13. ᠭᠦᠮᠦᠨ ᠳᠦᠷᠦᠯᠭᠢᠳᠡᠡ ᠤ ᠬᠠᠯᠳᠠᠪᠤᠷᠢᠳᠦ ᠴᠢᠨᠠᠷ ᠲᠠᠢ ᠡᠪᠡᠳᠴᠢᠨ ᠡᠮᠭᠡᠭ
ᠨᠡᠶᠢᠲᠡᠯᠡᠭᠰᠡᠨ ᠴᠠᠭ᠄
2015/11/17

      ︵1︶ ᠲᠡᠯᠭᠡᠷᠡᠬᠦ ᠴᠢᠨᠠᠷ ᠲᠠᠢ ᠲᠠᠭᠰᠢᠭᠤᠷ
     ᠲᠡᠯᠭᠡᠷᠡᠬᠦ ᠴᠢᠨᠠᠷ ᠲᠠᠢ ᠲᠠᠭᠰᠢᠭᠤᠷ ᠪᠤᠯ ᠲᠠᠭᠰᠢᠭᠤᠷ ᠤᠨ ᠸᠢᠷᠦ᠋ᠰ ᠠᠴᠠ ᠡᠬᠦᠰᠴᠤ᠂ ᠭᠤᠤᠯ ᠨᠢ ᠠᠭᠠᠷ ᠢᠶᠠᠷ  ᠲᠡᠷᠬᠠᠵᠤ ᠲᠡᠯᠭᠡᠷᠡᠳᠡᠭ ᠮᠠᠰᠢ ᠶᠡᠭᠡ  ᠬᠠᠯᠳᠠᠪᠤᠷᠢᠳᠦ ᠴᠢᠨᠠᠷ ᠪᠦᠬᠡᠳ  ᠲᠥᠷᠭᠡᠨ ᠴᠢᠨᠠᠷ ᠲᠠᠢ ᠠᠮᠢᠰᠬᠤᠯ ᠤᠨ ᠵᠠᠮ ᠤᠨ ᠬᠠᠯᠳᠠᠪᠤᠷᠢᠳᠤ ᠡᠪᠡᠳᠴᠢᠨ ᠪᠤᠯᠤᠨ᠎ᠠ᠃ ᠲᠠᠭᠰᠢᠭᠤᠷ ᠡᠬᠦᠰᠬᠦ ᠨᠢ ᠲᠥᠷᠭᠡᠨ᠂ ᠬᠠᠯᠳᠠᠪᠤᠷᠢᠯᠠᠬᠤ ᠨᠢ ᠶᠡᠭᠡ᠂ ᠨᠡᠷᠪᠡᠭᠳᠡᠬᠦ ᠨᠤᠷᠮ᠎ᠠ ᠨᠢ ᠥᠨᠳᠥᠷ ᠪᠠᠶᠢᠳᠠᠭ᠃ ᠡᠩ ᠤᠨ ᠪᠠᠶᠢᠳᠠᠯ ᠳᠤ ᠨᠠᠮᠤᠷ ᠡᠪᠥᠯ ᠤᠨ ᠤᠯᠠᠷᠢᠯ ᠪᠤᠯ ᠡᠪᠡᠳᠴᠢᠨ ᠲᠡᠯᠭᠡᠷᠡᠬᠦ ᠬᠤᠭᠤᠴᠠᠭ᠎ᠠ᠂ ᠬᠥᠮᠥᠨ ᠬᠥᠮᠥᠨ ᠤ ᠬᠤᠭᠤᠷᠤᠨᠳᠤ ᠪᠠᠨ ᠤᠢᠢᠷᠠᠳᠬᠤ ᠪᠠ ᠪᠤᠬᠢᠷ ᠪᠤᠳᠠᠰ ᠲᠠᠢ ᠤᠢᠢᠷᠠᠳᠤᠬᠤ ᠪᠠᠷ ᠲᠡᠮᠵᠢᠨ ᠲᠡᠯᠭᠡᠷᠡᠳᠡᠭ᠃ ᠲᠡᠯᠭᠡᠷᠡᠬᠦ ᠴᠢᠨᠠᠷ ᠲᠠᠢ ᠲᠠᠭᠰᠢᠭᠤᠷ ᠤᠨ ᠪᠠᠴᠢᠮ ᠪᠠᠶᠢᠳᠠᠯ ᠢ ᠠᠷᠭᠠᠴᠠᠬᠤ ᠳᠤ᠄
     ① ᠲᠠᠭᠰᠢᠭᠤᠷ ᠤᠨ ᠪᠠᠶᠢᠳᠠᠯ ᠢᠯᠡᠷᠡᠪᠡᠯ᠂ ᠢᠯᠡᠬᠦᠭᠡᠨ ᠠᠮᠠᠷᠠᠵᠤ᠂ ᠤᠰᠤ ᠰᠠᠶᠢᠨ ᠤᠤᠭᠤᠵᠤ᠂ ᠴᠤᠩᠬᠤ ᠪᠠᠨ ᠨᠡᠭᠡᠭᠡᠵᠤ᠂ ᠰᠠᠯᠬᠢ ᠨᠡᠪᠳᠡᠷᠡᠭᠦᠯᠦᠨ᠎ᠡ᠃
     ② ᠲᠠᠭᠰᠢᠭᠤᠷ ᠲᠤ ᠨᠡᠷᠪᠡᠭᠳᠡᠭᠰᠡᠳ ᠭᠡᠷ ᠤᠨ ᠬᠥᠮᠥᠰ ᠠᠴᠠ ᠪᠠᠨ ᠲᠤᠰᠠᠭᠠᠷ ᠬᠤᠭᠤᠯᠠᠯᠠᠵᠤ᠂ ᠲᠤᠰᠠᠭᠠᠷ ᠬᠤᠨᠤᠵᠤ ᠭᠡᠪᠳᠡᠪᠡᠯ ᠵᠤᠬᠢᠨ᠎ᠠ᠃
     ③ ᠲᠠᠭᠰᠢᠭᠤᠷ ᠲᠤ ᠨᠡᠷᠪᠡᠭᠳᠡᠭᠰᠡᠨ ᠬᠥᠮᠥᠨ ᠤ ᠨᠢᠰᠤ ᠪᠠᠨ ᠠᠷᠴᠢᠭᠰᠠᠨ ᠴᠠᠭᠠᠰᠤ ᠪᠤᠯᠤᠨ ᠨᠢᠯᠪᠤᠭᠰᠠᠨ ᠴᠠᠭᠠᠰᠤ ᠶᠢ ᠬᠠᠪᠬᠠᠭᠠᠰᠤ ᠲᠠᠢ ᠬᠤᠭ ᠤᠨ ᠰᠠᠪᠠ ᠳᠤ ᠬᠠᠶᠠᠬᠤ ᠪᠤᠶᠤ ᠢᠯᠭᠠᠳᠠᠰᠤᠨ ᠰᠠᠪᠠᠨ ᠳᠤ ᠬᠠᠶᠠᠵᠤ ᠤᠰᠤ ᠪᠠᠷ ᠤᠷᠤᠰᠬᠠᠨ ᠬᠠᠶᠠᠪᠡᠯ ᠵᠤᠬᠢᠨ᠎ᠠ᠃
      ④ ᠲᠠᠭᠰᠢᠭᠤᠷ ᠲᠡᠯᠭᠡᠷᠡᠭᠰᠡᠨ ᠥᠶᠡᠰ ᠬᠤᠳᠠᠯᠳᠤᠭ᠎ᠠ ᠲᠡᠯᠭᠡᠬᠦᠷ᠂ ᠺᠢᠨᠤ᠋ ᠵᠥᠴᠥᠭᠡ ᠶᠢᠨ ᠤᠷᠳᠤᠨ ᠵᠡᠷᠭᠡ ᠤᠯᠠᠨ ᠨᠡᠶᠢᠳᠡ ᠶᠢᠨ ᠲᠠᠯᠠᠪᠤᠷ ᠲᠤ ᠠᠯᠢ ᠴᠢᠳᠠᠬᠤ ᠪᠠᠷ ᠤᠴᠢᠬᠤ ᠥᠭᠡᠢ ᠪᠠᠶᠢᠬᠤ ᠭᠡᠷᠡᠭᠳᠡᠢ᠃ ᠭᠠᠳᠠᠭᠰᠢ ᠭᠠᠷᠬᠤ ᠴᠢᠬᠤᠯᠠ ᠲᠠᠢ ᠪᠤᠯ ᠠᠮᠠᠪᠴᠢ ᠵᠡᠬᠦᠬᠦ ᠭᠡᠷᠡᠭᠳᠡᠢ᠃
      ⑤ ᠬᠥᠨᠳᠤ ᠡᠪᠡᠳᠴᠢᠳᠡᠨ ᠪᠤᠯ ᠡᠮᠨᠡᠯᠭᠡ ᠳᠤ ᠲᠤᠰᠠᠭᠠᠷᠯᠠᠨ ᠡᠮᠨᠡᠬᠦᠯᠬᠦ ᠭᠡᠷᠡᠭᠳᠡᠢ᠃
      ᠰᠠᠨᠠᠭᠤᠯᠬᠤ ᠨᠢ᠄
     ① ᠶᠠᠮᠠᠷ ᠰᠢᠯᠳᠠᠭᠠᠨ ᠠᠴᠠ ᠪᠤᠯᠤᠭᠰᠠᠨ ᠴᠤ ᠲᠡᠷᠡ᠂ ᠭᠡᠷᠪᠡ ᠪᠡᠶ᠎ᠡ ᠴᠢᠨᠢ ᠥᠷᠬᠦᠯᠵᠢᠯᠡᠨ ᠬᠠᠯᠠᠭᠤᠷᠠᠭᠠᠳ ᠪᠠᠶᠢᠪᠠᠯ ᠴᠥᠮ ᠡᠷᠳᠡᠭᠡᠨ ᠡᠮᠨᠡᠬᠦᠯᠬᠦ ᠭᠡᠷᠡᠭᠳᠡᠢ᠃
     ② ᠲᠠᠭᠰᠢᠭᠤᠷ ᠰᠠᠶ᠋ᠢ ᠲᠤᠰᠤᠭᠰᠠᠨ ᠥᠶᠡᠰ ᠲᠠᠭᠰᠢᠭᠤᠷ ᠤᠨ ᠪᠥᠷᠢᠯᠳᠡ ᠡᠮ᠂ ᠪᠠᠨ ᠯᠠᠨ ᠭᠧᠨ ᠪᠥᠷᠢᠯᠳᠡ ᠡᠮ ᠤᠤᠭᠤᠪᠠᠯ ᠡᠪᠡᠳᠴᠢᠨ ᠤ ᠪᠠᠶᠢᠳᠠᠯ ᠢ ᠪᠠᠭ᠋ᠠᠨ ᠨᠠᠮᠳᠠᠭᠤᠯᠬᠤ ᠪᠤᠯᠤᠨ᠎ᠠ᠃
     ③ ᠥᠷᠥᠭᠡᠨ ᠲᠤᠳᠤᠷᠠᠬᠢ ᠠᠭᠠᠷ ᠢ ᠰᠠᠶᠢᠳᠤᠷ ᠨᠡᠪᠳᠡᠷᠡᠬᠦᠯᠵᠤ᠂ ᠬᠡᠳᠦ᠋ᠢᠪᠡᠷ ᠡᠪᠥᠯ ᠤᠨ ᠤᠯᠠᠷᠢᠯ ᠪᠠᠶᠢᠭᠰᠠᠨ ᠴᠤ ᠲᠡᠷᠡ ᠡᠳᠥᠷ ᠪᠥᠷᠢ ᠴᠤᠩᠬᠤ ᠪᠠᠨ ᠨᠡᠭᠡᠭᠡᠨ 3 ᠠᠴᠠ ᠲᠡᠭᠡᠭᠰᠢ ᠤᠳᠠᠭ᠎ᠠ ᠰᠠᠯᠬᠢ ᠨᠡᠪᠳᠡᠷᠡᠬᠦᠯᠬᠦ ᠭᠡᠷᠡᠭᠳᠡᠢ᠃
     ᠤᠳᠠᠭ᠎ᠠ ᠪᠥᠷᠢ ᠠᠯᠢ ᠤᠬᠤᠷ ᠲᠠᠭᠠᠨ
    10~15 ᠮᠢᠨᠦ᠋ᠲ ᠨᠡᠭᠡᠭᠡᠵᠤ᠂ ᠠᠭᠠᠷ ᠲᠤᠬᠢᠷᠠᠭᠤᠯᠤᠭᠴᠢ ᠲᠠᠢ ᠪᠤᠯ ᠠᠭᠠᠷ ᠱᠦᠬᠦᠬᠦᠷ ᠲᠤᠤᠷ ᠢ ᠨᠢ ᠲᠤᠭᠳᠠᠮᠠᠯ ᠬᠤᠭᠤᠴᠠᠭ᠎ᠠ ᠲᠠᠢ ᠪᠠᠷ ᠴᠡᠪᠡᠷᠯᠡᠨ ᠤᠬᠢᠶᠠᠪᠡᠯ ᠰᠠᠶᠢᠨ᠃
     ④ ᠬᠠᠮᠢᠶ᠎ᠠ ᠨᠠᠮᠢᠶ᠎ᠠ ᠥᠭᠡᠢ ᠨᠢᠯᠪᠤᠵᠤ ᠪᠤᠯᠬᠤ ᠥᠭᠡᠢ᠂ ᠨᠠᠶᠢᠳᠠᠭᠠᠯᠭᠠᠬᠤ᠂ ᠬᠠᠨᠢᠶᠠᠯᠭᠠᠬᠤ ᠳᠠᠭᠠᠨ ᠠᠮᠠ ᠬᠠᠮᠠᠷ ᠢᠶᠠᠨ ᠲᠠᠷᠤᠬᠤ ᠭᠡᠷᠡᠭᠳᠡᠢ᠃
      ⑤ ᠪᠡᠶ᠎ᠡ ᠮᠠᠭᠤᠳᠠᠢ ᠥᠳᠡᠬᠦᠰ ᠡᠮᠴᠢ ᠶᠢᠨ ᠵᠢᠯᠤᠭᠤᠳᠤᠯᠭ᠎ᠠ ᠲᠤᠤᠷ᠎ᠠ ᠲᠤᠭᠳᠠᠮᠠᠯ ᠬᠤᠭᠤᠴᠠᠭ᠎ᠠ ᠲᠠᠢ ᠪᠠᠷ ᠲᠠᠭᠰᠢᠭᠤᠷ ᠤᠨ ᠸᠠᠺᠼᠢᠨ ᠲᠡᠷᠢᠭᠤᠯᠵᠤ ᠪᠤᠯᠤᠨ᠎ᠠ᠃
     ︵2︶ ᠸᠢᠷᠦ᠋ᠰᠳᠤ ᠡᠯᠢᠭᠡᠨ ᠤ ᠥᠷᠪᠢᠰᠥᠯ
     ᠸᠢᠷᠦ᠋ᠰᠳᠤ ᠡᠯᠢᠭᠡᠨ ᠤ ᠥᠷᠪᠢᠰᠥᠯ ᠪᠤᠯ ᠡᠯᠢᠭᠡᠨ ᠤ ᠥᠷᠪᠢᠰᠥᠯ ᠤᠨ ᠸᠢᠷᠦ᠋ᠰ ᠠᠴᠠ ᠡᠬᠦᠰᠥᠭᠰᠡᠨ ᠨᠢᠭᠡᠨ ᠵᠥᠢᠯ ᠤᠨ ᠬᠠᠯᠳᠠᠪᠤᠷᠢᠳᠤ ᠡᠪᠡᠳᠴᠢᠨ ᠡᠮᠬᠡᠭ ᠪᠤᠯᠤᠨ᠎ᠠ᠃ ᠲᠡᠬᠦᠨ ᠢ ᠬᠥᠭᠡ᠂ ᠬᠥᠭᠡᠭᠴᠢᠨ᠂ ᠤᠯᠠᠭᠠᠨ᠂ ᠤᠯᠠᠭᠴᠢᠨ᠂ ᠰᠢᠷ᠎ᠠ ᠲᠥᠷᠥᠯ ᠭᠡᠯᠪᠡᠷᠢ ᠭᠡᠵᠤ ᠬᠤᠪᠢᠶᠠᠳᠠᠭ᠃ ᠸᠢᠷᠦ᠋ᠰᠳᠤ ᠡᠯᠢᠭᠡᠨ ᠤ ᠥᠷᠪᠢᠰᠥᠯ ᠤᠨ ᠭᠤᠤᠯ ᠢᠯᠡᠷᠡᠯ ᠨᠢ ᠭᠡᠪᠡᠯ ᠪᠡᠶ᠎ᠡ ᠰᠤᠯᠠᠷᠠᠬᠤ᠂ ᠢᠳᠡᠰᠢᠨ ᠤ ᠲᠤᠷᠠᠰᠢᠯ ᠮᠠᠭᠤᠳᠠᠬᠤ᠂ ᠲᠤᠷ᠎ᠠ ᠪᠤᠯᠬᠢᠬᠤ᠂ ᠭᠡᠳᠡᠰᠤ ᠬᠥᠭᠡᠭᠡᠬᠦ᠂ ᠡᠯᠢᠭᠡ ᠲᠡᠯᠢᠬᠦᠥ ᠬᠠᠪᠤᠳᠤᠨ ᠲᠤᠮᠤᠷᠠᠬᠤ ᠵᠢᠴᠢ ᠡᠯᠢᠭᠡᠨ ᠤ ᠴᠢᠳᠠᠪᠤᠷᠢ ᠶᠡᠷᠥ ᠪᠤᠰᠤ ᠪᠤᠯᠬᠤ᠂ ᠵᠠᠷᠢᠮ ᠡᠪᠡᠳᠴᠢᠳᠡᠨ ᠳᠤ ᠰᠢᠷᠠᠯᠠᠯᠭ᠎ᠠ ᠡᠬᠦᠰᠳᠡᠭ ᠪᠠᠶᠢᠨ᠎ᠠ᠃ ᠬᠥᠭᠡᠭᠴᠢᠨ᠂ ᠤᠯᠠᠭᠠᠨ ᠭᠡᠯᠪᠡᠷᠢ ᠶᠢᠨ ᠸᠢᠷᠦ᠋ᠰᠳᠤ ᠡᠯᠢᠭᠡᠨ ᠤ ᠥᠷᠪᠢᠰᠥᠯ ᠲᠠᠢ ᠬᠥᠮᠥᠰ ᠡᠯᠢᠭᠡᠨ ᠥᠷᠪᠢᠰᠥᠯ ᠤᠨ ᠶᠠᠮᠠᠷ ᠴᠤ ᠢᠯᠡᠷᠡᠯ ᠥᠭᠡᠢ ᠪᠠᠶᠢᠵᠤ ᠮᠡᠳᠡᠨ᠎ᠡ᠃ ᠸᠢᠷᠦ᠋ᠰᠳᠤ ᠡᠯᠢᠭᠡᠨ ᠤ ᠥᠷᠪᠢᠰᠥᠯ ᠤᠨ ᠪᠠᠴᠢᠮ ᠪᠠᠶᠢᠳᠠᠯ ᠢ ᠠᠷᠭᠠᠴᠠᠬᠤ ᠳᠤ᠄

      ① ᠡᠯᠢᠭᠡᠨ ᠥᠷᠪᠢᠰᠥᠯ ᠲᠠᠢ ᠬᠥᠮᠥᠨ ᠢ ᠡᠪᠡᠳᠴᠢᠨ ᠡᠬᠦᠰᠥᠭᠰᠡᠨ ᠡᠳᠥᠷ ᠠᠴᠠ ᠨᠢ ᠡᠬᠢᠯᠡᠨ ᠡᠷᠭᠡᠪᠰᠢ 3 ᠭᠠᠷᠠᠭ ᠲᠤᠰᠠᠭᠠᠷᠯᠠᠬᠤ ᠭᠡᠷᠡᠭᠳᠡᠢ᠃

      ② ᠢᠳᠡᠭᠡᠨ ᠪᠤᠯᠪᠠᠰᠤᠷᠠᠭᠤᠯᠬᠤ ᠪᠠ ᠪᠤᠷᠤᠯᠠᠭᠤᠯᠬᠤ᠂ ᠤᠰᠤᠨ ᠤ ᠰᠤᠷᠪᠤᠯᠵᠢ ᠶᠢᠨ ᠬᠠᠮᠢᠶᠠᠷᠤᠯᠳᠠ᠂ ᠭᠡᠥᠭᠡᠳ ᠤᠨ ᠴᠡᠴᠡᠷᠯᠢᠭ ᠤᠨ ᠠᠰᠠᠷᠠᠭᠴᠢ ᠪᠠᠭᠰᠢ ᠶᠢᠨ ᠠᠵᠢᠯ ᠬᠢᠵᠤ ᠪᠠᠶᠢᠭ᠎ᠠ ᠡᠯᠢᠭᠡᠨ ᠥᠷᠪᠢᠰᠥᠯ ᠲᠠᠢ ᠬᠥᠮᠥᠨ ᠢ ᠲᠥᠷ ᠴᠠᠭ ᠠᠵᠢᠯ ᠤᠨ ᠪᠠᠶᠢᠷᠢ ᠠᠴᠠ ᠨᠢ ᠰᠢᠯᠵᠢᠬᠦᠯᠬᠦ ᠭᠡᠷᠡᠭᠳᠡᠢ᠃

