1. ᠪᠤᠭᠤᠳᠠᠢ ᠶᠢ ᠠᠶᠤᠯ ᠦᠬᠡᠢ ᠦᠢᠯᠡᠳᠪᠦᠷᠢᠯᠡᠬᠦ ᠤᠷ᠎ᠠ ᠮᠡᠷᠭᠡᠵᠢᠯ ᠳᠤ ᠶᠠᠮᠠᠷ ᠶᠠᠮᠠᠷ ᠠᠭᠤᠯᠭ᠎ᠠ ᠪᠠᠭᠳᠠᠵᠤ ᠪᠠᠶᠢᠬᠤ ᠪᠤᠢ︖
ᠪᠤᠭᠤᠳᠠᠢ ᠶᠢ ᠠᠶᠤᠯ ᠦᠬᠡᠢ ᠦᠢᠯᠡᠳᠪᠦᠷᠢᠯᠡᠬᠦ ᠤᠷ᠎ᠠ ᠮᠡᠷᠭᠡᠵᠢᠯ ᠳᠤ ᠲᠤᠤᠷᠠᠭᠢ ᠭᠡᠳᠦᠨ ᠠᠭᠤᠯᠭ᠎ᠠ ᠪᠠᠭᠳᠠᠨ᠎ᠠ᠃
︵1︶ ᠭᠠᠵᠠᠷ ᠰᠤᠩᠭᠤᠬᠤ ᠪᠠ ᠭᠠᠵᠠᠷ ᠲᠡᠭᠰᠢᠯᠡᠭᠦ᠃
︵2︶ ᠦᠷ᠎ᠡ ᠰᠤᠷᠲ ᠰᠤᠩᠭᠤᠬᠤ᠃
︵3︶ ᠦᠷ᠎ᠡ ᠶᠢ ᠰᠢᠢᠳᠪᠤᠷᠢᠯᠡᠭᠦ᠃ ᠡᠭᠦᠨ ᠳᠤ ᠦᠷ᠎ᠡ ᠶᠢᠨ ᠰᠤᠶᠤᠭᠠᠯᠠᠯᠳᠠ ᠶᠢᠨ ᠨᠤᠷᠮ᠎ᠠ ᠶᠢ ᠭᠡᠮᠵᠢᠨ ᠲᠤᠠᠠᠳᠠᠭᠠᠬᠤ᠂ ᠦᠷ᠎ᠡ ᠶᠢ ᠡᠭᠡᠭᠡᠵᠤ ᠬᠠᠳᠠᠭᠠᠬᠤ᠂ ᠦᠷ᠎ᠡ ᠶᠢ ᠪᠤᠭᠤᠬᠤ᠂ ᠦᠷ᠎ᠡ ᠶᠢ ᠡᠮ ᠲᠠᠢ ᠪᠠᠭᠰᠤᠷᠬᠤ ᠪᠠ ᠦᠷ᠎ᠡ ᠶᠢ ᠪᠦᠷᠢᠭᠦ ᠪᠠᠭᠳᠠᠨ᠎ᠠ᠃
︵4︶ ᠲᠠᠷᠢᠬᠤ᠃ ᠡᠭᠦᠨ ᠳᠤ ᠭᠤᠤᠯ ᠨᠢ ᠲᠠᠷᠢᠬᠤ ᠭᠡᠯᠪᠡᠷᠢ ᠶᠢ ᠰᠤᠩᠭᠤᠬᠤ᠂ ᠲᠠᠷᠢᠬᠤ ᠳᠤ ᠲᠤᠭᠢᠷᠠᠮᠵᠢᠳᠡᠢ ᠴᠠᠭ ᠦᠶ᠎ᠠ ᠶᠢ ᠰᠤᠩᠭᠤᠬᠤ᠂ ᠲᠠᠷᠢᠬᠤ ᠠᠷᠭ᠎ᠠ ᠶᠢ ᠲᠤᠠᠠᠳᠠᠭᠠᠬᠤ ᠵᠢᠴᠢ ᠪᠠᠷᠢᠮᠵᠢᠶᠠᠯᠠᠨ ᠲᠠᠷᠢᠬᠤ ᠪᠠᠭᠳᠠᠨ᠎ᠠ᠃
︵5︶ ᠲᠠᠷᠢᠶᠠᠨ ᠳᠠᠬᠢ ᠠᠷᠠᠴᠢᠯᠠᠯᠳᠠ᠃ ᠡᠭᠦᠨ ᠳᠤ ᠭᠤᠤᠯ ᠨᠢ ᠲᠠᠷᠢᠶ᠎ᠠ ᠪᠠᠨ ᠪᠠᠶᠢᠴᠠᠭᠠᠨ ᠨᠦᠭᠦᠵᠤ ᠲᠠᠷᠢᠬᠤ᠂ ᠵᠤᠭᠢᠰᠳᠠᠢ ᠤᠰᠤᠯᠠᠬᠤ᠂ ᠠᠷᠴᠢᠬᠤ᠂ ᠵᠤᠭᠢᠰᠳᠡᠢ ᠪᠤᠷᠳᠤᠭᠤᠷ ᠤᠷᠤᠭᠤᠯᠬᠤ ᠵᠢᠴᠢ ᠭᠡᠮ ᠬᠤᠷᠤᠬᠠᠢ ᠶᠢᠨ ᠭᠦᠨᠦᠭᠡᠯ ᠢ ᠰᠡᠷᠭᠡᠶᠢᠯᠡᠨ ᠵᠠᠰᠠᠬᠤ ᠪᠠᠭᠳᠠᠨ᠎ᠠ᠃
︵6︶ ᠬᠠᠳᠤᠵᠤ ᠬᠤᠷᠢᠶᠠᠬᠤ᠃ ᠵᠦᠭᠡᠭᠡᠪᠤᠷᠢᠯᠡᠭᠦ᠂ ᠬᠠᠳᠠᠭᠠᠯᠠᠬᠤ ᠪᠠ ᠡᠳ᠋ᠰᠢᠭᠦᠯᠭᠦ ᠪᠠᠭᠳᠠᠨ᠎ᠠ᠃
2. ᠪᠤᠭᠤᠳᠠᠢ ᠶᠢ ᠠᠶᠤᠯ ᠦᠬᠡᠢ ᠦᠢᠯᠡᠳᠪᠦᠷᠢᠯᠡᠬᠦ ᠳᠤ ᠰᠤᠷᠲ ᠰᠤᠩᠭᠤᠬᠤ ᠳᠠᠭᠠᠨ ᠶᠠᠮᠠᠷ ᠠᠰᠠᠭᠤᠳᠠᠯ ᠢ ᠠᠩᠬᠠᠷᠬᠤ ᠴᠢᠬᠤᠯᠠ ᠲᠠᠢ ᠪᠤᠢ︖
ᠦᠷ᠎ᠡ ᠰᠤᠷᠲ ᠰᠤᠩᠭᠤᠬᠤ ᠳᠤ ᠲᠤᠬᠠᠢ ᠶᠢᠨ ᠭᠠᠵᠠᠷ ᠤᠨ ᠭᠦᠷᠦᠰᠤ᠂ ᠰᠢᠷᠤᠢ᠂ ᠭᠠᠵᠠᠷ ᠤᠨ ᠪᠠᠶᠢᠴᠠ ᠶᠢᠨ ᠨᠦᠭᠦᠴᠡᠯ᠂ ᠬᠤᠷᠠᠮᠳᠤᠠᠠᠰᠠᠨ ᠲᠤᠯᠠᠭᠠᠨ ᠤ ᠭᠡᠮᠵᠢᠶ᠎ᠠ᠂ ᠦᠢᠯᠡᠳᠪᠤᠷᠢᠯᠡᠯ ᠤᠨ ᠮᠡᠷᠭᠡᠵᠢᠯ ᠤᠨ ᠭᠢᠷᠢ ᠭᠡᠮᠵᠢᠶ᠎ᠠ ᠵᠢᠴᠢ ᠨᠠᠶᠢᠳᠡ ᠶᠢᠨ ᠬᠤᠤᠷ ᠭᠦᠨᠦᠭᠡᠯ ᠦᠭᠡᠢ ︵ᠪᠤᠭᠢᠷᠳᠤᠯ ᠦᠭᠡᠢ᠂ ᠤᠷᠭᠠᠨᠢᠭ︶ ᠢᠳᠡᠭᠡᠨ ᠠᠴᠠ ᠪᠤᠭᠤᠳᠠᠢ ᠶᠢᠨ ᠲᠦᠷᠦᠯ ᠵᠦᠢᠯ ᠳᠤ ᠲᠠᠯᠪᠢᠵᠤ ᠪᠦᠭᠦᠢ ᠱᠠᠭᠠᠷᠳᠠᠯᠭ᠎ᠠ ᠶᠢ ᠦᠨᠳᠦᠰᠦᠯᠡᠵᠤ᠂ ᠤᠰᠤᠯᠢᠭ ᠭᠠᠵᠠᠷ ᠤᠨ ᠪᠤᠭᠤᠳᠠᠢ ᠳᠤ ᠴᠢᠨᠠᠷ ᠰᠠᠶᠢᠳᠠᠢ᠂ ᠭᠡᠮ ᠢ ᠡᠰᠡᠷᠭᠦᠴᠡᠭᠦ ᠴᠢᠨᠠᠷ ᠢᠶᠠᠷ ᠴᠢᠩᠭ᠎ᠠ᠂ ᠨᠠᠯᠡᠵᠤ ᠤᠨᠠᠬᠤ ᠦᠭᠡᠢ ᠲᠤᠮᠳᠠ ᠡᠷᠳᠡ ᠪᠤᠯᠪᠠᠰᠤᠷᠠᠬᠤ ᠦᠷ᠎ᠡ ᠰᠤᠷᠲ ᠢ ᠰᠤᠩᠭᠤᠨ ᠭᠡᠷᠡᠭᠯᠡᠵᠤ᠂ ᠬᠠᠭᠤᠷᠠᠢ ᠭᠠᠵᠠᠷ ᠤᠨ ᠪᠤᠭᠤᠳᠠᠢ ᠳᠤ ᠭᠠᠩ ᠳᠤ ᠲᠠᠰᠪᠤᠷᠢᠳᠡᠢ᠂ ᠲᠠᠴᠢᠷ ᠮᠠᠭᠤ ᠭᠠᠵᠠᠷ ᠲᠤ ᠲᠠᠰᠪᠤᠷᠢᠳᠡᠢ᠂ ᠲᠤᠭᠢᠷᠠᠯᠴᠠᠬᠤ ᠴᠢᠨᠠᠷ ᠢᠶᠠᠷ ᠴᠢᠩᠭ᠎ᠠ ᠰᠢᠯᠢᠳᠡᠭ ᠦᠷ᠎ᠡ ᠰᠤᠷᠲ ᠢ ᠰᠤᠩᠭᠤᠬᠤ ᠭᠡᠷᠡᠭᠳᠡᠢ᠃ ᠦᠷ᠎ᠡ ᠶᠢᠨ ᠴᠠᠪᠠᠷᠵᠢᠴᠡ ᠶᠢ 99% ᠠᠴᠠ ᠲᠡᠭᠡᠭᠰᠢ᠂ ᠠᠷᠢᠭᠤᠳᠬᠠᠯ ᠢ 98%᠂ ᠰᠤᠶᠤᠭᠠᠯᠠᠯᠳᠠ ᠶᠢᠨ ᠨᠤᠷᠮ᠎ᠠ ᠶᠢ 85% ᠠᠴᠠ ᠲᠡᠭᠡᠭᠰᠢ᠂ ᠤᠰᠤᠨ ᠤ ᠠᠭᠤᠯᠤᠭᠳᠠᠴᠨ ᠶᠢ 13% ᠠᠴᠠ ᠲᠤᠷᠤᠠᠠᠰᠢ ᠪᠠᠶᠢᠯᠭᠠᠬᠤ ᠭᠡᠷᠡᠭᠳᠡᠢ᠃
3. ᠮᠠᠨ ᠤ ᠤᠯᠤᠰ ᠤᠨ ᠪᠠᠶᠢᠡᠭᠭᠤ ᠭᠡᠷᠡᠭᠯᠡᠵᠤ ᠪᠦᠭᠦᠢ ᠴᠢᠨᠠᠷ ᠰᠠᠶᠢᠳᠠᠢ ᠲᠤᠰᠬᠠᠢ ᠭᠡᠷᠡᠭᠯᠡᠬᠡᠨ ᠤ ᠪᠤᠭᠤᠳᠠᠢ ᠶᠢᠨ ᠰᠤᠷᠲ ᠭᠡᠳᠦᠨ ᠵᠦᠢᠯ ᠪᠠᠶᠢᠬᠤ ᠪᠤᠢ︖
ᠮᠠᠨ ᠤ ᠤᠯᠤᠰ ᠤᠨ ᠪᠠᠶᠢᠡᠭᠭᠤ ᠭᠡᠷᠡᠭᠯᠡᠵᠤ ᠪᠠᠶᠢᠭ᠎ᠠ ᠴᠢᠨᠠᠷ ᠰᠠᠶᠢᠳᠠᠢ ᠲᠤᠰᠬᠠᠢ ᠭᠡᠷᠡᠭᠯᠡᠭᠡᠨ ᠤ ᠪᠤᠭᠤᠳᠠᠢ ᠶᠢᠨ ᠦᠷ᠎ᠡ ᠰᠤᠷᠲ ᠭᠤᠤᠯ ᠨᠢ ᠲᠤᠤᠷᠠᠭᠢ ᠮᠡᠳᠤ ᠭᠡᠳᠦᠨ ᠵᠦᠢᠯ ᠪᠠᠶᠢᠨ᠎ᠠ᠃
︵1︶ ᠭᠤᠤ ᠴᠧᠩ ︵藁城︶ ᠤᠨ ᠰᠢᠯᠢᠳᠡᠭ 9409 ᠨᠤᠮᠧᠷᠳᠤ᠄ ᠾᠧᠪᠸᠢ ᠮᠤᠵᠢ ᠶᠢᠨ ᠭᠤᠤ ᠴᠧᠩ ᠬᠤᠳᠠ ᠶᠢᠨ ᠲᠠᠷᠢᠶᠠᠯᠠᠩ ᠤᠨ ᠰᠢᠨᠵᠢᠯᠡᠭᠦ ᠤᠬᠠᠭᠠᠨ ᠤ ᠰᠤᠳᠤᠯᠤᠯ ᠤᠨ ᠭᠠᠵᠠᠷ ᠪᠤᠶᠢᠵᠢᠭᠤᠯᠵᠠᠢ᠃ ᠦᠨᠳᠤᠷ ᠬᠤᠷᠢᠶᠠᠯᠳᠠ ᠲᠠᠢ᠂ ᠲᠤᠠᠠᠳᠠᠭᠤᠨ ᠤᠨᠠᠯᠳᠠ ᠲᠠᠢ ᠪᠠᠶᠢᠳᠠᠭ᠃ ᠡᠰᠢ ᠶᠢᠨ ᠦᠨᠳᠤᠷ ᠨᠢ 75~78cm ᠪᠠᠶᠢᠵᠤ᠂ ᠪᠤᠳᠠᠯᠠᠬᠤ ᠭᠦᠴᠤᠨ ᠢᠶᠠᠷ ᠮᠠᠰᠢ ᠴᠢᠩᠭ᠎ᠠ᠂ ᠲᠠᠷᠢᠶᠠᠨ ᠲᠦᠷᠦᠭᠦᠤ ᠨᠢ ᠨᠡᠯᠢᠶᠡᠳ ᠵᠢᠭᠳᠡ ᠪᠦᠭᠡᠳ ᠤᠷᠭᠢᠴᠠ ᠭᠡᠯᠪᠡᠷᠢ ᠲᠠᠢ᠂ ᠤᠷᠳᠤ ᠦᠰᠤ ᠲᠠᠢ᠂ ᠴᠠᠭᠠᠨ ᠬᠠᠯᠢᠰᠤ᠂ ᠴᠠᠭᠠᠨ ᠮᠦᠭᠦᠯᠢᠭ ᠲᠠᠢ᠂ ᠬᠠᠳᠠᠭᠤᠯᠢᠭ ᠴᠢᠨᠠᠷ ᠲᠠᠢ᠂ ᠲᠦᠷᠦᠭᠦᠤ ᠪᠦᠷᠢ ᠲᠤᠮᠳᠠᠴᠢ ᠪᠠᠷ 32 ᠮᠦᠭᠦᠯᠢᠭ ᠲᠠᠢ᠂ ᠮᠢᠩᠭᠠᠨ ᠮᠦᠭᠦᠯᠢᠭ ᠤᠨ ᠭᠦᠨᠳᠤ ᠨᠢ 42g᠂ ᠨᠢᠭᠡᠴᠢ ᠶᠢᠨ ᠪᠠᠭᠳᠠᠭᠠᠮᠵᠢ ᠶᠢᠨ ᠭᠦᠨᠳᠤ ᠨᠢ ᠯᠢᠲᠷ ᠪᠦᠷᠢ 750~839g ᠪᠠᠶᠢᠳᠠᠭ᠃ ᠬᠠᠭᠠᠰ ᠡᠪᠤᠯᠵᠢᠯ ᠤᠨ ᠴᠢᠨᠠᠷ ᠲᠠᠢ ᠲᠤᠮᠳᠠ ᠪᠤᠯᠪᠠᠰᠤᠷᠠᠯᠳᠠ ᠶᠢᠨ ᠦᠷ᠎ᠡ ᠰᠤᠷᠲ ᠲᠤ ᠬᠠᠷᠢᠶᠠᠯᠬᠠᠳᠠᠨ᠎ᠠ᠃ ᠨᠠᠯᠡᠵᠤ ᠤᠨᠠᠬᠤ ᠶᠢ ᠲᠠᠰᠭᠦ ᠪᠠᠷ ᠴᠢᠩᠭ᠎ᠠ᠂ ᠭᠡᠮ ᠢ ᠡᠰᠡᠷᠭᠦᠴᠡᠭᠦ ᠴᠢᠳᠠᠯ ᠢᠶᠠᠷ ᠲᠤᠮᠳᠠ ᠵᠡᠷᠭᠡ ᠪᠠᠶᠢᠵᠤ᠂ ᠪᠤᠯᠪᠠᠰᠤᠷᠠᠯᠳᠠ ᠪᠠᠷ ᠮᠠᠰᠢ ᠰᠠᠶᠢᠨ ᠪᠠᠶᠢᠳᠠᠭ᠃ ᠲᠠᠯᠬ᠎ᠠ ᠶᠢᠨ ᠭᠤᠯᠢᠷ᠂ ᠪᠤᠤᠰᠠ ᠪᠠᠩᠰᠢ ᠶᠢᠨ ᠭᠤᠯᠢᠷ ᠪᠤᠯᠭᠠᠬᠤ ᠳᠤ ᠲᠡᠭᠡᠳᠤ ᠲᠠᠰ ᠤᠨ ᠲᠦᠭᠦᠭᠡᠢ ᠮᠠᠲ᠋ᠧᠷᠢᠶᠠᠯ ᠪᠤᠯᠬᠤ ᠪᠦᠭᠡᠳ ᠾᠧᠪᠸᠢ ᠶᠢᠨ ᠲᠤᠮᠳᠠᠳᠤ ᠡᠮᠦᠨᠡᠳᠤ ᠤᠷᠤᠨ ᠤ ᠤᠰᠤ ᠪᠤᠷᠳᠤᠭᠤᠷ ᠰᠠᠶᠢᠳᠠᠢ ᠭᠠᠵᠠᠷ ᠤᠷᠤᠨ ᠳᠤ ᠲᠠᠷᠢᠬᠤ ᠳᠤ ᠲᠤᠭᠢᠷᠠᠨ᠎ᠠ᠃
