4. ᠡᠮᠴᠢᠯᠡᠭᠡ ᠶᠢᠨ ᠪᠠᠴᠢᠮ ᠠᠪᠤᠷᠠᠯᠳᠠ ᠶᠢᠨ ᠲᠤᠰᠠᠯᠠᠮᠵᠢ ᠭᠤᠶᠤᠴᠢᠯᠠᠬᠤ 120 ᠤᠳᠠᠰᠤ
ᠨᠡᠶᠢᠲᠡᠯᠡᠭᠰᠡᠨ ᠴᠠᠭ᠄
2015/11/17


       ᠡᠮᠴᠢᠯᠡᠭᠡ ᠶᠢᠨ ᠪᠠᠴᠢᠮ ᠠᠪᠤᠷᠠᠯᠳᠠ ᠶᠢᠨ ᠥᠢᠯᠡᠴᠢᠯᠡᠭᠡ ᠠᠪᠬᠤ ᠴᠢᠬᠤᠯᠠ ᠲᠠᠢ ᠥᠶ᠎ᠡ ᠳᠤ 120 ᠡᠮᠴᠢᠯᠡᠭᠡ ᠶᠢᠨ ᠪᠠᠴᠢᠮ ᠠᠪᠤᠷᠠᠯᠳᠠ ᠶᠢᠨ 120 ᠤᠳᠠᠰᠤ ᠶᠢ ᠤᠳᠠᠰᠤᠳᠠᠭᠠᠷᠠᠢ᠃ ᠠᠪᠤᠷᠠᠯᠳᠠ ᠶᠢᠨ ᠪᠠᠴᠢᠮ ᠪᠠᠶᠢᠳᠠᠯ ᠢ ᠠᠷᠭᠠᠴᠠᠬᠤ ᠳᠤ᠄
      ︵1︶ ᠤᠳᠠᠰᠤ ᠨᠡᠪᠳᠡᠷᠡᠭᠰᠡᠨ ᠤ ᠲᠠᠷᠠᠭ᠎ᠠ ᠡᠪᠡᠳᠴᠢᠳᠡᠨ ᠤ ᠤᠷᠤᠨ ᠪᠠᠶᠢᠷᠢ᠂ ᠨᠠᠰᠤ ᠵᠢᠯ᠂ ᠬᠥᠢᠰᠤ ᠢᠯᠭᠠᠯ ᠪᠤᠯᠤᠨ ᠡᠪᠡᠳᠴᠢᠨ ᠤ ᠪᠠᠶᠢᠳᠠᠯ ᠢ ᠲᠤᠳᠤᠷᠬᠠᠢ ᠭᠡᠯᠡᠵᠤ ᠥᠭᠬᠦ ᠭᠡᠷᠡᠭᠳᠡᠢ᠃ ᠭᠡᠷᠪᠡ ᠤᠷᠤᠨ ᠪᠠᠶᠢᠷᠢ ᠶᠢ ᠨᠢ ᠲᠤᠳᠤᠷᠬᠠᠢ ᠮᠡᠳᠡᠬᠦ ᠥᠭᠡᠢ ᠪᠤᠯ ᠶᠡᠭᠡ ᠲᠥᠯᠥᠪ ᠵᠥᠭ ᠴᠢᠭᠯᠡᠯ ᠢ ᠨᠢ ᠲᠤᠳᠤᠷᠬᠠᠢᠢᠯᠠᠵᠤ᠂ ᠠᠯᠢ ᠶᠡᠭᠡ ᠵᠡᠭᠡᠯᠢ᠂ ᠶᠠᠮᠠᠷ ᠴᠢᠭᠯᠡᠯ᠂ ᠶᠠᠮᠠᠷ ᠪᠠᠷᠢᠯᠭ᠎ᠠ ᠶᠢᠨ ᠤᠢᠢᠷᠠᠯᠴᠠᠭ᠎ᠠ ᠪᠠᠶᠢᠬᠤ ᠵᠡᠷᠭᠡ ᠶᠢ ᠭᠡᠯᠡᠵᠤ ᠥᠭᠬᠦ ᠭᠡᠷᠡᠭᠳᠡᠢ᠃

