︵ᠬᠤᠷᠢᠨ ᠨᠢᠬᠡ︶ ᠪᠦᠬᠡᠷᠡᠩᠬᠡᠢ ᠰᠤᠩᠭᠢᠨ᠎ᠠ ᠲᠠᠷᠢᠵᠦ ᠤᠷᠭᠤᠭᠤᠯᠬᠤ ᠮᠡᠷᠬᠡᠵᠢᠯ
ᠨᠡᠶᠢᠲᠡᠯᠡᠭᠰᠡᠨ ᠴᠠᠭ᠄
2015/11/25

       1. ᠭᠦᠯᠡᠮᠵᠢᠨ ᠳᠤ ᠪᠦᠬᠡᠷᠡᠩᠬᠡᠢ ᠰᠤᠩᠭᠢᠨ᠎ᠠ ᠶᠢ ᠶᠠᠮᠠᠷ ᠦᠶ᠎ᠠ ᠳᠤ ᠲᠠᠷᠢᠪᠠᠯ ᠲᠤᠭᠢᠷᠠᠬᠤ ᠪᠤᠢ︖ ᠴᠢᠭᠢᠯᠡᠭᠦ ᠬᠤᠭᠤᠴᠠᠭᠠᠨ ᠳᠤᠨᠢ ᠶᠠᠭᠠᠭᠢᠨ ᠰᠢᠨᠵᠢᠯᠡᠭᠦ ᠤᠬᠠᠭᠠᠠᠴᠢ ᠪᠠᠷ ᠠᠷᠠᠴᠢᠯᠠᠬᠤ ᠪᠤᠢ︖

       2 ᠳ᠋ᠤᠭᠠᠷ ᠰᠠᠷ᠎ᠠ ᠶᠢᠨ ᠡᠭᠢ ᠪᠠᠷ ᠭᠦᠯᠡᠮᠵᠢᠨ ᠲᠤᠳᠤᠷᠠᠭᠢ ᠭᠠᠵᠠᠷ ᠰᠢᠷᠤᠢ ᠪᠠᠨ ᠲᠡᠭᠰᠢᠯᠡᠵᠤ᠂ 1m ᠦᠷᠭᠡᠨ ᠲᠠᠳᠠᠭᠠᠯ ᠭᠠᠷᠭᠠᠵᠤ᠂ ᠲᠡᠭᠰᠢ ᠲᠦᠷᠪᠡᠯᠵᠢᠨ ᠮᠧᠲᠷ ᠪᠦᠷᠢ 50g ᠨᠡᠶᠢᠯᠡᠮᠡᠯ ᠪᠤᠷᠳᠤᠭᠤᠷ ᠤᠷᠤᠭᠤᠯᠵᠤ᠂ 15cm ᠭᠦᠢᠭᠡᠨ ᠬᠠᠭᠠᠯᠪᠤᠷᠢᠯᠠᠵᠤ ᠨᠠᠷᠬᠠᠳᠠᠨ ᠲᠡᠭᠰᠢᠯᠡᠨ᠎ᠡ᠃ 2 ᠳ᠋ᠤᠭᠠᠷ ᠰᠠᠷ᠎ᠠ ᠶᠢᠨ 5 ᠤ ᠪᠠᠷᠤᠭ ᠢᠶᠠᠷ ᠤᠷᠢᠳ ᠢᠶᠠᠷ ᠲᠡᠪᠳᠦᠳᠡᠯ᠎ᠡ ᠤᠰᠤᠯᠠᠵᠤ᠂ ᠲᠡᠭᠰᠢ ᠲᠦᠷᠪᠡᠯᠵᠢᠨ ᠮᠧᠲᠷ ᠪᠦᠷᠢ ᠪᠦᠬᠡᠷᠡᠩᠬᠡᠢ ᠰᠤᠩᠭᠢᠨ᠎ᠠ ᠶᠢᠨ ᠦᠷ᠎ᠡ 8g᠂ ᠰᠢᠷ᠎ᠠ ᠬᠠᠯᠢᠰᠤᠳᠤ ᠰᠤᠩᠭᠢᠨ᠎ᠠ ᠶᠢᠨ ᠦᠷ᠎ᠡ 10g ᠰᠠᠴᠤᠨ ᠲᠠᠷᠢᠵᠤ᠂ ᠰᠠᠴᠤᠠᠠᠰᠠᠨ ᠤ ᠪᠠᠨ ᠰᠡᠭᠦᠯᠡᠷ ᠦᠷ᠎ᠡ ᠪᠠᠨ ᠰᠢᠷᠤᠢ ᠳᠤ ᠤᠷᠤᠭᠤᠯᠵᠤ᠂ 1cm ᠰᠢᠷᠤᠢ ᠪᠠᠷ ᠬᠤᠴᠢᠵᠤ᠂ ᠲᠠᠳᠠᠭᠠᠯ ᠳᠠᠭᠠᠨ ᠬᠤᠤᠷᠳᠤ ᠲᠤᠳᠤᠷᠭ᠎ᠠ ᠰᠠᠴᠤᠠᠠᠰᠠᠨ ᠤ ᠰᠡᠭᠦᠯᠡᠷ᠂ ᠰᠦᠯᠢᠶᠤᠤ ᠪᠦᠷᠭᠦᠭᠦᠯ ᠢᠶᠠᠷ ᠲᠠᠷᠤᠵᠤ᠂ ᠲᠤᠯᠠᠭᠠᠨ ᠪᠠ ᠴᠢᠭᠢᠭ ᠢ ᠨᠢ ᠬᠠᠮᠠᠭᠠᠯᠠᠨ᠎ᠠ᠃ 80% ᠨᠢ ᠴᠢᠭᠢᠯᠡᠭᠰᠡᠨ ᠤ ᠰᠡᠭᠦᠯᠡᠷ ᠪᠦᠷᠭᠦᠭᠦᠯ ᠢᠶᠠᠨ ᠠᠪᠴᠤ᠂ ᠭᠦᠯᠡᠮᠵᠢᠨ ᠤ ᠲᠤᠳᠤᠷᠠᠭᠢ ᠲᠤᠯᠠᠭᠠᠨ ᠢ 30℃ ᠠᠴᠠ ᠲᠤᠷᠤᠠᠠᠰᠢ ᠭᠢᠵᠠᠭᠠᠷᠯᠠᠨ᠎ᠠ᠃