︵2︶ 8901-11 ᠨᠤᠮᠧᠷᠳᠤ᠄ ᠾᠧᠪᠸᠢ ᠮᠤᠵᠢ ᠶᠢᠨ ᠭᠤᠤ ᠴᠧᠩ ᠬᠤᠳᠠ ᠶᠢᠨ ᠲᠠᠷᠢᠶᠠᠯᠠᠩ ᠤᠨ ᠰᠢᠨᠵᠢᠯᠡᠭᠦ ᠤᠬᠠᠭᠠᠨ ᠤ ᠰᠤᠳᠤᠯᠤᠯ ᠤᠨ ᠭᠠᠵᠠᠷ ᠪᠤᠶᠢᠵᠢᠭᠤᠯᠵᠠᠢ᠃ ᠶᠡᠭᠡ ᠪᠠᠷ ᠲᠠᠷᠢᠬᠤ ᠳᠤ ᠶᠠᠷᠦᠩᠭᠡᠢ ᠳᠡᠭᠡᠨ ᠮᠤ᠋ ᠪᠦᠷᠢ ᠶᠢᠨ ᠤᠨᠠᠯᠳᠠ ᠨᠢ 400kg ᠪᠠᠶᠢᠳᠠᠭ᠃ ᠡᠰᠢ ᠶᠢᠨ ᠦᠨᠳᠤᠷ ᠨᠢ 82cm᠂ ᠲᠦᠷᠦᠭᠦᠤ ᠨᠢ ᠤᠷᠳᠤ ᠲᠦᠷᠪᠡᠯᠵᠢᠨ᠂ ᠦᠰᠤ ᠨᠢ ᠤᠬᠤᠷ᠂ ᠴᠠᠭᠠᠨ ᠬᠠᠯᠢᠰᠤ᠂ ᠴᠠᠭᠠᠨ ᠮᠦᠭᠦᠯᠢᠭ ᠲᠠᠢ᠂ ᠬᠠᠳᠠᠭᠤᠯᠢᠭ ᠴᠢᠨᠠᠷ ᠲᠠᠢ᠃ ᠲᠦᠷᠦᠭᠦᠤ ᠶᠢᠨ ᠮᠦᠭᠦᠯᠢᠭ ᠤᠨ ᠲᠤᠭ᠎ᠠ ᠨᠢ 34 ᠤᠷᠴᠢᠮ ᠪᠠᠶᠢᠵᠤ᠂ ᠮᠢᠩᠭᠠᠨ ᠮᠦᠭᠦᠯᠢᠭ ᠤᠨ ᠭᠦᠨᠳᠤ ᠨᠢ 32g ᠤᠷᠴᠢᠮ᠂ ᠨᠢᠭᠡᠴᠢ ᠶᠢᠨ ᠪᠠᠭᠳᠠᠭᠠᠮᠵᠢ ᠶᠢᠨ ᠭᠦᠨᠳᠤ ᠨᠢ ᠯᠢᠲᠷ ᠪᠦᠷᠢ 810g ᠪᠠᠶᠢᠳᠠᠭ᠃ ᠬᠠᠭᠠᠰ ᠡᠪᠤᠯᠵᠢᠯ ᠤᠨ ᠴᠢᠨᠠᠷ ᠲᠠᠢ ᠲᠤᠮᠳᠠ ᠤᠷᠤᠢ ᠪᠤᠯᠪᠠᠰᠤᠷᠠᠬᠤ ᠦᠷ᠎ᠡ ᠰᠤᠷᠲ ᠪᠤᠯᠤᠨ᠎ᠠ᠃ ᠪᠤᠳᠠᠯᠠᠬᠤ ᠭᠦᠴᠤᠨ ᠢᠶᠠᠷ ᠮᠠᠰᠢ ᠴᠢᠩᠭ᠎ᠠ᠂ ᠲᠦᠷᠤᠬᠦᠳᠤᠬᠦ ᠨᠤᠷᠮ᠎ᠠ ᠨᠢ ᠲᠤᠮᠳᠠ ᠵᠡᠷᠭᠡ᠂ ᠲᠦᠷᠦᠭᠦᠤ ᠨᠢ ᠵᠢᠭᠳᠡ ᠦᠭᠡᠢ᠂ ᠨᠠᠯᠡᠵᠤ ᠤᠨᠠᠳᠠᠭ ᠦᠭᠡᠢ᠂ ᠪᠤᠭᠤᠳᠠᠢ ᠶᠢᠨ ᠰᠢᠷᠠᠯᠠᠬᠤ ᠨᠢ ᠪᠠᠷᠤᠠᠠᠳᠠᠢ᠂ ᠵᠤᠷᠪᠤᠰᠯᠢᠬ ᠵᠢᠪᠡᠷᠡᠭᠦ ᠡᠪᠡᠳᠴᠢᠨ ᠢ ᠲᠠᠷᠤᠵᠤ᠂ ᠨᠠᠪᠴᠢ ᠵᠢᠪᠡᠷᠡᠭᠦ ᠭᠡᠮ ᠢ ᠰᠡᠷᠭᠡᠶᠢᠯᠡᠵᠤ᠂ ᠴᠠᠭᠠᠨ ᠲᠤᠭᠤᠰᠤᠳᠤ ᠭᠡᠮ ᠳᠤ ᠨᠡᠷᠪᠡᠭᠳᠡᠳᠡᠭ᠃ ᠲᠠᠯᠬ᠎ᠠ᠂ ᠪᠠᠩᠰᠢ ᠭᠢᠭᠦ ᠳᠤ ᠲᠤᠰᠬᠠᠢ ᠭᠡᠷᠡᠭᠯᠡᠭᠦ ᠭᠤᠯᠢᠷ ᠤᠨ ᠲᠦᠷᠦᠯ ᠪᠤᠯᠤᠨ᠎ᠠ᠃ ᠾᠧᠪᠸᠢ ᠶᠢᠨ ᠲᠤᠮᠳᠠᠳᠤ ᠡᠮᠦᠨᠡᠳᠤ ᠭᠡᠰᠡᠭ ᠤᠨ ᠤᠰᠤ ᠪᠤᠷᠳᠤᠭᠤᠷ ᠪᠠᠭ᠎ᠠ ᠤᠷᠤᠨ ᠳᠤ ᠲᠠᠷᠢᠬᠤ ᠳᠤ ᠵᠤᠭᠢᠷᠠᠨ᠎ᠠ᠃
︵3︶ ᠾᠧᠨᠠᠨ ᠪᠤᠭᠤᠳᠠᠢ 34 ᠨᠤᠮᠧᠷᠳᠤ᠄ ᠾᠧᠨᠡᠨ ᠮᠤᠵᠢ ᠶᠢᠨ ᠵᠸᠡᠭᠵᠸᠤ ᠬᠤᠳᠠ ᠶᠢᠨ ᠲᠠᠷᠢᠶᠠᠯᠠᠩ ᠤᠨ ᠰᠢᠨᠵᠢᠯᠡᠭᠦ ᠤᠬᠠᠭᠠᠨ ᠤ ᠰᠤᠳᠤᠯᠤᠯ ᠤᠨ ᠭᠠᠵᠠᠷ ᠰᠤᠩᠭᠤᠨ ᠪᠤᠶᠢᠵᠢᠭᠤᠯᠵᠠᠢ᠃ ᠲᠤᠰ ᠡᠭᠦᠯᠳᠡᠷ ᠪᠤᠯ ᠬᠠᠪᠤᠷᠵᠢᠯ ᠳᠤ ᠪᠠᠭᠤᠷᠠᠢ᠂ ᠲᠤᠮᠳᠠ ᠡᠷᠳᠡ ᠪᠤᠯᠪᠠᠰᠤᠷᠠᠳᠠᠭ ᠰᠤᠷᠲ ᠪᠤᠯᠤᠨ᠎ᠠ᠃ ᠡᠰᠢ ᠶᠢᠨ ᠦᠨᠳᠤᠷ ᠨᠢ 80cm ᠤᠷᠴᠢᠮ ᠪᠠᠶᠢᠵᠤ᠂ ᠨᠠᠯᠡᠵᠤ ᠤᠨᠠᠳᠠᠭ ᠦᠭᠡᠢ᠃
ᠡᠰᠢ ᠨᠢ ᠨᠡᠯᠢᠶᠡᠳ ᠠᠪᠴᠠᠯᠳᠤᠩᠭᠤᠢ᠂ ᠲᠦᠷᠦᠭᠦᠤ ᠨᠢ ᠤᠷᠳᠤᠯᠵᠢᠨ ᠭᠡᠯᠪᠡᠷᠢ ᠲᠠᠢ᠂ ᠦᠰᠤ ᠨᠢ ᠤᠷᠳᠤ᠂ ᠦᠷ᠎ᠡ ᠮᠦᠭᠦᠯᠢᠭ ᠨᠢ ᠵᠤᠤᠪᠠᠩ ᠭᠡᠯᠪᠡᠷᠢ ᠲᠠᠢ᠃
ᠤᠰᠤ ᠪᠤᠷᠳᠤᠭᠤᠷ ᠰᠠᠶᠢᠳᠠᠢ ᠨᠦᠭᠦᠴᠡᠯ ᠲᠤᠤᠷ᠎ᠡ᠂ ᠲᠦᠷᠦᠭᠦᠤ ᠶᠢᠨ ᠮᠦᠭᠦᠯᠢᠭ ᠨᠢ 28 ᠤᠷᠴᠢᠮ ᠪᠠᠶᠢᠵᠤ᠂ ᠮᠢᠩᠭᠠᠨ ᠮᠦᠭᠦᠯᠢᠭ ᠤᠨ ᠭᠦᠨᠳᠤ ᠨᠢ 45g ᠤᠷᠴᠢᠮ ᠪᠠᠶᠢᠳᠠᠭ᠃ ᠮᠤ᠋ ᠪᠦᠷᠢ ᠶᠢᠨ ᠤᠨᠠᠯᠳᠠ ᠨᠢ 450kg ᠤᠷᠴᠢᠮ ᠪᠠᠶᠢᠳᠠᠭ᠃ ᠴᠠᠭᠠᠨ ᠲᠤᠭᠤᠰᠤᠳᠤ ᠭᠡᠮ᠂ ᠨᠠᠪᠴᠢ ᠵᠢᠪᠠᠷᠠᠭᠦ ᠭᠡᠮ ᠢ ᠲᠠᠷᠤᠵᠤ᠂ ᠵᠤᠷᠪᠤᠰᠯᠢᠭ ᠵᠢᠪᠠᠷᠠᠯ ᠭᠡᠮ ᠳᠤ ᠨᠡᠷᠪᠡᠭᠳᠡᠳᠡᠭ᠃ ᠮᠠᠭᠤ ᠲᠠᠯ᠎ᠠ ᠨᠢ ᠭᠡᠪᠡᠯ ᠭᠦᠢᠳᠡᠨ ᠳᠤ ᠦᠯᠴᠢᠷ ᠦᠭᠡᠢ᠂ ᠭᠠᠩ ᠳᠤ ᠲᠠᠰᠪᠤᠷᠢ ᠪᠠᠷ ᠪᠠᠷᠤᠠᠠᠳᠠᠢ᠃ ᠦᠷ᠎ᠡ ᠮᠦᠭᠦᠯᠢᠭ ᠨᠢ ᠪᠠᠭ᠋ᠠᠨ ᠴᠦᠭᠡᠨ ᠪᠠᠶᠢᠳᠠᠭ᠃ ᠬᠠᠳᠤᠨ ᠭᠤᠤᠯ᠂ ᠬᠤᠸᠠᠢ ᠾᠧ ᠭᠤᠤᠯ ᠤᠨ ᠪᠤᠭᠤᠳᠠᠢ ᠶᠢᠨ ᠤᠷᠤᠨ ᠤ ᠡᠮᠦᠨᠡᠳᠤ ᠭᠡᠰᠡᠭ ᠤᠨ ᠤᠰᠤ ᠪᠤᠷᠳᠤᠭᠤᠷ ᠲᠠᠢ ᠭᠠᠵᠠᠷ ᠲᠠᠷᠢᠬᠤ ᠳᠤ ᠲᠤᠭᠢᠷᠠᠬᠤ ᠪᠦᠭᠡᠳ ᠲᠠᠯᠬ᠎ᠠ ᠳᠤ ᠲᠤᠰᠬᠠᠢ ᠭᠡᠷᠡᠭᠯᠡᠭᠦ ᠭᠤᠯᠢᠷ ᠦᠢᠯᠡᠳᠪᠤᠷᠢᠯᠡᠵᠤ ᠪᠤᠯᠤᠨ᠎ᠠ᠃
︵4︶ ᠵᠢᠨᠠᠨ 17 ᠨᠤᠮᠧᠷᠳᠤ᠄ ᠱᠠᠠᠳᠦ᠋ᠩ ᠮᠤᠵᠢ ᠶᠢᠨ ᠲᠠᠷᠢᠶᠠᠯᠠᠩ ᠤᠨ ᠰᠢᠨᠵᠢᠯᠡᠭᠦ ᠤᠬᠠᠭᠠᠨ ᠤ ᠭᠦᠷᠢᠶᠡᠯᠡᠩ ᠤᠨ ᠲᠠᠷᠢᠮᠠᠯ ᠰᠤᠳᠤᠯᠬᠤ ᠭᠠᠵᠠᠷ ᠰᠤᠩᠭᠤᠨ ᠪᠤᠶᠢᠵᠢᠭᠤᠯᠵᠠᠢ᠃ ᠡᠪᠤᠯᠵᠢᠯ ᠤᠨ ᠴᠢᠨᠠᠷ ᠲᠠᠢ᠂ ᠭᠦᠢᠳᠡᠨ ᠳᠤ ᠦᠯᠴᠢᠷ᠂ ᠪᠤᠳᠠᠯᠠᠬᠤ ᠭᠦᠴᠤᠨ ᠢᠶᠠᠷ ᠴᠢᠩᠭ᠎ᠠ᠂ ᠪᠤᠯᠪᠠᠰᠤᠷᠠᠬᠤ ᠨᠤᠷᠮ᠎ᠠ ᠨᠢ ᠦᠨᠳᠤᠷ᠂ ᠡᠰᠢ ᠨᠢ ᠠᠪᠴᠠᠯᠳᠤᠩᠭᠤᠢ᠂ ᠨᠠᠪᠴᠢ ᠨᠢ ᠡᠷᠳᠡᠭᠡᠷ᠂ ᠭᠡᠮ ᠢ ᠲᠠᠷᠤᠬᠤ ᠴᠢᠳᠠᠯ ᠲᠠᠢ᠂ ᠡᠰᠢ ᠶᠢᠨ ᠦᠨᠳᠤᠷ ᠨᠢ 75cm᠂ ᠡᠰᠢ ᠨᠢ ᠬᠠᠳᠠᠭᠤ᠂ ᠨᠠᠯᠡᠵᠤ ᠤᠨᠠᠳᠠᠭ ᠦᠭᠡᠢ᠂ ᠬᠠᠯᠠᠭᠤᠨ ᠰᠠᠯᠭᠢᠨ ᠳᠤ ᠲᠠᠰᠪᠤᠷᠢᠳᠡᠢ᠃ ᠦᠰᠤ ᠦᠭᠡᠢ᠂ ᠮᠦᠭᠦᠯᠢᠭ ᠨᠢ ᠴᠠᠭᠠᠨ ᠪᠦᠭᠡᠳ ᠡᠪᠡᠷᠯᠢᠭ᠂ ᠰᠢᠷᠠᠯᠠᠬᠤ ᠨᠢ ᠰᠠᠶᠢᠨ ᠪᠠᠶᠢᠳᠠᠭ᠃ ᠮᠤ᠋ ᠪᠦᠷᠢ ᠶᠢᠨ ᠲᠦᠷᠦᠭᠦᠤ ᠶᠢᠨ ᠲᠤᠭ᠎ᠠ ᠨᠢ 45 ᠲᠦᠮᠡᠨ ᠤᠷᠴᠢᠮ ᠪᠠᠶᠢᠬᠤ ᠨᠢ ᠰᠠᠶᠢᠨ ᠳᠤ ᠲᠤᠭᠠᠴᠬᠠᠳᠠᠵᠤ᠂ ᠲᠦᠷᠦᠭᠦᠤ ᠪᠦᠷᠢ ᠶᠢᠨ ᠮᠦᠭᠦᠯᠢᠭ ᠨᠢ 30~35 ᠮᠦᠭᠦᠯᠢᠭ ᠪᠠᠶᠢᠵᠤ᠂ ᠮᠢᠩᠭᠠᠨ ᠮᠦᠭᠦᠯᠢᠭ ᠤᠨ ᠭᠦᠨᠳᠤ ᠨᠢ 38~42g ᠪᠠᠶᠢᠳᠠᠭ᠃ ᠲᠠᠩ ᠢᠶᠠᠷ ᠨᠢ ᠴᠢᠨᠠᠷ ᠰᠠᠶᠢᠳᠠᠢ ᠲᠠᠯᠬ᠎ᠠ ᠦᠢᠯᠡᠳᠪᠤᠷᠢᠯᠡᠵᠤ ᠪᠤᠯᠬᠤ ᠪᠦᠭᠡᠳ ᠪᠠᠰᠠ ᠭᠤᠯᠢᠷ ᠬᠤᠯᠢᠵᠤ ᠪᠠᠩᠰᠢ ᠶᠢᠨ ᠭᠤᠯᠢᠷ᠂ ᠲᠦᠭᠦᠮ ᠮᠢᠨᠳᠤᠤᠷ ᠤᠨ ᠭᠤᠯᠢᠷ ᠵᠡᠷᠭᠡ ᠴᠢᠨᠠᠷ ᠰᠠᠶᠢᠳᠠᠢ ᠲᠡᠭᠡᠳᠤ ᠲᠠᠰ ᠤᠨ ᠢᠳᠡᠭᠡᠨ ᠦᠢᠯᠡᠳᠪᠤᠷᠢᠯᠡᠵᠤ ᠪᠤᠯᠤᠨ᠎ᠠ᠃
4. ᠭᠠᠵᠠᠷ ᠲᠠᠯᠠᠪᠠᠢ ᠰᠤᠩᠭᠤᠬᠤ ᠪᠠ ᠲᠡᠭᠰᠢᠯᠡᠭᠦ ᠳᠤ ᠶᠠᠭᠤ ᠶᠢ ᠠᠩᠬᠠᠷᠬᠤ ᠴᠢᠬᠤᠯᠠ ᠲᠠᠢ ᠪᠤᠢ︖
ᠤᠰᠤᠯᠠᠯᠳᠠ ᠶᠢᠨ ᠤᠷᠤᠨ ᠳᠤ ᠪᠤᠯ ᠭᠦᠷᠦᠰᠤ ᠰᠢᠷᠤᠢ ᠨᠢ ᠰᠢᠮᠡᠯᠢᠭ᠂ ᠪᠦᠳᠦᠴᠡ ᠨᠢ ᠰᠠᠶᠢᠨ᠂ ᠤᠰᠤ ᠪᠤᠷᠳᠤᠭᠤᠷ ᠢ ᠬᠠᠮᠠᠭᠠᠯᠠᠬᠤ ᠨᠢ ᠰᠠᠶᠢᠨ᠂ ᠭᠠᠵᠠᠷ ᠤᠨ ᠪᠠᠶᠢᠴᠠ ᠨᠢ ᠲᠡᠭᠰᠢᠭᠡᠨ᠂ ᠭᠤᠤ ᠰᠤᠪᠠᠭ ᠤᠨ ᠢᠵᠢ ᠪᠦᠷᠢᠳᠦᠭᠰᠡᠨ ᠭᠠᠵᠠᠷ ᠢ ᠰᠤᠩᠭᠤᠨ᠎ᠠ᠃
ᠬᠠᠭᠤᠷᠠᠢ ᠶᠢᠨ ᠲᠠᠷᠢᠶᠠᠯᠠᠭ᠎ᠠ ᠳᠤ ᠭᠦᠷᠦᠰᠤᠨ ᠲᠠᠪᠬᠤᠷᠭ᠎ᠠ ᠨᠢ 30cm ᠠᠴᠠ ᠲᠡᠭᠡᠭᠰᠢ ᠭᠦᠨ ᠪᠠᠶᠢᠬᠤ ᠬᠠᠭᠤᠷᠠᠢ ᠲᠡᠭᠰᠢ ᠭᠠᠵᠠᠷ ᠪᠤᠶᠤ ᠨᠠᠯᠠᠤ ᠭᠠᠵᠠᠷ ᠢ ᠰᠤᠩᠭᠤᠨ᠎ᠠ᠃ ᠡᠭᠦᠨ ᠤ ᠬᠠᠮᠳᠤ ᠪᠤᠭᠤᠳᠠᠢ ᠨᠤᠭᠤᠭ᠎ᠠ᠂ ᠪᠤᠭᠤᠳᠠᠢ ᠲᠦᠮᠦᠰᠤ᠂ ᠪᠤᠭᠤᠳᠠᠢ ᠪᠤᠷᠴᠠᠭ ᠵᠡᠷᠭᠡ ᠶᠢ ᠡᠭᠡᠯᠵᠢᠯᠡᠨ ᠲᠠᠷᠢᠪᠡᠯ᠂ ᠭᠡᠮ ᠬᠤᠷᠤᠬᠠᠢ ᠰᠤᠯᠠ ᠡᠪᠡᠰᠤᠨ ᠤ ᠭᠦᠨᠦᠭᠡᠯ ᠢ ᠰᠡᠷᠬᠡᠶᠢᠯᠡᠬᠦ ᠶᠢ ᠠᠩᠬᠠᠷᠬᠤ ᠭᠡᠷᠡᠭᠳᠡᠢ᠃ ᠡᠪᠤᠯ ᠤᠨ ᠪᠤᠭᠤᠳᠠᠢ ᠳᠤ ᠪᠤᠯ ᠲᠠᠷᠢᠶᠠᠯᠠᠩ ᠤᠨ ᠴᠠᠭ ᠤᠯᠠᠷᠢᠯ ᠵᠢᠴᠢ ᠡᠮᠦᠨ᠎ᠠ ᠲᠠᠷᠢᠠᠠᠰᠠᠨ ᠲᠠᠷᠢᠮᠠᠯ ᠢ ᠬᠠᠳᠤᠵᠤ ᠬᠤᠷᠢᠶ᠋ᠬᠠᠰᠠᠨ ᠪᠠᠶᠢᠳᠠᠯ ᠢ ᠦᠨᠳᠦᠰᠦᠯᠡᠨ ᠭᠠᠵᠠᠷ ᠢᠶᠠᠨ ᠲᠡᠭᠰᠢᠯᠡᠭᠦ ᠭᠡᠷᠡᠭᠳᠡᠢ᠃ ᠬᠠᠪᠤᠷ ᠤᠨ ᠪᠤᠭᠤᠳᠠᠢ ᠳᠤ ᠪᠤᠯ ᠨᠠᠮᠤᠷ ᠭᠦᠨ ᠤᠷᠪᠠᠭᠤᠯᠵᠤ᠂ ᠨᠠᠷᠢᠨ ᠨᠢᠠᠠᠳᠠ ᠲᠡᠭᠰᠢᠯᠡᠭᠦ ᠭᠡᠷᠡᠭᠳᠡᠢ᠃ ᠡᠮᠦᠨ᠎ᠠ ᠲᠠᠷᠢᠠᠠᠰᠠᠨ ᠲᠠᠷᠢᠮᠠᠯ ᠢ ᠬᠠᠳᠤᠵᠤ ᠬᠤᠷᠢᠶ᠋ᠬᠠᠰᠠᠨ ᠤ ᠪᠠᠨ ᠲᠠᠷᠠᠭ᠎ᠠ᠂ ᠭᠠᠵᠠᠷ ᠭᠦᠯᠳᠡᠭᠦ ᠠᠴᠠ ᠡᠮᠦᠨ᠎ᠠ 20~25cm ᠭᠦᠨ ᠤᠷᠪᠠᠭᠤᠯᠵᠤ᠂ ᠨᠠᠮᠤᠷ ᠤᠨ ᠴᠢᠭᠢᠭ ᠢᠶᠠᠷ ᠪᠠᠷᠤᠠᠠᠳᠠᠢ ᠬᠠᠭᠤᠷᠠᠢ ᠭᠠᠵᠠᠷ ᠢ ᠵᠢᠯ ᠦᠨᠵᠢᠭᠦᠯᠦᠨ ᠭᠦᠨ ᠤᠷᠪᠠᠭᠤᠯᠬᠤ ᠭᠡᠷᠡᠭᠳᠡᠢ᠂ ᠨᠤᠭᠤᠭ᠎ᠠ ᠪᠤᠷᠴᠠᠭ ᠲᠠᠷᠢᠬᠤ ᠳᠤ ᠭᠦᠢᠭᠡᠨ ᠤᠷᠪᠠᠭᠤᠯᠬᠤ ᠭᠡᠷᠡᠭᠳᠡᠢ᠃
5. ᠲᠠᠷᠢᠬᠤ ᠠᠴᠠ ᠪᠠᠨ ᠡᠮᠦᠨ᠎ᠠ ᠦᠷ᠎ᠡ ᠶᠢ ᠶᠠᠭᠠᠭᠢᠨ ᠰᠢᠢᠳᠪᠤᠷᠢᠯᠡᠭᠦ ᠪᠤᠢ︖
ᠲᠠᠷᠢᠬᠤ ᠠᠴᠠ ᠪᠠᠨ ᠡᠮᠦᠨ᠎ᠠ ᠦᠷ᠎ᠡ ᠶᠢ ᠡᠭᠡᠭᠡᠨ ᠬᠠᠳᠠᠭᠠᠵᠤ᠂ ᠨᠠᠷᠢᠯᠢᠬ ᠰᠤᠩᠭᠤᠬᠤ ᠭᠡᠷᠡᠭᠳᠡᠢ᠃ ᠡᠭᠦᠨ ᠤ ᠬᠠᠮᠳᠤ ᠬᠠᠷᠠᠤ ᠭᠡᠮ ᠢ ᠰᠡᠷᠭᠡᠶᠢᠯᠡᠭᠦ ᠶᠢᠨ ᠲᠤᠰᠠᠳᠠ 40% ᠶᠢᠨ ᠪᠠᠨ ᠵᠦᠩ ᠱᠤᠸᠠᠩ ︵拌种双︶ ᠨᠤᠨᠳᠠᠭ ᠡᠮ ᠢ ᠦᠷ᠎ᠡ ᠶᠢᠨ ᠭᠦᠨᠳᠤ ᠶᠢᠨ 3% ᠪᠠᠷ ᠦᠷ᠎ᠡ ᠲᠠᠢ ᠪᠠᠨ ᠪᠠᠭᠰᠤᠷᠬᠤ ᠭᠡᠷᠡᠭᠳᠡᠢ᠃ ᠡᠭᠦᠨ ᠠᠴᠠ ᠭᠠᠳᠠᠨ᠎ᠠ ᠪᠤᠳᠠᠳᠠᠢ ᠪᠠᠶᠢᠳᠠᠯ ᠢᠶᠠᠨ ᠦᠨᠳᠤᠰᠦᠯᠡᠨ ᠭᠦᠷᠦᠰᠤᠨ ᠲᠤᠤᠷᠠᠭᠢ ᠭᠦᠨᠦᠭᠡᠯᠳᠤ ᠬᠤᠷᠤᠬᠠᠢ ᠶᠢ ᠰᠡᠷᠭᠡᠶᠢᠯᠡᠨ ᠤᠰᠠᠳᠬᠠᠬᠤ ᠭᠡᠷᠡᠭᠳᠡᠢ᠃
6. ᠲᠠᠷᠢᠬᠤ ᠳᠠᠭᠠᠨ ᠶᠠᠮᠠᠷ ᠠᠰᠠᠭᠤᠳᠠᠯ ᠢ ᠠᠩᠬᠠᠷᠬᠤ ᠴᠢᠬᠤᠯᠠ ᠲᠠᠢ ᠪᠤᠢ︖
ᠲᠠᠷᠢᠬᠤ ᠵᠠᠩᠭᠢᠯᠠᠭ᠎ᠠ ᠶᠢ ᠰᠠᠶᠢᠨ ᠠᠳᠬᠤᠬᠤ ᠳᠤ ᠲᠤᠤᠷᠠᠭᠢ ᠮᠡᠳᠤ ᠲᠠᠪᠤᠨ ᠲᠠᠯ᠎ᠠ ᠶᠢ ᠠᠩᠬᠠᠷᠬᠤ ᠭᠡᠷᠡᠭ ᠲᠠᠢ᠃
︵1︶ ᠲᠠᠷᠢᠬᠤ ᠴᠠᠭ ᠬᠤᠭᠤᠴᠠᠭ᠎ᠠ ᠶᠢ ᠲᠤᠠᠠᠳᠠᠭᠠᠬᠤ᠄ ᠡᠪᠤᠯ ᠤᠨ ᠪᠤᠭᠤᠳᠠᠢ ᠶᠤᠮ ᠤᠤ ᠡᠰᠡᠭᠦᠯ᠎ᠠ ᠬᠠᠪᠤᠷ ᠤᠨ ᠪᠤᠭᠤᠳᠠᠢ ᠶᠤᠮ ᠤᠤ ᠭᠡᠳᠡᠭ ᠢ ᠦᠨᠳᠦᠰᠦᠯᠡᠭᠦ ᠪᠠ ᠲᠤᠬᠠᠢ ᠶᠢᠨ ᠭᠠᠵᠠᠷ ᠤᠨ ᠪᠠᠶᠢᠭᠠᠯᠢ ᠶᠢᠨ ᠨᠦᠭᠦᠴᠡᠯ ᠢ ᠦᠨᠳᠤᠰᠦᠯᠡᠨ ᠲᠤᠭᠢᠳᠡᠢ ᠲᠤᠭᠢᠷᠠᠭᠤᠯᠤᠨ᠎ᠠ᠃ ᠬᠠᠪᠤᠷ ᠤᠨ ᠪᠤᠭᠤᠳᠠᠢ ᠶᠢ ᠪᠤᠯ ᠲᠤᠬᠠᠢ ᠶᠢᠨ ᠭᠠᠵᠠᠷ ᠤᠨ ᠡᠳᠤᠷ ᠤᠨ ᠲᠤᠮᠳᠠᠴᠢ ᠲᠤᠯᠠᠭᠠᠨ ᠨᠢ 2℃~4℃᠂ ᠭᠦᠷᠦᠰᠤᠨ ᠭᠠᠳᠠᠷᠭᠤ ᠨᠢ 8~10cm ᠭᠡᠰᠭᠦ ᠦᠶᠡᠰ ᠲᠠᠷᠢᠨ᠎ᠠ᠂ ᠴᠢᠭᠢᠭ ᠮᠠᠭᠤᠳᠠᠢ ᠪᠤᠯ ᠲᠠᠷᠢᠬᠤ ᠪᠠᠨ ᠲᠤᠭᠢᠳᠡᠢ ᠬᠤᠶᠢᠰᠢᠯᠠᠭᠤᠯᠵᠤ ᠪᠤᠯᠤᠨ᠎ᠠ᠃ ᠡᠪᠤᠯ ᠤᠨ ᠪᠤᠭᠤᠳᠠᠢ ᠶᠢ ᠪᠤᠯ ᠲᠦᠷᠦᠭᠦᠤ ᠲᠠᠷᠢᠠᠠᠰᠠᠨ ᠲᠠᠷᠢᠮᠠᠯ ᠢ ᠬᠤᠷᠢᠶ᠋ᠬᠠᠰᠠᠨ ᠪᠠ ᠠᠶᠤᠯ ᠦᠬᠡᠢ ᠡᠪᠤᠯᠵᠢᠭ᠍ᠰᠡᠨ ᠪᠠᠶᠢᠳᠠᠯ ᠢ ᠦᠨᠳᠦᠰᠦᠯᠡᠨ ᠲᠠᠷᠢᠬᠤ ᠬᠤᠭᠤᠴᠠᠭ᠎ᠠ ᠶᠢ ᠲᠤᠭᠢᠳᠡᠢ ᠲᠤᠠᠠᠳᠠᠭᠠᠬᠤ ᠭᠡᠷᠡᠭᠳᠡᠢ᠃
︵2︶ ᠲᠠᠷᠢᠬᠤ ᠭᠡᠮᠵᠢᠶ᠎ᠠ᠄ ᠡᠪᠤᠯ ᠤᠨ ᠪᠤᠭᠤᠳᠠᠢ ᠶᠢ ᠪᠤᠯ ᠮᠤ᠋ ᠪᠦᠷᠢ 8~12kg᠂ ᠬᠠᠪᠤᠷ ᠤᠨ ᠪᠤᠭᠤᠳᠠᠢ ᠶᠢ ᠪᠤᠯ ᠮᠤ᠋ ᠪᠦᠷᠢ 14~16kg ᠦᠷ᠎ᠠ ᠶᠢᠨ ᠭᠡᠮᠵᠢᠶ᠎ᠠ ᠪᠠᠷ ᠲᠠᠷᠢᠨ᠎ᠠ᠃
︵3︶ ᠲᠠᠷᠢᠬᠤ ᠨᠢᠠᠠᠳᠠᠴᠠ᠄ ᠤᠰᠤᠯᠠᠯᠳᠠ ᠶᠢᠨ ᠤᠷᠤᠨ ᠤ ᠪᠤᠭᠤᠳᠠᠢ ᠶᠢ ᠪᠤᠯ ᠮᠤ᠋ ᠪᠦᠷᠢ ᠶᠢᠨ ᠦᠨᠳᠤᠰᠤᠨ ᠴᠢᠭᠢ ᠶᠢ 40~50 ᠲᠦᠮᠡᠨ ᠰᠠᠭᠤᠷᠢ ᠰᠠᠭᠤᠯᠭᠠᠵᠤ᠂ ᠬᠠᠭᠤᠷᠠᠢ ᠭᠠᠵᠠᠷ ᠤᠨ ᠪᠤᠭᠤᠳᠠᠢ ᠶᠢ ᠪᠤᠯ ᠮᠤ᠋ ᠪᠦᠷᠢ ᠶᠢᠨ ᠦᠨᠳᠤᠰᠤᠨ ᠴᠢᠭᠢ ᠶᠢ 30~40 ᠲᠦᠮᠨᠨ ᠰᠠᠭᠤᠷᠢ ᠰᠠᠭᠤᠯᠭᠠᠨ᠎ᠠ᠃
︵4︶ ᠲᠠᠷᠢᠬᠤ ᠠᠷᠭ᠎ᠠ᠄ ᠮᠧᠬᠠᠨᠢᠭ ᠢᠶᠠᠷ ᠲᠠᠷᠢᠬᠤ ᠪᠤᠶᠤ ᠦᠷᠭᠡᠨ ᠪᠦᠰᠡ ᠪᠠᠷ ᠲᠠᠷᠢᠬᠤ ᠵᠤᠷᠠᠭ᠎ᠠ ᠶᠢᠨ ᠵᠠᠢ ᠶᠢ 10~15cm᠂ ᠲᠠᠷᠢᠬᠤ ᠮᠦᠷ ᠤᠨ ᠵᠠᠢ ᠶᠢ 5~7cm᠂ ᠭᠦᠨᠴᠡ ᠶᠢ 3~4cm ᠪᠠᠶᠢᠯᠭᠠᠵᠤ᠂ 2.5~3cm ᠰᠢᠷᠤᠢ ᠪᠠᠷ ᠬᠤᠴᠢᠵᠤ᠂ ᠴᠠᠭ ᠲᠤᠬᠠᠢ ᠳᠤᠨᠢ ᠰᠠᠶᠢᠳᠤᠷ ᠲᠠᠷᠤᠬᠤ ᠭᠡᠷᠡᠭᠳᠡᠢ᠃ ᠬᠠᠭᠤᠷᠠᠢ ᠶᠢᠨ ᠲᠠᠷᠢᠶ᠎ᠠ ᠶᠢ ᠪᠤᠯ ᠠᠠᠵᠢᠰᠤ ᠪᠠᠷ ᠲᠠᠷᠢᠵᠤ ᠪᠤᠯᠤᠨ᠎ᠠ᠃ ᠮᠧᠬᠠᠨᠢᠭ ᠢᠶᠠᠷ ᠲᠠᠷᠢᠬᠤ ᠳᠤ ᠵᠤᠷᠠᠭ᠎ᠠ ᠶᠢᠨ ᠵᠠᠢ ᠶᠢ 15~20cm ᠪᠠᠶᠢᠯᠭᠠᠵᠤ᠂ ᠠᠠᠵᠢᠰᠤ ᠪᠠᠷ ᠲᠠᠷᠢᠬᠤ ᠳᠤ ᠵᠤᠷᠠᠭ᠎ᠠ ᠶᠢᠨ ᠵᠠᠢ ᠶᠢ 20~25cm᠂ ᠮᠦᠷ ᠤᠨ ᠵᠠᠢ ᠶᠢ 8~10cm ᠪᠠᠶᠢᠯᠭᠠᠵᠤ᠂ 3~4cm ᠰᠢᠷᠤᠢ ᠪᠠᠷ ᠬᠤᠴᠢᠵᠤ᠂ ᠴᠠᠭ ᠲᠤᠬᠠᠢ ᠳᠤᠨᠢ ᠲᠠᠷᠤᠬᠤ ᠭᠡᠷᠡᠭᠳᠡᠢ᠃
︵5︶ ᠮᠤ᠋ ᠪᠦᠷᠢ ᠳᠤ ᠹᠤᠰᠹᠤᠷ ᠭᠦᠴᠢᠯ ᠤᠨ ᠬᠤᠶᠠᠷᠴᠢ ᠠᠮᠮᠤᠨᠢ 10~15kg ᠤᠷᠤᠭᠤᠯᠵᠤ᠂ ᠲᠠᠷᠢᠬᠤ ᠪᠠ ᠪᠤᠷᠳᠤᠭᠤᠷ ᠤᠷᠤᠭᠤᠯᠬᠤ ᠶᠢ ᠰᠠᠯᠭᠠᠵᠤ᠂ ᠦᠷ᠎ᠡ ᠪᠡ ᠴᠢᠭᠢ ᠶᠢ ᠰᠢᠳᠠᠭᠠᠬᠤ ᠠᠴᠠ ᠰᠡᠷᠭᠡᠶᠢᠯᠡᠭᠦ ᠭᠡᠷᠡᠭᠳᠡᠢ᠃
7. ᠲᠠᠷᠢᠶᠠᠨ ᠭᠠᠵᠠᠷ ᠲᠠᠬᠢ ᠠᠷᠠᠴᠢᠯᠠᠯᠳᠠ ᠶᠢᠨ ᠲᠠᠯ᠎ᠠ ᠪᠠᠷ ᠠᠯᠢ ᠠᠯᠢ ᠲᠠᠯ᠎ᠠ ᠶᠢ ᠠᠩᠬᠠᠷᠬᠤ ᠴᠢᠬᠤᠯᠠ ᠲᠠᠢ ᠪᠤᠢ︖