      ︵2︶ ᠡᠪᠡᠳᠴᠢᠳᠡᠨ ᠤ ᠡᠪᠡᠳᠴᠢᠨ ᠤ ᠨᠡᠶᠢᠳᠡᠯᠢᠭ ᠢᠯᠡᠷᠡᠯ ᠪᠠᠶᠢᠳᠠᠯ ᠢ ᠴᠢᠳᠠᠬᠤ ᠶᠢᠨ ᠲᠤᠳᠤᠷ᠎ᠠ ᠲᠤᠳᠤᠷᠬᠠᠢ ᠭᠡᠯᠡᠵᠤ ᠥᠭᠬᠦ ᠭᠡᠷᠡᠭᠳᠡᠢ᠃ ᠵᠢᠱᠢᠶᠡᠯᠡᠪᠡᠯ ᠴᠡᠭᠡᠵᠢᠨ ᠪᠡᠶ᠎ᠡ ᠨᠢ ᠡᠪᠡᠳᠴᠤ ᠪᠠᠶᠢᠬᠤ᠂ ᠤᠬᠠᠭᠠᠨ ᠠᠯᠳᠠᠭᠰᠠᠨ᠂ ᠴᠢᠰᠤ ᠪᠠᠷ ᠪᠥᠭᠡᠯᠵᠢᠭᠰᠡᠨ᠂ ᠵᠤᠭᠰᠤᠯ ᠥᠭᠡᠢ ᠪᠥᠭᠡᠯᠵᠢᠵᠤ ᠪᠠᠶᠢᠭ᠎ᠠ᠂ ᠠᠮᠢᠰᠬᠤᠯ ᠨᠢ ᠬᠥᠴᠢᠷᠳᠡᠭᠰᠡᠨ ᠵᠡᠷᠭᠡ᠃
      ︵3︶ ᠡᠪᠡᠳᠴᠢᠳᠡᠨ ᠤ ᠪᠠᠶᠢᠳᠠᠯ ᠪᠤᠶᠤ ᠰᠢᠷᠬᠠᠳᠤᠭᠰᠠᠨ ᠴᠠᠭ ᠬᠤᠭᠤᠴᠠᠭ᠎ᠠ ᠶᠢ ᠨᠢ ᠴᠢᠳᠠᠬᠤ ᠶᠢᠨ ᠲᠤᠳᠤᠷ᠎ᠠ ᠲᠤᠳᠤᠷᠬᠠᠢ ᠭᠡᠯᠡᠵᠤ ᠥᠭᠬᠦ ᠭᠡᠷᠡᠭᠳᠡᠢ᠃
       ᠭᠡᠷᠪᠡ ᠰᠠᠨᠠᠭᠠᠨ ᠳᠤ ᠥᠭᠡᠢ ᠪᠠᠷ ᠰᠢᠷᠬᠠᠳᠤᠵᠤ ᠭᠡᠮᠳᠥᠭᠰᠡᠨ ᠪᠤᠯ ᠰᠢᠷᠬᠠᠳᠤᠭᠰᠠᠨ ᠰᠢᠨᠵᠢ ᠴᠢᠨᠠᠷ ᠢ ᠲᠤᠳᠤᠷᠬᠠᠢᠢᠯᠠᠬᠤ ᠭᠡᠷᠡᠭᠳᠡᠢ᠃ ᠵᠢᠱᠢᠶᠡᠯᠡᠪᠡᠯ ᠴᠠᠬᠢᠯᠭᠠᠨ ᠳᠤ ᠴᠤᠬᠢᠭᠳᠠᠭᠰᠠᠨ᠂ ᠲᠡᠯᠪᠡᠷᠡᠯᠳᠡ ᠳᠤ ᠤᠴᠠᠷᠠᠭᠰᠠᠨ᠂ ᠨᠤᠷᠠᠯᠳᠠ ᠳᠤ ᠤᠴᠠᠷᠠᠭᠰᠠᠨ᠂ ᠤᠰᠤᠨ ᠳᠤ ᠴᠠᠴᠠᠭᠰᠠᠨ᠂ ᠭᠠᠯ ᠲᠥᠢᠮᠡᠷ ᠤᠨ ᠠᠶᠤᠯ ᠳᠤ ᠲᠤᠯᠭᠠᠷᠠᠭᠰᠠᠨ᠂ ᠬᠤᠤᠷᠳᠠᠭᠳᠠᠭᠰᠠᠨ᠂ ᠵᠠᠮ ᠬᠠᠷᠢᠯᠴᠠᠭᠠᠨ ᠤ ᠡ᠊ᠨᠳᠡᠯ ᠵᠡᠷᠭᠡ ᠶᠢ ᠲᠤᠳᠤᠷᠬᠠᠢ ᠭᠡᠯᠡᠵᠤ ᠥᠭᠬᠦ ᠶᠢᠨ ᠬᠠᠮᠳᠤ ᠰᠢᠷᠬᠠᠳᠤᠭᠰᠠᠨ ᠬᠥᠮᠥᠰ ᠤᠨ ᠰᠢᠷᠬ᠎ᠠ ᠶᠢᠨ ᠤᠷᠤᠨ ᠪᠠᠶᠢᠷᠢ ᠪᠠ ᠪᠠᠶᠢᠳᠠᠯ ᠢ ᠮᠡᠳᠡᠬᠦᠯᠬᠦ ᠭᠡᠷᠡᠭᠳᠡᠢ᠃