       ᠪᠦᠭᠡᠷᠡᠩᠭᠡᠢ ᠰᠤᠩᠭᠢᠨ᠎ᠠ ᠶᠢᠨ ᠦᠨᠳᠤᠰᠤ ᠨᠢ ᠭᠦᠢᠭᠡᠨ ᠲᠤᠯᠠ ᠭᠦᠷᠤᠰᠤ ᠰᠢᠷᠤᠢ ᠨᠢ ᠦᠷᠭᠦᠯᠵᠢ ᠴᠢᠭᠢᠭ ᠲᠠᠢ ᠪᠠᠶᠢᠬᠤ ᠶᠢ ᠪᠠᠳᠤᠯᠠᠵᠤ᠂ ᠴᠢᠭᠢᠯᠡᠭᠰᠡᠨ ᠤ ᠭᠢᠨᠢ ᠰᠡᠭᠦᠯᠡᠷ ᠨᠢ ᠨᠢᠭᠡ ᠤᠳᠠᠭ᠎ᠠ ᠤᠰᠤᠯᠠᠵᠤ᠂ ᠰᠡᠭᠦᠯᠡᠷ ᠨᠢ 10 ᠬᠤᠨᠤᠭ ᠪᠤᠯᠬᠤ ᠪᠦᠷᠢ ᠨᠢᠭᠡ ᠤᠳᠠᠭ᠎ᠠ ᠤᠰᠤᠯᠠᠨ᠎ᠠ᠃ ᠤᠳᠠᠭ᠎ᠠ ᠪᠦᠷᠢ ᠤᠰᠤᠯᠠᠬᠤ ᠳᠠᠭᠠᠨ ᠲᠤᠩᠭᠠᠯᠠᠭ ᠡᠳᠤᠷ ᠤᠨ ᠦᠳᠡ ᠶᠢᠨ ᠡᠮᠦᠨᠡᠭᠢ ᠴᠠᠭ ᠢ ᠰᠤᠩᠭᠤᠵᠤ᠂ ᠵᠠᠶᠢᠯᠠᠬᠤ ᠠᠴᠠ ᠪᠠᠨ 7~10 ᠬᠤᠨᠤᠭ ᠤᠨ ᠡᠮᠦᠨ᠎ᠠ ᠰᠠᠯᠭᠢ ᠨᠠᠪᠳᠡᠷᠡᠭᠦᠯᠦᠨ ᠤᠰᠤ ᠶᠢ ᠭᠢᠵᠠᠭᠠᠷᠯᠠᠵᠤ ᠴᠢᠭᠢ ᠶᠢ ᠪᠤᠯᠪᠠᠰᠤᠷᠠᠭᠤᠯᠤᠨ᠎ᠠ᠃

       ᠪᠦᠭᠡᠷᠡᠩᠬᠡᠢ ᠰᠤᠩᠭᠢᠨ᠎ᠠ ᠶᠢ ᠬᠤᠶᠠᠷ ᠨᠠᠪᠴᠢᠯᠠᠵᠤ ᠨᠢᠭᠡ ᠭᠤᠤᠯᠴᠢᠯᠠᠬᠤ ᠦᠶᠡᠰ ᠤᠰᠤᠯᠠᠯᠳᠠ ᠲᠠᠢ ᠤᠶᠠᠯᠳᠤᠭᠤᠯᠤᠨ ᠮᠤ᠋ ᠪᠦᠷ 6kg ᠰᠢᠭᠡᠰᠦᠯᠢᠭ ᠡᠳ᠋ ᠪᠤᠶᠤ 13kg ᠭᠦᠭᠦᠷ ᠬᠦᠴᠢᠯ ᠤᠨ ᠠᠮᠮᠤᠨᠢ ᠨᠦᠭᠦᠨ ᠤᠷᠤᠭᠤᠯᠵᠤ᠂ 20 ᠡᠳᠤᠷ ᠠᠯᠤᠰᠯᠠᠭᠠᠳ ᠲᠠᠭᠢᠨᠳᠡ 10kg ᠰᠢᠭᠡᠰᠦᠯᠢᠭ ᠡᠳ᠋ ᠪᠤᠶᠤ 23kg ᠭᠦᠭᠦᠷ ᠬᠦᠴᠢᠯ ᠤᠨ ᠠᠮᠮᠤᠨᠢ ᠤᠷᠤᠭᠤᠯᠤᠨ᠎ᠠ᠃ ᠪᠠᠰᠠ ᠭᠡᠮ ᠬᠤᠷᠤᠬᠠᠢ ᠶᠢ ᠰᠡᠷᠭᠡᠶᠢᠯᠡᠭᠦ ᠲᠠᠢ ᠤᠶᠠᠯᠳᠤᠭᠤᠯᠤᠨ ᠨᠠᠪᠴᠢᠨ ᠲᠡᠭᠡᠭᠦᠷ ᠨᠢ 2~3 ᠤᠳᠠᠭ᠎ᠠ ᠰᠦᠷᠴᠢᠵᠤ ᠪᠤᠯᠤᠨ᠎ᠠ᠃


      2. ᠪᠦᠭᠡᠷᠡᠩᠬᠡᠢ ᠰᠤᠩᠭᠢᠨ᠎ᠠ ᠶᠢᠨ ᠭᠡᠮ ᠬᠤᠷᠤᠬᠠᠢ ᠶᠢᠨ ᠭᠦᠨᠦᠭᠡᠯ ᠢ ᠶᠠᠭᠠᠭᠢᠨ ᠰᠡᠷᠭᠡᠶᠢᠯᠡᠨ ᠵᠠᠰᠠᠬᠤ ᠪᠤᠢ︖