︵1︶ ᠴᠢᠭᠢᠯᠡᠭᠦ ᠬᠤᠭᠤᠴᠠᠭᠠᠨ ︵ᠴᠢᠭᠢᠯᠡᠭᠦ ᠪᠠ ᠦᠶᠡᠳᠤᠭᠦ ᠦᠶ᠎ᠠ︶ ᠤ ᠠᠷᠠᠴᠢᠯᠠᠯᠳᠠ᠄ ᠬᠤᠶᠠᠷ ᠨᠠᠪᠴᠢ ᠭᠠᠷᠬᠤ ᠦᠶ᠎ᠠ ᠨᠤᠭᠤᠭᠠᠨ ᠨᠠᠪᠴᠢ ᠶᠢ ᠨᠢ ᠲᠠᠷᠤᠵᠤ ︵ᠭᠦᠷᠦᠰᠤ ᠴᠢᠭᠢᠭ ᠲᠠᠢ᠂ ᠭᠠᠵᠠᠷ ᠬᠠᠳᠠᠭᠤ᠂ ᠴᠢᠭᠢ ᠶᠢᠨ ᠪᠤᠶᠢᠵᠢᠯᠳᠡ ᠮᠠᠭᠤ ᠪᠤᠯ ᠲᠠᠷᠦᠬᠤ ᠦᠭᠡᠢ︶᠂ ᠦᠨᠳᠤᠰᠤ ᠶᠢ ᠨᠢ ᠰᠠᠬᠤᠯᠢᠠᠠᠵᠢᠭᠤᠯᠤᠨ ᠴᠢᠭᠢ ᠶᠢ ᠨᠢ ᠢᠳᠡᠷᠡᠵᠢᠭᠦᠯᠵᠤ᠂ ᠪᠤᠳᠠᠯᠠᠨ ᠲᠦᠷᠤᠬᠦᠳᠤᠬᠦ ᠨᠤᠷᠮ᠎ᠡ ᠶᠢ ᠨᠢ ᠲᠡᠭᠡᠭᠰᠢᠯᠡᠭᠦᠯᠵᠤ᠂ ᠴᠢᠭᠢ ᠨᠢ ᠰᠡᠷᠭᠦᠭᠦᠯᠡᠷ ᠰᠢᠷᠤᠢ ᠶᠢ ᠨᠢ ᠰᠤᠯᠠᠷᠠᠭᠤᠯᠬᠤ ᠭᠡᠷᠡᠭᠳᠡᠢ᠃ ᠤᠰᠤᠯᠠᠬᠤ ᠨᠦᠭᠦᠴᠡᠯ ᠲᠠᠢ ᠭᠠᠵᠠᠷ ᠤᠨ ᠲᠠᠷᠢᠶ᠎ᠠ ᠶᠢ ᠪᠤᠯ ᠭᠤᠷᠪᠡ ᠨᠠᠪᠴᠢᠯᠡᠬᠤ ᠦᠶᠡᠰ ᠲᠠᠷᠦ᠋ᠢᠬᠠᠨ ᠪᠤᠷᠳᠤᠭᠤᠷ ᠤᠷᠤᠭᠤᠯᠤᠨ ᠤᠰᠤᠯᠠᠵᠤ᠂ ᠮᠤ᠋ ᠪᠦᠷᠢ ᠳᠤ ᠰᠢᠭᠡᠰᠦᠯᠢᠭ ᠡᠳ᠋ 7~9kg ᠤᠷᠤᠭᠤᠯᠵᠤ᠂ ᠲᠠᠷᠦ᠋ᠢᠬᠠᠨ ᠤᠰᠤᠯᠠᠭᠠᠳ᠂ ᠰᠡᠭᠦᠯᠡᠷ ᠨᠢ ᠴᠢᠭᠢᠭ ᠤᠨ ᠪᠠᠶᠢᠳᠠᠯ ᠢ ᠦᠨᠳᠤᠰᠦᠯᠡᠨ ᠤᠰᠤᠯᠠᠵᠤ᠂ ᠤᠰᠤᠯᠠᠮᠬᠠᠴᠠ ᠪᠠᠨ ᠰᠢᠷᠤᠢ ᠶᠢ ᠨᠢ ᠰᠤᠯᠠᠷᠠᠭᠤᠯᠬᠤ ᠭᠡᠷᠡᠭᠳᠡᠢ᠃ ᠲᠠᠷᠠᠴᠢᠯᠡᠨ ᠵᠡᠷᠯᠢᠭ ᠬᠤᠰᠢᠭᠤ ᠪᠠ ᠰᠤᠯᠠ ᠡᠪᠡᠰᠤ ᠢ ᠨᠢ ᠠᠷᠴᠢᠵᠤ ᠠᠷᠢᠯᠭᠠᠬᠤ ᠭᠡᠷᠡᠭᠳᠡᠢ᠂ ᠪᠠᠭᠠᠷᠠᠩ ᠬᠤᠷᠤᠬᠠᠢ ᠶᠢ ᠰᠡᠷᠭᠡᠶᠢᠯᠡᠭᠦ ᠭᠡᠷᠡᠭᠳᠡᠢ᠃ ᠪᠠᠭᠠᠷᠠᠩ ᠬᠤᠷᠤᠬᠠᠢ ᠶᠢ ᠲᠠᠷᠤᠬᠤ ᠳᠤ ᠮᠤ᠋ ᠪᠦᠷᠢ 8~16g 50% ᠶᠢᠨ ᠺᠠᠩ ᠶᠠ ᠸᠧᠢ ︵抗蚜威︶ ᠨᠤᠠᠳᠠᠭ ᠡᠮ ᠢ 3500~4000 ᠲᠠᠭᠢᠨ ᠰᠢᠩᠭᠡᠯᠡᠭᠡᠳ᠂ ᠰᠦᠷᠴᠢᠭᠦ ᠪᠤᠶᠤ 20g 10% ᠶᠢᠨ ᠪᠢ ᠴᠦᠩ ᠯᠢᠨ ︵吡虫啉︶ ᠨᠤᠠᠳᠠᠭ ᠡᠮ ᠢ 2500 ᠲᠠᠭᠢᠨ ᠰᠢᠩᠭᠡᠯᠡᠭᠡᠳ ᠰᠦᠷᠴᠢᠭᠦ ᠭᠡᠷᠡᠭᠳᠡᠢ᠃ ᠰᠠᠶᠢᠨ ᠴᠢᠭᠢᠯᠡᠭᠰᠡᠨ ᠲᠠᠷᠢᠶᠠᠨ ᠭᠠᠵᠠᠷ ᠲᠤ ᠪᠤᠭᠤᠳᠠᠢ ᠠᠩᠬ᠎ᠠ ᠦᠶᠡᠳᠤᠭᠦ ᠦᠶᠡᠰ ᠮᠤ᠋ ᠪᠦᠷᠢ ᠳᠤ 160mL 50% ᠶᠢᠨ ᠠᠢ ᠵᠤᠸᠠᠩ ᠰᠤ᠋ ︵矮壮素︶ ᠤᠰᠤᠨ ᠡᠮ ᠳᠤ 60kg ᠤᠰᠤ ᠬᠤᠯᠢᠵᠤ᠂ ᠡᠰᠢᠨ ᠲᠡᠭᠡᠷ᠎ᠠ ᠨᠢ ᠰᠦᠷᠴᠢᠵᠤ᠂ ᠨᠠᠯᠡᠵᠤ ᠤᠨᠠᠬᠤ ᠠᠴᠠ ᠰᠡᠷᠭᠡᠶᠢᠯᠡᠭᠦ ᠭᠡᠷᠡᠭᠳᠡᠢ᠃
︵2︶ ᠲᠤᠮᠳᠠ ᠬᠤᠭᠤᠴᠠᠭᠠᠨ ᠤ ︵ᠦᠶᠡᠳᠤᠭᠦ ᠪᠠ ᠲᠦᠷᠤᠬᠦᠳᠤᠬᠦ︶ ᠠᠷᠠᠴᠢᠯᠠᠯᠳᠠ᠄ ᠪᠤᠷᠳᠤᠭᠤᠷ ᠤᠷᠤᠭᠤᠯᠤᠨ ᠤᠰᠤᠯᠠᠭᠠᠳ ᠪᠤᠭᠤᠳᠠᠢ ᠦᠶᠡᠳᠦᠭᠰᠡᠨ ᠤ ᠰᠡᠭᠦᠯᠡᠷ᠂ ᠲᠦᠷᠦᠭᠦᠤ ᠭᠠᠷᠬᠤ ᠠᠴᠠ ᠡᠮᠦᠨ᠎ᠠ ᠤᠷᠭᠤᠴᠠ ᠨᠢ ᠭᠡᠪ ᠤᠨ ᠪᠠᠶᠢᠭ᠎ᠠ ᠪᠤᠭᠤᠳᠠᠢ ᠶᠢᠨ ᠲᠠᠷᠢᠶᠠᠨ ᠳᠠᠭᠠᠨ ᠮᠤ᠋ ᠪᠦᠷᠢ ᠰᠢᠭᠡᠰᠦᠯᠢᠭ ᠡᠳ᠋ 5~6kg ᠰᠠᠴᠤᠵᠤ᠂ ᠲᠠᠷᠠᠭ᠎ᠠ ᠪᠠᠷ ᠨᠢ ᠤᠰᠤᠯᠠᠭᠠᠳ᠂ ᠴᠢᠭᠢ ᠨᠢ ᠢᠳᠡᠷᠡᠭᠦᠨ ᠪᠠᠶᠢᠳᠠᠯ᠎ᠠ ᠪᠠᠨ ᠪᠠᠳᠠᠷᠠᠩᠭᠤᠢ ᠪᠤᠰᠤ ᠪᠠᠶᠢᠯᠭᠠᠬᠤ ᠭᠡᠷᠡᠭᠳᠡᠢ᠃ ᠤᠷᠭᠤᠴᠠ ᠨᠢ ᠠᠨᠠᠢ ᠪᠠᠶᠢᠬᠤ ᠪᠤᠭᠤᠳᠠᠢ ᠶᠢᠨ ᠲᠠᠷᠢᠶᠠᠨ ᠳᠤ ᠪᠤᠯ ᠴᠢᠭᠢ ᠰᠦᠢᠵᠤ᠂ ᠤᠰᠤᠯᠠᠬᠤ ᠬᠤᠭᠤᠴᠠᠭ᠎ᠠ ᠶᠢ ᠵᠤᠭᠢᠰᠳᠡᠢ ᠬᠤᠶᠢᠰᠢᠯᠠᠭᠤᠯᠵᠤ᠂ ᠠᠽᠤᠲ ᠪᠤᠷᠳᠤᠭᠤᠷ ᠤᠨ ᠭᠡᠷᠡᠭᠯᠡᠭᠦ ᠭᠡᠮᠵᠢᠶ᠎ᠠ ᠶᠢ ᠵᠤᠭᠢᠰᠳᠡᠢ ᠪᠠᠭᠠᠰᠬᠠᠬᠤ ᠭᠡᠷᠡᠭᠳᠡᠢ᠃ ᠮᠠᠭᠤ ᠴᠢᠭᠢᠯᠡᠭᠰᠡᠨ ᠲᠠᠷᠢᠶ᠎ᠠ ᠶᠢ ᠪᠤᠯ ᠡᠷᠳᠡᠭᠡᠨ ᠪᠤᠷᠳᠤᠭᠤᠷ ᠤᠷᠤᠭᠤᠯᠤᠨ ᠤᠰᠤᠯᠠᠬᠤ ᠭᠡᠷᠡᠭᠳᠡᠢ᠃ ᠰᠤᠯᠠ ᠡᠪᠡᠰᠤ ᠶᠢ 1~2 ᠤᠳᠠᠭ᠎ᠠ ᠠᠷᠴᠢᠵᠤ ᠦᠭᠳᠡᠭᠡᠭᠦ ᠭᠡᠷᠡᠭᠳᠡᠢ᠃ ᠵᠢᠪᠡᠷᠡᠭᠦ ᠭᠡᠮ ᠢ ᠰᠡᠷᠭᠡᠶᠢᠯᠡᠵᠤ᠂ ᠮᠤ᠋ ᠪᠦᠷᠢ ᠳᠤ 50mL 20% ᠶᠢᠨ ᠰᠠᠨ ᠽᠦᠸᠧ ᠲᠦᠩ ︵三唑酮︶ ᠲᠤᠰᠤᠨ ᠡᠮ ᠳᠤ 50kg ᠤᠰᠤ ᠨᠡᠮᠡᠭᠡᠳ ᠰᠦᠷᠴᠢᠭᠦ ᠭᠡᠷᠡᠭᠳᠡᠢ᠃
︵3︶ ᠰᠡᠭᠦᠯ ᠤᠨ ᠬᠤᠭᠤᠴᠠᠭᠠᠨ ︵ᠲᠦᠷᠤᠬᠦᠳᠤᠬᠦ ᠪᠡ ᠪᠤᠯᠪᠠᠰᠤᠷᠠᠬᠤ︶ ᠤ ᠠᠷᠠᠴᠢᠯᠠᠯᠳᠠ᠄ ᠤᠷᠭᠤᠴᠠ ᠶᠢᠨ ᠪᠠᠶᠢᠳᠠᠯ ᠪᠠ ᠴᠢᠭᠢᠭ ᠤᠨ ᠪᠠᠶᠢᠳᠠᠯ ᠢ ᠦᠨᠳᠦᠰᠦᠯᠡᠨ᠂ ᠴᠦᠮᠡᠳᠤᠬᠦᠯᠬᠦ ᠤᠰᠤ ᠪᠤᠯᠤᠨ ᠪᠤᠭᠤᠳᠠᠢ ᠶᠢᠨ ᠰᠢᠷᠠᠳᠤᠯ ᠤᠰᠤ ᠪᠠᠷ ᠰᠠᠶᠢᠨ ᠤᠰᠤᠯᠠᠬᠤ ᠭᠡᠷᠡᠭᠳᠡᠢ᠃ ᠭᠡᠪ ᠤᠨ ᠤᠷᠭᠤᠴᠠ ᠲᠠᠢ ᠪᠤᠭᠤᠳᠠᠢ ᠶᠢᠨ ᠲᠠᠷᠢᠶ᠎ᠠ ᠳᠤ ᠪᠤᠯᠪᠠᠰᠤᠷᠠᠯᠳᠠ ᠶᠢᠨ ᠡᠭᠢᠨ ᠤ ᠦᠶ᠎ᠠ ᠳᠤ ᠴᠦᠮᠡᠳᠦᠭᠦᠯᠭᠦ ᠤᠰᠤ ᠪᠠᠷ ᠤᠰᠤᠯᠠᠵᠤ᠂ ᠪᠤᠯᠪᠠᠰᠤᠷᠠᠬᠤ ᠠᠴᠠ ᠨᠢ 7~10 ᠬᠤᠨᠤᠭ ᠤᠨ ᠡᠮᠦᠨ᠎ᠠ ᠪᠤᠭᠤᠳᠠᠢ ᠶᠢᠨ ᠰᠢᠷᠠᠳᠤᠯ ᠤᠰᠤ ᠪᠠᠷ ᠤᠰᠤᠯᠠᠨ᠎ᠠ᠃ ᠪᠤᠭᠤᠳᠠᠢ ᠶᠢᠨ ᠰᠢᠷᠠᠳᠤᠯ ᠤᠰᠤ ᠪᠠᠷ ᠤᠰᠤᠯᠠᠬᠤ ᠳᠤ ᠡᠷᠳᠡ ᠤᠷᠤᠢ ᠵᠢᠭᠳᠡ ᠳᠤᠨᠢ ᠭᠦᠢᠭᠡᠨ ᠤᠰᠤᠯᠠᠬᠤ ᠭᠡᠷᠡᠭᠳᠡᠢ᠃ ᠶᠡᠭᠡ ᠰᠠᠯᠭᠢ ᠲᠠᠢ ᠡᠳᠤᠷ ᠤᠰᠤᠯᠠᠬᠤ ᠪᠤᠶᠤ ᠲᠡᠪᠳᠦᠳᠡᠯᠠ ᠤᠰᠤᠯᠠᠬᠤ ᠶᠢ ᠤᠨᠴᠠ ᠴᠠᠭᠡᠷᠯᠡᠨᠡ᠃ ᠨᠠᠯᠠᠵᠤ ᠤᠨᠠᠬᠤ ᠪᠤᠶᠤ ᠬᠤᠪᠠᠭ᠋ᠠᠶᠢᠷᠠᠵᠤ ᠦᠭᠦᠭᠦ ᠠᠴᠠ ᠰᠡᠷᠭᠡᠶᠢᠯᠡᠭᠦ ᠶᠢᠨ ᠲᠤᠰᠠᠳᠠ ᠦᠳᠡ ᠶᠢᠨ ᠠᠭᠠᠭᠢᠮ᠎ᠠ ᠬᠠᠯᠠᠭᠤᠨ ᠳᠤ ᠤᠰᠤᠯᠠᠬᠤ ᠶᠢ ᠨᠡᠩ ᠴᠡᠭᠡᠷᠯᠡᠭᠦ ᠭᠡᠷᠡᠭᠳᠡᠢ᠃ ᠤᠷᠤᠢ ᠪᠤᠯᠪᠠᠰᠤᠷᠠᠬᠤ ᠭᠠᠵᠠᠷ ᠢ ᠪᠤᠯ ᠴᠦᠮᠡᠳᠦᠭᠦᠯᠭᠦ ᠤᠰᠤ ᠪᠠᠷ ᠡᠷᠳᠡᠭᠡᠨ ᠭᠦᠢᠭᠡᠨ ᠤᠰᠤᠯᠠᠬᠤ ᠭᠡᠷᠡᠭᠳᠡᠢ᠃ ᠪᠤᠭᠤᠳᠠᠢ ᠶᠢᠨ ᠰᠢᠷᠠᠳᠤᠯ ᠤᠰᠤ ᠪᠠᠷ ᠤᠰᠤᠯᠠᠬᠤ ᠦᠭᠡᠢ᠂ ᠲᠠᠪᠤᠨ ᠵᠢᠷᠤᠭᠠᠳᠤ ᠬᠤᠷᠤᠬᠠᠢ ᠶᠢ ᠰᠡᠷᠭᠡᠶᠢᠯᠡᠭᠦ ᠶᠢᠨ ᠲᠤᠰᠠᠳᠠ ᠮᠤ᠋ ᠪᠦᠷᠢ ᠳᠤ 20~30mL ᠰᠤ᠋ ᠮᠢᠶᠧ ᠱᠠ ᠳ᠋ᠢᠩ ︵速灭杀丁︶ ᠲᠤᠰᠤᠨ ᠡᠮ ᠢ 2000 ᠲᠠᠭᠢᠨ ᠰᠢᠩᠭᠡᠯᠡᠭᠡᠳ ᠰᠦᠷᠴᠢᠭᠦ ᠭᠡᠷᠡᠭᠳᠡᠢ᠃ ᠦᠨᠳᠤᠰᠤᠨ ᠳᠤᠨᠢ ᠪᠤᠷᠳᠤᠭᠤᠷ ᠤᠷᠤᠭᠤᠯᠤᠨ ᠴᠡᠴᠡᠭ ᠲᠡᠯᠭᠡᠷᠡᠭᠡᠳ ᠪᠤᠯᠪᠠᠰᠤᠷᠠᠬᠤ ᠦᠶ᠎ᠠ ᠳᠤᠨᠢ ᠨᠠᠪᠴᠢᠨ ᠳᠤᠨᠢ 1~2 ᠤᠳᠠᠭ᠎ᠠ ᠪᠤᠷᠳᠤᠭᠤᠷ ᠰᠦᠷᠴᠢᠭᠦ ᠭᠡᠷᠡᠭᠳᠡᠢ᠃ ᠮᠤ᠋ ᠪᠦᠷᠢ ᠳᠤ ᠤᠳᠠᠭ᠎ᠠ ᠪᠦᠷᠢ 0.1kg ᠹᠤᠰᠹᠤᠷ ᠭᠦᠴᠢᠯ ᠤᠨ ᠬᠤᠶᠠᠷᠴᠢ ᠤᠰᠤᠳᠦ᠋ᠷᠦᠭᠴᠢᠳᠤ ᠺᠠᠯᠢ ᠶᠢᠨ ᠲᠡᠭᠡᠷ᠎ᠡ 0.5kg ᠰᠢᠭᠡᠰᠦᠯᠢᠭ ᠡᠳ᠋ ᠨᠡᠮᠡᠵᠤ᠂ 50kg ᠤᠰᠤ ᠪᠠᠷ ᠰᠢᠩᠭᠡᠯᠡᠭᠡᠳ ᠰᠦᠷᠴᠢᠪᠡᠯ᠂ ᠮᠦᠭᠦᠯᠢᠭ ᠤᠨ ᠭᠦᠨᠳᠤ ᠶᠢ ᠪᠦᠳᠦᠮᠵᠢᠳᠡᠢ ᠪᠠᠷ ᠲᠡᠭᠡᠭᠰᠢᠯᠡᠭᠦᠯᠭᠦ ᠮᠦᠷᠳᠡᠭᠡᠨ ᠬᠠᠭᠤᠷᠠᠢ ᠬᠠᠯᠠᠭᠤᠨ ᠰᠠᠯᠭᠢ ᠶᠢ ᠰᠡᠷᠭᠡᠶᠢᠯᠡᠵᠤ ᠪᠤᠯᠤᠨ᠎ᠠ᠃
8. ᠪᠤᠭᠤᠳᠠᠢ ᠶᠢ ᠠᠯᠢ ᠦᠶ᠎ᠠ ᠳᠤᠨᠢ ᠬᠤᠷᠢᠶᠠᠪᠠᠯ ᠵᠤᠭᠢᠬᠤ ᠪᠤᠢ︖
ᠪᠤᠭᠤᠳᠠᠢ ᠶᠢᠨ ᠮᠦᠭᠦᠯᠢᠭ ᠰᠢᠷᠠᠯᠠᠵᠤ ᠪᠤᠯᠪᠠᠰᠤᠷᠠᠬᠤ ᠲᠤᠮᠳᠠ ᠬᠤᠭᠤᠴᠠᠭᠠᠨ ᠳᠤ ᠤᠷᠤᠠᠠᠰᠠᠨ ᠦᠶ᠎ᠠ ᠦᠭᠡᠷ᠎ᠠ ᠪᠠᠷ ᠭᠡᠯᠡᠪᠡᠯ ᠪᠦᠭᠦ ᠲᠠᠷᠢᠶᠠᠨ ᠳᠤ ᠴᠦᠭᠡᠨ ᠲᠤᠭᠠᠨ ᠤ ᠲᠦᠷᠦᠭᠦᠤ ᠶᠢᠨ ᠰᠠᠭᠤᠷᠢ ᠭᠡᠰᠡᠭ ᠨᠢ ᠵᠢᠭᠠᠬᠠᠨ ᠨᠤᠭᠤᠭᠠᠨ ᠪᠠᠶᠢᠵᠤ᠂ ᠲᠦᠷᠦᠭᠦᠤ ᠶᠢᠨ ᠮᠦᠭᠦᠯᠢᠭ ᠢ ᠭᠢᠮᠤᠰᠤ ᠪᠠᠷ ᠭᠦᠴᠦᠳᠡᠢ ᠰᠢᠬᠠᠬᠤ ᠳᠤ ᠵᠢᠭᠠᠬᠠᠨ ᠰᠢᠭᠢᠳᠴᠤ ᠪᠠᠶᠢᠬᠤ ᠦᠶᠡᠰ ᠲᠠᠷᠦ᠋ᠢᠬᠠᠨ ᠴᠡᠪᠡᠷᠯᠡᠨ ᠬᠠᠳᠤᠵᠤ᠂ ᠴᠠᠪᠡᠷᠯᠡᠨ ᠴᠤᠭᠢᠵᠤ᠂ ᠰᠠᠶᠢᠳᠤᠷ ᠬᠠᠳᠠᠭᠠᠭᠠᠳ ᠦᠷ᠎ᠡ ᠶᠢ ᠨᠢ ᠭᠦᠮᠦᠷᠭᠡᠯᠡᠭᠦ ᠭᠡᠷᠡᠭᠳᠡᠢ᠃
9. ᠨᠠᠶᠢᠳᠡ ᠶᠢᠨ ᠭᠦᠨᠦᠭᠡᠯ ᠦᠭᠡᠢ᠂ ᠪᠤᠭᠢᠷᠳᠤᠯ ᠦᠭᠡᠢ᠂ ᠤᠷᠭᠠᠨᠢᠭ ᠪᠤᠭᠤᠳᠠᠢ ᠶᠢ ᠦᠢᠯᠡᠳᠪᠤᠷᠢᠯᠡᠭᠦ ᠳᠤ ᠶᠠᠮᠠᠷ ᠪᠤᠳᠠᠳᠠᠢ ᠱᠠᠭᠠᠷᠳᠠᠯᠭ᠎ᠠ ᠪᠠᠶᠢᠬᠤ ᠪᠤᠢ︖
ᠲᠡᠭᠡᠷ᠎ᠡ ᠲᠤᠷᠠᠳᠤᠠᠠᠰᠠᠨ ᠭᠤᠷᠪᠡᠨ ᠵᠦᠢᠯ ᠤᠨ ᠪᠤᠭᠤᠳᠠᠢ ᠶᠢᠨ ᠦᠢᠯᠡᠳᠪᠤᠷᠢᠯᠡᠯ ᠨᠢ ᠲᠤᠰ ᠲᠤᠰ ᠲᠤᠤᠷᠠᠭᠢ ᠮᠡᠳᠤ ᠤᠨᠴᠠᠯᠢᠭ ᠲᠠᠢ ᠪᠠᠶᠢᠳᠠᠭ᠃
︵1︶ ᠨᠠᠶᠢᠳᠡ ᠶᠢᠨ ᠭᠦᠨᠦᠭᠡᠯ ᠦᠭᠡᠢ ᠪᠤᠭᠤᠳᠠᠢ ᠶᠢᠨ ᠦᠢᠯᠡᠳᠪᠤᠷᠢᠯᠡᠯ ᠤᠨ ᠤᠨᠴᠠᠯᠢᠭ᠄
① ᠲᠠᠷᠢᠶᠠᠯᠠᠭ᠎ᠠ ᠶᠢᠨ ᠭᠠᠵᠠᠷ ᠰᠤᠩᠭᠤᠬᠤ᠄ ᠨᠠᠶᠢᠳᠡ ᠶᠢᠨ ᠭᠦᠨᠦᠭᠡᠯ ᠦᠭᠡᠢ ᠪᠤᠭᠤᠳᠠᠢ ᠶᠢᠨ ᠦᠢᠯᠡᠳᠪᠤᠷᠢᠯᠡᠯ ᠤᠨ ᠲᠠᠯᠠᠪᠠᠢ ᠳᠤ ᠶᠠᠷᠦᠩᠭᠡᠢ ᠳᠡᠭᠡᠨ ᠬᠤᠳᠠ ᠪᠠᠯᠭᠠᠰᠤᠨ ᠠᠴᠠ ᠵᠠᠶᠢᠳᠠᠭᠤ᠂ ᠪᠤᠭᠢᠷᠳᠤᠯ ᠦᠭᠡᠢ ᠲᠠᠷᠢᠶᠠᠨ ᠭᠠᠵᠠᠷ ᠪᠠ ᠤᠰᠤᠯᠠᠯᠳᠠ ᠶᠢᠨ ᠨᠦᠭᠦᠴᠡᠯ ᠪᠤᠯᠤᠨ ᠠᠭᠠᠷ ᠮᠠᠠᠳᠠᠯ ᠤᠨ ᠠᠮᠢ ᠠᠬᠤᠢ ᠶᠢᠨ ᠨᠦᠭᠦᠴᠡᠯ ᠢᠶᠠᠷ ᠮᠠᠰᠢ ᠰᠠᠶᠢᠨ ᠤᠷᠴᠢᠨ ᠠᠬᠤᠢ ᠶᠢ ᠰᠤᠩᠭᠤᠨ᠎ᠠ᠃ ᠪᠤᠭᠢᠷᠳᠤᠯ ᠦᠭᠡᠢ ᠭᠦᠷᠦᠰᠤ ᠰᠢᠷᠤᠢ ᠶᠢᠨ ᠤᠷᠴᠢᠨ ᠠᠬᠤᠢ ᠭᠡᠳᠡᠭ ᠨᠢ ᠭᠦᠷᠦᠰᠤᠨ ᠳᠠᠬᠢ ᠵᠠᠰ᠂ ᠴᠠᠶᠢᠷ᠂ ᠺᠠᠯᠢ᠂ ᠾᠷᠤᠮ᠂ ᠨᠢᠺᠧᠯ᠂ ᠭᠦᠨᠦᠭᠡᠯ ᠦᠭᠡᠢ ᠪᠤᠳᠠᠰ ᠪᠤᠯᠬᠤ ᠮᠦᠡᠭᠭᠦᠨ ᠤᠰᠤ᠂ ᠠᠷᠰᠸᠠ ᠤ ᠠᠭᠤᠯᠤᠭᠳᠠᠴᠨ ᠪᠤᠯᠤᠨ ᠲᠠᠷᠢᠶᠠᠨ ᠡᠮ ᠤᠨ ᠦᠯᠡᠳᠡᠭᠳᠡᠯ ᠭᠡᠮᠵᠢᠶ᠎ᠠ ᠨᠢ ᠤᠯᠤᠰ ᠤᠨ ᠲᠤᠠᠠᠳᠠᠭᠠᠠᠠᠰᠠᠨ ᠪᠠᠷᠢᠮᠵᠢᠶ᠎ᠠ ᠠᠴᠠ ᠭᠡᠳᠦᠷᠡᠭᠦ ᠦᠭᠡᠢ ᠪᠠᠶᠢᠬᠤ ᠶᠢ ᠵᠢᠭᠠᠵᠤ ᠪᠤᠢ᠃
② ᠪᠤᠷᠳᠤᠭᠤᠷ ᠤᠨ ᠭᠡᠷᠡᠭᠯᠡᠯᠳᠡ᠄ ᠨᠠᠶᠢᠳᠡ ᠶᠢᠨ ᠭᠦᠨᠦᠭᠡᠯ ᠦᠭᠡᠢ ᠦᠢᠯᠡᠳᠪᠤᠷᠢᠯᠡᠯ ᠳᠤ ᠤᠯᠤᠰ ᠪᠠ ᠮᠤᠵᠢ ᠶᠢᠨ ᠱᠠᠳᠤᠨ ᠤ ᠲᠠᠷᠢᠶᠠᠯᠠᠩ ᠤᠨ ᠰᠠᠯᠠᠭ᠎ᠠ ᠮᠦᠴᠢᠷ ᠤᠨ ᠪᠦᠷᠢᠳᠭᠡᠯ ᠢᠶᠠᠷ ᠲᠠᠮᠵᠢᠠᠠᠰᠠᠨ ᠦᠭᠡᠢ ᠭᠢᠮᠢ ᠶᠢᠨ ᠪᠠ ᠮᠢᠨᠧᠷᠠᠯ ᠪᠤᠷᠳᠤᠭᠤᠷ ᠭᠡᠷᠡᠭᠯᠡᠭᠦ ᠶᠢ ᠴᠢᠩᠭ᠎ᠠ ᠴᠠᠭᠠᠵᠠᠯᠠᠨ᠎ᠠ᠃ ᠪᠤᠷᠳᠤᠭᠤᠷ ᠭᠡᠷᠡᠭᠯᠡᠭᠦ ᠳᠤ ᠶᠠᠷᠦᠩᠭᠡᠢ ᠭᠡᠮᠵᠢᠶ᠎ᠠ ︵ᠢᠯᠠᠩᠭᠤᠶ᠎ᠠ ᠠᠽᠤᠲ ᠪᠤᠷᠳᠤᠭᠤᠷ ᠤᠨ ᠶᠠᠷᠦᠩᠭᠡᠢ ᠭᠡᠮᠵᠢᠶ᠎ᠠ︶ ᠶᠢ ᠡᠷᠭᠡᠪᠰᠢ ᠭᠦᠷᠤᠰᠤ ᠰᠢᠷᠤᠢ᠂ ᠭᠠᠵᠠᠷ ᠲᠤᠤᠷᠠᠭᠢ ᠤᠰᠤᠨ ᠤ ᠠᠽᠤᠲ ᠭᠦᠴᠢᠯ ᠤᠨ ᠲᠠᠪᠤᠰᠤᠨ ᠤ ᠠᠭᠤᠯᠤᠭᠳᠠᠴᠨ ᠨᠢ ᠯᠢᠲᠷ ᠪᠦᠷᠢ 40mL ᠠᠴᠠ ᠲᠤᠤᠷ᠎ᠠ ᠪᠠᠶᠢᠬᠤ ᠪᠠᠷ ᠭᠢᠵᠠᠭᠠᠷᠯᠠᠨ᠎ᠠ᠃ ᠡᠷᠭᠡᠪᠰᠢ ᠪᠤᠷᠳᠤᠭᠤᠷ ᠢ ᠲᠡᠩᠴᠡᠭᠦᠷᠢᠳᠡᠢ ᠤᠷᠤᠭᠤᠯᠬᠤ ᠮᠡᠷᠭᠡᠵᠢᠯ ᠢᠶᠠᠷ ᠤᠷᠭᠠᠨᠢᠭ ᠪᠤᠷᠳᠤᠭᠤᠷ ᠪᠠ ᠭᠢᠮᠢ ᠶᠢᠨ ᠪᠤᠷᠳᠤᠭᠤᠷ ᠢ ᠤᠶᠠᠯᠳᠤᠭᠤᠯᠵᠤ᠂ ᠠᠽᠤᠲ᠂ ᠹᠤᠰᠹᠤᠷ᠂ ᠺᠠᠯᠢ ᠶᠢ ᠨᠠᠶᠢᠷᠠᠭᠤᠯᠤᠨ ᠭᠡᠷᠡᠭᠯᠡᠭᠦ ᠭᠡᠷᠡᠭᠳᠡᠢ᠃ ᠤᠷᠭᠠᠨᠢᠭ ᠪᠤᠷᠳᠤᠭᠤᠷ ᠲᠤᠳᠤᠷ᠎ᠡ ᠭᠦᠨᠳᠤ ᠲᠡᠮᠦᠷᠯᠢᠭ ᠢ ᠺᠢᠯᠦᠭᠷᠠᠮ ᠪᠦᠷᠢ 2mg ᠠᠴᠠ ᠲᠤᠷᠤᠠᠠᠰᠢ᠂ ᠾᠷᠤᠮ ᠢ ᠺᠢᠯᠦᠭᠷᠠᠮ ᠪᠦᠷᠢ 100mg ᠠᠴᠠ ᠲᠤᠷᠤᠠᠠᠰᠢ ᠪᠠᠶᠢᠯᠭᠠᠨ᠎ᠠ᠃
③ ᠭᠡᠮ ᠬᠤᠷᠤᠬᠠᠢ ᠶᠢᠨ ᠭᠦᠨᠦᠭᠡᠯ ᠢ ᠰᠡᠷᠭᠡᠶᠢᠯᠡᠨ ᠵᠠᠰᠠᠬᠤ᠄ ︽ᠰᠡᠷᠭᠡᠶᠢᠯᠡᠯᠳᠡ ᠪᠠᠷ ᠭᠤᠤᠯ ᠪᠤᠯᠭᠠᠵᠤ᠂ ᠶᠠᠷᠦᠩᠭᠡᠶᠢᠯᠡᠨ ᠵᠠᠰᠠᠬᠤ︾ ᠤᠷᠭᠤᠮᠠᠯ ᠤᠨ ᠬᠠᠮᠠᠭᠠᠯᠠᠯᠳᠠ ᠶᠢᠨ ᠴᠢᠭᠯᠡᠯᠳᠡ ᠶᠢ ᠲᠤᠤᠱᠯᠠᠭᠤᠯᠵᠤ᠂ ᠲᠠᠷᠢᠶᠠᠯᠠᠩ ᠤᠨ ᠵᠦᠢ ᠵᠤᠭᠢᠰᠳᠡᠢ ᠤᠷ᠎ᠡ ᠮᠡᠷᠭᠡᠵᠢᠯ ᠤᠨ ᠠᠷᠭ᠎ᠠ ᠶᠢ ᠠᠰᠢᠠᠠᠯᠠᠵᠤ᠂ ᠲᠠᠷᠤᠬᠤ᠂ ᠤᠰᠠᠳᠬᠠᠬᠤ ᠭᠦᠴᠤᠨ ᠢᠶᠠᠷ ᠴᠢᠩᠭ᠎ᠠ ᠲᠦᠷᠦᠯ ᠢ ᠰᠤᠩᠭᠤᠨ ᠭᠡᠷᠡᠭᠯᠡᠵᠤ᠂ ᠡᠭᠡᠯᠵᠢᠯᠠᠨ ᠲᠠᠷᠢᠬᠤ ᠳᠤ ᠵᠤᠭᠢᠰᠳᠡᠢ ᠠᠷᠭ᠎ᠠ ᠶᠢ ᠰᠤᠩᠭᠤᠵᠤ᠂ ᠪᠠᠶᠢᠭᠠᠯᠢ ᠶᠢᠨ ᠲᠦᠷᠤᠯᠭᠢ ᠲᠠᠶᠢᠰᠤᠨ ᠢ ᠨᠢ ᠠᠯᠠᠵᠤ ᠰᠢᠷᠬᠠᠳᠤᠭᠤᠯᠬᠤ ᠪᠠᠷ ᠪᠠᠭ᠎ᠠ ᠭᠢᠮᠢ ᠶᠢᠨ ᠲᠠᠷᠢᠶᠠᠨ ᠡᠮ ᠢ ᠰᠤᠩᠭᠤᠬᠤ ᠪᠠ ᠪᠠᠶᠢᠭᠠᠯᠢ ᠶᠢᠨ ᠲᠦᠷᠦᠯᠭᠢ ᠲᠠᠶᠢᠰᠤᠨ ᠨᠢ ᠲᠠᠷᠢᠶᠠᠨ ᠡᠮ ᠤᠨ ᠰᠡᠳᠤᠯᠳᠡ ᠤᠯᠬᠤ ᠬᠤᠭᠤᠴᠠᠭ᠎ᠠ ᠠᠴᠠ ᠵᠠᠶᠢᠯᠠᠰᠭᠢᠵᠤ᠂ ᠪᠠᠶᠢᠭᠠᠯᠢ ᠶᠢᠨ ᠲᠦᠷᠦᠯᠭᠢ ᠲᠠᠶᠢᠰᠤᠨ ᠤ ᠦᠷᠡᠵᠢᠨ ᠲᠦᠯᠵᠢᠭᠦ ᠳᠤ ᠲᠤᠭᠢᠷᠠᠮᠵᠢᠳᠡᠢ ᠤᠷᠴᠢᠨ ᠠᠬᠤᠢ ᠶᠢ ᠪᠤᠢ ᠪᠤᠯᠭᠠᠨ ᠦᠭᠭᠦ ᠭᠡᠷᠡᠭᠳᠡᠢ᠃ ᠴᠠᠭᠠᠵᠠᠯᠬᠠᠰᠠᠨ ᠲᠠᠷᠢᠶᠠᠨ ᠡᠮ ᠢ ᠭᠡᠷᠡᠭᠯᠡᠭᠦ ᠶᠢ ᠲᠠᠰᠤ ᠴᠡᠭᠠᠵᠠᠯᠠᠨᠠ᠃