       ︵4︶ ᠥᠪᠡᠷ ᠤᠨ ᠲᠤᠰ ᠪᠡᠶ᠎ᠡ ᠶᠢᠨ ᠤᠨᠴᠠᠭᠠᠢ ᠱᠠᠭᠠᠷᠳᠠᠯᠭ᠎ᠠ ᠪᠠᠨ ᠴᠢᠳᠠᠬᠤ ᠶᠢᠨ ᠲᠤᠳᠤᠷ᠎ᠠ ᠲᠤᠳᠤᠷᠬᠠᠢ ᠭᠡᠯᠡᠵᠤ᠂ ᠪᠠᠴᠢᠮ ᠠᠪᠤᠷᠠᠯᠳᠠ ᠶᠢᠨ ᠲᠡᠷᠭᠡ ᠬᠥᠷᠴᠤ ᠢᠷᠡᠬᠦ ᠴᠠᠭ ᠢ ᠤᠢᠢᠯᠠᠭᠠᠵᠤ᠂ ᠲᠡᠷᠭᠡ ᠲᠤᠰᠬᠤ ᠪᠠᠷ ᠪᠡᠯᠡᠳᠭᠡᠬᠦ ᠭᠡᠷᠡᠭᠳᠡᠢ᠃
       ᠰᠠᠨᠠᠭᠤᠯᠬᠤ ᠨᠢ᠄
        ︵1︶ 120 ᠤᠳᠠᠰᠤ ᠪᠤᠯ ᠰᠥᠢᠳᠭᠡᠯ ᠠᠪᠳᠠᠭ ᠥᠭᠡᠢ᠂ ᠮᠥᠡᠭᠬᠦᠨ ᠵᠤᠭᠤᠰ ᠤᠷᠬᠢᠬᠤ᠂ ᠰᠤᠷᠢᠨᠵᠢᠨ ᠺᠠᠷᠲ ᠭᠡᠷᠡᠭᠯᠡᠬᠦ ᠵᠡᠷᠭᠡ ᠠᠷᠭ᠎ᠠ ᠪᠠᠷ ᠨᠡᠶᠢᠳᠡ ᠶᠢᠨ ᠭᠡᠷᠡᠭᠯᠡᠭᠡᠨ ᠤ ᠤᠳᠠᠰᠤ ᠪᠠᠷ ᠪᠥᠷ ᠰᠢᠭᠤᠳ ᠤᠳᠠᠰᠤᠳᠠᠵᠤ ᠪᠤᠯᠤᠨ᠎ᠠ᠃
        ︵2︶ ᠭᠡᠷᠪᠡ ᠡᠪᠡᠳᠴᠢᠳᠡᠨ ᠤ ᠲᠡᠥᠭᠡ ᠶᠢ ᠤᠢᠢᠯᠠᠭᠠᠳᠠᠭ ᠪᠤᠯ ᠪᠠᠴᠢᠮ ᠠᠪᠤᠷᠠᠯᠳᠠ ᠶᠢᠨ ᠥᠢᠯᠡᠴᠢᠯᠡᠭᠡ ᠲᠠᠭᠤᠳᠠᠬᠤ ᠥᠶ᠎ᠡ ᠳᠤ ᠪᠠᠴᠢᠮ ᠠᠪᠤᠷᠠᠯᠳᠠ ᠶᠢᠨ ᠠᠵᠢᠯᠳᠠᠨ ᠳᠤ ᠯᠠᠪᠯᠠᠯᠳᠠ ᠬᠠᠨᠭ᠍ᠭᠠᠵᠤ ᠥᠭᠬᠦ ᠭᠡᠷᠡᠭᠳᠡᠢ᠃  

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
Baidu
map