      ᠤᠳᠠᠭ᠎ᠠ ᠪᠦᠷᠢ ᠤᠰᠤᠯᠬᠠᠰᠠᠨ ᠤ ᠪᠠᠨ ᠰᠡᠭᠦᠯᠡᠷ ᠲᠠᠷᠦ᠋ᠢᠬᠠᠨ ᠯᠠᠭᠤ ᠬᠤᠷᠤᠬᠠᠢ ᠶᠢ ᠰᠡᠷᠭᠡᠶᠢᠯᠡᠭᠦ ᠭᠡᠷᠡᠭᠳᠡᠢ᠃ ᠰᠤᠩᠭᠢᠨ᠎ᠠ ᠶᠢᠨ ᠴᠢᠭᠢ ᠬᠤᠶᠠᠷ ᠨᠠᠪᠴᠢᠯᠠᠵᠤ ᠨᠢᠭᠡ ᠭᠤᠤᠯᠯᠠᠬᠤ ᠦᠶᠡᠰ᠂ ᠠᠢ ᠹᠦ᠋ ᠳ᠋ᠢᠩ ︵爱福丁︶᠂ ᠯᠢᠤᠢ ᠼᠠᠢ ᠪᠤᠤ  ︵绿菜宝︶ ᠵᠡᠷᠭᠡ ᠡᠮ ᠢ ᠭᠡᠷᠡᠭᠯᠡᠨ ᠨᠠᠪᠴᠢᠨ ᠦᠳᠤ ᠵᠡᠷᠭᠡ ᠭᠦᠨᠦᠭᠡᠯᠳᠤ ᠬᠤᠷᠤᠬᠠᠢ ᠶᠢ ᠰᠡᠷᠭᠡᠶᠢᠯᠡᠵᠤ᠂ ᠰᠡᠭᠦᠯᠡᠷ ᠨᠢ 10 ᠬᠤᠨᠤᠭ ᠠᠯᠤᠰᠯᠠᠬᠤ ᠪᠦᠷᠢ ᠨᠢᠭᠡ ᠤᠳᠠᠭ᠎ᠠ ᠭᠡᠷᠡᠭᠯᠡᠨ᠎ᠡ᠃

         ᠴᠢᠭᠢᠯᠡᠭᠰᠡᠨ ᠤ ᠭᠢᠨᠢ ᠰᠡᠭᠦᠯᠡᠷ ᠳ᠋ᠢ ᠺᠧ ᠰᠦᠩ ︵敌克松︶᠂ ᠪᠠᠢ ᠵᠢᠶᠦ᠋ᠨ ᠴᠢᠩ ︵百菌清︶ ᠵᠡᠷᠭᠡ ᠡᠮ ᠢ ᠰᠦᠷᠴᠢᠨ ᠭᠡᠨᠡᠳᠳᠡ ᠤᠨᠠᠬᠤ ᠭᠡᠮ ᠵᠡᠷᠭᠡ ᠡᠪᠡᠳᠴᠢᠨ ᠤ ᠭᠦᠨᠦᠭᠡᠯ ᠢ ᠰᠡᠷᠭᠡᠶᠢᠯᠡᠵᠤ᠂ ᠲᠤᠮᠳᠠ ᠰᠡᠭᠦᠯᠴᠢ ᠶᠢᠨ ᠬᠤᠭᠤᠴᠠᠭᠠᠨ ᠳᠤᠨᠢ ᠫᠦ᠋ ᠬᠠᠢ ᠶᠢᠨ ︵普海因︶᠂ ᠰᠤ᠋ ᠺᠧ ᠯᠢᠩ  ︵速克灵︶  ᠵᠡᠷᠭᠡ ᠡᠮ ᠢ ᠭᠡᠷᠡᠭᠯᠡᠨ ᠢᠯᠵᠠᠷᠠᠬᠤ ᠭᠡᠮ ᠵᠡᠷᠭᠡ ᠡᠪᠡᠳᠴᠢᠨ ᠤ ᠭᠦᠨᠦᠭᠡᠯ ᠢ ᠰᠡᠷᠭᠡᠶᠢᠯᠡᠨ᠎ᠡ᠃
       3. ᠪᠦᠭᠡᠷᠡᠩᠬᠡᠢ ᠰᠤᠩᠭᠢᠨ᠎ᠠ ᠶᠢ ᠶᠠᠭᠠᠭᠢᠵᠤ ᠴᠢᠭᠢᠯᠡᠭᠦᠯᠭᠦ ᠪᠤᠢ︖

       ᠵᠠᠶᠢᠯᠠᠬᠤ ᠠᠴᠠ ᠪᠠᠨ 2~3 ᠡᠳᠤᠷ ᠤᠨ ᠡᠮᠦᠨ᠎ᠠ ᠴᠢᠭᠢ ᠪᠠᠨ ᠠᠪᠴᠤ᠂ 200 ᠰᠢᠷᠭᠡᠭ ᠪᠦᠷᠢ ᠶᠢ ᠨᠢᠭᠡ ᠪᠠᠭᠴᠠ ᠪᠤᠯᠭᠠᠨ ᠪᠤᠭᠤᠵᠢᠯᠠᠵᠤ᠂ ᠰᠠᠯᠭᠢ ᠨᠡᠪᠳᠡᠷᠡᠭᠦ ᠰᠠᠷᠢᠭᠦᠨ ᠭᠠᠵᠠᠷ ᠲᠠᠯᠪᠢᠨ ᠵᠠᠶᠢᠯᠠᠬᠤ ᠳᠤ ᠪᠠᠯᠡᠳᠭᠡᠨ᠎ᠡ᠃ ᠪᠠᠰᠠ ᠮᠠᠯᠳᠠᠨ ᠠᠪᠬᠤ ᠶᠢᠨ ᠲᠠᠭᠠᠤ ᠵᠠᠶᠢᠯᠠᠵᠤ ᠪᠤᠯᠤᠨ᠎ᠠ᠃ ᠬᠠᠮᠤᠭ ᠰᠠᠶᠢᠨ ᠨᠢ ᠮᠠᠯᠳᠠᠨ ᠠᠪᠬᠤ ᠠᠴᠠ ᠪᠠᠨ 3~5 ᠡᠳᠤᠷ ᠤᠨ ᠡᠮᠦᠨ᠎ᠠ ᠤᠰᠤᠯᠠᠵᠤ᠂ ᠵᠠᠶᠢᠯᠠᠨ ᠠᠪᠬᠤ ᠦᠶ᠎ᠠ ᠳᠤ ᠤᠰᠤᠯᠠᠵᠤ ᠪᠤᠯᠬᠤ ᠦᠭᠡᠢ᠃