     ③ ᠡᠯᠢᠭᠡᠨ ᠥᠷᠪᠢᠰᠥᠯ ᠲᠠᠢ ᠬᠥᠮᠥᠨ ᠤ ᠭᠡᠷᠡᠭᠯᠡᠭᠰᠡᠨ ᠬᠤᠭᠤᠯᠠᠨ ᠰᠠᠪᠠ ᠶᠢ ᠠᠷᠢᠭᠤᠳᠬᠠᠵᠤ᠂ ᠲᠥᠬᠦᠮ ᠠᠷᠢᠭᠤᠳᠬᠠᠬᠤ ᠠᠷᠭ᠎ᠠ ᠭᠡᠪᠡᠯ ᠪᠤᠴᠠᠯᠭᠠᠭᠰᠠᠨ ᠤᠰᠤᠨ ᠳᠤ 15 ᠮᠢᠨᠦ᠋ᠲ ᠠᠴᠠ ᠲᠡᠭᠡᠭᠰᠢ ᠴᠢᠨᠠᠨ᠎ᠠ᠃

     ᠰᠠᠨᠠᠭᠤᠯᠬᠤ ᠨᠢ᠄

     ① ᠡᠯᠢᠭᠡᠨ ᠥᠷᠪᠢᠰᠥᠯ ᠲᠠᠢ ᠬᠥᠮᠥᠨ ᠲᠠᠢ ᠠᠮᠢᠳᠤᠷᠠᠯ ᠤᠨ ᠭᠡᠷᠡᠭᠰᠡᠯ ᠢᠶᠠᠨ ᠴᠤᠭ ᠲᠠᠭᠠᠨ ᠭᠡᠷᠡᠭᠯᠡᠵᠤ ᠪᠤᠯᠬᠤ ᠥᠭᠡᠢ᠂ ᠲᠡᠬᠦᠨ ᠤ ᠭᠡᠷᠡᠭᠯᠡᠵᠤ ᠥᠡᠭᠭᠡᠷᠡᠭᠰᠡᠨ ᠪᠤᠶᠤ ᠤᠢᠢᠷᠠᠳᠤᠵᠤ ᠥᠡᠭᠭᠡᠷᠡᠭᠰᠡᠨ ᠤᠯᠠᠨ ᠨᠡᠶᠢᠳᠡ ᠶᠢᠨ ᠡᠳ᠋ᠯᠡᠯ ᠭᠡᠷᠡᠭᠰᠡᠯ ᠪᠠ ᠠᠮᠢᠳᠤᠷᠠᠯ ᠤᠨ ᠭᠡᠷᠡᠭᠰᠡᠯ ᠢ ᠴᠥᠮ ᠠᠷᠢᠭᠤᠳᠬᠠᠬᠤ ᠭᠡᠷᠡᠭᠳᠡᠢ᠃

     ② ᠡᠯᠢᠭᠡᠨ ᠥᠷᠪᠢᠰᠥᠯ ᠲᠠᠢ ᠬᠥᠮᠥᠨ ᠲᠠᠢ ᠴᠤᠭ ᠲᠠᠭᠠᠨ ᠨᠢᠭᠡ ᠵᠤᠷᠯᠤᠩ ᠭᠡᠷᠡᠭᠯᠡᠬᠦ ᠳᠤ ᠬᠥᠷᠪᠡᠯ᠂ ᠠᠷᠢᠭᠤᠳᠬᠠᠬᠤ ᠡᠮ ᠪᠤᠶᠤ ᠴᠠᠶᠢᠷᠠᠭᠤᠯᠬᠤ ᠨᠤᠨᠳᠠᠭ ᠢᠶᠠᠷ ᠰᠠᠶᠢᠳᠤᠷ ᠠᠷᠢᠭᠤᠳᠬᠠᠬᠤ ᠭᠡᠷᠡᠭᠳᠡᠢ᠃

     ③ ᠬᠥᠭᠡ᠂ ᠤᠯᠠᠭᠠᠨ᠂ ᠤᠯᠠᠭᠴᠢᠨ ᠭᠡᠯᠪᠡᠷᠢ ᠶᠢᠨ ᠡᠯᠢᠭᠡᠨ ᠥᠷᠪᠢᠰᠥᠯ ᠲᠠᠢ ᠬᠥᠮᠥᠨ ᠵᠢᠴᠢ ᠡᠪᠡᠳᠴᠢᠨ ᠤ ᠬᠤᠤᠷ ᠢ ᠲᠠᠶᠢᠬᠴᠢ ᠬᠥᠮᠥᠨ ᠲᠠᠢ ᠭᠡᠯᠡᠨ ᠤ ᠬᠤᠰᠤᠭᠤᠷ᠂ ᠰᠢᠳᠤ ᠤᠬᠢᠶᠠᠬᠤ ᠭᠡᠷᠡᠭᠰᠡᠯ ᠢ ᠴᠤᠭ ᠲᠠᠭᠠᠨ ᠭᠡᠷᠡᠭᠯᠡᠵᠤ ᠪᠤᠯᠬᠤ ᠥᠭᠡᠢ᠃ ᠬᠥᠭᠡᠭᠴᠢᠨ ᠭᠡᠯᠪᠡᠷᠢ ᠶᠢᠨ ᠡᠯᠢᠭᠡᠨ ᠥᠷᠪᠢᠰᠥᠯ ᠲᠠᠢ ᠬᠥᠮᠥᠨ ᠲᠠᠢ ᠬᠤᠷᠢᠴᠠᠯ ᠤᠨ ᠬᠠᠷᠢᠴᠠᠭ᠎ᠠ ᠡᠬᠦᠰᠭᠡᠵᠤ ᠪᠤᠯᠬᠤ ᠥᠭᠡᠢ᠂ ᠭᠡᠷᠪᠡ ᠬᠤᠷᠢᠴᠠᠯ ᠤᠨ ᠬᠠᠷᠢᠴᠠᠭ᠎ᠠ ᠡᠬᠦᠰᠬᠦ ᠭᠡᠪᠡᠯ ᠪᠡᠯᠭᠡᠪᠴᠢ ᠵᠡᠬᠦᠬᠦ ᠭᠡᠷᠡᠭᠳᠡᠢ᠃

      ④ ᠤᠷᠤᠰᠬᠠᠯ ᠤᠰᠤ ᠪᠠᠷ ᠭᠠᠷ ᠢᠶᠠᠨ ᠤᠬᠢᠶᠠᠬᠤ ᠰᠠᠶᠢᠬᠠᠨ ᠲᠠᠳᠬᠠᠯ ᠲᠠᠢ ᠪᠤᠯᠬᠤ ᠶᠢ ᠪᠠᠷᠢᠮᠳᠠᠯᠠᠨ᠎ᠠ᠃

      ⑤ ᠭᠤᠸᠠ ᠵᠢᠮᠢᠰ ᠨᠤᠭᠤᠭ᠎ᠠ ᠴᠠᠭ᠎ᠠ ᠶᠢ ᠲᠥᠬᠦᠭᠡᠢ ᠪᠠᠷ ᠢᠳᠡᠬᠦ ᠳᠤ ᠵᠠᠪᠠᠯ ᠰᠠᠶᠢᠳᠤᠷ ᠤᠬᠢᠶᠠᠬᠤ ᠭᠡᠷᠡᠭᠳᠡᠢ᠃ ᠪᠤᠴᠠᠯᠭᠠᠭᠰᠠᠨ ᠥᠭᠡᠢ ᠤᠰᠤ ᠶᠢ ᠤᠤᠭᠤᠵᠤ ᠪᠤᠯᠬᠤ ᠥᠭᠡᠢ᠃

      ⑥ ᠴᠢᠬᠤᠯᠠ ᠲᠠᠢ ᠥᠶᠡᠰ ᠬᠥᠭᠡᠭᠴᠢᠨ ᠡᠯᠢᠭᠡᠨ ᠥᠷᠪᠢᠰᠥᠯ ᠤᠨ ᠸᠠᠺᠼᠢᠨ ᠲᠡᠷᠢᠭᠤᠯᠬᠤ ᠭᠡᠷᠡᠭᠳᠡ᠊ ᠢ᠃

      ⑦ ᠪᠤᠯᠭᠤᠭᠰᠠᠨ ᠲᠥᠬᠦᠭᠡᠢ ᠢᠳᠡᠭᠡᠨ ᠢ ᠠᠰ ᠠᠰ ᠲᠤᠨᠢ ᠰᠠᠯᠭᠠᠨ ᠬᠠᠳᠠᠭᠠᠯᠠᠵᠤ᠂ ᠪᠤᠯᠭᠤᠭᠰᠠᠨ ᠢᠳᠡᠭᠡᠨ ᠪᠤᠬᠢᠷᠳᠤᠬᠤ ᠠᠴᠠ ᠪᠤᠯᠭᠤᠮᠵᠢᠯᠠᠬᠤ ᠭᠡᠷᠡᠭᠳᠡᠢ᠃

      ⑧ ᠥᠰᠥᠳᠤ ᠬᠠᠪ ᠵᠢᠭᠠᠰᠤ᠂ ᠮᠥᠯᠢ᠂ ᠨᠠᠢᠮᠠᠯᠵᠢ ᠵᠡᠷᠭᠡ ᠤᠰᠤᠨ ᠭᠠᠷᠤᠯᠳᠠ ᠶᠢ ᠢᠳᠡᠬᠦ ᠳᠡᠭᠡᠨ ᠡᠷᠭᠡᠪᠰᠢ ᠰᠠᠶᠢᠳᠤᠷ ᠪᠤᠯᠪᠠᠰᠤᠷᠠᠭᠤᠯᠵᠤ ᠬᠥᠢᠴᠡᠳ ᠪᠤᠯᠭᠤᠭᠰᠠᠨ ᠬᠤᠶᠢᠨ᠎ᠠ ᠢᠳᠡᠬᠦ ᠭᠡᠷᠡᠭᠳᠡᠢ᠃

      ᠸᠢᠷᠦ᠋ᠰᠳᠤ ᠡᠯᠢᠭᠡᠨ ᠤ ᠥᠷᠪᠢᠰᠥᠯ ᠲᠠᠢ ᠬᠥᠮᠥᠰ ᠤᠨ ᠥᠷᠬᠦᠯᠵᠢ ᠭᠡᠷᠡᠭᠯᠡᠬᠦ ᠡᠯᠢᠭᠡ ᠪᠠᠨ ᠬᠠᠮᠠᠭᠠᠯᠠᠬᠤ ᠳᠤ᠄ 1. ᠠᠷᠢᠬᠢ ᠤᠤᠭᠤᠬᠤ ᠥᠭᠡᠢ᠃ 2. ᠰᠢᠮ᠎ᠡ ᠲᠡᠵᠢᠭᠡᠯ ᠢᠶᠠᠨ ᠲᠡᠩᠴᠡᠬᠦᠯᠬᠦ᠃ 3. ᠬᠢᠴᠢᠶᠡᠮᠵᠢ ᠲᠠᠢ ᠪᠠᠷ ᠡᠮ ᠭᠡᠷᠡᠭᠯᠡᠬᠦ᠃

      ︵3︶ ᠲᠡᠯᠭᠡᠷᠡᠬᠦ ᠴᠢᠨᠠᠷ ᠲᠠᠢ ᠪᠠ ᠴᠢᠰᠤ ᠭᠠᠷᠬᠤ ᠴᠢᠨᠠᠷ ᠲᠠᠢ ᠨᠡᠶᠢᠯᠡᠮᠡᠯ ᠪᠥᠷᠬᠦᠪᠴᠢ ︵ᠤᠯᠠᠭᠠᠨ ᠨᠢᠳᠦ ᠡᠪᠡᠳᠴᠢᠨ︶ ᠶᠢᠨ ᠥᠷᠪᠢᠰᠥᠯ ᠲᠡᠯᠭᠡᠷᠡᠬᠦ ᠴᠢᠨᠠᠷ ᠲᠠᠢ ᠪᠠ ᠴᠢᠰᠤ ᠭᠠᠷᠬᠤ ᠴᠢᠨᠠᠷ ᠲᠠᠢ ᠨᠡᠶᠢᠯᠡᠮᠡᠯ ᠪᠥᠷᠬᠦᠪᠴᠢ ᠶᠢᠨ ᠥᠷᠪᠢᠰᠥᠯ ᠢ ᠡᠷᠳᠡᠨ ᠳᠡᠭᠡᠨ ᠤᠯᠠᠭᠠᠨ ᠨᠢᠳᠤ ᠡᠪᠡᠳᠴᠢᠨ ᠭᠡᠳᠡᠭ᠃ ᠪᠠᠰᠠ ᠰᠤᠴᠢᠮᠠᠭ ᠤᠯᠤᠭᠰᠠᠨ ᠤᠯᠠᠭᠠᠨ ᠨᠢᠳᠤ ᠡᠪᠡᠳᠴᠢᠨ ᠭᠡᠳᠡᠭ᠃ ᠲᠡᠬᠦᠨ ᠤ ᠤᠨᠴᠠᠯᠢᠬ ᠨᠢ ᠭᠡᠪᠡᠯ ᠬᠠᠷᠠᠴᠠ ᠪᠠᠷ ᠬᠠᠯᠳᠠᠪᠤᠷᠢᠯᠠᠵᠤ᠂ ᠬᠥᠮᠥᠰ ᠲᠤ ᠲᠥᠭᠡᠮᠡᠯ ᠬᠠᠯᠳᠠᠪᠤᠷᠢᠯᠠᠳᠠᠭ ᠪᠠ ᠶᠡᠭᠡ ᠥᠷᠭᠡᠨ ᠭᠡᠪᠴᠢᠶ᠎ᠡ ᠪᠠᠷ ᠲᠡᠯᠭᠡᠷᠡᠳᠡᠭ᠃ ᠭᠤᠤᠯ ᠢᠯᠡᠷᠡᠯ ᠨᠢ ᠭᠡᠪᠡᠯ ᠨᠢᠳᠤᠨ ᠭᠡᠰᠡᠭ ᠲᠤ ᠴᠢᠰᠤ ᠬᠤᠷᠠᠨ ᠬᠠᠪᠤᠳᠴᠤ᠂ ᠨᠢᠳᠤᠨ ᠳᠤ ᠶᠠᠭᠤᠮ᠎ᠠ ᠤᠷᠤᠭᠰᠠᠨ ᠰᠢᠬ ᠰᠠᠨᠠᠭᠳᠠᠵᠤ᠂ ᠨᠢᠳᠤᠨ ᠤ ᠭᠡᠰᠡᠭ ᠤᠨ ᠱᠥᠬᠦᠷᠡᠯ ᠨᠡᠮᠡᠭᠳᠡᠳᠡᠭ ᠪᠠᠶᠢᠨ᠎ᠠ᠃ ᠠᠳᠠᠯᠢ ᠪᠤᠰᠤ ᠡᠪᠡᠳᠴᠢᠯᠡᠬᠦ ᠰᠢᠯᠳᠠᠭᠠᠨ ᠢ ᠥᠨᠳᠥᠰᠥᠯᠡᠨ᠂ ᠪᠠᠺᠲ᠋ᠧᠷᠢ ᠶᠢᠨ ᠴᠢᠨᠠᠷ ᠲᠠᠢ ᠨᠡᠶᠢᠯᠡᠮᠡᠯ ᠪᠥᠷᠬᠦᠪᠴᠢ ᠶᠢᠨ ᠥᠷᠪᠢᠰᠥᠯ ᠪᠤᠯᠤᠨ ᠸᠢᠷᠦ᠋ᠰᠳᠤ ᠴᠢᠨᠠᠷ ᠲᠠᠢ ᠨᠡᠶᠢᠯᠡᠮᠡᠯ ᠪᠥᠷᠬᠦᠪᠴᠢ ᠭᠡᠵᠤ ᠬᠤᠪᠢᠶᠠᠨ᠎ᠠ᠃ ᠲᠡᠬᠦᠨ ᠤ ᠢᠯᠡᠷᠡᠯ ᠨᠢ ᠠᠳᠠᠯᠢᠪᠳᠤᠷ᠂ ᠭᠡᠪᠡᠴᠤ ᠲᠡᠯᠭᠡᠷᠡᠬᠦ ᠭᠡᠮᠵᠢᠶ᠎ᠡ ᠪᠤᠯᠤᠨ ᠬᠤᠤᠷ ᠨᠢ ᠨᠡᠶᠢᠯᠡᠮᠡᠯ ᠪᠥᠷᠬᠦᠪᠴᠢ ᠶᠢᠨ ᠥᠷᠪᠢᠰᠥᠯ ᠠᠴᠠ ᠬᠥᠨᠳᠤ ᠪᠠᠶᠢᠳᠠᠭ᠃ ᠲᠡᠯᠭᠡᠷᠡᠬᠦ ᠴᠢᠨᠠᠷ ᠲᠠᠢ ᠪᠠ ᠴᠢᠰᠤ ᠭᠠᠷᠬᠤ ᠴᠢᠨᠠᠷ ᠲᠠᠢ ᠨᠡᠶᠢᠯᠡᠮᠡᠯ ᠪᠥᠷᠬᠦᠪᠴᠢ ᠶᠢᠨ ᠥᠷᠪᠢᠰᠥᠯ ᠤᠨ ᠪᠠᠴᠢᠮ ᠪᠠᠶᠢᠳᠠᠯ ᠢ ᠠᠷᠭᠠᠴᠠᠬᠤ ᠳᠤ᠄

      ① ᠡᠷᠳᠡᠭᠡᠨ ᠡᠮᠨᠡᠯᠭᠡ ᠳᠤ ᠬᠥᠷᠴᠤ ᠡᠮᠨᠡᠬᠦᠯᠬᠦ ᠠᠴᠠ ᠪᠢᠰᠢ ᠲᠤᠷ᠎ᠠ ᠪᠠᠷ ᠢᠶᠠᠨ ᠡᠮ ᠭᠡᠷᠡᠭᠯᠡᠵᠤ ᠪᠤᠯᠬᠤ ᠥᠭᠡᠢ᠃

     ② ᠲᠤᠰ ᠡᠪᠡᠳᠴᠢᠨ ᠤ ᠡᠪᠡᠳᠴᠢᠯᠡᠬᠦ ᠶᠠᠪᠤᠴᠠ ᠨᠢ ᠬᠢᠵᠠᠭᠠᠷᠳᠠᠮᠠᠯ ᠪᠠᠶᠢᠵᠤ᠂ 1~3 ᠭᠠᠷᠠᠭ ᠪᠤᠯᠳᠠᠭ ᠪᠠ ᠶᠡᠷᠥᠩᠭᠡᠢ ᠳᠡᠭᠡᠨ ᠡᠳᠡᠭᠡᠷᠡᠭᠰᠡᠨ ᠤ ᠰᠡᠬᠦᠯᠡᠷ ᠮᠠᠰᠢ ᠰᠠᠶᠢᠨ ᠪᠤᠯᠴᠢᠬᠠᠳᠠᠭ᠃ ᠡᠪᠡᠳᠴᠢᠨ ᠤ ᠬᠤᠭᠤᠴᠠᠭᠠᠨ ᠳᠤ ᠠᠮᠠᠷᠠᠬᠤ ᠨᠢ ᠲᠤᠰᠠᠭᠠᠷᠯᠠᠬᠤ ᠪᠠ ᠡᠷᠡᠬᠦᠯᠵᠢᠬᠦ ᠳᠤ ᠠᠰᠢᠭᠳᠠᠢ ᠪᠠᠶᠢᠳᠠᠭ᠃

     ᠰᠠᠨᠠᠭᠤᠯᠬᠤ ᠨᠢ᠄

      ① ᠬᠤᠪᠢ ᠬᠥᠮᠥᠨ ᠤ ᠡᠷᠡᠬᠦᠯ ᠬᠠᠮᠠᠭᠠᠯᠠᠯ ᠢ ᠤᠨᠴᠠ ᠠᠩᠬᠠᠷᠴᠤ᠂ ᠢᠯᠠᠩᠭᠤᠶ᠎ᠠ ᠭᠠᠷ ᠢᠶᠠᠨ ᠭᠡᠵᠢᠶᠡᠳᠡ ᠴᠡᠪᠡᠷ ᠠᠷᠢᠭᠤᠨ ᠪᠠᠶᠢᠯᠭᠠᠬᠤ ᠭᠡᠷᠡᠭᠳᠡᠢ᠃ ᠭᠠᠷ ᠢᠶᠠᠷ ᠢᠶᠠᠨ ᠨᠢᠳᠤ ᠪᠠᠨ ᠨᠤᠬᠤᠯᠠᠵᠤ ᠪᠤᠯᠬᠤ ᠥᠭᠡᠢ᠃ ᠠᠯᠴᠢᠭᠤᠷ᠂ ᠭᠠᠳᠤᠷ᠎ᠠ᠂ ᠭᠠᠷ ᠤᠨ ᠠᠯᠴᠢᠭᠤᠷ ᠢᠶᠠᠨ ᠭᠠᠭᠴᠠᠭᠠᠷ ᠭᠡᠷᠡᠭᠯᠡᠵᠤ᠂ ᠤᠷᠤᠰᠬᠠᠯ ᠤᠰᠤ ᠪᠠᠷ ᠨᠢᠭᠤᠷ ᠢᠶᠠᠨ ᠤᠬᠢᠶᠠᠬᠤ ᠶᠢ ᠪᠠᠷᠢᠮᠳᠠᠯᠠᠨ᠎ᠠ᠃

