᠶᠠᠯᠳᠤᠭᠤᠯᠤᠨ ᠮᠤ᠋ ᠪᠦᠷᠢ 40~50kg ᠨᠡᠭᠦᠷᠡᠰᠤ ᠭᠦᠴᠢᠯ ᠤᠨ ᠤᠰᠤᠳᠦ᠋ᠷᠦᠭᠴᠢᠳᠦ ᠠᠮᠮᠤᠨᠢ ᠤᠷᠤᠭᠤᠯᠤᠨ᠎ᠠ᠃
︵18︶ ᠶᠠᠭᠠᠭᠢᠵᠤ ᠲᠤᠭᠤᠰᠤᠳᠤᠭᠤᠯᠬᠤ ᠪᠤᠢ︖
ᠲᠤᠭᠤᠰᠤᠳᠤᠭᠤᠯᠬᠤ ᠳᠠᠭᠠᠨ᠂ ᠴᠡᠴᠡᠭ ᠲᠡᠯᠭᠡᠷᠡᠭᠦ ᠦᠶ᠎ᠠ ᠳᠤᠨᠢ ᠵᠦᠭᠡᠢ ᠶᠢᠨ ᠢᠷᠡᠯᠳᠡ ᠭᠦᠷᠦᠯᠴᠡᠭᠦ ᠦᠭᠡᠢ ᠪᠤᠯ 5 ᠮᠤ᠋ ᠭᠠᠵᠠᠷ ᠲᠤ ᠨᠢᠭᠡ ᠬᠠᠶᠢᠷᠴᠠᠭ ᠵᠦᠭᠡᠢ ᠲᠠᠯᠪᠢᠬᠤ ᠪᠤᠶᠤ ᠭᠦᠮᠦᠨ ᠤ ᠭᠦᠴᠤ ᠪᠠᠷ ᠲᠤᠭᠤᠰᠤᠳᠤᠭᠤᠯᠤᠨ᠎ᠠ᠃ ᠡᠭᠦᠨ ᠳᠤ ᠲᠤᠭᠤᠰᠤᠳᠤᠭᠤᠯᠤᠤᠷ ᠪᠤᠯᠤᠨ ᠴᠡᠴᠡᠭ ᠤᠨ ᠲᠠᠪᠠᠭ ᠢ ᠬᠠᠷᠢᠯᠴᠠᠨ ᠬᠠᠷᠭᠤᠯᠳᠤᠭᠤᠯᠵᠤ᠂ 2~3 ᠡᠳᠤᠷ ᠠᠯᠤᠰᠯᠠᠬᠤ ᠪᠦᠷᠢ ᠨᠢᠭᠡ ᠤᠳᠠᠭ᠎ᠠ ᠲᠠᠪᠳᠡᠵᠤ᠂ ᠨᠠᠶᠢᠳᠡ 2~3 ᠤᠳᠠᠭ᠎ᠠ ᠲᠤᠭᠤᠰᠤᠳᠤᠭᠤᠯᠤᠨ᠎ᠠ᠃ ᠲᠤᠭᠤᠰᠤᠳᠤᠭᠤᠯᠬᠤ ᠳᠠᠭᠠᠨ ᠦᠳᠡ ᠶᠢᠨ ᠡᠮᠦᠨᠡᠭᠢ 9~11 ᠴᠠᠭ᠂ ᠦᠳᠡ ᠶᠢᠨ ᠬᠤᠶᠢᠨᠠᠭᠢ 4~6 ᠴᠠᠭ ᠢ ᠰᠤᠩᠭᠤᠪᠠᠯ ᠰᠠᠶᠢᠨ᠂ ᠪᠦᠷᠭᠦᠭ ᠪᠤᠷᠤᠭᠠᠨ ᠲᠠᠢ ᠡᠳᠤᠷ ᠲᠤᠭᠤᠰᠤᠳᠤᠭᠤᠯᠵᠤ ᠪᠤᠯᠬᠤ ᠦᠭᠡᠢ᠃
︵19︶ ᠲᠤᠰᠤᠨ ᠤ ᠨᠠᠷᠠᠨ ᠬᠤᠸᠠᠷ ᠲᠤ ᠶᠠᠮᠠᠷ ᠭᠡᠮ ᠤᠨ ᠭᠦᠨᠦᠭᠡᠯ ᠪᠠᠶᠢᠬᠤ ᠪᠤᠢ︖ ᠲᠤᠰᠤᠨ ᠤ ᠨᠠᠷᠠᠨ ᠬᠤᠸᠠᠷ ᠤᠨ ᠭᠤᠤᠯ ᠭᠡᠮ ᠤᠨ ᠭᠦᠨᠦᠭᠡᠯ ᠭᠡᠪᠡᠯ ᠵᠢᠪᠡᠷᠡᠭᠦ ᠭᠡᠮ ᠪᠤᠯᠤᠨ᠎ᠠ᠃
︵20︶ ᠵᠢᠪᠡᠷᠡᠭᠦ ᠭᠡᠮ ᠢ ᠭᠡᠷᠭᠢᠨ ᠰᠡᠷᠭᠡᠶᠢᠯᠡᠨ ᠵᠠᠰᠠᠬᠤ ᠪᠤᠢ︖
ᠵᠢᠪᠡᠷᠡᠭᠦ ᠭᠡᠮ ᠢ ᠰᠡᠷᠭᠡᠶᠢᠯᠡᠨ ᠵᠠᠰᠬᠠᠤ ᠳᠤ 8 ᠳ᠋ᠤᠭᠠᠷ ᠰᠠᠷ᠎ᠠ ᠶᠢᠨ ᠲᠤᠮᠳᠠᠴᠢ ᠪᠠᠷ ᠮᠤ᠋ ᠪᠦᠷᠢ 50% ᠶᠢᠨ ᠹᠧᠨ ᠰᠢᠤ ᠨᠢᠩ ︵粉锈宁︶ ᠨᠤᠠᠳᠠᠭ ᠡᠮ 200~250g ᠳᠤ 40~50kg ᠤᠰᠤ ᠬᠤᠯᠢᠵᠤ ᠰᠦᠷᠴᠢᠨ ᠰᠡᠷᠭᠡᠶᠢᠯᠡᠨ᠎ᠡ᠃ ᠶᠠᠷᠦᠩᠭᠡᠢ ᠳᠡᠭᠡᠨ ᠪᠦᠷᠭᠦᠭ ᠪᠤᠷᠤᠭᠠᠨ ᠲᠠᠢ ᠡᠳᠤᠷ ᠪᠤᠶᠤ ᠦᠳᠡ ᠶᠢᠨ ᠬᠤᠶᠢᠨᠡᠭᠢ 6 ᠴᠠᠭ ᠠᠴᠠ ᠬᠤᠶᠢᠰᠢ ᠰᠦᠷᠴᠢᠪᠡᠯ ᠰᠠᠶᠢᠨ ᠪᠠᠶᠢᠳᠠᠭ᠃
︵21︶ ᠲᠤᠰᠤᠨ ᠤ ᠨᠠᠷᠠᠨ ᠬᠤᠸᠠᠷ ᠢ ᠭᠡᠷᠭᠢᠨ ᠲᠡᠭᠦᠵᠤ ᠬᠤᠷᠢᠶᠠᠬᠤ ᠪᠤᠢ︖
ᠲᠤᠰᠤᠨ ᠤ ᠨᠠᠷᠠᠨ ᠬᠤᠸᠠᠷ ᠢ ᠬᠤᠷᠢᠶᠠᠬᠤ ᠳᠠᠭᠠᠨ ᠡᠰᠢ ᠨᠢ ᠰᠢᠷᠠᠯᠠᠵᠤ᠂ ᠲᠤᠮᠳᠠ ᠠᠴᠠ ᠲᠡᠭᠡᠭᠦᠷᠭᠢ ᠭᠡᠰᠡᠭ ᠤᠨ ᠨᠠᠪᠴᠢ ᠨᠢ ᠰᠢᠷᠭᠠᠯᠳᠤᠵᠤ᠂ ᠴᠡᠴᠡᠭ ᠤᠨ ᠲᠠᠪᠠᠭ ᠤᠨ ᠠᠷᠤ ᠲᠠᠯ᠎ᠠ ᠨᠢ ᠰᠢᠷᠭᠠᠯ ᠭᠦᠷᠡᠩ ᠪᠤᠯᠵᠤ᠂ ᠭᠡᠯᠡᠨ ᠭᠡᠯᠪᠡᠷᠢᠳᠤ ᠴᠡᠴᠡᠭ ᠨᠢ ᠬᠠᠳᠠᠬᠤ ᠪᠤᠶᠤ ᠵᠤᠯᠭᠠᠷᠠᠵᠤ᠂ ᠵᠢᠮᠢᠰ ᠤᠨ ᠬᠠᠯᠢᠰᠤ ᠨᠢ ᠬᠠᠳᠠᠭᠤᠷᠬᠠᠰᠠᠨ ᠦᠶ᠎ᠠ ᠳᠤ ᠲᠠᠷᠦ᠋ᠢᠬᠠᠨ ᠬᠤᠷᠢᠶᠠᠨ᠎ᠠ᠃ ᠡᠭᠦᠨ ᠳᠤ ᠭᠡᠳᠦᠷᠭᠡᠢ ᠡᠷᠳᠡ ᠬᠤᠷᠢᠶᠠᠪᠠᠯ ᠦᠷ᠎ᠡ ᠨᠢ ᠭᠦᠢᠴᠡᠳ ᠪᠤᠯᠪᠠᠰᠤᠷᠠᠭᠠᠳᠤᠢ᠂ ᠦᠷ᠎ᠡ ᠴᠦᠮ᠎ᠠ ᠨᠢ ᠦᠯᠦᠩ᠂ ᠬᠠᠯᠢᠰᠤ ᠨᠢ ᠵᠤᠵᠠᠭᠠᠨ᠂ ᠲᠤᠰᠤᠨ ᠤ ᠠᠭᠤᠯᠤᠠᠠᠳᠠᠴᠠ ᠨᠢ ᠲᠤᠤᠷ᠎ᠠ ᠪᠠᠶᠢᠵᠤ᠂ ᠬᠤᠷᠢᠶᠠᠯᠳᠠ ᠪᠠ ᠴᠢᠨᠠᠷ ᠢ ᠨᠢ ᠴᠦᠮ ᠨᠦᠯᠦᠭᠡᠯᠡᠨ᠎ᠡ᠃ ᠭᠡᠳᠦᠷᠭᠡᠢ ᠤᠷᠤᠢ ᠬᠤᠷᠢᠶᠠᠪᠠᠯ ᠰᠢᠪᠠᠭᠤᠨ ᠤ ᠭᠦᠨᠦᠭᠡᠯ ᠳᠤ ᠤᠴᠠᠷᠠᠵᠤ᠂ ᠦᠷ᠎ᠡ ᠮᠦᠭᠦᠯᠢᠭ ᠨᠢ ᠠᠶᠠᠠᠳᠠᠭᠠᠨ ᠤᠨᠠᠵᠤ᠂ ᠡᠯᠪᠡᠭ ᠬᠤᠷᠢᠶᠠᠬᠤ ᠵᠤᠷᠢᠯᠭ᠎ᠠ ᠳᠤ ᠭᠦᠷᠴᠤ ᠴᠢᠳᠠᠬᠤ ᠦᠭᠡᠢ᠃ ᠬᠤᠷᠢᠶ᠋ᠬᠠᠰᠠᠨ ᠤ ᠪᠠᠨ ᠰᠡᠭᠦᠯᠡᠷ ᠲᠠᠷᠦ᠋ᠢᠬᠠᠨ ᠲᠡᠯᠭᠡᠨ ᠬᠠᠳᠠᠭᠠᠬᠤ ᠪᠠ ᠲᠤᠩᠭᠠᠯᠠᠭ ᠡᠳᠤᠷ 2~3 ᠡᠳᠤᠷ ᠬᠠᠳᠠᠭᠠᠠᠠᠰᠠᠨ ᠤ ᠰᠡᠭᠦᠯᠡᠷ ᠮᠦᠭᠦᠯᠢᠭ ᠢ ᠨᠢ ᠮᠦᠯᠢᠵᠤ᠂ ᠨᠠᠷᠢᠯᠢᠬ ᠰᠤᠩᠭᠤᠨ᠂ ᠪᠤᠭᠤᠳᠠᠯᠯᠠᠬᠤ ᠭᠡᠷᠡᠭᠳᠡᠢ᠃