      4. ᠲᠠᠷᠢᠶᠠᠨ ᠳᠤ ᠪᠦᠭᠡᠷᠡᠩᠭᠡᠢ ᠰᠤᠩᠭᠢᠨ᠎ᠠ ᠶᠢ ᠶᠠᠭᠠᠭᠢᠵᠤ ᠰᠢᠨᠵᠢᠯᠡᠭᠦ ᠤᠬᠠᠭᠠᠠᠴᠢ ᠪᠠᠷ ᠲᠠᠷᠢᠬᠤ ᠪᠤᠢ︖

       ᠨᠠᠮᠤᠷ ᠤᠷᠪᠠᠭᠤᠯᠬᠤ ᠪᠤᠶᠤ ᠬᠠᠪᠤᠷ ᠨᠠᠷᠬᠠᠳ᠋ᠬᠠᠰᠠᠨ ᠰᠠᠭᠤᠷᠢᠨ ᠲᠡᠭᠡᠷ᠎ᠡ 2m ᠦᠷᠭᠡᠨ ᠲᠠᠳᠠᠭᠠᠯ ᠭᠠᠷᠭᠠᠵᠤ᠂ ᠤᠷᠳᠤ ᠶᠢᠨ ᠭᠡᠮᠵᠢᠶ᠎ᠠ ᠶᠢ ᠲᠠᠯᠠᠪᠠᠢ ᠪᠠᠨ ᠦᠨᠳᠦᠰᠦᠯᠡᠨ ᠲᠤᠠᠠᠳᠠᠭᠠᠨ᠎ᠠ᠃ ᠶᠠᠷᠦᠩᠭᠡᠢ ᠳᠡᠭᠡᠨ 30~50m ᠤᠷᠳᠤ ᠪᠤᠯ ᠲᠤᠭᠢᠷᠠᠮᠵᠢᠳᠡᠢ᠃ ᠮᠤ᠋ ᠪᠦᠷᠢ ᠬᠤᠷᠤᠬᠠᠢ ᠤᠰᠠᠳᠬᠠᠬᠤ ᠴᠢᠨᠠᠷ ᠰᠠᠶᠢᠳᠠᠢ ᠢᠯᠵᠡᠷᠡᠮᠡᠯ ᠰᠢᠭᠡᠭ ᠪᠤᠷᠳᠤᠭᠤᠷ ᠢ 2500kg᠂ ᠦᠨᠳᠤᠷ ᠦᠢᠯᠡᠳᠦᠯᠳᠤ ᠨᠡᠶᠢᠯᠡᠮᠡᠯ ᠪᠤᠷᠳᠤᠭᠤᠷ ᠢ 25kg ᠤᠷᠤᠭᠤᠯᠵᠤ᠂ 10cm ᠤᠷᠴᠢᠮ ᠭᠦᠢᠭᠡᠨ ᠤᠷᠪᠠᠭᠤᠯᠵᠤ᠂ ᠮᠤ᠋ ᠪᠦᠷᠢ 150g ᠹᠦ᠋ ᠯᠧ ᠯᠢᠩ ︵氟乐灵︶ ᠪᠤᠶᠤ 125g ᠱᠢ ᠲᠢᠶᠠᠨ ᠪᠦ᠋ ︵施田补︶ ᠲᠡᠭᠡᠷ᠎ᠡ 30kg ᠤᠰᠤ ᠬᠤᠯᠢᠨ ᠰᠦᠷᠴᠢᠵᠤ᠂ ᠲᠠᠳᠠᠭᠠᠯ ᠤᠨ ᠲᠡᠭᠡᠭᠦᠷ ᠢᠶᠠᠨ ᠪᠦᠷᠭᠦᠭᠦᠯ ᠪᠦᠷᠭᠦᠵᠤ᠂ ᠪᠦᠷᠭᠦᠭᠦᠯ ᠲᠡᠭᠡᠷ᠎ᠡ ᠪᠠᠨ ᠪᠠᠭ᠎ᠠ ᠭᠡᠮᠵᠢᠶᠠᠨ ᠤ ᠨᠠᠷᠢᠨ ᠰᠢᠷᠤᠢ ᠰᠠᠴᠤᠨ᠎ᠠ᠃

       ᠵᠠᠶᠢᠯᠠᠬᠤ ᠠᠴᠠ ᠪᠠᠨ ᠡᠮᠦᠨ᠎ᠠ ᠴᠢᠭᠢ ᠪᠠᠨ ᠰᠠᠶᠢᠳᠤᠷ ᠰᠤᠩᠭᠤᠵᠤ᠂ ᠲᠤᠮᠤ ᠵᠢᠵᠢᠭ ᠴᠢᠭᠢ ᠶᠢ ᠢᠯᠭᠠᠨ ᠰᠠᠯᠭᠠᠵᠤ᠂ ᠮᠠᠭᠤ ᠴᠢᠭᠢ ᠶᠢ ᠬᠠᠶᠠᠵᠤ᠂ ᠲᠠᠷᠢᠬᠤ ᠠᠴᠠ ᠪᠠᠨ ᠡᠮᠦᠨ᠎ᠠ 800 ᠲᠠᠭᠢᠨ ᠳ᠋ᠢ ᠪᠠᠢ ᠴᠦᠩ ︵敌百虫︶ ᠳᠤ ᠦᠨᠳᠤᠰᠤ ᠶᠢ ᠨᠢ 10 ᠮᠢᠨᠦ᠋ᠲ ᠲᠠᠪᠳᠦᠭᠡᠵᠤ ᠬᠤᠷᠤᠬᠠᠢ ᠶᠢ ᠨᠢ ᠤᠰᠠᠳᠬᠠᠨ᠎ᠠ᠃

       ᠪᠦᠷᠭᠦᠭᠦᠯ ᠢᠶᠠᠨ ᠨᠦᠭᠡᠯᠡᠨ ᠴᠢᠭᠢ ᠪᠠᠨ ᠰᠠᠭᠤᠯᠭᠠᠵᠤ᠂ 2cm ᠤᠷᠴᠢᠮ ᠭᠦᠨ ᠰᠠᠭᠤᠯᠭᠠᠨ ᠦᠨᠳᠤᠰᠤ ᠶᠢ ᠨᠢ ᠰᠢᠷᠤᠢ ᠪᠠᠷ ᠨᠢᠠᠠᠳᠠ ᠲᠠᠷᠤᠨ᠎ᠠ᠃