     ② ᠡᠪᠡᠳᠴᠢᠳᠡᠨ ᠤ ᠭᠡᠷ ᠤᠨ ᠬᠢᠨ ᠪᠠ ᠨᠢᠭᠳᠠ ᠤᠢᠢᠷᠠᠳᠤᠭᠰᠠᠳ ᠡᠪᠡᠳᠴᠢᠳᠡᠨ ᠲᠠᠢ ᠤᠢᠢᠷᠠᠳᠤᠭᠰᠠᠨ ᠤ ᠪᠠᠨ ᠰᠡᠬᠦᠯᠡᠷ 75% ᠶᠢᠨ ᠡᠲ᠋ᠢᠯ ᠠᠯᠺᠥᠥᠯ ᠢᠶᠠᠷ ᠬᠤᠶᠠᠷ ᠭᠠᠷ ᠢᠶᠠᠨ ᠠᠷᠢᠭᠤᠳᠬᠠᠬᠤ ᠭᠡᠷᠡᠭᠳᠡᠢ᠃

      ③ ᠡᠪᠡᠳᠴᠢᠳᠡᠨ ᠢ ᠲᠤᠰᠠᠭᠠᠷᠯᠠᠨ ᠡᠮᠨᠡᠨ᠎ᠡ᠃ ᠡᠪᠡᠳᠴᠢᠳᠡᠨ ᠡᠪᠡᠳᠴᠢᠨ ᠲᠠᠢ ᠬᠤᠭᠤᠴᠠᠭᠠᠨ ᠳᠠᠭᠠᠨ ᠤᠮᠪᠠᠯᠳᠠ ᠶᠢᠨ ᠭᠠᠵᠠᠷ᠂ ᠪᠡᠶ᠎ᠡ ᠤᠬᠢᠶᠠᠬᠤ ᠭᠠᠵᠠᠷ ᠵᠡᠷᠭᠡ ᠤᠯᠠᠨ ᠨᠡᠶᠢᠳᠡ ᠶᠢᠨ ᠭᠠᠵᠠᠷ ᠲᠠᠯᠠᠪᠤᠷ ᠲᠤ ᠤᠴᠢᠬᠤ ᠶᠢ ᠴᠠᠭᠠᠵᠠᠯᠠᠨ᠎ᠠ᠃

      ︵4︶ ᠨᠡᠶᠢᠳᠡᠯᠢᠭ ᠪᠤᠰᠤ ᠭᠡᠯᠪᠡᠷᠢ ᠶᠢᠨ ᠠᠭᠤᠰᠬᠢᠨ ᠥᠷᠪᠢᠰᠥᠯ

      ᠨᠡᠶᠢᠳᠡᠯᠢᠭ ᠪᠤᠰᠤ ᠭᠡᠯᠪᠡᠷᠢ ᠶᠢᠨ ᠠᠭᠤᠰᠬᠢᠨ ᠥᠷᠪᠢᠰᠥᠯ ᠢ ᠲᠥᠬᠦᠮ ᠢᠶᠠᠷ SARS ᠭᠡᠳᠡᠭ᠃ ᠲᠠᠷᠤᠢ ᠬᠥᠨᠳᠤ ᠭᠡᠴᠡᠬᠦᠥ ᠲᠥᠷᠭᠡᠨ ᠴᠢᠨᠠᠷ ᠲᠠᠢ ᠠᠮᠢᠰᠬᠤᠯ ᠤᠨ ᠵᠠᠮ ᠤᠨ ᠲᠥᠪᠤᠩᠬᠡᠢ ᠶᠢᠨ ᠵᠠᠩᠬᠢᠳᠤᠯ ᠭᠡᠳᠡᠭ᠃
      ᠠᠭᠠᠷ ᠤᠨ ᠥᠰᠥᠷᠳᠡᠰᠤ ᠪᠠ ᠨᠢᠬᠳᠠ ᠤᠢᠢᠷᠠᠳᠤᠭᠰᠠᠨ ᠠᠴᠠ ᠬᠠᠯᠳᠠᠪᠤᠷᠢᠯᠠᠬᠤ ᠪᠠᠷ ᠭᠤᠤᠯ ᠪᠤᠯᠭᠠᠭᠰᠠᠨ ᠲᠥᠷᠭᠡᠨ ᠴᠢᠨᠠᠷ ᠲᠠᠢ ᠠᠮᠢᠰᠬᠤᠯ ᠤᠨ ᠵᠠᠮ ᠤᠨ ᠬᠠᠯᠳᠠᠪᠤᠷᠢᠳᠤ ᠡᠪᠡᠳᠴᠢᠨ ᠪᠤᠯᠤᠨ᠎ᠠ᠃ ᠡᠮᠴᠢᠯᠡᠭᠡᠨ ᠤ ᠢᠯᠡᠷᠡᠯ ᠨᠢ ᠭᠡᠪᠡᠯ ᠬᠠᠯᠠᠭᠤᠷᠠᠬᠤ᠂ ᠬᠠᠨᠢᠶᠠᠯᠭᠠᠬᠤ᠂ ᠠᠮᠢᠰᠬᠤᠯ ᠲᠠᠪᠬᠤᠴᠠᠬᠤ ᠵᠡᠷᠭᠡ ᠢᠯᠡᠷᠡᠯ ᠲᠠᠢ᠃ ᠲᠤᠰ ᠡᠪᠡᠳᠴᠢᠨ ᠪᠤᠯ ᠬᠠᠯᠳᠠᠪᠤᠷᠢᠯᠠᠬᠤ ᠴᠢᠨᠠᠷ ᠢᠶᠠᠷ ᠴᠢᠩᠭ᠎ᠠ᠂ ᠲᠡᠯᠭᠡᠷᠡᠬᠦ ᠨᠢ ᠲᠥᠷᠭᠡᠨ᠂ ᠬᠥᠨᠥᠭᠡᠯ ᠶᠡᠭᠡᠳᠡᠢ ᠪᠠᠶᠢᠳᠠᠭ᠃ ᠨᠡᠶᠢᠳᠡᠯᠢᠭ ᠪᠤᠰᠤ ᠭᠡᠯᠪᠡᠷᠢ ᠶᠢᠨ ᠠᠭᠤᠰᠬᠢᠨ ᠥᠷᠪᠢᠰᠥᠯ ᠤᠨ ᠪᠠᠴᠢᠮ ᠪᠠᠶᠢᠳᠠᠯ ᠢ ᠠᠷᠭᠠᠴᠠᠬᠤ ᠳᠤ᠄

      ① ᠲᠡᠭᠡᠷ᠎ᠡ ᠲᠤᠷᠠᠳᠤᠭᠰᠠᠨ ᠡᠪᠡᠳᠴᠢᠨ ᠤ ᠢᠯᠡᠷᠡᠯ ᠭᠠᠷᠪᠠᠯ ᠲᠠᠷᠦ᠋ᠢᠬᠠᠨ ᠡᠮᠨᠡᠯᠭᠡ ᠳᠤ ᠬᠥᠷᠴᠤ ᠥᠵᠡᠬᠦᠯᠬᠦ ᠭᠡᠷᠡᠭᠳᠡᠢ᠃ ᠭᠡᠷᠪᠡ ᠲᠤᠰ ᠡᠪᠡᠳᠴᠢᠨ ᠪᠤᠯᠬᠤ ᠶᠢ ᠤᠨᠤᠰᠢᠯᠠᠪᠠᠯ᠂ ᠡᠮᠨᠡᠯᠭᠡ ᠳᠤ ᠰᠠᠭᠤᠬᠤ ᠶᠢᠨ ᠲᠠᠭᠠᠤ ᠲᠤᠰᠠᠭᠠᠷᠯᠠᠨ ᠡᠮᠨᠡᠬᠦᠯᠬᠦ ᠭᠡᠷᠡᠭᠳᠡᠢ᠃

      ② ᠲᠡᠯᠭᠡᠷᠡᠬᠦ ᠴᠢᠨᠠᠷ ᠲᠠᠢ ᠡᠪᠡᠳᠴᠢᠨ ᠡᠮᠭᠡᠭ ᠢ ᠪᠠᠶᠢᠴᠠᠭᠠᠬᠤ ᠠᠵᠢᠯᠳᠠᠳ ᠲᠠᠢ ᠬᠠᠮᠵᠢᠯᠴᠠᠵᠤ᠂ ᠬᠠᠮᠢᠶ᠎ᠠ ᠪᠥᠬᠦᠢ ᠪᠠᠶᠢᠴᠠᠭᠠᠯᠳᠠ ᠶᠢ ᠰᠠᠶᠢᠳᠤᠷ ᠬᠢᠬᠦ ᠭᠡᠷᠡᠭᠳᠡᠢ᠃

      ③ ᠥᠷᠬᠦᠯᠵᠢ ᠠᠮᠠᠪᠴᠢ ᠵᠡᠬᠦᠬᠦ ᠭᠡᠷᠡᠭᠳᠡᠢ᠃ ᠬᠤᠳᠠᠯᠳᠤᠭ᠎ᠠ ᠲᠡᠯᠭᠡᠬᠦᠷ᠂ ᠺᠢᠨᠤ᠋ ᠵᠥᠴᠥᠭᠡ ᠶᠢᠨ ᠤᠷᠳᠤᠨ ᠵᠡᠷᠭᠡ ᠰᠠᠯᠬᠢ ᠨᠡᠪᠳᠡᠷᠡᠬᠦ ᠥᠭᠡᠢ ᠪᠤᠶᠤ ᠬᠥᠮᠥᠨ ᠬᠠᠷ᠎ᠠ ᠲᠥᠪᠯᠡᠷᠡᠭᠰᠡᠨ ᠭᠠᠵᠠᠷ ᠲᠠᠯᠠᠪᠤᠷ ᠢᠶᠠᠷ ᠤᠳᠠᠭᠠᠨ ᠬᠤᠷᠭᠤᠳᠠᠵᠤ ᠪᠤᠯᠬᠤ ᠥᠭᠡᠢ᠃

     ᠰᠠᠨᠠᠭᠤᠯᠬᠤ ᠨᠢ᠄

     ① ᠥᠷᠥᠭᠡ ᠭᠡᠷ ᠲᠡᠭᠡᠨ ᠥᠷᠬᠦᠯᠵᠢ ᠰᠠᠯᠬᠢ ᠨᠡᠪᠳᠡᠷᠡᠬᠦᠯᠥᠨ ᠠᠭᠠᠷ ᠢ ᠰᠤᠯᠢᠵᠤ᠂ ᠠᠵᠢᠯ ᠠᠮᠢᠳᠤᠷᠠᠯ ᠤᠨ ᠤᠷᠴᠢᠨ ᠲᠤᠭᠤᠷᠢᠨ ᠤ ᠠᠭᠠᠷ ᠢ ᠰᠠᠶᠢᠳᠤᠷ ᠨᠡᠪᠳᠡᠷᠡᠬᠦᠯᠵᠤ᠂ ᠤᠷᠴᠢᠨ ᠲᠤᠭᠤᠷᠢᠨ ᠤ ᠡᠷᠡᠬᠦᠯ ᠬᠠᠮᠠᠭᠠᠯᠠᠯ ᠤᠨ ᠠᠵᠢᠯ ᠢ ᠰᠠᠶᠢᠳᠤᠷ ᠬᠢᠵᠤ᠂ ᠬᠤᠪᠴᠠᠰᠤ ᠬᠤᠨᠠᠷ᠂ ᠬᠥᠨᠵᠢᠯᠡ ᠲᠡᠪᠢᠰᠭᠡᠷ ᠢᠶᠠᠨ ᠨᠠᠷᠠᠨ ᠳᠤ ᠡᠬᠡᠭᠡᠨ ᠰᠢᠷᠠᠬᠤ ᠭᠡᠷᠡᠭᠳᠡᠢ᠃ ᠥᠷᠬᠦᠯᠵᠢ ᠭᠡᠷ ᠤᠨ ᠭᠠᠳᠠᠨ᠎ᠠ ᠬᠥᠳᠡᠯᠭᠡᠭᠡᠨ ᠬᠢᠵᠤ᠂ ᠰᠢᠨ᠎ᠡ ᠰᠤᠷᠭᠤᠭ ᠠᠭᠤᠷ ᠠᠮᠢᠰᠬᠤᠯ ᠢ ᠠᠮᠢᠰᠬᠤᠵᠤ ᠪᠠᠶᠢᠪᠡᠯ ᠰᠠᠶᠢᠨ ᠶᠤᠮ᠃

     ② ᠬᠤᠪᠢ ᠬᠥᠮᠥᠨ ᠤ ᠡᠷᠡᠬᠦᠯ ᠬᠠᠮᠠᠭᠠᠯᠠᠯ ᠤᠨ ᠰᠠᠶᠢᠬᠠᠨ ᠲᠠᠳᠬᠠᠯ ᠲᠠᠢ ᠪᠠᠶᠢᠵᠤ᠂ ᠨᠠᠶᠢᠳᠠᠭᠠᠬᠤ᠂ ᠬᠠᠨᠢᠶᠠᠬᠤ ᠪᠠ ᠬᠠᠮᠠᠷ ᠢᠶᠠᠨ ᠮᠠᠯᠳᠠᠭᠰᠠᠨ ᠤ ᠰᠡᠬᠦᠯᠡᠷ ᠭᠠᠷ ᠢᠶᠠᠨ ᠤᠬᠢᠶᠠᠵᠤ᠂ ᠤᠬᠢᠶᠠᠭᠰᠠᠨ ᠤ ᠪᠠᠨ ᠲᠡᠷᠠᠭ᠎ᠠ ᠴᠡᠪᠡᠷ ᠠᠯᠴᠢᠭᠤᠷ ᠪᠠ ᠴᠠᠭᠠᠰᠤ ᠪᠠᠷ ᠰᠠᠶᠢᠳᠤᠷ ᠵᠥᠯᠬᠦᠬᠦ ᠭᠡᠷᠡᠭᠳᠡᠢ᠂ ᠨᠢᠬᠡ ᠯᠠ ᠠᠯᠴᠢᠭᠤᠷ ᠢ ᠤᠯᠠᠨ ᠢᠶᠠᠷ ᠢᠶᠠᠨ ᠭᠡᠷᠡᠭᠯᠡᠵᠤ ᠪᠤᠯᠬᠤ ᠥᠭᠡᠢ᠃

     ③ ᠠᠮᠢᠰᠬᠤᠯ ᠤᠨ ᠵᠠᠮ ᠤᠨ ᠬᠠᠯᠳᠠᠪᠤᠷᠢᠳᠤ ᠡᠪᠡᠳᠴᠢᠨ ᠲᠠᠢ ᠬᠥᠮᠥᠨ ᠯᠦᠭᠡ ᠤᠢᠢᠷᠠᠳᠤᠬᠤ ᠳᠠᠭᠠᠨ ᠠᠮᠠᠪᠴᠢ ᠵᠡᠬᠦᠬᠦ ᠰᠡᠷᠭᠡᠶᠢᠯᠡᠯᠳᠡ ᠬᠢᠪᠡᠯ ᠵᠤᠬᠢᠨ᠎ᠠ᠃

     ④ ᠰᠡᠵᠢᠭᠳᠡᠢ ᠠᠮᠢᠳᠠᠨ ᠲᠠᠢ ᠤᠢᠢᠷᠠᠳᠤᠬᠤ ᠠᠴᠠ ᠵᠠᠶᠢᠯᠠᠰᠬᠢᠬᠦ ᠭᠡᠷᠡᠭᠳᠡᠢ᠃

      ︵5︶ ᠠᠭᠤᠰᠬᠢᠨ ᠰᠥᠷᠢᠶ᠎ᠡ ︵TB ᠭᠡᠵᠤ ᠲᠤᠪᠴᠢᠯᠠᠨ᠎ᠠ︶

     ᠠᠭᠤᠰᠬᠢᠨ ᠰᠥᠷᠢᠶ᠎ᠡ ᠪᠤᠯ ᠰᠥᠷᠢᠶ᠎ᠠ ᠶᠢᠨ ᠰᠠᠪᠬᠠᠨᠴᠢᠷ ᠪᠠᠺᠲ᠋ᠧᠷᠢ ᠠᠴᠠ ᠡᠬᠦᠰᠥᠭᠰᠡᠨ ᠠᠭᠤᠰᠬᠢᠨ ᠭᠡᠰᠡᠭ ᠤᠨ ᠤᠵᠢᠬ ᠴᠢᠨᠠᠷ ᠲᠠᠢ ᠢᠳᠡᠭᠡᠯᠡᠬᠦ ᠡᠪᠡᠳᠴᠢᠨ ᠡᠮᠬᠡᠭ ᠪᠤᠯᠤᠨ᠎ᠠ᠃ ᠡᠮᠴᠢᠯᠡᠭᠡᠨ ᠤ ᠭᠤᠤᠯ ᠢᠯᠡᠷᠡᠯ ᠨᠢ ᠭᠡᠪᠡᠯ ᠬᠠᠨᠢᠶᠠᠯᠭᠠᠬᠤ᠂ ᠴᠢᠰᠤ ᠪᠠᠷ ᠬᠠᠨᠢᠶᠠᠬᠤ ᠵᠡᠷᠭᠡ ᠠᠮᠢᠰᠬᠤᠯ ᠤᠨ ᠰᠢᠰᠲ᠋ᠧᠮ ᠤᠨ ᠡᠪᠡᠳᠴᠢᠨ ᠤ ᠢᠯᠡᠷᠡᠯ ᠲᠠᠢ ᠪᠠ ᠪᠠᠭ᠎ᠠ ᠬᠠᠯᠠᠭᠤᠷᠠᠬᠤ᠂ ᠬᠥᠢᠳᠡᠨ ᠬᠥᠯᠥᠰᠤ ᠭᠠᠷᠬᠤ᠂ ᠪᠡᠶ᠎ᠡ ᠰᠤᠯᠠᠷᠠᠬᠤ ᠵᠡᠷᠭᠡ ᠪᠥᠬᠦ ᠪᠡᠶ᠎ᠡ ᠶᠢᠨ ᠡᠪᠡᠳᠴᠢᠨ ᠤ ᠢᠯᠡᠷᠡᠯ ᠲᠠᠢ ᠪᠠᠶᠢᠳᠠᠭ᠃ ᠠᠭᠤᠰᠬᠢᠨ ᠰᠥᠷᠢᠶ᠎ᠡ ᠡᠪᠡᠳᠴᠢᠨ ᠤ ᠬᠠᠯᠳᠠᠪᠤᠷᠢᠯᠠᠬᠤ ᠭᠤᠤᠯ ᠰᠤᠷᠪᠤᠯᠵᠢ ᠨᠢ ᠭᠡᠪᠡᠯ ᠰᠥᠷᠢᠶ᠎ᠡ ᠡᠪᠡᠳᠴᠢᠨ ᠤ ᠨᠢᠯᠪᠤᠭᠰᠠᠨ ᠪᠠᠺᠲ᠋ᠧᠷᠢᠳᠤ ᠴᠡᠷ ᠪᠤᠯᠤᠨ᠎ᠠ᠃ ᠡᠷᠡᠬᠦᠯ ᠬᠥᠮᠥᠰ ᠡᠪᠡᠳᠴᠢᠳᠡᠨ ᠤ ᠬᠠᠨᠢᠶᠠᠬᠤ᠂ ᠨᠠᠶᠢᠳᠠᠭᠠᠬᠤ ᠥᠶ᠎ᠡ ᠳᠤ ᠥᠰᠥᠷᠥᠭᠰᠡᠨ ᠪᠠᠺᠲ᠋ᠧᠷᠢᠳᠤ ᠥᠰᠥᠷᠳᠡᠰᠤ ᠳᠤ ᠥᠷᠳᠤᠪᠡᠯ ᠮᠠᠰᠢ ᠠᠮᠠᠷᠬᠠᠨ ᠬᠠᠯᠳᠠᠪᠦᠷᠢᠯᠡᠭ᠌ᠳᠠᠬᠤ ᠪᠤᠯᠤᠨ᠎ᠠ᠃ ᠠᠭᠤᠰᠬᠢᠨ ᠰᠥᠷᠢᠶ᠎ᠡ ᠶᠢᠨ ᠪᠠᠴᠢᠮ ᠪᠠᠶᠢᠳᠠᠯ ᠢ ᠠᠷᠭᠠᠴᠠᠬᠤ ᠳᠤ᠄

     ① ᠠᠭᠤᠰᠬᠢᠨ ᠰᠥᠷᠢᠶ᠎ᠠ ᠡᠪᠡᠳᠴᠢᠨ ᠤ ᠰᠢᠨᠵᠢ ᠲᠠᠢ ᠪᠤᠯᠪᠠᠯ ᠲᠡᠷᠦ᠋ᠢᠬᠠᠨ ᠬᠠᠯᠳᠠᠪᠤᠷᠢᠳᠤ ᠡᠪᠡᠳᠴᠢᠨ ᠤ ᠡᠮᠨᠡᠯᠭᠡ ᠳᠤ ᠬᠥᠷᠴᠤ ᠡᠮᠨᠡᠭᠦᠯᠦᠨ᠎ᠡ᠃

