6. ᠠᠷᠢᠬᠢ ᠶᠢ ᠵᠤᠬᠢᠮᠵᠢᠲᠠᠢ ᠤᠤᠭᠤᠬᠤ
ᠨᠡᠶᠢᠲᠡᠯᠡᠭᠰᠡᠨ ᠴᠠᠭ᠄
2015/11/24

       ᠵᠤᠨ ᠤ ᠤᠯᠠᠷᠢᠯ ᠳᠤ ᠰᠠᠷ᠎ᠠ ᠪᠦᠷᠢ ᠳᠤᠳᠠᠭᠤ ᠨᠢᠭᠡ ᠯᠤᠩᠬᠤ ᠫᠢᠵᠢᠦ ᠠᠷᠢᠬᠢ ᠤᠤᠭᠤᠬᠤ᠄ ᠵᠤᠨ ᠤ ᠴᠠᠭ ᠲᠤ ᠠᠭᠠᠬᠢᠮ᠎ᠠ ᠬᠠᠯᠠᠭᠤᠨ ᠢ ᠲᠡᠰᠪᠦᠷᠢᠯᠡᠭᠦᠶ᠎ᠡ ᠭᠡᠴᠡᠭᠦᠦ ᠪᠠᠶᠢᠳᠠᠭ ᠠᠴᠠ ᠫᠢᠵᠢᠦ ᠠᠷᠢᠬᠢ ᠨᠢ ᠲᠤᠬᠢᠲᠠᠢ ᠰᠠᠶᠢᠨ ᠤᠮᠳᠠ ᠪᠤᠯᠳᠠᠭ ᠪᠢᠯᠡ᠂ ᠭᠡᠪᠡᠴᠦ ᠭᠡᠳᠡᠷᠡᠳᠡᠯ᠎ᠡ ᠤᠤᠭᠤᠬᠤ ᠤᠴᠢᠷ ᠢᠮᠠᠭᠳᠠ ᠭᠠᠷᠳᠠᠭ ᠶᠤᠮ᠃ ᠵᠤᠨ ᠤ ᠤᠯᠠᠷᠢᠯ ᠤᠨ ᠭᠤᠷᠪᠠᠨ ᠰᠠᠷ᠎ᠠ ᠳᠤᠳᠤᠷ᠎ᠠ ᠳᠤᠮᠳᠠᠴᠢ ᠪᠠᠷ ᠰᠠᠷ᠎ᠠ ᠪᠦᠷᠢ ᠳᠤᠳᠠᠭᠤ ᠨᠢᠭᠡ ᠯᠤᠩᠬᠤ ᠫᠢᠵᠢᠦ ᠠᠷᠢᠬᠢ ᠤᠤᠭᠤᠪᠠᠯ᠂ ᠨᠢᠭᠡ ᠬᠦᠮᠦᠨ ᠨᠢᠭᠡ ᠵᠢᠯ ᠳᠤ ᠡᠨᠧᠷᠬᠢ ᠶᠢ 0.23kg ᠠᠷᠪᠢᠯᠠᠵᠤ᠂ ᠲᠡᠭᠦᠨᠴᠢᠯᠡᠨ ᠨᠡᠭᠦᠷᠡᠰᠦᠳᠦ᠋ᠷᠦᠭᠴᠢ ᠶᠢᠨ ᠳᠠᠪᠬᠤᠷ ᠢᠰᠦᠯ ᠤᠨ ᠪᠤᠬᠢᠷᠳᠤᠯ ᠢ 0.6kg ᠪᠠᠭᠠᠰᠬᠠᠵᠤ ᠴᠢᠳᠠᠨ᠎ᠠ᠃ ᠪᠦᠬᠦ ᠤᠯᠤᠰ ᠤᠨ ᠬᠦᠷᠢᠶ᠎ᠡ ᠬᠡᠪᠴᠢᠶ᠎ᠡ ᠠᠴᠠ ᠠᠪᠴᠤ ᠦᠵᠡᠬᠦ ᠳᠤ ᠵᠢᠯ ᠪᠦᠷᠢ 29.7 ᠲᠦᠮᠡᠨ t ᠡᠨᠧᠷᠬᠢ ᠠᠷᠪᠢᠯᠠᠵᠤ᠂ ᠲᠡᠭᠦᠨᠴᠢᠯᠡᠨ ᠨᠡᠭᠦᠷᠡᠰᠦᠳᠦ᠋ᠷᠦᠭᠴᠢ ᠶᠢᠨ ᠳᠠᠪᠬᠤᠷ ᠢᠰᠦᠯ ᠤᠨ ᠪᠤᠬᠢᠷᠳᠤᠯ ᠢ 78 ᠲᠦᠮᠡᠨ t ᠪᠠᠭᠠᠰᠬᠠᠵᠤ ᠴᠢᠳᠠᠨ᠎ᠠ᠃