        5. ᠲᠠᠷᠢᠶᠠᠨ ᠳᠠᠬᠢ ᠪᠦᠭᠡᠷᠡᠩᠭᠡᠢ ᠰᠤᠩᠭᠢᠨ᠎ᠠ ᠶᠢ ᠶᠠᠭᠠᠭᠢᠵᠤ ᠰᠢᠨᠵᠢᠯᠡᠭᠦ ᠤᠬᠠᠭᠠᠠᠴᠢ ᠪᠠᠷ ᠠᠷᠠᠴᠢᠯᠠᠬᠤ ᠪᠤᠢ︖

       ᠵᠠᠶᠢᠯᠠᠮᠬᠠᠴᠠ ᠪᠠᠨ ᠤᠰᠤᠯᠠᠵᠤ᠂ 5~7 ᠡᠳᠤᠷ ᠤᠨ ᠲᠠᠷᠠᠭ᠎ᠠ ᠠᠯᠭᠤᠷ ᠤᠰᠤᠯᠠᠬᠤ ᠶᠢᠨ ᠲᠠᠭᠠᠤ ᠲᠠᠷᠢᠶ᠎ᠠ ᠪᠠᠨ ᠪᠠᠶᠢᠴᠠᠭᠠᠨ ᠴᠢᠭᠢ ᠨᠦᠭᠦᠵᠤ᠂ ᠰᠡᠭᠦᠯᠡᠷ ᠨᠢ ᠲᠡᠭᠷᠢ ᠶᠢᠨ ᠪᠠᠶᠢᠳᠠᠯ ᠢ ᠦᠨᠳᠦᠰᠦᠯᠡᠨ᠂ ᠠᠷᠪᠠᠭᠠᠳ ᠡᠳᠤᠷ ᠪᠤᠯᠪᠠᠯ ᠨᠢᠭᠡ ᠤᠳᠠᠭ᠎ᠠ ᠤᠰᠤᠯᠠᠨ᠂ ᠢᠳᠡᠷᠡᠭᠦᠨ ᠤᠷᠭᠤᠯᠳᠠ ᠶᠢᠨ ᠦᠶ᠎ᠠ ᠳᠤᠨᠢ 7 ᠡᠳᠤᠷ ᠪᠦᠷᠢ ᠨᠢᠭᠡ ᠤᠳᠠᠭ᠎ᠠ ᠤᠰᠤᠯᠠᠨ᠎ᠠ᠃

       ᠴᠢᠭᠢ ᠨᠠᠮᠳᠠᠭᠠᠠᠠᠰᠠᠨ ᠤ ᠰᠡᠭᠦᠯᠡᠷ ᠨᠠᠪᠴᠢᠨ ᠲᠡᠭᠡᠷ᠎ᠡ ᠨᠢ 3~5 ᠤᠳᠠᠭ᠎ᠠ ᠪᠤᠷᠳᠤᠭᠤᠷ ᠰᠦᠷᠴᠢᠵᠤ᠂ 15kg ᠤᠰᠤᠨ ᠳᠤ 60g ᠹᠤᠰᠹᠤᠷ ᠭᠦᠴᠢᠯ ᠤᠨ ᠤᠰᠤᠳᠦ᠋ᠷᠦᠭᠴᠢᠳᠦ ᠬᠤᠶᠠᠷᠴᠢ ᠺᠠᠯᠢ ᠪᠠ
10g ᠶᠦᠨ ᠳ᠋ᠠ ︵云大︶ 120 ᠪᠤᠶᠤ ᠪᠤᠰᠤᠳ ᠤᠷᠭᠤᠭᠤᠯᠤᠯᠳᠠ ᠡᠳ᠋ ᠬᠤᠯᠢᠵᠤ᠂ 7~10 ᠡᠳᠤᠷ ᠲᠤ ᠨᠢᠭᠡ ᠤᠳᠠᠭ᠎ᠠ ᠰᠦᠷᠴᠢᠨ᠎ᠠ᠂ ᠪᠠᠰᠠ ᠭᠡᠮ ᠬᠤᠷᠤᠬᠠᠢ ᠶᠢ ᠰᠡᠷᠭᠡᠶᠢᠯᠡᠭᠦ ᠲᠠᠢ ᠤᠶᠠᠯᠳᠤᠭᠤᠯᠤᠨ ᠭᠡᠷᠡᠭᠯᠡᠵᠤ ᠪᠤᠯᠤᠨ᠎ᠠ᠃

        ᠵᠠᠶᠢᠯᠬᠠᠰᠠᠨ ᠤ ᠪᠠᠨ ᠲᠠᠷᠠᠭ᠎ᠠ 20 ᠡᠳᠤᠷ ᠤᠨ ᠤᠷᠴᠢᠮ ᠤᠰᠤᠯᠠᠬᠤ ᠲᠠᠢ ᠪᠠᠨ ᠤᠶᠠᠯᠳᠤᠭᠤᠯᠤᠨ ᠮᠤ᠋ ᠪᠦᠷᠢ 10kg ᠰᠢᠭᠡᠰᠦᠯᠢᠭ ᠡᠳ᠋ ᠡᠰᠡᠭᠦᠯ᠎ᠠ ᠭᠦᠭᠦᠷ ᠬᠦᠴᠢᠯ ᠤᠨ ᠠᠮᠮᠤᠨᠢ 20kg ᠪᠤᠶᠤ ᠨᠡᠬᠦᠷᠡᠰᠤᠬᠦ᠋ᠴᠢᠯ ᠤᠨ ᠠᠮᠮᠤᠨᠢ 30kg ᠤᠷᠤᠭᠤᠯᠤᠨ᠎ᠠ᠃