     ② ᠠᠭᠤᠰᠬᠢᠨ ᠰᠥᠷᠢᠶ᠎ᠡ ᠨᠢ ᠪᠠᠰᠠ ᠤᠵᠢᠬ ᠴᠢᠨᠠᠷ ᠲᠠᠢ ᠲᠠᠮᠢᠷᠳᠠᠭᠤᠯᠬᠤ ᠡᠪᠡᠳᠴᠢᠨ ᠶᠤᠮ᠃ ᠠᠬᠢᠴᠠ ᠶᠢᠨ ᠬᠤᠭᠤᠴᠠᠭᠠᠨ ᠳᠤᠨᠢ ᠡᠪᠡᠳᠴᠢᠳᠡᠨ ᠮᠠᠰᠢ ᠶᠡᠭᠡ ᠲᠠᠮᠢᠷᠳᠠᠳᠠᠭ ᠪᠤᠯᠬᠤᠷ ᠢᠳᠡᠭᠡᠨ ᠤᠮᠳᠠᠭᠠᠨ ᠤ ᠲᠠᠯ᠎ᠠ ᠪᠠᠷ ᠰᠢᠮ᠎ᠡ ᠲᠡᠵᠢᠭᠡᠯ ᠨᠦᠬᠦᠪᠦᠷᠢᠯᠡᠨ᠂ ᠤᠭᠤᠷᠠᠭ᠂ ᠢᠯᠴᠢ᠂ ᠸᠢᠲ᠋ᠠᠮᠢᠨ ᠡᠯᠪᠡᠭ ᠢᠳᠡᠭᠡᠨ ᠢ ᠢᠳᠡᠬᠦᠯᠵᠤ᠂ ᠪᠡᠶ᠎ᠡ ᠶᠢ ᠨᠢ ᠴᠢᠩᠭᠠᠷᠠᠭᠤᠯᠵᠤ᠂ ᠲᠡᠬᠦᠨ ᠤ ᠡᠭᠡᠯᠢᠯᠡᠭᠡ ᠶᠢᠨ ᠰᠢᠰᠲ᠋ᠧᠮ ᠤᠨ ᠴᠢᠳᠠᠪᠤᠷᠢ ᠶᠢ ᠨᠢ ᠲᠡᠭᠡᠭᠰᠢᠯᠡᠬᠦᠯᠬᠦ ᠭᠡᠷᠡᠭᠳᠡᠢ᠃

    ③ ᠠᠭᠤᠰᠬᠢᠨ ᠰᠥᠷᠢᠶ᠎ᠡ ᠲᠠᠢ ᠬᠥᠮᠥᠨ ᠤ ᠪᠡᠶ᠎ᠡ ᠮᠠᠬᠠᠪᠤᠳ ᠤᠨ ᠡᠰᠡᠷᠬᠦᠴᠡᠬᠦ ᠬᠥᠴᠤ ᠨᠢ ᠪᠠᠷᠤᠭᠳᠠᠢ ᠪᠠᠶᠢᠳᠠᠭ ᠲᠤᠯᠠ ᠬᠡᠵᠢᠶᠡᠳᠡ ᠪᠠᠶᠠᠷ ᠬᠥᠷ ᠲᠠᠢ ᠪᠠᠶᠢᠵᠤ᠂ ᠪᠡᠶ᠎ᠡ ᠶᠢᠨ ᠲᠡᠮᠢᠷ ᠤᠨ ᠪᠤᠯᠪᠠᠰᠤᠷᠠᠯ ᠬᠢᠵᠤ᠂ ᠪᠡᠶ᠎ᠡ ᠮᠠᠬᠠᠪᠤᠳ ᠢᠶᠠᠨ ᠴᠢᠬᠢᠷᠠᠭᠵᠢᠭᠤᠯᠬᠤ ᠶᠢᠨ ᠲᠠᠭᠠᠤ ᠬᠤᠪᠢ ᠬᠥᠮᠥᠨ ᠤ ᠰᠡᠷᠭᠡᠶᠢᠯᠡᠯᠳᠡ ᠬᠠᠮᠠᠭᠠᠯᠠᠯᠳᠠ ᠶᠢ ᠰᠠᠶᠢᠨ ᠬᠢᠵᠤ᠂ ᠠᠮᠢᠰᠬᠤᠯ ᠤᠨ ᠵᠠᠮ ᠤᠨ ᠦᠷᠪᠢᠰᠦᠯ ᠳᠤ ᠨᠡᠷᠪᠡᠭᠳᠡᠬᠦ ᠠᠴᠠ ᠰᠡᠷᠭᠡᠶᠢᠯᠡᠪᠡᠯ ᠲᠠᠭᠠᠷᠠᠨ᠎ᠠ᠃

    ᠰᠠᠨᠠᠭᠤᠯᠬᠤ ᠢ᠄

     ① ᠴᠠᠭ ᠲᠠᠢ ᠢᠳᠡᠵᠤ ᠤᠤᠭᠤᠵᠤ᠂ ᠰᠢᠮ᠎ᠡ ᠲᠡᠵᠢᠭᠡᠯ ᠢᠯᠡᠬᠦᠥ ᠨᠥᠬᠦᠵᠤ᠂ ᠭᠠᠰᠢᠭᠤᠨ ᠨᠢᠰᠤᠭᠤᠨ ᠢ ᠴᠡᠭᠡᠷᠯᠡᠨ᠎ᠡ᠃

     ② ᠥᠷᠬᠦᠯᠵᠢ ᠰᠢᠨ᠎ᠡ ᠰᠤᠷᠭᠤᠭ ᠠᠭᠠᠷ ᠢ ᠠᠮᠢᠰᠬᠤᠭᠤᠯᠵᠦ ᠪᠠᠶᠢᠪᠡᠯ ᠰᠠᠶᠢᠨ᠃

     ③ ᠰᠡᠳᠬᠢᠯ ᠰᠠᠨᠠᠭ᠎ᠠ ᠲᠤᠭᠳᠠᠭᠤᠨ ᠪᠤᠰᠤ ᠪᠤᠯ ᠬᠥᠮᠥᠨ ᠤ ᠪᠡᠶ᠎ᠡ ᠶᠢᠨ ᠡᠪᠡᠳᠴᠢᠨ ᠡᠮᠬᠡᠭ ᠢ ᠡᠰᠡᠷᠬᠦᠴᠡᠬᠦ ᠴᠢᠳᠠᠯ ᠢ ᠨᠥᠯᠥᠭᠡᠯᠡᠳᠡᠭ ᠪᠤᠯᠬᠤᠷ ᠬᠡᠵᠢᠶᠡᠳᠡ ᠪᠠᠶᠠᠷ ᠬᠥᠷ ᠲᠠᠢ ᠪᠠᠶᠢᠬᠤ ᠨᠢ ᠴᠢᠬᠤᠯᠨ ᠶᠤᠮ᠃

     ④ ᠲᠡᠮᠢᠷ ᠤᠨ ᠬᠥᠳᠡᠯᠭᠡᠭᠡᠨ ᠳᠤ ᠥᠷᠬᠦᠯᠵᠢ ᠤᠷᠤᠯᠴᠠᠵᠤ᠂ ᠪᠡᠶ᠎ᠡ ᠮᠠᠬᠠᠪᠤᠳ ᠢᠶᠠᠨ ᠪᠤᠯᠪᠠᠰᠤᠷᠠᠭᠤᠯᠬᠤ᠂ ᠬᠥᠴᠤ ᠴᠢᠳᠠᠯ ᠢᠶᠠᠨ ᠨᠡᠮᠡᠭᠳᠡᠬᠦᠯᠬᠦ ᠭᠡᠷᠡᠭᠳᠡᠢ᠃

      ⑤ ᠰᠥᠷᠢᠶ᠎ᠡ ᠶᠢᠨ ᠰᠠᠪᠬᠠᠨᠴᠢᠷ ᠪᠠᠺᠲ᠋ᠧᠷᠢ ᠶᠢᠨ ᠬᠠᠯᠳᠠᠪᠤᠷᠢᠯᠠᠯ ᠨᠢ ᠲᠤᠰ ᠡᠪᠡᠳᠴᠢᠨ ᠡᠬᠦᠰᠬᠦ ᠶᠢᠨ ᠰᠢᠭᠤᠳ ᠰᠢᠯᠳᠠᠭᠠᠨ ᠨᠢ ᠪᠤᠯᠬᠤᠷ ᠠᠭᠤᠰᠬᠢᠨ ᠰᠥᠷᠢᠶ᠎ᠡ ᠶᠢᠨ ᠡᠪᠡᠳᠴᠢᠳᠡᠨ ᠲᠠᠢ ᠬᠥᠮᠥᠨ ᠢᠯᠠᠩᠭᠤᠶ᠎ᠠ ᠠᠵᠢᠯᠯᠠᠭᠠᠨ ᠤ ᠴᠢᠨᠠᠷ ᠲᠠᠢ ᠰᠥᠷᠢᠶ᠎ᠡ ᠡᠪᠡᠳᠴᠢᠨ ᠲᠠᠢ ᠬᠥᠮᠥᠨ ᠲᠠᠢ ᠠᠭᠤᠯᠵᠠᠵᠤ ᠤᠢᠢᠷᠠᠳᠤᠬᠤ ᠪᠠᠨ ᠠᠯᠢ ᠴᠢᠳᠠᠬᠤ ᠪᠠᠷ ᠴᠦᠬᠡᠷᠡᠭᠦᠯᠪᠡᠯ ᠵᠤᠬᠢᠨ᠎ᠠ᠃

     ︵6︶ ᠳ᠋ᠸᠡᠭᠬᠥ᠋ ᠬᠠᠯᠠᠭᠤᠷᠠᠯᠭ᠎ᠠ

      ᠳ᠋ᠸᠡᠭᠬᠥ᠋ ᠬᠠᠯᠠᠭᠤᠷᠠᠯᠭ᠎ᠠ ᠪᠤᠯ ᠳ᠋ᠸᠡᠭᠬᠥ᠋ ᠬᠠᠯᠠᠭᠤᠷᠠᠯᠭ᠎ᠠ ᠶᠢᠨ ᠸᠢᠷᠦ᠋ᠰ ᠠᠴᠠ ᠡᠬᠦᠰᠥᠭᠰᠡᠨ ᠲᠥᠷᠭᠡᠨ ᠴᠢᠨᠠᠷ ᠲᠠᠢ ᠬᠠᠯᠳᠠᠪᠤᠷᠢᠳᠤ ᠡᠪᠡᠳᠴᠢᠨ ᠪᠤᠯᠤᠨ᠎ᠠ᠂ ᠭᠤᠤᠯ ᠨᠢ ᠵᠢᠭᠰᠢᠬᠦᠷᠢᠳᠤ ᠰᠢᠮᠠᠭᠤᠯ ᠢᠶᠠᠷ ᠵᠠᠭᠤᠴᠢᠯᠠᠨ ᠬᠠᠯᠳᠠᠪᠤᠷᠢᠯᠠᠳᠠᠭ᠃ ᠲᠤᠰ ᠡᠪᠡᠳᠴᠢᠨ ᠤ ᠸᠢᠷᠦ᠋ᠰ ᠲᠤ ᠬᠠᠯᠳᠠᠪᠤᠷᠢᠯᠠᠭᠳᠠᠪᠠᠯ ᠭᠡᠨᠡᠳᠳᠡ ᠶᠡᠭᠡᠳᠡ ᠬᠠᠯᠠᠭᠤᠷᠠᠵᠤ᠂ ᠲᠤᠷ᠎ᠠ ᠪᠤᠯᠬᠢᠵᠤ᠂ ᠪᠥᠭᠡᠯᠵᠢᠬᠦ ᠵᠡᠷᠭᠡ ᠢᠯᠡᠷᠡᠯ ᠲᠠᠢ ᠪᠤᠯᠬᠤ ᠪᠠ ᠲᠡᠷᠠᠭ᠎ᠠ ᠪᠠᠷ ᠨᠢ ᠲᠤᠯᠤᠭᠠᠢ ᠰᠥᠷᠡᠭᠡᠢ ᠡᠪᠡᠳᠬᠦ᠂ ᠨᠢᠳᠤᠨ ᠤ ᠤᠬᠤᠷᠬᠠᠢ ᠡᠪᠡᠳᠬᠦ᠂ ᠪᠤᠯᠴᠢᠩ᠂ ᠮᠢᠬ᠎ᠠ ᠥᠶ᠎ᠡ ᠭᠡᠰᠢᠬᠦᠥ ᠵᠢᠴᠢ ᠶᠠᠰᠤ ᠡᠪᠡᠳᠬᠦ ᠪᠦᠬᠡᠳ ᠪᠠᠰᠠ ᠨᠢᠭᠤᠷ ᠴᠢᠷᠠᠢ᠂ ᠭᠡᠪᠡᠯᠢ ᠶᠢᠨ ᠭᠡᠰᠡᠭ ᠤᠯᠠᠶᠢᠬᠤ ᠪᠠ ᠯᠢᠮᠹᠠ ᠪᠤᠯᠴᠢᠷᠬᠠᠢ ᠬᠠᠪᠤᠳᠴᠤ᠂ 5~7 ᠡᠳᠥᠷ ᠪᠤᠯᠪᠠᠯ ᠪᠡᠶ᠎ᠡ ᠶᠢᠨ ᠲᠡᠭᠡᠷ᠎ᠡ ᠠᠷᠠᠰᠤᠨ ᠡᠰᠡᠷᠭᠡᠨ᠎ᠡ ᠭᠠᠷᠬᠤ ᠪᠠ ᠬᠥᠨᠳᠤ ᠨᠢ ᠲᠡᠷᠢᠬᠢᠨ ᠤ ᠥᠷᠪᠢᠰᠥᠯ ᠪᠠ ᠴᠢᠰᠤ ᠭᠠᠷᠬᠤ ᠡᠪᠡᠳᠴᠢᠨ ᠤ ᠢᠯᠡᠷᠡᠯ ᠲᠠᠢ ᠪᠤᠯᠳᠠᠭ᠃ ᠳ᠋ᠸᠡᠭᠬᠥ᠋ ᠬᠠᠯᠠᠭᠤᠷᠠᠯᠭ᠎ᠠ ᠶᠢᠨ ᠪᠠᠴᠢᠮ ᠪᠠᠶᠢᠳᠠᠯ ᠢ ᠠᠷᠭᠠᠴᠠᠬᠤ ᠳᠤ᠄

      ① ᠳ᠋ᠸᠡᠭᠬᠥ᠋ ᠬᠠᠯᠠᠭᠤᠷᠠᠯᠭ᠎ᠠ ᠡᠪᠡᠳᠴᠢᠳᠡᠨ ᠢ ᠤᠯᠵᠤ ᠮᠡᠳᠡᠪᠡᠯ᠂ ᠬᠢᠵᠢᠭ ᠤᠨ ᠴᠡᠭ ᠬᠢᠵᠢᠭ ᠤᠨ ᠤᠷᠤᠨ ᠳᠤ ᠥᠷᠥᠭᠡᠨ ᠤ ᠲᠤᠳᠤᠷ᠎ᠠ ᠭᠠᠳᠠᠨ᠎ᠠ ᠰᠢᠮᠠᠭᠤᠯ ᠢ ᠲᠥᠷᠭᠡᠨ ᠤᠰᠠᠳᠬᠠᠬᠤ ᠠᠵᠢᠯ ᠢ ᠥᠷᠨᠢᠬᠦᠯᠵᠤ᠂ ᠢᠯᠠᠩᠭᠤᠶ᠎ᠠ ᠡᠪᠡᠳᠴᠢᠨ ᠲᠡᠯᠭᠡᠷᠡᠭᠰᠡᠨ ᠤᠷᠤᠨ ᠤ ᠲᠤᠳᠤᠷᠠᠬᠢ ᠡᠮᠨᠡᠯᠭᠡ ᠶᠢᠨ ᠬᠤᠷᠢᠶ᠎ᠠ ᠪᠤᠯᠤᠨ ᠰᠤᠷᠭᠠᠭᠤᠯᠢ ᠳᠤ ᠰᠢᠮᠠᠭᠤᠯ ᠤᠰᠠᠳᠬᠠᠬᠤ ᠠᠵᠢᠯ ᠢ ᠰᠠᠶᠢᠳᠤᠷ ᠥᠷᠨᠢᠬᠦᠯᠬᠦ ᠭᠡᠷᠡᠭᠳᠡᠢ᠃

      ② ᠪᠥᠳᠥᠮᠵᠢᠳᠡᠢ ᠠᠷᠭ᠎ᠠ ᠭᠡᠮᠵᠢᠶ᠎ᠡ ᠠᠪᠴᠤ ᠪᠠᠶᠢᠭᠠᠳ ᠵᠢᠭᠰᠢᠬᠦᠷᠢᠳᠤ ᠰᠢᠮᠠᠭᠤᠯ ᠤᠨ ᠥᠷᠡᠵᠢᠨ ᠲᠥᠯᠵᠢᠬᠦ ᠭᠠᠵᠠᠷ ᠢ ᠴᠡᠪᠡᠷᠯᠡᠵᠤ᠂ ᠠᠪᠠᠭᠠᠯᠳᠠᠢ ᠶᠢ ᠨᠢ ᠤᠰᠠᠳᠬᠠᠨ᠎ᠠ᠃

      ③ ᠡᠪᠡᠳᠴᠢᠳᠡᠨ ᠢ ᠲᠤᠰᠠᠭᠠᠷᠯᠠᠨ ᠡᠮᠨᠡᠵᠤ᠂ ᠲᠤᠰᠠᠭᠠᠷᠯᠠᠬᠤ ᠥᠷᠥᠭᠡᠨ ᠳᠤ ᠰᠢᠮᠠᠭᠤᠯ ᠰᠡᠷᠭᠡᠶᠢᠯᠡᠬᠦ ᠪᠡᠯᠡᠳᠭᠡᠮᠵᠢ ᠲᠤᠬᠢᠷᠠᠭᠤᠯᠬᠤ ᠭᠡᠷᠡᠭᠳᠡᠢ᠃

       ④ ᠬᠢᠵᠢᠭ ᠲᠡᠯᠭᠡᠷᠡᠭᠰᠡᠨ ᠤ ᠰᠡᠬᠦᠯᠡᠷ᠂ ᠬᠢᠵᠢᠭ ᠤᠨ ᠤᠷᠤᠨ ᠳᠤ ᠬᠤᠷᠠᠨ ᠴᠤᠭᠯᠠᠷᠠᠬᠤ ᠶᠢ ᠠᠯᠢ ᠴᠢᠳᠠᠬᠤ ᠪᠠᠷ ᠪᠠᠭᠠᠰᠬᠠᠬᠤ ᠭᠡᠷᠡᠭᠳᠡᠢ᠃ ᠡᠪᠡᠳᠴᠢᠳᠡᠨ ᠡᠪᠡᠳᠴᠢᠯᠡᠭᠰᠡᠨ ᠠᠩᠬᠠᠨ ᠤ 5 ᠡᠳᠥᠷ ᠲᠤ ᠰᠢᠮᠠᠭᠤᠯ ᠳᠤ ᠵᠠᠭᠤᠭᠳᠠᠬᠤ ᠠᠴᠠ ᠬᠢᠴᠢᠶᠡᠨ᠂ ᠬᠠᠯᠳᠠᠪᠤᠷᠢᠯᠠᠬᠤ ᠠᠴᠠ ᠵᠠᠶᠢᠯᠠᠰᠭᠢᠨ᠎ᠡ᠃

     ᠰᠠᠨᠠᠭᠤᠯᠬᠤ ᠨᠢ᠄

      ① ᠤᠴᠢᠷ ᠰᠢᠯᠳᠠᠭᠠᠨ ᠥᠭᠡᠢ ᠪᠠᠷ ᠶᠡᠭᠡᠳᠡ ᠬᠠᠯᠠᠭᠤᠷᠠᠵᠤ ᠪᠠᠶᠢᠭ᠎ᠠ ᠡᠪᠡᠳᠴᠢᠳᠡᠨ ᠢᠯᠠᠩᠭᠤᠶ᠎ᠠ ᠠᠷᠠᠰᠤᠨ ᠡᠰᠡᠷᠭᠡᠨ᠎ᠡ ᠭᠠᠷᠬᠤ ᠪᠠ ᠴᠢᠰᠤ ᠭᠠᠷᠬᠤ ᠢᠯᠡᠷᠡᠯ ᠲᠠᠢ ᠡᠪᠡᠳᠴᠢᠳᠡᠨ ᠪᠤᠯ ᠲᠡᠷᠦ᠋ᠢᠬᠠᠨ ᠵᠢᠩᠬᠢᠨᠢᠴᠢᠯᠡᠭᠰᠡᠨ ᠡᠮᠨᠡᠯᠭᠡ ᠶᠢᠨ ᠬᠤᠷᠢᠶᠠᠨ ᠳᠤ ᠤᠴᠢᠵᠤ ᠡᠮᠨᠡᠬᠦᠯᠬᠦ ᠭᠡᠷᠡᠭᠳᠡᠢ᠃

     ② ᠶᠡᠷᠥᠩᠭᠡᠶᠢᠯᠡᠭᠰᠡᠨ ᠠᠷᠭ᠎ᠠ ᠭᠡᠮᠵᠢᠶ᠎ᠡ ᠠᠪᠴᠤ᠂ ᠰᠢᠮᠠᠭᠤᠯ ᠤᠨ ᠥᠷᠡᠵᠢᠨ ᠲᠥᠯᠵᠢᠬᠦ ᠡᠬᠦᠷ ᠪᠠ ᠠᠪᠠᠭᠠᠯᠳᠠᠢ ᠶᠢ ᠤᠰᠠᠳᠬᠠᠬᠤ ᠪᠤᠯ ᠳ᠋ᠸᠡᠭᠬᠥ᠋ ᠬᠠᠯᠠᠭᠤᠷᠠᠯᠭ᠎ᠠ ᠶᠢ ᠤᠷᠢᠳᠴᠢᠯᠠᠨ ᠰᠡᠷᠭᠡᠶᠢᠯᠡᠬᠦ ᠪᠥᠳᠥᠮᠵᠢᠳᠡᠢ ᠠᠷᠭ᠎ᠠ ᠭᠡᠮᠵᠢᠶ᠎ᠡ ᠪᠤᠯᠤᠨ᠎ᠠ᠃