︵2︶ ᠪᠤᠭᠢᠷᠳᠤᠯ ᠦᠭᠡᠢ ᠪᠤᠭᠤᠳᠠᠢ ᠶᠢᠨ ᠦᠢᠯᠡᠳᠪᠤᠷᠢᠯᠡᠯ ᠤᠨ ᠤᠨᠴᠠᠯᠢᠭ᠄
① ᠲᠠᠷᠢᠶᠠᠯᠠᠭ᠎ᠠ ᠶᠢᠨ ᠰᠠᠭᠤᠷᠢᠨ ᠭᠠᠵᠠᠷ ᠢ ᠰᠤᠩᠭᠤᠬᠤ᠃ ᠪᠤᠭᠢᠷᠳᠤᠯ ᠦᠭᠡᠢ ᠢᠳᠡᠭᠡᠨ ᠤ ᠲᠠᠷᠢᠶᠠᠯᠠᠭ᠎ᠠ ᠶᠢᠨ ᠤᠷᠤᠨ ᠤ ᠤᠷᠴᠢᠨ ᠲᠤᠭᠤᠷᠢᠨ ᠤ ᠰᠠᠶᠢᠨ ᠢ ᠨᠢ ᠰᠤᠩᠭᠤᠬᠤ ᠮᠡᠷᠭᠡᠵᠢᠯ ᠪᠤᠯ ᠪᠤᠭᠢᠷᠳᠤᠯ ᠦᠭᠡᠢ ᠢᠳᠡᠭᠡᠨ ᠤ ᠦᠢᠯᠡᠳᠪᠤᠷᠢᠯᠡᠯ ᠤᠨ ᠶᠠᠰᠤ ᠴᠢᠨᠠᠷ ᠢ ᠡᠵᠡᠮᠳᠡᠭᠦ ᠤᠷᠢᠳᠠᠯ ᠨᠦᠭᠦᠴᠡᠯ ᠮᠦᠨ᠃ ᠪᠤᠭᠢᠷᠳᠤᠯ ᠦᠭᠡᠢ ᠢᠳᠡᠭᠡᠨ ᠤ ᠲᠠᠷᠢᠶᠠᠯᠠᠭ᠎ᠠ ᠶᠢᠨ ᠤᠷᠤᠨ ᠤ ᠤᠷᠴᠢᠨ ᠲᠤᠭᠤᠷᠢᠨ ᠤ ᠮᠡᠷᠭᠡᠵᠢᠯ ᠤᠨ ᠨᠦᠭᠦᠴᠡᠯ ᠳᠤ ᠠᠭᠠᠷ ᠤᠨ ᠤᠷᠴᠢᠨ ᠲᠤᠭᠤᠷᠢᠨ ᠤ ᠶᠠᠰᠤ ᠴᠢᠨᠠᠷ ᠪᠠ ᠭᠦᠷᠦᠰᠤ ᠰᠢᠷᠤᠢ ᠶᠢᠨ ᠤᠷᠴᠢᠨ ᠲᠤᠭᠤᠷᠢᠨ ᠤ ᠶᠠᠰᠤ ᠴᠢᠨᠠᠷ ᠪᠠᠭᠳᠠᠨ᠎ᠠ᠃ ᠲᠤᠮᠳᠠᠳᠤ ᠤᠯᠤᠰ ᠤᠨ ᠪᠤᠭᠢᠷᠳᠤᠯ ᠦᠭᠡᠢ ᠢᠳᠡᠭᠡᠨ ᠢ ᠭᠦᠭᠵᠢᠭᠦᠯᠭᠦ ᠲᠦᠪ ᠤᠨ ᠨᠠᠶᠢᠷᠠᠭᠤᠯᠤᠠᠠᠰᠠᠨ ︽ᠪᠤᠭᠢᠷᠳᠤᠯ ᠦᠭᠡᠢ ᠢᠳᠡᠭᠡᠨ ᠤ ᠲᠠᠷᠢᠶᠠᠯᠠᠭ᠎ᠠ ᠶᠢᠨ ᠤᠷᠤᠨ ᠤ ᠶᠠᠰᠤ ᠴᠢᠨᠠᠷ ᠤᠨ ᠠᠬᠤᠢ ᠪᠠᠶᠢᠳᠠᠯ ᠢ ᠦᠨᠡᠯᠡᠨ ᠲᠤᠠᠠᠳᠠᠭᠠᠬᠤ ᠮᠡᠷᠭᠡᠵᠢᠯ ᠤᠨ ᠵᠢᠯᠤᠭᠤᠳᠤᠮᠵᠢ ᠶᠢᠨ ᠲᠦᠷᠢᠮ︾ ᠤᠨ ᠲᠤᠠᠠᠳᠠᠭᠠᠯ ᠢ ᠦᠨᠳᠦᠰᠦᠯᠡᠨ ᠮᠠᠭᠠᠳᠯᠠᠨ ᠲᠤᠠᠠᠳᠠᠭᠠᠬᠤ ᠭᠡᠷᠡᠭᠳᠡᠢ᠃ ᠨᠢᠭᠡ ᠳᠤ᠂ ᠠᠭᠠᠷ ᠢ ᠨᠢ ᠪᠤᠭᠢᠷᠳᠤᠯ ᠦᠭᠡᠢ ᠴᠡᠪᠡᠷᠭᠡᠨ ᠪᠠᠶᠢᠯᠭᠠᠵᠤ᠂ ᠦᠢᠯᠡᠳᠪᠤᠷᠢᠯᠡᠯ ᠤᠨ ᠰᠠᠭᠤᠷᠢᠨ ᠭᠠᠵᠠᠷ ᠢ ᠦᠢᠯᠡᠳᠪᠤᠷᠢ᠂ ᠠᠭᠤᠷᠬᠠᠢ᠂ ᠡᠮᠨᠡᠯᠭᠡ᠂ ᠬᠤᠳᠠ ᠪᠠᠯᠭᠠᠰᠤ ᠠᠴᠠ ᠠᠯᠢ ᠴᠢᠳᠠᠬᠤ ᠪᠠᠷ ᠵᠠᠶᠢᠳᠠᠭᠤ ᠪᠠᠶᠢᠯᠭᠠᠬᠤ ᠭᠡᠷᠡᠭᠳᠡᠢ᠃ ᠲᠠᠷᠢᠶᠠᠯᠠᠭ᠎ᠠ ᠶᠢᠨ ᠤᠷᠤᠨ ᠤ ᠤᠷᠴᠢᠨ ᠲᠤᠭᠤᠷᠢᠨ ᠤ 3km ᠲᠤᠳᠤᠷ᠎ᠡ᠂ ᠭᠤᠤᠯ ᠰᠠᠯᠭᠢᠨ ᠤ ᠴᠢᠭᠯᠡᠯ ᠤᠨ 5km ᠲᠤᠳᠤᠷ᠎ᠠ ᠠᠵᠤ ᠦᠢᠯᠡᠳᠪᠤᠷᠢ ᠠᠭᠤᠷᠬᠠᠢ ᠶᠢᠨ ᠪᠤᠭᠢᠷᠳᠤᠯ ᠤᠨ ᠢᠷᠡᠯᠳᠡ ᠦᠭᠡᠢ ᠪᠠᠶᠢᠬᠤ ᠶᠢ ᠱᠠᠭᠠᠷᠳᠠᠨ᠎ᠠ᠃ ᠬᠤᠶᠠᠷ ᠲᠤ᠂ ᠤᠰᠤᠯᠠᠯᠳᠠ ᠶᠢᠨ ᠤᠰᠤ ᠨᠢ ᠴᠠᠪᠠᠷ ᠲᠤᠩᠭᠠᠯᠠᠭ ᠪᠠᠶᠢᠵᠤ᠂ ᠤᠰᠤᠨ ᠤ ᠰᠤᠷᠪᠤᠯᠵᠢ ᠶᠢᠨ ᠨᠦᠭᠦᠴᠡᠯ ᠢᠶᠠᠷ ᠰᠠᠶᠢᠨ ᠪᠦᠭᠡᠳ ᠪᠤᠭᠢᠷᠳᠤᠯ ᠦᠭᠡᠢ᠂ ᠤᠰᠤᠯᠠᠬᠤ ᠳᠤ ᠲᠦᠭᠦᠮ᠂ ᠭᠠᠨᠭ᠍ᠳᠠᠯ ᠤᠰᠤᠳᠤᠯ ᠳᠤ ᠬᠤᠷᠢᠶᠠᠯᠳᠠ ᠤᠯᠵᠤ ᠲᠡᠶᠢᠯᠭᠦ ᠲᠤᠳᠤᠷᠭᠠᠨ ᠲᠠᠷᠢᠶ᠎ᠠ ᠶᠢᠨ ᠭᠠᠵᠠᠷ ᠢ ᠰᠤᠩᠭᠤᠬᠤ ᠭᠡᠷᠡᠭᠳᠡᠢ᠃ ᠭᠤᠷᠪᠡ ᠳᠤ ᠲᠠᠷᠢᠶᠠᠨ ᠭᠠᠵᠠᠷ ᠤᠨ ᠭᠦᠷᠤᠰᠤ ᠰᠢᠷᠤᠢ ᠨᠢ ᠦᠩ ᠰᠢᠮᠡᠯᠢᠭ᠂ ᠪᠤᠭᠢᠷᠳᠤᠯ ᠦᠭᠡᠢ ᠪᠠᠶᠢᠯᠭᠠᠵᠤ᠂ ᠭᠦᠷᠦᠰᠤᠨ ᠤ ᠲᠠᠪᠬᠤᠷᠭ᠎ᠠ ᠨᠢ ᠭᠦᠨ᠂ ᠭᠦᠷᠦᠰᠤ ᠰᠢᠷᠤᠢ ᠨᠢ ᠰᠢᠮᠡᠯᠢᠭ᠂ ᠤᠷᠭᠠᠨᠢᠭ ᠪᠤᠳᠠᠰ ᠤᠨ ᠠᠭᠤᠯᠤᠭᠳᠠᠴᠨ ᠪᠠᠷ ᠦᠨᠳᠤᠷ᠂ ᠨᠡᠪᠳᠡᠷᠡᠴᠡ ᠪᠠᠷ ᠰᠠᠶᠢᠨ᠂ ᠤᠰᠤ ᠪᠤᠷᠳᠤᠭᠤᠷ ᠢ ᠨᠡᠯᠢᠶᠡᠳ ᠰᠠᠶᠢᠨ ᠬᠠᠮᠠᠭᠠᠯᠠᠬᠤ ᠴᠢᠳᠠᠪᠤᠷᠢ ᠲᠠᠢ ᠪᠠᠶᠢᠬᠤ ᠭᠡᠷᠡᠭᠳᠡᠢ᠃
② ᠰᠤᠷᠲ ᠢ ᠰᠤᠩᠭᠤᠬᠤ᠃ ᠪᠤᠭᠢᠷᠳᠤᠯ ᠦᠭᠡᠢ ᠢᠳᠡᠭᠡᠨ ᠤ ᠪᠤᠭᠤᠳᠠᠢ ᠶᠢᠨ ᠦᠢᠯᠡᠳᠪᠤᠷᠢᠯᠡᠯ ᠤᠨ ᠰᠤᠷᠲ ᠢ ᠰᠤᠩᠭᠤᠬᠤ ᠳᠤ ᠴᠢᠨᠠᠷ ᠰᠠᠶᠢᠨ᠂ ᠲᠤᠭᠢᠷᠠᠯᠴᠠᠬᠤ ᠴᠢᠨᠠᠷ᠂ ᠡᠯᠪᠡᠭ ᠬᠤᠷᠢᠶᠠᠬᠤ ᠴᠢᠨᠠᠷ ᠢ ᠠᠯᠢ ᠴᠢᠳᠠᠬᠤ ᠪᠠᠷ ᠨᠢᠭᠡᠳᠦᠭᠦᠯᠭᠦ ᠭᠡᠷᠡᠭᠳᠡᠢ᠃
ᠪᠤᠳᠠᠳᠠᠢ ᠪᠠᠷ ᠭᠡᠯᠡᠪᠡᠯ ᠲᠤᠤᠷᠠᠭᠢ ᠭᠡᠳᠦᠨ ᠵᠦᠢᠯ ᠢ ᠡᠵᠡᠮᠰᠢᠭᠦ ᠭᠡᠷᠡᠭᠳᠡᠢ᠃ ᠲᠤᠰ ᠭᠠᠵᠠᠷ ᠤᠷᠤᠨ ᠳᠤ ᠲᠤᠭᠢᠷᠠᠬᠤ ᠰᠢᠯᠢᠳᠡᠭ ᠰᠤᠷᠲ ᠢ ᠰᠤᠩᠭᠤᠵᠦ ᠰᠤᠩᠭᠤᠠᠠᠰᠠᠨ ᠰᠤᠷᠲ ᠤᠨ ᠶᠠᠰᠤ ᠴᠢᠨᠠᠷ ᠨᠢ ᠰᠠᠶᠢᠨ ᠪᠦᠭᠡᠳ ᠰᠢᠯᠢᠳᠡᠭ ᠰᠤᠷᠲ ᠤᠨ ᠪᠤᠭᠤᠳᠠᠢ ᠶᠢᠨ ᠶᠠᠰᠤ ᠴᠢᠨᠠᠷ ᠤᠨ ᠪᠠᠷᠢᠮᠵᠢᠶ᠎ᠠ ᠳᠤ ᠨᠡᠶᠢᠴᠡᠭᠰᠡᠨ ᠪᠠᠶᠢᠬᠤ ᠭᠡᠷᠡᠭᠳᠡᠢ᠃ ᠰᠤᠷᠲ ᠤᠨ ᠶᠠᠷᠦᠩᠭᠡᠶᠢᠯᠡᠭᠰᠡᠨ ᠡᠰᠡᠷᠭᠦᠴᠡᠯ ᠤᠨ ᠴᠢᠨᠠᠷ ᠨᠢ ᠰᠠᠶᠢᠨ ᠪᠠᠶᠢᠬᠤ ᠶᠢᠨ ᠬᠠᠮᠳᠤ ᠲᠠᠴᠢᠷ ᠪᠠᠶᠢᠳᠠᠯ ᠳᠤ ᠲᠠᠰᠪᠤᠷᠢᠳᠡᠢ᠂ ᠢᠯᠠᠩᠭᠤᠶ᠎ᠠ ᠦᠢᠯᠡᠳᠪᠤᠷᠢᠯᠡᠯ ᠤᠨ ᠲᠠᠯ᠎ᠠ ᠪᠠᠷ ᠭᠢᠯᠪᠠᠷ ᠡᠭᠦᠰᠳᠡᠭ ᠭᠡᠮ ᠬᠤᠷᠤᠬᠠᠢ ᠶᠢᠨ ᠭᠦᠨᠦᠭᠡᠯ ᠢ ᠡᠰᠡᠷᠭᠦᠴᠡᠭᠦ ᠴᠢᠨᠠᠷ ᠢᠶᠠᠷ ᠰᠠᠶᠢᠨ ᠪᠠᠶᠢᠳᠠᠭ ᠢ ᠨᠢ ᠰᠤᠩᠭᠤᠵᠤ᠂ ᠡᠭᠦᠨ ᠢᠶᠠᠷ ᠲᠠᠮᠵᠢᠭᠤᠯᠤᠨ ᠦᠢᠯᠡᠳᠪᠤᠷᠢᠯᠡᠯ ᠤᠨ ᠶᠠᠪᠤᠴᠠ ᠳᠤ ᠡᠮ ᠭᠡᠷᠡᠭᠯᠡᠭᠦ ᠤᠳᠠᠭ᠎ᠠ ᠲᠤᠭ᠎ᠠ ᠪᠠ ᠭᠡᠷᠡᠭᠯᠡᠭᠦ ᠭᠡᠮᠵᠢᠶ᠎ᠠ ᠶᠢ ᠪᠠᠭᠠᠰᠬᠠᠭᠠᠳ᠂ ᠪᠦᠳᠦᠭᠡᠭᠳᠡᠭᠦᠨ ᠤ ᠶᠠᠰᠤ ᠴᠢᠨᠠᠷ ᠢ ᠪᠠᠳᠤᠯᠠᠵᠤ᠂ ᠦᠢᠯᠡᠳᠪᠤᠷᠢᠯᠡᠯ ᠤᠨ ᠦᠪᠡᠷ ᠤᠨ ᠦᠷᠳᠡᠭ ᠢ ᠨᠢ ᠪᠠᠭᠤᠷᠠᠭᠤᠯᠬᠤ ᠭᠡᠷᠡᠭᠳᠡᠢ᠃
③ ᠵᠤᠭᠢᠰᠳᠡᠢ ᠪᠠᠷ ᠪᠤᠷᠳᠤᠭᠤᠷ ᠤᠷᠤᠭᠤᠯᠬᠤ᠃ ᠪᠤᠷᠳᠤᠭᠤᠷ ᠭᠡᠷᠡᠭᠯᠡᠭᠦ ᠳᠤ ᠡᠷᠭᠡᠪᠰᠢ ᠤᠷᠭᠠᠨᠢᠭ ᠪᠤᠷᠳᠤᠭᠤᠷ ᠢᠶᠠᠷ ᠭᠤᠤᠯ ᠪᠤᠯᠭᠠᠵᠤ᠂ ᠭᠢᠮᠢ ᠶᠢᠨ ᠪᠤᠷᠳᠤᠭᠤᠷ ᠢ ᠤᠷᠭᠠᠨᠢᠭ ᠪᠤᠷᠳᠤᠭᠤᠷ ᠲᠠᠢ ᠬᠤᠯᠢᠨ ᠭᠡᠷᠡᠭᠯᠡᠵᠤ᠂ ᠤᠷᠭᠠᠨᠢᠭ ᠠᠽᠤᠲ ᠪᠤᠯᠤᠨ ᠤᠷᠭᠠᠨᠢᠭ ᠪᠤᠰᠤ ᠠᠽᠤᠲ ᠤᠨ ᠬᠠᠷᠢᠴᠠᠯ ᠢ 1᠄ 1 ᠪᠠᠶᠢᠯᠭᠠᠪᠠᠯ ᠵᠤᠭᠢᠨ᠎ᠠ᠃ ᠪᠤᠭᠢᠷᠳᠤᠯ ᠦᠭᠡᠢ ᠢᠳᠡᠭᠡᠨ ᠤ ᠲᠤᠰᠬᠠᠢ ᠭᠡᠷᠡᠭᠯᠡᠭᠡᠨ ᠤ ᠦᠢᠯᠡᠳᠪᠤᠷᠢᠯᠡᠯ ᠤᠨ ᠭᠡᠷᠡᠭᠰᠡᠯ ᠢ ᠤᠷᠢᠳ ᠢᠶᠠᠷ ᠭᠡᠷᠡᠭᠯᠡᠵᠤ᠂ ᠪᠤᠷᠳᠤᠭᠤᠷ ᠤᠨ ᠭᠡᠷᠡᠭᠯᠡᠯᠳᠡ ᠶᠢ ᠡᠷᠭᠡᠪᠰᠢ ︽ᠪᠤᠭᠢᠷᠳᠤᠯ ᠦᠭᠡᠢ ᠢᠳᠡᠭᠡᠨ ᠢ ᠦᠢᠯᠡᠳᠪᠤᠷᠢᠯᠡᠭᠦ ᠪᠤᠷᠳᠤᠭᠤᠷ ᠤᠨ ᠭᠡᠷᠡᠭᠯᠡᠯᠳᠡ ᠶᠢᠨ ᠪᠠᠷᠢᠮᠵᠢᠶ᠎ᠠ︾ ᠳᠤ ᠨᠡᠶᠢᠴᠡᠭᠦᠯᠭᠦ ᠭᠡᠷᠡᠭᠳᠡᠢ᠃