       ᠵᠠᠶᠢᠯᠬᠠᠰᠠᠨ ᠤ ᠪᠠᠨ ᠲᠠᠷᠠᠭ᠎ᠠ 40 ᠡᠳᠤᠷ ᠤᠨ ᠤᠷᠴᠢᠮ ᠤᠰᠤᠯᠠᠯᠳᠠ ᠲᠠᠢ ᠪᠠᠨ ᠤᠶᠠᠯᠳᠤᠭᠤᠯᠤᠨ ᠮᠤ᠋ ᠪᠦᠷᠢ 5kg ᠰᠢᠭᠡᠰᠦᠯᠢᠭ ᠡᠳ᠋ ᠡᠰᠡᠭᠦᠯ᠎ᠠ 10kg ᠭᠦᠭᠦᠷ ᠬᠦᠴᠢᠯ ᠤᠨ ᠠᠮᠮᠤᠨᠢ ᠪᠤᠶᠤ 15kg ᠨᠡᠭᠦᠷᠡᠰᠤᠬᠦ᠋ᠴᠢᠯ ᠤᠨ ᠠᠮᠮᠤᠨᠢ᠂ 10kg ᠨᠡᠶᠢᠯᠡᠮᠡᠯ ᠪᠤᠷᠳᠤᠭᠤᠷ ᠨᠦᠭᠦᠨ ᠤᠷᠤᠭᠤᠯᠤᠨ᠎ᠠ᠃

        ᠵᠠᠶᠢᠯᠬᠠᠰᠠᠨ ᠤ ᠪᠠᠨ ᠲᠠᠷᠠᠭ᠎ᠠ 60 ᠡᠳᠤᠷ ᠤᠨ ᠤᠷᠴᠢᠮ ᠤᠰᠤᠯᠠᠯᠳᠠ ᠲᠠᠢ ᠪᠠᠨ ᠤᠶᠠᠯᠳᠤᠭᠤᠯᠤᠨ ᠮᠤ᠋ ᠪᠦᠷᠢ 10kg ᠰᠢᠭᠡᠰᠦᠯᠢᠭ ᠡᠳ᠋ ᠡᠰᠡᠭᠦᠯ᠎ᠠ 20kg ᠭᠦᠭᠦᠷ ᠬᠦᠴᠢᠯ ᠤᠨ ᠠᠮᠮᠤᠨᠢ ᠪᠤᠶᠤ 30kg ᠨᠡᠭᠦᠷᠡᠰᠤᠬᠦ᠋ᠴᠢᠯ ᠤᠨ ᠠᠮᠮᠤᠨᠢ᠂ 15kg ᠨᠡᠶᠢᠯᠡᠮᠡᠯ ᠪᠤᠷᠳᠤᠭ᠎ᠠ ᠤᠷᠤᠭᠤᠯᠤᠨ᠎ᠠ᠃

        ᠵᠠᠶᠢᠯᠬᠠᠰᠠᠨ ᠤ ᠪᠠᠨ ᠲᠠᠷᠠᠭ᠎ᠠ 80 ᠡᠳᠤᠷ ᠤᠨ ᠤᠷᠴᠢᠮ ᠤᠰᠤᠯᠠᠯᠳᠠ ᠲᠠᠢ ᠪᠠᠨ ᠤᠶᠠᠯᠳᠤᠭᠤᠯᠤᠨ ᠮᠤ᠋ ᠪᠦᠷᠢ 10kg ᠰᠢᠭᠡᠰᠦᠯᠢᠭ ᠡᠳ᠋ ᠡᠰᠡᠭᠦᠯ᠎ᠠ 20kg ᠭᠦᠭᠦᠷ ᠬᠦᠴᠢᠯ ᠤᠨ ᠠᠮᠮᠤᠨᠢ ᠪᠤᠶᠤ 30kg ᠨᠡᠭᠦᠷᠡᠰᠤᠬᠦ᠋ᠴᠢᠯ ᠤᠨ ᠠᠮᠮᠤᠨᠢ᠂ 10kg ᠨᠡᠶᠢᠯᠡᠮᠡᠯ ᠪᠤᠷᠳᠤᠭᠤᠷ ᠤᠷᠤᠭᠤᠯᠤᠨ᠎ᠠ᠃


       6. ᠲᠠᠷᠢᠶᠠᠨ ᠳᠠᠬᠢ ᠪᠦᠭᠡᠷᠡᠩᠭᠡᠢ ᠰᠤᠩᠭᠢᠨ᠎ᠠ ᠶᠢᠨ ᠭᠡᠮ ᠬᠤᠷᠤᠬᠠᠢ ᠶᠢᠨ ᠭᠦᠨᠦᠭᠡᠯ ᠢ ᠭᠡᠷᠭᠢᠨ ᠰᠡᠷᠭᠡᠶᠢᠯᠡᠨ ᠵᠠᠰᠠᠬᠤ ᠪᠤᠢ︖