     ③ ᠳ᠋ᠸᠡᠭᠬᠥ᠋ ᠬᠠᠯᠠᠭᠤᠷᠠᠯᠭ᠎ᠠ ᠶᠢ ᠤᠷᠢᠳᠴᠢᠯᠠᠨ ᠰᠡᠷᠭᠡᠶᠢᠯᠡᠬᠦ ᠮᠡᠳᠡᠯᠭᠡ ᠶᠢ ᠰᠤᠷᠴᠤ ᠡᠵᠡᠮᠰᠢᠵᠤ᠂ ᠬᠤᠪᠢ ᠬᠥᠮᠥᠨ ᠤ ᠰᠡᠷᠭᠡᠶᠢᠯᠡᠯᠳᠡ ᠬᠠᠮᠠᠭᠠᠯᠠᠯᠳᠠ ᠪᠠᠨ ᠴᠢᠩᠭᠠᠳᠬᠠᠵᠤ᠂ ᠵᠢᠭᠰᠢᠬᠦᠷᠢᠳᠤ ᠰᠢᠮᠠᠭᠤᠯ ᠳᠤ ᠵᠠᠭᠤᠭᠳᠠᠨ ᠬᠠᠯᠳᠠᠪᠤᠷᠢᠯᠠᠭᠳᠠᠬᠤ ᠠᠴᠠ ᠰᠡᠷᠭᠡᠶᠢᠯᠡᠬᠦ ᠭᠡᠷᠡᠭᠳᠡᠢ᠃

      ④ ᠲᠤᠬᠢᠳᠠᠢ ᠥᠶ᠎ᠡ ᠳᠤ ᠸᠠᠺᠼᠢᠨ ᠲᠠᠷᠢᠭᠤᠯᠵᠤ ᠪᠤᠯᠤᠨ᠎ᠠ᠃

      ︵7︶ ᠭᠠᠯᠵᠠᠭᠤ

      ᠭᠠᠯᠵᠠᠭᠤ ᠪᠤᠯ ᠨᠢᠭᠡ ᠵᠥᠢᠯ ᠤᠨ ᠲᠥᠷᠭᠡᠨ ᠴᠢᠨᠠᠷ ᠲᠠᠢ ᠲᠡᠷᠢᠬᠢ ᠨᠤᠭᠤᠰᠤᠨ ᠤ ᠥᠷᠪᠢᠰᠥᠯ ᠪᠤᠯᠬᠤ ᠪᠦᠭᠡᠳ ᠬᠥᠮᠥᠨ ᠮᠠᠯ ᠳᠤ ᠪᠥᠷ ᠬᠠᠯᠳᠠᠪᠤᠷᠢᠯᠠᠬᠤ ᠡᠪᠡᠳᠴᠢᠨ ᠪᠤᠯᠤᠨ᠎ᠠ᠃ ᠡᠪᠡᠳᠴᠢᠨ ᠬᠥᠳᠡᠯᠬᠦ ᠥᠶᠡᠰ ᠠᠶᠤᠵᠤ ᠰᠤᠴᠢᠬᠤ᠂ ᠲᠤᠯᠤᠭᠠᠢ ᠡᠷᠬᠢᠬᠦ᠂ ᠪᠤᠬᠢᠨᠢᠳᠤᠨ ᠪᠠᠴᠢᠮᠳᠠᠬᠤ᠂ ᠭᠠᠳᠠᠭᠠᠳᠤ ᠤᠷᠴᠢᠨ ᠲᠤᠬᠠᠢᠢᠯᠠᠪᠠᠯ ᠰᠠᠯᠬᠢ᠂ ᠤᠰᠤ᠂ ᠭᠡᠷᠡᠯ ᠵᠡᠷᠭᠡ ᠳᠤ ᠶᠡᠷᠥ ᠪᠤᠰᠤ ᠶᠢᠨ ᠰᠡᠳᠤᠯᠳᠡ ᠲᠠᠢ ᠪᠤᠯᠬᠤ ᠶᠢᠨ ᠲᠠᠭᠠᠤ ᠰᠢᠯᠥᠰᠤ ᠭᠤᠭᠤᠵᠢᠬᠤ᠂ ᠬᠥᠯᠥᠰᠤ ᠶᠡᠭᠡ ᠭᠠᠷᠬᠤ᠂ ᠵᠢᠷᠥᠭᠡᠨ ᠴᠤᠬᠢᠯᠭ᠎ᠠ ᠲᠥᠷᠭᠡᠳᠭᠦ᠂ ᠴᠢᠰᠤᠨ ᠲᠠᠷᠤᠯᠳᠠ ᠥᠨᠳᠥᠷᠵᠢᠬᠦ ᠵᠡᠷᠭᠡ ᠰᠤᠯᠪᠢᠭᠤ ᠮᠡᠳᠡᠷᠡᠯ ᠤᠨ ᠴᠢᠳᠠᠪᠤᠷᠢ ᠬᠥᠭᠡᠷᠬᠦ ᠵᠡᠷᠭᠡ ᠢᠯᠡᠷᠡᠯ ᠲᠠᠢ ᠪᠠᠶᠢᠵᠤ᠂ ᠵᠠᠯᠭᠠᠭᠠᠳ ᠪᠤᠯᠴᠢᠩ ᠮᠢᠬ᠎ᠠ ᠰᠤᠯᠠᠷᠠᠬᠤ ᠪᠤᠶᠤ ᠶᠠᠪᠠᠷᠠᠬᠤ ᠵᠡᠷᠭᠡ ᠲᠡᠷᠢᠬᠢᠨ ᠮᠡᠳᠡᠷᠡᠯ ᠲᠠᠮᠪᠠᠷᠠᠬᠤ ᠢᠯᠡᠷᠡᠯ ᠲᠠᠢ ᠪᠤᠯᠳᠠᠭ᠃ ᠭᠠᠯᠵᠠᠭᠤ ᠶᠢᠨ ᠪᠠᠴᠢᠮ ᠪᠠᠶᠢᠳᠠᠯ ᠢ ᠠᠷᠭᠠᠴᠠᠬᠤ ᠳᠤ᠄

      ① ᠡᠪᠡᠳᠴᠢᠳᠡᠨ ᠢ ᠡᠮᠨᠡᠯᠭᠡ ᠳᠤ ᠲᠤᠰᠠᠭᠠᠷᠯᠠᠨ ᠡᠮᠨᠡᠬᠦᠯᠵᠤ᠂ ᠴᠢᠬᠤᠯᠠ ᠥᠭᠡᠢ ᠰᠡᠳᠤᠯᠳᠡ ᠠᠴᠠ ᠵᠠᠶᠢᠯᠠᠭᠤᠯᠵᠤ᠂ ᠬᠢᠨᠠᠨ ᠠᠰᠠᠷᠠᠬᠤ ᠠᠵᠢᠯ ᠢ ᠰᠠᠶᠢᠳᠤᠷ ᠬᠢᠨ᠎ᠠ᠃

      ② ᠶᠠᠮᠠᠷ ᠨᠢᠭᠡᠨ ᠬᠥᠮᠥᠨ ᠠᠮᠢᠳᠠᠨ ᠵᠢᠬᠦᠷᠳᠡᠨ ᠮᠠᠯ ᠢ ᠰᠢᠷᠬᠠᠳᠤᠭᠤᠯᠤᠭᠰᠠᠨ ᠪᠠᠶᠢᠳᠠᠯ ᠳᠤ ᠪᠠᠶᠢᠴᠠᠭᠠᠯᠳᠠ ᠬᠢᠵᠤ᠂ ᠬᠥᠮᠥᠨ ᠢ ᠰᠢᠷᠬᠠᠳᠤᠭᠤᠯᠤᠭᠰᠠᠨ ᠠᠮᠢᠳᠠᠨ ᠢ ᠵᠠᠪᠠᠯ ᠠᠯᠠᠵᠤ᠂ ᠬᠢᠵᠢᠭ ᠤᠨ ᠤᠷᠤᠨ ᠳᠠᠬᠢ ᠲᠥᠷᠢᠮ ᠠᠴᠠ ᠵᠥᠷᠢᠴᠡᠨ ᠲᠡᠵᠢᠭᠡᠵᠤ ᠪᠠᠶᠢᠭ᠎ᠠ ᠪᠤᠢ ᠪᠥᠬᠦᠢ ᠨᠤᠬᠠᠢ ᠪᠤᠯᠤᠨ ᠲᠡᠨᠥᠬᠦᠯ ᠨᠤᠬᠠᠢ ᠶᠢ ᠴᠥᠮ ᠢ ᠠᠯᠠᠵᠤ ᠬᠥᠨ ᠪᠤᠯᠠᠬᠤ ᠭᠡᠷᠡᠭᠳᠡᠢ᠃ ᠰᠢᠯᠵᠢᠬᠦᠯᠬᠦ᠂ ᠭᠠᠳᠠᠭᠰᠢ ᠬᠤᠳᠠᠯᠳᠤᠬᠤ᠂ ᠠᠷᠠᠰᠤ ᠶᠢ ᠨᠢ ᠥᠪᠴᠢᠬᠦ ᠪᠠ ᠮᠢᠬ᠎ᠠ ᠶᠢ ᠨᠢ ᠢᠳᠡᠵᠤ ᠤᠭᠳᠤ ᠪᠤᠯᠬᠤ ᠥᠭᠡᠢ᠃

      ③ ᠡᠪᠡᠳᠴᠢᠳᠡᠨ ᠲᠠᠢ ᠰᠢᠭᠤᠳ ᠤᠢᠢᠷᠠᠳᠤᠭᠰᠠᠳ ᠪᠠ ᠠᠳᠠᠯᠢ ᠨᠢᠭᠡᠨ ᠡᠪᠡᠳᠴᠢᠳᠡᠨ ᠲᠠᠢ ᠠᠮᠢᠳᠠᠳ ᠲᠤ ᠬᠠᠵᠠᠭᠳᠠᠭᠰᠠᠳ ᠰᠢᠷᠬ᠎ᠠ ᠪᠠᠨ ᠰᠠᠶᠢᠳᠤᠷ ᠰᠢᠢᠳᠪᠥᠷᠢᠯᠡᠬᠦ᠂ ᠸᠠᠺᠼᠢᠨ ᠲᠠᠷᠢᠯᠭ᠎ᠠ ᠶᠢ ᠰᠠᠶᠢᠨ ᠬᠢᠵᠤ᠂ ᠠᠨᠠᠭᠠᠬᠤ ᠤᠬᠠᠭᠠᠨ ᠤ ᠠᠵᠢᠭᠯᠠᠯᠳᠠ ᠰᠢᠨᠵᠢᠯᠡᠯᠳᠡ ᠬᠢᠯᠭᠡᠨ᠎ᠡ᠃

      ④ ᠠᠮᠢᠳᠠᠨ ᠳᠤ ᠬᠠᠵᠠᠭᠳᠠᠭᠰᠠᠨ ᠬᠤᠪᠴᠠᠰᠤ ᠬᠤᠨᠠᠷ ᠪᠠ ᠪᠤᠬᠢᠷᠳᠤᠭᠰᠠᠨ ᠶᠠᠭᠤᠮ᠎ᠠ ᠶᠢ ᠲᠦᠢᠯᠪᠤᠷᠢᠳᠠᠢ ᠠᠷᠢᠭᠤᠳᠬᠠᠨ ᠰᠢᠢᠳᠪᠦᠷᠢᠯᠡᠨ᠎ᠡ᠃

      ⑤ ᠬᠢᠵᠢᠭ ᠤᠨ ᠤᠷᠤᠨ ᠤ ᠵᠡᠷᠭᠡᠯᠡᠳᠡᠭᠡ ᠭᠠᠵᠠᠷ ᠤᠨ ᠨᠤᠬᠠᠢ ᠨᠤᠭᠤᠳ ᠲᠤ ᠬᠢᠨᠠᠯᠳᠠ ᠲᠠᠯᠪᠢᠬᠤ ᠪᠠ ᠥᠯᠥ ᠬᠠᠯᠳᠠᠭᠠᠬᠤ ᠪᠤᠳᠤ ᠶᠢᠨ ᠲᠠᠷᠢᠯᠭ᠎ᠠ ᠬᠢᠨ᠎ᠡ᠃

      ᠰᠠᠨᠠᠭᠤᠯᠬᠤ ᠨᠢ᠄

    ① ᠠᠮᠢᠳᠠᠨ ᠳᠤ ᠬᠠᠵᠠᠭᠳᠠᠭᠰᠠᠳ ᠪᠠ ᠲᠤᠯᠢᠶᠠᠭᠳᠠᠭᠰᠠᠳ ᠬᠥᠨᠳᠤ ᠬᠥᠡᠭᠭᠡᠨ ᠬᠡᠰᠡᠨ ᠥᠭᠡᠢ ᠴᠥᠮ ᠡᠷᠳᠡᠭᠡᠨ ᠬᠢᠵᠢᠭ ᠡᠪᠡᠳᠴᠢᠨ ᠢ ᠰᠡᠷᠭᠡᠶᠢᠯᠡᠨ ᠬᠤᠷᠢᠭᠯᠬᠠᠤ ᠪᠠᠶᠢᠭᠤᠯᠤᠮᠵᠢ ᠳᠤ ᠬᠥᠷᠴᠤ᠂ ᠵᠥᠪᠯᠡᠯᠭᠡ ᠠᠪᠬᠤ ᠪᠠ ᠴᠢᠬᠤᠯᠠ ᠰᠢᠢᠳᠪᠥᠷᠢᠯᠡᠯᠳᠡ ᠬᠢᠯᠭᠡᠨ᠎ᠡ᠃

     ② ᠶᠠᠮᠠᠷ ᠨᠢᠭᠡᠨ ᠨᠤᠬᠠᠢ ᠪᠤᠶᠤ ᠪᠤᠰᠤᠳ ᠠᠮᠢᠳᠠᠨ ᠳᠤ ᠬᠠᠵᠠᠭᠳᠠᠭᠰᠠᠨ ᠤ ᠰᠡᠬᠦᠯᠡᠷ᠂ ᠲᠡᠷᠦ᠋ᠢᠬᠠᠨ ᠡᠮᠨᠡᠯᠭᠡ ᠳᠤ ᠬᠥᠷᠴᠤ ᠰᠢᠷᠬ᠎ᠠ ᠪᠠᠨ ᠰᠢᠢᠳᠪᠥᠷᠢᠯᠡᠬᠦᠯᠬᠦ ᠶᠢᠨ ᠲᠠᠭᠠᠤ ᠭᠠᠯᠵᠠᠭᠤ ᠶᠢᠨ ᠸᠠᠺᠼᠢᠨ ᠲᠡᠷᠢᠭᠤᠯᠬᠤ ᠭᠡᠷᠡᠭᠳᠡᠢ᠃

     ③ ᠭᠠᠯᠵᠠᠭᠤ ᠡᠪᠡᠳᠴᠢᠳᠡᠨ ᠲᠠᠢ ᠤᠢᠢᠷᠠᠳᠤᠬᠤ ᠥᠶᠡᠰ᠂ ᠠᠮᠢᠰᠬᠤᠯ ᠤᠨ ᠰᠦᠪᠡ ᠪᠠᠨ ᠬᠠᠮᠠᠭᠠᠯᠠᠬᠤ ᠪᠠ ᠡᠪᠡᠳᠴᠢᠳᠡᠨ ᠤ ᠲᠠᠭᠠᠷᠢᠯᠳᠠ ᠳᠤ ᠤᠴᠠᠷᠠᠬᠤ ᠠᠴᠠ ᠬᠢᠴᠢᠶᠡᠪᠡᠯ ᠵᠤᠬᠢᠨ᠎ᠠ᠃

    ︵8︶ ᠲᠠᠬᠤᠯᠳᠤ ᠴᠢᠰᠥᠨ ᠬᠠᠯᠠᠭᠤᠷᠠᠯ

     ᠲᠠᠬᠤᠯᠳᠤ ᠴᠢᠰᠥᠨ ᠬᠠᠯᠠᠭᠤᠷᠠᠯ ᠪᠤᠯ ᠬᠠᠨ ᠲᠠᠨ ᠸᠢᠷᠦ᠋ᠰ ᠠᠴᠠ ᠡᠬᠦᠰᠥᠭᠰᠡᠨ ᠬᠠᠯᠠᠭᠤᠷᠠᠬᠤ᠂ ᠴᠢᠰᠤ ᠭᠠᠷᠬᠤ᠂ ᠪᠥᠭᠡᠷ᠎ᠡ ᠭᠡᠮᠳᠥᠬᠦ ᠪᠠᠷ ᠭᠤᠤᠯ ᠤᠨᠴᠠᠯᠢᠬ ᠪᠤᠯᠭᠠᠭᠰᠠᠨ ᠬᠠᠯᠳᠠᠪᠤᠷᠢᠳᠤ ᠡᠪᠡᠳᠴᠢᠨ ᠪᠤᠯᠤᠨ᠎ᠠ᠂ ᠲᠥᠬᠦᠮᠴᠢᠯᠡᠭᠡᠳ ᠲᠠᠬᠤᠯᠳᠤ ᠴᠢᠰᠥᠨ ᠬᠠᠯᠠᠭᠤᠷᠠᠯ ᠭᠡᠳᠡᠭ᠃ ᠪᠠᠰᠠ ᠪᠥᠭᠡᠷ᠎ᠡ ᠶᠢᠨ ᠶᠡᠷᠥᠩᠭᠡᠢ ᠴᠢᠰᠥᠨ ᠬᠠᠯᠠᠭᠤᠷᠠᠯ ᠭᠡᠳᠡᠭ᠃ ᠲᠤᠰ ᠡᠪᠡᠳᠴᠢᠨ ᠤ ᠬᠠᠯᠳᠠᠪᠤᠷᠢᠯᠠᠭᠴᠢ ᠪᠤᠯ ᠵᠢᠵᠢᠭ ᠮᠡᠷᠡᠭᠴᠢ ᠲᠥᠷᠥᠯ ᠤᠨ ᠠᠮᠢᠳᠠᠨ ᠪᠤᠯᠤᠨ᠎ᠠ᠃ ᠭᠤᠤᠯ ᠨᠢ ᠬᠤᠯᠤᠭᠠᠨ᠎ᠠ ᠶᠢᠨ ᠲᠥᠷᠥᠯ ᠪᠤᠯᠤᠨ᠎ᠠ᠃ ᠡᠪᠡᠳᠴᠢᠳᠡᠨ ᠤ ᠤᠯᠠᠩᠬᠢ ᠨᠢ ᠨᠢᠭᠤᠷ᠂ ᠬᠥᠵᠥᠬᠦᠥ ᠪᠤᠯᠤᠨ ᠴᠡᠭᠡᠵᠢ ᠨᠢ ᠤᠯᠠᠶᠢᠵᠤ᠂ ᠲᠤᠯᠤᠭᠠᠢ᠂ ᠨᠢᠷᠤᠭᠤ᠂ ᠨᠢᠳᠤᠨ ᠤ ᠤᠬᠤᠷᠬᠠᠢ ᠡᠪᠡᠳᠬᠦ ᠵᠡᠷᠭᠡ ᠡᠮᠴᠢᠯᠡᠭᠡᠨ ᠤ ᠢᠯᠡᠷᠡᠯ ᠲᠠᠢ ᠪᠠᠶᠢᠵᠤ᠂ ᠴᠥᠭᠡᠨ ᠡᠪᠡᠳᠴᠢᠨ ᠤ ᠵᠢᠱᠢᠶ᠎ᠡ ᠳᠤ ᠨᠡᠶᠢᠳᠡᠯᠢᠭ ᠡᠪᠡᠳᠴᠢᠨ ᠤ ᠰᠢᠨᠵᠢ ᠢᠯᠡᠷᠡᠳᠡᠭ ᠥᠭᠡᠢ᠃ ᠲᠤᠰ ᠡᠪᠡᠳᠴᠢᠨ ᠪᠤᠯ ᠢᠳᠡᠷ ᠵᠠᠯᠠᠭᠤ ᠬᠦᠮᠦᠰ ᠲᠤ ᠤᠯᠠᠨ ᠡᠬᠦᠰᠳᠡᠭ᠃ ᠤᠳᠤᠬᠠᠨ ᠳᠤ ᠲᠤᠤᠷᠠᠬᠢ ᠵᠠᠮ ᠮᠥᠷ ᠢᠶᠠᠷ ᠴᠢᠰᠥᠨ ᠬᠠᠯᠠᠭᠤᠷᠠᠯ ᠲᠡᠯᠭᠡᠷᠡᠳᠡᠭ ᠭᠡᠵᠤ ᠥᠵᠡᠵᠤ ᠪᠠᠶᠢᠨ᠎ᠠ᠃ ① ᠠᠮᠢᠰᠬᠤᠯ ᠤᠨ ᠰᠦᠪᠡ ② ᠰᠢᠩᠭᠡᠭᠡᠯᠳᠡ ᠶᠢᠨ ᠵᠠᠮ ③ ᠡᠭᠡ ᠨᠢᠯᠬᠠᠰ ᠢᠶᠠᠷ ᠲᠡᠮᠵᠢᠬᠤ ④ ᠬᠤᠷᠤᠬᠠᠢ ᠰᠢᠪᠠᠵᠢ ᠪᠠᠷ ᠲᠡᠮᠵᠢᠬᠤ ⑤ ᠤᠢᠢᠷᠠᠳᠤᠬᠤ ᠪᠠᠷ ᠲᠡᠮᠵᠢᠬᠤ ᠵᠡᠷᠭᠡ ᠪᠤᠢ᠃ ᠲᠠᠬᠤᠯᠳᠤ ᠴᠢᠰᠥᠨ ᠬᠠᠯᠠᠭᠤᠷᠠᠯ ᠤᠨ ᠪᠠᠴᠢᠮ ᠪᠠᠶᠢᠳᠠᠯ ᠢ ᠠᠷᠭᠠᠴᠠᠬᠤ ᠳᠤ᠄

     ① ᠡᠬᠢᠨ ᠤ ᠬᠤᠭᠤᠴᠠᠭᠠᠨ ᠤ ᠢᠯᠡᠷᠡᠯ ᠨᠢ ᠲᠠᠭᠰᠢᠭᠤᠷ ᠲᠠᠢ ᠲᠥᠰᠳᠡᠢ ᠪᠠᠶᠢᠵᠤ᠂ ᠠᠮᠠᠷᠬᠠᠨ ᠪᠤᠷᠤᠭᠤ ᠤᠨᠤᠰᠢᠯᠠᠳᠠᠭ᠃ ᠡᠶᠢᠮᠦ
     ᠡᠪᠡᠳᠴᠢᠨ ᠤ ᠢᠯᠡᠷᠡᠯ ᠲᠠᠢ ᠬᠥᠮᠥᠰ ᠢᠯᠠᠩᠭᠤᠶ᠎ᠠ ᠨᠢᠭᠤᠷ᠂ ᠬᠥᠵᠥᠬᠦᠥ᠂ ᠴᠡᠭᠡᠵᠢ ᠤᠯᠠᠶᠢᠬᠤ ᠪᠠ ᠲᠤᠯᠤᠭᠠᠢ᠂ ᠨᠢᠷᠤᠭᠤ᠂ ᠨᠢᠳᠤᠨ ᠤ ᠤᠬᠤᠷᠬᠠᠢ ᠡᠪᠡᠳᠬᠦ ᠢᠯᠡᠷᠡᠯ ᠲᠠᠢ ᠬᠥᠮᠥᠰ ᠲᠡᠷᠦ᠋ᠢᠬᠠᠨ ᠡᠮᠨᠡᠯᠭᠡ ᠳᠤ ᠤᠴᠢᠵᠤ ᠡᠮᠨᠡᠬᠦᠯᠬᠦ ᠭᠡᠷᠡᠭᠳᠡᠢ᠃

     ② ᠭᠠᠷ ᠲᠠᠭᠠᠨ ᠬᠠᠮᠠᠭᠠᠯᠠᠯᠳᠠ ᠬᠢᠭᠰᠡᠨ ᠥᠭᠡᠢ ᠪᠠᠷ ᠬᠤᠯᠤᠭᠠᠨ᠎ᠠ ᠶᠢᠨ ᠲᠥᠷᠥᠯ ᠵᠢᠴᠢ ᠲᠡᠬᠦᠨ ᠤ ᠢᠯᠭᠠᠳᠠᠰᠤᠨ ᠳᠤ ᠰᠢᠭᠤᠳ ᠤᠢᠢᠷᠠᠳᠤᠵᠤ ᠪᠤᠯᠬᠤ ᠥᠭᠡᠢ᠃

     ③ ᠲᠠᠬᠤᠯᠳᠤ ᠴᠢᠰᠥᠨ ᠬᠠᠯᠠᠭᠤᠷᠠᠯ ᠡᠪᠡᠳᠴᠢᠨ ᠲᠠᠢ ᠬᠥᠮᠥᠨ ᠤ ᠴᠢᠰᠤ᠂ ᠰᠢᠭᠡᠰᠤ᠂ ᠪᠠᠭᠠᠰᠤᠨ ᠳᠤ ᠤᠢᠢᠷᠠᠳᠤᠬᠤ ᠠᠴᠠ ᠵᠠᠶᠢᠯᠠᠰᠭᠢᠨ᠎ᠡ᠃

     ④ ᠡᠪᠡᠳᠴᠢᠳᠡᠨ ᠴᠥᠮ ᠡᠮᠨᠡᠯᠭᠡ ᠳᠤ ᠰᠠᠭᠤᠵᠤ ᠲᠤᠰᠠᠭᠠᠷᠯᠠᠨ ᠡᠮᠨᠡᠬᠦᠯᠬᠦ ᠭᠡᠷᠡᠭᠳᠡᠢ᠃

     ᠰᠠᠨᠠᠭᠤᠯᠬᠤ ᠨᠢ᠄

     ① ᠲᠠᠬᠤᠯᠳᠤ ᠴᠢᠰᠥᠨ ᠬᠠᠯᠠᠭᠤᠷᠠᠯ ᠤᠨ ᠬᠢᠵᠢᠭ ᠤᠨ ᠤᠷᠤᠨ ᠳᠤ ᠤᠴᠢᠭᠰᠠᠨ ᠠᠴᠠ ᠪᠤᠯᠵᠤ ᠲᠠᠭᠰᠢᠭᠤᠷ ᠤᠨ ᠢᠯᠡᠷᠡᠯ ᠭᠠᠷᠴᠤ ᠪᠠᠶᠢᠪᠠᠯ ᠡᠷᠳᠡᠭᠡᠨ ᠡᠮᠨᠡᠯᠭᠡ ᠳᠤ ᠤᠴᠢᠵᠤ ᠡᠮᠨᠡᠬᠦᠯᠤᠨ᠎ᠠ᠃

     ② ᠲᠠᠬᠤᠯᠳᠤ ᠴᠢᠰᠥᠨ ᠬᠠᠯᠠᠭᠤᠷᠠᠯ ᠢ ᠡᠷᠳᠡᠭᠡᠨ ᠤᠯᠵᠤ ᠮᠡᠳᠡᠵᠤ᠂ ᠲᠤᠬᠠᠢ ᠶᠢᠨ ᠭᠠᠵᠠᠷ ᠲᠠᠭᠠᠨ ᠡᠷᠳᠡᠬᠡᠨ
ᠡᠮᠨᠡᠬᠦᠯᠤᠨ᠎ᠠ᠃

     ③ ᠲᠠᠬᠤᠯᠳᠤ ᠴᠢᠰᠥᠨ ᠬᠠᠯᠠᠭᠤᠷᠠᠯ ᠡᠬᠦᠰᠥᠭᠰᠡᠨ ᠭᠠᠵᠠᠷ ᠤᠷᠤᠨ ᠤ 10~59 ᠨᠠᠰᠤᠨ ᠤ ᠬᠥᠮᠥᠰ ᠲᠤ ᠴᠢᠰᠥᠨ ᠬᠠᠯᠠᠭᠤᠷᠠᠯ ᠤᠨ ᠸᠠᠺᠼᠢᠨ ᠢ ᠤᠷᠢᠳᠴᠢᠯᠠᠨ ᠲᠠᠷᠢᠭᠤᠯᠬᠤ ᠭᠡᠷᠡᠭᠳᠡᠢ᠃

     ︵9︶ ᠬᠤᠯᠢᠷ᠎ᠠ

     ᠬᠤᠯᠢᠷ᠎ᠠ ᠪᠤᠯ ᠬᠤᠯᠢᠷ᠎ᠠ ᠶᠢᠨ ᠭᠤᠬᠠᠨ ᠪᠠᠺᠲ᠋ᠧᠷᠢ ᠠᠴᠠ ᠡᠬᠦᠰᠥᠭᠰᠡᠨ ᠲᠥᠷᠭᠡᠨ ᠴᠢᠨᠠᠷ ᠲᠠᠢ ᠭᠡᠳᠡᠰᠥᠨ ᠵᠠᠮ ᠤᠨ ᠬᠠᠯᠳᠠᠪᠤᠷᠢᠳᠤ ᠡᠪᠡᠳᠴᠢᠨ ᠪᠤᠯᠤᠨ᠎ᠠ᠃ ᠭᠤᠤᠯ ᠨᠢ ᠤᠰᠤ ᠪᠤᠯᠤᠨ ᠢᠳᠡᠭᠡᠨ ᠢᠶᠠᠷ ᠬᠠᠯᠳᠠᠪᠤᠷᠢᠯᠠᠵᠤ᠂ ᠥᠷᠬᠦᠯᠵᠢ ᠤᠰᠤ ᠪᠠᠷ ᠰᠠᠭᠤᠯᠭᠠᠳᠠᠭ ᠢᠯᠡᠷᠡᠯ ᠲᠠᠢ ᠪᠠᠶᠢᠳᠠᠭ᠃ ᠲᠤᠰ ᠡᠪᠡᠳᠴᠢᠨ ᠮᠠᠰᠢ ᠶᠡᠭᠡ ᠬᠠᠯᠳᠠᠪᠤᠷᠢᠳᠤ ᠴᠢᠨᠠᠷ ᠲᠠᠢ ᠪᠠ ᠭᠡᠵᠢᠶᠡᠳᠡ ᠥᠷᠭᠡᠨ ᠲᠡᠯᠭᠡᠷᠡᠳᠡᠭ ᠪᠠᠶᠢᠨ᠎ᠠ᠃ ᠵᠤᠨ ᠤ ᠤᠯᠠᠷᠢᠯ ᠪᠤᠯ ᠡᠪᠡᠳᠴᠢᠨ ᠲᠡᠯᠭᠡᠷᠡᠬᠦ ᠶᠢᠨ ᠤᠷᠬᠢᠯ ᠤᠨ ᠬᠤᠭᠤᠴᠠᠭ᠎ᠠ ᠪᠤᠯᠤᠨ᠎ᠠ᠃ ᠬᠤᠯᠢᠷ᠎ᠠ ᠶᠢᠨ ᠪᠠᠴᠢᠮ ᠪᠠᠶᠢᠳᠠᠯ ᠢ ᠠᠷᠭᠠᠴᠠᠬᠤ ᠳᠤ᠄

     ① ᠬᠤᠭᠤᠯᠠ ᠤᠮᠳᠠ ᠵᠢᠴᠢ ᠥᠢᠯᠡᠴᠢᠯᠡᠭᠡᠨ ᠤ ᠠᠵᠢᠯ ᠲᠥᠷᠥᠯ ᠤᠨ ᠬᠥᠮᠥᠰ᠂ ᠢᠳᠡᠭᠡᠨ ᠪᠤᠯᠪᠠᠰᠤᠷᠠᠭᠤᠯᠬᠤ ᠪᠤᠷᠤᠯᠠᠭᠤᠯᠬᠤ ᠬᠥᠮᠥᠰ᠂ ᠬᠤᠳᠠᠯᠳᠤᠨ ᠠᠪᠬᠤ ᠬᠥᠮᠥᠰ᠂ ᠤᠰᠤᠨ ᠤ ᠰᠤᠷᠪᠤᠯᠵᠢ ᠶᠢᠨ ᠬᠠᠮᠢᠶᠠᠷᠤᠯᠳᠠ ᠶᠢᠨ ᠬᠥᠮᠥᠰ ᠰᠠᠭᠤᠯᠭᠠᠬᠤ ᠢᠯᠡᠷᠡᠯ ᠲᠠᠢ ᠪᠤᠯᠪᠠᠯ ᠠᠵᠢᠯ ᠠᠴᠠ ᠪᠠᠨ ᠲᠥᠷ ᠴᠠᠭ ᠵᠤᠭᠰᠤᠵᠤ ᠠᠮᠠᠷᠠᠨ᠎ᠠ᠃

     ② ᠰᠠᠭᠤᠯᠭᠠᠬᠤ ᠡᠪᠡᠳᠴᠢᠨ ᠤ ᠢᠯᠡᠷᠡᠯ ᠲᠠᠢ ᠬᠥᠮᠥᠨ ᠲᠡᠷᠦ᠋ᠢᠬᠠᠨ ᠡᠮᠨᠡᠯᠭᠡ ᠳᠤ ᠬᠥᠷᠴᠤ ᠡᠮᠨᠡᠬᠦᠯᠬᠦ ᠭᠡᠷᠡᠭᠳᠡᠢ᠂ ᠲᠤᠷ᠎ᠠ ᠪᠠᠷ ᠢᠶᠠᠨ ᠡᠮ ᠲᠠᠩ ᠤᠤᠭᠤᠵᠤ ᠪᠤᠯᠬᠤ ᠥᠭᠡᠢ᠃

     ③ ᠰᠠᠭᠤᠯᠭᠠᠬᠤ ᠡᠪᠡᠳᠴᠢᠨ ᠲᠠᠢ ᠬᠥᠮᠥᠰ ᠭᠡᠷ ᠤᠨ ᠬᠥᠮᠥᠰ ᠠᠴᠠ ᠪᠠᠨ ᠠᠰᠳᠠᠭᠠᠨ ᠬᠤᠭᠤᠯᠠᠯᠠᠵᠤ᠂ ᠬᠤᠭᠤᠯᠠᠨ ᠭᠡᠷᠡᠭᠰᠡᠯ ᠢᠶᠠᠨ ᠴᠢᠨᠠᠵᠤ ᠪᠤᠴᠠᠯᠭᠠᠨ ᠠᠷᠢᠭᠤᠳᠬᠠᠵᠤ᠂ ᠨᠥᠬᠦᠴᠡᠯ ᠲᠠᠢ ᠨᠢ ᠥᠷᠥᠭᠡ ᠭᠡᠷ ᠢᠶᠠᠨ ᠲᠤᠰᠠᠭᠠᠷᠯᠠᠨ ᠰᠠᠭᠤᠬᠤ ᠭᠡᠷᠡᠭᠳᠡᠢ᠃

     ④ ᠰᠠᠭᠤᠯᠭᠠᠬᠤ ᠢᠯᠡᠷᠡᠯ ᠭᠠᠷᠪᠠᠯ ᠠᠯᠢ ᠴᠢᠳᠠᠬᠤ ᠪᠠᠷ ᠬᠠᠮᠳᠤ ᠪᠠᠷ ᠬᠤᠭᠤᠯᠠᠯᠠᠬᠤ᠂ ᠬᠤᠷᠠᠨ ᠴᠤᠭᠯᠠᠷᠠᠬᠤ ᠠᠴᠠ ᠵᠠᠶᠢᠯᠠᠰᠬᠢᠵᠤ᠂ ᠭᠠᠳᠠᠭᠰᠢ ᠭᠠᠷᠬᠤ ᠪᠠᠨ ᠴᠦᠬᠡᠬᠡᠨ ᠪᠤᠯᠭᠠᠨ᠎ᠠ᠃

      ⑤ ᠬᠥᠨᠳᠤ ᠰᠠᠭᠤᠯᠭᠠᠬᠤ ᠡᠪᠡᠳᠴᠢᠨ ᠲᠠᠢ ᠬᠥᠮᠥᠰ ᠡᠮᠨᠡᠯᠭᠡ ᠳᠤ ᠲᠤᠰᠠᠭᠠᠷᠯᠠᠨ ᠰᠠᠭᠤᠵᠤ ᠠᠵᠢᠭᠯᠠᠨ ᠡᠮᠨᠡᠭᠦᠯᠪᠡᠯ ᠵᠤᠬᠢᠨ᠎ᠠ᠃

      ⑥ ᠰᠠᠭᠤᠯᠭᠠᠬᠤ ᠡᠪᠡᠳᠴᠢᠳᠡᠨ ᠤ ᠬᠡᠷᠡᠭᠯᠡᠭᠰᠡᠨ ᠵᠤᠷᠯᠤᠩ ᠤᠨ ᠰᠠᠭᠤᠳᠠᠯ ᠢ ᠴᠡᠪᠡᠷᠯᠡᠨ ᠠᠷᠢᠭᠤᠳᠬᠠᠵᠤ᠂ ᠬᠡᠷᠡᠭᠯᠡᠭᠰᠡᠨ ᠴᠠᠭᠠᠰᠤ ᠬᠤᠭ ᠢ ᠲᠥᠪᠯᠡᠷᠡᠬᠦᠯᠥᠨ ᠰᠢᠳᠠᠭᠠᠵᠤ ᠠᠷᠢᠭᠤᠳᠬᠠᠨ᠎ᠠ᠃

     ⑦ ᠰᠠᠭᠤᠯᠭᠠᠬᠤ ᠡᠪᠡᠳᠴᠢᠳᠡᠨ ᠤ ᠪᠥᠭᠡᠯᠵᠢᠰᠤ ᠢᠯᠭᠠᠳᠠᠰᠤ᠂ ᠭᠡᠷᠡᠭᠯᠡᠭᠰᠡᠨ ᠡᠳ᠋ ᠭᠡᠷᠡᠭᠰᠡᠯ ᠢ ᠠᠷᠢᠭᠤᠳᠬᠠᠬᠤ ᠰᠢᠩᠭᠡᠨ ᠪᠤᠶᠤ ᠴᠠᠶᠢᠷᠠᠭᠤᠯᠬᠤ ᠨᠤᠨᠳᠠᠭ ᠢᠶᠠᠷ ᠠᠷᠢᠭᠤᠳᠬᠠᠨ ᠰᠢᠢᠳᠪᠦᠷᠢᠯᠡᠨ᠎ᠡ᠃

     ᠰᠠᠨᠠᠭᠤᠯᠬᠤ ᠨᠢ᠄

     ① ᠭᠠᠷ ᠢᠶᠠᠨ ᠥᠷᠬᠦᠯᠵᠢ ᠤᠬᠢᠶ᠋ᠬᠬᠤ ᠢᠯᠠᠩᠭᠤᠶ᠎ᠠ ᠬᠤᠭᠤᠯᠠᠨ ᠠᠴᠠ ᠡᠮᠥᠨ᠎ᠡ ᠬᠤᠶᠢᠨ᠎ᠠ ᠪᠤᠶᠤ ᠰᠢᠭᠡᠵᠤ ᠪᠠᠭᠠᠭᠰᠠᠨ ᠤ ᠪᠠᠨ ᠰᠡᠬᠦᠯᠡᠷ ᠤᠷᠤᠰᠬᠠᠯ ᠤᠰᠤ ᠪᠠᠷ ᠭᠠᠷ ᠢᠶᠠᠨ ᠤᠬᠢᠶᠠᠬᠤ ᠰᠠᠶᠢᠬᠠᠨ ᠲᠠᠳᠬᠠᠯ ᠲᠠᠢ ᠪᠤᠯᠬᠤ ᠶᠢ ᠪᠠᠷᠢᠮᠳᠠᠯᠠᠨ᠎ᠠ᠃

     ② ᠪᠤᠯᠭᠤᠭᠰᠠᠨ᠂ ᠲᠥᠬᠦᠭᠡᠢ ᠢᠳᠡᠭᠡᠨ ᠢ ᠰᠠᠯᠭᠠᠨ ᠲᠠᠯᠪᠢᠬᠤ᠂ ᠬᠠᠳᠠᠭᠠᠯᠠᠬᠤ ᠪᠠ ᠪᠤᠯᠭᠤᠬᠰᠠᠨ ᠲᠥᠬᠦᠭᠡᠢ ᠢᠳᠡᠭᠡᠨ ᠤ ᠰᠠᠪᠠ ᠶᠢ ᠠᠰ ᠠᠰ ᠲᠤᠨᠢ ᠭᠡᠷᠡᠭᠯᠡᠬᠦ ᠭᠡᠷᠡᠭᠳᠡᠢ᠃

     ③ ᠤᠰᠤᠨ ᠤ ᠭᠠᠷᠤᠯᠳᠠ ᠶᠢ ᠰᠠᠶᠢᠳᠤᠷ ᠤᠬᠢᠶᠠᠭᠰᠠᠨ ᠤ ᠰᠡᠬᠦᠯᠡᠷ ᠰᠠᠶᠢᠳᠤᠷ ᠪᠤᠯᠪᠠᠰᠤᠷᠠᠭᠤᠯᠵᠤ ᠪᠤᠯᠭᠤᠭᠰᠠᠨ ᠤ ᠰᠡᠬᠦᠯᠡᠷ ᠰᠠᠶ᠋ᠢ ᠢᠳᠡᠬᠦ ᠭᠡᠷᠡᠭᠳᠡᠢ᠃

     ④ ᠢᠳᠡᠭᠡᠨ ᠤᠮᠳᠠᠭᠠᠨ ᠢ ᠵᠤᠬᠢᠰᠳᠠᠢ ᠢᠳᠡᠵᠤ ᠤᠤᠭᠤᠵᠤ᠂ ᠲᠥᠬᠦᠭᠡᠢ ᠨᠦᠢᠳᠠᠨ ᠢᠳᠡᠭᠡᠨ ᠢ ᠠᠯᠢ ᠴᠢᠳᠠᠬᠤ ᠪᠠᠷ ᠪᠠᠭ᠎ᠠ ᠢᠳᠡᠨ᠎ᠡ᠃

