|
11. ᠠᠶᠤᠯ ᠲᠠᠢ ᠥᠢᠯᠡᠳᠪᠥᠷᠢᠯᠡᠯ ᠤᠨ ᠡ᠊ᠨᠳᠡᠯ |
|
|
ᠨᠡᠶᠢᠲᠡᠯᠡᠭᠰᠡᠨ ᠴᠠᠭ᠄
2015/11/17
|
|
︵1︶ ᠠᠶᠤᠯ ᠲᠠᠢ ᠬᠢᠮᠢ ᠶᠢᠨ ᠪᠤᠳᠠᠰ ᠤᠨ ᠠᠳᠡᠯ ᠠᠶᠤᠯ ᠲᠠᠢ ᠬᠢᠮᠢ ᠶᠢᠨ ᠪᠤᠳᠠᠰ ᠭᠡᠳᠡᠭ ᠪᠤᠯ ᠭᠤᠤᠯ ᠨᠢ ᠲᠡᠯᠪᠡᠷᠡᠬᠦ ᠴᠢᠨᠠᠷ ᠲᠠᠢ᠂ ᠠᠮᠠᠷᠬᠠᠨ ᠨᠤᠴᠤᠳᠠᠭ᠂ ᠬᠤᠤᠷ ᠲᠠᠢ᠂ ᠢᠯᠵᠠᠷᠠᠭᠤᠯᠬᠤ ᠴᠢᠨᠠᠷ ᠲᠠᠢ ᠬᠢᠮᠢ ᠶᠢᠨ ᠪᠤᠳᠠᠰ ᠢ ᠵᠢᠭᠠᠵᠤ ᠪᠤᠢ᠃ ᠥᠷᠬᠦᠯᠵᠢ ᠤᠢᠢᠷᠠᠳᠤᠳᠠᠭ ᠬᠢᠮᠢ ᠶᠢᠨ ᠪᠤᠳᠠᠰ ᠲᠤ ᠪᠧᠨ᠋ᠽᠧᠨ᠂ ᠰᠢᠩᠭᠡᠵᠢᠯ ᠭᠡᠢ᠂ ᠴᠢᠶ᠋ᠢᠤ᠂ ᠠᠯᠳᠧᠬᠢᠳ᠋᠂ ᠰᠢᠪᠳᠤᠷ ᠤᠰᠤ᠂ ᠬᠥᠬᠦᠷ ᠤᠨ ᠲᠠᠪᠬᠤᠷ ᠢᠰᠥᠯ᠂ ᠬᠥᠬᠦᠷᠳᠤ ᠤᠰᠤᠳᠦ᠋ᠷᠥᠭᠴᠢ᠂ ᠲᠡᠷᠢᠶᠠᠨ ᠡᠮ᠂ ᠰᠢᠩᠭᠡᠵᠢᠯ ᠡᠾᠯᠤᠷ ᠵᠡᠷᠭᠡ ᠪᠤᠢ᠃ ᠡᠳᠡᠭᠡᠷ ᠠᠶᠤᠯ ᠲᠠᠢ ᠪᠤᠳᠠᠰ ᠨᠢ ᠬᠥᠮᠥᠰ ᠤᠨ ᠨᠢᠳᠤ ᠶᠢ ᠬᠤᠷᠤᠰᠬᠠᠵᠤ᠂ ᠨᠢᠯᠪᠤᠰᠤ ᠭᠤᠭᠤᠵᠢᠭᠤᠯᠵᠤ᠂ ᠲᠤᠯᠤᠭᠠᠢ ᠡᠷᠬᠢᠨ ᠪᠥᠭᠡᠯᠵᠢᠰᠤ ᠬᠥᠷᠥᠬᠦᠯᠵᠤ᠂ ᠲᠤᠳᠤᠷ᠎ᠠ ᠪᠠᠴᠢᠮᠳᠠᠬᠤ ᠪᠠ ᠠᠮᠢᠰᠬᠤᠬᠤ ᠳᠤ ᠬᠥᠴᠢᠷᠳᠡᠵᠤ᠂ ᠬᠥᠨᠳᠤ ᠨᠤᠴᠢᠳᠠᠢ ᠨᠢ ᠪᠥᠳᠡᠵᠤ ᠥᠬᠦᠬᠦᠯᠳᠡᠭ᠃ ᠠᠶᠤᠯ ᠲᠠᠢ ᠬᠢᠮᠢ ᠶᠢᠨ ᠪᠤᠳᠠᠰ ᠤᠨ ᠠᠳᠡᠯ ᠤᠨ ᠪᠠᠴᠢᠮ ᠪᠠᠶᠢᠳᠠᠯ ᠢ ᠠᠷᠭᠠᠴᠠᠬᠤ ᠳᠤ᠄ ① ᠭᠡᠭᠡᠵᠤ ᠤᠷᠬᠢᠭᠰᠠᠨ ᠬᠢᠮᠢ ᠶᠢᠨ ᠪᠤᠳᠠᠰ ᠢ ᠤᠯᠵᠤ ᠮᠡᠳᠡᠪᠡᠯ ᠲᠡᠬᠦᠵᠤ ᠪᠤᠯᠬᠤ ᠥᠭᠡᠢ᠂ ᠲᠡᠷᠦ᠋ᠢᠬᠠᠨ ᠴᠠᠭᠳᠠᠭ᠎ᠠ ᠳᠤ ᠤᠳᠠᠰᠤᠳᠠᠨ ᠮᠡᠳᠡᠬᠦᠯᠵᠤ᠂ ᠪᠤᠳᠠᠳᠠᠢ ᠪᠠᠶᠢᠷᠢᠯᠠᠯ᠂ ᠪᠤᠭᠤᠳᠠᠯ ᠤᠨ ᠲᠡᠮᠳᠡᠭ᠂ ᠶᠡᠭᠡ ᠲᠥᠯᠥᠪ ᠲᠤᠭ᠎ᠠ ᠭᠡᠮᠵᠢᠶ᠎ᠡ ᠵᠢᠴᠢ ᠥᠨᠥᠷ ᠲᠠᠢ ᠪᠠᠶᠢᠬᠤ ᠡᠰᠡᠬᠦ ᠵᠡᠷᠭᠡ ᠪᠠᠶᠢᠳᠠᠯ ᠢ ᠨᠠᠷᠢᠨ ᠬᠡᠯᠡᠵᠤ ᠦᠭᠴᠤ ᠪᠠᠶᠢᠭᠠᠷᠠᠢ᠃ ② ᠭᠡᠷᠡᠭ ᠡᠬᠦᠰᠥᠭᠰᠡᠨ ᠭᠠᠵᠠᠷ ᠲᠠᠯᠠᠪᠤᠷ ᠤᠨ ᠤᠷᠴᠢᠨ ᠲᠤᠭᠤᠷᠢᠨ ᠳᠤ ᠲᠡᠷᠦ᠋ᠢᠬᠠᠨ ᠰᠡᠷᠡᠮᠵᠢ ᠶᠢᠨ ᠲᠡᠮᠳᠡᠭ ᠲᠡᠯᠪᠢᠵᠤ ᠪᠤᠰᠬᠠᠬᠤ ᠭᠡᠷᠡᠭᠳᠡᠢ᠃ ᠤᠷᠴᠢᠨ ᠲᠤᠭᠤᠷᠢᠨ ᠳᠤᠨᠢ ᠤᠳᠠᠭᠠᠨ ᠪᠠᠶᠢᠵᠤ ᠪᠤᠯᠬᠤ ᠥᠭᠡᠢ᠃ ᠲᠡᠮᠡᠬᠢ ᠲᠠᠳᠠᠬᠤ ᠶᠢ ᠴᠠᠭᠠᠵᠠᠯᠠᠵᠤ᠂ ᠭᠠᠯ ᠤᠨ ᠠᠶᠤᠯ ᠡᠬᠦᠰᠬᠦ ᠪᠠ ᠲᠡᠯᠪᠡᠷᠡᠬᠦ ᠠᠴᠠ ᠰᠡᠷᠡᠮᠵᠢᠯᠡᠬᠦ ᠶᠢ ᠬᠡᠯᠡᠵᠤ ᠦᠭᠭᠦᠨ᠎ᠡ᠃ ③ ᠠᠶᠤᠯ ᠲᠠᠢ ᠭᠢᠮᠢ ᠶᠢᠨ ᠪᠤᠳᠠᠰ ᠵᠥᠭᠡᠭᠡᠪᠥᠷᠢᠯᠡᠬᠦ ᠲᠡᠷᠭᠡ ᠬᠥᠰᠭᠡ ᠡ᠊ᠨᠳᠡᠯ ᠭᠠᠷᠤᠭᠰᠠᠨ ᠢ ᠤᠯᠵᠤ ᠮᠡᠳᠡᠪᠡᠯ᠂ ᠡ᠊ᠨᠳᠡᠯ ᠭᠠᠷᠤᠭᠰᠠᠨ ᠲᠤᠬᠠᠢ ᠶᠢᠨ ᠲᠠᠯᠠᠪᠤᠷ ᠠᠴᠠ ᠲᠥᠷᠭᠡᠨ ᠵᠠᠶᠢᠯᠠᠵᠤ᠂ ᠰᠠᠯᠬᠢᠨ ᠤ ᠲᠡᠭᠡᠷ᠎ᠡ ᠲᠡᠯ᠎ᠠ ᠳᠤ ᠰᠢᠯᠵᠢᠵᠤ᠂ ᠲᠡᠷᠦ᠋ᠢᠬᠠᠨ ᠴᠠᠭᠳᠠᠭ᠎ᠠ ᠳᠤ ᠤᠳᠠᠰᠤᠳᠠᠨ ᠮᠡᠳᠡᠭᠦᠯᠦᠨ᠎ᠡ᠃ ᠪᠤᠰᠤᠳ ᠮᠠᠰᠢᠨ ᠲᠡᠷᠭᠡᠨ ᠤ ᠵᠢᠯᠤᠭᠤᠴᠢ ᠨᠠᠷ ᠠᠵᠢᠯᠳᠡᠠ ᠤ ᠵᠢᠯᠤᠭᠤᠳᠤᠯᠭ᠎ᠠ ᠶᠢ ᠲᠠᠭᠠᠵᠤ᠂ ᠡᠮᠬᠢ ᠵᠢᠷᠤᠮ ᠲᠠᠢ ᠪᠠᠷ ᠲᠤᠬᠠᠢ ᠶᠢᠨ ᠲᠠᠯᠠᠪᠤᠷ ᠢᠶᠠᠷ ᠥᠡᠭᠭᠡᠷᠡᠬᠦ ᠭᠡᠷᠡᠭᠳᠡᠢ᠃ ④ ᠰᠠᠭᠤᠭᠠᠯᠢ ᠠᠷᠠᠳ ᠤᠨ ᠲᠤᠭᠤᠷᠢᠬ ᠤᠨ ᠪᠠᠷᠢᠯᠭ᠎ᠠ ᠶᠢᠨ ᠶᠠᠪᠤᠴᠠ ᠳᠤ ᠰᠤᠨᠢᠨ ᠥᠨᠥᠷ ᠲᠠᠢ ᠬᠥᠷᠥᠰᠤ ᠰᠢᠷᠤᠢ ᠮᠠᠯᠳᠠᠵᠤ ᠭᠠᠷᠭᠠᠭᠰᠠᠨ ᠪᠤᠯ ᠲᠡᠷᠦ᠋ᠢᠬᠠᠨ ᠲᠤᠬᠠᠢ ᠶᠢᠨ ᠭᠠᠵᠠᠷ ᠤᠨ ᠬᠤᠰᠢᠭᠤ ᠰᠢᠶᠠᠨ ︵ᠲᠤᠭᠤᠷᠢᠬ︶ ᠤ ᠵᠠᠰᠠᠭ ᠤᠨ ᠤᠷᠳᠤᠨ ᠤ ᠵᠢᠵᠢᠬᠦᠷ ᠤᠳᠠᠰᠤᠨ ᠳᠤ ᠪᠠᠶᠢᠳᠠᠯ ᠢᠶᠠᠨ ᠲᠤᠳᠤᠷᠬᠠᠢᠢᠯᠠᠨ ᠭᠡᠯᠡᠬᠦ ᠶᠢᠨ ᠲᠠᠭᠠᠤ ᠲᠡᠬᠦᠨ ᠤ ᠤᠷᠴᠢᠨ ᠲᠤᠭᠤᠷᠢᠨ ᠳᠤ ᠰᠡᠷᠡᠮᠵᠢ ᠶᠢᠨ ᠲᠤᠤᠷ ᠲᠠᠳᠠᠬᠤ ᠪᠤᠶᠤ ᠰᠡᠷᠡᠮᠵᠢ ᠶᠢᠨ ᠲᠡᠮᠳᠡᠭ ᠪᠤᠰᠬᠠᠬᠤ ᠭᠡᠷᠡᠭᠳᠡᠢ᠃ ᠰᠤᠨᠢᠨ ᠥᠨᠥᠷ ᠲᠠᠢ ᠬᠥᠷᠥᠰᠤ ᠰᠢᠷᠤᠢ ᠶᠢ ᠴᠡᠪᠡᠷᠯᠡᠬᠦ ᠠᠴᠠ ᠡᠮᠥᠨ᠎ᠡ᠂ ᠤᠷᠴᠢᠨ ᠲᠤᠭᠤᠷᠢᠨ ᠳᠠᠬᠢ ᠰᠠᠭᠤᠭᠠᠯᠢ ᠠᠷᠠᠳ ᠪᠤᠯᠤᠨ ᠨᠢᠭᠡᠴᠢ ᠨᠦᠭᠦᠳ ᠴᠤᠩᠬᠤ ᠪᠠᠨ ᠨᠡᠭᠡᠭᠡᠨ ᠰᠠᠯᠬᠢ ᠤᠷᠤᠭᠤᠯᠵᠤ ᠪᠤᠯᠬᠤ ᠥᠭᠡᠢ᠃ ᠰᠠᠨᠠᠭᠤᠯᠬᠤ ᠨᠢ᠄ ᠠᠶᠤᠯ ᠲᠠᠢ ᠬᠢᠮᠢ ᠶᠢᠨ ᠪᠤᠳᠠᠰ ᠲᠤ ᠬᠥᠨᠥᠭᠡᠭᠳᠡᠭᠰᠡᠨ ᠥᠶᠡᠰ ᠲᠡᠷᠦ᠋ᠢᠬᠠᠨ ᠡᠮᠨᠡᠯᠭᠡ ᠳᠤ ᠬᠥᠷᠴᠤ ᠡᠮᠨᠡᠬᠦᠯᠬᠦ ᠭᠡᠷᠡᠭᠳᠡᠢ᠂ ᠤᠳᠠᠭᠠᠰᠢᠷᠠᠭᠤᠯᠵᠤ ᠪᠤᠯᠬᠤ ᠥᠭᠡᠢ᠃ ︵2︶ ᠫᠤᠤᠵᠢᠩ ᠤᠨ ᠡ᠊ᠨᠳᠡᠯ ᠫᠤᠤᠵᠢᠩ ᠤᠨ ᠡ᠊ᠨᠳᠡᠯ ᠪᠤᠯ ᠶᠡᠷᠥ ᠨᠢ ᠫᠤᠤᠵᠢᠩ ᠲᠠᠯᠪᠢᠬᠤ ᠶᠡᠷᠥ ᠶᠢᠨ ᠮᠡᠳᠡᠯᠭᠡ ᠮᠡᠬᠦᠰ ᠪᠤᠶᠤ ᠰᠤᠬᠤᠷ ᠪᠠᠯᠠᠢ ᠪᠠᠷ ᠲᠡᠯᠪᠢᠭ᠌ᠰᠠᠨ ᠠᠴᠠ ᠡᠬᠦᠰᠳᠡᠭ᠃ ᠫᠤᠤᠵᠢᠩ ᠤᠨ ᠡ᠊ᠨᠳᠡᠯ ᠤᠨ ᠪᠠᠴᠢᠮ ᠪᠠᠶᠢᠳᠠᠯ ᠢ ᠠᠷᠭᠠᠴᠠᠬᠤ ᠳᠤ᠄ ᠰᠢᠷᠬᠠᠳᠤᠭᠰᠠᠳ ᠢ ᠲᠠᠷᠦ᠋ᠢᠬᠠᠨ ᠤᠢᠢᠷᠠᠯᠴᠠᠭ᠎ᠠ ᠡᠮᠨᠡᠯᠭᠡ ᠳᠤ ᠬᠥᠷᠭᠡᠨ ᠠᠪᠤᠷᠠᠨ ᠡᠮᠨᠡᠭᠦᠯᠤᠨ ᠠᠪᠤᠷᠠᠯᠳᠠ ᠬᠢᠨ᠎ᠠ᠃ ᠰᠠᠨᠠᠭᠤᠯᠬᠤ ᠨᠢ᠄ ① ᠫᠤᠤᠵᠢᠩ ᠲᠠᠯᠪᠢᠬᠤ ᠠᠴᠠ ᠪᠠᠨ ᠡᠮᠥᠨ᠎ᠡ ᠫᠤᠤᠵᠢᠩ ᠲᠠᠯᠪᠢᠬᠤ ᠲᠤᠳᠤᠷᠬᠠᠢᠢᠯᠠᠯᠳᠠ ᠪᠤᠯᠤᠨ ᠰᠡᠷᠡᠮᠵᠢ ᠶᠢᠨ ᠥᠭᠡᠰ ᠢ ᠬᠢᠨᠠᠮᠠᠭᠠᠢ ᠤᠡᠭᠰᠢᠨ ᠤᠢᠢᠯᠠᠭᠠᠬᠤ ᠭᠡᠷᠡᠭᠳᠡᠢ᠃ ② ᠬᠥᠭᠵᠢᠶᠡᠨ ᠲᠠᠢ ᠵᠡᠭᠡᠯᠢ ᠭᠤᠳᠤᠮᠵᠢ᠂ ᠵᠥᠴᠥᠭᠡ ᠶᠢᠨ ᠲᠢᠶᠠᠲᠷ ᠵᠡᠷᠭᠡ ᠤᠯᠠᠨ ᠨᠡᠶᠢᠳᠡ ᠶᠢᠨ ᠭᠠᠵᠠᠷ ᠲᠠᠯᠠᠪᠤᠷ ᠪᠤᠯᠤᠨ ᠤᠢ ᠰᠢᠭᠤᠢ᠂ ᠴᠠᠬᠢᠯᠭᠠᠨ ᠲᠠᠢ ᠪᠡᠯᠡᠳᠭᠡᠮᠵᠢ ᠵᠢᠴᠢ ᠠᠮᠠᠷᠬᠠᠨ ᠨᠤᠴᠤᠵᠤ ᠲᠡᠯᠪᠡᠷᠡᠬᠦ ᠪᠤᠳᠠᠰ ᠤᠨ ᠤᠢᠢᠷᠠᠯᠴᠠᠭ᠎ᠠ ᠭᠠᠵᠠᠷ ᠲᠤ ᠫᠤᠤᠵᠢᠩ ᠲᠠᠯᠪᠢᠬᠤ ᠶᠢ ᠴᠠᠭᠠᠵᠠᠯᠠᠨ᠎ᠠ᠃ ᠡᠷᠭᠡᠪᠰᠢ ᠡᠵᠡᠬᠦᠢ ᠬᠤᠭᠤᠰᠤᠨ᠂ ᠲᠡᠭᠰᠢ ᠲᠥᠪᠰᠢᠨ᠂ ᠬᠠᠷᠰᠢᠯᠠᠯ ᠡᠳ᠋ ᠥᠭᠡᠢ ᠭᠠᠵᠠᠷ ᠲᠤ ᠫᠤᠤᠵᠢᠩ ᠲᠠᠯᠪᠢᠬᠤ ᠪᠠᠷ ᠲᠤᠬᠢᠷᠠᠭᠤᠯᠵᠤ ᠪᠤᠯᠤᠨ᠎ᠠ᠃ ③ ᠬᠤᠸᠠᠷ ᠫᠤᠤᠵᠢᠩ ᠲᠠᠯᠪᠢᠬᠤ ᠳᠠᠭᠠᠨ ᠲᠤᠭ᠍ᠭᠤᠷᠠᠭᠤᠯᠤᠨ ᠲᠠᠯᠪᠢᠬᠤ ᠪᠠ ᠬᠥᠮᠥᠨ ᠪᠤᠶᠤ ᠪᠤᠳᠠᠰ ᠤᠨ ᠥᠭᠡᠳᠡ ᠴᠢᠭᠯᠡᠬᠦᠯᠥᠨ ᠲᠠᠯᠪᠢᠵᠤ ᠪᠤᠯᠬᠤ ᠥᠭᠡᠢ᠃ ᠫᠤᠤᠵᠢᠩ ᠲᠠᠯᠪᠢᠬᠤ ᠳᠠᠭᠠᠨ ᠪᠢᠯᠳᠡ ᠶᠢᠨ ᠨᠤᠴᠤᠬᠤ ᠴᠠᠭ ᠵᠢᠴᠢ ᠲᠤᠮᠳᠠ ᠨᠢ ᠠᠯᠤᠰᠯᠠᠬᠤ ᠴᠠᠭ ᠢ ᠠᠩᠬᠠᠷᠤᠯ ᠳᠠᠭᠠᠨ ᠠᠪᠬᠤ ᠭᠡᠷᠡᠭᠳᠡᠢ᠃ ᠬᠠᠭᠠᠰ ᠲᠤᠮᠳᠠ ᠨᠢ ᠤᠢᠢᠷᠠᠳᠤᠨ ᠥᠵᠡᠵᠤ ᠤᠭᠳᠤ ᠪᠤᠯᠬᠤ ᠥᠭᠡᠢ᠃ ᠭᠡᠷᠪᠡ ᠪᠢᠯᠳᠡ ᠨᠢ ᠤᠨᠳᠠᠷᠠᠪᠠᠯ᠂ ᠶᠡᠷᠥᠩᠭᠡᠢ ᠳᠡᠭᠡᠨ 15 ᠮᠢᠨᠦ᠋ᠲ ᠤᠨ ᠲᠠᠷᠠᠭ᠎ᠠ ᠲᠡᠬᠢᠨ ᠰᠢᠢᠳᠪᠦᠷᠢᠯᠡᠨ᠎ᠡ᠃ ④ ᠨᠤᠴᠤᠭᠠᠬᠤ ᠪᠠᠶᠢᠷᠢᠰᠢᠯ ᠢ ᠤᠯᠵᠤ ᠠᠪᠴᠤ᠂ ᠨᠤᠴᠤᠭᠠᠬᠤ ᠪᠢᠯᠳᠡ ᠶᠢᠨ ᠱᠤᠭᠤᠮ ᠢ ᠪᠠᠶᠢᠴᠠᠭᠠᠨ ᠥᠵᠡᠵᠤ᠂ ᠲᠥᠷᠭᠡᠨ ᠨᠤᠴᠤᠬᠤ ᠪᠠ ᠤᠳᠠᠭᠠᠨ ᠨᠤᠴᠤᠬᠤ ᠶᠢ ᠢᠯᠭᠠᠨ ᠲᠤᠳᠤᠯᠠᠭᠠᠳ᠂ ᠲᠡᠮᠡᠬᠢᠨ ᠭᠠᠯ ᠪᠤᠶᠤ ᠬᠥᠵᠢ ᠪᠠᠷ ᠨᠤᠴᠤᠭᠠᠪᠠᠯ ᠰᠠᠶᠢᠨ᠃ ⑤ ᠵᠥᠪ ᠨᠤᠴᠤᠭᠠᠬᠤ ᠠᠷᠭ᠎ᠠ ᠪᠤᠯ ᠬᠠᠵᠠᠭᠤ ᠲᠡᠯ᠎ᠠ ᠪᠠᠷ ᠨᠤᠴᠤᠭᠠᠵᠤ᠂ ᠪᠡᠶ᠎ᠡ ᠪᠠᠨ ᠫᠤᠤᠵᠢᠩ ᠲᠠᠯᠪᠢᠬᠤ ᠵᠠᠮ ᠮᠥᠷ ᠵᠥᠭ ᠬᠠᠨᠳᠤᠭᠤᠯᠵᠤ ᠪᠤᠯᠬᠤ ᠥᠭᠡᠢ᠃ ⑥ ᠨᠤᠴᠤᠭᠠᠮᠠᠭᠴᠠ ᠪᠠᠨ ᠲᠥᠷᠭᠡᠨ ᠭᠡᠭᠴᠢ ᠠᠮᠤᠷ ᠲᠥᠪᠰᠢᠨ ᠭᠠᠵᠠᠷ ᠵᠠᠶᠢᠯᠠᠨ᠎ᠠ᠃ ⑦ ᠭᠡᠥᠭᠡᠳ ᠪᠤᠯ ᠡᠷᠭᠡᠪᠰᠢ ᠲᠤᠮᠤ ᠬᠥᠮᠥᠰ ᠤᠨ ᠵᠢᠯᠤᠭᠤᠳᠤᠯᠭ᠎ᠠ ᠲᠤᠤᠷ᠎ᠠ ᠲᠠᠯᠪᠢᠨ᠎ᠠ᠃ ⑧ ᠮᠡᠳᠡᠷᠡᠯ ᠤᠨ ᠡᠪᠡᠳᠴᠢᠨ ᠲᠠᠢ ᠪᠠ ᠠᠷᠢᠬᠢ ᠤᠤᠭᠤᠭᠰᠠᠨ ᠬᠥᠮᠥᠰ ᠫᠤᠤᠵᠢᠩ ᠲᠠᠯᠪᠢᠵᠤ ᠪᠤᠯᠬᠤ ᠥᠭᠡᠢ᠃ ᠶᠡᠭᠡ ᠰᠠᠯᠬᠢ᠂ ᠶᠡᠭᠡ ᠪᠤᠷᠤᠭ᠎ᠠ᠂ ᠶᠡᠭᠡ ᠮᠠᠨᠠᠨ ᠲᠠᠢ ᠥᠶ᠎ᠡ ᠳᠤ ᠫᠤᠤᠵᠢᠩ ᠲᠠᠯᠪᠢᠵᠤ ᠪᠤᠯᠬᠤ ᠥᠭᠡᠢ᠃ ︵3︶ ᠨᠡᠬᠦᠷᠡᠰᠥᠨ ᠠᠭᠤᠷᠬᠠᠢ ᠶᠢᠨ ᠭᠠᠰ ᠲᠠᠯᠪᠡᠷᠡᠬᠦ ᠠᠳᠡᠯ ᠭᠠᠰ ᠪᠤᠯ ᠨᠢᠭᠡ ᠵᠥᠢᠯ ᠤᠨ ᠥᠡᠭᠭᠡ ᠥᠭᠡᠢ᠂ ᠥᠨᠥᠷ ᠥᠭᠡᠢ᠂ ᠠᠮᠠᠷᠬᠠᠨ ᠨᠤᠴᠤᠵᠤ᠂ ᠠᠮᠠᠷᠬᠠᠨ ᠲᠡᠯᠪᠡᠷᠡᠳᠡᠭ ᠭᠡᠢ ᠪᠡᠶᠡᠳᠤ ᠪᠤᠯᠤᠨ᠎ᠠ᠃ ᠭᠡᠷᠪᠡ ᠠᠭᠠᠷ ᠲᠤᠳᠤᠷ᠎ᠠ ᠭᠠᠰ ᠤᠨ ᠥᠳᠭᠡᠴᠡ ᠨᠢ 5.5% ᠠᠴᠠ 16% ᠪᠤᠯᠬᠤ ᠥᠶᠡᠰ᠂ ᠢᠯᠡ ᠭᠠᠯ ᠲᠠᠢ ᠪᠠᠶᠢᠳᠠᠯ ᠲᠤᠤᠷ᠎ᠠ ᠲᠡᠷᠤᠢ ᠲᠡᠯᠪᠡᠷᠡᠳᠡᠭ᠃ ᠭᠠᠰ ᠲᠡᠯᠪᠡᠷᠡᠪᠡᠯ ᠥᠨᠳᠥᠷ ᠬᠠᠯᠠᠭᠤᠨ᠂ ᠥᠨᠳᠥᠷ ᠲᠠᠷᠤᠯᠳᠠ᠂ ᠲᠠᠭᠠᠷᠢᠯᠳᠠ ᠲᠤᠯᠬᠢᠶᠠᠨ ᠢ ᠪᠤᠢ ᠪᠤᠯᠭᠠᠬᠤ ᠮᠥᠷᠳᠡᠭᠡᠨ ᠬᠤᠤᠷ ᠲᠠᠢ ᠭᠡᠢ ᠪᠡᠶᠡᠳᠤ ᠶᠢ ᠭᠠᠷᠭᠠᠳᠠᠭ᠃ ᠨᠡᠬᠦᠷᠡᠰᠥᠨ ᠠᠭᠤᠷᠬᠠᠢ ᠶᠢᠨ ᠭᠠᠰ ᠲᠡᠯᠪᠡᠷᠡᠭᠰᠡᠨ ᠪᠠᠴᠢᠮ ᠪᠠᠶᠢᠳᠠᠯ ᠢ ᠠᠷᠭᠠᠴᠠᠬᠤ ᠳᠤ᠄ ① ᠭᠠᠰ ᠲᠡᠯᠪᠡᠷᠡᠬᠦ ᠶᠢ ᠰᠤᠨᠤᠰᠬᠤ ᠪᠤᠶᠤ ᠥᠵᠡᠭᠰᠡᠨ ᠥᠶᠡᠰ᠂ ᠲᠡᠯᠪᠡᠷᠡᠭᠰᠡᠨ ᠭᠠᠵᠠᠷ ᠤᠨ ᠡᠰᠡᠷᠬᠦ ᠵᠥᠭ ᠲᠤ ᠲᠡᠷᠦ᠋ᠢᠬᠠᠨ ᠭᠠᠵᠠᠷ ᠭᠡᠪᠳᠡᠵᠤ᠂ ᠤᠢᠢᠷᠠᠬᠠᠨ ᠤᠰᠤ ᠪᠠᠶᠢᠪᠠᠯ᠂ ᠤᠰᠤᠨ ᠲᠤᠳᠤᠷ᠎ᠠ ᠲᠡᠭᠡᠭᠰᠢ ᠬᠠᠨᠳᠤᠬᠤ ᠪᠤᠶᠤ ᠬᠠᠵᠠᠭᠤᠯᠠᠨ ᠭᠡᠪᠳᠡᠵᠤ᠂ ᠨᠦᠢᠳᠠᠨ ᠠᠯᠴᠢᠭᠤᠷ ᠢᠶᠠᠷ ᠠᠮᠠ ᠬᠠᠮᠠᠷ ᠢᠶᠠᠨ ᠪᠢᠳᠡᠬᠦᠯᠡᠬᠦ ᠭᠡᠷᠡᠭᠳᠡᠢ᠃ ② ᠲᠡᠯᠪᠡᠷᠡᠯᠳᠡ ᠶᠢᠨ ᠲᠥᠪ ᠠᠴᠠ ᠨᠡᠯᠢᠶᠡᠳ ᠤᠢᠢᠷᠠᠬᠠᠨ ᠪᠠᠶᠢᠭ᠎ᠠ ᠬᠥᠮᠥᠰ ᠲᠡᠭᠡᠷ᠎ᠡ ᠲᠤᠷᠠᠳᠤᠭᠰᠠᠨ ᠥᠪᠡᠷ ᠢ ᠪᠠᠨ ᠠᠪᠤᠷᠠᠬᠤ ᠠᠷᠭ᠎ᠠ ᠭᠡᠮᠵᠢᠶ᠎ᠡ ᠶᠢ ᠠᠪᠤᠭᠰᠠᠨ ᠤ ᠪᠠᠨ ᠲᠠᠷᠠᠭ᠎ᠠ᠂ ᠲᠤᠬᠠᠢ ᠶᠢᠨ ᠲᠠᠯᠠᠪᠤᠷ ᠠᠴᠠ ᠱᠠᠯᠠᠪᠬᠠᠨ ᠵᠠᠶᠢᠯᠠᠵᠤ᠂ ᠬᠤᠶᠠᠷᠳᠡᠬᠢ ᠲᠡᠯᠪᠡᠷᠡᠯᠳᠡ ᠠᠴᠠ ᠰᠡᠷᠭᠡᠶᠢᠯᠡᠨ᠎ᠡ᠃ ③ ᠭᠠᠰ ᠲᠡᠯᠪᠡᠷᠡᠭᠰᠡᠨ ᠤ ᠲᠠᠷᠠᠭ᠎ᠠ ᠡ᠊ᠨᠳᠡᠯ ᠭᠠᠷᠤᠭᠰᠠᠨ ᠭᠠᠵᠠᠷ ᠲᠤ ᠨᠡᠪᠳᠡᠷᠡᠬᠦ ᠴᠠᠬᠢᠯᠭᠠᠨ ᠤ ᠢᠷᠡᠯᠳᠡ ᠶᠢ ᠲᠡᠷᠦ᠋ᠢᠬᠠᠨ ᠲᠠᠰᠤᠳᠠᠵᠤ᠂ ᠲᠥᠷᠭᠡᠨ ᠰᠠᠯᠬᠢ ᠨᠡᠪᠳᠡᠷᠡᠬᠦᠯᠵᠤ᠂ ᠠᠷᠭ᠎ᠠ ᠰᠥᠪᠡᠭᠴᠢᠯᠡᠨ ᠢᠯᠡ ᠭᠠᠯ ᠪᠠ ᠥᠯᠡᠳᠡᠪᠥᠷᠢ ᠭᠠᠯ ᠢ ᠤᠨᠳᠠᠷᠠᠭᠠᠵᠤ᠂ ᠲᠡᠬᠢᠨᠳᠠ ᠲᠡᠯᠪᠡᠷᠡᠬᠦ ᠠᠴᠠ ᠰᠡᠷᠭᠡᠶᠢᠯᠡᠬᠦ ᠭᠡᠷᠡᠭᠳᠡᠢ᠃ ᠠᠮᠢ ᠥᠯᠡᠳᠡᠭᠰᠡᠨ ᠬᠥᠮᠥᠨ ᠪᠥᠬᠦᠨ ᠡ᠊ᠨᠳᠡᠯ ᠭᠠᠷᠤᠭᠰᠠᠨ ᠤ ᠰᠡᠬᠦᠯᠡᠷ ᠠᠶᠤᠯ ᠲᠠᠢ ᠤᠷᠤᠨ ᠠᠴᠠ ᠡᠮᠬᠢ ᠲᠠᠷᠠᠭ᠎ᠠ ᠲᠠᠢ ᠪᠠᠷ ᠰᠢᠯᠵᠢᠬᠦ ᠭᠡᠷᠡᠭᠳᠡᠢ᠃ ④ ᠨᠡᠬᠦᠷᠡᠰᠥᠳᠦ᠋ᠷᠥᠭᠴᠢ ᠶᠢᠨ ᠲᠠᠩ ᠢᠰᠥᠯ ᠳᠤ ᠬᠤᠤᠷᠳᠠᠭᠳᠠᠭᠰᠠᠳ ᠢ ᠱᠠᠯᠠᠪᠬᠠᠨ ᠰᠠᠯᠬᠢ ᠰᠠᠶᠢᠳᠠᠢ ᠠᠮᠤᠷ ᠲᠥᠪᠰᠢᠨ ᠭᠠᠵᠠᠷ ᠲᠤ ᠰᠢᠯᠵᠢᠭᠦᠯᠦᠨ᠎ᠡ᠃ ᠰᠠᠨᠠᠭᠤᠯᠬᠤ ᠨᠢ᠄ ① ᠠᠭᠤᠷᠬᠠᠢ ᠶᠢᠨ ᠬᠤᠳᠳᠤᠭ ᠲᠤ ᠰᠠᠯᠬᠢ ᠰᠠᠶᠢᠳᠤᠷ ᠨᠡᠪᠳᠡᠷᠡᠬᠦᠯᠵᠤ᠂ ᠤᠯᠠᠨ ᠵᠥᠢᠯ ᠤᠨ ᠰᠠᠯᠬᠢ ᠨᠡᠪᠳᠡᠷᠡᠬᠦᠯᠬᠦ ᠠᠷᠭ᠎ᠠ ᠭᠡᠮᠵᠢᠶ᠎ᠡ ᠶᠢ ᠭᠡᠷᠡᠭᠯᠡᠵᠤ᠂ ᠬᠤᠳᠳᠤᠭ ᠲᠠᠬᠢ ᠭᠠᠰ ᠤᠨ ᠭᠡᠮᠵᠢᠶ᠎ᠡ ᠶᠢ ᠲᠤᠭᠳᠠᠭᠠᠭᠰᠠᠨ ᠠᠭᠤᠯᠤᠭᠳᠠᠴᠠ ᠠᠴᠠ ᠭᠡᠳᠥᠷᠡᠬᠦᠯᠬᠦ ᠥᠭᠡᠢ ᠪᠠᠶᠢᠬᠤ ᠶᠢ ᠪᠠᠳᠤᠯᠠᠵᠤ᠂ ᠪᠠᠶᠢᠴᠠᠭᠠᠬᠤ ᠲᠥᠷᠢᠮ ᠢ ᠴᠢᠩᠭᠠᠷᠠᠭᠤᠯᠬᠤ ᠭᠡᠷᠡᠭᠳᠡᠢ᠂ ᠭᠠᠰ ᠲᠤᠤᠷ᠎ᠠ ᠠᠭᠤᠷᠬᠠᠢ ᠶᠢᠨ ᠬᠤᠳᠳᠤᠭ ᠲᠤ ᠪᠤᠯ ᠡᠭᠡᠯᠵᠢ ᠪᠥᠷᠢ ᠠᠯᠢ ᠴᠥᠭᠡᠨ ᠳᠡᠭᠡᠨ ᠬᠤᠶᠠᠷ ᠤᠳᠠᠭ᠎ᠠ ᠪᠠᠶᠢᠴᠠᠭᠠᠵᠤ᠂ ᠭᠠᠰ ᠥᠨᠳᠥᠷ ᠠᠭᠤᠷᠬᠠᠢ ᠶᠢᠨ ᠬᠤᠳᠳᠤᠭ ᠲᠤ ᠪᠤᠯ ᠡᠭᠡᠯᠵᠢ ᠪᠥᠷᠢ ᠠᠯᠢ ᠴᠥᠭᠡᠨ ᠳᠡᠭᠡᠨ 3 ᠤᠳᠠᠭ᠎ᠠ ᠪᠠᠶᠢᠴᠠᠭᠠᠨ᠎ᠠ᠃ ② ᠬᠤᠳᠳᠤᠭ ᠲᠤ ᠪᠠᠭᠤᠬᠤ ᠳᠤ ᠲᠡᠮᠡᠬᠢ᠂ ᠨᠤᠴᠤᠭᠠᠯᠭ᠎ᠠ ᠡᠳ᠋ ᠠᠪᠴᠤ ᠤᠷᠤᠬᠤ ᠶᠢ ᠴᠠᠭᠠᠵᠠᠯᠠᠨ᠎ᠠ᠃ ᠴᠠᠬᠢᠯᠭᠠᠨ ᠵᠤᠤᠬ᠎ᠠ ᠪᠤᠯᠤᠨ ᠴᠠᠬᠢᠯᠭᠠᠨ ᠳ᠋ᠧᠩ ᠢᠶᠠᠷ ᠲᠤᠯᠠᠭᠠᠴᠠᠵᠤ ᠪᠤᠯᠬᠤ ᠥᠭᠡᠢ᠃ ᠬᠤᠳᠳᠤᠭ ᠲᠤ ᠪᠠᠭᠤᠬᠤ ᠳᠤ ᠥᠪᠡᠷ ᠤᠨ ᠠᠪᠤᠷᠠᠬᠤ ᠭᠡᠷᠡᠭᠰᠡᠯ ᠢᠶᠠᠨ ᠠᠪᠴᠤ ᠤᠷᠤᠬᠤ ᠭᠡᠷᠡᠭᠳᠡᠢ᠃ |
|
|
|
ᠢᠷᠡᠯᠲᠡ᠄
ᠦᠪᠦᠷ ᠮᠣᠩᠭᠤᠯ ᠤᠨ ᠵᠠᠰᠠᠭ ᠤᠨ ᠣᠷᠳᠤᠨ
|