|
2. ᠪᠠᠭᠤᠳᠠᠯ ᠤᠨ ᠤᠷᠤ ᠳᠡᠪᠢᠰᠭᠡᠷ ᠤᠨ ᠤᠬᠢᠶᠠᠬᠤ ᠲᠤᠭ᠎ᠠ ᠶᠢ ᠪᠠᠭᠠᠰᠬᠠᠬᠤ |
|
|
ᠨᠡᠶᠢᠲᠡᠯᠡᠭᠰᠡᠨ ᠴᠠᠭ᠄
2015/11/24
|
|
ᠤᠷᠤ ᠳᠡᠪᠢᠰᠭᠡᠷ ᠵᠡᠷᠭᠡ ᠶᠢ ᠤᠬᠢᠶᠠᠬᠤ ᠳᠤ ᠤᠰᠤ᠂ ᠴᠠᠬᠢᠯᠭᠠᠨ ᠪᠤᠯᠤᠨ ᠤᠬᠢᠶᠠᠬᠤ ᠨᠤᠨᠳᠠᠭ ᠢ ᠬᠤᠷᠤᠭᠳᠠᠭᠤᠯᠬᠤ ᠪᠤᠯᠤᠨ᠎ᠠ᠃ ᠭᠡᠲᠡᠯ᠎ᠡ ᠳᠤᠳᠠᠭᠤ ᠨᠢᠭᠡ ᠤᠳᠠᠭ᠎ᠠ ᠤᠬᠢᠶᠠᠵᠤ ᠰᠤᠯᠢᠪᠠᠰᠤ ᠴᠠᠬᠢᠯᠭᠠᠨ ᠢ 0.03W᠂ ᠤᠰᠤ ᠶᠢ 13L᠂ ᠤᠬᠢᠶᠠᠬᠤ ᠨᠤᠨᠳᠠᠭ ᠢ 22.5g ᠠᠷᠪᠢᠯᠠᠬᠤ ᠪᠦᠭᠡᠳ ᠡᠭᠦᠨ ᠤ ᠤᠯᠠᠮ ᠢᠶᠠᠷ ᠨᠡᠭᠦᠷᠡᠰᠦᠳᠦ᠋ᠷᠦᠭᠴᠢ ᠶᠢᠨ ᠳᠠᠪᠬᠤᠷ ᠢᠰᠦᠯ ᠤᠨ ᠪᠤᠬᠢᠷᠳᠤᠯ ᠢ 50g ᠪᠠᠭᠠᠰᠬᠠᠵᠤ ᠴᠢᠳᠠᠨ᠎ᠠ᠃ ᠪᠦᠬᠦ ᠤᠯᠤᠰ ᠤᠨ 8880 ᠤᠳᠤᠨ ᠳᠡᠰ ᠤᠨ ᠪᠠᠭᠤᠳᠠᠯ ︵2002 ᠤᠨ ᠳᠤ ᠠᠪᠤᠭᠰᠠᠨ ᠲᠤᠭ᠎ᠠ ᠪᠦᠷᠢᠳᠭᠡᠯ︶ ᠤᠳ ︽ᠪᠤᠬᠢᠷᠳᠤᠯ ᠦᠭᠡᠢ ᠵᠤᠴᠢᠳ ᠤᠨ ᠲᠠᠰᠤᠭ︾ ᠤᠨ ᠪᠠᠷᠢᠮᠵᠢᠶ᠎ᠠ ᠶᠢᠨ ᠰᠠᠨᠠᠭᠤᠯᠭ᠎ᠠ ︵3 ᠡᠳᠦᠷ ᠲᠤ ᠨᠢᠭᠡ ᠤᠳᠠᠭ᠎ᠠ ᠰᠤᠯᠢᠬᠤ︶ ᠶᠢ ᠠᠪᠴᠤ ᠬᠡᠷᠡᠭᠵᠢᠭᠦᠯᠪᠡᠯ ᠵᠢᠯ ᠪᠦᠷᠢ ᠡᠨᠧᠷᠬᠢ ᠶᠢ 1.6 ᠲᠦᠮᠡᠨ t ᠠᠷᠪᠢᠯᠠᠵᠤ ᠲᠡᠶᠢᠯᠬᠦ ᠪᠦᠭᠡᠳ ᠪᠠᠰᠠ ᠨᠡᠭᠦᠷᠡᠰᠦᠳᠦ᠋ᠷᠦᠭᠴᠢ ᠶᠢᠨ ᠳᠠᠪᠬᠤᠷ ᠢᠰᠦᠯ ᠤᠨ ᠪᠤᠬᠢᠷᠳᠤᠯ ᠢ 4 ᠲᠦᠮᠡᠨ t ᠪᠠᠭᠠᠰᠬᠠᠵᠤ ᠲᠡᠶᠢᠯᠦᠨ᠎ᠡ᠃ |
|
|
|
ᠢᠷᠡᠯᠲᠡ᠄
ᠦᠪᠦᠷ ᠮᠣᠩᠭᠤᠯ ᠤᠨ ᠵᠠᠰᠠᠭ ᠤᠨ ᠣᠷᠳᠤᠨ
|