     ︵10︶ ᠬᠤᠯᠤᠭᠠᠨ᠎ᠠ ᠬᠢᠵᠢᠭ

     ᠬᠤᠯᠤᠭᠠᠨ᠎ᠠ ᠬᠢᠵᠢᠭ ᠪᠤᠯ ᠬᠤᠯᠤᠭᠠᠨ᠎ᠠ ᠬᠢᠵᠢᠭ ᠤᠨ ᠰᠠᠪᠬᠠᠨᠴᠢᠷ ᠪᠠᠺᠲ᠋ᠧᠷᠢ ᠠᠴᠠ ᠡᠬᠦᠰᠥᠭᠰᠡᠨ ᠨᠢᠭᠡᠨ ᠵᠥᠢᠯ ᠤᠨ ᠡᠪᠡᠳᠴᠢᠨ ᠡᠬᠦᠰᠬᠦ ᠨᠢ ᠲᠥᠷᠭᠡᠨ᠂ ᠬᠠᠯᠳᠠᠪᠤᠷᠢᠯᠠᠬᠤ ᠴᠢᠨᠠᠷ ᠢᠶᠠᠷ ᠴᠢᠩᠭ᠎ᠠ᠂ ᠬᠠᠯᠳᠠᠪᠤᠷᠢᠯᠠᠬᠤ ᠬᠤᠷᠳᠤᠴᠠ ᠨᠢ ᠬᠤᠷᠳᠤᠨ᠂ ᠥᠬᠦᠬᠦ ᠨᠤᠷᠮ᠎ᠠ ᠨᠢ ᠥᠨᠳᠥᠷ᠂ ᠬᠥᠮᠥᠨ ᠲᠥᠷᠥᠯᠬᠢᠳᠡᠨ ᠢ ᠬᠥᠨᠥᠭᠡᠬᠦ ᠪᠠᠷ ᠮᠠᠰᠢ ᠬᠥᠨᠳᠤ ᠨᠤᠴᠢᠳᠠᠢ ᠲᠤᠭᠰᠢᠨ ᠴᠢᠨᠠᠷ ᠲᠠᠢ ᠬᠠᠯᠳᠠᠪᠤᠷᠢᠳᠤ ᠡᠪᠡᠳᠴᠢᠨ ᠤ ᠨᠢᠭᠡ ᠨᠢ ᠶᠤᠮ᠃ ᠬᠤᠯᠤᠭᠠᠨ᠎ᠠ ᠬᠢᠵᠢᠭ ᠤᠨ ᠭᠤᠤᠯ ᠢᠯᠡᠷᠡᠯ ᠨᠢ ᠭᠡᠪᠡᠯ ᠡᠪᠡᠳᠴᠢᠨ ᠰᠢᠷᠥᠬᠦᠨ ᠡᠬᠦᠰᠴᠤ᠂ ᠪᠡᠶ᠎ᠡ ᠶᠢᠨ ᠬᠠᠯᠠᠭᠤᠨ ᠭᠡᠨᠡᠳᠳᠡ ᠥᠨᠳᠥᠷᠵᠢᠵᠤ᠂ ᠲᠤᠷ᠎ᠠ ᠪᠤᠯᠬᠢᠨ ᠪᠥᠭᠡᠯᠵᠢᠵᠤ᠂ ᠲᠤᠯᠤᠭᠠᠢ ᠡᠪᠡᠳᠬᠦ ᠪᠠ ᠲᠥᠷᠪᠡᠨ ᠮᠥᠴᠢ ᠡᠪᠡᠳᠴᠤ᠂ ᠨᠢᠭᠤᠷ ᠴᠢᠷᠠᠢ ᠤᠯᠠᠶᠢᠵᠤ᠂ ᠨᠢᠳᠤᠨ ᠤ ᠨᠡᠶᠢᠯᠡᠮᠡᠯ ᠪᠥᠷᠬᠦᠪᠴᠢᠨ ᠳᠤ ᠴᠢᠰᠤ ᠬᠤᠷᠠᠵᠤ᠂ ᠴᠠᠪᠢ ᠶᠢᠨ ᠭᠤᠪᠢᠯ ᠪᠤᠶᠤ ᠰᠤᠭᠤ᠂ ᠬᠥᠵᠥᠬᠦᠥ ᠶᠢᠨ ᠭᠡᠰᠡᠭ ᠤᠨ ᠯᠢᠮᠪᠠ ᠪᠤᠯᠴᠢᠷᠬᠠᠢ ᠬᠠᠪᠤᠳᠤᠨ ᠲᠤᠮᠤᠷᠠᠵᠤ᠂ ᠰᠥᠷᠡᠭᠡᠢ ᠡᠪᠡᠳᠥᠨ ᠰᠢᠨᠠᠯᠭᠠᠳᠠᠭ ᠪᠠᠶᠢᠨ᠎ᠠ᠃ ᠬᠤᠯᠤᠭᠠᠨ᠎ᠠ ᠬᠢᠵᠢᠭ ᠤᠨ ᠪᠠᠴᠢᠮ ᠪᠠᠶᠢᠳᠠᠯ ᠢ ᠠᠷᠭᠠᠴᠠᠬᠤ ᠳᠤ᠄

     ① ᠲᠡᠭᠡᠷ᠎ᠡ ᠲᠤᠷᠠᠳᠤᠭᠰᠠᠨ ᠡᠪᠡᠳᠴᠢᠨ ᠤ ᠢᠯᠡᠷᠡᠯ ᠲᠠᠢ ᠬᠥᠮᠥᠰ ᠱᠠᠯᠠᠪᠬᠠᠨ ᠲᠤᠬᠠᠢ ᠶᠢᠨ ᠭᠠᠵᠠᠷ ᠤᠨ ᠢᠶᠠᠨ ᠬᠢᠵᠢᠭ ᠡᠪᠡᠳᠴᠢᠨ ᠢ ᠬᠤᠷᠢᠭᠯᠠᠨ ᠵᠠᠰᠠᠬᠤ ᠪᠠᠶᠢᠭᠤᠯᠤᠮᠵᠢ ᠪᠤᠶᠤ ᠬᠤᠯᠤᠭᠠᠨ᠎ᠠ ᠬᠢᠵᠢᠭ ᠢ ᠰᠡᠷᠭᠡᠶᠢᠯᠡᠨ ᠵᠠᠰᠠᠬᠤ ᠲᠤᠰᠬᠠᠢ ᠪᠠᠶᠢᠭᠤᠯᠤᠮᠵᠢ ᠳᠤ ᠮᠡᠳᠡᠭᠦᠯᠦᠨ᠎ᠡ᠃

     ② ᠭᠡᠷᠡᠭ ᠥᠭᠡᠢ ᠬᠥᠮᠥᠰ ᠡᠪᠡᠳᠴᠢᠳᠡᠨ ᠲᠠᠢ ᠤᠢᠢᠷᠠᠳᠤᠬᠤ ᠶᠢ ᠴᠠᠭᠠᠵᠠᠯᠠᠨ᠎ᠠ᠂ ᠨᠢᠭᠡᠨᠳᠡ ᠤᠢᠢᠷᠠᠳᠤᠭᠰᠠᠳ ᠭᠠᠳᠠᠭᠰᠢ ᠭᠠᠷᠴᠤ ᠠᠵᠢᠯᠯᠠᠭ᠎ᠠ ᠬᠢᠵᠤ ᠪᠤᠯᠬᠤ ᠥᠭᠡᠢ᠃


     ③ ᠲᠤᠬᠠᠢ ᠶᠢᠨ ᠭᠠᠵᠠᠷ ᠤᠨ ᠡᠮᠴᠢ ᠡᠪᠡᠳᠴᠢᠳᠡᠨ ᠢ ᠬᠤᠯᠤᠭᠠᠨ᠎ᠠ ᠬᠢᠵᠢᠭ ᠤᠨ ᠡᠪᠡᠳᠴᠢᠳᠡᠨ ᠢᠶᠠᠷ ᠤᠨᠤᠰᠢᠯᠠᠨ ᠲᠤᠳᠤᠯᠠᠭᠰᠠᠨ ᠪᠤᠯ ᠲᠤᠬᠠᠢ ᠶᠢᠨ ᠭᠠᠵᠠᠷ ᠲᠤᠨᠢ ᠲᠤᠰᠠᠭᠠᠷᠯᠠᠨ ᠡᠮᠨᠡᠬᠦ ᠭᠡᠷᠡᠭᠳᠡᠢ᠃ ᠡᠮᠨᠡᠯᠭᠡ ᠰᠢᠯᠵᠢᠬᠦᠯᠬᠦ ᠪᠤᠶᠤ ᠭᠠᠵᠠᠷ ᠰᠠᠶ ᠥᠭᠡᠢ ᠠᠵᠢᠯᠯᠠᠭ᠎ᠠ ᠬᠢᠵᠤ ᠪᠤᠯᠬᠤ ᠥᠭᠡᠢ᠃

     ④ ᠬᠥᠨᠳᠤ ᠡᠪᠡᠳᠴᠢᠳᠡᠨ ᠪᠠ ᠡᠪᠡᠳᠴᠢᠨ ᠳᠤ ᠤᠢᠢᠷᠠᠳᠤᠭᠰᠠᠳ ᠢ ᠲᠤᠬᠠᠢ ᠶᠢᠨ ᠭᠠᠵᠠᠷ ᠲᠤᠨᠢ ᠲᠤᠰᠠᠭᠠᠷᠯᠠᠨ ᠡᠮᠨᠡᠬᠦ ᠪᠠ ᠰᠢᠨᠵᠢᠯᠡᠨ ᠪᠠᠶᠢᠴᠠᠭᠠᠨ᠎ᠠ᠃

     ᠰᠠᠨᠠᠭᠤᠯᠬᠤ ᠨᠢ᠄

     ① ᠬᠤᠯᠤᠭᠠᠨ᠎ᠠ ᠶᠡᠭᠡ ᠭᠡᠮᠵᠢᠶ᠎ᠡ ᠪᠠᠷ ᠥᠬᠦᠭᠰᠡᠨ ᠢ ᠤᠯᠵᠤ ᠮᠡᠳᠡᠪᠡᠯ᠂ ᠮᠤᠤᠷ᠂ ᠨᠤᠬᠠᠢ ᠪᠠᠨ ᠬᠤᠷᠢᠵᠦ ᠮᠤᠤᠷ ᠨᠤᠬᠠᠢ ᠨᠢ ᠥᠬᠦᠭᠰᠡᠨ ᠬᠤᠯᠤᠭᠠᠨ᠎ᠠ ᠪᠠ ᠬᠢᠵᠢᠭ ᠲᠠᠢ ᠬᠤᠯᠤᠭᠠᠨ᠎ᠠ ᠶᠢ ᠭᠡᠷ ᠲᠡᠭᠡᠨ ᠵᠠᠭᠤᠨ ᠠᠪᠴᠢᠷᠠᠵᠤ᠂ ᠬᠤᠯᠤᠭᠠᠨ᠎ᠠ ᠬᠢᠵᠢᠭ ᠲᠡᠯᠭᠡᠷᠡᠬᠦᠯᠬᠦ ᠠᠴᠠ ᠰᠡᠷᠭᠡᠶᠢᠯᠡᠬᠦ ᠭᠡᠷᠡᠭᠳᠡᠢ᠃

     ② ᠭᠡᠭᠡᠷ᠎ᠠ ᠭᠠᠳᠠᠨ᠎ᠠ ᠠᠵᠢᠯᠯᠠᠵᠤ ᠪᠠᠶᠢᠭ᠎ᠠ ᠬᠥᠮᠥᠰ ᠥᠬᠦᠭᠰᠡᠨ ᠬᠤᠯᠤᠭᠠᠨ᠎ᠠ᠂ ᠲᠠᠤᠯᠠᠢ᠂ ᠥᠨᠡᠭᠡ ᠵᠡᠷᠭᠡ ᠠᠮᠢᠳᠠᠨ ᠢ ᠤᠯᠵᠤ ᠥᠵᠡᠪᠡᠯ᠂ ᠰᠢᠭᠤᠳ ᠪᠠᠷᠢᠵᠤ ᠪᠤᠯᠬᠤ ᠥᠭᠡᠢ᠂ ᠨᠡᠩ ᠴᠤ ᠠᠷᠠᠰᠤ ᠬᠥᠷᠥᠰᠤ ᠶᠢ ᠨᠢ ᠱᠠᠭᠠᠯᠬᠤ ᠪᠤᠶᠤ ᠢᠳᠡᠵᠤ ᠪᠤᠯᠬᠤ ᠥᠭᠡᠢ᠃

     ③ ᠬᠢᠵᠢᠭ ᠤᠨ ᠤᠷᠤᠨ ᠳᠤ ᠪᠠᠭᠠᠵᠢ ᠭᠡᠷᠡᠭᠯᠡᠬᠦᠷ ᠢᠶᠠᠷ ᠬᠤᠯᠤᠭᠠᠨ᠎ᠠ ᠤᠰᠠᠳᠬᠠᠬᠤ ᠶᠢ ᠴᠠᠭᠠᠵᠠᠯᠠᠵᠤ᠂ ᠨᠤᠬᠠᠢ ᠶᠢᠨ ᠪᠥᠭᠡᠰᠤ ᠥᠰᠥᠷᠴᠤ ᠴᠠᠮᠨᠠᠨ ᠬᠥᠮᠥᠰ ᠢ
ᠬᠠᠵᠠᠬᠤ ᠠᠴᠠ ᠰᠡᠷᠭᠡᠶᠢᠯᠡᠨ᠎ᠡ᠃

     ④ ᠭᠡᠭᠡᠷ᠎ᠡ ᠭᠠᠳᠠᠨ᠎ᠠ ᠮᠠᠯ ᠠᠳᠤᠭᠤᠯᠠᠬᠤ᠂ ᠲᠡᠷᠢᠶ᠎ᠠ ᠲᠡᠷᠢᠬᠤ ᠪᠠ ᠪᠤᠰᠤᠳ ᠵᠥᠢᠯ ᠤᠨ ᠠᠵᠢᠯ ᠬᠢᠵᠤ ᠪᠠᠶᠢᠭ᠎ᠠ ᠬᠥᠮᠥᠰ ᠪᠥᠬᠦᠨ ᠬᠢᠵᠢᠭ ᠤᠨ ᠤᠷᠤᠨ ᠳᠤ ᠲᠤᠷ᠎ᠠ ᠪᠠᠷ ᠢᠶᠠᠨ ᠰᠠᠭᠤᠵᠤ ᠭᠡᠪᠳᠡᠵᠤ ᠪᠤᠯᠬᠤ ᠥᠭᠡᠢ᠂ ᠠᠮᠤᠰᠬᠢᠬᠦ ᠥᠶ᠎ᠡ ᠳᠡᠭᠡᠨ ᠬᠤᠯᠤᠭᠠᠨ᠎ᠠ ᠶᠢᠨ ᠨᠥᠭᠡ ᠥᠭᠡᠢ ᠭᠠᠵᠠᠷ ᠢ ᠰᠤᠩᠭᠤᠨ᠎ᠠ᠃

     ⑤ ᠬᠢᠵᠢᠭ ᠤᠨ ᠤᠷᠤᠨ ᠳᠤ ᠶᠠᠮᠠᠷᠪᠠ ᠠᠩ ᠬᠥᠷᠥᠭᠡ ᠬᠢᠬᠦ ᠠᠵᠢᠯᠯᠠᠭ᠎ᠠ ᠶᠢ ᠴᠠᠭᠠᠵᠠᠯᠠᠬᠤ ᠭᠡᠷᠡᠭᠳᠡᠢ᠃

      ︵11︶ ᠲᠡᠯᠭᠡᠷᠡᠬᠦ ᠴᠢᠨᠠᠷ ᠲᠠᠢ ᠲᠡᠷᠢᠬᠢ ᠨᠤᠭᠤᠰᠤᠨ ᠤ ᠪᠥᠷᠬᠦᠪᠴᠢ ᠶᠢᠨ ᠥᠷᠪᠢᠰᠥᠯ

     ᠲᠡᠷᠢᠬᠢᠨ ᠤ ᠪᠥᠷᠬᠦᠪᠴᠢ ᠶᠢᠨ ᠥᠷᠪᠢᠰᠥᠯ ᠤᠨ ᠬᠤᠤᠰ ᠪᠥᠭᠡᠷᠡᠩᠭᠡᠶᠢᠳᠤ ᠪᠠᠺᠲ᠋ᠧᠷᠢ ᠠᠴᠠ ᠪᠤᠯᠤᠭᠰᠠᠨ ᠢᠳᠡᠭᠡᠯᠡᠬᠦ ᠴᠢᠨᠠᠷ ᠲᠠᠢ ᠲᠡᠷᠢᠬᠢᠨ ᠤ ᠪᠥᠷᠬᠦᠪᠴᠢ ᠶᠢᠨ ᠥᠷᠪᠢᠰᠥᠯ᠂ ᠠᠮᠢᠰᠬᠤᠯ ᠤᠨ ᠰᠦᠪᠡ ᠪᠠᠷ ᠲᠡᠮᠵᠢᠨ ᠲᠡᠯᠭᠡᠷᠡᠳᠡᠭ᠃ ᠲᠡᠯᠭᠡᠷᠡᠬᠦ ᠴᠢᠨᠠᠷ ᠲᠠᠢ ᠲᠡᠷᠢᠬᠢ ᠨᠤᠭᠤᠰᠤᠨ ᠤ ᠪᠥᠷᠬᠦᠪᠴᠢ ᠶᠢᠨ ᠥᠷᠪᠢᠰᠥᠯ ᠤᠨ ᠡᠮᠴᠢᠯᠡᠭᠡᠨ ᠤ ᠢᠯᠡᠷᠡᠯ ᠨᠢ ᠭᠡᠪᠡᠯ ᠭᠤᠤᠯ ᠨᠢ ᠲᠥᠷᠭᠡᠨ ᠬᠠᠯᠠᠭᠤᠷᠠᠵᠤ᠂ ᠲᠤᠯᠤᠭᠠᠢ ᠰᠥᠷᠡᠭᠡᠢ ᠡᠪᠡᠳᠴᠤ᠂ ᠲᠤᠷ᠎ᠠ ᠪᠤᠯᠬᠢᠵᠤ᠂ ᠬᠠᠴᠢᠨ ᠵᠢᠭᠳᠡᠢ ᠪᠥᠭᠡᠯᠵᠢᠵᠤ᠂ ᠬᠥᠵᠥᠬᠦᠥ ᠬᠥᠰᠢᠵᠤ᠂ ᠬᠡᠷᠡᠯ ᠠᠴᠠ ᠠᠶᠤᠵᠤ᠂ ᠠᠷᠠᠰᠤ ᠬᠥᠷᠥᠰᠤ ᠬᠥᠷᠡᠩᠳᠤᠨ ᠲᠤᠯᠪᠤᠰᠢᠷᠠᠳᠠᠭ᠃ ᠲᠡᠯᠭᠡᠷᠡᠬᠦ ᠴᠢᠨᠠᠷ ᠲᠠᠢ ᠲᠡᠷᠢᠬᠢ ᠨᠤᠭᠤᠰᠤᠨ ᠤ ᠪᠥᠷᠬᠦᠪᠴᠢ ᠶᠢᠨ ᠥᠷᠪᠢᠰᠥᠯ ᠤᠨ ᠪᠠᠴᠢᠮ ᠪᠠᠶᠢᠳᠠᠯ ᠢ ᠠᠷᠭᠠᠴᠠᠬᠤ ᠳᠤ᠄

       ① ᠲᠡᠯᠭᠡᠷᠡᠬᠦ ᠴᠢᠨᠠᠷ ᠲᠠᠢ ᠲᠡᠷᠢᠬᠢ ᠨᠤᠭᠤᠰᠤᠨ ᠤ ᠪᠥᠷᠬᠦᠪᠴᠢ ᠶᠢᠨ ᠥᠷᠪᠢᠰᠥᠯ ᠡᠬᠦᠰᠳᠡᠭ ᠡᠪᠥᠯ ᠬᠠᠪᠤᠷ ᠤᠨ ᠤᠯᠠᠷᠢᠯ ᠳᠤ ᠥᠷᠥᠭᠡᠨ ᠳᠡᠭᠡᠨ ᠰᠠᠯᠬᠢ ᠨᠡᠪᠳᠡᠷᠡᠬᠦᠯᠥᠨ ᠠᠭᠠᠷ ᠢ ᠰᠤᠯᠢᠵᠤ᠂ ᠥᠷᠥᠭᠡᠨ ᠲᠤᠳᠤᠷᠠᠬᠢ ᠡᠷᠡᠬᠦᠯ ᠬᠠᠮᠠᠭᠠᠯᠠᠯ ᠢ ᠰᠠᠶᠢᠳᠤᠷ ᠬᠢᠵᠤ᠂ ᠬᠤᠪᠴᠠᠰᠤ ᠬᠤᠨᠠᠷ᠂ ᠬᠥᠨᠵᠢᠯᠡ ᠲᠡᠪᠢᠰᠭᠡᠷ ᠢᠶᠠᠨ ᠥᠷᠬᠦᠯᠵᠢ ᠨᠠᠷᠠᠨ ᠳᠤ ᠡᠭᠡᠭᠡᠵᠤ ᠰᠢᠷᠠᠬᠤ ᠪᠠ ᠰᠠᠯᠬᠢ ᠦᠵᠡᠭᠦᠯᠵᠤ ᠪᠠᠶᠢᠪᠡᠯ ᠰᠠᠶᠢᠨ᠃

      ② ᠡᠪᠥᠯ ᠬᠠᠪᠤᠷ ᠤᠨ ᠤᠯᠠᠷᠢᠯ ᠳᠤ ᠪᠡᠶ᠎ᠡ ᠬᠠᠯᠠᠭᠤᠷᠠᠬᠤ᠂ ᠲᠤᠯᠤᠭᠠᠢ ᠡᠪᠡᠳᠬᠦ᠂ ᠪᠥᠭᠡᠯᠵᠢᠬᠦ ᠵᠡᠷᠭᠡ ᠡᠪᠡᠳᠴᠢᠨ ᠤ ᠢᠯᠡᠷᠡᠯ ᠭᠠᠷᠭᠠᠭᠰᠠᠳ ᠲᠡᠷᠡ ᠲᠤᠤᠷ᠎ᠠ ᠪᠠᠨ ᠡᠮᠨᠡᠯᠭᠡ ᠳᠤ ᠬᠥᠷᠴᠤ ᠡᠮᠨᠡᠬᠦᠯᠬᠦ ᠪᠤᠯᠪᠠᠤ᠃