      ᠴᠢᠭᠢᠯᠡᠭᠰᠡᠨ ᠤ ᠲᠠᠷᠠᠭ᠎ᠠ ᠳ᠋ᠢ ᠪᠠᠢ ᠴᠦᠩ ︵敌百虫︶᠂ ᠠᠢ ᠹᠦ᠋ ᠳ᠋ᠢᠩ ︵爱福丁︶᠂ ᠯᠢᠤᠢ ᠼᠠᠢ ᠪᠤᠤ ︵绿菜宝︶ ᠵᠡᠷᠭᠡ ᠲᠠᠷᠢᠶᠠᠨ ᠡᠮ ᠢ ᠭᠡᠷᠡᠭᠯᠡᠨ᠂ ᠨᠠᠪᠴᠢᠨ ᠤ ᠦᠳᠤ ᠵᠡᠷᠭᠡ ᠭᠦᠨᠦᠭᠡᠯᠳᠤ ᠬᠤᠷᠤᠬᠠᠢ ᠶᠢ ᠰᠡᠷᠭᠡᠶᠢᠯᠡᠨ᠂ ᠡᠭᠦᠨ ᠤ ᠰᠡᠭᠦᠯᠡᠷ 10 ᠡᠳᠤᠷ ᠪᠦᠷᠢ ᠨᠢᠭᠡ ᠤᠳᠠᠭ᠎ᠠ ᠭᠡᠷᠡᠭᠯᠡᠭᠦ ᠭᠡᠷᠡᠭᠳᠡᠢ᠃ 6 ᠳ᠋ᠤᠭᠠᠷ ᠰᠠᠷ᠎ᠠ ᠶᠢᠨ ᠲᠤᠮᠳᠠᠴᠢ ᠪᠠᠷ ᠤᠷᠤᠯᠠᠮᠠᠯ ᠰᠸᠠ ᠮᠧᠩ ᠰᠢᠨ ︵森猛锌︶᠂ ᠼᠦᠩ ᠵᠢᠶᠦ᠋ᠨ ᠵᠢᠩ ︵葱菌净︶᠂ ᠪᠠᠢ ᠵᠢᠶᠦ᠋ᠨ ᠴᠢᠩ ︵百菌清︶ ᠵᠡᠷᠭᠡ ᠲᠠᠷᠢᠶᠠᠨ ᠡᠮ ᠢᠶᠠᠷ ᠪᠤᠷᠤ ᠲᠤᠯᠪᠤᠳᠤ ᠭᠡᠮ᠂ ᠴᠠᠭᠠᠨ ᠭᠦᠭᠡᠴᠤ ᠭᠡᠮ ᠢ ᠰᠡᠷᠭᠡᠶᠢᠯᠡᠵᠤ᠂ 6 ᠳ᠋ᠤᠭᠠᠷ ᠰᠠᠷ᠎ᠠ ᠶᠢᠨ ᠰᠡᠭᠦᠯᠴᠢ ᠠᠴᠠ ᠬᠤᠶᠢᠰᠢ ᠡᠪᠡᠳᠴᠢᠨ ᠤ ᠬᠤᠤᠷ A᠂ ᠯᠢᠶᠠᠨ ᠮᠸᠢ ᠰᠤ᠋ ︵链霉素︶ ᠵᠡᠷᠭᠡ ᠡᠮ ᠢᠶᠠᠷ ᠭᠡᠮ ᠤᠨ ᠬᠤᠤᠷᠳᠠᠯ᠂ ᠢᠯᠵᠠᠷᠠᠬᠤ ᠡᠪᠡᠳᠴᠢᠨ ᠢ ᠰᠡᠷᠭᠡᠶᠢᠯᠡᠭᠦ ᠭᠡᠷᠡᠭᠳᠡᠢ᠃

       7. ᠪᠦᠭᠡᠷᠡᠩᠬᠡᠢ ᠰᠤᠩᠭᠢᠨ᠎ᠠ ᠶᠢ ᠮᠸᠢ ᠺᠦᠢ ᠡᠭᠦᠯᠳᠡᠷ ᠲᠠᠢ ᠭᠡᠷᠭᠢᠨ ᠲᠤᠬᠤᠵᠤ ᠲᠠᠷᠢᠬᠤ ᠪᠤᠢ︖

       ᠮᠸᠢ ᠺᠦᠢ 5009 ᠰᠤᠷᠲ ᠢ ᠰᠤᠩᠭᠤᠨ ᠭᠡᠷᠡᠭᠯᠡᠭᠦ ᠳᠤ ᠭᠦᠷᠪᠡᠯ 6 ᠳ᠋ᠤᠭᠠᠷ ᠰᠠᠷ᠎ᠠ ᠶᠢᠨ 15~25 ᠤ ᠡᠳᠤᠷ ᠪᠦᠭᠡᠷᠡᠩᠭᠡᠢ ᠰᠤᠩᠭᠢᠨ᠎ᠠ ᠶᠢᠨ ᠲᠠᠳᠠᠭᠠᠯ ᠤᠨ ᠬᠤᠶᠠᠷ ᠭᠦᠪᠡᠭᠡ ᠶᠢ ᠲᠠᠭᠠᠭᠤᠯᠤᠨ ᠲᠤᠰ ᠪᠦᠷᠢ 1 ᠮᠦᠷ ᠲᠠᠷᠢᠵᠤ᠂ ᠰᠠᠭᠤᠷᠢ ᠶᠢᠨ ᠵᠠᠢ ᠶᠢ 1 ᠲᠤᠬᠤᠢ ᠵᠠᠶᠢᠳᠠᠢ ᠪᠠᠶᠢᠯᠭᠠᠨ᠎ᠠ᠃ ᠪᠦᠭᠡᠷᠡᠩᠭᠡᠢ ᠰᠤᠩᠭᠢᠨ᠎ᠠ ᠶᠢ ᠬᠤᠷᠢᠶ᠋ᠬᠠᠰᠠᠨ ᠤ ᠪᠠᠨ ᠰᠡᠭᠦᠯᠡᠷ 2~3 ᠤᠳᠠᠭ᠎ᠠ ᠨᠡᠶᠢᠳᠡᠮ ᠤᠰᠤᠯᠠᠨ᠎ᠠ᠃ ᠶᠠᠷᠦᠩᠭᠡᠢ ᠳᠡᠭᠡᠨ ᠮᠤ᠋ ᠪᠦᠷᠢ ᠠᠴᠠ 300~400 ᠵᠢᠩ ᠬᠤᠷᠢᠶᠠᠨ᠎ᠠ᠃ ᠮᠸᠢ ᠺᠦᠢ 5009 ᠶᠢ ᠲᠤᠬᠤᠨ ᠲᠠᠷᠢᠪᠠᠯ ᠦᠨᠳᠤᠷ ᠬᠤᠷᠢᠶᠠᠯᠳᠠ ᠤᠯᠬᠤ ᠪᠤᠯᠪᠠᠴᠤ ᠪᠦᠭᠡᠷᠡᠩᠭᠡᠢ ᠰᠤᠩᠭᠢᠨ᠎ᠠ ᠶᠢᠨ ᠬᠤᠷᠢᠶᠠᠯᠳᠠ ᠳᠤ ᠪᠠᠭ᠎ᠠ ᠰᠠᠭ᠎ᠠ ᠨᠦᠯᠦᠭᠡ ᠪᠤᠯᠳᠠᠭ᠃