      ᠵᠢᠯ ᠪᠦᠷᠢ ᠳᠤᠳᠠᠭᠤ 0.5kg ᠬᠠᠷ᠎ᠠ ᠠᠷᠢᠬᠢ ᠤᠤᠭᠤᠬᠤ᠄ ᠬᠠᠷ᠎ᠠ ᠠᠷᠢᠬᠢ ᠨᠢ ᠠᠮᠢᠳᠤᠷᠠᠯ ᠢ ᠡᠯᠪᠡᠭ ᠰᠠᠶᠢᠬᠠᠨ ᠪᠤᠯᠭᠠᠭᠰᠠᠨ ᠢᠶᠠᠷ ᠪᠠᠷᠠᠬᠤ ᠦᠭᠡᠢ ᠪᠠᠰᠠ ᠳᠤᠮᠳᠠᠳᠤ ᠶᠢᠨ ᠦᠨᠳᠦᠰᠦᠲᠡᠨ ᠤ ᠭᠡᠷᠡᠯ ᠰᠠᠴᠤᠷᠠᠩᠭᠤᠢ ᠠᠷᠢᠬᠢᠨ ᠰᠤᠶᠤᠯ ᠢ ᠪᠠᠶᠠᠯᠢᠬᠵᠢᠭᠤᠯᠤᠭᠰᠠᠨ ᠪᠠᠶᠢᠨ᠎ᠠ᠃ ᠭᠡᠲᠡᠯ᠎ᠡ ᠠᠷᠢᠬᠢ ᠪᠤᠯ ᠬᠡᠷᠡᠭ ᠠᠳᠡᠯ ᠢ ᠠᠮᠠᠷᠬᠠᠨ ᠡᠭᠦᠰᠭᠡᠳᠡᠭ ᠶᠤᠮ᠃ ᠬᠡᠷᠪᠡ ᠨᠢᠭᠡ ᠬᠦᠮᠦᠨ ᠵᠢᠯ ᠳᠤ ᠳᠤᠳᠠᠭᠤ 0.5kg ᠠᠷᠢᠬᠢ ᠤᠤᠭᠤᠪᠠᠯ ᠡᠨᠧᠷᠬᠢ ᠶᠢ 0.4kg  ᠠᠷᠪᠢᠯᠠᠵᠤ ᠴᠢᠳᠠᠬᠤ ᠪᠦᠭᠡᠳ ᠪᠠᠰᠠ ᠨᠡᠭᠦᠷᠡᠰᠦᠳᠦ᠋ᠷᠦᠭᠴᠢ ᠶᠢᠨ ᠳᠠᠪᠬᠤᠷ ᠢᠰᠦᠯ ᠤᠨ ᠪᠤᠬᠢᠷᠳᠤᠯ ᠢ 1kg ᠪᠠᠭᠠᠰᠬᠠᠵᠤ ᠴᠢᠳᠠᠨ᠎ᠠ᠃ ᠬᠡᠷᠪᠡ ᠪᠦᠬᠦ ᠤᠯᠤᠰ ᠤᠨ 2 ᠳ᠋ᠦᠡᠭᠰᠢᠭᠤᠷ ︽ᠠᠷᠢᠬᠢᠴᠢᠨ︾ ᠳᠤᠮᠳᠠᠴᠢ ᠪᠠᠷ ᠵᠢᠯ ᠪᠦᠷᠢ ᠳᠤᠳᠠᠭᠤ 0.5kg ᠠᠷᠢᠬᠢ ᠤᠤᠭᠤᠪᠠᠯ᠂ ᠵᠢᠯ ᠪᠦᠷᠢ ᠡᠨᠧᠷᠬᠢ ᠶᠢ 8 ᠲᠦᠮᠡᠨ t ᠠᠷᠪᠢᠯᠠᠵᠤ᠂ ᠲᠡᠭᠦᠨᠴᠢᠯᠡᠨ ᠨᠡᠭᠦᠷᠡᠰᠦᠳᠦ᠋ᠷᠦᠭᠴᠢ ᠶᠢᠨ ᠳᠠᠪᠬᠤᠷ ᠢᠰᠦᠯ ᠤᠨ ᠪᠤᠬᠢᠷᠳᠤᠯ ᠢ 20 ᠲᠦᠮᠡᠨ t ᠪᠠᠭᠠᠰᠬᠠᠵᠤ ᠴᠢᠳᠠᠨ᠎ᠠ᠃  

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
Baidu
map