      ③ ᠲᠤᠰ ᠡᠪᠡᠳᠴᠢᠨ ᠳᠤ ᠨᠡᠷᠪᠡᠭᠳᠡᠭᠰᠡᠳ ᠢ ᠬᠠᠷᠢᠶ᠎ᠠ ᠪᠥᠬᠦᠢ ᠤᠷᠤᠨ ᠳᠤᠨᠢ ᠬᠠᠮᠢᠶᠠᠷᠤᠭᠤᠯᠬᠤ ᠵᠠᠷᠴᠢᠮ ᠢᠶᠠᠷ ᠲᠤᠬᠠᠢ ᠶᠢᠨ ᠭᠠᠵᠠᠷ ᠲᠤᠨᠢ ᠲᠤᠰᠠᠭᠠᠷᠯᠠᠨ ᠡᠮᠨᠡᠭᠦᠯᠦᠨ᠎ᠡ᠃

      ④ ᠡᠪᠡᠳᠴᠢᠨ ᠡᠬᠦᠰᠥᠭᠰᠡᠨ ᠰᠠᠭᠤᠭᠠᠯᠢ ᠲᠤᠭᠤᠷᠢᠬ᠂ ᠰᠤᠷᠭᠠᠭᠤᠯᠢ᠂ ᠠᠵᠢᠯ ᠤᠨ ᠭᠠᠵᠠᠷ ᠲᠤ ᠪᠤᠯ ᠨᠦᠢᠳᠠᠨ ᠢᠶᠠᠷ ᠴᠡᠪᠡᠷᠯᠡᠬᠦ ᠠᠷᠭ᠎ᠠ ᠶᠢ ᠠᠪᠴᠤ᠂ ᠡᠾᠯᠤᠷᠳᠤ ᠡᠮ ᠰᠥᠷᠴᠢᠨ ᠠᠷᠢᠭᠤᠳᠬᠠᠪᠠᠯ ᠵᠤᠬᠢᠨ᠎ᠠ᠃

      ᠰᠠᠨᠠᠭᠤᠯᠬᠤ ᠨᠢ᠄

      ① ᠬᠤᠪᠢ ᠪᠡᠶ᠎ᠡ ᠶᠢᠨ ᠠᠷᠢᠭᠤᠨ ᠴᠡᠪᠡᠷ ᠤᠨ ᠰᠠᠶᠢᠨ ᠰᠠᠶᠢᠬᠠᠨ ᠲᠠᠳᠬᠠᠯ ᠲᠠᠢ ᠪᠤᠯᠵᠤ᠂ ᠭᠠᠵᠠᠷ ᠱᠠᠯᠠ ᠪᠠᠨ ᠪᠠᠶᠢᠡᠭᠭᠤ ᠴᠡᠪᠡᠷᠯᠡᠨ᠂ ᠭᠠᠷ ᠢᠶᠠᠨ ᠥᠷᠬᠦᠯᠵᠢ ᠤᠬᠢᠶᠠᠵᠤ᠂ ᠲᠠᠪᠤᠰᠤ ᠲᠠᠢ ᠤᠰᠤ ᠪᠠᠷ ᠠᠮᠠ ᠪᠠᠨ ᠵᠠᠶᠢᠯᠵᠤ᠂ ᠨᠠᠶᠢᠳᠠᠭᠠᠬᠤ ᠳᠠᠭᠠᠨ ᠭᠠᠷ ᠤᠨ ᠠᠯᠴᠢᠭᠤᠷ ᠭᠡᠷᠡᠭᠯᠡᠵᠤ᠂ ᠬᠠᠯᠳᠠᠪᠤᠷᠢᠯᠠᠵᠤ ᠲᠡᠯᠭᠡᠷᠡᠬᠦ ᠲᠤᠬᠢᠶᠠᠯ ᠢ ᠪᠠᠭᠠᠰᠬᠠᠪᠡᠯ ᠰᠠᠶᠢᠨ᠃

      ② ᠭᠡᠥᠭᠡᠳ ᠰᠠᠭᠠᠳᠠᠭᠤᠯᠬᠤ ᠭᠡᠥᠭᠡᠳ ᠤᠨ ᠴᠡᠴᠡᠷᠯᠢᠭ ᠤᠨ ᠪᠠᠶᠢᠭᠤᠯᠤᠮᠵᠢ᠂ ᠲᠤᠮᠳᠠᠳᠤ ᠪᠠᠭ᠎ᠠ ᠰᠤᠷᠭᠠᠭᠤᠯᠢ᠂ ᠠᠵᠢᠯ ᠤᠨ ᠭᠠᠵᠠᠷ᠂ ᠬᠤᠳᠠᠯᠳᠤᠭ᠎ᠠ ᠲᠡᠯᠭᠡᠬᠦᠷ ᠵᠡᠷᠭᠡ ᠤᠯᠠᠨ ᠨᠡᠶᠢᠳᠡ ᠶᠢᠨ ᠭᠠᠵᠠᠷ ᠲᠠᠯᠠᠪᠤᠷ ᠲᠤ ᠤᠷᠴᠢᠨ ᠲᠤᠭᠤᠷᠢᠨ ᠤ ᠡᠷᠡᠬᠦᠯ ᠬᠠᠮᠠᠭᠠᠯᠠᠯ ᠤᠨ ᠠᠵᠢᠯ ᠢ ᠰᠠᠶᠢᠳᠤᠷ ᠬᠢᠵᠤ᠂ ᠰᠠᠶᠢᠳᠤᠷ ᠠᠭᠠᠷ ᠨᠡᠪᠳᠡᠷᠡᠭᠦᠯᠤᠨ᠎ᠠ᠃

     ③ ᠡᠪᠡᠳᠴᠢᠳᠡᠨ ᠲᠠᠢ ᠨᠢᠬᠳᠠ ᠬᠠᠷᠢᠴᠠᠭᠰᠠᠳ ᠡᠮᠴᠢ ᠶᠢᠨ ᠱᠠᠭᠠᠷᠳᠠᠯᠭ᠎ᠠ ᠪᠠᠷ ᠠᠨᠠᠭᠠᠬᠤ ᠤᠬᠠᠭᠠᠨ ᠤ ᠠᠵᠢᠭᠯᠠᠯᠳᠠ ᠪᠠᠶᠢᠴᠠᠭᠠᠯᠳᠠ ᠬᠢᠯᠭᠡᠬᠦ ᠪᠠ ᠰᠡᠷᠭᠡᠶᠢᠯᠡᠯᠳᠡ ᠶᠢᠨ ᠴᠢᠨᠠᠷ ᠲᠠᠢ ᠡᠮ ᠲᠠᠩ ᠤᠤᠭᠤᠪᠡᠯ ᠰᠠᠶᠢᠨ᠃

      ④ ᠲᠠᠬᠤᠯ ᠲᠡᠯᠭᠡᠷᠡᠬᠦ ᠴᠠᠭ ᠤᠯᠠᠷᠢᠯ ᠠᠴᠠ ᠡᠮᠥᠨ᠎ᠡ ᠡᠮᠴᠢ ᠶᠢᠨ ᠵᠢᠯᠤᠭᠤᠳᠤᠯᠭ᠎ᠠ ᠲᠤᠤᠷ᠎ᠠ ᠸᠠᠺᠼᠢᠨ ᠲᠠᠷᠢᠯᠭ᠎ᠠ ᠲᠠᠷᠢᠨ᠎ᠠ᠃

     ︵12︶ ᠠᠶᠢᠽ ᠡᠪᠡᠳᠴᠢᠨ

      ᠠᠶᠢᠽ ᠡᠪᠡᠳᠴᠢᠨ ᠨᠢ ᠭᠤᠤᠯᠳᠠᠭᠤ ᠪᠡᠯᠭᠡ ᠶᠢᠨ ᠥᠯᠥ ᠬᠠᠯᠳᠠᠭᠠᠬᠤ ᠴᠢᠳᠠᠯ ᠤᠨ ᠲᠤᠷᠦ᠋ᠢᠳᠠᠯ ᠠᠴᠠ ᠪᠤᠢ ᠪᠤᠯᠳᠠᠭ᠃ ᠠᠩᠭ᠍ᠯᠢ ᠪᠠᠷ AIOS ᠭᠡᠵᠤ ᠲᠤᠪᠴᠢᠯᠠᠨ ᠪᠢᠴᠢᠳᠡᠭ᠃ ᠠᠶᠢᠽ ᠡᠪᠡᠳᠴᠢᠨ ᠤ ᠸᠢᠷᠦ᠋ᠰ ︵ᠡᠮᠨᠡᠯᠭᠡ ᠶᠢᠨ ᠪᠥᠬᠦᠯᠢ ᠲᠠᠭᠤᠳᠠᠯᠭ᠎ᠠ ᠨᠢ ᠬᠥᠮᠥᠨ ᠲᠥᠷᠥᠯᠬᠢᠳᠡᠨ ᠤ ᠡᠭᠡᠯᠢᠯᠡᠭᠡ ᠲᠤᠳᠠᠭᠳᠠᠭᠰᠠᠨ ᠸᠢᠷᠦ᠋ᠰ ᠭᠡᠳᠡᠭ᠂ ᠠᠩᠭ᠍ᠯᠢ ᠲᠥᠬᠦᠮ ᠪᠢᠴᠢᠯᠭᠡ ᠨᠢ HIV ᠭᠡᠳᠡᠭ︶ ᠠᠴᠠ ᠡᠬᠦᠰᠥᠭᠰᠡᠨ ᠬᠥᠨᠳᠤ ᠨᠤᠴᠢᠳᠠᠢ ᠬᠠᠯᠳᠠᠪᠤᠷᠢᠳᠤ ᠡᠪᠡᠳᠴᠢᠨ ᠪᠤᠯᠤᠨ᠎ᠠ᠃ ᠠᠶᠢᠽ ᠡᠪᠡᠳᠴᠢᠨ ᠨᠢ ᠪᠡᠯᠭᠡ ᠶᠢᠨ ᠬᠠᠷᠢᠯᠴᠠᠭ᠎ᠠ᠂ ᠴᠢᠰᠤ ᠪᠤᠯᠤᠨ ᠡᠭᠡ ᠨᠢᠯᠬᠠᠰ ᠵᠡᠷᠭᠡ ᠭᠤᠷᠪᠠᠨ ᠵᠥᠢᠯ ᠤᠨ ᠠᠷᠭ᠎ᠠ ᠵᠠᠮ ᠢᠶᠠᠷ ᠬᠠᠯᠳᠠᠪᠤᠷᠢᠯᠠᠳᠠᠭ ᠪᠠᠶᠢᠨ᠎ᠠ᠃ ᠠᠶᠢᠽ ᠡᠪᠡᠳᠴᠢᠨ ᠤ ᠪᠠᠴᠢᠮ ᠪᠠᠶᠢᠳᠠᠯ ᠢ ᠠᠷᠭᠠᠴᠠᠬᠤ ᠳᠤ᠄

      ① ᠠᠶᠢᠽ ᠡᠪᠡᠳᠴᠢᠨ ᠤ ᠸᠢᠷᠦ᠋ᠰ ᠨᠢ ᠭᠠᠳᠠᠭᠠᠳᠤ ᠤᠷᠴᠢᠨ ᠳᠤ ᠡᠰᠡᠷᠬᠦᠴᠡᠬᠦ ᠴᠢᠳᠠᠯ ᠢᠶᠠᠷ ᠮᠠᠰᠢ ᠲᠤᠷᠤᠢ ᠪᠠᠶᠢᠵᠤ᠂ ᠥᠨᠳᠥᠷ ᠬᠠᠯᠠᠭᠤᠨ ᠳᠤ ᠰᠡᠳᠤᠯᠳᠡ ᠲᠠᠢ ᠪᠠᠶᠢᠵᠤ᠂ ᠴᠢᠨᠠᠵᠤ ᠪᠤᠴᠠᠯᠭᠠᠪᠠᠯ ᠮᠠᠰᠢ ᠲᠥᠷᠭᠡᠨ ᠤᠰᠠᠳᠬᠠᠵᠤ ᠴᠢᠳᠠᠨ᠎ᠠ᠃ ᠪᠠᠶᠢᠡᠭᠭᠤ ᠶᠢᠨ ᠭᠡᠷᠡᠭᠯᠡᠳᠡᠭ ᠡᠾᠯᠤᠷᠳᠤ ᠠᠷᠢᠭᠤᠳᠬᠠᠬᠤ ᠡᠮ ᠪᠤᠯ ᠴᠥᠮ ᠸᠢᠷᠦ᠋ᠰ ᠢ ᠪᠥᠳᠥᠮᠵᠢᠳᠡᠢ ᠪᠠᠷ ᠤᠰᠠᠳᠬᠠᠵᠤ ᠴᠢᠳᠠᠨ᠎ᠠ᠃

      ② ᠭᠡᠳᠤ ᠠᠶᠤᠯ ᠲᠠᠢ ᠬᠤᠷᠢᠴᠠᠯ ᠤᠨ ᠠᠵᠢᠯᠯᠠᠭ᠎ᠠ ᠬᠢᠭᠰᠡᠨ᠂ ᠤᠯᠠᠨ ᠨᠡᠶᠢᠳᠡ ᠶᠢᠨ ᠵᠡᠬᠦᠯᠡᠬᠦᠷ ᠢᠶᠠᠷ ᠬᠤᠤᠷ ᠲᠠᠳᠠᠭᠰᠠᠨ᠂ ᠴᠢᠰᠤ ᠪᠠᠨ ᠬᠤᠳᠠᠯᠳᠤᠭᠰᠠᠨ᠂ ᠴᠡᠪᠡᠷ ᠪᠤᠰᠤ ᠴᠢᠰᠤ ᠶᠡᠬᠦᠯᠡᠬᠦᠯᠥᠭᠰᠡᠨ ᠪᠠ ᠵᠡᠬᠦᠯᠡᠬᠦᠯᠥᠭᠰᠡᠨ ᠰᠡᠵᠢᠭᠳᠡᠢ ᠬᠥᠮᠥᠰ ᠵᠢᠴᠢ ᠠᠶᠢᠽ ᠡᠪᠡᠳᠴᠢᠨ ᠶᠡᠭᠡᠳᠡ ᠡᠬᠦᠰᠥᠭᠰᠡᠨ ᠭᠠᠵᠠᠷ ᠤᠷᠤᠨ ᠤ ᠵᠢᠷᠮᠥᠰᠥᠨ ᠪᠥᠰᠡᠬᠦ᠋ᠢᠴᠤᠳ ᠰᠠᠨᠠᠭᠠᠴᠢᠯᠠᠭ᠎ᠠ ᠠᠴᠠ ᠪᠠᠨ ᠲᠤᠬᠠᠢ ᠶᠢᠨ ᠭᠠᠵᠠᠷ ᠤᠨ ᠢᠶᠠᠨ ᠠᠶᠢᠽ ᠡᠪᠡᠳᠴᠢᠨ ᠤ ᠪᠠᠶᠢᠴᠠᠭᠠᠨ ᠰᠢᠯᠭᠠᠬᠤ ᠡᠮᠨᠡᠯᠭᠡ ︵VCT︶ ᠳᠤ ᠬᠥᠷᠴᠤ ᠯᠠᠪᠯᠠᠨ ᠰᠢᠯᠭᠠᠨ ᠪᠠᠶᠢᠴᠠᠭᠠᠯᠭᠠᠬᠤ ᠶᠢ ᠰᠠᠨᠠᠭᠤᠯᠤᠶ᠎ᠠ᠃

       ③ ᠠᠶᠢᠽ ᠡᠪᠡᠳᠴᠢᠨ ᠤ ᠸᠢᠷᠦ᠋ᠰ ᠲᠤ ᠬᠠᠯᠳᠠᠪᠤᠷᠢᠯᠠᠭᠳᠠᠭᠰᠠᠤᠨ ᠪᠠ ᠡᠪᠡᠳᠴᠢᠳᠡᠳ ᠥᠨᠳᠥᠷ ᠤᠭᠤᠷᠠᠭᠳᠤ ᠢᠳᠡᠭᠡᠨ ᠢᠳᠡᠵᠤ ᠪᠠᠶᠢᠭᠠᠷᠠᠢ᠃

       ④ ᠠᠶᠢᠽ ᠡᠪᠡᠳᠴᠢᠳᠡᠨ ᠬᠠᠮᠠᠭᠠᠯᠠᠯᠳᠠ ᠶᠢᠨ ᠴᠢᠨᠠᠷ ᠥᠭᠡᠢ ᠬᠤᠷᠢᠴᠠᠯ ᠤᠨ ᠠᠵᠢᠯᠯᠠᠭ᠎ᠠ ᠶᠢ ᠠᠯᠢ ᠴᠢᠳᠠᠬᠤ ᠪᠠᠷ ᠴᠦᠬᠡᠷᠡᠭᠦᠯᠦᠨ᠎ᠡ᠃ ᠰᠢᠳᠥ ᠤᠬᠢᠶᠠᠬᠤ ᠭᠡᠷᠡᠭᠰᠡᠯ ᠪᠤᠯᠤᠨ ᠰᠠᠬᠠᠯ ᠤᠨ ᠬᠢᠳᠤᠭ᠎ᠠ ᠵᠡᠷᠭᠡ ᠬᠤᠪᠢᠨ ᠤ ᠡᠳ᠋ᠯᠡᠯ ᠭᠡᠷᠡᠭᠰᠡᠯ ᠢᠶᠠᠨ ᠪᠤᠰᠤᠳ ᠬᠥᠮᠥᠨ ᠲᠠᠢ ᠴᠤᠭ ᠭᠡᠷᠡᠭᠯᠡᠵᠤ ᠪᠤᠯᠬᠤ ᠥᠭᠡᠢ᠃ ᠴᠢᠰᠤ ᠪᠤᠯᠤᠨ ᠡᠷᠭᠡᠳᠡᠨ ᠢᠶᠠᠨ ᠡᠷᠬᠦᠨ ᠪᠠᠷᠢᠵᠤ ᠪᠤᠯᠬᠤ ᠥᠭᠡᠢ᠃

       ᠰᠠᠨᠠᠭᠤᠯᠬᠤ ᠨᠢ᠄

       ① ᠥᠪᠡᠷ ᠢ ᠪᠠᠨ ᠬᠠᠶᠢᠷᠠᠯᠠᠨ ᠪᠡᠶ᠎ᠡ ᠮᠠᠬᠠᠪᠤᠳ ᠢᠶᠠᠨ ᠠᠷᠢᠭᠤᠨ ᠴᠡᠪᠡᠷ ᠪᠠᠶᠢᠯᠭᠠᠵᠤ᠂ ᠬᠤᠷᠢᠴᠠᠯ ᠤᠨ ᠮᠤᠷᠠᠯ ᠢ ᠡᠷᠬᠢᠮᠯᠡᠬᠦ ᠪᠤᠯ ᠬᠤᠷᠢᠴᠠᠯ ᠤᠨ ᠠᠵᠢᠯᠯᠠᠭ᠎ᠠ ᠪᠠᠷ ᠲᠡᠮᠵᠢᠨ ᠠᠶᠢᠽ ᠡᠪᠡᠳᠴᠢᠨ ᠳᠤ ᠨᠡᠷᠪᠡᠭᠳᠡᠬᠦ ᠶᠢ ᠰᠡᠷᠭᠡᠶᠢᠯᠡᠬᠦ ᠶᠢᠨ ᠥᠨᠳᠥᠰᠥᠨ ᠠᠷᠭ᠎ᠠ ᠭᠡᠮᠵᠢᠶ᠎ᠡ ᠪᠤᠯᠤᠨ᠎ᠠ᠃

       ② ᠪᠥᠳᠥᠮᠵᠢᠳᠡᠢ ᠵᠢᠷᠤᠮᠵᠢᠯ ᠲᠠᠢ ᠪᠠᠶᠢᠵᠤ᠂ ᠥᠡᠭᠭᠡᠨ ᠤ ᠡᠪᠡᠳᠴᠢᠨ ᠢ ᠴᠠᠭ ᠲᠠᠷᠤᠢ ᠳᠤᠨᠢ ᠡᠮᠨᠡᠬᠦᠯᠪᠡᠯ᠂ ᠠᠶᠢᠽ ᠡᠪᠡᠳᠴᠢᠨ ᠤ ᠸᠢᠷᠦ᠋ᠰ ᠲᠤ ᠬᠠᠯᠳᠠᠪᠤᠷᠢᠯᠠᠭᠳᠠᠬᠤ ᠪᠤᠯᠤᠯᠴᠠᠭ᠎ᠠ ᠶᠢ ᠶᠡᠭᠡ ᠪᠠᠷ ᠪᠠᠭᠤᠷᠠᠭᠤᠯᠵᠤ ᠴᠢᠳᠠᠨ᠎ᠠ᠃

        ③ HIV ᠳᠤ ᠬᠠᠯᠳᠠᠪᠤᠷᠢᠯᠠᠭᠳᠠᠭᠰᠠᠨ ᠪᠥᠰᠡᠬᠦ᠋ᠢᠴᠤᠳ ᠵᠢᠷᠮᠥᠰᠥᠯᠡᠬᠦ ᠠᠴᠠ ᠵᠠᠶᠢᠯᠠᠰᠬᠢᠬᠦ ᠭᠡᠷᠡᠭᠳᠡᠢ᠃ ᠡᠨᠡ ᠪᠤᠯ ᠠᠶᠢᠽ ᠡᠪᠡᠳᠴᠢᠨ ᠲᠠᠢ ᠭᠡᠥᠭᠡᠳ ᠲᠥᠷᠥᠬᠦ ᠶᠢ ᠰᠡᠷᠭᠡᠶᠢᠯᠡᠬᠦ ᠥᠨᠳᠥᠰᠥᠨ ᠠᠷᠭ᠎ᠠ ᠭᠡᠮᠵᠢᠶ᠎ᠡ ᠪᠤᠯᠤᠨ᠎ᠠ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
Baidu
map