        ᠪᠠᠢ ᠺᠦᠢ ᠽᠠ ︵白葵杂︶ 9 ᠨᠤᠮᠧᠷᠳᠤ ᠰᠤᠷᠲ ᠢ ᠰᠤᠩᠭᠤᠨ ᠭᠡᠷᠡᠭᠯᠡᠪᠡᠯ 6 ᠳ᠋ᠤᠭᠠᠷ ᠰᠠᠷ᠎ᠠ ᠶᠢᠨ 25 ᠠᠴᠠ 7 ᠳ᠋ᠤᠭᠠᠷ ᠰᠠᠷ᠎ᠠ ᠶᠢᠨ 5 ᠤ ᠡᠳᠤᠷ ᠪᠦᠭᠡᠷᠡᠩᠭᠡᠢ ᠰᠤᠩᠭᠢᠨ᠎ᠠ ᠶᠢᠨ ᠲᠠᠳᠠᠭᠠᠯ ᠤᠨ ᠬᠤᠶᠠᠷ ᠭᠦᠪᠡᠭᠡ ᠶᠢ ᠲᠠᠭᠠᠭᠤᠯᠤᠨ ᠲᠤᠰᠪᠤᠷᠢ ᠨᠢᠭᠡ ᠮᠦᠷ ᠲᠠᠷᠢᠵᠤ᠂ ᠮᠦᠷ ᠤᠨ ᠵᠠᠢ ᠶᠢ 1 ᠲᠤᠬᠤᠢ ᠵᠠᠶᠢᠳᠠᠢ ᠪᠠᠶᠢᠯᠭᠠᠨ᠎ᠠ᠃ ᠪᠦᠭᠡᠷᠡᠩᠭᠡᠢ ᠰᠤᠩᠭᠢᠨ᠎ᠠ ᠪᠠᠨ ᠬᠤᠷᠢᠶ᠋ᠬᠠᠰᠠᠨ ᠤ ᠰᠡᠭᠦᠯᠡᠷ 2~3 ᠤᠳᠠᠭ᠎ᠠ ᠨᠡᠶᠢᠳᠡᠮ ᠤᠰᠤᠯᠠᠨ᠎ᠠ᠃ ᠶᠠᠷᠦᠩᠭᠡᠢ ᠳᠡᠭᠡᠨ ᠮᠤ᠋ ᠪᠦᠷᠢ ᠠᠴᠠ 200~300 ᠵᠢᠩ ᠬᠤᠷᠢᠶᠠᠨ᠎ᠠ᠃ ᠲᠤᠰᠤᠯᠢᠭ ᠨᠠᠷᠠᠨ ᠬᠤᠸᠠᠷ ᠢ ᠲᠤᠬᠤᠨ ᠲᠠᠷᠢᠪᠠᠯ ᠤᠨᠠᠯᠳᠠ ᠨᠢ ᠲᠤᠤᠷ᠎ᠠ ᠪᠠᠶᠢᠳᠠᠭ ᠪᠤᠯᠪᠠᠴᠤ ᠪᠦᠭᠡᠷᠡᠩᠭᠡᠢ ᠰᠤᠩᠭᠢᠨ᠎ᠠ ᠶᠢᠨ ᠤᠨᠠᠯᠳᠠ ᠳᠤ ᠨᠦᠯᠦᠭᠡ ᠪᠠᠭ᠎ᠠ ᠲᠠᠢ ᠪᠠᠶᠢᠳᠠᠭ᠃

       8. ᠲᠡᠭᠦᠵᠤ ᠬᠤᠷᠢᠶᠠᠬᠤ ᠳᠠᠭᠠᠨ ᠶᠠᠭᠤ ᠶᠢ ᠠᠩᠬᠠᠷᠬᠤ ᠴᠢᠬᠤᠯᠠ ᠲᠠᠢ ᠪᠤᠢ︖

       ᠪᠦᠭᠡᠷᠡᠩᠭᠡᠢ ᠰᠤᠩᠭᠢᠨ᠎ᠠ ᠶᠢᠨ 70% ᠶᠢᠨ ᠨᠠᠪᠴᠢ ᠨᠢ ᠬᠤᠮᠦ᠋ᠢᠬᠤ ᠦᠶᠡᠰ ᠡᠭᠢᠯᠡᠨ ᠬᠤᠷᠢᠶᠠᠨ᠎ᠠ᠃ ᠰᠤᠩᠭᠢᠨ᠎ᠠ ᠪᠠᠨ ᠬᠤᠷᠢᠶ᠋ᠬᠠᠰᠠᠨ ᠤ ᠰᠡᠭᠦᠯᠡᠷ ᠲᠠᠷᠢᠶᠠᠨ ᠭᠠᠵᠠᠷ ᠢᠶᠠᠨ 3~5 ᠡᠳᠤᠷ ᠡᠭᠡᠭᠡᠨ ᠬᠠᠳᠠᠭᠠᠵᠤ᠂ ᠰᠤᠩᠭᠢᠨ᠎ᠠ ᠶᠢᠨ ᠨᠠᠪᠴᠢ ᠨᠢ ᠪᠦᠭᠦᠨ ᠢᠶᠠᠷ ᠢᠶᠠᠨ ᠬᠠᠳ᠋ᠬᠠᠰᠠᠨ ᠤ ᠰᠡᠭᠦᠯᠡᠷ ᠲᠠᠰ ᠢᠯᠭᠠᠨ ᠭᠦᠷᠦᠭᠦ ᠪᠤᠶᠤ ᠬᠠᠶᠢᠴᠢᠯᠠᠵᠤ᠂ ᠲᠠᠷᠠᠭ᠎ᠠ ᠪᠠᠷ ᠨᠢ ᠲᠠᠰ ᠢᠯᠭᠠᠨ ᠰᠠᠯᠭᠢ ᠨᠡᠪᠳᠡᠷᠡᠭᠦ ᠰᠡᠭᠦᠳᠡᠷ ᠭᠠᠵᠠᠷ ᠤᠪᠤᠭᠠᠯᠠᠵᠤ ᠲᠠᠯᠪᠢᠨ᠎ᠠ᠃ ᠨᠠᠷᠠᠨ ᠬᠤᠸᠠᠷ ᠢ ᠪᠤᠯ 10 ᠳ᠋ᠤᠭᠠᠷ ᠰᠠᠷ᠎ᠠ ᠶᠢᠨ ᠡᠭᠢ ᠪᠤᠶᠤ ᠲᠤᠮᠳᠠᠴᠢ ᠪᠠᠷ ᠲᠡᠭᠦᠵᠤ ᠬᠤᠷᠢᠶᠠᠨ᠎ᠠ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
Baidu
map