④ ᠭᠡᠮ᠂ ᠬᠤᠷᠤᠬᠠᠢ᠂ ᠡᠪᠡᠰᠤ ᠶᠢᠨ ᠭᠦᠨᠦᠭᠡᠯ ᠢ ᠶᠠᠷᠦᠩᠭᠡᠶᠢᠯᠡᠨ ᠵᠠᠰᠠᠬᠤ᠃ ᠭᠡᠮ ᠬᠤᠷᠤᠬᠠᠢ ᠶᠢ ᠰᠡᠷᠭᠡᠶᠢᠯᠡᠨ ᠵᠠᠰᠠᠬᠤ ᠲᠠᠯ᠎ᠠ ᠪᠠᠷ ᠲᠠᠷᠢᠶᠠᠨ ᠡᠮ ᠢ ᠭᠡᠷᠡᠭᠯᠡᠭᠦ ᠳᠡᠭᠡᠨ ᠲᠦᠷᠦᠯ ᠵᠦᠢᠯ᠂ ᠲᠤᠭ᠎ᠠ ᠭᠡᠮᠵᠢᠶ᠎ᠠ᠂ ᠴᠠᠭ ᠬᠤᠭᠤᠴᠠᠭ᠎ᠠ᠂ ᠦᠯᠡᠳᠡᠭᠳᠡᠯ ᠭᠡᠮᠵᠢᠶ᠎ᠠ ᠶᠢ ᠴᠦᠮ ︽ᠪᠤᠭᠢᠷᠳᠤᠯ ᠦᠭᠡᠢ ᠢᠳᠡᠭᠡᠨ ᠢ ᠦᠢᠯᠡᠳᠪᠤᠷᠢᠯᠡᠭᠦ ᠲᠠᠷᠢᠶᠠᠨ ᠡᠮ ᠤᠨ ᠭᠡᠷᠡᠭᠯᠡᠯᠳᠡ ᠶᠢᠨ ᠪᠠᠷᠢᠮᠵᠢᠶ᠎ᠠ︾ ᠳᠤ ᠨᠡᠶᠢᠴᠡᠭᠦᠯᠦᠭᠰᠡᠨ ᠪᠠᠶᠢᠬᠤ ᠭᠡᠷᠡᠭᠳᠡᠢ᠃
⑤ ᠬᠠᠳᠠᠭᠠᠯᠠᠬᠤ᠃ ᠪᠤᠭᠢᠷᠳᠤᠯ ᠦᠭᠡᠢ ᠢᠳᠡᠭᠡᠨ ᠪᠤᠯᠬᠤ ᠪᠤᠭᠤᠳᠠᠢ ᠶᠢᠨ ᠭᠦᠮᠦᠷᠭᠡ ᠨᠢ ᠠᠷᠢᠭᠤᠳᠬᠠᠬᠤ᠂ ᠪᠠᠺᠲ᠋ᠧᠷᠢ ᠤᠰᠠᠳᠬᠠᠬᠤ᠂ ᠬᠤᠷᠤᠬᠠᠢ ᠶᠢ ᠰᠡᠷᠭᠡᠶᠢᠯᠡᠨ ᠬᠤᠯᠤᠭᠠᠨ᠎ᠠ ᠶᠢ ᠠᠯᠠᠬᠤ ᠵᠡᠷᠭᠡ ᠠᠵᠢᠯ ᠤᠳ ᠢ ᠰᠠᠶᠢᠳᠤᠷ ᠭᠢᠭᠦ ᠭᠡᠷᠡᠭᠳᠡᠢ᠃ ᠭᠦᠮᠦᠷᠭᠡ ᠲᠤᠳᠤᠷ᠎ᠠ ᠲᠠᠷᠢᠶᠠᠨ ᠡᠮ᠂ ᠭᠢᠮᠢ ᠶᠢᠨ ᠪᠤᠷᠳᠤᠭᠤᠷ ᠲᠠᠯᠪᠢᠬᠤ ᠶᠢ ᠴᠢᠩᠭ᠎ᠠ ᠴᠠᠭᠠᠵᠠᠯᠠᠵᠤ᠂ ᠪᠤᠭᠤᠳᠠᠢ ᠪᠠᠨ ᠭᠦᠮᠦᠷᠭᠡᠯᠡᠭᠰᠡᠨ ᠤ ᠰᠡᠭᠦᠯᠡᠷ ᠴᠢᠭᠢᠭ ᠬᠠᠯᠠᠭᠤᠨ ᠤ ᠭᠡᠮᠵᠢᠶ᠎ᠠ ᠵᠢᠴᠢ ᠬᠤᠷᠤᠬᠠᠢ ᠬᠤᠯᠤᠭᠠᠨ᠎ᠠ ᠶᠢᠨ ᠭᠦᠨᠦᠭᠡᠯ ᠵᠡᠷᠭᠡ ᠶᠢ ᠦᠷᠭᠦᠯᠵᠢ ᠪᠠᠶᠢᠴᠠᠭᠠᠬᠤ ᠭᠡᠷᠡᠭᠳᠡᠢ᠃ ᠵᠦᠭᠡᠭᠡᠪᠤᠷᠢᠯᠡᠭᠦ ᠶᠠᠪᠤᠴᠠ ᠳᠤ ᠬᠤᠤᠷ ᠲᠠᠢ ᠭᠦᠨᠦᠭᠡᠯ ᠲᠠᠢ ᠪᠤᠰᠤᠳ ᠵᠦᠢᠯ ᠤᠨ ᠶᠠᠭᠤᠮ᠎ᠠ ᠲᠠᠢ ᠴᠤᠭ ᠠᠴᠢᠶᠠᠯᠠᠬᠤ ᠶᠢ ᠴᠠᠭᠠᠵᠠᠯᠠᠵᠤ᠂ ᠪᠤᠭᠢᠷᠳᠤᠬᠤ ᠠᠴᠠ ᠰᠡᠷᠭᠡᠶᠢᠯᠡᠭᠦ ᠭᠡᠷᠡᠭᠳᠡᠢ᠃
︵3︶ ᠤᠷᠭᠠᠨᠢᠭ ᠪᠤᠭᠤᠳᠠᠢ ᠶᠢᠨ ᠦᠢᠯᠡᠳᠪᠤᠷᠢᠯᠡᠯ ᠤᠨ ᠤᠨᠴᠠᠯᠢᠭ᠄
① ᠰᠤᠷᠲ ᠰᠤᠩᠭᠤᠬᠤ᠃ ᠤᠷᠭᠠᠨᠢᠭ ᠪᠤᠭᠤᠳᠠᠢ ᠶᠢ ᠦᠢᠯᠡᠳᠪᠤᠷᠢᠯᠡᠭᠦ ᠳᠤ ᠤᠷᠭᠠᠨᠢᠭ ᠦᠷ᠎ᠡ ᠪᠡ ᠴᠢᠭᠢ ᠶᠢ ᠭᠡᠷᠡᠭᠯᠡᠭᠦ ᠭᠡᠷᠡᠭᠳᠡᠢ᠃ ᠤᠷᠭᠠᠨᠢᠭ ᠦᠷ᠎ᠡ ᠪᠡ ᠴᠢᠭᠢ ᠪᠤᠯᠬᠤ ᠨᠢ ᠭᠡᠷᠡᠴᠢᠯᠡᠭᠳᠡᠭᠰᠡᠨ ᠦᠭᠡᠢ ᠪᠠᠶᠢᠳᠠᠯ ᠲᠤᠤᠷ᠎ᠠ᠂ ᠭᠡᠷᠡᠭᠯᠡᠭᠦ ᠶᠢ ᠨᠢ ᠴᠠᠭᠠᠵᠠᠯᠬᠠᠰᠠᠨ ᠦᠭᠡᠢ ᠶᠠᠷᠤ ᠶᠢᠨ ᠦᠷ᠎ᠡ ᠶᠢ ᠭᠡᠷᠡᠭᠯᠡᠵᠤ ᠪᠤᠯᠤᠨ᠎ᠠ᠃ ᠡᠭᠦᠨ ᠤ ᠬᠠᠮᠳᠤ ᠲᠤᠬᠠᠢ ᠶᠢᠨ ᠭᠠᠵᠠᠷ ᠤᠨ ᠭᠦᠷᠤᠰᠤ ᠰᠢᠷᠤᠢ ᠪᠤᠯᠤᠨ ᠠᠭᠤᠷ ᠠᠮᠢᠰᠬᠤᠯ ᠤᠨ ᠤᠨᠴᠠᠯᠢᠭ ᠲᠤ ᠲᠤᠭᠢᠷᠠᠬᠤ᠂ ᠭᠡᠮ ᠬᠤᠷᠤᠬᠠᠢ ᠶᠢᠨ ᠭᠦᠨᠦᠭᠡᠯ ᠢ ᠡᠰᠡᠷᠭᠦᠴᠡᠵᠤ ᠲᠡᠶᠢᠯᠭᠦ ᠰᠤᠷᠲ ᠢ ᠰᠤᠩᠭᠤᠬᠤ ᠭᠡᠷᠡᠭᠳᠡᠢ᠃ ᠡᠭᠦᠯᠳᠡᠷ ᠢ ᠰᠤᠩᠭᠤᠬᠤ ᠳᠠᠭᠠᠨ ᠲᠠᠷᠢᠮᠠᠯ ᠤᠨ ᠤᠳᠤᠮᠯᠠᠯ ᠤᠨ ᠤᠯᠠᠨ ᠶᠠᠩᠵᠤᠳᠤ ᠴᠢᠨᠠᠷ ᠢ ᠭᠦᠢᠴᠡᠳ ᠪᠤᠳᠤᠯᠭᠢᠯᠠᠵᠤ᠂ ᠭᠧᠨ ᠨᠢ ᠤᠯᠠᠷᠢᠠᠠᠰᠠᠨ ᠲᠤᠳᠤᠷᠭ᠎ᠠ ᠶᠢᠨ ᠲᠦᠷᠤᠯ ᠤᠨ ᠰᠤᠷᠲ ᠢ ᠰᠤᠩᠭᠤᠬᠤ ᠶᠢ ᠡᠷᠡᠰ ᠴᠠᠭᠠᠵᠠᠯᠠᠬᠤ ᠭᠡᠷᠡᠭᠳᠡᠢ᠃
② ᠵᠤᠭᠢᠰᠳᠡᠢ ᠪᠠᠷ ᠡᠭᠡᠯᠵᠢᠯᠡᠨ ᠲᠠᠷᠢᠬᠤ᠃ ᠤᠷᠭᠠᠨᠢᠭ ᠪᠤᠭᠤᠳᠠᠢ ᠶᠢᠨ ᠦᠢᠯᠡᠳᠪᠤᠷᠢᠯᠡᠯ ᠳᠤ ᠪᠤᠷᠴᠠᠭ ᠤᠨ ᠲᠦᠷᠦᠯ ᠤᠨ ᠲᠠᠷᠢᠮᠠᠯ ᠪᠤᠶᠤ ᠨᠤᠭᠤᠭᠠᠨ ᠪᠤᠷᠳᠤᠭᠤᠷ ᠢ ᠪᠠᠭᠳᠠᠭᠠᠭᠰᠠᠨ ᠠᠯᠢ ᠪᠠᠭ᠎ᠠ ᠳᠠᠭᠠᠨ ᠭᠤᠷᠪᠡᠨ ᠵᠦᠢᠯ ᠤᠨ ᠲᠠᠷᠢᠮᠠᠯ ᠢ ᠡᠭᠡᠯᠵᠢᠯᠡᠨ ᠲᠠᠷᠢᠵᠤ ᠪᠤᠯᠤᠨ᠎ᠠ᠃ ᠤᠨᠴᠠᠭᠠᠢ ᠭᠠᠵᠠᠷ ᠵᠦᠢ ᠪᠤᠯᠤᠨ ᠠᠭᠤᠷ ᠠᠮᠢᠰᠬᠤᠯ ᠤᠨ ᠨᠦᠭᠦᠴᠡᠯ ᠲᠤᠤᠷ᠎ᠡ ᠲᠠᠷᠢᠬᠤ ᠪᠤᠭᠤᠳᠠᠢ ᠶᠢ ᠭᠠᠷᠭᠠᠪᠠᠯ ᠠᠳᠠᠯᠢ ᠨᠢᠭᠡᠨ ᠪᠤᠭᠤᠳᠠᠢ ᠶᠢ ᠦᠷᠭᠦᠯᠵᠢᠯᠡᠨ ᠲᠠᠷᠢᠬᠤ ᠶᠢ ᠡᠷᠡᠰ ᠴᠠᠭᠠᠵᠠᠯᠠᠨ᠎ᠠ᠃
③ ᠰᠢᠨᠵᠢᠯᠡᠭᠦ ᠤᠬᠠᠭᠠᠠᠴᠢ ᠪᠠᠷ ᠪᠤᠷᠳᠤᠭᠤᠷ ᠤᠷᠤᠭᠤᠯᠬᠤ᠃ ᠤᠷᠭᠠᠨᠢᠭ ᠪᠤᠷᠳᠤᠭᠤᠷ ᠪᠤᠯ ᠤᠷᠭᠠᠨᠢᠭ ᠢᠶᠠᠷ ᠲᠠᠷᠢᠬᠤ ᠶᠢᠨ ᠪᠤᠷᠳᠤᠭᠤᠷ ᠤᠨ ᠭᠤᠤᠯ ᠢᠷᠠᠯᠳᠠ ᠪᠤᠯᠤᠨ᠎ᠠ᠃ ᠪᠤᠷᠳᠤᠭᠤᠷ ᠪᠦᠭᠦᠨ ᠢ ᠲᠠᠷᠢᠮᠠᠯ ᠪᠠ ᠤᠷᠴᠢᠨ ᠲᠤᠭᠤᠷᠢᠨ ᠳᠤ ᠪᠤᠭᠢᠷᠳᠤᠯ ᠦᠭᠡᠢ ᠪᠠᠶᠢᠯᠭᠠᠬᠤ ᠭᠡᠷᠡᠭᠳᠡᠢ᠃
ᠭᠦᠷᠦᠰᠤ ᠰᠢᠷᠤᠢ ᠶᠢ ᠰᠢᠮᠡᠯᠢᠭᠵᠢᠭᠦᠯᠭᠦ ᠶᠠᠪᠤᠴᠠ ᠳᠤ ᠤᠷᠭᠠᠨᠢᠭ ᠴᠤᠠᠠᠴᠠ ᠶᠢᠨ ᠲᠤᠳᠤᠷᠠᠭᠢ ᠰᠢᠭᠡᠭ ᠪᠤᠷᠳᠤᠭᠤᠷ᠂ ᠲᠠᠷᠢᠮᠠᠯ ᠤᠨ ᠭᠤᠤᠷᠰᠤ ᠶᠢᠨ ᠪᠤᠷᠳᠤᠭᠤᠷ ᠪᠤᠯᠤᠨ ᠨᠤᠭᠤᠭᠠᠨ ᠪᠤᠷᠳᠤᠭᠤᠷ ᠭᠡᠷᠡᠭᠯᠡᠭᠦ ᠶᠢ ᠵᠦᠪᠰᠢᠶᠠᠷᠠᠨ᠎ᠠ᠃ ᠤᠷᠭᠠᠨᠢᠭ ᠲᠠᠷᠢᠶᠠᠯᠠᠩ ᠤᠨ ᠴᠤᠠᠠᠴᠠ ᠠᠴᠠ ᠭᠠᠳᠠᠨ᠎ᠠ ᠦᠢᠯᠡᠳᠪᠤᠷᠢᠯᠡᠭᠰᠡᠨ ᠪᠠᠵᠢᠮᠠᠭ ᠪᠤᠷᠳᠤᠭᠤᠷ ᠢ ᠭᠡᠷᠡᠭᠯᠡᠵᠤ ᠪᠤᠯᠤᠨ᠎ᠠ᠃ ᠮᠢᠨᠧᠷᠡᠯ ᠪᠤᠳᠠᠰ ᠪᠤᠯᠬᠤ ᠮᠬᠠᠨᠢ ᠶᠢᠨ ᠨᠤᠠᠳᠠᠭ᠂ ᠪᠠᠶᠢᠭᠠᠯᠢ ᠶᠢᠨ ᠭᠦᠭᠦᠷ ᠭᠦᠴᠢᠯ᠂ ᠴᠤᠬᠤᠢ ᠶᠢᠨ ᠴᠢᠯᠠᠭᠤ᠂ ᠵᠤᠭᠠᠩ᠂ ᠨᠠᠩᠭᠢ ᠰᠢᠷᠤᠢ᠂ ᠾᠯᠤᠷᠳᠤ ᠺᠠᠯᠼ᠂ ᠶᠤᠤ ᠶᠢᠨ ᠦᠨᠡᠰᠤ᠂ ᠹᠤᠰᠹᠤᠷ ᠤᠨ ᠭᠦᠳᠡᠷ ᠤᠨ ᠨᠤᠠᠳᠠᠭ᠂ ᠪᠤᠷ ᠭᠦᠴᠢᠯ ᠤᠨ ᠴᠢᠯᠠᠭᠤ ᠪᠤᠯᠤᠨ ᠲᠠᠪᠤᠰᠤᠨ ᠤ ᠵᠦᠢᠯ ᠢ ᠭᠡᠷᠡᠭᠯᠡᠵᠤ ᠪᠤᠯᠤᠨ᠎ᠠ᠃ ᠬᠤᠮᠠᠭᠢ ᠠᠮᠢᠳᠠᠨ ᠤ ᠪᠦᠳᠦᠭᠡᠭᠳᠡᠭᠦᠨ᠂ ᠪᠠᠶᠢᠭᠠᠯᠢ ᠶᠢᠨ ᠤᠷᠭᠤᠮᠠᠯ ᠤᠨ ᠤᠷᠭᠤᠯᠳᠠ ᠲᠤᠭᠢᠷᠠᠭᠤᠯᠬᠤ ᠡᠳ᠋ ᠪᠤᠯᠤᠨ ᠲᠠᠷᠢᠮᠠᠯ ᠤᠨ ᠪᠦᠳᠦᠭᠡᠭᠳᠡᠭᠦᠨ ᠵᠢᠴᠢ ᠲᠡᠭᠦᠨ ᠠᠴᠠ ᠢᠯᠭᠠᠷᠠᠭᠤᠯᠵᠤ ᠠᠪᠤᠠᠠᠰᠠᠨ ᠡᠳ᠋ ᠢ ᠭᠡᠷᠡᠭᠯᠡᠵᠤ ᠪᠤᠯᠤᠨ᠎ᠠ᠃ ᠤᠷᠭᠠᠨᠢᠭ ᠲᠠᠷᠢᠶᠠᠯᠠᠩ ᠤᠨ ᠴᠤᠠᠠᠴᠠ ᠠᠴᠠ ᠭᠠᠳᠠᠨ᠎ᠠ ᠤᠷᠭᠤᠠᠠᠰᠠᠨ ᠡᠰᠢ ᠭᠤᠤᠷᠰᠤ ᠪᠠ ᠬᠠᠷ᠎ᠠ ᠪᠤᠷᠳᠤᠭᠤᠷ ᠭᠡᠷᠡᠭᠯᠡᠭᠦ ᠶᠢ ᠬᠢᠵᠠᠭᠠᠷᠯᠠᠨ᠎ᠠ᠃
ᠭᠦᠮᠦᠨ ᠤ ᠭᠦᠴᠤᠨ ᠢᠶᠠᠷ ᠪᠤᠰᠤ ᠨᠠᠶᠢᠷᠠᠭᠤᠯᠤᠠᠠᠰᠠᠨ ᠮᠢᠨᠧᠷᠡᠯ ᠪᠤᠷᠳᠤᠭᠤᠷ ᠪᠤᠯᠤᠨ ᠠᠮᠢᠳᠤ ᠪᠤᠳᠠᠰ ᠤᠨ ᠪᠤᠷᠳᠤᠭᠤᠷ ᠢ ᠵᠦᠪᠭᠡᠨ ᠭᠦᠷᠤᠰᠤ ᠰᠢᠷᠤᠢ ᠶᠢ ᠰᠢᠮᠡᠯᠢᠭᠵᠢᠭᠦᠯᠭᠦ ᠶᠢᠨ ᠲᠤᠰᠠᠯᠠᠬᠤ ᠮᠠᠲ᠋ᠧᠷᠢᠶᠠᠯ ᠪᠤᠯᠭᠠᠬᠤ ᠭᠡᠷᠡᠭᠳᠡᠢ᠃ ᠬᠠᠷᠢᠨ ᠰᠢᠰᠲ᠋ᠧᠮ ᠤᠨ ᠲᠤᠳᠤᠷᠠᠭᠢ ᠰᠢᠮ᠎ᠠ ᠲᠠᠵᠢᠭᠡᠯ ᠤᠨ ᠤᠷᠴᠢᠯ ᠤᠨ ᠨᠦᠯᠦᠭᠡᠯᠡᠭᠦ ᠡᠳ᠋ ᠪᠤᠯᠭᠠᠵᠤ ᠪᠤᠯᠬᠤ ᠦᠭᠡᠢ᠃ ᠤᠷᠭᠠᠨᠢᠭ ᠪᠤᠷᠳᠤᠭᠤᠷ ᠲᠤ ᠨᠡᠮᠡᠭᠦ ᠬᠤᠮᠠᠭᠢ ᠠᠮᠢᠳᠠᠨ ᠨᠢ ᠡᠷᠭᠡᠪᠰᠢ ᠪᠠᠶᠢᠭᠠᠯᠢ ᠶᠢᠨ ᠬᠢ ᠪᠠᠶᠢᠬᠤ ᠭᠡᠷᠡᠭᠳᠡᠢ᠂ ᠭᠧᠨ ᠤ ᠢᠨᠵᠧᠨᠧᠷᠢᠩ ᠤᠨ ᠬᠢ ᠪᠠᠶᠢᠵᠤ ᠪᠤᠯᠬᠤ ᠦᠭᠡᠢ᠃
④ ᠭᠡᠮ ᠬᠤᠷᠤᠬᠠᠢ ᠡᠪᠡᠰᠤᠨ ᠤ ᠭᠦᠨᠦᠭᠡᠯ ᠢ ᠰᠡᠷᠭᠡᠶᠢᠯᠡᠭᠦ᠃ ᠤᠷᠭᠠᠨᠢᠭ ᠪᠤᠭᠤᠳᠠᠢ ᠶᠢᠨ ᠭᠡᠮ ᠬᠤᠷᠤᠬᠠᠢ ᠡᠪᠡᠰᠤᠨ ᠤ ᠭᠦᠨᠦᠭᠡᠯ ᠢ ᠠᠷᠢᠯᠭᠠᠬᠤ ᠳᠤ ᠠᠮᠢᠳᠤ ᠪᠤᠳᠠᠰ ᠤᠨ ᠬᠤᠭᠤᠷᠤᠨᠳᠤᠭᠢ ᠬᠠᠷᠢᠯᠴᠠᠨ ᠤᠰᠠᠳᠬᠠᠬᠤ ᠤᠨᠤᠯ ᠢ ᠭᠦᠢᠴᠡᠳ ᠠᠰᠢᠠᠠᠯᠠᠵᠤ᠂ ᠲᠡᠳᠡᠨ ᠤ ᠲᠦᠷᠭᠡᠨ ᠦᠷᠡᠵᠢᠭᠦ ᠶᠢ ᠨᠢ ᠬᠤᠷᠢᠠᠠᠯᠠᠵᠤ᠂ ᠲᠡᠭᠦᠨ ᠢ ᠠᠵᠤ ᠠᠬᠤᠢ ᠶᠢᠨ ᠭᠦᠨᠦᠭᠡᠯ ᠤᠴᠠᠷᠠᠭᠤᠯᠬᠤ ᠭᠢᠷᠢ ᠭᠡᠮᠵᠢᠶ᠎ᠠ ᠠᠴᠠ ᠲᠤᠷᠤᠠᠠᠰᠢ ᠭᠢᠵᠠᠭᠠᠷᠯᠠᠪᠠᠯ ᠪᠤᠯᠴᠢᠬᠠᠨ᠎ᠠ᠃ ᠡᠶᠢᠮᠤ ᠠᠴᠠ ᠭᠡᠮ ᠬᠤᠷᠤᠬᠠᠢ ᠡᠭᠦᠰᠭᠦ ᠳᠤ ᠠᠰᠢᠭ ᠦᠭᠡᠢ ᠪᠦᠭᠡᠳ ᠪᠠᠰᠠ ᠲᠦᠷᠦᠯᠭᠢ ᠲᠠᠶᠢᠰᠤᠨ ᠤ ᠦᠷᠡᠵᠢᠨ ᠲᠦᠯᠵᠢᠭᠦ ᠳᠤ ᠠᠰᠢᠭ ᠲᠠᠢ ᠤᠷᠴᠢᠨ ᠲᠤᠭᠤᠷᠢᠨ ᠤ ᠨᠦᠭᠦᠴᠡᠯ ᠢ ᠪᠤᠢ ᠪᠤᠯᠭᠠᠬᠤ ᠪᠤᠯ ᠤᠷᠭᠠᠨᠢᠭ ᠦᠢᠯᠡᠳᠪᠤᠷᠢᠯᠡᠯ ᠤᠨ ᠲᠤᠮᠳᠠ ᠭᠡᠮ ᠬᠤᠷᠤᠬᠠᠢ ᠶᠢ ᠰᠡᠷᠭᠡᠶᠢᠯᠡᠨ ᠤᠰᠠᠳᠬᠠᠬᠤ ᠶᠢᠨ ᠭᠤᠤᠯᠯᠠᠬᠤ ᠵᠦᠢᠯ ᠪᠤᠯᠤᠨ᠎ᠠ᠃ ᠡᠰᠡᠷᠭᠦᠴᠡᠯ ᠤᠨ ᠴᠢᠨᠠᠷ ᠲᠠᠢ ᠰᠤᠷᠲ ᠢ ᠰᠤᠩᠭᠤᠬᠤ᠂ ᠪᠤᠷᠳᠤᠭᠤᠷ ᠤᠰᠤᠨ ᠤ ᠬᠠᠮᠢᠶᠠᠷᠤᠯᠳᠠ᠂ ᠲᠠᠷᠢᠮᠠᠯ ᠤᠨ ᠡᠭᠡᠯᠵᠢᠯᠡᠨ ᠲᠠᠷᠢᠬᠤ ᠪᠠ ᠤᠯᠠᠨ ᠶᠠᠩᠵᠤ ᠶᠢᠨ ᠠᠯᠠᠭᠯᠠᠨ ᠲᠠᠷᠢᠬᠤ᠂ ᠲᠤᠬᠤᠵᠤ ᠲᠠᠷᠢᠬᠤ ᠵᠦᠢ ᠵᠤᠭᠢᠰᠳᠡᠢ ᠲᠦᠯᠦᠪᠯᠡᠭᠡ ᠲᠤᠠᠠᠳᠠᠭᠠᠵᠤ᠂ ᠰᠢᠪᠡᠭᠡ ᠡᠭᠦᠷ ᠪᠠᠶᠢᠭᠤᠯᠤᠨ᠂ ᠭᠦᠨᠦᠭᠡᠯᠳᠤ ᠬᠤᠷᠤᠬᠠᠢ ᠶᠢᠨ ᠲᠦᠷᠦᠯᠭᠢ ᠲᠠᠶᠢᠰᠤᠨ ᠢ ᠨᠢ ᠬᠠᠮᠠᠭᠠᠯᠠᠬᠤ ᠵᠡᠷᠭᠡ ᠠᠷᠭ᠎ᠠ ᠪᠠᠷ ᠲᠠᠮᠵᠢᠭᠤᠯᠤᠨ ᠭᠡᠮ ᠬᠤᠷᠤᠬᠠᠢ ᠶᠢᠨ ᠭᠦᠨᠦᠭᠡᠯ ᠢ ᠰᠡᠷᠭᠡᠶᠢᠯᠡᠨ ᠤᠰᠠᠳᠬᠠᠬᠤ ᠭᠡᠷᠡᠭᠳᠡᠢ᠃
ᠭᠡᠮ ᠤᠨ ᠭᠦᠨᠦᠭᠡᠯ ᠢ ᠰᠡᠷᠭᠡᠶᠢᠯᠡᠭᠦ ᠳᠤ᠂ ᠠ ᠸᠧᠢ ᠪᠠᠺᠲ᠋ᠧᠷᠢᠠᠴᠢᠷ ᠡᠳ᠋ ᠵᠢᠴᠢ ᠲᠡᠭᠦᠨ ᠤ ᠨᠠᠶᠢᠷᠠᠯᠭ᠎ᠠ ᠡᠮ᠂ ᠭᠧᠨ ᠤ ᠢᠨᠵᠧᠨᠧᠷᠢᠩ ᠤᠨ ᠦᠢᠯᠡᠳᠭᠦᠨ ᠪᠤᠯᠤᠨ ᠭᠢᠮᠢ ᠶᠢᠨ ᠨᠡᠶᠢᠯᠡᠯ ᠤᠨ ᠪᠠᠺᠲ᠋ᠧᠷᠢ ᠤᠰᠠᠳᠬᠠᠬᠤ ᠡᠮ ᠬᠡᠷᠡᠭᠯᠡᠬᠦ ᠶᠢ ᠴᠠᠭᠠᠵᠠᠯᠠᠨ᠎ᠠ᠃
ᠬᠤᠷᠤᠬᠠᠢ ᠶᠢᠨ ᠭᠦᠨᠦᠭᠡᠯ ᠭᠠᠷᠤᠠᠠᠰᠠᠨ ᠦᠶᠡᠰ᠂ ᠬᠤᠷᠤᠬᠠᠢ ᠰᠢᠪᠠᠵᠢ ᠶᠢ ᠤᠰᠠᠳᠬᠠᠬᠤ ᠳᠠᠭᠠᠨ ᠲᠦᠷᠦᠯᠭᠢ ᠲᠠᠶᠢᠰᠤᠨ ᠢ ᠨᠢ ᠲᠠᠯᠪᠢᠵᠤ ᠤᠰᠠᠳᠬᠠᠨ᠎ᠠ᠃
ᠵᠢᠱᠢᠶᠡᠯᠡᠪᠡᠯ ᠱᠤᠩᠬᠤᠷ ᠵᠦᠭᠡᠢ ᠶᠢ ᠲᠠᠯᠪᠢᠬᠤ ᠪᠠᠷ ᠲᠠᠮᠵᠢᠭᠤᠯᠤᠨ ᠬᠤᠷᠤᠬᠠᠢ ᠰᠢᠪᠠᠵᠢ ᠶᠢ ᠤᠰᠠᠳᠬᠠᠵᠤ ᠪᠤᠯᠤᠨ᠎ᠠ᠃ ᠰᠠᠪᠤᠩ᠂ ᠤᠷᠭᠤᠮᠠᠯ ᠤᠨ ᠬᠤᠷᠤᠬᠠᠢ ᠤᠰᠠᠳᠬᠠᠬᠤ ᠡᠮ ᠪᠤᠶᠤ ᠲᠤᠬᠠᠢ ᠶᠢᠨ ᠭᠠᠵᠠᠷ ᠤᠷᠭᠤᠠᠠᠰᠠᠨ ᠤᠷᠭᠤᠮᠠᠯ ᠠᠴᠠ ᠭᠠᠷᠭᠠᠨ ᠠᠪᠤᠠᠠᠰᠠᠨ ᠡᠮ ᠢᠶᠠᠷ ᠰᠡᠷᠭᠡᠶᠢᠯᠡᠨ ᠤᠰᠠᠳᠬᠠᠵᠤ ᠪᠤᠯᠤᠨ᠎ᠠ᠃ ᠬᠠᠷᠠᠭᠠᠨ ᠰᠠᠷᠠᠯ ᠤᠨ ᠴᠢᠨᠠᠷ ᠲᠠᠢ ︵ᠨᠠᠭᠠᠯᠳᠤᠮᠠᠬᠠᠢ ᠰᠢᠷ᠎ᠡ ᠬᠠᠪᠳᠠᠰᠤ︶ ᠪᠤᠶᠤ ᠹᠢᠽᠢᠺ ᠤᠨ ᠴᠢᠨᠠᠷ ᠲᠠᠢ ᠬᠤᠷᠤᠬᠠᠢ ᠪᠠᠷᠢᠬᠤ ︵ᠵᠢᠱᠢᠶᠡᠯᠡᠪᠡᠯ ᠬᠤᠷᠤᠬᠠᠢ ᠰᠡᠷᠭᠡᠶᠢᠯᠡᠭᠦ ᠲᠤᠤᠷ︶ ᠲᠦᠭᠦᠭᠡᠷᠤᠮᠵᠢ ᠶᠢ ᠭᠡᠷᠡᠭᠯᠡᠵᠤ ᠪᠤᠯᠤᠨ᠎ᠠ᠃ ᠵᠢᠭᠠᠰᠤᠨ ᠬᠤᠤᠷ ᠤᠨ ᠺᠧᠲ᠋ᠤᠨ᠂ ᠤᠷᠭᠤᠮᠠᠯ ᠠᠴᠠ ᠢᠷᠡᠯᠳᠡ ᠲᠠᠢ ᠬᠤᠷᠤᠬᠠᠢ ᠤᠰᠠᠳᠬᠠᠬᠤ ᠤᠳ᠋ᠪᠠᠯ᠎ᠠ᠂ ᠴᠶᠢᠳᠠᠮᠵᠢᠭᠦᠯᠦᠭᠰᠡᠨ ᠤᠷᠭᠤᠮᠠᠯ ᠤᠨ ᠲᠤᠰᠤ᠂ ᠴᠠᠭᠢᠭᠤᠷ ᠵᠠᠮᠬᠠᠳᠤ ᠰᠢᠷᠤᠢ᠂ ᠮᠢᠺᠷᠤᠪ ᠪᠤᠳᠠᠰ ᠵᠢᠴᠢ ᠲᠡᠭᠦᠨ ᠢᠶᠠᠷ ᠨᠠᠶᠢᠷᠠᠭᠤᠯᠤᠠᠠᠰᠠᠨ ᠡᠮ ᠢ ᠭᠡᠷᠡᠭᠯᠡᠭᠦ ᠶᠢ ᠭᠢᠵᠠᠭᠠᠷᠯᠠᠨ᠎ᠠ᠃ ᠭᠧᠨ ᠤ ᠢᠨᠵᠧᠨᠧᠷᠢᠩ ᠤᠨ ᠦᠢᠯᠡᠳᠭᠦᠨ ᠪᠤᠯᠤᠨ ᠭᠢᠮᠢ ᠶᠢᠨ ᠨᠡᠶᠢᠯᠡᠯ ᠤᠨ ᠬᠤᠷᠤᠬᠠᠢ ᠤᠰᠠᠳᠬᠠᠬᠤ ᠡᠮ ᠢ ᠭᠡᠷᠡᠭᠯᠡᠭᠦ ᠶᠢ ᠡᠷᠡᠰ ᠴᠠᠭᠠᠵᠠᠯᠠᠨ᠎ᠠ᠃
ᠡᠪᠡᠰᠤᠨ ᠤ ᠭᠦᠨᠦᠭᠡᠯ ᠢ ᠪᠤᠯ ᠮᠧᠬᠠᠨᠢᠭ ᠪᠤᠯᠤᠨ ᠬᠠᠯᠠᠭᠤᠨ ᠲᠠᠩᠨᠠᠭᠤᠷ ᠢᠶᠠᠷ ᠠᠷᠢᠯᠭᠠᠬᠤ ᠭᠡᠷᠡᠭᠳᠡᠢ᠃ ᠭᠧᠨ ᠤ ᠢᠨᠵᠧᠨᠧᠷᠢᠩ ᠤᠨ ᠦᠢᠯᠡᠳᠭᠦᠨ ᠪᠤᠯᠤᠨ ᠭᠢᠮᠢ ᠶᠢᠨ ᠡᠪᠡᠰᠤ ᠠᠷᠢᠯᠭᠠᠬᠤ ᠡᠮ ᠢ ᠭᠡᠷᠡᠭᠯᠡᠭᠦ ᠶᠢ ᠡᠷᠡᠰ ᠴᠠᠭᠠᠵᠠᠯᠠᠨ᠎ᠠ᠃
⑤ ᠤᠷᠭᠠᠨᠢᠭ ᠪᠤᠭᠤᠳᠠᠢ ᠶᠢ ᠤᠰᠤᠯᠠᠬᠤ᠃ ᠤᠷᠭᠠᠨᠢᠭ ᠲᠠᠷᠢᠶᠠᠯᠠᠩ ᠤᠨ ᠦᠢᠯᠡᠳᠪᠤᠷᠢᠯᠡᠯ ᠤᠨ ᠤᠰᠤᠯᠠᠯᠳᠠ ᠳᠤ ᠭᠡᠷᠡᠭᠯᠡᠭᠦ ᠤᠰᠤᠨ ᠤ ᠴᠢᠨᠠᠷ ᠨᠢ ᠡᠷᠭᠡᠪᠰᠢ ︽ᠲᠠᠷᠢᠶᠠᠨ ᠭᠠᠵᠠᠷ ᠤᠨ ᠤᠰᠤᠯᠠᠯᠳᠠ ᠶᠢᠨ ᠤᠰᠤᠨ ᠤ ᠴᠢᠨᠠᠷ︾ ᠤᠨ ᠪᠠᠷᠢᠮᠵᠢᠶ᠎ᠠ ᠳᠤ ᠨᠡᠶᠢᠴᠡᠭᠰᠡᠨ ᠪᠠᠶᠢᠬᠤ ᠭᠡᠷᠡᠭᠳᠡᠢ᠃ ᠤᠷᠭᠠᠨᠢᠭ ᠭᠠᠵᠠᠷ ᠭᠡᠰᠡᠭ ᠤᠨ ᠦᠷᠡᠯᠡᠯᠳᠡ ᠶᠢᠨ ᠰᠢᠰᠲ᠋ᠧᠮ ᠢ ᠶᠠᠷᠤ ᠶᠢᠨ ᠭᠠᠵᠠᠷ ᠭᠡᠰᠡᠭ ᠠᠴᠠ ᠰᠠᠯᠭᠠᠬᠤ ᠠᠷᠭ᠎ᠠ ᠶᠢ ᠠᠪᠴᠤ᠂ ᠶᠠᠷᠤ ᠶᠢᠨ ᠭᠠᠵᠠᠷ ᠭᠡᠰᠡᠭ ᠤᠨ ᠤᠰᠤ ᠨᠢ ᠤᠷᠭᠠᠨᠢᠭ ᠲᠠᠷᠢᠶᠠᠨ ᠭᠠᠵᠠᠷ ᠲᠤ ᠨᠡᠪᠴᠢᠭᠦ ᠪᠤᠶᠤ ᠤᠷᠤᠰᠤᠨ ᠤᠷᠤᠬᠤ ᠦᠭᠡᠢ ᠪᠠᠶᠢᠬᠤ ᠶᠢ ᠪᠠᠳᠤᠯᠠᠬᠤ ᠭᠡᠷᠡᠭᠳᠡᠢ᠂ ᠪᠤᠵᠠᠷ ᠪᠤᠷᠳᠠᠭ ᠤᠰᠤ ᠰᠢᠪᠠᠷ ᠢ ᠭᠡᠷᠡᠭᠯᠡᠭᠦ ᠶᠢ ᠡᠷᠡᠰ ᠴᠠᠭᠠᠵᠠᠯᠠᠨ᠎ᠠ᠃